7 ᠠᠷᠭ᠎ᠠ ᠪᠠᠷ ᠪᠤᠯᠴᠢᠩ ᠰᠢᠷᠪᠤᠰᠤ ᠲᠠᠳᠠᠬᠤ ᠶᠢ ᠬᠦᠡᠭᠭᠡᠷᠡᠬᠦᠯᠬᠦ
ᠨᠡᠶᠢᠲᠡᠯᠡᠭᠰᠡᠨ ᠴᠠᠭ᠄
2018/12/28
    ᠪᠤᠯᠴᠢᠩ ᠵᠠᠭᠤᠷᠠᠬᠤ ᠶᠢ ᠶᠡᠷᠦ ᠳᠡᠭᠡᠨ ᠰᠢᠷᠪᠤᠰᠤ ᠲᠠᠳᠠᠬᠤ ᠭᠡᠵᠤ ᠨᠡᠷᠡᠯᠡᠨ᠂ ᠲᠠᠷᠤᠢ ᠬᠦᠯ ᠤᠨ ᠭᠡᠰᠡᠭ ᠤᠨ ᠪᠤᠯᠴᠢᠩ ᠭᠡᠨᠡᠳᠳᠡ ᠵᠠᠭᠤᠷᠠᠬᠤ ᠪᠤᠯᠤᠨ᠎ᠠ᠃ ᠡᠬᠦᠨ ᠤ ᠡᠬᠦᠰᠦᠯ ᠨᠢ ᠤᠯᠠᠨ ᠵᠦᠢᠯ ᠤᠨ ᠰᠢᠯᠳᠠᠭᠠᠨ ᠠᠴᠠ ᠪᠤᠯᠳᠠᠬ᠂ ᠡᠬᠦᠨ ᠳᠤ ᠪᠤᠯᠴᠢᠩ ᠭᠡᠮᠳᠦᠬᠦ᠂ ᠤᠰᠤ ᠦᠭᠡᠶᠢᠵᠢᠬᠦ᠂ ᠡᠷᠦᠳᠡᠰᠦ ᠪᠤᠳᠠᠰ ᠤᠨ ᠠᠭᠤᠯᠤᠬᠳᠠᠴᠠ ᠲᠤᠤᠷ ᠎ᠠ ᠪᠠ ᠵᠠᠷᠢᠮ ᠡᠮ ᠢ ᠤᠤᠭᠤᠬᠰᠠᠨ ᠵᠡᠷᠭᠡ ᠠᠴᠠ ᠪᠤᠯᠳᠠᠬ᠃ ᠵᠠᠷᠢᠮ ᠲᠦᠬᠦᠮ ᠪᠠᠶᠢᠭᠠᠯᠢᠯᠢᠬ ᠠᠷᠭ᠎ᠠ ᠪᠠᠷ ᠲᠠᠷᠤᠢ ᠰᠢᠷᠪᠤᠰᠤ ᠲᠠᠳᠠᠬᠤ ᠶᠢ ᠵᠠᠰᠠᠵᠤ ᠲᠡᠶᠢᠯᠦᠨ᠎ᠠ᠃         ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠬᠤ         ᠠᠮᠧᠷᠢᠺᠠ ᠶᠢᠨ ᠶᠠᠩᠪᠠᠶᠢᠬᠠᠨ ᠶᠡᠭᠡ ᠰᠤᠷᠭᠠᠭᠤᠯᠢ ᠶᠢᠨ ᠰᠤᠳᠤᠯᠤᠬᠴᠢᠳ ᠠᠴᠠ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠪᠠᠯ ᠰᠢᠷᠪᠤᠰᠤ ᠲᠠᠳᠠᠬᠤ ᠶᠢ ᠬᠤᠷᠢᠬᠯᠠᠬᠤ ᠭᠠᠶᠢᠬᠠᠯᠳᠠᠢ ᠦᠷ ᠎ᠠ ᠳ᠋ᠦᠡᠭ ᠲᠠᠢ ᠪᠠᠶᠢᠬᠤ ᠶᠢ ᠢᠯᠡᠷᠡᠬᠦᠯᠦᠭᠰᠡᠨ ᠪᠠᠶᠢᠨ᠎ᠠ᠃ ᠰᠢᠷᠪᠤᠰᠤ ᠲᠠᠳᠠᠬᠤ ᠰᠤᠳᠤᠯᠭ᠎ᠠ ᠳᠤ ᠰᠠᠶᠢᠨ ᠲᠤᠷ᠎ᠠ ᠠᠴᠠ ᠪᠠᠨ ᠤᠷᠤᠯᠴᠠᠬᠰᠠᠳ ᠲᠤ ᠲᠤᠰ ᠲᠤᠰ 70 ᠭᠷᠠᠮ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠪᠤᠶᠤ ᠢᠶᠤᠨ ᠢ ᠠᠷᠢᠯᠭᠠᠬᠰᠠᠨ ᠤᠰᠤ ᠶᠢ ᠤᠤᠭᠤᠯᠭᠠᠬᠤ ᠪᠤᠶᠤ ᠡᠰᠡᠬᠦᠯ ᠎ᠠ ᠶᠠᠭᠤ ᠴᠤ ᠤᠤᠭᠤᠯᠭᠠᠬᠤ ᠦᠭᠡᠢ ᠲᠤᠷᠰᠢᠯᠳᠠ ᠬᠢᠪᠡ᠃ ᠦᠷ ᠎ᠠ ᠳ᠋ᠦᠡᠭ ᠢᠯᠡᠷᠭᠡᠶᠢᠯᠡᠭᠰᠡᠨ ᠨᠢ᠂ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠬᠰᠠᠳ ᠤᠨ 85 ᠰᠧᠺᠦ᠋ᠨ᠋ᠳ᠋ ᠤᠨ ᠲᠤᠳᠤᠷ ᠎ᠠ ᠰᠢᠷᠪᠤᠰᠤ ᠲᠠᠳᠠᠬᠤ ᠨᠢ ᠵᠤᠬᠰᠤᠵᠤ᠂ ᠢᠶᠤᠨ ᠢ ᠠᠷᠢᠯᠭᠠᠬᠰᠠᠨ ᠤᠰᠤ ᠤᠤᠭᠤᠬᠰᠠᠳ ᠠᠴᠠ 37% ᠬᠤᠷᠳᠤᠨ ᠪᠠᠶᠢᠵᠤ᠂ ᠶᠠᠭᠤ ᠴᠤ ᠤᠤᠭᠤᠬᠰᠠᠨ ᠦᠭᠡᠢ ᠬᠦᠮᠦᠰ ᠠᠴᠠ 45% ᠬᠤᠷᠳᠤᠨ ᠪᠠᠶᠢᠯ᠎ᠠ᠃         