ᠥᠪᠥᠷ ᠮᠣᠩᠭᠣᠯ ᠬᠢᠯᠢ ᠵᠢᠨ ᠭᠠᠳᠠᠨᠠᠬᠢ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ ᠠᠩᠬᠠᠨ᠎ᠤ ᠠᠯᠲᠠᠨ ᠮᠧᠳᠠᠯ᠎ᠢ ᠬᠦᠷᠳᠡᠯ᠎ᠡ

8 ᠰᠠᠷ᠎ᠠ ᠵᠢᠨ 10᠎ᠤ ᠡᠳᠦᠷ᠂ ᠳᠤᠮᠳᠠᠳᠤ ᠤᠯᠤᠰ᠎ᠤᠨ ᠲᠠᠮᠢᠷᠴᠢᠨ ᠯᠢ ᠴᠢᠶᠠᠨ ᠱᠠᠩᠨᠠᠯ ᠣᠯᠭᠤᠬᠤ ᠶᠣᠰᠣᠯᠠᠯ ᠳᠡᠭᠡᠷ᠎ᠡ᠃ ᠰᠢᠨᠬᠤᠸᠠ ᠬᠤᠷᠢᠶ᠎ᠠ ᠨᠡᠢ᠌ᠳᠡᠯᠡᠪᠡ
ᠪᠡᠭᠡᠵᠢᠩ᠎ᠤᠨ ᠴᠠᠭ ᠵᠶ᠋ᠠᠷ 8 ᠰᠠᠷ᠎ᠠ ᠵᠢᠨ 11᠎ᠤ ᠡᠳᠦᠷ᠎ᠤᠨ ᠥᠷᠯᠥᠭᠡ᠂ ᠥᠪᠥᠷ ᠮᠣᠩᠭᠣᠯ᠎ᠤᠨ ᠲᠠᠮᠢᠷᠴᠢᠨ ᠯᠢ ᠴᠢᠶᠠᠨ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠤ ᠨᠢᠳᠤᠷᠭ᠋ᠠᠨ ᠲᠡᠮᠡᠴᠡᠭᠡᠨ᠎ᠤ ᠡᠮᠡᠭᠲᠡᠢ ᠵᠢᠨ 75 ᠺᠢᠯᠣᠭ᠌ᠷᠠᠮ᠎ᠤᠨ ᠳᠡᠰ᠎ᠤᠨ ᠰᠢᠢ᠍ᠳᠪᠦᠷᠢᠳᠦ ᠤᠷᠤᠯᠳᠤᠭ᠋ᠠᠨ᠎ᠳᠤ ᠦᠷᠢᠰᠦᠯᠳᠦᠭᠴᠢ ᠲᠡᠮᠢᠷᠴᠢᠨ ᠵᠶ᠋ᠠᠨ ᠢᠯᠠᠵᠦ ᠠᠯᠲᠠᠨ ᠮᠧᠳᠠᠯ ᠬᠦᠷᠳᠡᠪᠡ᠃ ᠡᠨᠡ ᠠᠯᠲᠠᠨ ᠮᠸᠳᠡᠯ᠎ᠨᠢ ᠥᠪᠥᠷ ᠮᠣᠩᠭᠣᠯ᠎ᠤᠨ ᠬᠢᠯᠢ ᠵᠢᠨ ᠭᠠᠳᠠᠨᠠᠬᠢ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠤ ᠠᠩᠬᠠᠨ᠎ᠤ ᠠᠯᠲᠠᠨ ᠮᠧᠳᠠᠯ ᠪᠠᠢ᠌ᠵᠦ᠂ ᠯᠢ ᠴᠢᠶᠠᠨ ᠳᠤᠮᠳᠠᠳᠤ ᠤᠯᠤᠰ᠎ᠤᠨ ᠨᠢᠳᠤᠷᠭ᠋ᠠᠨ ᠲᠡᠮᠡᠴᠡᠭᠡᠨ᠎ᠤ ᠠᠩᠬᠠᠳᠠᠭᠴᠢ ᠬᠤᠪᠢ ᠬᠥᠮᠦᠨ᠎ᠤ ᠲᠡᠭᠦᠰ ᠠᠮᠵᠢᠯᠲᠠ ᠣᠯᠤᠭᠰᠠᠨ ᠲᠠᠮᠢᠷᠴᠢᠨ ᠪᠤᠯᠵᠠᠢ᠃
ᠲᠤᠰ ᠬᠤᠭᠤᠴᠠᠭ᠋ᠠᠨ᠎ᠤ ᠤᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ᠂ ᠯᠢ ᠴᠢᠶᠠᠨ ᠤᠷᠢᠳ ᠬᠣᠵᠢᠳ ᠹᠢᠯᠢᠫᠢᠨ᠂ ᠡᠨᠡᠳᠬᠡᠭ᠂ ᠠᠦ᠋ᠰᠲᠷᠠᠯᠢᠶ᠎ᠠ ᠵᠢᠨ ᠲᠠᠮᠢᠷᠴᠢᠨ ᠨᠡᠷ᠎ᠢ ᠢᠯᠠᠵᠤ᠂ ᠰᠢᠢ᠍ᠳᠪᠦᠷᠢᠳᠦ ᠤᠷᠤᠯᠳᠤᠭ᠋ᠠᠨ᠎ᠳᠤ ᠨᠡᠷ᠎ᠡ ᠲᠡᠪᠰᠢᠪᠡ᠃ ᠰᠢᠢ᠍ᠳᠪᠦᠷᠢᠳᠦ ᠤᠷᠤᠯᠳᠤᠭ᠋ᠠᠨ᠎ᠳᠤ ᠯᠢ ᠴᠢᠶᠠᠨ 4᠄ 1 ᠬᠤᠪᠢ ᠵᠢᠨ ᠬᠠᠷᠢᠴᠠᠯ ᠵᠶ᠋ᠠᠷ ᠫᠠᠨᠠᠮᠠ ᠵᠢᠨ ᠲᠠᠮᠢᠷᠴᠢᠨ ᠸᠸᠷᠦ᠋ᠨᠢ ᠢᠯᠠᠵᠦ ᠮᠠᠩᠯᠠᠢ᠌ᠯᠠᠪᠠ᠃ ᠤᠷᠤᠯᠳᠤᠭ᠋ᠠᠨ᠎ᠤ ᠳᠠᠷᠠᠭ᠎ᠠ ᠯᠢ ᠴᠢᠶᠠᠨ ᠰᠡᠳᠬᠢᠯ ᠳᠣᠭᠳᠣᠯᠤᠨ᠄ 《ᠨᠢᠭᠡ ᠨᠢᠭᠡ ᠠᠯᠬᠤᠮ ᠵᠶ᠋ᠠᠷ ᠤᠷᠤᠭᠰᠢᠯᠠᠭᠰᠠᠭ᠋ᠠᠷ ᠡᠨᠡ ᠱᠠᠳᠤᠨ᠎ᠳᠤ ᠬᠦᠷᠦᠯ᠎ᠡ! ᠡᠨᠡ ᠤᠳᠠᠭ᠎ᠠ ᠲᠣᠣᠺᠢᠤ᠋ ᠵᠢᠨ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠤ ᠬᠠᠷᠠᠮᠰᠠᠯᠢ ᠨᠦᠬᠦᠪᠦᠷᠢᠯᠡᠯᠡ᠂ ᠥᠪᠡᠷ᠎ᠤᠨ ᠪᠡᠶ᠎ᠡ᠎ᠳᠤ᠎ᠪᠠᠨ᠂ ᠪᠠᠰᠠ ᠡᠬᠡ ᠣᠷᠣᠨ᠎ᠳᠤ᠎ᠪᠠᠨ ᠡᠭᠦᠷᠭᠡ᠎ᠪᠠᠨ ᠪᠠᠶᠡᠯᠡᠭᠦᠯᠦᠯᠡ!》 ᠭᠡᠪᠡ᠃
ᠯᠢ ᠴᠢᠶᠠᠨ 1990 ᠣᠨ᠎ᠳᠤ ᠾᠧᠨᠠᠨ᠎ᠳᠤ ᠲᠦᠷᠦᠵᠠᠢ᠂ ᠬᠠᠷᠠᠬᠠᠨ ᠪᠠᠭ᠎ᠠ᠎ᠠᠴᠠ᠎ᠪᠠᠨ ᠠᠪᠤ ᠡᠵᠢ᠎ᠪᠠᠨ ᠳᠠᠭ᠋ᠠᠵᠤ ᠥᠪᠥᠷ ᠮᠣᠩᠭᠤᠯ᠎ᠳᠤ ᠨᠡᠭᠦᠪᠡ᠃ 2007 ᠣᠨ᠎ᠳᠤ ᠯᠢ ᠴᠢᠶᠠᠨ ᠥᠪᠥᠷ ᠮᠣᠩᠭᠣᠯ᠎ᠤᠨ ᠨᠢᠳᠤᠷᠭ᠋ᠠᠨ ᠲᠡᠮᠡᠴᠡᠭᠡᠨ᠎ᠤ ᠠᠩᠭᠢ᠎ᠳᠤ ᠡᠯᠰᠡᠭᠳᠡᠪᠡ᠃ 2012 ᠣᠨ᠎ᠳᠤ᠂ ᠯᠢ ᠴᠢᠶᠠᠨ ᠪᠠᠷᠤᠭ ᠯᠠ ᠡᠮᠡᠭᠲᠡᠶ ᠵᠢᠨ ᠨᠢᠳᠤᠷᠭ᠋ᠠᠨ ᠲᠡᠮᠡᠴᠡᠭᠡᠨ᠎ᠤ 75 ᠺᠢᠯᠤᠭ᠌ᠷᠡᠮ᠎ᠤᠨ ᠳᠡᠰ᠎ᠤᠨ ᠤᠯᠤᠰ᠎ᠤᠨ ᠳᠣᠲᠣᠭ᠋ᠠᠳᠤ ᠵᠢᠨ ᠪᠦᠬᠦ ᠮᠠᠩᠯᠠᠶ ᠵᠢ ᠰᠢᠭᠦᠷᠪᠡ᠃ ᠡᠭᠦᠨ᠎ᠤ ᠳᠠᠷᠠᠭ᠎ᠠ᠂ ᠲᠡᠷᠡ ᠳᠡᠯᠡᠬᠡᠶ ᠵᠢᠨ ᠮᠠᠩᠯᠠᠶ ᠰᠢᠯᠭ᠋ᠠᠷᠠᠭᠤᠯᠬᠤ ᠤᠷᠤᠯᠳᠤᠭ᠋ᠠᠨ᠂ ᠠᠽᠢᠶ᠎ᠠ ᠵᠢᠨ ᠲᠠᠮᠢᠷ᠎ᠤᠨ ᠴᠤᠭᠯᠠᠭ᠋ᠠᠨ᠎ᠳᠤ ᠲᠠᠰᠤᠷᠠᠯᠲᠠ ᠦᠭᠡᠶ ᠱᠠᠩᠨᠠᠯ ᠬᠦᠷᠲᠡᠵᠡᠶ᠃ 2016 ᠣᠨ᠎ᠳᠤ᠂ ᠯᠢ ᠴᠢᠶᠠᠨ ᠷᠢᠦ᠋ ᠳ᠋ᠢ ᠿᠸᠨ᠋ᠸᠢᠢ᠍ᠷᠦ᠋ᠳᠤ ᠠᠩᠬ᠎ᠠ ᠤᠳᠠᠭ᠎ᠠ ᠤᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ ᠤᠷᠤᠯᠴᠠᠵᠦ᠂ ᠡᠮᠡᠭᠲᠡᠢ ᠵᠢᠨ 75 ᠺᠢᠯᠣᠭ᠌ᠷᠠᠮ᠎ᠤᠨ ᠳᠡᠰ᠎ᠤᠨ ᠬᠦᠷᠡᠯ ᠮᠧᠳᠠᠯ ᠬᠦᠷᠳᠡᠪᠡ᠃ ᠲᠤᠤᠺᠢᠤ᠋ ᠵᠢᠨ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ ᠯᠢ ᠴᠢᠶᠠᠨ ᠳᠠᠬᠢᠨᠲᠠ ᠮᠥᠩᠭᠥᠨ ᠮᠧᠳᠠᠯ ᠬᠦᠷᠳᠡᠵᠡᠢ᠃
