ᠠᠮᠠᠪᠴᠢ ᠶᠢ ᠬᠡᠷᠬᠢᠨ ᠵᠤᠬᠢᠰᠳᠠᠢ ᠬᠡᠷᠡᠭᠯᠡᠬᠦ ᠪᠤᠢ︖
ᠨᠡᠶᠢᠲᠡᠯᠡᠭᠰᠡᠨ ᠴᠠᠭ᠄
2020/3/6
     ᠠᠰᠠᠭᠤᠯᠳᠠ᠄ ᠠᠮᠠᠪᠴᠢ ᠵᠡᠭᠦᠬᠦ ᠪᠤᠯ ᠰᠢᠨ᠎ᠠ  ᠲᠢᠳᠢᠮᠯᠢᠭ  ᠠᠭᠤᠰᠬᠢᠨ  ᠦᠷᠪᠢᠰᠦᠯ ᠤᠨ  ᠸᠢᠷᠦ᠋ᠰ ᠢ  ᠬᠤᠷᠢᠠᠠᠯᠠᠬᠤ ᠦᠨᠳᠦᠰᠦᠨ ᠠᠷᠭ᠎ᠠ ᠪᠤᠯᠤᠨ᠎ᠠ᠂ ᠲᠡᠭᠡᠪᠡᠯ ᠪᠢᠳᠡ ᠭᠠᠷ ᠲᠠᠭᠠᠨ ᠪᠠᠶᠢᠭ᠎ᠠ ᠲᠤᠭ᠎ᠠ ᠲᠠᠢ ᠬᠡᠳᠦᠨ ᠠᠮᠠᠪᠴᠢ ᠪᠠᠨ ᠬᠡᠷᠬᠢᠨ  ᠰᠠᠶᠢᠳᠤᠷ ᠬᠡᠷᠡᠭᠯᠡᠵᠦ᠂ ᠬᠡᠷᠡᠭᠯᠡᠬᠦ ᠴᠠᠭ ᠢ ᠨᠢ ᠤᠷᠳᠤᠳᠬᠠᠨ᠂ ᠲᠠᠷᠠᠴᠢᠯᠠᠨ  ᠠᠮᠤᠷ  ᠲᠦᠪᠰᠢᠨ  ᠪᠦᠭᠡᠳ  ᠪᠦᠳᠦᠮᠵᠢᠳᠡᠢ ᠪᠠᠷ  ᠦᠪᠡᠷ ᠤᠨ ᠡᠷᠡᠭᠦᠯ ᠮᠡᠨᠳᠦ ᠪᠠᠨ ᠬᠠᠮᠠᠭᠠᠯᠠᠬᠤ ᠪᠤᠢ︖             ᠬᠠᠷᠢᠭᠤᠯᠳᠠ᠄ ᠠᠮᠠᠪᠴᠢ ᠵᠡᠭᠦᠬᠦ ᠡᠰᠡᠬᠦ᠂ ᠶᠠᠮᠠᠷ ᠠᠮᠠᠪᠴᠢ ᠵᠡᠭᠦᠪᠡᠯ ᠵᠤᠬᠢᠬᠤ ᠲᠤᠬᠠᠢ ᠦᠪᠡᠷ ᠤᠨ  ᠪᠠᠶᠢᠭ᠎ᠠ  ᠤᠷᠴᠢᠨ‌‍ᠲ᠋ᠤᠭᠤᠷᠢᠨ ᠢᠶᠠᠨ ᠦᠨᠳᠦᠰᠦᠯᠡᠵᠦ ᠪᠠᠶᠢᠮᠠᠨᠵᠢᠨ ᠲᠤᠭᠳᠠᠭᠠᠨ᠎ᠠ᠃     1. ᠬᠡᠷᠪᠡ ᠭᠠᠭᠴᠠᠭᠠᠷ ᠪᠠᠶᠢᠪᠠᠯ᠂ ᠭᠠᠳᠠᠨᠠᠬᠢ ᠬᠦᠮᠦᠨ ᠲᠠᠢ ᠨᠢᠭᠳᠠ ᠬᠠᠷᠢᠯᠴᠠᠭᠰᠠᠨ ᠦᠭᠡᠢ  ᠪᠤᠯ  ᠠᠮᠠᠪᠴᠢ  ᠵᠡᠭᠦᠬᠦ ᠦᠭᠡᠢ ᠳᠤ ᠪᠤᠯᠤᠨ᠎ᠠ︔ ᠨᠢᠭᠡ ᠭᠡᠷ ᠤᠨ ᠬᠦᠮᠦᠨ ᠡᠷᠡᠭᠦᠯ ᠮᠡᠨᠳᠦ ᠭᠡᠷ ᠲᠡᠭᠡᠨ ᠪᠠᠶᠢᠬᠤ ᠪᠤᠶᠤ ᠬᠤᠪᠢ ᠶᠢᠨ  ᠮᠠᠰᠢᠨ  ᠲᠡᠷᠭᠡᠨ ᠳᠤ ᠰᠠᠭᠤᠳᠠᠭ ᠲᠤ ᠬᠦᠷᠪᠠᠯ ᠠᠮᠠᠪᠴᠢ ᠵᠡᠭᠦᠬᠦ ᠦᠭᠡᠢ ᠳᠤ ᠪᠤᠯᠤᠨ᠎ᠠ᠃             2. ᠬᠡᠷᠪᠡ ᠬᠦᠮᠦᠨ ᠤᠯᠠᠨ ᠲᠠᠢ ᠤᠯᠠᠨ ᠨᠡᠶᠢᠳᠡ ᠶᠢᠨ ᠲᠠᠯᠠᠪᠤᠷ ᠢᠶᠠᠷ ᠭᠠᠷᠴᠤ ᠤᠷᠤᠬᠤ᠂ ᠵᠢᠱᠢᠶᠡᠯᠡᠪᠡᠯ ᠨᠡᠶᠢᠳᠡ ᠵᠢ᠊ ‍ᠨ‌ᠵᠠᠮ ᠬᠠᠷᠢᠯᠴᠠᠭᠠᠨ ᠤ ᠮᠠᠰᠢᠨ ᠲᠡᠷᠭᠡᠨ ᠳᠤ ᠰᠠᠭᠤᠬᠤ᠂ ᠬᠡᠳᠦ ᠲᠡᠯᠭᠡᠭᠦᠷ ᠲᠤ ᠬᠦᠷᠴᠤ ᠪᠠᠷᠠᠭ᠎ᠠ ᠬᠤᠳᠠᠯᠳᠤᠨ ᠠᠪᠬᠤ᠂  ᠴᠠᠬᠢᠯᠭᠠᠨ ᠱᠠᠳᠤᠨ ᠳᠤ ᠭᠠᠷᠬᠤ᠂ ᠪᠢᠳᠡᠭᠦᠮᠵᠢᠯᠡᠨ ᠠᠵᠢᠯᠯᠠᠬᠤ ᠵᠡᠷᠭᠡ ᠪᠠᠶᠢᠳᠠᠯ ᠳᠤ ᠡᠩ ᠤᠨ ᠡᠮᠨᠡᠯᠭᠡ ᠶᠢᠨ  ᠠᠮᠠᠪᠴᠢ  ᠵᠡᠭᠦᠵᠦ  ᠪᠤᠯᠤᠨ᠎ᠠ᠃ ᠭᠡᠷ ᠲᠡᠭᠡᠨ ᠬᠠᠷᠢᠭᠰᠠᠨ ᠤ ᠲᠠᠷᠠᠭ᠎ᠠ᠂ ᠠᠮᠠᠪᠴᠢ ᠪᠠᠨ ᠴᠡᠪᠡᠷ᠂ ᠬᠠᠭᠤᠷᠠᠢ᠂ ᠰᠠᠯᠬᠢ ᠨᠡᠪᠳᠡᠷᠡᠬᠦ ᠤᠷᠴᠢᠨ ᠳᠤ ᠬᠠᠳᠠᠭᠠᠪᠠᠯ ᠲᠠᠬᠢᠨᠳᠠ ᠬᠡᠷᠡᠭᠯᠡᠵᠦ ᠪᠤᠯᠤᠨ᠎ᠠ᠃     3. ᠬᠦᠮᠦᠨ ᠤᠯᠠᠨ ᠴᠤᠭᠯᠠᠷᠠᠳᠠᠭ  ᠭᠠᠵᠠᠷ ᠤᠨ  