ᠲᠠᠳᠠᠵᠤ ᠰᠤᠩᠭᠠᠬᠤ ᠬᠦᠳᠡᠯᠭᠡᠭᠡᠨ ᠬᠢᠬᠦ         ᠤᠨᠳᠠᠬᠤ ᠶᠠᠪᠤᠴᠠ ᠳᠤ ᠰᠢᠷᠪᠤᠰᠤ ᠲᠠᠳᠠᠬᠤ ᠶᠢᠨ ᠰ᠊ᠵᠯᠳᠠᠭᠠᠨ ᠤ ᠨᠢᠭᠡ ᠨᠢ ᠬᠦᠯ ᠤᠨ ᠬᠤᠷᠤᠭᠤ ᠪᠠᠨ ᠲᠤᠷᠤᠬᠰᠢ ᠬᠠᠨᠳᠤᠭᠤᠯᠤᠨ ᠭᠡᠪ ᠢᠶᠠᠷ ᠬᠠᠵᠠᠭᠤᠯᠠᠨ ᠭᠡᠪᠳᠡᠵᠤ ᠰᠢᠯᠪᠢ ᠶᠢᠨ ᠭᠡᠰᠡᠭ ᠤᠨ ᠪᠤᠯᠴᠢᠩ ᠪᠤᠭᠤᠨᠢᠰᠬᠤ ᠠᠴᠠ ᠪᠤᠯᠵᠤ ᠰᠢᠷᠪᠤᠰᠤ ᠨᠢ ᠨᠡᠩ ᠠᠮᠠᠷᠬᠠᠨ ᠵᠠᠭᠤᠷᠠᠵᠤ ᠡᠪᠡᠳᠬᠦ ᠪᠤᠯᠤᠨ᠎ᠠ᠃ ᠰᠢᠷᠪᠤᠰᠤ ᠲᠠᠳᠠᠵᠤ ᠡᠪᠡᠳᠬᠦ ᠶᠢ ᠬᠦᠡᠭᠭᠡᠷᠡᠬᠦᠯᠬᠦ ᠭᠡᠪᠡᠯ ᠤᠷᠢᠳᠠᠪᠠᠷ ᠬᠦᠯ ᠤᠨ ᠬᠤᠷᠤᠭᠤ ᠪᠠᠨ ᠮᠤᠷᠦ᠋ᠢᠯᠭᠠᠵᠤ ᠲᠠᠬᠢᠨ ᠲᠠᠳᠠᠵᠤ ᠠᠰᠬᠠᠨ ᠪᠤᠯᠭᠠᠬᠤ ᠬᠦᠳᠡᠯᠭᠡᠭᠡᠨ ᠢ 1 ᠮᠢᠨᠦ᠋ᠲ ᠬᠢᠨ᠎ᠠ᠃ ᠲᠠᠷᠠᠭ᠎ᠠ ᠨᠢ ᠬᠠᠨ᠎ᠠ ᠶᠢᠨ ᠡᠮᠦᠨ᠎ᠠ ᠵᠤᠬᠰᠤᠵᠤ ᠵᠠᠭᠤᠷᠠᠬᠰᠠᠨ ᠬᠦᠯ ᠢᠶᠠᠨ ᠬᠤᠶᠢᠰᠢ ᠪᠠᠨ ᠰᠤᠩᠭᠠᠵᠤ ᠲᠠᠳᠠᠨ᠂ ᠨᠦᠬᠦᠭᠡ ᠨᠢᠭᠡ ᠬᠦᠯ ᠢᠶᠠᠨ ᠡᠪᠦᠳᠦᠭ ᠦᠭᠡᠳᠡ ᠪᠠᠨ ᠮᠤᠷᠦ᠋ᠢᠯᠭᠠᠨ᠎ᠠ᠃         ᠺᠠᠯᠼ ᠨᠦᠬᠦᠪᠦᠷᠢᠯᠡᠬᠦ         ᠤᠯᠠᠩᠬᠢ ᠰᠢᠷᠪᠤᠰᠤ ᠲᠠᠳᠠᠬᠤ ᠨᠢ ᠺᠠᠯᠼ ᠲᠤᠳᠠᠬᠰᠠᠨ ᠠᠴᠠ ᠪᠤᠯᠬᠤ ᠶᠤᠮ᠃ ᠶᠡᠭᠡ ᠭᠡᠮᠵᠢᠶᠡᠨ ᠤ ᠺᠠᠯᠼ ᠡᠯᠪᠡᠭ ᠠᠭᠤᠯᠬᠤ ᠢᠳᠡᠭᠡᠨ ︵ᠵᠢᠱᠢᠶᠡᠯᠡᠪᠡᠯ ᠴᠠᠭᠠᠨ ᠢᠳᠡᠭᠡᠨ ᠪᠠ ᠨᠤᠭᠤᠭᠠᠨ ᠨᠠᠪᠴᠢᠳᠤ ᠨᠤᠭᠤᠭ᠋ ᠎ᠠ︶ ᠢ ᠢᠳᠡᠬᠦ ᠪᠠ ᠺᠠᠯᠼ ᠡᠯᠪᠡᠭ ᠠᠭᠤᠯᠬᠤ ᠰᠢᠮ ᠎ᠠ ᠲᠡᠵᠢᠭᠡᠯ ᠤᠨ ᠨᠦᠬᠦᠪᠦᠷᠢ ᠡᠳ᠋ ᠢ ᠢᠯᠡᠬᠦᠦ ᠤᠤᠭᠤᠪᠠᠯ ᠪᠠᠰᠠ ᠺᠠᠯᠼ ᠲᠤᠳᠠᠬᠤ ᠶᠢ ᠬᠦᠡᠭᠭᠡᠷᠡᠬᠦᠯᠵᠤ ᠲᠡᠶᠢᠯᠦᠨ᠎ᠠ᠃ ᠪᠠᠰᠠ ᠤᠨᠳᠠᠬᠤ ᠠᠴᠠ ᠪᠠᠨ ᠡᠮᠦᠨ᠎ᠠ ᠨᠢᠭᠡ ᠴᠤᠮᠤ ᠪᠦᠯᠢᠶᠡᠨ ᠰᠦ ᠤᠤᠭᠤᠬᠤ ᠪᠠᠷ ᠲᠠᠮᠵᠢᠨ ᠺᠠᠯᠼ ᠨᠦᠬᠦᠪᠦᠷᠢᠯᠡᠵᠤ ᠪᠤᠯᠤᠨ᠎ᠠ᠃         ᠬᠤᠶᠠᠷ ᠮᠧᠲ᠋ᠢᠯᠳᠦ ᠬᠦᠬᠦᠷᠦᠺᠰᠢᠳ᠋ ᠲᠦᠷᠬᠢᠬᠦ         ᠬᠤᠶᠠᠷ ᠮᠧᠲ᠋ᠢᠯᠳᠤ ᠬᠦᠬᠦᠷᠦᠺᠰᠢᠳ᠋ ᠨᠢ ᠨᠢᠭᠡ ᠵᠦᠢᠯ ᠤᠨ ᠮᠤᠳᠤᠨ ᠠᠴᠠ ᠢᠷᠡᠯᠳᠡ ᠲᠠᠢ ᠪᠤᠳᠠᠰ ᠪᠤᠯᠪᠠᠴᠤ ᠠᠨᠠᠭᠠᠬᠤ ᠤᠬᠠᠭᠠᠨᠳᠠᠨ ᠲᠡᠬᠦᠨ ᠤ ᠡᠮ ᠳᠤ ᠤᠷᠤᠬᠤ ᠴᠢᠳᠠᠪᠤᠷᠢ ᠶᠢ ᠰᠤᠳᠤᠯᠤᠭᠠᠳ ᠨᠢᠭᠡᠨᠳᠡ ᠲᠠᠪᠢ ᠭᠠᠷᠤᠢ ᠵᠢᠯ ᠪᠤᠯᠵᠤ ᠪᠠᠶᠢᠨ᠎ᠠ᠃ ᠡᠶᠢᠮᠦᠷᠬᠦ ᠬᠠᠮᠠᠷ ᠭᠠᠳᠠᠮ᠎ᠠ ᠦᠷᠪᠢᠰᠦᠯ ᠢ ᠡᠰᠡᠷᠬᠦᠴᠡᠬᠦ ᠪᠤᠳᠠᠰ ᠢ ᠠᠭᠤᠰᠬᠠᠬᠤ ᠡᠮ ᠪᠤᠯᠭᠠᠵᠤ ᠭᠡᠷᠡᠭᠯᠡᠵᠤ ᠪᠤᠯᠤᠨ᠎ᠠ᠃ ᠠᠮᠧᠷᠢᠺᠠ ᠶᠢᠨ ᠢᠳᠡᠭᠡᠨ ᠤ ᠵᠦᠢᠯ ᠪᠤᠯᠤᠨ ᠡᠮ ᠤᠨ ᠵᠦᠢᠯ ᠳᠤ ᠬᠢᠨᠠᠯᠳᠠ ᠲᠠᠯᠪᠢᠬᠤ ᠬᠠᠮᠢᠶᠠᠷᠤᠯᠳᠠ ᠶᠢᠨ ᠲᠤᠪᠴᠢᠶ᠎ᠠ ᠠᠴᠠ ᠲᠡᠬᠦᠨ ᠢ ᠭᠠᠳᠠᠷ ᠭᠡᠷᠡᠭᠯᠡᠬᠦ ᠡᠮ ᠤᠨ ᠵᠤᠷ ᠪᠤᠯᠭᠠᠵᠤ ᠤᠯᠠᠨ ᠡᠪᠡᠳᠴᠢᠨ ᠢ ᠵᠠᠰᠠᠵᠤ ᠪᠤᠢ᠂ ᠡᠬᠦᠨ ᠳᠤ ᠪᠦᠰᠡᠯᠡᠬᠦᠷ ᠴᠦᠪᠦᠷᠢᠬᠦᠳᠦ ᠡᠰᠡᠷᠭᠡᠨ᠎ᠠ ᠪᠠᠭᠳᠠᠨ᠎ᠠ᠃ ᠵᠠᠷᠢᠮ ᠲᠠᠮᠢᠷᠴᠢᠨ ᠪᠤᠯᠴᠢᠩ ᠤᠨ ᠭᠡᠰᠡᠭ ᠲᠡᠭᠡᠨ ᠰᠢᠩᠭᠡᠨ ᠪᠡᠶᠡᠳᠦ ᠲᠦᠷᠬᠢᠨ ᠰᠢᠷᠪᠤᠰᠤ ᠵᠠᠭᠤᠷᠠᠬᠤ ᠶᠢ ᠬᠦᠡᠭᠭᠡᠷᠡᠬᠦᠯᠵᠤ ᠪᠤᠢ᠃         ᠦᠨᠦᠷᠳᠦ ᠤᠳ᠋ᠪᠠᠯ᠎ᠠ ᠶᠢᠨ ᠴᠠᠢ ᠤᠤᠭᠤᠬᠤ         ᠦᠨᠦᠷᠳᠦ ᠤᠳ᠋ᠪᠠᠯ᠎ᠠ ᠶᠢᠨ ᠡᠪᠡᠰᠦᠨ ᠡᠮ ᠢᠶᠠᠷ ᠰᠢᠷᠪᠤᠰᠤ ᠵᠠᠭᠤᠷᠠᠬᠤ ᠶᠢ ᠰᠡᠷᠭᠡᠶᠢᠯᠡᠨ ᠵᠠᠰᠠᠵᠤ ᠪᠤᠯᠤᠨ᠎ᠠ᠂ ᠲᠡᠬᠦᠨ ᠳᠤ 36 ᠵᠦᠢᠯ ᠤᠨ ᠦᠷᠪᠢᠰᠦᠯ ᠢ ᠡᠰᠡᠷᠬᠦᠴᠡᠬᠦ ᠪᠦᠷᠢᠯᠳᠦᠬᠦᠨ ᠠᠭᠤᠯᠵᠤ ᠪᠤᠢ᠃ ᠲᠡᠷᠡ ᠨᠢ ᠪᠠᠰᠠ ᠠᠮᠳᠠᠯᠢᠬ ᠰᠢᠪᠳᠤᠷᠳᠤ ᠬᠦᠴᠢᠯ ᠤᠨ ᠠᠭᠤᠯᠤᠬᠳᠠᠴᠠ ᠶᠢ ᠨᠡᠮᠡᠭᠳᠡᠬᠦᠯᠵᠤ ᠴᠢᠳᠠᠨ᠎ᠠ᠂ ᠡᠶᠢᠮᠦᠷᠬᠦ ᠰᠢᠪᠳᠤᠷᠳᠤ ᠬᠦᠴᠢᠯ ᠨᠢ ᠴᠤᠯᠭᠤᠢ ᠪᠤᠯᠴᠢᠩ ᠢ ᠰᠤᠯᠠᠷᠠᠭᠤᠯᠬᠤ ᠶᠢᠨ ᠤᠯᠠᠮ ᠠᠴᠠ ᠰᠢᠷᠪᠤᠰᠤ ᠵᠠᠭᠤᠷᠠᠬᠤ ᠶᠢ ᠬᠦᠡᠭᠭᠡᠷᠡᠬᠦᠯᠬᠦ ᠦᠢᠯᠡᠳᠦᠯ ᠲᠠᠢ᠃ ᠰᠢᠷᠪᠤᠰᠤ ᠵᠠᠭᠤᠷᠠᠬᠤ ᠡᠪᠡᠳᠴᠢᠳᠡᠨ ᠡᠳᠦᠷ ᠲᠡᠭᠡᠨ ᠭᠡᠳᠦᠨ ᠴᠤᠮᠤ ᠦᠨᠦᠷᠳᠤ ᠤᠳ᠋ᠪᠠᠯ᠎ᠠ ᠶᠢᠨ ᠴᠠᠢ ᠤᠤᠭᠤᠬᠤ ᠪᠤᠶᠤ ᠡᠰᠡᠬᠦᠯ᠎ᠠ ᠦᠨᠦᠷᠳᠤ ᠤᠳ᠋ᠪᠠᠯ᠎ᠠ ᠠᠭᠤᠯᠤᠬᠰᠠᠨ ᠰᠢᠮ᠎ᠠ ᠲᠡᠵᠢᠭᠡᠯ ᠤᠨ ᠨᠦᠬᠦᠪᠦᠷᠢ ᠡᠳ᠋ ᠢ ᠤᠤᠭᠤᠵᠤ ᠪᠤᠯᠤᠨ᠎ᠠ᠃         ᠮᠠᠬᠨᠢ ᠨᠦᠬᠦᠪᠦᠷᠢᠯᠡᠬᠦ         ᠮᠠᠬᠨᠢ ᠨᠢ ᠬᠦᠮᠦᠨ ᠤ ᠪᠡᠶ᠎ᠠ ᠳᠤ ᠴᠢᠬᠤᠯᠠ ᠭᠡᠷᠡᠭᠴᠡᠭᠡ ᠲᠠᠢ ᠨᠢᠭᠡ ᠵᠦᠢᠯ ᠤᠨ ᠡᠷᠦᠳᠡᠰᠦ ᠪᠤᠳᠠᠰ ᠪᠠᠶᠢᠵᠤ᠂ ᠮᠠᠬᠨᠢ ᠡᠯᠪᠡᠭ ᠠᠭᠤᠯᠬᠤ ᠢᠳᠡᠭᠡᠨ ︵ᠪᠦᠷᠢᠨ ᠠᠮᠤ ᠪᠤᠳᠠᠭ᠎ᠠ ᠪᠤᠯᠤᠨ ᠨᠤᠭᠤᠭᠠᠨ ᠨᠠᠪᠴᠢᠳᠤ ᠨᠤᠭᠤᠭ᠎ᠠ︶ ᠢ ᠢᠯᠡᠬᠦᠦ ᠢᠳᠡᠪᠡᠯ ᠰᠢᠷᠪᠤᠰᠤ ᠵᠠᠭᠤᠷᠠᠬᠤ ᠶᠢ ᠬᠦᠡᠭᠭᠡᠷᠡᠬᠦᠯᠵᠤ ᠴᠢᠳᠠᠨ᠎ᠠ᠃ ᠤᠨᠳᠠᠬᠤ ᠠᠴᠠ ᠡᠮᠦᠨ᠎ᠠ 300 — 400 ᠮᠢᠯᠢᠭᠷᠠᠮ ᠰᠢᠮ ᠎ᠠ ᠲᠡᠵᠢᠭᠡᠯ ᠤᠨ ᠨᠦᠬᠦᠪᠦᠷᠢ ᠡᠳ᠋ ᠢ ᠤᠤᠭᠤᠪᠠᠯ ᠪᠤᠯᠴᠢᠩ ᠢ ᠰᠤᠯᠠᠷᠠᠭᠤᠯᠬᠤ ᠶᠢᠨ ᠬᠠᠮᠳᠤ ᠪᠡᠶ᠎ᠠ ᠶᠢᠨ ᠺᠠᠯᠼ ᠢ ᠰᠢᠩᠭᠡᠭᠡᠬᠦ ᠳᠤ ᠲᠤᠰᠠᠯᠠᠮᠵᠢ ᠶᠢᠨ ᠦᠢᠯᠡᠳᠦᠯ ᠦᠵᠡᠬᠦᠯᠦᠨ᠎ᠠ᠃     ᠤᠰᠤ ᠤᠤᠭᠤᠬᠤ     ᠪᠠᠰᠠ ᠴᠦᠭᠡᠨ ᠪᠤᠰᠤ ᠰᠢᠷᠪᠤᠰᠤ ᠲᠠᠳᠠᠬᠤ ᠨᠢ ᠤᠰᠤ ᠦᠭᠡᠶᠢᠳᠡᠭᠰᠡᠨ ᠠᠴᠠ ᠪᠤᠯᠤᠬᠰᠠᠨ ᠶᠤᠮ᠂ ᠡᠶᠢᠮᠦ ᠠᠴᠠ ᠰᠢᠷᠪᠤᠰᠤ ᠲᠠᠳᠠᠬᠤ ᠭᠡᠮ ᠳᠤ ᠨᠡᠷᠪᠡᠭᠳᠡᠭᠰᠡᠳ ᠪᠡᠶ᠎ᠠ ᠳᠡᠭᠡᠨ ᠬᠦᠢᠴᠡᠳ ᠭᠡᠮᠵᠢᠶᠡᠨ ᠤ ᠤᠰᠤ ᠪᠠᠶᠢᠬᠤ ᠶᠢ ᠪᠠᠳᠤᠯᠠᠬᠤ ᠭᠡᠷᠡᠭᠳᠡᠢ᠃ ᠰᠢᠷᠦᠭᠦᠨ ᠬᠦᠳᠡᠯᠭᠡᠭᠡᠨ ᠬᠢᠬᠦ ᠠᠴᠠ ᠡᠮᠦᠨ᠎ᠠ ᠤᠷᠢᠳᠠᠪᠠᠷ 1 — 2 ᠴᠤᠮᠤ ᠤᠰᠤ ᠤᠤᠭᠤᠨ᠎ᠠ᠃ ᠪᠤᠯᠪᠠᠰᠤᠷᠠᠬᠤ ᠶᠠᠪᠤᠴᠠ ᠳᠤ ᠪᠠᠰᠠ ᠵᠤᠬᠢᠬᠤ ᠭᠡᠮᠵᠢᠶᠡᠨ ᠤ ᠴᠠᠬᠢᠯᠭᠠᠨ ᠵᠠᠳᠠᠯᠤᠬᠳᠠᠬᠤᠨ ᠤ ᠤᠮᠳᠠᠭᠠᠨ ᠤᠤᠭᠤᠵᠤ᠂ ᠤᠰᠤ ᠦᠭᠡᠶᠢᠳᠡᠬᠦ ᠠᠴᠠ ᠪᠤᠯᠵᠤ ᠰᠢᠷᠪᠤᠰᠤ ᠵᠠᠭᠤᠷᠠᠬᠤ ᠠᠴᠠ ᠰᠡᠷᠭᠡᠶᠢᠯᠡᠨ᠎ᠠ᠃
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号