
ᠠᠷᠠᠳ᠎ᠤᠨ ᠰᠦᠯᠵᠢᠶ᠎ᠡ ᠵᠢᠨ ᠰᠠᠨᠶᠠ ᠵᠢᠨ 11 ᠰᠠᠷ᠎ᠠ ᠵᠢᠨ 28᠎ᠤ ᠡᠳᠦᠷ᠎ᠤᠨ ᠮᠡᠳᠡᠭᠡ (ᠵᠢᠨ ᠬᠣᠩ ᠬᠤᠸᠠ᠂ ᠮᠠᠨᠠᠹᠦ᠋᠂ ᠮᠧᠩ ᠹᠠᠨ ᠱᠧᠩ) 11 ᠰᠠᠷ᠎ᠠ ᠵᠢᠨ 27᠎ᠤ ᠡᠳᠦᠷ᠎ᠤᠨ ᠦᠳᠡ ᠵᠢᠨ ᠬᠣᠢ᠌ᠨ᠎ᠠ᠂ ᠠᠷᠪᠠᠨ ᠬᠣᠶᠠᠳᠤᠭ᠋ᠠᠷ ᠬᠤᠭᠤᠴᠠᠭ᠋ᠠᠨ᠎ᠤ ᠪᠥᠬᠥ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠤ ᠦᠨᠳᠦᠰᠦᠲᠡᠨ᠎ᠤ ᠮᠠᠶᠢᠭ᠎ᠤᠨ ᠪᠥᠬᠡ ᠵᠢᠨ ᠪᠠᠷᠢᠯᠳᠤᠭ᠋ᠠᠨ᠎ᠤ ᠵᠦᠢ᠍ᠯ᠎ᠤᠨ ᠪᠸᠢᠺᠠ ᠵᠢᠨ ᠰᠢᠢ᠍ᠳᠪᠦᠷᠢᠲᠦ ᠤᠷᠤᠯᠳᠤᠭ᠋ᠠᠨ᠂ ᠴᠢᠳᠦᠷᠭᠡ ᠵᠢᠨ ᠰᠢᠢ᠍ᠳᠪᠦᠷᠢᠲᠦ ᠤᠷᠤᠯᠳᠤᠭ᠋ᠠᠨ᠂ ᠴᠢᠯᠢᠰᠢᠰᠤᠨ ᠰᠢᠢ᠍ᠳᠪᠦᠷᠢᠲᠦ ᠤᠷᠤᠯᠳᠤᠭ᠋ᠠᠨ᠂ ᠰᠢᠷᠡᠮᠤᠨ ᠰᠢᠢ᠍ᠳᠪᠦᠷᠢᠲᠦ ᠤᠷᠤᠯᠳᠤᠭ᠋ᠠᠨ᠂ ᠭᠦᠷᠦᠭᠡ ᠵᠢᠨ ᠰᠢᠢ᠍ᠳᠪᠦᠷᠢᠲᠦ ᠤᠷᠤᠯᠳᠤᠭ᠋ᠠᠨ ᠬᠠᠢ᠌ᠨᠠᠨ ᠮᠤᠵᠢ ᠵᠢᠨ ᠰᠠᠨᠶᠠ ᠬᠣᠲᠠ᠎ᠳᠤ ᠶᠠᠪᠤᠭᠳᠠᠪᠠ᠃ ᠲᠤᠰ ᠡᠳᠦᠷ᠎ᠲᠤ 5 ᠶᠡᠬᠡ ᠪᠥᠬᠡ ᠵᠢᠨ ᠤᠷᠤᠯᠳᠤᠭ᠋ᠠᠨ᠎ᠢ ᠳᠠᠭᠤᠰᠬᠠᠵᠤ᠂ ᠨᠡᠶ᠋ᠢᠲᠡ 24 ᠨᠢᠭᠡᠳᠦᠭᠡᠷ ᠳᠡᠰ᠎ᠤᠨ ᠱᠠᠩᠨᠠᠯ ᠲᠣᠳᠣᠷᠠᠵᠠᠢ᠂ ᠡᠭᠦᠨ᠎ᠤ ᠳᠣᠲᠣᠷ᠎ᠠ ᠪᠸᠢᠺᠠ ᠨᠢ 4 ᠬᠦᠨᠳᠦ ᠵᠢᠨ ᠳᠡᠰ᠎ᠤᠨ ᠳᠡᠰ᠂ ᠪᠤᠰᠤᠳ 4 ᠵᠦᠢ᠍ᠯ᠎ᠤᠨ ᠪᠦᠬᠡ᠎ᠨᠢ ᠴᠥᠮ 5 ᠬᠦᠨᠳᠦ ᠵᠢᠨ ᠳᠡᠰ᠎ᠤᠨ ᠳᠡᠰ᠎ᠤᠨ ᠱᠠᠩᠨᠠᠯ ᠣᠯᠭᠣᠭᠰᠠᠨ ᠪᠠᠢ᠌ᠨ᠎ᠠ᠃

