ᠵᠠᠯᠠᠭᠤ ᠪᠦᠬᠡᠴᠢᠨ ᠰᠦᠮᠪᠤᠷ
ᠨᠡᠶᠢᠲᠡᠯᠡᠭᠰᠡᠨ ᠴᠠᠭ᠄
2021/7/7
    ᠤᠴᠠᠷᠠᠬᠤ ᠶᠤᠰᠤᠲᠠᠢ ᠬᠦᠮᠦᠨ ᠵᠠᠪᠠᠯ ᠠᠭᠤᠯᠵᠠᠳᠠᠭ ᠬᠡᠮᠡᠬᠦ ᠨᠢᠭᠡᠨ ᠦᠭᠡ ᠶᠠᠭᠠᠬᠢᠨ᠋ᠡᠰᠠᠨ ᠶᠡᠭᠡ ᠤᠴᠢᠷᠲᠠᠢ ᠦᠭᠡ ᠪᠤᠢ︖ ᠲᠠᠯ᠎ᠠ ᠨᠤᠳᠤᠭ ᠡᠷ᠎ᠠ ᠶᠢᠨ ᠭᠤᠷᠪᠠᠨ ᠨᠠᠭᠠᠳᠤᠮ ᠢᠶᠠᠷ ᠢᠶᠠᠨ ᠨᠡᠭᠦᠳᠡᠯᠴᠢᠳ ᠤᠨ ᠭᠤᠸ᠎ᠠ ᠵᠦᠢ ᠲᠠᠢ ᠬᠡᠮᠡᠬᠦ ᠦᠭᠦᠯᠡᠬᠦᠨ ᠲᠠᠢ ᠪᠦᠯᠦᠭᠡ᠃ ᠤᠮᠠᠷᠠᠲᠦ ᠶᠢᠨ ᠭᠡᠷᠡᠯᠲᠦ ᠰᠤᠪᠤᠳ ᠪᠤᠯᠬᠤ ᠬᠦᠯᠦᠨ ᠪᠤᠶᠢᠷ ᠲᠤ ᠮᠠᠨᠢ ᠡᠯ᠎ᠠ ᠦᠨᠳᠦᠰᠦᠲᠡᠨ ᠤ ᠠᠷᠠᠳ ᠲᠦᠮᠡᠨ ᠨᠢᠡᠡᠲᠠᠷᠠᠨ ᠪᠦᠯᠬᠦᠮᠳᠡᠵᠦ᠂ ᠡᠬᠡ ᠤᠯᠤᠰ ᠤᠨ ᠭᠡᠷᠡᠯᠲᠦ ᠰᠤᠪᠤᠳ ᠪᠤᠯᠵᠤ ᠭᠢᠯᠲᠠᠭᠠᠨᠠᠨ᠎ᠠ᠃
    ᠬᠦᠯᠦᠨ ᠪᠤᠶᠢᠷ ᠤᠨ ᠵᠠᠯᠠᠭᠤᠴᠤᠳ ᠴᠠᠭ ᠦᠶ᠎ᠡ ᠶᠢᠨ ᠬᠦᠭᠵᠢᠯᠲᠡ ᠶᠢ ᠲᠠᠭᠠᠨ ᠠᠷᠳᠠᠭ ᠲᠤᠡᠡᠰᠢᠨ ᠠᠳᠤᠭᠤ ᠮᠠᠯ ᠲᠠᠢ ᠪᠠᠨ ᠨᠤᠴᠤᠯᠳᠤᠨ ᠪᠡᠶ᠎ᠡ ᠮᠠᠬᠠᠪᠤᠳ ᠢᠶᠠᠨ ᠴᠢᠬᠢᠷᠬᠠᠵᠢᠭᠤᠯᠤᠨ᠂ ᠪᠤᠯᠪᠠᠰᠤᠨ ᠰᠠᠶᠢᠬᠠᠨ ᠮᠠᠯᠵᠢᠬᠤ ᠤᠷᠤᠨ ᠢᠶᠠᠨ ᠪᠦᠲᠦᠭᠡᠨ ᠪᠠᠶᠢᠭᠤᠯᠵᠦ ᠪᠠᠶᠢᠨ᠎ᠠ᠃ ᠡᠳᠡᠭᠡᠷ ᠵᠠᠯᠠᠭᠤᠰ ᠤᠨ ᠲᠤᠮᠳᠠᠬᠢ ᠨᠢᠭᠡ ᠨᠢ ᠮᠤᠩᠭᠤ ᠳ᠋ᠠᠭᠠᠲ᠋ᠧ ᠬᠠᠯᠠ ᠲᠠᠢ ᠰᠦᠮᠪᠦᠷ ᠬᠡᠮᠡᠬᠦ ᠠᠰᠪᠤᠷ ᠰᠢᠯᠤᠭᠤᠨ ᠵᠠᠩ ᠲᠠᠢ᠂ ᠠᠵᠢᠯᠴᠢ ᠬᠦᠳᠡᠯᠮᠦᠷᠢᠴᠢ᠂ ᠪᠦᠬᠡ ᠮᠤᠷᠢᠨ ᠳᠤ ᠭᠠᠷᠮᠠᠭᠠᠢ ᠶᠡᠷᠡᠭᠡᠳ ᠤᠨ ᠤ ᠬᠤᠰᠢᠭᠤᠴᠢ ᠵᠠᠯᠠᠭᠤ ᠶᠢ ᠰᠤᠷᠪᠤᠯᠵᠢᠯᠠᠬᠤ ᠪᠠᠷ ᠪᠤᠯᠵᠤᠭ᠎ᠠ ᠲᠠᠯᠪᠢᠯ᠎ᠠ᠃ ᠪᠤᠷᠤᠭᠠᠨ ᠲᠠᠢ ᠪᠤᠯᠪᠠᠴᠦ ᠪᠤᠯᠵᠤᠭᠠᠨ ᠳᠠᠭᠠᠨ᠂ ᠬᠤᠷ᠎ᠠ ᠲᠠᠢ ᠪᠤᠯᠪᠠᠴᠦ ᠬᠤᠭᠤᠴᠠᠭᠠᠨ ᠳᠠᠭᠠᠨ ᠰᠤᠷᠪᠤᠯᠵᠢᠯᠠᠭ᠎ᠠ ᠮᠠᠨᠢ ᠪᠤᠯᠵᠤᠡᠡᠰᠠᠨ ᠴᠠᠭ ᠲᠠᠭᠠᠨ ᠡᠬᠢᠯᠡᠯ᠎ᠡ᠃ ᠬᠦᠯᠦᠨ ᠪᠤᠶᠢᠷ ᠨᠤᠳᠤᠭ ᠮᠦᠰᠦ ᠴᠠᠰᠤᠨ ᠳᠤ ᠬᠤᠴᠢᠡᠡᠳᠠᠨ᠂ ᠮᠦᠡᠭᠭᠦᠨ ᠡᠪᠤᠯ ᠬᠡᠮᠡᠬᠦ ᠰᠢᠯᠦᠭ ᠰᠦᠯᠡᠬᠦ ᠪᠠᠳᠠᠭ ᠨᠢᠭᠡ ᠬᠤᠶᠠᠷ ᠮᠦᠷᠲᠦ ᠪᠠᠷ ᠤᠨᠳᠤᠷᠤᠮᠠᠷ ᠡ︕
    ᠮᠤᠩᠭᠤ ᠳ᠋ᠠᠭᠠᠲ᠋ᠧ ᠬᠠᠯᠠ ᠲᠠᠢ ᠰᠦᠮᠪᠦᠷ ᠪᠤᠯ ᠶᠠᠷᠡᠭᠡᠳ ᠤᠨ ᠤ ᠰᠤᠳᠤᠨ ᠵᠠᠯᠠᠭᠤᠴᠤᠳ ᠤᠨ ᠨᠢᠭᠡᠨ᠂ ᠲᠠᠮᠢᠷ ᠤᠷᠠᠯᠢᠭ ᠤᠨ ᠲᠡᠪᠴᠡᠩ ᠳᠡᠬᠡᠷ᠎ᠡ ᠨᠦᠯᠦᠬᠡ ᠶᠡᠬᠡᠲᠡᠢ᠂ ᠰᠠᠶᠢᠬᠠᠨ ᠲᠠᠭᠤᠯᠠᠳᠠᠭ᠂ ᠰᠤᠩᠭᠤᠳᠠᠭ ᠮᠠᠶ᠋ᠢᠭ ᠤᠨ ᠪᠦᠬᠡ᠂ ᠦᠨᠳᠦᠰᠦᠲᠡᠨ ᠤ ᠮᠠᠶ᠋ᠢᠭ ᠤᠨ ᠪᠦᠬᠡ ᠪᠠᠷ ᠠᠮᠵᠢᠯᠲᠡ ᠲᠡᠭᠦᠯᠳᠡᠷ ᠪᠠᠷᠢᠯᠳᠤᠨ᠂ ᠦᠨᠳᠦᠰᠦᠲᠡᠨ ᠤ ᠮᠠᠶ᠋ᠢᠭ ᠤᠨ ᠪᠦᠬᠡ ᠪᠠᠷ ᠬᠦᠯᠦᠨ ᠪᠤᠶᠢᠷ ᠤᠨ ᠠᠶᠢᠮᠠᠭ ᠤᠨ ︽ᠨᠠᠴᠢᠨ︾ ᠴᠤᠯᠠ ᠬᠠᠮᠠᠭᠠᠯᠬᠠᠰᠠᠨ᠂ ᠡᠴᠢᠭᠡ ᠡᠬᠡ ᠶᠢᠨ ᠬᠠᠶᠢᠷᠠᠲᠠᠢ ᠬᠦᠪᠡᠭᠦᠨ᠂ ᠠᠨᠳᠠ ᠨᠦᠬᠦᠳ ᠤᠨ ᠢᠶᠠᠨ ᠰᠤᠳᠤᠨ ᠨᠠᠶᠢᠵᠠ᠂ ᠬᠠᠶᠢᠷᠠᠲᠠᠢ ᠭᠡᠷᠭᠡᠢ ᠶᠢᠨ ᠢᠶᠠᠨ ᠬᠠᠭᠠᠨ ᠲᠦᠰᠢᠭ᠂ ᠲᠠᠮᠢᠷ ᠤᠷᠠᠯᠢᠭ ᠤᠨ ᠰᠤᠳᠤᠨ ᠲᠠᠮᠢᠷᠴᠢᠨ ᠪᠢᠯᠡ᠃ ᠲᠡᠷᠡ ᠪᠠᠷ 1991 ᠤᠨ ᠳᠤ ᠡᠸᠡᠩᠭᠢ ᠬᠤᠰᠢᠭᠤᠨ ᠤ ᠬᠤᠢ ᠰᠤᠮᠤᠨ  ᠤ  ᠰᠢᠭᠤᠢᠢᠲᠦ  ᠭᠠᠴᠠᠭᠠᠨ  ᠤ  ᠮᠠᠯᠴᠢᠨ  ᠠᠯᠲᠠᠨᠲᠤᠶᠠᠭ᠎ᠠ  ᠂   ᠰᠡᠷᠡᠩᠵᠠᠪ  ᠬᠤᠶᠠᠷ  ᠤᠨ   ᠬᠦᠦ ᠪᠤᠯᠤᠨ ᠵᠠᠶᠠᠭᠠᠵᠠᠢ᠃     ᠲᠡᠷᠡ ᠪᠠᠷ ᠬᠤᠶᠢᠲᠦ ᠬᠤᠢ ᠰᠤᠮᠤᠨ ᠤ ᠲᠦᠪ ᠰᠤᠷᠭᠠᠭᠤᠯᠢ ᠠᠴᠠ ᠪᠠᠭ᠎ᠠ ᠰᠤᠷᠭᠠᠭᠤᠯᠢ ᠪᠠᠨ ᠲᠡᠭᠦᠰᠭᠡᠨ᠂ 2003 ᠤᠨ ᠤ 9 ᠰᠠᠷ᠎ᠠ ᠠᠴᠠ ᠡᠸᠡᠩᠭᠢ ᠲᠤᠮᠳᠠᠳᠦ ᠰᠤᠷᠭᠠᠭᠤᠯᠢ ᠳᠤ ᠠᠩᠬ᠎ᠠ ᠲᠤᠮᠳᠠᠳᠦ ᠪᠠᠨ ᠰᠤᠷᠤᠯᠴᠠᠵᠦ᠂ 2005 ᠤᠨ ᠠᠴᠠ ᠬᠠᠶᠢᠯᠠᠷ ᠤᠨ ᠲᠠᠮᠢᠷ ᠤᠨ ᠰᠤᠷᠭᠠᠭᠤᠯᠢ ᠳᠤ ᠠᠯᠮᠠᠰ ᠪᠠᠭᠰᠢ ᠠᠴᠠ ᠰᠤᠩᠭᠤᠳᠠᠭ ᠮᠠᠶ᠋ᠢᠭ ᠤᠨ ᠪᠦᠬᠡ ᠰᠤᠷᠤᠯᠴᠠᠵᠠᠢ᠃
    2005 ᠤᠨ ᠠᠴᠠ ᠡᠬᠢᠯᠡᠨ ᠪᠦᠬᠡ ᠶᠢᠨ ᠲᠡᠪᠴᠡᠩ ᠲᠡᠭᠡᠷ᠎ᠡ ᠨᠡᠷ᠎ᠡ ᠪᠠᠨ ᠪᠢᠴᠢᠭᠯᠡᠵᠦ ᠬᠦᠯᠦᠨ ᠪᠤᠶᠢᠷ ᠬᠤᠳᠠ ᠶᠢᠨ ᠬᠡᠪᠴᠢᠶᠡᠨ ᠳᠤ ᠲᠤᠮᠳᠠᠳᠦ ᠮᠠᠶ᠋ᠢᠭ ᠤᠨ ᠪᠦᠬᠡ ᠪᠠᠷ ᠤᠯᠠᠨᠲᠠ ᠲᠡᠷᠢᠭᠦᠯᠡᠨ ᠪᠦᠬᠡ ᠬᠡᠮᠡᠬᠦ ᠨᠠᠨᠳᠢᠨ ᠠᠯᠳᠠᠷ ᠢᠶᠠᠷ ᠦᠪᠡᠷ ᠢ ᠪᠠᠨ ᠴᠢᠮᠡᠵᠦ᠂ ᠲᠠᠮᠢᠷ ᠤᠷᠠᠯᠢᠭ ᠤᠨ ᠲᠡᠪᠴᠡᠩ ᠳᠤ ᠨᠢᠭᠡᠨ ᠰᠤᠳᠤᠨ ᠬᠦᠪᠡᠭᠦᠨ ᠨᠡᠮᠡᠭᠳᠡᠭᠰᠡᠨ ᠰᠠᠨ᠃     ᠲᠡᠷᠡ ᠪᠠᠷ 2007 ᠤᠨ ᠠᠴᠠ ᠡᠬᠢᠯᠡᠨ ᠤᠷᠤᠨ ᠤ ᠬᠡᠪᠴᠢᠶᠠᠨ ᠤ ᠤᠷᠤᠯᠳᠤᠭᠠᠨ ᠳᠤ ᠤᠷᠤᠯᠴᠠᠨ᠂ 2007 — 2009 ᠤᠨ ᠬᠦᠷᠳᠡᠯ᠎ᠠ ᠰᠤᠩᠭᠤᠳᠠᠭ ᠮᠠᠶ᠋ᠢᠭ ᠤᠨ ᠪᠦᠬᠡ ᠪᠠᠷ ᠭᠤᠷᠪᠠᠨ ᠵᠢᠯ ᠲᠠᠷᠠᠭᠠᠯᠠᠨ ᠲᠡᠷᠢᠭᠦᠯᠡᠵᠤ᠂ 2008 ᠤᠨ ᠳᠤ ᠡᠸᠡᠩᠬᠢ ᠬᠤᠰᠢᠭᠤ ᠪᠠᠶᠢᠭᠤᠯᠤᠡᠡᠳ᠋ᠬᠠᠰᠠᠨ ᠲᠠᠪᠢᠨ ᠵᠢᠯ ᠤᠨ ᠤᠢ ᠶᠢ ᠪᠠᠶᠠᠷᠯᠠᠨ ᠪᠡᠯᠭᠡᠯᠡᠬᠦ ᠨᠠᠭᠠᠳᠤᠮ ᠳᠤ ᠵᠠᠯᠠᠭᠤᠴᠤᠳ ᠤᠨ ᠪᠦᠬᠡ ᠳᠤ ᠲᠡᠷᠢᠭᠦᠯᠡᠵᠦ᠂ 2012 ᠤᠨ ᠳᠤ ᠬᠤᠰᠢᠭᠤᠨ ᠤ ᠪᠠᠨ ᠰᠧᠪᠵᠢᠶᠠᠨ ᠨᠠᠭᠠᠳᠤᠮ ᠳᠤ ᠲᠦᠷᠪᠡᠳᠦᠭᠡᠷ ᠲᠡᠰ ᠲᠤ ᠲᠤᠳᠤᠷᠠᠵᠦ᠂ 2013 ᠤᠨ ᠳᠤ ᠬᠠᠭᠤᠴᠢᠨ ᠪᠠᠷᠭᠤ ᠬᠤᠰᠢᠭᠤᠨ ᠤ ᠬᠤᠰᠢᠭᠤᠨ ᠨᠠᠭᠠᠳᠤᠮ ᠳᠤ ᠭᠤᠷᠪᠠᠳᠤᠭᠠᠷ ᠲᠡᠰ ᠲᠤ ᠲᠤᠳᠤᠷᠠᠵᠦ᠂ ᠬᠤᠢ ᠰᠤᠮᠤᠨ ᠤ ᠪᠠᠨ ᠨᠠᠭᠠᠳᠤᠮ ᠳᠤ ᠲᠦᠷᠪᠡᠳᠦᠭᠡᠷ ᠲᠡᠰ ᠲᠤ ᠤᠷᠤᠨ᠂ 2016 ᠤᠨ ᠳᠤ ᠬᠤᠰᠢᠭᠤᠨ ᠤ ᠪᠠᠨ ᠰᠧᠪᠵᠢᠶᠠᠨ ᠨᠠᠭᠠᠳᠤᠮ ᠳᠤ ᠭᠤᠷᠪᠠᠳᠤᠭᠠᠷ ᠲᠡᠰ ᠲᠤ ᠲᠤᠳᠤᠷᠠᠨ᠂ 2015 ᠤᠨ ᠳᠤ ᠤᠷᠳᠤᠰ ᠬᠤᠲᠠ ᠳᠤ ᠪᠤᠯᠤᠡᠡᠰᠠᠨ ᠪᠦᠬᠦ ᠤᠯᠤᠰ ᠤᠨ ᠴᠦᠬᠡᠨ ᠲᠤᠭᠠᠲᠦ ᠦᠨᠳᠦᠰᠦᠲᠡᠨ ᠤ ᠪᠡᠶ ᠎ᠡ ᠶᠢᠨ ᠲᠠᠮᠢᠷ ᠤᠨ ᠴᠤᠭᠯᠠᠭᠠᠨ ᠳᠤ ᠢ ᠦᠨᠳᠦᠰᠦᠲᠡᠨ ᠤ ︽ᠭᠡ︾ ᠮᠠᠶ᠋ᠢᠭ ᠤᠨ ᠪᠦᠬᠡ ᠪᠠᠷ ᠭᠤᠷᠪᠠᠳᠤᠭᠠᠷ ᠲᠡᠰ ᠲᠤ ᠤᠷᠤᠵᠠᠢ᠃ 2019 ᠤᠨ ᠳᠤ ᠱᠠᠩᠬᠠᠢ ᠶᠢᠨ ᠮᠤᠩᠭᠤᠯᠴᠤᠳ ᠤᠨ ᠨᠠᠭᠠᠳᠤᠮ ᠳᠤ ᠮᠤᠩᠭᠤᠯ ᠪᠦᠬᠡ ᠪᠠᠷ ᠲᠡᠳ᠋ᠯᠡᠵᠦ᠂ 2018 ᠤᠨ ᠳᠤ ᠭᠤᠸᠡᠩᠵᠸᠦ ᠮᠤᠵᠢ ᠶᠢᠨ ᠴᠦᠭᠡᠨ ᠲᠤᠭᠠᠲᠦ ᠦᠨᠳᠦᠰᠦᠲᠡᠨ ᠤ ᠪᠡᠶ᠎ᠡ ᠶᠢᠨ ᠲᠠᠮᠢᠷ ᠤᠨ ᠴᠢᠭᠤᠯᠭᠠᠨ ᠳᠤ ︽ᠭᠡ︾ ᠮᠠᠶ᠋ᠢᠭ ᠤᠨ ᠪᠦᠬᠡ ᠪᠠᠷ 87 ᠺᠢᠯᠦᠭᠷᠡᠮ ᠤᠨ ᠲᠠᠰ ᠤᠨ ᠤᠷᠤᠯᠳᠤᠭᠠᠨ ᠳᠤ ᠠᠯᠲᠠᠨ ᠮᠧᠳᠡᠯ ᠲᠤᠰᠴᠦ ᠬᠦᠯᠦᠨ ᠪᠤᠶᠢᠷ ᠨᠤᠳᠤᠭ ᠲᠠᠭᠠᠨ ᠢᠷᠠᠭᠤ ᠠᠯᠳᠠᠷ ᠠᠪᠴᠢᠷᠠᠵᠠᠢ᠃      ᠬᠦᠯᠦᠨ ᠪᠤᠶᠢᠷ ᠨᠤᠳᠤᠭ ᠤᠨ ᠤᠯᠠᠨ ᠰᠠᠶᠢᠬᠠᠨ ᠵᠠᠯᠠᠭᠤᠴᠤᠳ ᠤᠨ ᠪᠠᠭ᠋ᠠᠷᠬᠠᠯ ᠪᠤᠯᠤᠡᠡᠰᠠᠨ ᠰᠦᠮᠪᠦᠷ ᠮᠠᠨᠢ ᠵᠠᠪ ᠯᠡ ᠪᠠᠶᠢᠪᠠᠯ ᠬᠦᠳᠡᠭᠡ ᠠᠳᠤᠭᠤ ᠮᠠᠯ ᠲᠠᠢ ᠪᠠᠨ ᠨᠤᠴᠤᠯᠳᠤᠨ᠂ ᠠᠷᠳᠠᠭ ᠲᠤᠡᠡᠰᠢᠨ ᠢᠶᠠᠨ ᠰᠤᠷᠭᠠᠵᠦ᠂ ᠬᠦᠳᠡᠭᠡ ᠶᠢᠨ ᠬᠠᠷ᠎ᠠ ᠪᠤᠷᠤ ᠠᠵᠢᠯ ᠳᠤ ᠭᠠᠷᠮᠠᠭᠠᠢᠢᠯᠠᠨ᠂ ᠬᠦᠳᠡᠭᠡ ᠮᠠᠯ ᠠᠬᠤᠢ ᠬᠡᠮᠡᠬᠦ ᠤᠬᠠᠭᠠᠨ ᠤ ᠶᠡᠭᠡ ᠲᠠᠯᠠᠢ ᠠᠴᠠ ᠡᠷᠳᠡᠨᠢ ᠡᠪᠤᠷᠯᠡᠨ ᠶᠠᠪᠤᠨᠠᠮ᠃     2020 ᠤᠨ ᠤ 8 ᠰᠠᠷ᠎ᠠ ᠳᠤ ᠨᠠᠰᠤᠨ ᠤ ᠬᠠᠨᠢ ᠲᠠᠢ ᠪᠠᠨ ᠲᠤᠭᠤᠨᠤᠲᠦ ᠭᠡᠷ ᠲᠡᠭᠡᠨ ᠬᠠᠨᠢ ᠶᠢᠨ ᠵᠠᠶᠠᠭ᠎ᠠ ᠬᠤᠯᠪᠤᠵᠠᠢ᠃ ᠲᠠᠷᠠ ᠮᠠᠨᠢ ᠴᠢᠯᠦᠭᠡ ᠵᠠᠪ ᠢᠶᠠᠷ ᠢᠶᠠᠨ ᠬᠤᠰᠢᠭᠤ ᠰᠤᠮᠤᠨ ᠤ ᠪᠠᠨ ᠵᠠᠯᠠᠭᠤᠴᠤᠳ ᠪᠠᠭᠠᠴᠤᠳ ᠢᠶᠠᠨ ᠲᠠᠭᠠᠭᠤᠯᠤᠨ ᠪᠦᠬᠡ ᠶᠢᠨ ᠰᠤᠷᠢᠭ᠎ᠠ ᠬᠢᠳᠡᠭ᠂ ᠬᠤᠰᠢᠭᠤ ᠰᠤᠮᠤᠨ ᠤ ᠪᠠᠨ ᠪᠦᠬᠡ ᠳᠤ ᠠᠪᠢᠶᠠᠰ ᠲᠠᠢ ᠵᠠᠯᠠᠭᠤ ᠪᠠᠭᠠᠴᠤᠳ ᠢᠶᠠᠨ ᠰᠤᠩᠭᠤᠨ ᠠᠪᠴᠦ ᠤᠷᠮ᠎ᠠ ᠦᠭᠭᠦᠨ ᠰᠤᠷᠢᠭᠠᠨ ᠳᠤ ᠤᠷᠤᠯᠴᠠᠭᠤᠯᠳᠠᠭ᠂ ᠤᠯᠠᠨ ᠤᠯᠠᠨ ᠵᠠᠯᠠᠭᠤ ᠪᠠᠭᠠᠴᠤᠳ ᠤᠨ ᠬᠦᠨᠳᠦᠯᠡᠵᠦ ᠬᠠᠶᠢᠷᠠᠯᠠᠳᠠᠭ ᠵᠠᠯᠠᠭᠤ ᠰᠤᠷᠭᠠᠡᠡᠴᠢ ᠪᠢᠯᠡ᠃      ᠪᠦᠬᠡ ᠪᠠᠨ ᠰᠠᠶᠢᠬᠠᠨ ᠪᠠᠷᠢᠯᠳᠤᠨ᠎ᠠ᠂ ᠨᠤᠳᠤᠭ ᠤᠨ ᠤᠯᠠᠨ ᠪᠠᠭᠠᠴᠤᠳ ᠢᠶᠠᠨ ᠲᠠᠮᠢᠷ ᠬᠡᠮᠡᠬᠦ ᠨᠢᠭᠤᠴᠠᠬᠠᠢ ᠭᠦᠨ ᠵᠦᠢᠯ ᠲᠠᠢ ᠤᠢᠢᠷᠠᠲᠤᠭᠤᠯᠤᠨ᠂ ᠰᠤᠳᠤᠨ ᠲᠠᠮᠢᠷᠴᠢᠨ ᠪᠤᠯᠭᠠᠨ ᠬᠦᠮᠦᠵᠢᠭᠦᠯᠵᠦ᠂ ᠬᠦᠯᠦᠨ ᠪᠤᠶᠢᠷ ᠤᠨ ᠵᠠᠯᠠᠭᠤ ᠨᠢᠭᠡ ᠦᠶ᠎ᠡ ᠶᠢᠨ ᠬᠢᠨ ᠢ ᠤᠯᠤᠰ ᠤᠷᠤᠨ ᠤ ᠲᠠᠮᠢᠷ ᠤᠨ ᠲᠠᠪᠴᠡᠩ ᠲᠡᠭᠡᠷ᠎ᠡ ᠭᠠᠷᠭᠠᠶ᠎ᠠ ᠬᠡᠮᠡᠬᠦ ᠬᠦᠰᠡᠯ ᠮᠦᠷᠦᠭᠡᠳᠦᠯ ᠢᠶᠠᠨ ᠲᠠᠯᠭᠡᠵᠦ ᠶᠠᠷᠢᠡᠡᠰᠠᠨ ᠰᠦᠮᠪᠦᠷ ᠮᠨᠨᠢ ᠶᠡᠷᠦ ᠪᠤᠰᠤ ᠶᠢᠨ ᠡᠭᠡᠯ᠂ ᠶᠡᠷᠦ ᠪᠤᠰᠤ ᠶᠢᠨ ᠲᠤᠲᠤᠨᠤ ᠰᠠᠨ᠋ᠬᠠᠳᠠᠯ᠎ᠠ᠃ ᠲᠡᠷᠡ ᠮᠠᠨᠢ ᠤᠳᠤ ᠰᠤᠮᠤᠨ ᠤ ᠪᠠᠨ ᠪᠦᠬᠡ ᠶᠢᠨ ᠨᠡᠶᠢᠭᠡᠮᠯᠢᠭ ᠲᠤ ᠰᠤᠷᠭᠠᠡᠡᠴᠢ ᠪᠠᠷ ᠠᠵᠢᠯᠯᠠᠨ᠂ ᠨᠤᠳᠤᠭ ᠤᠨ ᠰᠠᠷᠠᠭᠤᠯ ᠬᠦᠷᠦᠰᠦᠨ ᠲᠡᠭᠡᠷ᠎ᠠ ᠪᠠᠨ ᠮᠠᠯᠴᠢᠨ ᠬᠡᠮᠡᠬᠦ ᠨᠢᠭᠡᠨ ᠠᠯᠳᠠᠷ ᠢ ᠵᠢᠷᠦᠬᠡᠨ ᠳᠡᠭᠡᠨ ᠲᠡᠭᠡᠳᠦᠯᠡᠵᠦ ᠶᠠᠪᠤᠨ᠎ᠠ᠃ ᠡᠭᠡᠯ ᠲᠠᠷᠤᠤ᠂ ᠠᠰᠪᠦᠷ ᠴᠠᠭᠠᠪᠤᠷ᠂ ᠮᠠᠯᠴᠢᠨ ᠤᠳᠤᠮ ᠤᠨ ᠬᠦᠦ᠂ ᠦᠪᠡᠷ ᠤᠨ ᠭᠡᠬᠦ ᠠᠴᠠ ᠢᠯᠡᠭᠦᠦ ᠲᠠᠢ ᠪᠤᠰᠤᠳ ᠤᠨ ᠲᠦᠯᠦᠭᠡ ᠴᠢᠩ ᠰᠡᠳᠭᠢᠯ ᠠᠴᠠ ᠪᠠᠨ ᠴᠢᠷᠮᠠᠶᠢᠳᠠᠭ ᠰᠦᠮᠪᠦᠷ ᠮᠠᠨᠢ ᠠᠳᠤᠭᠤ ᠮᠠᠯ ᠲᠠᠢ ᠪᠠᠨ᠂ ᠠᠷᠢᠭᠤᠨ ᠲᠬᠠᠱᠢᠨ ᠨᠤᠳᠤᠭ ᠤᠰᠤ ᠲᠠᠢ ᠪᠠᠨ᠂ ᠬᠠᠨᠢᠯᠠᠨ ᠵᠢᠷᠭᠠᠵᠦ ᠪᠤᠢ ᠪᠦᠰᠡᠭᠦᠢ ᠲᠠᠢ ᠪᠠᠨ ᠪᠦᠬᠡ ᠬᠡᠮᠡᠬᠦ ᠢᠷᠭᠠᠤ ᠠᠯᠳᠠᠷ ᠢᠶᠠᠷ ᠦᠪᠡᠷ ᠢ ᠪᠠᠨ ᠴᠢᠮᠡᠵᠦ᠂ ᠠᠳᠤᠭᠤᠨ ᠤ ᠪᠠᠨ ᠲᠤᠭᠤᠰᠦ ᠪᠠᠷ ᠲᠤᠷᠳᠤᠩ ᠵᠠᠮ ᠲᠤᠷᠠᠶᠢᠯᠭᠠᠨ ᠪᠤᠢ ᠡᠭᠡᠯ ᠪᠤᠰᠤ ᠨᠢᠭᠡᠨ ᠮᠠᠯᠴᠢᠨ ᠵᠠᠯᠠᠭᠤ᠂ ᠲᠠᠮᠢᠷ ᠤᠨ ᠲᠡᠪᠴᠡᠩ ᠲᠡᠭᠡᠷ᠎ᠡ ᠡᠷᠡᠮᠡᠬᠡᠶᠢᠯᠡᠨ ᠪᠤᠢ        ︽ᠨᠠᠴᠢᠨ︾ ᠠᠵᠢ᠃      ᠬᠦᠯᠦᠨ ᠪᠤᠶᠢᠷ ᠬᠡᠮᠡᠬᠦ ᠰᠠᠷᠠᠭᠤᠯ ᠠᠭᠤᠳᠠᠮ ᠲᠠᠯ᠎ᠠ ᠨᠤᠳᠤᠭ᠂ ᠤᠡᠭᠭᠤᠨ ᠲᠠᠷᠬᠠᠨ ᠪᠠᠶᠢᠭᠠᠯᠢ ᠠᠬᠤᠢ  ᠂ ᠨᠠᠭᠠᠳᠤᠮ ᠤᠨ ᠲᠠᠯᠠᠪᠠᠢ ᠳᠤ ᠲᠡᠪᠢᠨ ᠪᠤᠢ ᠪᠦᠬᠡᠴᠦᠳ᠂ ᠪᠠᠷᠭᠤᠵᠢᠨ ᠭᠤᠸ᠎ᠠ ᠬᠡᠤᠬᠡᠨᠴᠤᠳ ᠨᠢ ᠨᠢᠭᠤᠴᠠ ᠲᠤᠪᠴᠢᠶᠠᠨ ᠤ ᠦᠵᠡᠰᠭᠦᠯᠠᠩ ᠭᠤᠸ᠎ᠠ ᠪᠠᠨ ᠤᠷᠬᠢᠭ᠎ᠠ ᠦᠭᠡᠢ᠃ ᠡᠨᠡ ᠰᠠᠶᠢᠬᠠᠨ ᠨᠤᠳᠤᠭ ᠲᠠᠭᠠᠨ ᠵᠢᠷᠭᠠᠨ ᠰᠠᠭᠤᠭ᠎ᠠ ᠰᠦᠮᠪᠦᠷ ᠤᠨ ᠬᠦᠰᠡᠯ ᠤᠨ ᠲᠦᠷᠦᠭᠡ ᠰᠦᠨ ᠢᠷᠦᠭᠡᠯ ᠭᠢᠯᠲᠠᠭᠠᠨᠠᠨ᠂ ᠵᠤᠯᠭᠠᠨ ᠢᠷᠡᠵᠦ ᠪᠤᠢ ᠨᠠᠭᠠᠳᠤᠮ ᠢᠶᠠᠷ ᠬᠤᠷᠳᠤᠨ ᠬᠦᠯᠦᠭ ᠬᠦᠲᠦᠯᠦᠨ᠂ ᠠᠶᠢᠯ ᠤᠨ ᠵᠢᠭᠠᠬᠠᠨ ᠪᠠᠭᠠᠴᠤᠤᠯ ᠳᠤ ᠲᠡᠮᠢᠷ ᠬᠡᠮᠡᠬᠦ ᠵᠦᠪ ᠡᠨᠧᠷᠬᠢ ᠰᠠᠴᠤᠵᠦ ᠪᠤᠢ ᠲᠡᠭᠦᠨ ᠤ ᠰᠡᠳᠭᠢᠯ ᠤᠨ ᠭᠡᠭᠡ ᠳᠤ ᠶᠡᠭᠡ ᠬᠤᠯᠠ ᠶᠢᠨ ᠲᠤᠶᠠᠭ᠎ᠠ ᠰᠠᠴᠤᠷᠠᠨ᠎ᠠ᠃ ᠬᠦᠯᠦᠭ ᠤᠨ ᠰᠠᠶᠢᠨ ᠢᠶᠠᠷ ᠤᠶᠠᠭ᠎ᠠ ᠪᠠᠨ ᠴᠢᠮᠡᠨ᠂ ᠬᠦᠮᠦᠨ ᠤ ᠪᠠᠨ ᠰᠠᠶᠢᠨ ᠢᠶᠠᠷ ᠦᠷᠬᠦᠭᠡ ᠭᠡᠷ ᠢᠶᠠᠨ ᠴᠢᠮᠡᠭᠰᠡᠨ ᠰᠦᠮᠪᠦᠷ ᠤᠨ ᠬᠡᠮᠡᠬᠦ ᠨᠢᠭᠡᠨ ᠠᠶᠢᠯ ᠬᠦᠯᠦᠨ ᠪᠤᠶᠢᠷ ᠤᠨ ᠲᠠᠷᠬᠠᠨ ᠬᠦᠷᠦᠰᠦᠨ ᠳᠤ ᠠᠵᠠ ᠬᠡᠶᠢᠮᠤᠷᠢ ᠲᠠᠢ ᠠᠷᠭᠠᠯ ᠤᠨ ᠭᠠᠯ ᠰᠤᠭᠤᠨᠠᠭᠯᠠᠨ᠎ᠠ᠃      ᠰᠤᠷᠪᠤᠯᠵᠢᠯᠠᠭ᠎ᠠ ᠶᠢᠨ ᠵᠢᠯᠤᠭᠤ ᠪᠠᠨ ᠬᠤᠷᠢᠶᠠᠵᠤ ᠬᠠᠶᠢᠯᠠᠷ ᠤᠷᠤᠬᠤ ᠵᠠᠮ ᠳᠤ ᠶᠡᠷᠡᠭᠡᠳ ᠤᠨ ᠤ ᠨᠢᠭᠡᠨ ᠰᠠᠶᠢᠬᠠᠨ ᠵᠠᠯᠠᠭᠤ ᠪᠠᠷ ᠬᠢᠵᠠᠭᠠᠷ ᠦᠭᠡᠢ ᠪᠠᠭ᠋ᠠᠷᠬᠠᠨ ᠶᠠᠮᠠᠷ ᠰᠠᠶᠢᠬᠠᠨ ᠰᠡᠳᠭᠢᠯ᠂ ᠶᠠᠮᠠᠷ ᠰᠠᠶᠢᠬᠠᠨ ᠠᠵᠢᠯᠴᠢ ᠬᠦᠳᠡᠯᠮᠦᠷᠢᠴᠢ ᠵᠠᠯᠠᠭᠤ ᠪᠤᠢ ᠬᠡᠮᠡᠵᠦ ᠪᠠᠭ᠋ᠠᠷᠬᠠᠵᠦ ᠶᠠᠪᠤᠯ᠎ᠠ᠃ ᠡᠭᠡᠯ ᠪᠤᠰᠤ ᠶᠡᠷᠡᠭᠡᠳ ᠤᠨ ᠤ ᠵᠠᠯᠠᠭᠤᠴᠤᠳ ᠤᠨ ᠲᠤᠮᠳᠠ ᠪᠠᠨ ᠤᠳᠤ ᠮᠡᠲᠦ ᠭᠡᠷᠡᠯᠳᠦᠨ᠂ ᠨᠠᠶᠢᠷ ᠤᠨ ᠲᠠᠯᠠᠪᠠᠢ ᠳᠤ ᠬᠡᠶᠢᠮᠤᠷᠢ ᠲᠠᠢ ᠪᠠᠷᠢᠯᠳᠤᠨ᠂ ᠠᠳᠤᠭᠤ ᠮᠠᠯ ᠳᠤ ᠭᠠᠷᠮᠠᠭᠠᠢ ᠮᠠᠯᠴᠢᠨ ᠬᠡᠮᠡᠬᠦ ᠭᠦᠨ ᠤᠬᠠᠭᠠᠨ ᠤ ᠨᠢᠭᠤᠴᠠ ᠲᠠᠯᠠᠢ ᠠᠴᠠ ᠤᠳᠤ ᠡᠪᠤᠷᠯᠡᠬᠦ ᠰᠤᠳᠤᠨ ᠵᠠᠯᠠᠭᠤᠴᠤᠳ ᠤᠯᠠᠨ ᠠᠴᠠ ᠤᠯᠠᠨ ᠪᠠᠶᠢᠬᠤ ᠪᠤᠯᠲᠤᠭᠠᠢ ᠬᠡᠮᠡᠬᠦ ᠦᠯᠵᠡᠶᠢᠲᠡᠢ ᠰᠠᠶᠢᠬᠠᠨ ᠢᠷᠦᠭᠡᠯ ᠢᠶᠠᠨ ᠬᠦᠯᠦᠨ ᠪᠤᠶᠢᠷ ᠨᠤᠳᠤᠭ ᠤᠨ ᠢᠶᠠᠨ ᠬᠦᠷᠦᠰᠦᠨ ᠳᠤ ᠪᠠᠲᠦ ᠰᠢᠩᠭᠡᠭᠡᠶ᠎ᠡ︕
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号