ᠮᠤᠷᠢ ᠤᠷᠤᠯᠳᠤᠬᠤ
ᠨᠡᠶᠢᠲᠡᠯᠡᠭᠰᠡᠨ ᠴᠠᠭ᠄
2019/1/2
    ᠮᠤᠷᠢ ᠤᠷᠤᠯᠳᠤᠬᠤ ᠪᠤᠯ ︽ᠡᠷ᠎ᠡ ᠶᠢᠨ ᠭᠤᠷᠪᠠᠨ ᠨᠠᠭᠠᠳᠤᠮ︾ ᠤᠨ ᠨᠢᠭᠡ ᠵᠦᠢᠯ ᠨᠢ ᠪᠤᠯᠬᠤ ᠶᠤᠮ᠃ ᠵᠢᠷᠤᠭ᠎ᠠ ᠮᠤᠷᠢ ᠤᠷᠤᠯᠳᠤᠬᠤ᠂ ᠠᠵᠢᠷᠭ᠎ᠠ᠂ ᠦᠷᠢᠶ᠎ᠡ᠂ ᠲᠠᠭ᠎ᠠ ᠤᠷᠤᠯᠳᠤᠬᠤ᠂ ᠡᠮᠨᠢᠭ ᠰᠤᠷᠭᠠᠬᠤ᠂ ᠮᠤᠷᠢ ᠪᠠᠷ ᠠᠩᠨᠠᠬᠤ᠂ ᠮᠤᠷᠢᠨ ᠲᠡᠭᠡᠷ᠎ᠡ ᠠᠴᠠ ᠬᠠᠷᠪᠤᠵᠦ ᠨᠠᠮᠨᠠᠬᠤ᠂ ᠮᠤᠷᠢᠨ ᠲᠡᠭᠡᠷ᠎ᠡ ᠰᠡᠯᠡᠮ᠎ᠡ ᠡᠷᠭᠢᠭᠦᠯᠬᠦ᠂ ᠴᠢᠯᠠᠭᠤ ᠰᠢᠳᠡᠬᠦ ᠪᠤᠯ ᠤᠤᠯ ᠠᠴᠠ ᠪᠠᠨ ᠮᠤᠷᠢᠨ ᠨᠢᠷᠤᠭᠤᠨ ᠲᠡᠭᠡᠷ᠎ᠡ ᠦᠰᠴᠦ ᠠᠮᠢᠳᠤᠷᠠᠬᠰᠠᠨ ᠮᠤᠩᠭᠤᠯᠴᠤᠳ ᠤᠨ ᠠᠪᠢᠶᠠᠰ ᠴᠢᠳᠠᠪᠤᠷᠢ ᠨᠢ ᠶᠤᠮ᠃ ᠡᠨᠡ ᠨᠢ ᠠᠭᠠᠵᠢᠮ ᠢᠶᠠᠷ ᠬᠦᠭᠵᠢᠭᠰᠡᠭᠡᠷ ᠰᠡᠭᠦᠯᠳᠡᠵᠦ ᠮᠤᠷᠢᠨ ᠮᠡᠷᠭᠡᠵᠢᠯᠲᠡᠨ ᠴᠤᠯᠭᠤᠷᠠᠨ ᠭᠠᠷᠴᠦ ᠮᠤᠷᠢᠨ ᠲᠡᠭᠡᠷ᠎ᠡ ᠲᠤᠯᠤᠭᠠᠢ ᠪᠠᠷ ᠢᠶᠠᠨ ᠵᠤᠬᠰᠤᠵᠦ ᠤᠷᠤᠯᠳᠤᠬᠤ᠂ ᠬᠡᠳᠦᠨ ᠬᠦᠮᠦᠨ ᠨᠢᠭᠡ ᠮᠤᠷᠢ ᠤᠨᠤᠵᠦ ᠤᠷᠤᠯᠳᠤᠬᠤ᠂ ᠨᠢᠭᠡ ᠬᠦᠮᠦᠨ ᠬᠤᠶᠠᠷ ᠮᠤᠷᠢᠨ ᠨᠢᠷᠤᠭᠤᠨ ᠲᠡᠭᠡᠷ᠎ᠡ ᠵᠤᠬᠰᠤᠵᠦ ᠤᠷᠤᠯᠳᠤᠬᠤ᠂ ᠮᠤᠷᠢᠨ ᠴᠡᠷᠢᠭ ᠤᠨ ᠪᠤᠯᠪᠠᠰᠤᠷᠠᠯ ᠬᠢᠬᠦ᠂ ᠮᠤᠷᠢᠨ ᠪᠦᠮᠪᠦᠭᠡ ᠤᠷᠤᠯᠳᠤᠬᠤ ᠵᠡᠷᠭᠡ ᠤᠷᠤᠯᠳᠤᠭᠠᠨ ᠨᠠᠭᠠᠳᠤᠮ ᠡᠭᠦᠰᠦᠭᠰᠡᠨ ᠪᠠᠶᠢᠨ᠎ᠠ᠃ ᠡᠨᠡ ᠲᠤᠬᠠᠢ ︽ᠶᠤᠧᠠᠨ ᠤᠯᠤᠰ ᠤᠨ ᠲᠡᠤᠬᠡ︾ ᠳᠤ ︽ᠮᠤᠩᠭᠤᠯ ᠦᠨᠳᠦᠰᠦᠲᠡᠨ ᠢᠨᠤ ᠡᠶᠢᠨᠬᠦ ᠢᠵᠠᠭᠤᠷ ᠠᠴᠠ ᠪᠠᠨ ᠬᠠᠷᠪᠤᠵᠦ ᠨᠠᠮᠨᠠᠬᠤ ᠳᠤᠷ ᠰᠤᠷᠮᠠᠭᠠᠢ ᠵᠠᠩᠰᠢᠯ ᠲᠠᠢ ᠶᠢᠨ ᠤᠴᠢᠷ ᠲᠡᠯᠡᠬᠡᠢ ᠳ᠋ᠠᠬᠢᠨ ᠢ ᠠᠨᠤ ᠬᠤᠷ ᠰᠠᠭᠠᠳᠠᠬ ᠬᠤᠷᠳᠤᠨ ᠬᠦᠯᠦᠭ ᠢᠶᠠᠷ ᠡᠪᠭᠡᠭᠰᠡᠨ ᠁︾ ᠭᠡᠵᠡᠢ᠃     ᠮᠤᠷᠢ ᠤᠷᠤᠯᠳᠤᠬᠤ ᠳᠤ ᠲᠤᠭᠠᠨ ᠤ ᠬᠢᠵᠠᠭᠠᠷ ᠦᠭᠡᠢ᠂ ᠤᠷᠤᠯᠳᠤᠭᠠᠨ ᠡᠬᠢᠯᠡᠬᠦ ᠦᠶ᠎ᠡ ᠨᠠᠭᠠᠳᠤᠮ ᠤᠨ ᠲᠠᠯᠠᠪᠠᠢ ᠬᠦᠮᠦᠨ ᠤᠯᠠᠨ ᠲᠠᠢ ᠭᠠᠵᠠᠷ ᠠᠴᠠ ᠰᠢᠯᠵᠢᠵᠦ ᠠᠭᠤᠳᠠᠮ ᠲᠠᠯ᠎ᠠ ᠪᠤᠶᠤ ᠶᠠᠮᠠᠷ ᠨᠢᠭᠡᠨ ᠳᠤᠪᠤᠷᠬᠠᠬ ᠭᠠᠵᠠᠷ ᠢ ᠰᠤᠩᠭᠤᠨ ᠬᠢᠳᠡᠭ᠂ ᠬᠡᠷᠪᠡ ᠲᠦᠴᠢᠨ ᠭᠠᠵᠠᠷ ᠤᠨ ᠦᠵᠦᠭᠦᠷ ᠠᠴᠠ ᠮᠤᠷᠢ ᠲᠠᠯᠪᠢᠬᠤ ᠪᠠᠷ ᠪᠤᠳᠤᠪᠠᠯ ᠲᠡᠨᠳᠡ ᠤᠷᠤᠯᠳᠤᠬᠴᠢ ᠪᠠ ᠮᠤᠷᠢ ᠬᠢᠨᠠᠬᠴᠢ ᠠᠴᠠ ᠤᠷᠤᠯᠳᠤᠭᠠᠨ ᠤ ᠮᠤᠷᠢ ᠪᠠ ᠤᠨᠤᠬᠰᠠᠳ ᠢ ᠨᠠᠷᠢᠨ ᠪᠠᠶᠢᠴᠠᠭᠠᠵᠦ ᠲᠢᠬ ᠲᠠᠬ ᠲᠡᠳᠡᠨᠦᠰ ᠢ ᠨᠠᠭᠠᠳᠤᠮ ᠤᠨ ᠲᠠᠯᠠᠪᠠᠢ ᠵᠦᠭ ᠡᠩᠨᠡᠷᠡᠭᠦᠯᠦᠨ ᠵᠢᠬᠰᠠᠭᠠᠵᠦ᠂ ᠲᠤᠬ ᠳᠠᠯᠪᠠᠭ᠎ᠠ ᠬᠤᠷᠦ᠋ᠢᠯᠠᠬᠤ ᠪᠤᠶᠤ ᠶᠠᠮᠠᠷ ᠨᠢᠭᠡᠨ ᠳᠤᠬᠢᠶ᠎ᠠ ᠦᠭᠬᠦ ᠳᠤ ᠲᠡᠳᠡᠭᠡᠷ ᠤᠷᠤᠯᠳᠤᠬᠰᠠᠳ ᠲᠤᠭᠤᠰᠤ ᠲᠠᠳᠠᠭᠤᠯᠤᠨ ᠰᠤᠮᠤᠳᠠᠵᠦ ᠭᠠᠷᠳᠠᠬ᠃ ᠤᠷᠤᠯᠳᠤᠭᠠᠨ ᠡᠬᠢᠯᠡᠮᠡᠭᠴᠡ ᠵᠠᠮ ᠤᠨ ᠲᠠᠭᠠᠤ ᠬᠤᠶᠠᠷ ᠲᠠᠯ᠎ᠠ ᠪᠠᠷ ᠤᠷᠤᠯᠳᠤᠵᠦ ᠢᠷᠡᠬᠦ ᠮᠤᠷᠢᠳ ᠢ ᠬᠠᠰᠢᠵᠦ ᠵᠢᠯᠤᠭᠤᠳᠬᠤ ᠬᠦᠴᠦ ᠨᠡᠮᠡᠬᠦ ᠵᠡᠷᠭᠡ ᠬᠦᠮᠦᠰ ᠲᠤᠰ ᠲᠤᠰ ᠮᠤᠷᠢ ᠤᠨᠤᠵᠦ᠂ ᠲᠠᠮ ᠲᠠᠮ ᠲᠤᠰᠴᠦ ᠤᠷᠤᠯᠳᠤᠭᠠᠨ ᠤ ᠮᠤᠷᠢᠳ ᠤᠨ ᠲᠡᠷᠢᠭᠦᠨ ᠲᠡᠳ᠋ ᠭᠤᠳᠠᠭᠠᠷ ᠭᠡᠮᠡᠨ ᠲᠤᠰ ᠲᠤᠰ ᠤᠬᠳᠤᠵᠦ ᠬᠢᠨᠠᠨ᠂ ᠨᠠᠭᠠᠳᠤᠮ ᠤᠨ ᠲᠠᠯᠠᠪᠠᠢ ᠵᠦᠭ ᠤᠳᠤᠷᠢᠳᠬᠤ ᠬᠦᠮᠦᠰ ᠪᠤᠢ᠃ ᠭᠡᠪᠡᠴᠦ ᠡᠳᠡᠭᠡᠷ ᠬᠦᠮᠦᠰ ᠵᠦᠪᠬᠡᠨ ᠦᠪᠡᠷ ᠦᠪᠡᠷ ᠤᠨ ᠨᠤᠬᠳᠠᠬᠰᠠᠨ ᠳ᠋ᠤᠭᠠᠷ ᠲᠤᠭᠠᠳᠦ ᠬᠦᠮᠦᠨ ᠮᠤᠷᠢᠳ ᠢᠶᠠᠨ ᠵᠠᠯᠭᠠᠨ ᠲᠠᠮᠵᠢᠵᠦ ᠤᠳᠤᠷᠢᠳᠬᠤ ᠠᠴᠠ ᠪᠢᠰᠢ᠂ ᠪᠤᠰᠤᠳ ᠤᠨ ᠤᠷᠤᠯᠳᠤᠵᠦ ᠪᠦᠬᠦᠢ ᠮᠤᠷᠢ ᠶᠢ ᠬᠠᠰᠢᠵᠦ ᠰᠠᠭᠠᠳᠠᠭᠠᠵᠦ ᠪᠤᠯᠳᠠᠬ ᠦᠭᠡᠢ᠃     ᠠᠯᠤᠰ ᠤᠨ ᠪᠠᠷ᠎ᠠ ᠳᠤ ᠮᠤᠷᠢᠨ ᠤ ᠲᠤᠭᠤᠰᠤ ᠦᠵᠡᠭᠳᠡᠬᠦ ᠲᠠᠢ ᠵᠡᠷᠭᠡ ᠨᠠᠭᠠᠳᠤᠮ ᠤᠨ ᠲᠠᠯᠠᠪᠠᠢ ᠨᠡᠶᠢᠳᠡᠮ ᠬᠦᠷ ᠬᠦᠭᠵᠢᠶᠡᠨ ᠢᠶᠠᠷ ᠪᠢᠯᠬᠠᠵᠦ᠂ ᠭᠱᠡᠨ ᠵᠠᠭᠤᠷ᠎ᠠ ᠬᠡᠨ ᠬᠡᠨ ᠤ ᠶᠠᠮᠠᠷ ᠮᠤᠷᠢ ᠲᠡᠷᠢᠭᠦᠯᠡᠵᠦ ᠲᠡᠳ᠋ᠯᠡᠬᠦ ᠶᠢ ᠵᠢᠱᠢᠵᠦ ᠲᠠᠭᠠᠮᠠᠬᠯᠠᠨ ᠶᠡᠬᠡᠳᠡ ᠬᠦᠭᠵᠢᠶᠡᠨ ᠲᠡᠪᠵᠢᠶᠡᠨ ᠪᠤᠯᠳᠠᠬ᠃ ᠡᠨᠡ ᠦᠶ᠎ᠡ ᠳᠤ ᠨᠠᠶᠢᠷ ᠤᠨ ᠡᠷᠬᠢᠯᠡᠭᠴᠢ ᠪᠤᠶᠤ ᠤᠷᠤᠯᠳᠤᠭᠠᠨ ᠬᠠᠮᠢᠶᠠᠷᠤᠬᠴᠢ ᠠᠴᠠ ᠲᠤᠰᠬᠠᠶᠢᠯᠠᠨ ᠦᠭᠡ ᠬᠡᠯᠡᠨ ᠳᠡᠭᠡᠨ ᠠᠪᠢᠶᠠᠰ ᠲᠠᠢ ᠨᠡᠷ᠎ᠡ ᠬᠦᠨᠳᠦᠳᠦ ᠢᠷᠦᠭᠡᠯᠴᠢ ᠨᠠᠷ ᠢ ᠵᠠᠯᠠᠬᠰᠠᠨ ᠪᠠᠶᠢᠳᠠᠬ᠃ ᠲᠡᠳᠡ ᠮᠤᠷᠢᠨ ᠳᠠᠭᠠᠨ ᠮᠤᠷᠳᠠᠵᠦ ᠵᠡᠭᠦᠨ ᠭᠠᠷ ᠲᠠᠭᠠᠨ ᠬᠠᠳᠠᠬ ᠲᠠᠢ ᠮᠦᠡᠭᠭᠦᠨ ᠠᠶᠠᠭᠠᠨ ᠳᠤ ᠠᠶᠢᠷᠠᠬ ᠰᠦ ᠶᠢ ᠮᠡᠯᠮᠡᠯᠵᠡᠲᠡᠯ᠎ᠡ ᠬᠢᠵᠦ ᠡᠷᠭᠦᠭᠡᠳ ᠪᠠᠷᠠᠭᠤᠨ ᠭᠠᠷ ᠢᠶᠠᠨ ᠲᠠᠰᠢᠶ᠎ᠠ ᠲᠡᠭᠡᠷ᠎ᠡ ᠪᠠᠨ ᠲᠤᠯᠵᠦ ᠤᠳᠠᠯ ᠦᠭᠡᠢ ᠢᠷᠡᠬᠦ ᠭᠡᠵᠦ ᠪᠠᠶᠢᠭ᠎ᠠ ᠮᠤᠷᠢᠳ ᠢ ᠬᠡᠷᠬᠢᠨ ᠢᠷᠦᠭᠡᠵᠦ ᠮᠠᠬᠳᠠᠵᠦ᠂ ᠮᠢᠯᠢᠶᠡᠵᠦ ᠲᠦᠭᠡᠭᠡᠯᠡᠬᠦ ᠪᠠᠨ ᠪᠠᠵᠠᠭᠠᠵᠦ ᠵᠤᠬᠰᠤᠨ᠎ᠠ᠃     ᠤᠷᠤᠯᠳᠤᠭᠠᠨ ᠤ ᠮᠤᠷᠢᠨ ᠳᠤ ᠬᠠᠵᠠᠭᠠᠷ ᠨᠤᠬᠳᠦ ᠪᠠᠶᠢᠬᠤ ᠠᠴᠠ ᠭᠠᠳᠠᠨ᠎ᠠ ᠨᠢᠮᠬᠡᠨ ᠰᠢᠷᠳᠡᠭ ᠲᠠᠳᠠᠬᠰᠠᠨ ᠪᠠᠶᠢᠳᠠᠬ᠃ ᠤᠯᠠᠩᠬᠢ ᠳᠠᠭᠠᠨ ᠴᠦᠮ ᠵᠠᠶᠢᠳᠠᠩ ᠤᠨᠤᠳᠠᠬ᠃ ᠤᠨᠤᠬᠰᠠᠳ ᠨᠢ ᠠᠷᠪᠠᠭᠠᠳ ᠨᠠᠰᠤᠨ ᠤ ᠬᠦᠡᠭᠬᠡᠨ ᠱᠠᠯᠠᠮᠠᠭᠠᠢ ᠪᠦᠰᠡᠲᠡᠢ ᠪᠦᠰᠡᠭᠦᠢ ᠪᠠᠭᠠᠴᠤᠳ ᠪᠠᠶᠢᠳᠠᠬ ᠪᠦᠭᠡᠳ ᠲᠤᠯᠤᠭᠠᠢ ᠪᠠᠨ ᠦᠡᠭᠭᠡ ᠶᠢᠨ ᠰᠠᠶᠢᠬᠠᠨ ᠲᠤᠷᠭ᠎ᠠ ᠲᠤᠷᠳᠤᠩ ᠢᠶᠠᠷ ᠤᠷᠢᠶᠠᠨ ᠭᠤᠶᠤᠯᠠᠬᠰᠠᠨ ᠪᠠᠶᠢᠨ᠎ᠠ᠃ ᠮᠤᠷᠢᠨ ᠤ ᠮᠠᠩᠨᠠᠢ ᠳᠤ ᠴᠦ ᠤᠯᠠᠭᠠᠨ ᠨᠤᠭᠤᠭᠠᠨ ᠦᠡᠭᠭᠡ ᠶᠢᠨ ᠲᠤᠷᠭ᠎ᠠ ᠫᠠᠩᠰᠠᠨ ᠤ ᠦᠭᠡᠳᠡᠰᠦ ᠨᠠᠪᠰᠠᠯᠵᠠᠭᠤᠯᠤᠨ ᠴᠢᠮᠡᠭᠰᠡᠨ ᠲᠤᠯᠠ ᠬᠤᠯᠠ ᠠᠴᠠ ᠬᠠᠷᠠᠬᠤ ᠳᠤ ᠰᠠᠯᠬᠢᠨ ᠤ ᠠᠶᠠᠰ ᠢᠶᠠᠷ ᠲᠠᠷᠪᠠᠯᠵᠠᠨ ᠰᠤᠯᠤᠩᠭᠠᠷᠠᠵᠦ ᠦᠵᠡᠭᠳᠡᠳᠡᠭ᠃     ᠰᠤᠪᠤᠷᠠᠵᠦ ᠰᠢᠯᠭᠠᠷᠠᠨ ᠭᠠᠷᠤᠬᠰᠠᠨ ᠮᠤᠷᠢᠳ ᠨᠢ ᠨᠢᠭᠡ ᠨᠢ ᠨᠦᠭᠦᠭᠡ ᠪᠠᠨ ᠲᠠᠭᠠᠷᠢᠵᠦ ᠭᠠᠷᠬᠤ ᠳᠤ ᠡᠷᠬᠡᠪᠰᠢ ᠲᠦᠷᠦᠭᠦᠦ ᠮᠤᠷᠢᠨ ᠤ ᠵᠦᠪ ᠲᠠᠯ᠎ᠠ ᠪᠠᠷ ᠲᠠᠭᠠᠷᠢᠵᠦ ᠭᠠᠷᠳᠠᠬ ᠲᠦᠷᠢᠮ ᠲᠠᠢ᠃ ᠤᠴᠢᠷ ᠨᠢ ᠬᠡᠷᠪᠡ ᠪᠤᠷᠤᠭᠤ ᠲᠠᠯ᠎ᠠ ᠪᠠᠷ ᠨᠢ ᠲᠠᠭᠠᠷᠢᠵᠦ ᠭᠠᠷᠬᠤ ᠳᠤ ᠬᠦᠷᠪᠡᠯ ᠡᠮᠦᠨ᠎ᠡ ᠶᠠᠪᠤᠭ᠎ᠠ ᠮᠤᠷᠢᠨ ᠤ ᠭᠦᠶᠦᠯᠭᠡᠭᠴᠢ ᠲᠠᠰᠢᠭᠤᠷ ᠢᠶᠠᠷ ᠢᠶᠠᠨ ᠮᠤᠷᠢ ᠪᠠᠨ ᠭᠤᠶᠠᠳᠠᠬᠤ ᠮᠠᠶ᠋ᠢᠬ ᠭᠠᠷᠭᠠᠨ ᠲᠠᠭᠠᠷᠢᠵᠦ ᠭᠠᠷᠬᠤ ᠮᠤᠷᠢᠨ ᠲᠤᠯᠤᠭᠠᠢ ᠤᠷᠤᠭᠤ ᠭᠤᠶᠠᠳᠠᠬᠤ ᠪᠤᠯᠤᠯᠴᠠᠭ᠎ᠠ ᠪᠤᠢ᠃ ᠡᠨᠡ ᠦᠵᠡᠭᠳᠡᠯ ᠢ ᠬᠢᠨᠠᠬᠴᠢ ᠬᠠᠮᠢᠶᠠᠷᠬᠤ ᠦᠭᠡᠢ ᠶᠤᠮ᠃ ᠬᠡᠷᠪᠡ ᠮᠦᠨ ᠵᠦᠪ ᠲᠠᠯ᠎ᠠ ᠪᠠᠷ ᠲᠠᠭᠠᠷᠢᠵᠦ ᠭᠠᠷᠬᠤ ᠮᠤᠷᠢᠨ ᠲᠤᠯᠤᠭᠠᠢ ᠤᠷᠤᠭᠤ ᠭᠤᠶᠠᠳᠠᠪᠠᠯ ᠬᠢᠨᠠᠬᠴᠢ ᠠᠴᠠ ᠵᠤᠷᠢᠯᠭ᠎ᠠ ᠲᠠᠢ ᠭᠤᠶᠠᠳᠠᠬᠰᠠᠨ ᠢᠶᠠᠷ ᠰᠢᠳᠭᠡᠳᠡᠭ ᠶᠤᠮ᠃ ᠶᠠᠭᠠᠬᠢᠭᠠᠳ ᠭᠡᠪᠡᠯ ᠮᠤᠷᠢ ᠤᠨᠤᠳᠠᠬ ᠬᠦᠮᠦᠨ ᠪᠦᠷ ᠵᠡᠭᠦᠨ ᠭᠠᠷ ᠢᠶᠠᠷ ᠢᠶᠠᠨ ᠵᠢᠯᠤᠭᠤ ᠪᠠᠨ ᠪᠠᠷᠢᠵᠦ ᠪᠠᠷᠠᠭᠤᠨ ᠭᠠᠷ ᠲᠠᠭᠠᠨ ᠲᠠᠰᠢᠭᠤᠷ ᠪᠠᠷᠢᠵᠦ ᠪᠠᠶᠢᠳᠠᠬ ᠠᠴᠠ ᠪᠠᠷᠠᠭᠤᠨ ᠭᠠᠷ ᠢᠶᠠᠷ ᠢᠶᠠᠨ ᠮᠤᠷᠢᠨ ᠤ ᠵᠡᠭᠦᠨ ᠤᠮᠤᠷᠤᠤ ᠭᠤᠶ᠎ᠠ ᠤᠷᠤᠭᠤ ᠭᠤᠶᠠᠳᠠᠬᠤ ᠡᠪ ᠬᠠᠪᠤ ᠦᠭᠡᠢ ᠶᠤᠮ᠃     ᠤᠷᠤᠯᠳᠤᠭᠠᠨ ᠡᠬᠢᠯᠡᠭᠡᠳ ᠮᠤᠷᠢᠨ ᠤ ᠲᠡᠷᠢᠭᠦᠨ ᠤᠷᠤᠵᠦ ᠢᠷᠡᠬᠦ ᠦᠶ᠎ᠡ ᠢᠷᠦᠭᠡᠯᠴᠢᠳ ᠤᠬᠳᠤᠨ ᠤᠴᠢᠵᠦ ᠵᠤᠤᠵᠠᠶᠢᠳᠠᠨ ᠲᠤᠭᠤᠷᠢᠭᠤᠯᠵᠦ ᠤᠨᠤᠬᠰᠠᠨ ᠡᠵᠡᠨ ᠠᠴᠠ ᠨᠢ ᠡᠬᠢᠯᠡᠭᠦᠯᠦᠨ ᠠᠶᠢᠷᠠᠬ ᠲᠠᠷᠠᠬ ᠢᠶᠠᠷ ᠮᠢᠯᠢᠶᠠᠵᠦ ︽ᠲᠡᠷᠢᠭᠦᠨ ᠠᠵᠢᠷᠭᠠᠨ ᠤ ᠴᠤᠯᠠ︾᠂ ︽ᠲᠡᠷᠢᠭᠦᠨ ᠮᠤᠷᠢᠨ ᠤ ᠴᠤᠯᠠ︾ ︵ᠠᠵᠢᠨᠠᠢ ᠬᠦᠯᠦᠭ︶᠂ ︽ᠲᠡᠳ᠋ ᠮᠤᠷᠢᠨ ᠤ ᠴᠤᠯᠠ ︵ᠪᠢᠯᠢᠭ ᠤᠨ ᠬᠡᠭᠡᠷ︶︾᠂ ︽ᠭᠤᠳᠠᠭᠠᠷ ᠮᠤᠷᠢᠨ ᠤ ᠴᠤᠯᠠ ︵ᠨᠠᠷᠠᠨ ᠮᠠᠨᠳᠤᠯ︶︾᠂ ︽ᠳᠦᠳᠦᠭᠡᠷ ᠮᠤᠷᠢᠨ ᠤ ᠴᠤᠯᠠ ︵ᠨᠠᠴᠢᠨ ᠱᠤᠩᠬᠤᠷ︶︾᠂ ︽ᠲᠠᠪᠤᠳᠤᠭᠠᠷ ᠮᠤᠷᠢᠨ ᠤ ᠴᠤᠯᠠ ︵ᠢᠳᠡᠷ ᠵᠠᠭᠠᠨ︶︾ ᠂ ︽ᠵᠢᠷᠭᠤᠳᠤᠭᠠᠷ ᠮᠤᠷᠢᠨ ᠤ ᠴᠤᠯᠠ ︵ᠬᠦᠷᠡᠩ ᠪᠦᠷᠭᠦᠳ︶︾᠂ ︽ᠳᠤᠯᠤᠳᠤᠭᠠᠷ ᠮᠤᠷᠢᠨ ᠤ ᠴᠤᠯᠠ ︵ᠬᠦᠬᠡ ᠠᠷᠰᠯᠠᠨ︶︾᠂ ︽ᠨᠠᠢᠮᠠᠳᠤᠭᠠᠷ ᠮᠤᠷᠢᠨ ᠤ ᠴᠤᠯᠠ ︵ᠵᠢᠷᠭᠠᠯ︶︾᠂ ︽ᠠᠳᠠᠬ ᠮᠤᠷᠢᠨ ᠤ ᠢᠷᠦᠭᠡᠯ︾ ᠭᠡᠮᠡᠨ ᠨᠢᠭᠡᠳ ᠨᠢᠭᠡ ᠪᠠᠷ ᠲᠡᠰ ᠲᠠᠷᠠᠭᠠᠯᠠᠭᠤᠯᠤᠨ ᠢᠷᠦᠭᠡᠵᠦ᠂ ᠬᠦᠮᠦᠨ ᠡᠵᠡᠨ ᠠᠴᠠ ᠨᠢ ᠠᠪᠤᠭᠠᠳ ᠬᠦᠯᠦᠭ ᠮᠤᠷᠢᠨ ᠤ ᠬᠢᠨᠢ ᠦᠡᠭᠭᠡ ᠵᠢᠰᠦ᠂ ᠰᠢᠨᠵᠢ ᠪᠠᠶᠢᠳᠠᠯ᠂ ᠬᠦᠴᠦᠨ ᠴᠢᠳᠠᠯ ᠢ ᠲᠦᠷᠰᠦᠯᠢᠭ ᠰᠠᠶᠢᠬᠠᠨ ᠮᠠᠬᠳᠠᠵᠦ᠂ ᠲᠡᠷᠡᠴᠢᠯᠡᠨ ᠵᠢᠷᠤᠭ᠎ᠠ ᠮᠤᠷᠢ ᠤᠷᠤᠯᠳᠤᠬᠰᠠᠳ ᠤᠨ ᠡᠮᠡᠭᠡᠯ ᠲᠤᠬᠤᠮ᠂ ᠭᠠᠨᠵᠤᠭ᠎ᠠ ᠳᠦᠷᠦᠭᠡ᠂ ᠨᠤᠬᠳᠦ ᠬᠠᠵᠠᠭᠠᠷ ᠬᠦᠷᠳᠡᠯ᠎ᠡ ᠦᠯᠡᠳᠡᠭᠡᠯ ᠦᠭᠡᠢ ᠮᠠᠬᠳᠠᠨ ᠢᠷᠦᠭᠡᠳᠡᠭ ᠪᠠᠶᠢᠨ᠎ᠠ᠃     ᠵᠢᠷᠤᠭ᠎ᠠ ᠮᠤᠷᠢ ᠤᠷᠤᠯᠳᠤᠬᠤ ᠳᠤ ᠡᠩ ᠳᠡᠭᠡᠨ ᠲᠠᠪᠤ ᠠᠷᠪᠠᠨ ᠭᠠᠵᠠᠷ ᠤᠨ ᠦᠵᠦᠭᠦᠷ ᠠᠴᠠ ᠲᠠᠯᠪᠢᠳᠠᠬ᠃ ᠡᠭᠦᠨ ᠳᠤ ᠤᠯᠠᠩᠬᠢ ᠨᠢ ᠡᠪᠦᠭᠡᠳ ᠢᠳᠡᠷᠴᠤᠳ ᠪᠠᠶᠢᠵᠦ ᠲᠠᠯᠮᠠᠨ ᠵᠢᠷᠤᠭᠠᠯᠠᠭᠤᠯᠵᠦ ᠴᠢᠳᠠᠬᠤ ᠤᠷ᠎ᠠ ᠡᠷᠳᠡᠮ ᠲᠠᠢ ᠬᠦᠮᠦᠰ ᠪᠠᠶᠢᠳᠠᠬ ᠪᠦᠭᠡᠳ ᠲᠡᠳᠡ ᠤᠨᠤᠬᠤ ᠮᠤᠷᠢ ᠪᠠᠨ ᠪᠦᠷᠢᠨ ᠬᠦᠢᠴᠡᠳ ᠡᠮᠡᠭᠡᠯᠯᠡᠵᠦ ᠲᠤᠬᠤᠮᠯᠠᠭᠠᠳ ᠭᠤᠶᠤ ᠰᠠᠶᠢᠬᠠᠨ ᠴᠢᠮᠡᠵᠦ ᠵᠠᠰᠠᠬᠰᠠᠨ ᠪᠠᠶᠢᠳᠠᠬ᠃ ᠵᠢᠷᠤᠭ᠎ᠠ ᠮᠤᠷᠢ ᠪᠤᠯ ᠭᠤᠤᠯᠳᠠᠭᠤ ᠲᠡᠭᠦᠨ ᠤ ᠬᠦᠯ ᠤᠨ ᠡᠷᠳᠡᠮ ᠢᠶᠠᠨ ᠬᠢᠷᠢ ᠵᠡᠷᠭᠡ ᠭᠠᠶᠢᠬᠠᠭᠤᠯᠵᠦ ᠪᠠᠶᠢᠬᠤ ᠶᠢ ᠰᠢᠯᠭᠠᠬᠤ ᠪᠠᠷ ᠦᠯᠦ ᠪᠠᠷᠠᠮ ᠬᠤᠷᠳᠤᠴᠠ ᠶᠢᠨ ᠲᠠᠯ᠎ᠠ ᠪᠠᠷ ᠴᠦ ᠱᠠᠭᠠᠷᠳᠠᠳᠠᠬ᠃ ᠬᠡᠷᠪᠡ ᠡᠶᠢᠮᠦᠷᠬᠦ ᠤᠷᠤᠯᠳᠤᠭᠠᠨ ᠳᠤ ᠤᠷᠤᠴᠢᠬᠠᠭᠠᠳ ᠮᠤᠷᠢ ᠪᠠᠨ ᠵᠠᠮ ᠳᠤᠮᠳᠠ ᠨᠢ ᠵᠤᠬᠰᠤᠭᠠᠴᠢᠬᠠᠬᠤ ᠪᠤᠶᠤ ᠡᠰᠡᠭᠦᠯ᠎ᠡ ᠭᠡᠨᠡᠳᠳᠡ ᠬᠦᠯ ᠠᠯᠠᠳᠠᠬᠳᠠᠨ ᠦᠭᠡᠷ᠎ᠡ ᠭᠦᠶᠦᠳᠡᠯ ᠶᠠᠪᠤᠭ᠎ᠠ ᠳᠤ ᠤᠷᠤᠪᠠᠯ ᠲᠦᠷᠢᠮ ᠵᠦᠷᠢᠴᠡᠭᠰᠡᠨ ᠳᠤ ᠲᠤᠭᠠᠴᠠᠵᠦ᠂ ᠱᠠᠩ ᠬᠡᠰᠢᠭ ᠬᠦᠷᠳᠡᠬᠦ ᠦᠭᠡᠢ ᠪᠤᠯᠳᠠᠬ᠃     ᠲᠤᠭᠤᠢ ᠤᠷᠤᠯᠳᠤᠭᠠᠨ ᠭᠡᠳᠡᠭ ᠨᠢ ᠦᠵᠡᠭᠴᠢᠳ ᠰᠤᠨᠢᠷᠬᠠᠬᠴᠢᠳ ᠲᠤ ᠲᠦᠭᠦᠮ ᠦᠵᠡᠭᠦᠯᠬᠦ ᠶᠢᠨ ᠲᠤᠰᠠᠳᠠ ᠳᠤᠪᠤᠷᠬᠠᠬ ᠭᠠᠵᠠᠷ ᠢ ᠲᠤᠭᠤᠷᠢᠨ ᠤᠷᠤᠯᠳᠤᠬᠤ ᠶᠢ ᠬᠡᠯᠡᠵᠦ ᠪᠠᠶᠢᠨ᠎ᠠ᠃ ᠦᠷᠢᠶ᠎ᠡ ᠲᠠᠭ᠎ᠠ ᠤᠷᠤᠯᠳᠤᠬᠤ ᠳᠤ ᠠᠬᠳᠠ ᠮᠤᠷᠢᠳ ᠤᠷᠤᠬᠤ ᠦᠭᠡᠢ ᠮᠦᠷᠳᠡᠬᠡᠨ ᠢᠳᠡᠷ ᠵᠠᠯᠠᠭᠤ ᠬᠦᠮᠦᠰ ᠴᠦ ᠤᠨᠤᠳᠠᠬ ᠦᠭᠡᠢ᠃ ᠤᠷᠳᠤᠰ ᠲᠤ ︽ᠬᠠᠭᠤᠷᠮᠠᠬ ᠤᠤᠭᠤᠯᠭᠠᠨ᠎ᠠ︾ ᠭᠡᠵᠦ ᠬᠠᠮᠤᠬ ᠤᠨ ᠰᠡᠭᠦᠯ ᠳᠤ ᠳᠤᠪᠲᠤᠯᠵᠦ ᠢᠷᠡᠭᠰᠡᠨ ᠬᠦᠮᠦᠨ ᠮᠤᠷᠢ ᠶᠢ ᠶᠡᠬᠡᠪᠡᠷ ᠮᠢᠯᠢᠶᠠᠵᠦ ᠶᠠᠮᠠᠷᠪᠠ ᠮᠠᠯ ᠠᠳᠤᠭᠤᠰᠤᠨ ᠤ ᠪᠤᠶᠠᠨ ᠬᠡᠰᠡᠭ ᠢ ᠭᠡᠭᠡᠭᠳᠡᠯ ᠦᠭᠡᠢ ᠬᠤᠷᠢᠶᠠᠨ ᠠᠪᠴᠢᠷᠠᠯ᠎ᠠ ᠭᠡᠮᠡᠨ ᠤᠨᠤᠬᠰᠠᠨ ᠬᠦᠮᠦᠨ ᠳᠤᠨᠢ ᠨᠢᠭᠡ ᠠᠶᠠᠭ᠎ᠠ ᠬᠠᠭᠤᠷᠮᠠᠬ ᠴᠠᠭ᠎ᠠ ᠤᠤᠭᠤᠯᠭᠠᠳᠠᠬ ᠪᠦᠭᠡᠳ ᠪᠠᠰᠠ ᠱᠠᠩ ᠬᠡᠰᠢᠭ ᠬᠦᠷᠭᠡᠳᠡᠭ ᠪᠠᠶᠢᠨ᠎ᠠ᠃     ᠡᠶᠢᠨᠬᠦ ᠢᠷᠦᠭᠡᠵᠦ ᠮᠢᠯᠢᠶᠠᠨ᠂ ᠤᠶᠠᠩᠭᠠᠯᠠᠵᠦ ᠮᠠᠬᠳᠠᠭᠠᠳ ᠲᠠᠭᠤᠰᠪᠠᠯ ᠱᠠᠩᠨᠠᠯ ᠤᠯᠭᠤᠵᠦ ᠨᠠᠭᠠᠳᠤᠮ ᠦᠭᠡᠷ᠎ᠡ ᠨᠢᠭᠡᠨ ᠠᠭᠤᠯᠭ᠎ᠠ ᠳᠤ ᠰᠢᠯᠵᠢᠨ᠎ᠡ᠃ ᠱᠠᠩᠨᠠᠯ ᠤᠯᠭᠤᠬᠤ ᠳᠠᠭᠠᠨ ᠡᠩ ᠳᠡᠭᠡᠨ ᠴᠦᠬᠡᠨ ᠮᠤᠷᠢ ᠤᠷᠤᠯᠳᠤᠪᠠᠯ ᠲᠡᠷᠢᠭᠦᠨ ᠤ ᠠᠷᠪᠠᠨ ᠮᠤᠷᠢ ᠶᠢ ᠱᠠᠩᠨᠠᠳᠠᠬ᠃ ᠡᠭᠦᠨ ᠳᠤ ᠲᠡᠷᠢᠭᠦᠨ ᠮᠤᠷᠢᠨ ᠤ ᠡᠵᠡᠨ ᠳᠤ ᠮᠤᠷᠢ᠂ ᠲᠡᠳ᠋ ᠮᠤᠷᠢᠨ ᠤ ᠡᠮᠡᠭᠡᠯ ᠬᠠᠵᠠᠭᠠᠷ᠂ ᠭᠤᠳᠠᠭᠠᠷ ᠮᠤᠷᠢᠨ ᠳᠤ ᠬᠡᠪ ᠤᠨ ᠴᠠᠢ᠂ ᠲᠤᠷᠭᠠᠨ ᠪᠦᠰᠡ ᠭᠡᠬᠦ ᠮᠡᠳᠦ ᠪᠠᠷ ᠲᠡᠰ ᠲᠠᠷᠠᠭᠠᠯᠠᠨ ᠨᠠᠶᠢᠷ ᠨᠠᠭᠠᠳᠤᠮ ᠤᠨ ᠪᠡᠯᠡᠳᠭᠡᠯ ᠵᠦᠢᠯ ᠢᠶᠠᠨ ᠦᠵᠡᠵᠦ ᠱᠠᠩᠨᠠᠳᠠᠬ᠃ᠬᠡᠷᠪᠡ ᠬᠤᠶᠠᠷ ᠮᠤᠷᠢ ᠡᠴᠦᠰ ᠤᠨ ᠰᠢᠯᠭᠠᠷᠠᠭᠤᠯᠬᠤ ᠤᠳᠠᠰᠤᠨ ᠲᠡᠭᠡᠷ᠎ᠡ ᠵᠡᠷᠭᠡᠴᠡᠵᠦ ᠬᠦᠷᠪᠡᠯ ᠵᠦᠪ ᠲᠠᠯ᠎ᠠ ᠪᠠᠷ ᠤᠴᠢᠬᠰᠠᠨ ᠮᠤᠷᠢ ᠶᠢ ᠲᠦᠷᠦᠭᠦᠯᠡᠭᠰᠡᠨ ᠢᠶᠠᠷ ᠲᠤᠭᠠᠴᠠᠬᠤ ᠳᠦᠷᠢᠮ ᠲᠠᠢ᠃ ᠤᠴᠢᠷ ᠨᠢ ᠳᠡᠭᠡᠷ᠎ᠡ ᠳᠤᠷᠠᠳᠤᠬᠰᠠᠨ ᠲᠠᠭᠠᠷᠢᠵᠦ ᠭᠠᠷᠬᠤ ᠮᠤᠷᠢ ᠵᠠᠪᠠᠯ ᠵᠦᠪ ᠲᠠᠯ᠎ᠠ ᠪᠠᠷ ᠨᠢ ᠲᠠᠪᠠᠵᠦ ᠭᠠᠷᠬᠤ ᠭᠡᠳᠡᠭ ᠲᠦᠷᠢᠮ ᠲᠠᠢ ᠪᠠᠨ ᠳᠤᠬᠢᠷᠠᠯᠴᠠᠬᠤ ᠶᠤᠮ᠃
 
ᠢᠷᠡᠯᠲᠡ᠄ ᠪᠦᠬᠦ ᠠᠷᠠᠳ ᠢᠶᠠᠷ ᠢᠶᠠᠨ ᠪᠡᠶ᠎ᠡ ᠴᠢᠬᠢᠷᠠᠭᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号