ᠲᠡᠯᠡᠬᠡᠢ ᠶᠢᠨ ᠠᠪᠤᠷᠭᠤ ᠶᠢᠨ ᠱᠠᠩᠨᠠᠯ ᠢ ᠬᠦᠷᠳᠡᠭᠴᠢ ᠬᠠᠳᠠᠨᠪᠠᠭᠠᠳᠤᠷ
ᠨᠡᠶᠢᠲᠡᠯᠡᠭᠰᠡᠨ ᠴᠠᠭ᠄
2018/12/29
     ᠢᠷᠠᠭᠤ ᠠᠯᠳᠠᠷ ᠢᠶᠠᠷ ᠡᠩᠬᠡᠷ ᠢᠶᠠᠨ ᠮᠢᠯᠢᠶᠠᠯᠭᠠᠵᠤ᠂ ᠤᠯᠤᠰ ᠤᠷᠤᠨ ᠤ ᠨᠠᠷ᠎ᠠ ᠠᠯᠳᠠᠷ ᠢ ᠲᠡᠯᠡᠬᠡᠢ ᠶᠢᠨ ᠲᠠᠮᠢᠷ ᠤᠨ ᠲᠠᠪᠴᠠᠩ ᠳᠤ ᠲᠠᠭᠤᠷᠢᠰᠤᠭᠤᠯᠤᠭᠰᠠᠠ ᠬᠠᠯᠠᠭᠤᠨ ᠴᠢᠮᠡᠭᠡ ᠶᠢ ᠰᠤᠨᠤᠰᠤᠭᠠᠳ ᠰᠤᠷᠪᠤᠯᠵᠢᠯᠠᠭᠴᠢ 12 ᠰᠠᠷ᠎ᠠ ᠶᠢᠨ 18 ᠤ ᠡᠳᠤᠷ᠂ ᠬᠠᠳᠠᠨᠪᠠᠭᠠᠳᠤᠷ ᠢ ᠤᠳᠠᠰᠤ ᠪᠠᠷ ᠰᠤᠷᠪᠤᠯᠵᠢᠯᠠᠭᠰᠠᠠ ᠨᠢ ᠡᠨᠡ ᠪᠢᠯᠠ᠃     12 ᠰᠠᠷ᠎ᠠ ᠶᠢᠨ 8 — 10 ᠤ ᠡᠳᠤᠷ ᠪᠤᠯᠳᠠᠯ᠎ᠠ ᠠᠮᠧᠷᠢᠺᠠ ᠤᠯᠤᠰ ᠤᠨ ᠰᠠᠨ ᠹᠷᠠᠨᠰᠢᠰᠺᠦ ᠬᠤᠳᠠ ᠳᠤ ᠶᠠᠪᠤᠭᠳᠠᠭᠰᠠᠨ ᠲᠡᠯᠡᠬᠡᠢ ᠶᠢᠨ ᠬᠤᠨᠳᠠᠭᠠᠳᠤ ᠳᠤᠮᠳᠠᠳᠤ ᠮᠠᠶ᠋ᠢᠭ ᠤᠨ ᠪᠦᠬᠡ ᠶᠢᠨ ᠲᠡᠮᠡᠴᠡᠬᠡᠨ ᠳᠤ ᠤᠯᠤᠰ ᠤᠷᠤᠨ ᠢᠶᠠᠨ ᠲᠦᠯᠦᠬᠡᠯᠡᠨ ᠤᠷᠤᠯᠴᠠᠵᠤ᠂ ᠪᠦᠬᠦ ᠲᠡᠯᠡᠬᠡᠢ ᠶᠢᠨ 22 ᠤᠯᠤᠰ ᠤᠨ 200 ᠭᠠᠷᠤᠢ ᠰᠤᠳᠤᠨ ᠰᠢᠯᠢᠳᠡᠭ ᠲᠠᠮᠢᠷᠴᠢᠳ ᠤᠨ ᠳᠤᠮᠳᠠ 90 ᠺᠢᠯᠦᠭᠷᠡᠮ ᠤᠨ ᠲᠠᠰ ᠤᠨ ᠤᠷᠤᠯᠳᠤᠭᠠᠨ ᠤ ᠮᠠᠩᠯᠠᠢ ᠰᠢᠬᠦᠷᠴᠠᠢ᠃ ︽ᠠᠯᠤᠰ ᠲᠡᠯᠡᠢ ᠶᠢᠨ ᠬᠦᠪᠡᠭᠡ᠂ ᠬᠠᠷᠢ ᠠᠮᠧᠷᠢᠺᠠ ᠶᠢᠨ ᠰᠠᠨ ᠹᠷᠠᠨᠰᠢᠰᠺᠦ ᠠᠴᠠ ᠠᠪᠤ ᠲᠠᠨ ᠳᠠᠭᠠᠨ ᠮᠠᠨᠳᠤᠴᠢᠯᠠᠵᠤ ᠪᠠᠶᠢᠨ᠎ᠠ᠂ ᠪᠦᠬᠡ ᠶᠢᠨ ᠠᠪᠤᠷᠭᠤ ᠪᠤᠯᠬᠤ ᠶᠢᠨ ᠬᠦᠰᠡᠯ ᠤᠨ ᠴᠤᠭ ᠢ ᠬᠦᠭᠵᠢᠬᠡᠭᠰᠡᠡ ᠬᠦᠮᠤᠨ ᠪᠤᠯ ᠠᠪᠤ ᠮᠢᠨᠢ ᠲᠠ ᠶᠤᠮ᠃ ᠲᠠᠨ ᠤ ᠬᠤᠰᠢᠭᠤ ᠰᠤᠮᠤᠨ ᠤ ᠪᠠᠨ ᠨᠠᠭᠠᠳᠤᠮ ᠳᠤ ᠵᠤᠳᠤᠭᠯᠠᠨ ᠲᠠᠪᠢᠵᠤ ᠶᠠᠪᠤᠭᠰᠠᠠ ᠬᠡᠶᠢᠮᠤᠷᠢ ᠵᠢᠪᠬᠤᠭ᠎ᠠ ᠴᠢᠨᠢ ᠠᠪᠤᠷᠭᠤ ᠪᠤᠯᠤᠭᠰᠠᠠ ᠤ ᠮᠢᠨᠢ ᠠᠮᠢᠨ ᠰᠠᠬᠢᠶ᠎ᠠ︾ ᠬᠡᠵᠤ ᠬᠠᠳᠠᠨᠪᠠᠭᠠᠳᠤᠷ ᠬᠠᠷᠢ ᠤᠯᠤᠰ ᠠᠴᠠ ᠰᠡᠳᠬᠢᠯ ᠳᠤᠭᠳᠤᠯᠤᠨ ᠶᠠᠷᠢᠵᠤ ᠪᠠᠶᠢᠬᠰᠠᠠ ᠶᠤᠮ᠃
      ᠬᠠᠳᠠᠨᠪᠠᠭᠠᠳᠤᠷ    ᠢᠷᠠᠭᠤ ᠠᠯᠳᠠᠷ ᠢᠶᠠᠷ ᠡᠩᠬᠡᠷ ᠢᠶᠠᠨ ᠮᠢᠯᠢᠶᠠᠯᠭᠠᠵᠤ᠂ ᠤᠯᠤᠰ ᠤᠷᠤᠨ ᠤ ᠨᠠᠷ᠎ᠠ ᠠᠯᠳᠠᠷ ᠢ ᠲᠡᠯᠡᠬᠡᠢ ᠶᠢᠨ ᠲᠠᠮᠢᠷ ᠤᠨ ᠲᠠᠪᠴᠠᠩ ᠳᠤ ᠲᠠᠭᠤᠷᠢᠰᠤᠭᠤᠯᠤᠭᠰᠠᠠ ᠬᠠᠯᠠᠭᠤᠨ ᠴᠢᠮᠡᠭᠡ ᠶᠢ ᠰᠤᠨᠤᠰᠤᠭᠠᠳ ᠰᠤᠷᠪᠤᠯᠵᠢᠯᠠᠭᠴᠢ 12 ᠰᠠᠷ᠎ᠠ ᠶᠢᠨ 18 ᠤ ᠡᠳᠤᠷ᠂ ᠬᠠᠳᠠᠨᠪᠠᠭᠠᠳᠤᠷ ᠢ ᠤᠳᠠᠰᠤ ᠪᠠᠷ ᠰᠤᠷᠪᠤᠯᠵᠢᠯᠠᠭᠰᠠᠠ ᠨᠢ ᠡᠨᠡ ᠪᠢᠯᠠ᠃     12 ᠰᠠᠷ᠎ᠠ ᠶᠢᠨ 8 — 10 ᠤ ᠡᠳᠤᠷ ᠪᠤᠯᠳᠠᠯ᠎ᠠ ᠠᠮᠧᠷᠢᠺᠠ ᠤᠯᠤᠰ ᠤᠨ ᠰᠠᠨ ᠹᠷᠠᠨᠰᠢᠰᠺᠦ ᠬᠤᠳᠠ ᠳᠤ ᠶᠠᠪᠤᠭᠳᠠᠭᠰᠠᠨ ᠲᠡᠯᠡᠬᠡᠢ ᠶᠢᠨ ᠬᠤᠨᠳᠠᠭᠠᠳᠤ ᠳᠤᠮᠳᠠᠳᠤ ᠮᠠᠶ᠋ᠢᠭ ᠤᠨ ᠪᠦᠬᠡ ᠶᠢᠨ ᠲᠡᠮᠡᠴᠡᠬᠡᠨ ᠳᠤ ᠤᠯᠤᠰ ᠤᠷᠤᠨ ᠢᠶᠠᠨ ᠲᠦᠯᠦᠬᠡᠯᠡᠨ ᠤᠷᠤᠯᠴᠠᠵᠤ᠂ ᠪᠦᠬᠦ ᠲᠡᠯᠡᠬᠡᠢ ᠶᠢᠨ 22 ᠤᠯᠤᠰ ᠤᠨ 200 ᠭᠠᠷᠤᠢ ᠰᠤᠳᠤᠨ ᠰᠢᠯᠢᠳᠡᠭ ᠲᠠᠮᠢᠷᠴᠢᠳ ᠤᠨ ᠳᠤᠮᠳᠠ 90 ᠺᠢᠯᠦᠭᠷᠡᠮ ᠤᠨ ᠲᠠᠰ ᠤᠨ ᠤᠷᠤᠯᠳᠤᠭᠠᠨ ᠤ ᠮᠠᠩᠯᠠᠢ ᠰᠢᠬᠦᠷᠴᠠᠢ᠃ ︽ᠠᠯᠤᠰ ᠲᠡᠯᠡᠢ ᠶᠢᠨ ᠬᠦᠪᠡᠭᠡ᠂ ᠬᠠᠷᠢ ᠠᠮᠧᠷᠢᠺᠠ ᠶᠢᠨ ᠰᠠᠨ ᠹᠷᠠᠨᠰᠢᠰᠺᠦ ᠠᠴᠠ ᠠᠪᠤ ᠲᠠᠨ ᠳᠠᠭᠠᠨ ᠮᠠᠨᠳᠤᠴᠢᠯᠠᠵᠤ ᠪᠠᠶᠢᠨ᠎ᠠ᠂ ᠪᠦᠬᠡ ᠶᠢᠨ ᠠᠪᠤᠷᠭᠤ ᠪᠤᠯᠬᠤ ᠶᠢᠨ ᠬᠦᠰᠡᠯ ᠤᠨ ᠴᠤᠭ ᠢ ᠬᠦᠭᠵᠢᠬᠡᠭᠰᠡᠡ ᠬᠦᠮᠤᠨ ᠪᠤᠯ ᠠᠪᠤ ᠮᠢᠨᠢ ᠲᠠ ᠶᠤᠮ᠃ ᠲᠠᠨ ᠤ ᠬᠤᠰᠢᠭᠤ ᠰᠤᠮᠤᠨ ᠤ ᠪᠠᠨ ᠨᠠᠭᠠᠳᠤᠮ ᠳᠤ ᠵᠤᠳᠤᠭᠯᠠᠨ ᠲᠠᠪᠢᠵᠤ ᠶᠠᠪᠤᠭᠰᠠᠠ ᠬᠡᠶᠢᠮᠤᠷᠢ ᠵᠢᠪᠬᠤᠭ᠎ᠠ ᠴᠢᠨᠢ ᠠᠪᠤᠷᠭᠤ ᠪᠤᠯᠤᠭᠰᠠᠠ ᠤ ᠮᠢᠨᠢ ᠠᠮᠢᠨ ᠰᠠᠬᠢᠶ᠎ᠠ︾ ᠬᠡᠵᠤ ᠬᠠᠳᠠᠨᠪᠠᠭᠠᠳᠤᠷ ᠬᠠᠷᠢ ᠤᠯᠤᠰ ᠠᠴᠠ ᠰᠡᠳᠬᠢᠯ ᠳᠤᠭᠳᠤᠯᠤᠨ ᠶᠠᠷᠢᠵᠤ ᠪᠠᠶᠢᠬᠰᠠᠠ ᠶᠤᠮ᠃     ︽ᠲᠦᠷᠤ ᠬᠦᠷᠤᠨ ᠤ ᠮᠢᠨᠢ ᠵᠤᠨ ᠲᠦᠮᠡᠨ᠂ ᠶᠠᠰᠤ ᠮᠢᠬᠠᠨ ᠤ ᠮᠢᠨᠢ ᠲᠦᠷᠤᠯ ᠰᠠᠳᠤᠨ ᠠᠨᠳᠠ ᠨᠠᠶᠢᠵᠢ ᠨᠠᠷ ᠮᠢᠨᠢ ᠰᠠᠶᠢᠬᠠᠨ ᠡᠪᠤᠯᠵᠢᠵᠤ ᠪᠠᠶᠢᠨ᠎ᠠ ᠤᠤ︖ ᠠᠮᠧᠷᠢᠺᠠ ᠳᠤ ᠪᠤᠯᠤᠭᠰᠠᠠ ᠠᠩᠬᠠᠳᠤᠭᠠᠷ ᠤᠳᠠᠭᠠᠨ ᠤ ᠲᠡᠯᠡᠬᠡᠢ ᠶᠢᠨ ᠠᠪᠤᠷᠭᠤ ᠶᠢᠨ ᠤᠷᠤᠯᠳᠤᠭᠠᠨ ᠳᠤ ᠲᠠ ᠨᠠᠷ ᠤᠨ ᠢᠶᠠᠨ ᠲᠡᠮᠵᠢᠯᠬᠡ ᠬᠡᠰᠢᠭ ᠪᠤᠶᠠᠨ ᠢᠶᠠᠷ ᠢᠷᠡᠨ ᠤᠷᠤᠯᠴᠠᠭᠠᠳ ᠠᠯᠳᠠᠨ ᠮᠧᠳᠡᠯ ᠳᠤᠰᠤᠭᠰᠠᠠ ᠳᠠᠭᠠᠨ ᠪᠠᠶᠠᠷᠯᠠᠵᠤ ᠪᠠᠶᠢᠨ᠎ᠠ᠂ ᠡᠨᠡ ᠵᠠᠪᠰᠢᠶᠠᠨ ᠢ ᠨᠠᠳᠠᠳᠤ ᠤᠯᠭᠤᠬᠠᠰᠠᠠ ᠳᠤᠮᠳᠠᠳᠤ ᠤᠯᠤᠰ ᠤᠨ ᠪᠠᠶ᠎ᠠ ᠶᠢᠨ ᠲᠠᠮᠢᠷ ᠤᠨ ᠵᠦᠪᠯᠡᠯ ᠤᠨ ᠤᠳᠤᠷᠢᠳᠤᠯᠭ᠎ᠠ᠂ ᠲᠠᠰᠬᠠᠯᠵᠢᠭᠤᠯᠤᠭᠴᠢ᠂ ᠠᠬ᠎ᠠ ᠲᠡᠬᠦᠤ ᠨᠠᠷ ᠲᠠᠭᠠᠨ ᠪᠠᠶᠠᠷᠯᠠᠵᠤ ᠪᠠᠶᠢᠨ᠎ᠠ︾ ᠬᠡᠵᠤ ᠮᠤᠩᠭᠤᠯ ᠬᠦᠮᠤᠨ ᠤ ᠤᠮᠤᠭᠰᠢᠯ ᠪᠤᠯᠤᠭᠰᠠᠠ ᠬᠠᠳᠠᠨᠪᠠᠭᠠᠳᠤᠷ ᠠᠯᠳᠠᠨ ᠮᠧᠳᠠᠯ ᠳᠤᠰᠤᠭᠰᠠᠠ ᠲᠦᠷᠦᠭᠳᠡᠯ ᠢᠶᠠᠨ ᠶᠠᠷᠢᠵᠤ ᠪᠠᠶᠢᠪᠠ᠃     ᠳᠤᠰ ᠤᠳᠠᠭᠠᠨ ᠤ ᠤᠷᠤᠯᠳᠤᠭᠠᠨ ᠢ ᠠᠮᠧᠷᠢᠺᠠ ᠲᠢᠪ ᠤᠨ ᠪᠦᠬᠡ ᠶᠢᠨ ᠬᠤᠯᠪᠤᠭᠠᠳᠤ ᠬᠤᠷᠠᠯ ᠠᠴᠠ ᠭᠤᠤᠯᠯᠠᠨ ᠡᠷᠬᠢᠯᠠᠵᠤ᠂ ᠰᠢᠨ ᠾᠦᠢ ᠸᠧᠨ ᠬᠠᠮ ᠵᠠᠭᠤᠴᠢᠯᠠᠭᠤᠷ ᠠᠴᠠ ᠲᠠᠭᠠᠭᠠᠴᠢᠯᠠᠨ ᠡᠷᠬᠢᠯᠠᠵᠤ᠂ ᠠᠮᠧᠷᠢᠺᠠ᠂ ᠶᠠᠫᠤᠨ᠂ ᠹᠷᠠᠠᠼᠢ᠂ ᠳᠤᠮᠳᠠᠳᠤ᠂ ᠺᠠᠨᠠᠳᠠ᠂ ᠠᠩᠭ᠍ᠯᠢ᠂ ᠢᠲ᠋ᠠᠯᠢ᠂ ᠪᠷᠠᠽᠢᠯ ᠵᠡᠷᠬᠡ ᠤᠯᠤᠰ ᠤᠷᠤᠯᠴᠠᠵᠤ᠂ ᠡᠷᠡᠭᠳᠡᠢ ᠶᠢᠨ ᠪᠠᠷᠢᠯᠳᠤᠭᠠᠨ ᠳᠤ 10 ᠲᠠᠰ ᠬᠤᠪᠢᠶᠠᠵᠤ᠂ ᠡᠮᠡᠭᠳᠡᠢ ᠶᠢᠨ ᠪᠠᠷᠢᠯᠳᠤᠭᠠᠨ ᠳᠤ 8 ᠲᠠᠰ ᠬᠤᠪᠢᠶᠠᠵᠠᠢ᠃ ᠡᠬᠦᠨ ᠳᠤ᠂ ᠳᠤᠮᠳᠠᠳᠤ ᠤᠯᠤᠰ ᠤᠨ ᠪᠠᠶ᠎ᠠ ᠶᠢᠨ ᠲᠠᠮᠢᠷ ᠤᠨ ᠠᠩᠬᠢ ᠳᠤ 5 ᠡᠷᠡᠭᠳᠡᠢ ᠲᠠᠮᠢᠷᠴᠢᠨ᠂ 2 ᠡᠮᠡᠭᠳᠡᠢ ᠲᠠᠮᠢᠷᠴᠢᠨ ᠤᠷᠤᠯᠴᠠᠭᠰᠠᠠ ᠪᠠᠶᠢᠨ᠎ᠠ᠃
    ᠱᠠᠩᠨᠠᠯ ᠤᠯᠭᠤᠬᠤ ᠶᠤᠰᠤᠯᠠᠯ ᠳᠤ ᠬᠠᠳᠠᠨᠪᠠᠭᠠᠲᠤᠷ ᠤᠯᠤᠰ ᠤᠨ ᠲᠤᠰ ᠢᠶᠠᠨ ᠦᠨᠳᠦᠷ ᠡᠷᠬᠦᠨ᠎ᠡ     12 ᠰᠠᠷ᠎ᠠ ᠶᠢᠨ ᠡᠬᠢ ᠪᠠᠷ ᠲᠡᠯᠡᠬᠡᠢ ᠶᠢᠨ ᠬᠤᠨᠳᠠᠭᠠᠳᠤ ᠳᠤᠮᠳᠠᠳᠤ ᠮᠠᠶ᠋ᠢᠭ ᠤᠨ ᠪᠦᠬᠡ ᠶᠢᠨ ᠲᠠᠮᠠᠴᠡᠬᠡᠨ ᠤ ᠬᠤᠪᠢᠶᠠᠷᠢ ᠲᠡᠯᠡᠪᠡᠢ ᠶᠢᠨ ᠤᠷᠤᠯᠳᠤᠭᠠᠨ ᠳᠤ ᠳᠤᠮᠳᠠᠳᠤ ᠤᠯᠤᠰ ᠤᠨ ᠪᠡᠬᠡᠵᠢᠩ᠂ ᠾᠧᠪᠸᠢ ᠮᠤᠵᠢ ᠶᠢᠨ ᠪᠤᠤᠳᠢᠩ᠂ ᠦᠪᠤᠷ ᠮᠤᠩᠭᠤᠯ᠂ ᠱᠠᠨᠳᠦ᠋ᠩ ᠮᠤᠵᠢ ᠶᠢᠨ ᠵᠢᠨᠠᠨ ᠵᠡᠷᠬᠡ ᠵᠢᠷᠭᠤᠭᠠᠨ ᠭᠠᠵᠡᠷ ᠤᠷᠤᠨ ᠤ ᠰᠢᠯᠢᠳᠡᠭ ᠲᠠᠮᠢᠷᠴᠢᠳ ᠤᠷᠤᠯᠴᠠᠭᠰᠠᠠ ᠤ ᠳ᠋ᠦᠩ ᠳᠤ ᠦᠪᠤᠷ ᠮᠤᠩᠭᠤᠯ ᠤᠨ ᠬᠦᠯᠤᠨ ᠪᠤᠶᠢᠷ ᠬᠤᠳᠠ ᠶᠢᠨ ᠰᠢᠨ᠎ᠠ ᠪᠠᠷᠭᠤ ᠵᠡᠬᠦᠨ ᠬᠤᠰᠢᠭᠤᠨ ᠤ ᠰᠤᠶᠤᠯ ᠲᠠᠮᠢᠷ ᠰᠤᠨᠢᠨ ᠮᠡᠳᠡᠭᠡ ᠬᠡᠪᠯᠡᠯ ᠷᠠᠳᠢᠤ᠋ ᠲᠧᠯᠸᠢᠰ ᠬᠤᠷᠢᠶᠠᠨ ᠤ ᠲᠠᠮᠢᠷᠴᠢᠨ ᠬᠠᠳᠠᠨᠪᠠᠭᠠᠳᠤᠷ 90 ᠺᠢᠯᠦᠭᠷᠡᠮ ᠤᠨ ᠤᠷᠤᠯᠳᠤᠭᠠᠨ ᠳᠤ ᠮᠠᠩᠯᠠᠶᠢᠯᠠᠵᠤ᠂ ᠦᠪᠡᠷ ᠤᠨ ᠢᠶᠠᠨ ᠬᠠᠳᠠᠭᠤ ᠴᠢᠷᠮᠠᠶᠢᠯᠭ᠎ᠠ ᠪᠠᠷ ᠢᠶᠠᠨ ᠤᠯᠤᠰ ᠢᠶᠠᠨ ᠲᠦᠯᠦᠬᠡᠯᠡᠨ ᠲᠡᠯᠡᠬᠡᠢ ᠶᠢᠨ ᠤᠷᠤᠯᠳᠤᠭᠠᠨ ᠳᠤ ᠤᠷᠤᠯᠴᠠᠬᠤ ᠡᠷᠬᠡ ᠶᠢ ᠤᠯᠵᠤ᠂ ᠬᠡᠷ ᠤᠷᠤᠨ ᠤ ᠠᠬ᠎ᠠ ᠲᠠᠬᠦᠤᠰ ᠢᠶᠠᠨ ᠬᠠᠭ᠎ᠠ ᠪᠠᠶᠠᠷᠯᠠᠭᠤᠯᠵᠤ ᠪᠠᠶᠢᠯ᠎ᠠ᠃ ᠡᠨᠡᠬᠦ ᠰᠠᠶᠢᠬᠠᠨ ᠵᠤᠯ ᠵᠠᠪᠰᠢᠶᠠᠨ ᠨᠢ ᠬᠠᠳᠠᠨᠪᠠᠭᠠᠳᠤᠷ ᠤᠨ ᠠᠮᠵᠢᠯᠳᠠ ᠳᠤ ᠬᠦᠷᠬᠦ ᠶᠢᠨ ᠰᠠᠭᠤᠷᠢ ᠶᠢ ᠲᠠᠯᠪᠢᠵᠤ ᠦᠭᠴᠠᠢ᠃     ᠰᠢᠷᠠᠶᠢᠳ ᠬᠠᠯᠠ ᠶᠢᠨ ᠬᠠᠳᠠᠨᠪᠠᠭᠠᠳᠤᠷ ᠪᠤᠯ ᠬᠦᠯᠤᠨ ᠪᠤᠶᠢᠷ ᠬᠤᠳᠠ ᠶᠢᠨ ᠰᠢᠨ᠎ᠠ ᠪᠠᠷᠭᠤ ᠵᠡᠬᠦᠨ ᠬᠤᠰᠢᠭᠤᠨ ᠤ ᠭᠠᠨᠵᠤᠤᠷ ᠰᠤᠮᠤᠨ ᠤ ᠤᠷᠱᠤᠨ ᠭᠠᠴᠠᠭ᠎ᠠ ᠪᠠᠷ ᠨᠤᠳᠤᠭᠳᠠᠢ᠂ ᠬᠠᠷᠠᠬᠠᠨ ᠪᠠᠭ᠎ᠠ ᠠᠴᠠ ᠪᠠᠨ ᠪᠦᠬᠡ ᠳᠤ ᠳᠤᠷ᠎ᠠ ᠪᠠᠬ᠎ᠠ ᠲᠠᠢ ᠪᠦᠬᠡᠳ ᠠᠪᠤ ᠪᠠᠨ ᠲᠠᠭᠠᠵᠤ ᠨᠠᠶᠢᠷ ᠨᠠᠭᠠᠳᠤᠮ ᠢᠶᠠᠷ ᠪᠦᠬᠡ ᠪᠠᠷᠢᠯᠳᠤᠬᠤ ᠶᠢ ᠳᠤᠭᠳᠠᠭᠤᠨ ᠰᠤᠨᠢᠷᠬᠠᠵᠤ ᠰᠠᠭᠤᠳᠠᠭ᠂ ᠲᠠᠷᠠᠴᠢᠯᠠᠨ ᠪᠠᠭ᠎ᠠ ᠠᠴᠠ ᠪᠠᠨ ᠦᠶ᠎ᠠ ᠶᠢᠨ ᠨᠠᠶᠢᠵᠢ ᠨᠠᠷ ᠲᠠᠢ ᠪᠠᠨ ᠪᠦᠬᠡ ᠪᠠᠷᠢᠯᠳᠤᠵᠤ ᠪᠦᠬᠡᠴᠢᠨ ᠪᠤᠯᠬᠤ ᠬᠦᠰᠡᠯ ᠲᠠᠢ ᠪᠠᠶᠢᠬᠰᠠᠠ ᠪᠦᠬᠡᠳ ᠠᠪᠤ ᠨᠢ ᠪᠦᠬᠡ ᠰᠠᠶᠢᠨ ᠪᠠᠷᠢᠯᠳᠤᠳᠠᠭ ᠬᠦᠮᠤᠨ ᠪᠠᠶᠢᠵᠠᠢ᠃ ᠠᠩᠬᠠᠨ ᠤ ᠰᠤᠷᠢᠭ᠎ᠠ ᠪᠠᠨ ᠬᠦᠯᠤᠨ ᠪᠤᠶᠢᠷ ᠬᠤᠳᠠ ᠶᠢᠨ ᠡᠸᠡᠩᠬᠢ ᠬᠤᠰᠢᠭᠤᠨ ᠳᠤ ᠬᠢᠭᠰᠡᠡ ᠲᠠᠷᠠ ᠪᠠᠷ ᠶᠠᠷᠤ ᠠᠴᠠ ᠬᠠᠶᠢᠯᠠᠷ ᠲᠤ ᠤᠴᠢᠵᠤ ᠦᠵᠡᠭᠡ ᠦᠬᠡᠢ ᠮᠦᠷᠳᠡᠬᠡᠨ ᠶᠠᠬ ᠬᠠᠪᠤᠷ ᠤᠨ ᠲᠦᠯ ᠳᠤᠰᠬᠤ ᠴᠠᠭ ᠲᠤ ᠲᠠᠭᠠᠷᠠᠭᠰᠠᠠ ᠠᠴᠠ ᠠᠪᠤ ᠡᠵᠢ ᠨᠢ ᠬᠦᠷᠬᠡᠵᠤ ᠴᠢᠳᠠᠭ᠎ᠠ ᠦᠬᠡᠢ᠂ ᠮᠠᠩᠯᠠᠢ ᠠᠬ᠎ᠠ ᠨᠢ ᠬᠠᠶᠢᠯᠠᠷ ᠠᠴᠠ ᠳᠤᠰᠴᠤ ᠬᠦᠷᠬᠡᠭᠰᠡᠡ ᠬᠡᠳᠡᠭ᠃ ᠬᠠᠳᠠᠨᠪᠠᠭᠠᠳᠤᠷ 2015 ᠤᠨ ᠠᠴᠠ ᠡᠬᠢᠯᠠᠨ ᠰᠢᠨ᠎ᠠ ᠪᠠᠷᠭᠤ ᠵᠡᠬᠦᠨ ᠬᠤᠰᠢᠭᠤᠨ ᠤ ᠤᠤᠯ ᠤᠨ ᠲᠠᠷᠭᠤᠨᠨᠠᠭᠤᠷ ᠰᠤᠮᠤᠨ ᠤ ᠵᠠᠶᠢᠯᠬᠠᠨ ᠬᠠᠯᠠ ᠶᠢᠨ ᠪᠦᠷᠢᠨᠪᠤᠯᠤᠳ ᠪᠠᠭᠰᠢ ᠶᠢᠨ ᠳᠤᠤᠷ᠎ᠠ ᠳᠤᠮᠳᠠᠳᠤ ᠮᠠᠶ᠋ᠢᠭ ᠤᠨ ᠪᠦᠬᠡ ᠪᠤᠯᠪᠠᠰᠤᠷᠠᠵᠤ ᠂ 2015 ᠤᠨ ᠳᠤ ᠱᠠᠨᠰᠢ ᠮᠤᠵᠢ ᠳᠤ ᠶᠠᠪᠤᠭᠳᠠᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠦᠩᠬᠦᠨ ᠮᠧᠳᠠᠯ ᠳᠤᠰᠴᠤ᠂ 2016 ᠤᠨ ᠤ ᠯᠢᠶᠤᠤᠨᠢᠩ ᠮᠤᠵᠢ ᠳᠤ ᠶᠠᠪᠤᠭᠳᠠᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠦᠩᠬᠦᠨ ᠮᠧᠳᠡᠯ ᠭᠠᠷᠳᠠᠵᠠᠢ᠃ 2017 ᠤᠨ ᠳᠤ ᠯᠢᠶᠤᠤᠨᠢᠩ ᠮᠤᠵᠢ ᠶᠢᠨ ᠬᠤ᠋ ᠯᠤ᠋ ᠳ᠋ᠤᠤ ᠬᠤᠳᠠ ᠳᠤ ᠶᠠᠪᠤᠭᠳᠠᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠲᠡᠳ᠋ᠯᠡᠵᠤ᠂ 2017 ᠤᠨ ᠳᠤ ᠪᠦᠬᠦ ᠤᠯᠤᠰ ᠤᠨ ᠳᠤᠮᠳᠠᠳᠤ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠠᠯᠳᠠᠨ ᠮᠧᠳᠡᠯ ᠭᠠᠷᠳᠠᠭᠰᠠᠠ ᠪᠢᠯᠠ᠃
           ᠨᠤᠳᠤᠭ ᠤᠨ ᠬᠦᠮᠦᠰ ᠨᠢ ᠬᠠᠯᠠᠭᠤᠨ ᠢᠶᠠᠷ ᠤᠭᠳᠤᠨ᠎ᠡ     ᠬᠠᠳᠠᠨᠪᠠᠭᠠᠳᠤᠷ ᠤᠨ ᠠᠮᠵᠢᠯᠳᠠ ᠨᠢ ᠲᠠᠬᠦᠨ ᠤ ᠲᠠᠰᠬᠠᠯᠵᠢᠭᠤᠯᠤᠭᠴᠢ ᠪᠦᠷᠢᠨᠪᠤᠯᠤᠳ ᠪᠠᠭᠰᠢ ᠲᠠᠢ ᠨᠢᠬᠳᠠ ᠬᠤᠯᠪᠤᠭ᠎ᠠ ᠲᠠᠢ᠃ ︽ᠪᠦᠷᠢᠨᠪᠤᠯᠤᠳ ᠪᠠᠭᠰᠢ ᠪᠤᠯ ᠳᠤᠮᠳᠠᠳᠤ ᠮᠠᠶ᠋ᠢᠭ ᠤᠨ ᠪᠦᠬᠡ ᠶᠢᠨ ᠬᠦᠩᠬᠡᠨ ᠲᠠᠰ ᠤᠨ ᠤᠯᠤᠰ ᠤᠨ ᠠᠪᠤᠷᠭᠤ᠃ ᠤᠳᠤ ᠲᠠᠪᠢ ᠶᠢᠨ ᠲᠠᠪᠠᠭ᠎ᠠ ᠶᠢ ᠲᠠᠪᠠᠵᠤ ᠪᠠᠶᠢᠨ᠎ᠠ᠂ ᠬᠡᠬᠦ ᠳᠡᠭᠡᠨ ᠪᠠᠭᠰᠢ ᠮᠢᠨᠢ ᠪᠤᠯ ᠮᠡᠷᠬᠡᠵᠢᠯ ᠰᠠᠶᠢᠳᠠᠢ᠂ ᠪᠠᠷᠢᠴᠠ ᠰᠠᠶᠢᠳᠠᠢ᠂ ᠮᠡᠷᠬᠡᠵᠢᠯ ᠵᠢᠭᠠᠬᠤ ᠲᠠᠯ᠎ᠠ ᠪᠠᠷ ᠰᠠᠶᠢᠨ᠃ ᠶᠠᠷᠤ ᠨᠢ ᠳᠤᠮᠳᠠᠳᠤ ᠮᠠᠶ᠋ᠢᠭ ᠤᠨ ᠪᠦᠬᠡ ᠪᠤᠯ ᠵᠤᠳᠤᠭ ᠲᠠᠢ ᠪᠠᠷᠢᠯᠳᠤᠨ᠎ᠠ᠂ ᠴᠠᠭ ᠢᠶᠠᠷ᠂ ᠪᠠᠷᠢᠴᠠ ᠶᠢᠨ ᠪᠡᠯᠡᠳᠬᠡᠯ᠂ ᠮᠡᠷᠬᠡᠵᠢᠯ ᠤᠨ᠂ ᠬᠦᠴᠤᠨ ᠤ ᠲᠠᠰᠬᠠᠯ᠂ ᠠᠮᠢᠰᠬᠤᠯ ᠤᠨ ᠪᠡᠯᠡᠳᠬᠡᠯ ᠢ ᠰᠠᠶᠢᠨ ᠬᠢᠭᠰᠡᠡ ᠢᠶᠠᠷ ᠦᠨᠤᠳᠤᠷ ᠤᠨ ᠠᠮᠵᠢᠯᠳᠠ ᠳᠤ ᠬᠦᠷᠦᠭᠰᠡᠡ ᠶᠤᠮ︾ ᠬᠡᠵᠤ ᠡᠷ᠎ᠠ ᠬᠦᠮᠤᠨ ᠤ ᠰᠢᠨᠳᠠᠰᠤ ᠲᠠᠢ ᠬᠠᠳᠠᠨᠪᠠᠭᠠᠳᠤᠷ ᠪᠠᠭᠰᠢ ᠳᠠᠭᠠᠨ ᠲᠠᠯᠠᠷᠬᠠᠭᠰᠠᠠ ᠰᠡᠳᠬᠢᠯᠬᠡ ᠲᠠᠢ ᠶᠠᠷᠢᠨ᠎ᠠ᠃ ᠪᠦᠷᠢᠨᠪᠤᠯᠤᠳ 1988 ᠤᠨ ᠠᠴᠠ ᠡᠬᠢᠯᠠᠨ ᠪᠦᠬᠦ ᠤᠯᠤᠰ ᠤᠨ ᠤᠷᠤᠯᠳᠤᠭᠠᠨ ᠳᠤ ᠭᠠᠨᠵᠤᠭ᠎ᠠ ᠲᠦᠬᠦᠷᠠᠩ ᠶᠠᠪᠤᠵᠤ ᠪᠠᠶᠢᠵᠠᠢ᠃ 1989 ᠤᠨ ᠳᠤ ᠾᠧᠨᠡᠨ ᠮᠤᠵᠢ ᠶᠢᠨ ᠵᠧᠩᠵᠸᠤ ᠬᠤᠳᠠ ᠳᠤ ᠶᠠᠪᠤᠭᠳᠠᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠬᠦᠷᠠᠯ ᠮᠧᠳᠡᠯ ᠳᠤᠰᠴᠤ᠂ 1990 ᠤᠨ ᠳᠤ ᠦᠪᠤᠷ ᠮᠤᠩᠭᠤᠯ ᠤᠨ ᠤᠯᠠᠭᠠᠨᠴᠠᠪ ᠬᠤᠳᠠ ᠳᠤ ᠪᠤᠯᠤᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠲᠦᠷᠪᠡᠳᠤᠬᠡᠷ ᠨᠠᠷᠠᠰ ᠲᠤ ᠳᠤᠳᠤᠷᠠᠵᠤ᠂ 1992 ᠤᠨ ᠳᠤ ᠯᠠᠨᠵᠸᠤ ᠬᠤᠳᠠ ᠳᠤ ᠶᠠᠪᠤᠭᠳᠠᠭᠰᠠᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠦᠩᠬᠦᠨ ᠮᠧᠳᠡᠯ ᠭᠠᠷᠳᠠᠵᠤ ᠪᠠᠶᠢᠵᠠᠢ᠃ 2015 ᠤᠨ ᠠᠴᠠ ᠡᠬᠢᠯᠠᠨ ᠰᠢᠨ᠎ᠠ ᠪᠠᠷᠭᠤ ᠵᠡᠬᠦᠨ ᠬᠤᠰᠢᠭᠤᠨ ᠤ ᠰᠤᠶᠤᠯ ᠲᠠᠮᠢᠷ ᠰᠤᠨᠢᠨ ᠮᠡᠳᠡᠭᠡ ᠬᠡᠪᠯᠡᠯ ᠷᠠᠳᠢᠤ᠋ ᠲᠧᠯᠸᠢᠰ ᠬᠤᠷᠢᠶᠠᠨ ᠳᠤ ᠳᠤᠮᠳᠠᠳᠤ ᠮᠠᠶ᠋ᠢᠭ ᠤᠨ ᠪᠦᠬᠡ ᠶᠢᠨ ᠲᠠᠰᠬᠠᠯᠵᠢᠭᠤᠯᠤᠬᠴᠢ ᠪᠠᠷ ᠠᠵᠢᠯᠯᠠᠵᠤ᠂ ᠡᠨᠡ ᠬᠤᠭᠤᠷᠤᠨᠳᠤ ᠨᠡᠯᠢᠶᠠᠳ ᠤᠯᠠᠨ ᠰᠤᠷᠤᠭᠴᠢ ᠱᠠᠪᠢ ᠨᠠᠷ ᠢ ᠬᠦᠮᠥᠵᠢᠬᠦᠯᠵᠠᠢ᠃     ᠠᠮᠵᠢᠯᠳᠠ ᠳᠤ ᠬᠦᠷᠤᠨ᠎ᠠ ᠬᠡᠳᠡᠭ ᠪᠤᠯ ᠤᠯᠠᠨ ᠡᠯᠧᠮᠧᠨ᠋ᠲ ᠠᠴᠠ ᠳᠤᠭᠳᠠᠭᠠᠭᠳᠠᠳᠠᠭ᠃ ᠡᠬᠦᠨ ᠤ ᠳᠤᠳᠤᠷᠠᠬᠢ ᠬᠠᠮᠤᠭ ᠤᠨ ᠴᠢᠬᠤᠯᠠ ᠡᠯᠧᠮᠧᠨ᠋ᠲ ᠨᠢ ᠲᠠᠷᠤᠢ ᠠᠷᠤ ᠬᠡᠷ ᠤᠨ ᠲᠡᠮᠵᠢᠯᠬᠡ᠃ ︽ᠮᠢᠨᠤ ᠨᠦᠬᠦᠷ ᠬᠤᠤᠰᠴᠡᠴᠡᠭ ᠬᠡᠳᠡᠭ᠃ ᠰᠠᠶᠢᠨ ᠪᠦᠬᠡ ᠪᠤᠯᠬᠤ ᠳᠤ ᠠᠷᠤ ᠬᠡᠷ ᠤᠨ ᠲᠦᠰᠢᠭ ᠳᠤᠯᠭᠠᠭᠤᠷᠢ᠂ ᠬᠠᠨᠢ ᠨᠦᠬᠦᠷ ᠮᠢᠨᠢ ᠲᠡᠮᠵᠢᠭᠰᠡᠡ ᠤ ᠠᠴᠢ ᠪᠤᠶᠠᠨ ᠢᠶᠠᠷ ᠦᠨᠤᠳᠤᠷ ᠤᠨ ᠠᠮᠵᠢᠯᠳᠠ ᠳᠤ ᠬᠦᠷᠦᠭᠰᠡᠡ ᠶᠤᠮ᠃ ᠭᠠᠳᠠᠭᠰᠢ ᠪᠡᠯᠡᠳᠬᠡᠯ ᠳᠤ ᠶᠠᠪᠤᠬᠤ ᠳᠤ ᠬᠡᠷ ᠤᠷᠤᠨ ᠢᠶᠠᠨ ᠤᠷᠬᠢᠴᠢᠬᠠᠨ᠎ᠠ᠂ ᠤᠷᠤᠯᠳᠤᠭᠠᠨ ᠲᠡᠮᠡᠴᠡᠬᠡᠨ ᠳᠤ ᠶᠠᠪᠤᠬᠤ ᠳᠤ ᠬᠡᠳᠤᠨ ᠡᠳᠤᠷ᠂ ᠬᠡᠳᠤᠨ ᠰᠠᠷ᠎ᠠ ᠪᠠᠷ ᠶᠠᠪᠤᠨ᠎ᠠ᠂ ᠲᠡᠷᠠ ᠦᠶ᠎ᠠ ᠳᠤ ᠠᠷᠤ ᠬᠡᠷ ᠤᠨ ᠠᠵᠢᠯ ᠢ ᠨᠦᠬᠦᠷ ᠮᠠᠨᠢ ᠪᠦᠬᠦᠨ ᠢ ᠲᠠᠭᠠᠭᠠᠵᠤ᠂ ᠦᠷ᠎ᠠ ᠬᠡᠤᠬᠡᠳ ᠢᠶᠠᠨ ᠳᠤᠳᠤᠮᠳᠠᠨ᠎ᠠ᠂ ᠨᠠᠰᠤᠳᠠᠨ ᠳᠤᠮᠤᠭᠠᠳᠠᠠ ᠢᠶᠠᠨ ᠬᠠᠷᠠᠭᠠᠯᠵᠠᠨ᠎ᠠ᠂ ᠬᠠᠨᠢ ᠮᠨᠠᠢ ᠲᠠᠷᠠ ᠪᠦᠬᠦᠨ ᠢ ᠬᠢᠵᠤ ᠶᠠᠪᠤᠳᠠᠭ ᠲᠤ ᠪᠠᠶᠠᠷᠯᠠᠵᠤ ᠶᠠᠪᠤᠳᠠᠭ᠂ ᠦᠨᠤᠳᠤᠷ ᠤᠨ ᠠᠮᠵᠢᠯᠳᠠ ᠤᠯᠤᠭᠰᠠᠠ ᠨᠢ ᠬᠠᠨᠢ ᠨᠦᠬᠦᠷ᠂ ᠠᠪᠤ ᠡᠵᠢ ᠶᠢᠨ ᠮᠢᠨᠢ ᠲᠠᠮᠵᠢᠯᠬᠡ ᠠᠴᠠ ᠰᠠᠯᠵᠤ ᠪᠤᠯᠤᠰᠢ ᠦᠬᠡᠢ ᠬᠤᠯᠪᠤᠭ᠎ᠠ ᠲᠠᠢ︾ ᠬᠡᠮᠡᠬᠦ ᠬᠠᠳᠠᠨᠪᠠᠭᠠᠳᠤᠷ ᠤᠨ ᠶᠠᠷᠢᠶ᠎ᠠ ᠨᠢ ᠰᠡᠳᠬᠢᠯ ᠢ ᠮᠢᠨᠢ ᠬᠦᠨᠳᠡᠵᠤ᠂ ᠠᠪᠤ ᠡᠵᠢ ᠳᠡᠭᠡᠨ ᠠᠴᠢᠯᠠᠯ ᠲᠠᠢ᠂ ᠬᠡᠷᠬᠡᠢ ᠬᠡᠤᠬᠡᠳ ᠲᠡᠭᠡᠨ ᠬᠠᠷᠢᠭᠤᠴᠠᠯᠭ᠎ᠠ ᠲᠠᠢ ᠪᠠᠶᠢᠭ᠎ᠠ ᠶᠢ ᠨᠢ ᠰᠤᠨᠤᠰᠤᠭᠠᠳ ᠦᠪᠡᠷ ᠤᠨ ᠡᠷᠬᠡ ᠦᠬᠡᠢ ᠤᠶᠠᠷᠠᠵᠤ ᠰᠠᠭᠤᠯ᠎ᠠ᠃
    ᠤᠷᠤᠯᠳᠤᠭᠠᠨ ᠳᠤ ᠤᠷᠤᠯᠴᠠᠭᠰᠠᠨ ᠳᠤᠮᠳᠠᠳᠤ ᠤᠯᠤᠰ ᠤᠨ ᠲᠦᠯᠦᠭᠡᠯᠡᠭᠴᠢ ᠨᠠᠷ      ᠬᠡᠪᠡᠴᠦ ︽ᠭᠠᠢ ᠭᠠᠵᠡᠷ ᠳᠤᠤᠷ᠎ᠠ ᠠᠴᠠ︾ ᠬᠡᠳᠡᠭᠴᠢᠯᠠᠨ ᠬᠠᠶᠢᠷᠠᠳᠠᠢ ᠡᠵᠢ ᠨᠢ ᠬᠡᠨᠡᠳᠳᠠ ᠵᠢᠷᠤᠬᠡᠨ ᠡᠪᠡᠳᠴᠢᠨ ᠢᠶᠠᠷ ᠨᠠᠰᠤ ᠪᠠᠷᠠᠭᠰᠠᠠ ᠤ ᠲᠠᠷᠠᠭ᠎ᠠ ᠬᠠᠳᠠᠨᠪᠠᠭᠠᠳᠤᠷ ᠴᠤ ᠤᠷᠴᠢᠯᠠᠩ ᠳᠤ ᠭᠠᠭᠴᠠ ᠬᠦ ᠡᠵᠢ ᠪᠠᠨ ᠠᠯᠳᠠᠵᠤ ᠵᠤᠪᠠᠭᠰᠠᠠ ᠤ ᠪᠤᠯᠪᠠᠤ ᠡᠪᠡᠳᠴᠢᠯᠠᠵᠤ᠂ ᠪᠠᠶ᠎ᠠ ᠨᠢ ᠠᠷᠭ᠎ᠠ ᠦᠬᠡᠢ ᠶᠡᠭᠡ ᠮᠠᠭᠤᠳᠠᠵᠤ ᠰᠤᠯᠠᠳᠠᠭᠠᠳ᠂ ᠬᠤᠶᠠᠷ ᠭᠤᠷᠪᠠᠨ ᠵᠢᠯ ᠪᠦᠷ ᠪᠦᠬᠡ ᠪᠠᠷᠢᠯᠳᠤᠬᠤ ᠪᠠᠨ ᠵᠤᠭᠰᠤᠬᠰᠠᠠ ᠶᠤᠮ᠃ ᠲᠡᠬᠡᠬᠡᠳ ᠰᠡᠬᠦᠯᠠᠷ ᠨᠢ ᠪᠠᠶ᠎ᠠ ᠪᠠᠨ ᠰᠤᠪᠢᠯᠠᠵᠤ ᠡᠳᠡᠬᠡᠷᠡᠬᠦᠯᠦᠬᠡᠳ ᠲᠠᠬᠢᠨ ᠪᠦᠬᠡᠴᠢᠨ ᠤ ᠠᠶᠠᠨ ᠢᠶᠠᠨ ᠡᠬᠢᠯᠡᠬᠦᠯᠬᠦ ᠳᠤ ᠶᠠᠷᠤ ᠨᠢ ᠰᠠᠶᠢᠨ ᠪᠠᠷᠢᠯᠳᠤᠵᠤ ᠴᠢᠳᠠᠬᠤ ᠦᠬᠡᠢ ᠪᠠᠶᠢᠬᠤ ᠳᠤᠨᠢ ᠨᠠᠰᠤᠳᠠᠨ ᠪᠤᠭᠤᠷᠤᠯ ᠠᠪᠤ ᠨᠢ ᠨᠠᠨᠳᠢᠨ ᠵᠦᠪᠯᠡᠯᠬᠡ ᠦᠭᠴᠤ᠂ ᠠᠬ᠎ᠠ ᠲᠡᠬᠦᠤ ᠨᠢ ᠰᠡᠳᠬᠢᠯ ᠢᠶᠠᠷ ᠢᠶᠠᠨ ᠲᠡᠮᠵᠢᠭᠰᠡᠡ ᠪᠢᠯᠠ᠃ ᠬᠡᠷ ᠪᠦᠯᠢ ᠶᠢᠨ ᠲᠠᠮᠵᠢᠯᠬᠡ ᠪᠠᠷ ᠬᠠᠮᠤᠭ ᠤᠨ ᠬᠦᠴᠢᠷ ᠪᠡᠷᠬᠡᠳᠠᠢ ᠴᠠᠭ ᠮᠦᠴᠠ ᠶᠢ ᠦᠩᠬᠡᠷᠡᠬᠡᠨ ᠳᠤᠭᠤᠯᠵᠤ᠂ ᠪᠠᠶ᠎ᠠ ᠨᠢ ᠲᠡᠩᠬᠡᠬᠡᠷᠡᠵᠤ ᠵᠤᠷᠢᠬᠵᠢᠬᠰᠠᠠ ᠠᠴᠠ ᠨᠢᠬᠡ ᠵᠢᠯ ᠤᠨ ᠬᠠᠳᠠᠭᠤ ᠰᠢᠷᠤᠬᠦᠨ ᠪᠡᠯᠡᠳᠬᠡᠯ ᠬᠢᠬᠡᠳ ᠤᠷᠤᠯᠳᠤᠭᠠᠨ ᠳᠤ ᠤᠷᠤᠯᠴᠠᠵᠤ᠂ ᠠᠮᠵᠢᠯᠳᠠ ᠳᠤ ᠬᠦᠷᠦᠭᠰᠡᠡ ᠨᠢ ᠡᠨᠡ ᠶᠤᠮ᠃ ᠡᠨᠡᠬᠦ ᠠᠮᠵᠢᠯᠳᠠ ᠨᠢ ᠴᠦᠬᠦᠷᠡᠰᠢ ᠦᠬᠡᠢ ᠴᠢᠷᠮᠠᠶᠢᠯᠭ᠎ᠠ ᠠᠴᠠ ᠰᠠᠯᠵᠦ ᠴᠢᠳᠠᠬᠤ ᠦᠬᠡᠢ ᠨᠢ ᠯᠠᠪᠳᠠᠢ᠃     ︽ᠵᠠᠯᠠᠭᠤ ᠨᠢᠬᠡ ᠦᠶ᠎ᠠ ᠳᠡᠭᠡᠨ ᠪᠦᠬᠡ ᠶᠢᠨ ᠮᠡᠷᠬᠡᠵᠢᠯ ᠢ ᠵᠢᠭᠠᠵᠤ ᠤᠯᠠᠮᠵᠢᠯᠠᠵᠤ᠂ ᠬᠤᠵᠢᠮ ᠬᠤᠶᠢᠰᠢᠳᠠ ᠰᠠᠶᠢᠨ ᠪᠦᠬᠡ ᠪᠤᠯᠪᠠᠰᠤᠷᠠᠭᠤᠯᠤᠶ᠎ᠠ ᠬᠡᠵᠤ ᠪᠤᠳᠤᠵᠤ ᠪᠠᠶᠢᠨ᠎ᠠ᠂ ᠪᠠᠰᠠ ᠳᠤᠮᠳᠠᠳᠤ ᠮᠠᠶ᠋ᠢᠭ ᠤᠨ ᠪᠦᠬᠡ ᠶᠢ 2021 ᠤᠨ ᠳᠤ ᠪᠦᠬᠦ ᠤᠯᠤᠰ ᠤᠨ ᠪᠠᠶ᠎ᠠ ᠶᠢᠨ ᠲᠠᠮᠢᠷ ᠤᠨ ᠴᠤᠭᠯᠠᠭᠠᠨ ᠳᠤ ᠤᠷᠤᠭᠤᠯᠤᠭᠰᠠᠠ ᠪᠤᠯᠬᠤᠷ ᠪᠡᠯᠡᠳᠬᠡᠯ ᠢᠶᠠᠨ ᠰᠠᠶᠢᠨ ᠬᠢᠵᠤ᠂ ᠰᠠᠶᠢᠨ ᠠᠮᠵᠢᠯᠳᠠ ᠤᠯᠤᠶ᠎ᠠ ᠬᠡᠵᠤ ᠪᠤᠳᠤᠵᠤ ᠪᠠᠶᠢᠨ᠎ᠠ︾ ᠬᠡᠵᠤ ᠬᠡᠶᠢᠮᠤᠷᠢ ᠵᠤᠯᠪᠤᠭᠠᠳᠠᠢ ᠬᠠᠳᠠᠨᠪᠠᠭᠠᠳᠤᠷ ᠬᠤᠵᠢᠮ ᠤᠨ ᠲᠦᠯᠦᠪᠯᠡᠭᠡ ᠪᠠᠨ ᠰᠠᠳᠬᠢᠯ ᠬᠠᠩᠬᠤᠯᠤᠭᠤᠨ ᠶᠠᠷᠢᠨ᠎ᠠ᠃  
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号