ᠨᠢᠳᠤᠷᠭ᠋ᠠᠨ ᠲᠡᠮᠡᠴᠡᠭᠡᠨ᠎ᠤ ᠲᠠᠮᠢᠷ᠎ᠤᠨ ᠬᠥᠳᠡᠯᠭᠡᠭᠡᠨ᠎ᠨᠢ ᠥᠪᠥᠷ ᠮᠣᠩᠭᠣᠯ᠎ᠳᠤ ᠭᠦᠨ ᠵᠤᠵᠠᠭ᠋ᠠᠨ ᠬᠥᠭᠵᠢᠯᠲᠡ ᠵᠢᠨ ᠰᠠᠭᠤᠷᠢ᠎ᠲᠠᠢ᠃ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶᠠᠨ᠎ᠤ ᠤᠷᠤᠯᠳᠤᠭ᠋ᠠᠨ᠎ᠤ ᠪᠡᠶ᠎ᠡ ᠲᠠᠮᠢᠷ᠎ᠤᠨ ᠭᠠᠵᠠᠷ᠎ᠤᠨ ᠳᠠᠷᠤᠭ᠎ᠠ ᠴᠢᠯᠠᠭᠤ᠎ᠠᠴᠠ᠄ 《1988 ᠤᠨ᠎ᠳᠤ ᠦᠪᠦᠷ ᠮᠤᠩᠭᠤᠯ᠎ᠤᠨ ᠨᠢᠳᠤᠷᠭ᠋ᠠᠨ ᠲᠡᠮᠡᠴᠡᠭᠡᠨ᠎ᠤ ᠠᠩᠭᠢ ᠪᠠᠶ᠋ᠢᠭᠤᠯᠤᠭᠳᠠᠭᠰᠠᠨ᠎ᠠᠴᠠ ᠨᠠᠰᠢ᠂ ᠤᠷᠢᠳ ᠬᠤᠵᠢᠳ ᠴᠢᠯᠠᠭᠤ᠂ ᠬᠠᠳᠠᠨᠪᠠᠭ᠋ᠠᠳᠤᠷ᠂ ᠵᠠᠩ ᠰᠢᠶᠤᠤ ᠫᠢᠩ᠂ ᠮᠧᠩ ᠹᠠᠨ ᠯᠥᠩ᠂ ᠯᠢ ᠴᠢᠶᠠᠨ᠂ ᠶᠠᠩ ᠯᠢᠤ ᠵᠡᠷᠭᠡ 6 ᠲᠠᠮᠢᠷᠴᠢᠨ ᠤᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ ᠤᠷᠤᠯᠴᠠᠵᠦ᠂ 5 ᠱᠠᠩᠨᠠᠯ᠎ᠤᠨ ᠮᠸᠳᠡᠯ ᠲᠤᠰᠪᠠ᠃ ᠡᠭᠦᠨ᠎ᠳᠤ᠂ ᠯᠢ ᠴᠢᠶᠠᠨ ᠪᠣᠯ ᠭᠤᠷᠪᠠᠨ ᠬᠤᠭᠤᠴᠠᠭ᠎ᠠ ᠲᠠᠷᠠᠭ᠋ᠠᠯᠠᠨ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ ᠱᠠᠩᠨᠠᠯ ᠣᠯᠤᠭᠰᠠᠨ ᠳᠤᠮᠳᠠᠳᠤ ᠤᠯᠤᠰ᠎ᠤᠨ ᠨᠢᠳᠤᠷᠭ᠋ᠠᠨ ᠲᠡᠮᠡᠴᠡᠭᠡᠨ᠎ᠤ ᠠᠩᠬᠠᠳᠠᠭᠴᠢ ᠲᠠᠮᠢᠷᠴᠢᠨ ᠪᠣᠯᠤᠨ᠎ᠠ》 ᠭᠡᠵᠦ ᠬᠡᠯᠡᠵᠦ ᠪᠠᠢ᠌ᠪᠠ᠃ (ᠰᠤᠷᠪᠤᠯᠵᠢᠯᠠᠭᠴᠢ ᠴᠠᠢ ᠰᠧ ᠶᠤᠸᠠᠨ)