ᠠᠵᠢᠯᠳᠠᠨ᠂  ᠬᠢᠵᠢᠭ ᠤᠨ  ᠪᠠᠶᠢᠳᠠᠯ ᠲᠠᠢ  ᠬᠤᠯᠪᠤᠭᠳᠠᠬᠤ  ᠵᠠᠰᠠᠭ ᠵᠠᠬᠢᠷᠭᠠᠨ ᠤ ᠬᠠᠮᠢᠶᠠᠷᠤᠭᠴᠢ᠂ ᠵᠢᠱᠢᠶᠡᠯᠡᠪᠡᠯ᠂ ᠴᠠᠭᠳᠠᠭ᠎ᠠ᠂ ᠠᠮᠤᠷ ᠢ  ᠬᠠᠮᠠᠭᠠᠯᠠᠭᠴᠢ᠂  ᠲᠦᠷᠭᠡᠨ  ᠬᠦᠷᠭᠡᠭᠴᠢ  ᠵᠢᠴᠢ  ᠡᠩ ᠤᠨ ᠡᠭᠦᠳᠡᠨ ᠡᠮᠨᠡᠯᠭᠡ᠂ ᠡᠪᠡᠳᠴᠢᠳᠡᠨ ᠤ ᠦᠷᠦᠭᠡ ᠶᠢᠨ  ᠡᠮᠴᠢ  ᠰᠤᠪᠢᠯᠠᠭᠴᠢ᠂  ᠭᠡᠷ ᠲᠡᠭᠡᠨ  ᠲᠤᠰᠠᠭᠠᠷᠯᠠᠭᠴᠢ  ᠵᠢᠴᠢ  ᠲᠡᠭᠦᠨ ᠤ ᠭᠡᠷ ᠤᠨ ᠬᠦᠮᠦᠰ ᠡᠮᠨᠡᠯᠭᠡ ᠶᠢᠨ ᠭᠠᠳᠠᠷ ᠡᠮᠨᠡᠯᠭᠡ ᠶᠢᠨ ᠠᠮᠠᠪᠴᠢ ᠵᠡᠭᠦᠪᠡᠯ ᠵᠤᠬᠢᠨ᠎ᠠ᠃  ᠡᠨᠡ  ᠦᠶᠡᠰ  ᠪᠤᠳᠠᠳᠠᠢ  ᠪᠠᠶᠢᠳᠠᠯ ᠢᠶᠠᠨ ᠦᠨᠳᠦᠰᠦᠯᠡᠨ᠂ ᠠᠮᠠᠪᠴᠢ ᠶᠢᠨ ᠬᠡᠷᠡᠭᠯᠡᠬᠦ ᠴᠠᠭ ᠤᠨ ᠤᠷᠳᠤ ᠪᠤᠯᠤᠨ ᠰᠤᠯᠢᠬᠤ ᠲᠠᠪᠳᠠᠮᠵᠢ ᠶᠢ ᠤᠷᠳᠤᠳᠬᠠᠵᠤ ᠪᠤᠯᠤᠨ᠎ᠠ᠂ ᠭᠡᠳᠡᠯ᠎ᠠ ᠠᠮᠠᠪᠴᠢ ᠡᠪᠳᠡᠷᠡᠬᠦ᠂ ᠪᠢᠳᠡᠭᠦᠮᠵᠢᠯᠡᠬᠦ ᠴᠢᠨᠠᠷ ᠨᠢ ᠠᠨᠠᠢ ᠪᠤᠯᠬᠤ ᠪᠤᠶᠤ ᠠᠮᠢᠰᠬᠤᠯ ᠤᠨ ᠰᠠᠭᠠᠳᠠᠭᠤᠯᠬᠤ ᠬᠦᠴᠦ  ᠶᠡᠭᠡᠳᠬᠦ  ᠦᠶᠡᠰ ᠡᠷᠭᠡᠪᠰᠢ ᠰᠤᠯᠢᠬᠤ ᠬᠡᠷᠡᠭᠳᠡᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号