ᠪᠦᠬᠡ ᠪᠠᠷᠢᠯᠳᠤᠬᠤ ᠶᠤᠰᠤᠨ ︵ᠬᠤᠶᠠᠷ︶
ᠨᠡᠶᠢᠲᠡᠯᠡᠭᠰᠡᠨ ᠴᠠᠭ᠄
2021/10/15
    ᠬᠠᠯᠬ᠎ᠠ ᠪᠦᠬᠡ     ᠬᠠᠯᠬ᠎ᠠ ᠪᠦᠬᠡ ᠬᠤᠷᠢᠳᠤᠭᠠᠷ ᠵᠠᠭᠤᠨ ᠤ ᠡᠬᠢ ᠪᠠᠷ ᠬᠠᠯᠬ᠎ᠠ ᠮᠤᠩᠭᠤᠯ ᠤᠨ ᠬᠤᠪᠢᠰᠬᠠᠯ ᠰᠢᠷᠦᠭᠦᠰᠬᠦ ᠶᠢ ᠲᠠᠭᠠᠯᠳᠤᠨ 1930 ‍ᠠᠭᠠᠳ ᠤᠨ ᠳᠤ ᠨᠡᠯᠢᠶᠡᠳ ᠲᠤᠭᠠᠨ ᠤ ᠬᠠᠯᠬᠠᠴᠤᠳ ᠡᠵᠡᠨ᠎ᠡ ᠨᠤᠳᠤᠭ ᠲᠤ ᠴᠠᠭᠠᠴᠢᠯᠠᠨ ᠢᠷᠡᠵᠦ ᠨᠤᠳᠤᠭᠰᠢᠨ ᠰᠠᠭᠤᠷᠢᠰᠢᠵᠤ᠂ ᠲᠤᠷᠭᠤᠳ ᠶᠠᠰᠤᠳᠠᠨ ᠲᠠᠢ ᠤᠷᠤᠭ ᠡᠯᠢᠭᠡᠨ ᠪᠤᠯᠤᠯᠴᠠᠵᠤ ᠬᠠᠷᠢᠴᠠᠭ᠎ᠠ ᠬᠤᠯᠪᠤᠭ᠎ᠠ ᠡᠳᠦᠷ ᠢᠷᠡᠬᠦᠶ᠎ᠡ ᠤᠯᠠᠰᠢᠷᠠᠭᠰᠠᠨ ᠶᠤᠮ᠂ ᠲᠡᠳᠡᠭᠡᠷ ᠬᠦᠮᠦᠰ ᠤᠨ ᠲᠤᠳᠤᠷ᠎ᠠ ᠠᠯᠳᠠᠨ ᠵᠠᠳᠠᠮᠪᠠ ︵ᠴᠤᠬᠤᠷ ᠯᠠᠮᠠ︶᠂ ᠴᠢᠮᠡᠳᠳᠤᠤ᠂ ᠰᠡᠩᠭᠡ ᠵᠡᠷᠭᠡ ᠨᠡᠷᠡᠳᠡᠢ ᠪᠦᠬᠡᠴᠢᠨ ᠢᠷᠡᠵᠦ᠂ ᠱᠠᠪᠢ ᠡᠯᠰᠡᠨ ᠬᠠᠯᠬ᠎ᠠ ᠪᠦᠬᠡ ᠶᠢ ᠲᠡᠯᠭᠡᠷᠡᠭᠦᠯᠪᠡ᠃     ᠪᠥᠬᠡ ᠶᠢᠨ ᠶᠠᠪᠤᠳᠠᠯ ᠳᠤ ᠬᠦᠯ ᠤᠨ ᠰᠠᠶᠢᠳ ᠲᠠᠷᠤᠢ ᠪᠦᠬᠡ ᠶᠢᠨ ᠶᠡᠷᠦᠩᠭᠡᠢ ᠬᠢᠨᠠᠭᠴᠢ ︵ᠰᠢᠭᠦᠭᠴᠢ︶ ᠠᠴᠠ ᠪᠦᠬᠡ ᠶᠢᠨ ᠪᠦᠬᠦ ᠠᠵᠢᠯ ᠢ ᠬᠠᠷᠢᠭᠤᠴᠠᠨ᠂ ᠪᠦᠬᠡ ᠲᠡᠮᠳᠡᠭᠯᠡᠭᠴᠢ᠂ ᠪᠦᠬᠡ ᠶᠢᠨ ᠵᠠᠰᠠᠭᠤᠯᠴᠢᠨ ᠨᠠᠷ ᠪᠤᠳᠠᠳᠠᠢ ᠠᠵᠢᠯ ᠬᠢᠳᠡᠭ᠂ ᠲᠡᠳᠡ ᠦᠪᠡᠷᠰᠡᠳ ᠤᠨ ᠲᠡᠪᠡᠯ ᠲᠡᠷᠯᠢᠭ ᠢᠶᠠᠨ ᠡᠮᠦᠰᠦᠨ ᠬᠤᠪᠢᠶᠠᠷᠢᠯᠠᠭᠰᠠᠨ ᠠᠵᠢᠯ ᠢᠶᠠᠨ ᠭᠦᠢᠴᠡᠳᠬᠡᠨ᠎ᠡ᠃ ᠪᠦᠬᠦ ᠨᠠᠶᠢᠷ ᠲᠤ ᠨᠠᠢᠮᠠᠨ ᠪᠦᠬᠡ ᠶᠢᠨ ᠵᠠᠰᠠᠭᠤᠯᠴᠢᠨ ᠲᠤᠬᠢᠷᠠᠭᠤᠯᠬᠤ ᠪᠦᠭᠡᠳ ᠨᠢᠬᠡ ᠵᠠᠰᠠᠭᠤᠯᠴᠢᠨ ᠨᠢᠭᠡ ᠪᠦᠬᠡ ᠶᠢ ᠲᠠᠭᠠᠵᠤ ᠵᠠᠯᠠᠵᠤ ᠵᠠᠰᠠᠬᠤ ᠠᠵᠢᠯ ᠬᠢᠨ᠎ᠡ᠂ ᠪᠦᠬᠡ ᠶᠢᠨ ᠵᠠᠰᠠᠭᠤᠯᠴᠢᠨ ᠢᠶᠠᠷ ᠪᠦᠬᠡ ᠶᠢᠨ ᠶᠤᠰᠤ ᠤᠴᠢᠷ ᠰᠠᠶᠢᠨ ᠮᠡᠳᠡᠳᠡᠭ ᠮᠦᠷᠳᠡᠭᠡᠨ ᠪᠦᠬᠡ ᠶᠢᠨ ᠴᠤᠯᠠ ᠭᠤᠩᠰᠢᠨ ᠲᠠᠭᠤᠳᠠᠵᠤ ᠴᠢᠳᠠᠳᠠᠭ ᠬᠦᠮᠦᠨ ᠲᠠᠯᠪᠢᠳᠠᠭ᠂ ᠤᠯᠠᠩᠬᠢ ᠪᠠᠶᠢᠳᠠᠯ ᠳᠤ ᠨᠢᠭᠡ ᠲᠠᠯ᠎ᠠ ᠠᠴᠠ ᠨᠢᠭᠡ ᠤᠳᠠᠭ᠎ᠠ ᠳᠤ ᠲᠦᠷᠪᠡᠨ ᠪᠦᠬᠡ ᠲᠠᠯᠪᠢᠨ ᠪᠠᠷᠢᠯᠳᠤᠭᠤᠯᠳᠠᠭ ᠪᠠᠶᠢᠵᠠᠢ᠂ ᠲᠡᠷᠢᠭᠦᠨ ᠲᠡᠳ᠋ ᠪᠦᠬᠡ ᠦᠯᠡᠳᠡᠭᠰᠡᠨ ᠦᠶ᠎ᠡ ᠳᠤ ᠬᠠᠷᠢᠨ ᠨᠢᠭᠡ ᠪᠦᠬᠡ ᠳᠤ ᠬᠤᠶᠠᠷ ᠵᠠᠰᠠᠭᠤᠯᠴᠢᠨ ᠲᠤᠬᠢᠷᠠᠭᠤᠯᠤᠨ᠂ ᠨᠢᠭᠡ ᠨᠢ ᠲᠤᠰᠬᠠᠶᠢᠯᠠᠨ ᠮᠠᠯᠠᠭᠠᠢ ᠶᠢ ᠪᠠᠷᠠᠭᠤᠨ ᠭᠠᠷ ᠲᠠᠭᠠᠨ ᠡᠷᠭᠦᠨ᠂ ᠨᠦᠭᠦᠭᠡ ᠨᠢ ᠬᠤᠪᠴᠠᠰᠤ ᠵᠠᠰᠠᠯ ᠢ ᠨᠢ ᠪᠠᠷᠢᠵᠤ ᠦᠭᠭᠦ ᠶᠤᠰᠤ ᠲᠠᠢ ᠪᠠᠶᠢᠭᠰᠠᠨ ᠪᠠᠶᠢᠨ᠎ᠠ᠃     ᠦᠷᠡᠰ ᠨᠠᠶᠢᠷ᠂ ᠬᠤᠩᠭᠤᠷ ᠤᠨ ᠨᠠᠶᠢᠷ᠂ ᠡᠵᠡᠢ ᠯᠠᠮᠠ ᠶᠢᠨ ᠨᠠᠰᠤᠨ ᠪᠠᠶᠠᠷ ᠵᠡᠷᠭᠡ ᠲᠤᠮᠤᠬᠠᠨ ᠨᠠᠶᠢᠷ ᠨᠠᠭᠠᠳᠤᠮ ᠳᠤ ᠲᠠᠮᠠᠭᠠᠨ ᠭᠠᠵᠠᠷ ᠠᠴᠠ ᠪᠡᠯᠡᠳᠦᠭᠰᠡᠨ ᠲᠤᠷᠭᠠᠨ ᠵᠤᠳᠤᠭ ᠱᠤᠳᠠᠭ ᠡᠮᠦᠰᠦᠨ ᠪᠠᠷᠢᠯᠳᠤᠬᠤ ᠪᠦᠭᠡᠳ ᠤᠪᠤᠭᠠᠨ ᠲᠠᠬᠢᠯᠭ᠎ᠠ᠂ ᠵᠥᠩᠵᠢᠷ ᠮᠠᠶᠢᠳᠠᠷᠢ ᠵᠡᠷᠭᠡ ᠪᠠᠭ᠎ᠠ ᠴᠤᠭᠯᠠᠭᠠᠨ ᠳᠤ ᠵᠤᠳᠤᠭ ᠱᠤᠳᠠᠭ ᠲᠠᠢ ᠪᠦᠬᠡᠴᠦᠳ ᠦᠪᠡᠷ ᠤᠨ ᠬᠢ ᠪᠠᠨ ᠡᠮᠦᠰᠦᠨ ᠪᠠᠷᠢᠯᠳᠤᠵᠤ᠂ ᠵᠤᠳᠤᠭ ᠱᠤᠳᠠᠭ ᠦᠭᠡᠢ ᠨᠢ ᠦᠮᠦᠳᠦ ᠪᠠᠨ ᠲᠡᠭᠡᠭᠰᠢ ᠰᠢᠭᠤᠨ ᠪᠦᠰᠡ ᠪᠦᠰᠡᠯᠡᠵᠦ ᠪᠠᠷᠢᠯᠳᠤᠳᠠᠭ ᠪᠠᠶᠢᠵᠠᠢ᠂ ᠡᠩ ᠤᠨ ᠴᠠᠭ ᠲᠤ ᠬᠤᠶᠠᠷ ᠬᠦᠮᠦᠨ ᠬᠦᠴᠦ ᠲᠡᠩᠭᠡᠭᠡ᠂ ᠤᠪᠰᠤ ᠮᠡᠭᠡ ᠪᠠᠨ ᠰᠤᠷᠢᠯᠴᠠᠬᠤ ᠪᠠᠷ ᠨᠤᠤᠯᠳᠤᠬᠤ ᠳᠤ ᠪᠦᠰᠡ ᠪᠦᠰᠡᠯᠡᠨ ᠪᠠᠷᠢᠯᠳᠤᠳᠠᠭ ᠪᠠᠶᠢᠭᠰᠠᠨ ᠭᠡᠵᠦ ᠪᠤᠢ᠂ ᠲᠡᠭᠡᠬᠦ ᠳᠡᠭᠡᠨ ᠲᠤᠷᠭᠤᠳ ᠪᠦᠬᠡ ᠲᠠᠢ ᠠᠳᠠᠯᠢ ᠬᠦᠯ ᠨᠢᠴᠦᠭᠦᠨ ᠪᠠᠷᠢᠯᠳᠤᠬᠤ ᠪᠢᠰᠢ᠂ ᠬᠠᠷᠢᠨ ᠪᠤᠯᠢᠭᠠᠷᠢ ᠪᠤᠶᠤ ᠺᠦᠮ ︵ᠰᠢᠷᠢ︶ ᠭᠤᠳᠤᠯ ᠡᠮᠦᠰᠦᠨ ᠪᠠᠷᠢᠯᠳᠤᠳᠠᠭ᠃ ᠬᠠᠯᠬ᠎ᠠ ᠪᠦᠬᠡ ᠪᠤᠯ ᠲᠠᠪᠠᠭ᠎ᠠ ᠲᠠᠢ ᠪᠦᠬᠡ᠂ ᠲᠠᠷᠤᠢ ᠤᠯᠠᠨ ᠨᠤᠭᠤᠯᠤᠭ᠎ᠠ ᠲᠠᠢ ᠪᠦᠬᠡ ᠪᠤᠯᠤᠨ᠎ᠠ᠃ ᠲᠡᠭᠦᠨ ᠢ ᠤᠨᠤᠭ᠎ᠠ ᠲᠠᠭᠠᠷᠠᠭᠤᠯᠤᠨ ᠪᠠᠷᠢᠯᠳᠤᠬᠤ ᠪᠦᠭᠡᠳ ᠤᠯᠠᠨ ᠲᠠᠪᠠᠭ᠎ᠠ ᠲᠠᠪᠠᠭᠰᠠᠨ ᠪᠦᠬᠡ ᠦᠵᠦᠭᠦᠷᠯᠡᠨ᠎ᠡ᠃ ᠪᠠᠷᠢᠯᠳᠤᠭᠠᠨ ᠤ ᠶᠠᠪᠤᠴᠠ ᠳᠤ ᠪᠦᠬᠡ ᠶᠢᠨ ᠲᠡᠶᠢᠯᠵᠦ ᠲᠡᠶᠢᠯᠦᠭᠳᠡᠬᠦ ᠶᠢ ᠪᠡᠶ᠎ᠡ ᠶᠢᠨ ᠠᠯᠢ ᠨᠢᠭᠡ ᠡᠷᠭᠡᠳᠡᠨ ᠭᠠᠵᠠᠷ ᠬᠦᠷᠦᠭᠰᠡᠨ ᠡᠰᠡᠬᠦ ᠪᠠᠷ ᠪᠤᠳᠤᠵᠤ᠂ ᠭᠠᠷ ᠭᠠᠵᠠᠷ ᠬᠦᠷᠬᠦ᠂ ᠡᠪᠦᠳᠦᠭ ᠰᠢᠷᠦ᠋ᠢᠳᠠᠬᠤ ᠶᠢ ᠪᠦᠷ ᠲᠡᠶᠢᠯᠦᠭᠳᠡᠭᠰᠡᠨ ᠢᠶᠠᠷ ᠲᠤᠭᠠᠴᠠᠳᠠᠭ ᠪᠠᠶᠢᠵᠠᠢ᠂ ᠡᠨᠡ ᠲᠠᠯ᠎ᠠ ᠪᠠᠷ ᠲᠤᠷᠭᠤᠳ ᠪᠦᠬᠡ ᠶᠢᠨ ᠢᠯᠠᠵᠤ ᠢᠯᠠᠭᠳᠠᠬᠤ ᠪᠠᠷᠢᠮᠵᠢᠶ᠎ᠠ ᠲᠠᠢ ᠡᠷᠡᠰ ᠤᠨᠳᠤᠤ ᠪᠠᠶᠢᠭ᠎ᠠ᠃ ᠪᠦᠬᠡ ᠶᠢᠨ ᠲᠦᠷᠢᠮ ᠤᠨ ᠲᠠᠯ᠎ᠠ ᠪᠠᠷ ᠤᠳᠤᠬᠢ ᠵᠤᠳᠤᠭ ᠪᠦᠬᠡ         ︵ᠲᠠᠷᠤᠢ ᠦᠵᠦᠮᠦᠴᠢᠨ ᠮᠠᠶ᠋ᠢᠭ ᠤᠨ ᠪᠦᠬᠡ︶ ᠬᠦᠯ ᠠᠪᠴᠤ ᠦᠯᠦ ᠪᠤᠯᠬᠤ ᠲᠤᠭᠳᠠᠭᠠᠯ ᠲᠠᠢ ᠪᠠᠶᠢᠬᠤ ᠳᠤ ᠬᠠᠯᠬ᠎ᠠ ᠪᠦᠬᠡ ᠬᠠᠷᠢᠨ ᠡᠨᠡ ᠲᠠᠯ᠎ᠠ ᠪᠠᠷ ᠴᠢᠯᠦᠭᠡᠳᠡᠢ ᠪᠠᠶᠢᠬᠤ ᠤᠨᠴᠠᠯᠢᠭ ᠲᠠᠢ᠃ ᠪᠠᠷᠢᠯᠳᠤᠭᠠᠨ ᠤ ᠶᠠᠪᠤᠴᠠ ᠳᠤ ᠨᠢᠭᠤᠷ ᠨᠢᠳᠦ ᠰᠠᠮᠤᠷᠳᠠᠬᠤ᠂ ᠲᠤᠯᠤᠭᠠᠢ ᠲᠦᠷᠦᠭᠦᠦ ᠤᠷᠤᠭᠤ ᠰᠢᠭᠠᠬᠤ᠂ ᠡᠷᠢᠭᠡ ᠬᠤᠷᠢᠭ᠎ᠠ ᠦᠭᠡᠢ ᠢᠰᠭᠦᠯᠬᠦ ᠵᠡᠷᠭᠡ ᠶᠢ ᠡᠷᠡᠰ ᠴᠠᠭᠠᠵᠠᠯᠠᠨ᠎ᠠ᠃ ᠨᠢᠭᠡ ᠶᠢᠨ ᠲᠠᠪᠠᠭ᠎ᠠ ᠳᠤ ᠨᠡᠷᠡᠳᠡᠢ ᠴᠤᠯᠠ ᠲᠠᠢ ᠪᠦᠬᠡᠴᠦᠳ ᠲᠤ ᠪᠦᠬᠡ ᠶᠢᠨ ᠠᠮᠠ ᠦᠭᠴᠦ ᠪᠠᠷᠢᠯᠳᠤᠭᠤᠯᠤᠨ᠎ᠠ᠂ ᠲᠠᠷᠤᠢ ᠪᠠᠷᠢᠯᠳᠤᠬᠤ ᠮᠡᠭᠡ ᠮᠡᠷᠭᠡᠵᠢᠯ ᠢᠶᠠᠷ ᠠᠨᠠᠢ ᠪᠦᠬᠡ ᠪᠤᠶᠤ ᠬᠡᠦᠬᠡᠳ ᠪᠦᠬᠡ ᠤᠨᠤᠭᠠᠨ ᠪᠠᠷᠢᠯᠳᠤᠭᠤᠯᠳᠠᠭ᠂ ᠡᠭᠦᠨ ᠢ ᠠᠮᠠ ᠦᠭᠬᠦ ᠶᠤᠰᠤ ᠭᠡᠳᠡᠭ᠃ ᠪᠦᠬᠡ ᠶᠢᠨ ᠤᠴᠢᠷ ᠲᠡᠭᠡᠷ᠎ᠡ ᠴᠢᠯᠦᠭᠡᠯᠡᠬᠦ ᠪᠤᠯᠳᠠᠯ᠎ᠠ ᠨᠢᠭᠡ ᠶᠢᠨ ᠲᠠᠪᠠᠭ᠎ᠠ ᠰᠢᠪᠳᠤᠷᠠᠪᠠ᠂ ᠬᠤᠶᠠᠷ ᠤᠨ ᠲᠠᠪᠠᠭ᠎ᠠ ᠡᠬᠢᠯᠡᠬᠦ ᠪᠠᠷ ᠪᠠᠶᠢᠨ᠎ᠠ ᠭᠡᠬᠦ ᠮᠡᠳᠦ ᠪᠠᠷ ᠬᠤᠶᠠᠷ ᠬᠢᠶ᠎ᠠ ᠵᠠᠰᠠᠭ ᠨᠤᠶᠠᠨ ᠤ ᠡᠮᠦᠨ᠎ᠡ ᠰᠦᠬᠦᠷᠡᠨ ᠪᠠᠶᠢᠵᠤ ᠠᠶᠢᠯᠠᠳᠳᠠᠭ ᠪᠠᠶᠢᠵᠠᠢ᠃     ᠴᠢᠯᠦᠭᠡᠯᠡᠬᠦ ᠠᠴᠠ ᠡᠮᠦᠨ᠎ᠡ ᠪᠦᠬᠡᠴᠦᠳ ᠢᠶᠠᠨ ᠮᠦᠨ ᠲᠤᠷᠭᠤᠳ ᠪᠦᠬᠡ ᠲᠠᠢ ᠠᠳᠠᠯᠢ ᠬᠠᠷ᠎ᠠ ᠶᠢᠨ ᠲᠠᠯ᠎ᠠ ᠶᠢᠨ ᠪᠦᠬᠡᠴᠦᠳ᠂ ᠰᠢᠷ᠎ᠠ ᠶᠢᠨ ᠲᠠᠯ᠎ᠠ ᠶᠢᠨ ᠪᠦᠬᠡᠴᠦᠳ ᠭᠡᠮᠡᠨ ᠬᠤᠪᠢᠶᠠᠨ ᠲᠡᠩᠰᠡᠯᠡᠵᠦ᠂ ᠬᠠᠷ᠎ᠠ ᠶᠢᠨ ᠲᠠᠯ᠎ᠠ ᠶᠢᠨ ᠪᠦᠬᠡ ᠶᠢ ᠪᠠᠷᠠᠭᠤᠨ ᠲᠠᠯ᠎ᠠ ᠠᠴᠠ᠂ ᠰᠢᠷ᠎ᠠ ᠶᠢᠨ ᠲᠠᠯ᠎ᠠ ᠶᠢᠨ ᠪᠦᠬᠡ ᠶᠢ ᠵᠡᠭᠦᠨ ᠲᠠᠯ᠎ᠠ ᠠᠴᠠ ᠭᠠᠷᠭᠠᠬᠤ ᠶᠤᠰᠤ ᠲᠠᠢ ᠪᠠᠶᠢᠭᠰᠠᠨ ᠪᠦᠭᠡᠳ ᠪᠦᠬᠡ ᠶᠢᠨ ᠵᠠᠰᠠᠭᠤᠯᠴᠢᠳ ᠲᠤᠰ ᠲᠤᠰ ᠤᠨ ᠭᠡᠷ ᠤᠨ ᠡᠭᠦᠳᠡᠨ ᠳᠤ ᠵᠡᠷᠭᠡᠴᠡᠨ ᠵᠤᠭᠰᠤᠭᠠᠳ ᠵᠡᠭᠦᠨ ᠭᠠᠷ ᠢᠶᠠᠷ ᠢᠶᠠᠨ ᠰᠦᠪᠡᠭᠡ ᠪᠠᠨ ᠲᠤᠯᠤᠨ᠂ ᠪᠠᠷᠠᠭᠤᠨ ᠭᠠᠷ ᠲᠠᠭᠠᠨ ᠵᠤᠳᠤᠭ ᠱᠤᠳᠠᠭ ᠪᠠᠷᠢᠨ ᠭᠤᠷᠪᠠᠨ ᠤᠳᠠᠭ᠎ᠠ ᠨᠠᠷᠠ ᠵᠦᠪ ᠡᠷᠭᠢᠭᠦᠯᠦᠨ ᠬᠤᠷᠦ᠋ᠢᠯᠠᠵᠤ᠂ ︽ᠪᠦᠬᠡᠴᠦᠳ ᠴᠤᠭᠯᠠᠷᠠ︕ ᠪᠦᠬᠡᠴᠦᠳ ᠴᠤᠭᠯᠠᠷᠠ︕︾ ᠭᠡᠮᠡᠨ ᠦᠨᠳᠦᠷ ᠲᠠᠭᠤᠨ ᠢᠶᠠᠷ ᠲᠠᠯᠠᠯᠤᠨ ᠲᠠᠭᠤᠳᠠᠬᠤ ᠳᠤ ᠪᠦᠬᠡᠴᠦᠳ ᠴᠤᠭᠯᠠᠷᠠᠨ ᠦᠪᠡᠷᠰᠡᠳ ᠤᠨ ᠭᠡᠷ ᠮᠠᠶᠢᠬᠠᠨ ᠳᠤ ᠤᠷᠤᠨ ᠬᠤᠪᠴᠠᠰᠤᠯᠠᠵᠤ ᠡᠬᠢᠯᠡᠨ᠎ᠡ᠃ ᠠᠯᠢ ᠲᠠᠯ᠎ᠠ ᠶᠢᠨ ᠪᠦᠬᠡ ᠪᠡᠯᠡᠳᠬᠡᠵᠦ ᠭᠦᠢᠴᠡᠭᠰᠡᠨ ᠪᠤᠯ ᠲᠡᠷᠡ ᠲᠠᠯ᠎ᠠ ᠶᠢᠨ ᠵᠠᠰᠠᠭᠤᠯᠴᠢᠨ ᠠᠴᠠ ᠨᠦᠭᠦᠭᠡ ᠲᠠᠯ᠎ᠠ ᠳᠠᠭᠠᠨ᠄ ︽ᠰᠢᠮᠳᠠᠵᠤ ᠭᠠᠷ ᠡ︕ ᠪᠦᠬᠡ ᠴᠢᠯᠡᠯ᠎ᠡ︾ ᠭᠡᠨ᠎ᠡ᠂ ᠲᠡᠭᠡᠬᠦ ᠳᠤ ᠨᠦᠭᠦᠭᠡ ᠲᠠᠯ᠎ᠠ ᠶᠢᠨ ᠵᠠᠰᠠᠭᠤᠯᠴᠢᠨ ᠠᠴᠠ᠄ ︽ᠵᠤᠳᠤᠭ ᠱᠤᠳᠠᠭ ᠪᠠᠭᠳᠠᠭᠠᠳᠤᠢ ᠪᠠᠶᠢᠨ᠎ᠠ᠂ ᠭᠠᠷᠤᠭᠠᠳ ᠢᠷᠡᠬᠦ ᠳᠤ ᠭᠠᠶᠢᠬᠠᠵᠤ ᠦᠵᠡᠭᠡᠷᠡᠢ︕︾ ᠭᠡᠨ᠎ᠡ᠃ ᠬᠤᠶᠠᠷ ᠲᠠᠯ᠎ᠠ ᠪᠠᠷ ᠢᠶᠠᠨ ᠪᠡᠯᠡᠳᠬᠡᠵᠦ ᠪᠠᠷᠠᠪᠠᠯ ᠪᠦᠬᠡᠴᠦᠳ ᠢᠶᠠᠨ ᠪᠦᠬᠡ ᠶᠢᠨ ᠲᠠᠯᠠᠪᠠᠢ ᠳᠤ ᠤᠷᠢᠬᠤ ᠶᠢᠨ ᠬᠠᠮᠳᠤ ᠲᠤᠰ ᠲᠤᠰ ᠤᠨ ᠪᠦᠬᠡ ᠶᠢᠨ ᠢᠶᠠᠨ ᠴᠤᠯᠠ ᠭᠤᠩᠰᠢᠨ ᠢ ᠲᠠᠭᠤᠳᠠᠨ᠂ ᠲᠡᠳᠡᠨ ᠤ ᠭᠡᠢ ᠮᠤᠷᠢ ᠰᠦᠯᠳᠡ ᠶᠢ ᠮᠠᠨᠳᠤᠭᠤᠯᠳᠠᠭ ᠪᠠᠶᠢᠵᠠᠢ᠃ ᠵᠢᠱᠢᠶᠡᠯᠡᠵᠦ ᠬᠡᠯᠡᠪᠡᠯ᠄ ᠬᠠᠷ᠎ᠠ ᠶᠢᠨ ᠲᠠᠯ᠎ᠠ ᠶᠢᠨ ᠠᠪᠤᠷᠭᠤ ᠪᠦᠬᠡ ᠴᠠᠭᠠᠨᠬᠦᠦ ᠶᠢ ᠲᠠᠯᠪᠢᠬᠤ ᠳᠠᠭᠠᠨ᠄ ︽ᠲᠡᠷᠡ ᠪᠦᠬᠡ ᠬᠡᠨ ᠤ ᠭᠡᠨ ᠪᠤᠢ︖ ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ᠂ ᠰᠧᠯᠢᠩ ᠨᠤᠶᠠᠨ ᠯᠾᠠᠸᠠᠩᠵᠠᠪ ᠲᠠᠨ᠎ᠠ ᠪᠦᠬᠡ ᠡ᠂ ᠯᠤᠤ ᠶᠢᠨ ᠴᠠᠬᠢᠯᠭᠠᠨ ᠢᠶᠠᠷ ᠰᠦᠷ ᠢ ᠪᠠᠳᠠᠷᠠᠭᠤᠯᠤᠭᠴᠢ ᠦᠨᠡᠨ ᠬᠦᠴᠦᠳᠦ ᠬᠠᠷᠴᠠᠭᠠᠢ᠂ ᠨᠠᠴᠢᠨ‌‍ᠱᠤᠩᠬᠤᠷ ᠴᠠᠭᠠᠨᠬᠦᠦ︕︾ ᠭᠡᠮᠡᠨ ᠭᠤᠩᠰᠢᠨ ᠴᠤᠯᠠ ᠶᠢ ᠲᠠᠭᠤᠳᠠᠨ ᠭᠠᠷᠭᠠᠬᠤ ᠳᠤ ᠰᠢᠷ᠎ᠠ ᠶᠢᠨ ᠲᠠᠯ᠎ᠠ ᠶᠢᠨ ᠬᠢᠨ ᠴᠤᠯᠠ ᠲᠠᠢ ᠪᠦᠬᠡ ᠪᠠᠨ᠄ ︽ᠲᠡᠷᠡ ᠪᠦᠬᠡ ᠬᠡᠨ ᠤ ᠬᠡᠨ ᠪᠤᠢ︖ ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠸᠴᠢᠷ ᠳ᠋ᠠᠷ᠎ᠠ ᠨᠤᠮᠴᠢ ᠮᠡᠷᠭᠡᠨ ᠺᠠᠮᠪᠤ ᠬᠤᠪᠢᠯᠭᠠᠨ ᠡᠵᠡᠢ ᠯᠠᠮᠠ ᠲᠠᠨ᠎ᠠ ᠨᠠᠴᠢᠨ ᠱᠤᠩᠬᠤᠷ ᠴᠤᠯᠠ ᠲᠠᠢ ᠪᠦᠬᠡ ᠨᠢᠮ᠎ᠠ︾ ᠭᠡᠮᠡᠨ ᠲᠠᠭᠤᠳᠠᠨ ᠭᠠᠷᠭᠠᠨ᠎ᠠ᠃ ᠪᠦᠬᠡᠴᠦᠳ ᠴᠤ ᠭᠤᠩᠰᠢᠨ ᠴᠤᠯᠠ ᠶᠢᠨ ᠠᠶ᠎ᠠ ᠲᠤᠮᠳᠠ ᠠᠷᠢᠶᠠᠳᠠᠨ ᠵᠢᠭᠦᠷᠳᠡᠨ ᠤ ᠲᠡᠪᠢᠯᠭᠡ ᠪᠠᠷ ᠲᠠᠯᠠᠪᠤᠷ ᠲᠤ ᠲᠡᠯᠡᠨ ᠭᠠᠷᠴᠤ᠂ ᠭᠤᠤᠯ ᠠᠰᠠᠷ ᠤᠨ ᠡᠮᠦᠨ᠎ᠡ ᠬᠦᠷᠴᠦ ᠨᠤᠶᠠᠳ ᠰᠠᠶᠢᠳ ᠭᠡᠭᠡᠨ ᠯᠠᠮᠠ ᠳᠤ ᠬᠤᠶᠠᠷ ᠠᠯᠠᠭ᠎ᠠ ᠪᠠᠨ ᠬᠠᠪᠰᠤᠷᠴᠤ ᠨᠠᠮᠠᠨᠴᠢᠯᠠᠨ ᠮᠦᠷᠭᠦᠭᠡᠳ᠂ ᠪᠦᠬᠡ ᠶᠢᠨ ᠵᠠᠰᠠᠭᠤᠯᠴᠢᠨ ᠤ ᠲᠤᠬᠢᠶ᠎ᠠ ᠪᠠᠷ ᠤᠨᠤᠭᠠᠯᠳᠠ ᠶᠢᠨ ᠪᠦᠬᠡ ᠲᠠᠢ ᠪᠠᠨ ᠪᠠᠷᠢᠯᠳᠤᠵᠤ ᠡᠬᠢᠯᠡᠨ᠎ᠡ᠃     ᠦᠷᠡᠰ ᠨᠠᠶᠢᠷ᠂ ᠵᠡᠷᠭᠡ ᠰᠢᠷᠠᠬᠤ ᠨᠠᠶᠢᠷ ᠵᠡᠷᠭᠡ ᠶᠡᠭᠡ ᠨᠠᠶᠢᠷ ᠲᠤ ᠪᠠᠷᠤᠭ 128 ᠪᠦᠬᠡ᠂ ᠤᠪᠤᠭᠠᠨ ᠨᠠᠶᠢᠷ ᠲᠤ ᠪᠠᠷᠤᠭ ᠲᠠᠭᠠᠨ 64 ᠪᠦᠬᠡ ᠲᠠᠯᠪᠢᠳᠠᠭ ᠪᠠᠶᠢᠭᠰᠠᠨ ᠪᠦᠭᠡᠳ ᠮᠦᠷᠦ᠋ᠢᠴᠡᠭᠡᠨ ᠤ ᠳ᠋ᠦᠩ ᠳᠤ ᠠᠳᠠᠯᠢ ᠪᠤᠰᠤ ᠲᠠᠪᠠᠭ᠎ᠠ ᠶᠢᠨ ᠪᠦᠬᠡ ᠪᠠ ᠲᠡᠷᠢᠭᠦᠨ ᠲᠡᠳ᠋ ᠪᠦᠬᠡ ᠢᠯᠭᠠᠷᠠᠨ ᠭᠠᠷᠬᠤ ᠪᠤᠯᠤᠨ᠎ᠠ᠃ ᠲᠡᠷᠢᠭᠦᠨ ᠪᠦᠬᠡ ᠶᠡᠷᠦ ᠳᠡᠭᠡᠨ ᠵᠢᠷᠭᠤᠭ᠎ᠠ ᠪᠤᠶᠤ ᠲᠤᠯᠤᠭᠠᠨ ᠲᠠᠪᠠᠭ᠎ᠠ ᠲᠠᠪᠠᠵᠤ ᠪᠠᠶᠢᠵᠤ ᠰᠠᠶ᠋ᠢ ᠮᠠᠩᠨᠠᠢ ᠶᠢᠨ ᠪᠦᠬᠡ ᠪᠤᠯᠳᠠᠭ᠃ ᠲᠠᠪᠠᠭ᠎ᠠ ᠲᠠᠢ ᠪᠠᠷᠢᠯᠳᠤᠭᠠᠨ ᠳᠤ ᠠᠬ᠎ᠠ ᠲᠡᠭᠦᠦ ᠬᠤᠶᠠᠷ ᠤᠨᠤᠭᠤ ᠲᠠᠭᠠᠷᠠᠬᠤ ᠪᠤᠶᠤ ᠪᠠᠭᠰᠢ ᠱᠠᠪᠢ ᠬᠤᠶᠠᠷ ᠲᠠᠭᠠᠷᠠᠬᠤ ᠦᠶ᠎ᠡ ᠳᠤ ᠨᠢᠭᠡ ᠨᠢ ᠨᠦᠭᠦᠭᠡ ᠳᠡᠭᠡᠨ ᠨᠠᠶᠢᠷ ᠲᠠᠯᠪᠢᠨ ᠪᠠᠭᠤᠵᠤ ᠦᠭᠬᠦ ᠶᠠᠪᠤᠳᠠᠯ ᠲᠤᠬᠢᠶᠠᠯᠳᠤᠳᠠᠭ᠂ ᠡᠨᠡ ᠦᠶ᠎ᠡ ᠳᠤ ᠱᠤ ᠳᠤ ᠰᠠᠭᠤᠬᠤ ᠪᠦᠬᠡᠴᠢᠨ ᠭᠡᠵᠦ ᠭᠠᠷᠤᠨ᠎ᠠ᠂ ᠲᠡᠶᠢᠮᠦ ᠪᠦᠬᠡ ᠨᠢᠭᠡ ᠲᠠᠪᠠᠭ᠎ᠠ ᠳᠤ ᠪᠠᠷᠢᠯᠳᠤᠬᠤ ᠦᠭᠡᠢ ᠦᠩᠭᠡᠷᠡᠨ᠂ ᠭᠤᠷᠪᠠ ᠲᠦᠷᠪᠡᠳᠦᠭᠡᠷ ᠨᠡᠷ᠎ᠡ ᠪᠤᠶᠤ ᠲᠡᠷᠢᠭᠦᠨ ᠲᠡᠳ᠋ ᠢ ᠪᠤᠯᠢᠶᠠᠯᠳᠤᠬᠤ ᠵᠠᠪᠰᠢᠶᠠᠨ ︵ᠲᠤᠬᠢᠶᠠᠯ︶ ᠲᠠᠢ ᠪᠤᠯᠳᠠᠭ᠃ ᠲᠤᠬᠠᠢ ᠶᠢᠨ ᠬᠤᠶᠠᠷ ᠪᠦᠬᠡ ᠬᠦᠴᠦ ᠲᠡᠩᠴᠡᠨ ᠤᠳᠠᠪᠠᠯ ᠬᠠᠶᠢᠮ ︵ᠲᠡᠩᠴᠡᠬᠦ︶ ᠪᠤᠯᠤᠭᠰᠠᠨ ᠢᠶᠠᠷ ᠪᠤᠳᠤᠭᠠᠳ ᠲᠠᠬᠢᠵᠤ ᠪᠠᠷᠢᠯᠳᠤᠭᠤᠯᠤᠨ ᠰᠢᠭᠦᠯᠳᠡ ᠭᠠᠷᠭᠠᠨ᠎ᠠ᠃ ᠪᠦᠬᠡᠴᠢᠨ ᠪᠠᠷᠢᠯᠳᠤᠵᠤ ᠪᠠᠷᠠᠭᠠᠳ ᠰᠢᠭᠦᠭᠰᠡᠨ ᠨᠢᠭᠡ ᠨᠢ ᠰᠢᠭᠦᠭᠳᠡᠭᠰᠡᠨ ᠨᠢᠭᠡ ᠪᠠᠨ ᠲᠠᠳᠠᠵᠤ ᠪᠤᠰᠬᠠᠭᠠᠳ ᠰᠢᠷᠤᠢ ᠶᠢ ᠨᠢ ᠭᠦᠪᠢᠵᠦ ᠦᠭᠬᠦ ᠳᠤ ᠤᠨᠠᠭᠰᠠᠨ ᠪᠦᠬᠡ ᠨᠦᠭᠦᠭᠡ ᠪᠦᠬᠡ ᠶᠢᠨ ᠢᠶᠠᠨ ᠵᠡᠭᠦᠨ ᠰᠤᠭᠤᠨ ᠲᠤᠤᠭᠤᠷ ᠭᠠᠷᠤᠭᠠᠳ ᠲᠠᠯᠠᠪᠤᠷ ᠠᠴᠠ ᠲᠡᠯᠡᠵᠤ ᠪᠠᠭᠤᠨ᠎ᠠ᠃ ᠰᠢᠭᠦᠭᠰᠡᠨ ᠪᠦᠬᠡ ᠨᠤᠶᠠᠳ ᠰᠠᠶᠢᠳ ᠲᠤ ᠮᠦᠷᠭᠦᠭᠡᠳ ᠬᠦᠯ ᠤᠨ ᠰᠠᠶᠢᠳ ᠠᠴᠠ ᠰᠠᠴᠤᠯᠢ ᠶᠢᠨ ᠪᠤᠤᠪᠤ ᠰᠢᠬᠢᠷ ᠠᠪᠴᠤ ᠲᠡᠭᠡᠳᠦ ᠲᠡᠭᠷᠢ ᠲᠡᠷᠭᠡᠳᠡ ᠤᠯᠠᠨ ᠳᠤ ᠰᠠᠴᠤᠨ ᠦᠭᠳᠡᠭ᠃ ᠪᠠᠷᠢᠯᠳᠤᠭᠠᠨ ᠲᠡᠭᠦᠰᠦᠭᠰᠡᠭᠡᠷ ᠪᠦᠬᠡ  ᠶᠢᠨ ᠶᠠᠪᠤᠳᠠᠯ ᠬᠠᠮᠢᠶᠠᠷᠤᠭᠴᠢᠳ ᠠᠴᠠ ᠴᠤᠯᠠᠯᠠᠬᠤ ᠶᠤᠰᠤᠳᠠᠢ ᠪᠦᠬᠡᠴᠦᠳ ᠲᠤ ᠴᠤᠯᠠ ᠴᠢᠮᠡᠭ ᠤᠯᠭᠤᠬᠤ ᠶᠢᠨ ᠬᠠᠮᠳᠤ ᠲᠡᠷᠢᠭᠦᠨ ᠪᠦᠬᠡ ᠳᠡᠭᠡᠨ ᠲᠤᠰᠬᠠᠢ ᠢᠷᠦᠭᠡᠯᠴᠢ ᠵᠠᠯᠠᠵᠤ ︽ᠪᠦᠬᠡ ᠶᠢᠨ ᠮᠠᠭᠳᠠᠭᠠᠯ︾ ᠲᠠᠯᠪᠢᠭᠤᠯᠤᠨ ᠪᠦᠬᠡᠴᠦᠳ ᠢᠶᠠᠨ ᠮᠠᠭᠳᠠᠵᠤ ᠤᠯᠠᠨ ᠢᠶᠠᠨ ᠪᠠᠶᠠᠰᠬᠠᠨ᠎ᠠ᠃ ᠢᠩᠬᠢᠵᠦ ᠪᠠᠷᠠᠪᠠᠯ ᠬᠤᠰᠢᠭᠤ ᠵᠠᠬᠢᠷᠤᠭᠴᠢ ᠠᠴᠠ ᠪᠦᠬᠡᠴᠢᠨ ᠢᠶᠠᠨ ᠱᠠᠩᠨᠠᠵᠤ ᠡᠬᠢᠯᠡᠨ᠎ᠡ᠃ ᠪᠦᠬᠦ ᠪᠦᠬᠡᠴᠢᠨ ᠤ ᠬᠠᠭᠠᠰ ᠢ ᠪᠦᠷ ᠱᠠᠩᠨᠠᠳᠠᠭ ᠮᠦᠷᠳᠡᠭᠡᠨ ᠲᠡᠷᠢᠭᠦᠨ ᠪᠦᠬᠡ ᠳᠤ ᠤᠯᠠᠩᠬᠢ ᠳᠠᠭᠠᠨ ᠲᠡᠪᠡᠯ ᠤᠨ ᠲᠤᠷᠭ᠎ᠠ᠂ ᠴᠠᠢ ᠬᠠᠳᠠᠭ᠂ ᠨᠢᠭᠡ ᠲᠤᠯᠤᠭᠠᠢ ᠲᠤᠷᠳᠤᠮ ᠱᠠᠩᠨᠠᠵᠤ᠂ ᠵᠠᠷᠢᠮ ᠦᠶ᠎ᠡ ᠳᠤ ᠮᠤᠷᠢ ᠦᠭᠴᠦ᠂ ᠲᠡᠳ᠋ ᠪᠦᠬᠡ ᠳᠤ ᠲᠡᠪᠡᠯ ᠤᠨ ᠲᠤᠷᠭ᠎ᠠ᠂ ᠴᠠᠢ ᠬᠠᠳᠠᠭ ᠪᠠᠷᠢᠵᠤ᠂ ᠪᠤᠰᠤᠳ ᠲᠤᠨᠢ ᠲᠠᠪᠠᠭᠠᠨ ᠤ ᠲᠤᠭ᠎ᠠ ᠶᠢ ᠦᠨᠳᠦᠰᠦᠯᠡᠨ ᠠᠳᠠᠯᠢ ᠪᠤᠰᠤ ᠪᠠᠷ ᠱᠠᠩᠨᠠᠨ᠎ᠠ᠂ ᠱᠠᠩᠨᠠᠯ ᠤᠨ ᠶᠡᠭᠡ ᠪᠠᠭ᠎ᠠ ᠨᠢ ᠤᠯᠠᠩᠬᠢ  ᠳᠠᠭᠠᠨ ᠡᠳ᠋ ᠤᠨ ᠵᠠᠰᠠᠭ ᠤᠨ ᠪᠠᠶᠢᠳᠠᠯ ᠢᠶᠠᠷ ᠰᠢᠯᠳᠠᠭᠠᠯᠠᠭᠳᠠᠳᠠᠭ ᠪᠠᠶᠢᠵᠠᠢ᠃     ᠬᠠᠯᠬ᠎ᠠ ᠪᠦᠬᠡ ᠶᠢᠨ ᠤᠪᠰᠤ ᠮᠡᠷᠭᠡᠵᠢᠯ ᠠᠯᠢ ᠤᠯᠠᠨ ᠪᠠᠶᠢᠵᠤ᠂ ᠲᠡᠳᠡᠭᠡᠷ ᠤᠨ ᠲᠤᠳᠤᠷ᠎ᠠ ᠠᠴᠠ ᠦᠷᠭᠦᠯᠵᠢ ᠬᠡᠷᠡᠭᠯᠡᠭᠳᠡᠳᠡᠭ ᠤᠪᠰᠤ ᠭᠡᠪᠡᠯ᠄ ᠡᠭᠦᠷᠬᠦ ︵ᠠᠴᠢᠬᠤ︶᠂ ᠲᠤᠩᠭᠤᠷᠠᠬᠤ᠂ ᠬᠠᠪᠰᠤᠷᠬᠤ᠂ ᠲᠡᠭᠡᠭᠡᠳᠡᠬᠦ᠂ ᠲᠠᠰᠢᠬᠤ᠂ ᠰᠦᠢᠯᠠᠬᠤ᠂ ᠬᠡᠢ ᠡᠷᠭᠢᠭᠦᠯᠬᠦ ︵ᠡᠷᠭᠦᠬᠦ︶᠂ ᠰᠢᠷᠭᠤᠬᠤ᠂ ᠲᠤᠭᠳᠤᠷᠬᠤ᠂ ᠭᠤᠬᠠᠳᠠᠬᠤ᠂ ᠬᠦᠶᠦᠬᠦ᠂ ᠮᠤᠰᠭᠢᠬᠤ᠂ ᠲᠠᠷᠤᠬᠤ ᠵᠡᠷᠭᠡ ᠪᠤᠯᠬᠤ ᠪᠦᠭᠡᠳ ᠡᠳᠡᠭᠡᠷ ᠮᠡᠭᠡ ᠨᠦᠭᠦᠳ ᠢ ᠬᠠᠮᠳᠤᠷᠠᠭᠤᠯᠤᠨ ᠠᠮᠢᠳᠤᠯᠢᠭ ᠬᠡᠷᠡᠭᠯᠡᠳᠡᠭ ᠨᠢ ᠤᠯᠠᠨ ᠪᠠᠶᠢᠵᠠᠢ᠃     ᠰᠠᠶᠢᠨ ᠪᠦᠬᠡᠴᠢᠨ ᠢᠶᠠᠨ ᠴᠤᠯᠠᠯᠠᠳᠠᠭ ᠵᠠᠩᠰᠢᠯ ᠲᠠᠢ ᠪᠠᠶᠢᠵᠤ᠂ ᠭᠤᠤᠯᠳᠠᠭᠤ ᠬᠦᠴᠦ ᠶᠡᠬᠡᠳᠡᠢ ᠠᠷᠢᠶᠠᠳᠠᠨ ᠵᠢᠭᠦᠷᠳᠡᠨ ᠤ ᠨᠡᠷ᠎ᠡ ᠪᠠᠷ ᠨᠡᠷᠡᠶᠢᠳᠴᠦ ᠵᠢᠩᠬᠢᠨᠢ ᠴᠤᠯᠠ ᠪᠤᠯᠭᠠᠳᠠᠭ ᠪᠠᠶᠢᠵᠠᠢ᠃ ᠬᠤᠰᠢᠭᠤ ᠨᠠᠶᠢᠷ ᠤᠨ ᠲᠠᠪᠠᠭᠠᠨ ᠤ ᠲᠤᠭ᠎ᠠ ᠪᠠ ᠦᠵᠦᠭᠦᠷᠯᠡᠭᠰᠡᠨ ᠪᠠᠶᠢᠳᠠᠯ ᠢ ᠦᠨᠳᠦᠰᠦᠯᠡᠨ ︽ᠬᠠᠷᠴᠠᠭᠠᠢ︾᠂ ︽ᠱᠤᠩᠬᠤᠷ︾᠂    ︽ᠨᠠᠴᠢᠨ︾᠂ ︽ᠵᠠᠭᠠᠨ︾᠂ ︽ᠠᠷᠰᠯᠠᠨ︾᠂ ︽ᠠᠪᠤᠷᠭᠤ︾ ︵ᠬᠠᠮᠤᠭ ᠦᠨᠳᠦᠷ ᠴᠤᠯᠠ︶ ᠵᠡᠷᠭᠡ ᠵᠢᠩᠬᠢᠨᠢ ᠴᠤᠯᠠ ᠤᠯᠭᠤᠵᠤ᠂ ᠠᠪᠤᠷᠭᠤ ᠴᠤᠯᠠ ᠲᠠᠢ ᠪᠦᠬᠡ ᠪᠠᠷᠢᠯᠳᠤᠬᠤ ᠦᠭᠡᠢ ᠪᠠᠶᠢᠳᠠᠯ ᠲᠤᠤᠷ᠎ᠠ ᠴᠤ ᠨᠠᠶᠢᠷ ᠨᠠᠭᠠᠳᠤᠮ ᠤᠨ ᠲᠡᠷᠢᠭᠦᠨ ᠪᠦᠬᠡ ᠶᠢᠨ ᠱᠠᠩ ᠢ ᠤᠯᠭᠤᠳᠠᠭ ᠶᠤᠰᠤ ᠲᠠᠢ ᠪᠠᠶᠢᠭᠰᠠᠨ ᠪᠦᠭᠡᠳ ᠵᠢᠩᠬᠢᠨᠢ ᠴᠤᠯᠠ ᠶᠢᠨ ᠲᠡᠭᠡᠷ᠎ᠡ ᠬᠤᠷᠰᠢᠶ᠎ᠠ ᠦᠭᠡ᠂ ᠭᠤᠷᠪᠠᠨ ᠦᠭᠡ᠂ ᠲᠦᠷᠪᠡᠨ ᠦᠭᠡ ᠶᠢᠨ ᠴᠢᠮᠡᠭ ᠴᠤᠯᠠ ᠨᠡᠮᠡᠵᠦ᠂ ᠪᠦᠬᠡ ᠶᠢᠨ ᠠᠯᠳᠠᠷ ᠴᠤᠯᠠ ᠶᠢ ᠲᠠᠭᠤᠷᠢᠰᠬᠠᠳᠠᠭ ᠪᠠᠶᠢᠵᠠᠢ᠃ ᠪᠦᠬᠡ ᠶᠢᠨ ᠪᠦᠬᠦ ᠶᠠᠪᠤᠳᠠᠯ ᠲᠠᠭᠤᠰᠤᠭᠰᠠᠨ ᠤ ᠲᠠᠷᠠᠭ᠎ᠠ ᠪᠦᠬᠡᠴᠦᠳ ᠢᠶᠠᠨ ᠴᠤᠭᠯᠠᠭᠤᠯᠤᠨ ᠴᠠᠶᠢᠯᠠᠵᠤ ᠬᠤᠭᠤᠯᠠᠯᠠᠭᠤᠯᠬᠤ ᠳᠤ ᠤᠭᠤᠴᠠ ᠪᠤᠶᠤ ᠲᠠᠯᠤ ᠪᠠᠷ ᠠᠬᠠᠯᠠᠭᠤᠯᠤᠭᠰᠠᠨ ᠮᠢᠬᠠᠨ ᠳᠤ ᠪᠦᠬᠦᠯᠢ ᠪᠠᠷ ᠴᠢᠨᠠᠭᠰᠠᠨ ᠬᠦᠵᠦᠭᠦᠦ ᠲᠠᠯᠪᠢᠵᠤ᠂ ᠨᠡᠷᠡᠳᠡᠢ ᠴᠤᠯᠠ ᠲᠠᠢ ᠪᠦᠬᠡᠴᠢᠨ ᠢᠶᠠᠷ ᠭᠦᠵᠦᠭᠦᠦ ᠮᠤᠰᠭᠢᠭᠤᠯᠤᠨ ᠰᠠᠯᠭᠠᠭᠤᠯᠵᠤ᠂ ᠤᠯᠠᠨ ᠪᠦᠬᠡᠴᠢᠨ ᠳᠡᠭᠡᠨ ᠬᠤᠪᠢᠶᠠᠨ ᠢᠳᠡᠭᠦᠯᠬᠦ ᠵᠠᠩᠰᠢᠯ ᠲᠠᠢ ᠪᠠᠶᠢᠵᠠᠢ᠃     ᠬᠠᠯᠬ᠎ᠠ ᠪᠦᠬᠡ ᠨᠢ ᠬᠤᠷᠢᠳᠤᠭᠠᠷ ᠵᠠᠭᠤᠨ ᠤ ᠭᠤᠴᠢᠭᠠᠳ ᠤᠨ ᠠᠴᠠ ᠲᠠᠯᠠᠭᠠᠳ ᠤᠨ ᠪᠤᠯᠳᠠᠯ᠎ᠠ ᠲᠠᠪᠢᠭᠠᠳ ᠵᠢᠯ ᠤᠯᠠᠮᠵᠢᠯᠠᠨ ᠲᠡᠯᠭᠡᠷᠡᠬᠦ ᠶᠠᠪᠤᠴᠠ ᠳᠤ ᠠᠯᠢ ᠤᠯᠠᠨ ᠰᠠᠶᠢᠨ ᠪᠦᠬᠡ ᠴᠤᠯᠭᠤᠷᠠᠨ ᠭᠠᠷᠴᠤ᠂ ᠬᠤᠰᠢᠭᠤ ᠨᠤᠳᠤᠭ᠂ ᠴᠢᠨᠠᠭᠰᠢᠯᠠᠨ ᠬᠦᠷᠰᠢ ᠵᠡᠷᠭᠡᠯᠡᠳᠡᠭᠡ ᠠᠶᠢᠮᠠᠭ ᠤᠷᠤᠨ ᠳᠤ ᠴᠤ ᠠᠯᠳᠠᠷ ᠨᠡᠷ᠎ᠡ ᠪᠠᠨ ᠮᠠᠨᠳᠤᠭᠤᠯᠵᠤ ᠶᠠᠪᠤᠭᠰᠠᠨ ᠶᠤᠮ᠃ ᠲᠡᠳᠡᠨ ᠤ ᠲᠤᠳᠤᠷ᠎ᠠ ᠠᠴᠠ ᠴᠢᠮᠡᠳᠳᠤᠤ᠂ ᠰᠡᠩᠭᠡ᠂ ᠴᠠᠭᠠᠨᠬᠦᠦ ︵ᠪᠦᠬᠡᠴᠠᠭᠠᠨ︶᠂ ᠡᠪᠦᠭᠡᠨᠬᠦᠦ᠂ ᠯᠤᠤᠬᠤ᠂ ᠯᠠᠯᠢ ᠶᠢᠨ ᠭᠤᠮᠪᠤ᠂ ᠴᠡᠪᠡᠭᠮᠢᠳ᠂ ᠽᠠᠨᠳᠠᠨᠮᠢᠳᠠᠭ᠂ ᠴᠡᠸᠡᠩᠳᠤᠷᠵᠢ᠂ ᠨᠢᠮ᠎ᠠ ︵ᠲᠡᠮᠴᠢ ᠯᠠᠮᠠ︶᠂ ᠴᠦᠢᠮᠪᠤᠯ ᠯᠠᠮᠠ᠂ ᠺᠤᠯᠢ᠂ ᠲᠡᠯᠢᠭᠬᠥ᠋ᠨᠵᠢ᠂ ᠷᠢᠨᠴᠢᠨᠳᠠᠸᠠ᠂ ᠬᠡᠯᠢᠭᠵᠡᠮᠰᠤ ᠨᠠᠷ ᠲᠤᠷᠠᠳᠤᠭᠳᠠᠬᠤ ᠶᠤᠰᠤᠳᠠᠢ᠃
 
ᠢᠷᠡᠯᠲᠡ᠄ ᠡᠵᠡᠨ᠎ᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号