| 2012 ᠤᠨ ᠤ ᠬᠦᠯᠦᠨ ᠪᠤᠶᠢᠷ ᠬᠤᠳᠠ ᠶᠢᠨ ᠭᠤᠷᠪᠠᠲᠤᠭᠠᠷ ᠤᠳᠠᠭᠠᠨ ᠤ ᠨᠠᠭᠠᠲᠤᠮ ᠤᠨ ᠬᠤᠷᠠᠯ ᠤᠨ | ᠡᠮᠡᠭᠲᠠᠢ ᠪᠦᠬᠡ ᠶᠢᠨ ᠲᠦᠷᠦᠬᠦᠦ᠂ 2019 ᠤᠨ ᠤ ᠬᠦᠯᠦᠨ ᠪᠤᠶᠢᠷ ᠬᠤᠳᠠ ᠶᠢᠨ ᠤᠯᠠᠮᠵᠢᠯᠠᠯᠲᠦ ᠲᠦᠡᠭᠬᠦ᠂ | ᠪᠦᠯᠦᠩ ᠬᠠᠷᠪᠤᠯᠭ᠎ᠠ ᠶᠢᠨ ᠬᠤᠪᠢ ᠲᠡᠮᠳᠡᠭᠯᠡᠬᠦ ᠴᠦᠷᠬᠦᠯᠡᠭᠡ ᠤᠷᠤᠯᠲᠤᠭᠠᠨ ᠤ ᠰᠢᠢᠳᠪᠦᠷᠢᠲᠦ ᠤᠷᠤᠯᠲᠤᠭᠠᠨ ᠤ | ᠡᠮᠡᠭᠲᠠᠢ ᠶᠢᠨ ᠪᠦᠯᠦᠩ ᠬᠠᠷᠪᠤᠯᠭ᠎ᠠ ᠶᠢᠨ ᠤᠷᠤᠯᠲᠤᠭᠠᠨ ᠤ ᠲᠡᠷᠢᠬᠦᠨ ᠨᠡᠷᠡᠰ ᠲᠤ ᠲᠤᠲᠤᠷᠠᠵᠤ ᠪᠠᠶᠢᠭᠰᠠᠨ ᠳ᠋ᠠᠷᠬᠢᠵᠠᠪ | ᠪᠤᠯ ᠪᠦᠬᠡ ᠪᠤᠯᠤᠨ ᠰᠤᠷ ᠬᠠᠷᠪᠤᠯᠭ᠎ᠠ ᠶᠢᠨ ᠬᠤᠶᠠᠷ ᠲᠦᠷᠦᠯ ᠢᠶᠠᠷ ᠲᠤᠲᠤ ᠠᠮᠵᠢᠯᠳᠠ ᠶᠢ ᠪᠢᠴᠢᠭᠯᠡᠵᠦ ᠶᠠᠪᠤᠭ᠎ᠠ | ᠵᠠᠯᠠᠭᠤ ᠪᠦᠰᠡᠬᠦᠢ ᠪᠤᠯᠬᠤ ᠶᠤᠮ᠃ | | ᠳ᠋ᠠᠷᠬᠢᠵᠠᠪ ᠰᠢᠨ᠎ᠠ ᠪᠠᠷᠭᠤ ᠵᠡᠬᠦᠨ ᠬᠤᠰᠢᠭᠤᠨ ᠤ ᠠᠵᠢᠯ ᠤᠨ ᠴᠢᠯᠦᠬᠡᠨ ᠤ ᠪᠡᠶ᠎ᠠ ᠶᠢᠨ ᠲᠠᠮᠢᠷ ᠤᠨ | ᠰᠤᠷᠭᠠᠭᠤᠯᠢ ᠳᠤ ᠪᠦᠬᠡ ᠶᠢᠨ ᠰᠤᠷᠭᠠᠭᠴᠢ ᠪᠠᠷ ᠠᠵᠢᠯ ᠤᠨ ᠭᠠᠷᠤᠭ᠎ᠠ ᠪᠠᠨ ᠠᠪᠴᠦ᠂ ᠦᠰᠪᠦᠷᠢ ᠶᠢᠨ ᠬᠡᠤᠬᠡᠳ | ᠪᠠᠭᠠᠴᠤᠳ ᠲᠤ ᠪᠦᠬᠡ ᠶᠢᠨ ᠰᠠᠭᠤᠷᠢ ᠮᠡᠳᠡᠯᠬᠡ ᠶᠢ ᠵᠢᠭᠠᠵᠤ ᠶᠠᠪᠤᠭ᠎ᠠ ᠪᠢᠯᠡ᠃ | ᠳ᠋ᠠᠷᠬᠢᠵᠠᠪ 1993 ᠤᠨ ᠳᠤ ᠰᠢᠨ᠎ᠠ ᠪᠠᠷᠭᠤ ᠵᠡᠬᠦᠨ ᠬᠤᠰᠢᠭᠤᠨ ᠤ ᠵᠢᠪᠬᠤᠯᠠᠩᠲᠦ ᠰᠤᠮᠤᠨ ᠤ | ᠡᠷᠳᠡᠨᠢᠰᠤᠶᠤᠯ ᠤᠨ ᠬᠡᠤᠬᠡᠨ ᠪᠤᠯᠤᠨ ᠵᠠᠶᠠᠭᠠᠵᠠᠢ᠃ ᠠᠪᠠᠭ᠎ᠠ ᠶᠢᠨ ᠲᠠᠯ᠎ᠠ ᠪᠤᠯᠤᠨ ᠨᠠᠭᠠᠴᠦ ᠶᠢᠨ ᠲᠠᠯ᠎ᠠ ᠶᠢᠨ ᠤᠲᠤᠮ ᠢ | ᠵᠠᠯᠭᠠᠵᠤ᠂ ᠬᠠᠷᠠᠬᠠᠨ ᠪᠠᠭ᠎ᠠ ᠠᠴᠠ ᠪᠠᠨ ᠪᠦᠬᠡ ᠳᠤ ᠪᠠᠭ᠋ᠠᠲᠠᠢ ᠪᠤᠯᠬᠤᠷ 2007 ᠤᠨ ᠠᠴᠠ ᠦᠪᠦᠷ ᠮᠤᠩᠭᠤᠯ ᠤᠨ | ᠪᠡᠶ᠎ᠠ ᠶᠢᠨ ᠲᠠᠮᠢᠷ ᠤᠨ ᠰᠤᠷᠭᠠᠭᠤᠯᠢ ᠳᠤ ᠴᠢᠯᠦᠬᠡᠲᠦ ᠪᠦᠬᠡ ᠪᠠᠷ ᠪᠤᠯᠪᠠᠰᠤᠷᠠᠵᠤ᠂ 2010 ᠤᠨ ᠳᠤ ᠦᠪᠦᠷ | ᠮᠤᠩᠭᠤᠯ ᠤᠨ ᠪᠡᠶ᠎ᠠ ᠶᠢᠨ ᠲᠠᠮᠢᠷ ᠤᠨ ᠭᠤᠷᠪᠠᠲᠤᠭᠠᠷ ᠶᠡᠭᠡ ᠠᠩᠬᠢ ᠳᠤ ᠲᠠᠮᠢᠷᠴᠢᠨ ᠢᠶᠠᠷ ᠡᠯᠰᠡᠭᠳᠡᠵᠤ᠂ ᠵᠢᠯ | ᠭᠠᠷᠤᠢ ᠶᠢᠨ ᠪᠤᠯᠪᠠᠰᠤᠷᠠᠯ ᠬᠦᠷᠳᠠᠵᠤ ᠦᠡᠭᠬᠡᠷᠡᠭᠰᠡᠨ ᠶᠤᠮ᠃ 2011 ᠤᠨ ᠳᠤ ᠨᠤᠲᠤᠭ ᠲᠠᠭᠠᠨ ᠪᠤᠴᠠᠭᠰᠠᠨ ᠤ | ᠲᠠᠷᠠᠭ᠎ᠠ ᠬᠤᠰᠢᠭᠤᠨ ᠤ ᠪᠠᠨ ᠠᠵᠢᠯ ᠤᠨ ᠴᠢᠯᠦᠬᠡᠨ ᠤ ᠪᠡᠶ᠎ᠠ ᠶᠢᠨ ᠲᠠᠮᠢᠷ ᠤᠨ ᠰᠤᠷᠭᠠᠭᠤᠯᠢ ᠶᠢᠨ ᠰᠤᠷᠭᠠᠭᠴᠢ ᠪᠠᠷ | ᠠᠵᠢᠯᠯᠠᠭᠠᠳ ᠠᠷᠪᠠᠭᠠᠳ ᠵᠢᠯ ᠤᠨ ᠨᠢᠭᠤᠷ ᠦᠵᠡᠵᠦ ᠪᠤᠢ᠃ | | ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠭᠤᠷᠪᠠᠲᠤᠭᠠᠷ ᠶᠡᠭᠡ ᠠᠩᠬᠢ ᠳᠤ ᠲᠠᠮᠢᠷᠴᠢᠨ ᠪᠠᠶᠢᠬᠤ ᠳᠠᠭᠠᠨ | 2009 ᠤᠨ ᠳᠤ ᠪᠦᠬᠦ ᠤᠯᠤᠰ ᠤᠨ ᠲᠤᠮᠲᠠᠲᠤ ᠮᠡᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ | ᠤᠷᠤᠯᠲᠤᠭᠠᠨ ᠳᠤ 56 ᠺᠢᠯᠦᠭᠷᠡᠮ ᠤᠨ ᠲᠡᠰ ᠲᠤ ᠭᠤᠷᠪᠠᠲᠤᠭᠠᠷ ᠲᠤ ᠤᠷᠤᠵᠤ᠂ ᠲᠤᠰ ᠵᠢᠯ ᠳᠡᠭᠡᠨ ᠪᠦᠬᠦ | ᠤᠯᠤᠰ ᠤᠨ ᠴᠢᠯᠦᠬᠡᠲᠦ ᠪᠦᠬᠡ ᠶᠢᠨ ᠤᠷᠤᠯᠲᠤᠭᠠᠨ ᠳᠤ ᠪᠠᠰᠠ ᠭᠤᠷᠪᠠᠲᠤᠭᠠᠷ ᠲᠤ ᠲᠠᠪᠢᠵᠠᠢ᠃ ᠰᠢᠨ᠎ᠠ ᠪᠠᠷᠭᠤ | ᠵᠡᠬᠦᠨ ᠬᠤᠰᠢᠭᠤᠨ ᠤ ᠠᠵᠢᠯ ᠤᠨ ᠴᠢᠯᠦᠬᠡᠨ ᠤ ᠪᠡᠶ᠎ᠠ ᠶᠢᠨ ᠲᠠᠮᠢᠷ ᠤᠨ ᠰᠤᠷᠭᠠᠭᠤᠯᠢ ᠳᠤ ᠪᠠᠭᠰᠢᠯᠠᠵᠤ ᠪᠠᠶᠢᠬᠤ ᠳᠠᠭᠠᠨ | 2014 ᠤᠨ ᠳᠤ ᠬᠦᠬᠡᠬᠤᠳᠠ ᠳᠤ ᠶᠠᠪᠤᠭᠳᠠᠭᠰᠠᠨ ᠪᠦᠬᠦ ᠤᠯᠤᠰ ᠤᠨ ᠲᠤᠮᠲᠠᠲᠦ ᠮᠡᠶ᠋ᠢᠭ ᠤᠨ ᠪᠦᠬᠡ ᠶᠢᠨ ᠮᠠᠩᠯᠠᠢ | ᠰᠢᠯᠭᠠᠷᠠᠭᠤᠯᠬᠤ ᠤᠷᠤᠯᠲᠤᠭᠠᠨ ᠳᠤ ᠮᠦᠡᠭᠬᠦᠨ ᠮᠧᠳᠠᠯ ᠬᠦᠷᠳᠡᠵᠠᠢ᠃ | | ᠨᠠᠶᠢᠷ ᠨᠠᠭᠠᠲᠤᠮ ᠢᠶᠠᠷ ᠡᠮᠡᠭᠲᠠᠢ ᠪᠦᠬᠡ ᠶᠢᠨ ᠪᠠᠷᠢᠯᠲᠤᠭᠠᠨ ᠴᠦᠬᠡᠨ ᠪᠠᠷᠢᠯᠲᠤᠳᠠᠭ ᠴᠦ ᠤᠢᠢᠷ᠎ᠠ ᠶᠢᠨ ᠬᠡᠲᠤᠨ | ᠵᠢᠯ ᠬᠦᠯᠦᠨ ᠪᠤᠶᠢᠷ ᠤᠨ ᠬᠡᠪᠴᠢᠶᠠᠨ ᠳᠤ ᠵᠤᠬᠢᠶᠠᠨ ᠪᠠᠶᠢᠭᠤᠯᠤᠭᠳᠠᠭᠰᠠᠨ ᠡᠮᠡᠭᠲᠠᠢ ᠪᠦᠬᠡ ᠶᠢᠨ ᠪᠠᠷᠢᠯᠲᠤᠭᠠᠨ | ᠪᠤᠯᠭᠠᠨ ᠳᠤ ᠳ᠋ᠠᠷᠬᠢᠵᠠᠪ ᠵᠤᠲᠤᠭᠯᠠᠵᠤ᠂ ᠦᠪᠡᠷ ᠤᠨ ᠪᠠᠷᠢᠯᠲᠤᠭᠠᠨ ᠤ ᠮᠡᠷᠬᠡᠵᠢᠯ ᠢᠶᠠᠨ ᠪᠠᠳᠠᠷᠠᠭᠤᠯᠤᠨ ᠲᠡᠷᠢᠬᠦᠨ | ᠲᠡᠳ᠋ ᠲᠤ ᠲᠤᠲᠤᠷᠠᠵᠤ ᠢᠷᠡᠭᠰᠡᠨ ᠶᠤᠮ᠃ ᠳᠤᠷᠠᠳᠪᠠᠯ᠂ ᠮᠤᠩᠭᠤᠯ ᠪᠦᠬᠡ ᠪᠠᠷ 2012 ᠤᠨ ᠳᠤ ᠬᠦᠯᠦᠨ ᠪᠤᠶᠢᠷ | ᠬᠤᠳᠠ ᠶᠢᠨ ᠭᠤᠷᠪᠠᠳᠠᠬᠢ ᠤᠳᠠᠭᠠᠨ ᠤ ᠠᠷᠠᠳ ᠤᠨ ᠨᠠᠭᠠᠲᠤᠮ ᠤᠨ ᠡᠮᠡᠭᠲᠠᠢ ᠪᠦᠬᠡ ᠶᠢᠨ ᠪᠠᠷᠢᠯᠲᠤᠭᠠᠨ ᠳᠤ | ᠲᠡᠷᠢᠬᠦᠯᠡᠵᠤ᠂ 2014 ᠤᠨ ᠳᠤ ᠰᠢᠨ᠎ᠠ ᠪᠠᠷᠭᠤ ᠵᠡᠬᠦᠨ ᠬᠤᠰᠢᠭᠤᠨ ᠤ ᠠᠷᠠᠳ ᠤᠨ ᠨᠠᠭᠠᠲᠤᠮ ᠳᠤ ᠲᠡᠳ᠋ᠯᠡᠪᠠ᠃ | ᠨᠤᠲᠤᠭ ᠲᠠᠭᠠᠨ ᠬᠠᠷᠢᠵᠤ ᠪᠠᠭᠰᠢᠯᠠᠵᠤ ᠪᠠᠶᠢᠭ᠎ᠠ ᠴᠦ ᠳ᠋ᠠᠷᠬᠢᠵᠠᠪ ᠤᠢᠢᠷ᠎ᠠ ᠬᠤᠪᠢ ᠳᠤ ᠡᠮᠡᠭᠲᠠᠢ ᠪᠦᠬᠡ ᠶᠢᠨ | ᠪᠠᠷᠢᠯᠲᠤᠭᠠᠨ ᠵᠤᠬᠢᠶᠠᠨ ᠪᠠᠶᠢᠭᠤᠯᠤᠭᠳᠠᠪᠠᠯ ᠪᠠᠶᠢᠡᠭᠭᠤ ᠯᠠ ᠤᠴᠢᠵᠤ ᠤᠷᠤᠯᠴᠠᠳᠠᠭ᠃ ᠮᠦᠨ ᠴᠦ ᠤᠯᠠᠮᠵᠢᠯᠠᠯᠲᠦ | ᠲᠠᠮᠢᠷ ᠤᠨ ᠲᠦᠷᠦᠯ ᠪᠤᠯᠬᠤ ᠰᠤᠷ ᠬᠠᠷᠪᠤᠯᠭ᠎ᠠ ᠶᠢ ᠱᠤᠬᠤᠭᠤᠷᠬᠠᠵᠦ᠂ ᠰᠢᠨ᠎ᠠ ᠪᠠᠷᠭᠤ ᠵᠡᠬᠦᠨ ᠬᠤᠰᠢᠭᠤᠨ ᠤ | ᠪᠡᠶ᠎ᠠ ᠶᠢᠨ ᠲᠠᠮᠢᠷ ᠤᠨ ᠤᠷᠲᠤᠨ ᠳᠤ ᠠᠬ᠎ᠠ ᠡᠬᠡᠴᠢ ᠨᠠᠷ ᠤᠨ ᠢᠶᠠᠨ ᠪᠤᠯᠪᠠᠰᠤᠷᠠᠵᠤ ᠪᠠᠶᠢᠬᠤ ᠶᠢ ᠬᠠᠷᠠᠭᠠᠳ ᠬᠠᠷᠪᠤᠵᠤ | ᠦᠵᠡᠶ᠎ᠠ ᠬᠡᠵᠦ ᠪᠤᠳᠤᠳᠠᠭ ᠪᠠᠶᠢᠪᠠ᠃ ᠲᠡᠬᠦᠨ ᠤ ᠬᠠᠮᠲᠦ ᠠᠵᠢᠯᠯᠠᠭᠰᠠᠳ ᠲᠤ ᠴᠦ ᠨᠤᠮᠤ ᠰᠤᠮᠤ ᠬᠠᠷᠪᠤᠬᠤ | ᠲᠤᠷ᠎ᠠ ᠲᠠᠢ ᠬᠦᠮᠦᠰ ᠤᠯᠠᠨ ᠪᠠᠶᠢᠳᠠᠭ ᠪᠤᠯᠬᠤᠷ ᠲᠡᠷᠡ 2012 ᠤᠨ ᠤ ᠨᠠᠮᠤᠷ ᠠᠴᠠ ᠡᠬᠢᠯᠡᠨ ᠰᠤᠷ | ᠬᠠᠷᠪᠤᠯᠭ᠎ᠠ ᠶᠢᠨ ᠤᠷᠤᠯᠲᠤᠭᠠᠨ ᠳᠤ ᠤᠷᠤᠯᠴᠠᠬᠤ ᠪᠠᠷ ᠪᠤᠯᠤᠳ ᠨᠤᠮᠤ ᠶᠢᠨ ᠬᠠᠷᠪᠤᠯᠭ᠎ᠠ ᠶᠢ ᠰᠤᠷᠤᠯᠴᠠᠵᠤ᠂ | ᠤᠬᠤᠷᠬᠠᠨ ᠬᠡᠲᠤᠨ ᠰᠠᠷ᠎ᠠ ᠶᠢᠨ ᠲᠤᠲᠤᠷ᠎ᠠ ᠦᠪᠡᠷ ᠤᠨ ᠰᠤᠷ ᠬᠠᠷᠪᠤᠯᠭ᠎ᠠ ᠶᠢᠨ ᠮᠡᠷᠬᠡᠵᠢᠯ ᠢᠶᠠᠨ ᠲᠠᠰᠤᠷᠠᠯᠳᠠ ᠦᠬᠡᠢ | ᠲᠡᠬᠡᠭᠰᠢᠯᠡᠬᠦᠯᠵᠦ᠂ ᠬᠠᠭᠠᠰ ᠵᠢᠯ ᠤᠨ ᠲᠠᠷᠠᠭ᠎ᠠ ᠬᠠᠭᠤᠴᠢᠨ ᠪᠠᠷᠭᠤ ᠬᠤᠰᠢᠭᠤᠨ ᠳᠤ ᠶᠠᠪᠤᠭᠳᠠᠭᠰᠠᠨ ᠲᠤᠮᠲᠠᠲᠦ | ᠮᠤᠩᠭᠤᠯ ᠤᠷᠦᠰ ᠭᠤᠷᠪᠠᠨ ᠤᠯᠤᠰ ᠤᠨ ᠰᠤᠷ ᠬᠠᠷᠪᠤᠯᠭ᠎ᠠ ᠶᠢᠨ ᠤᠷᠢᠯᠭ᠎ᠠ ᠶᠢᠨ ᠤᠷᠤᠯᠲᠤᠭᠠᠨ ᠤ ᠡᠮᠡᠭᠲᠠᠢ ᠶᠢᠨ | ᠪᠤᠯᠤᠳ ᠨᠤᠮᠤ ᠶᠢᠨ ᠬᠠᠷᠪᠤᠯᠭ᠎ᠠ ᠳᠤ ᠲᠡᠷᠢᠬᠦᠯᠡᠵᠦ ᠪᠠᠶᠢᠭᠰᠠᠨ ᠶᠤᠮ᠃ ᠲᠡᠬᠦᠨ ᠠᠴᠠ ᠬᠤᠶᠢᠰᠢ ᠠᠵᠢᠯ ᠲᠦᠷᠦᠯ ᠤᠨ | ᠰᠢᠯᠳᠠᠭᠠᠨ ᠠᠴᠠ ᠰᠤᠷ ᠬᠠᠷᠪᠤᠯᠭ᠎ᠠ ᠪᠠᠨ ᠶᠡᠷᠦ ᠬᠠᠷᠪᠤᠭᠰᠠᠨ ᠦᠬᠡᠢ ᠶᠠᠪᠤᠭᠰᠠᠨ ᠢᠶᠠᠨ 2019 ᠤᠨ ᠠᠴᠠ ᠡᠬᠢᠯᠡᠨ | ᠰᠢᠨ᠎ᠠ ᠪᠠᠷᠭᠤ ᠵᠡᠬᠦᠨ ᠬᠤᠰᠢᠭᠤᠨ ᠤ ᠬᠠᠰᠢᠷ ᠰᠤᠷᠴᠢᠨ ᠤᠶᠤᠨᠪᠠᠲᠦ᠂ ᠭᠠᠯᠪᠠᠭᠠᠲᠤᠷ ᠬᠤᠶᠠᠷ ᠪᠠᠭᠰᠢ ᠠᠴᠠ | ᠤᠯᠠᠮᠵᠢᠯᠠᠯᠲᠦ ᠡᠪᠡᠷ ᠨᠤᠮᠤ ᠶᠢᠨ ᠬᠠᠷᠪᠤᠯᠭ᠎ᠠ ᠶᠢ ᠰᠤᠷᠤᠯᠴᠠᠵᠤ ᠡᠬᠢᠯᠡᠵᠠᠢ᠃ ᠲᠤᠷ᠎ᠠ ᠳᠤ ᠰᠢᠷ᠎ᠠ ᠦᠬᠡᠢ ᠬᠡᠳᠡᠭᠴᠢᠯᠡᠨ | ᠲᠡᠷᠡ ᠬᠡᠲᠤᠨ ᠰᠠᠷ᠎ᠠ ᠶᠢᠨ ᠬᠤᠭᠤᠴᠠᠭᠠᠨ ᠳᠤ ᠰᠤᠷ ᠬᠠᠷᠪᠤᠯᠭ᠎ᠠ ᠶᠢᠨ ᠠᠮᠳᠠᠨ ᠳᠤᠨᠢ ᠤᠷᠤᠵᠤ᠂ ᠪᠡᠶ᠎ᠠ ᠶᠢᠨ | ᠲᠠᠮᠢᠷ ᠤᠨ ᠤᠷᠲᠤᠨ ᠳᠤ ᠤᠴᠢᠵᠤ ᠨᠤᠮᠤ ᠰᠤᠮᠤ ᠪᠠᠨ ᠪᠠᠷᠢᠬᠤ ᠶᠤᠮᠰᠠᠨ ᠬᠡᠵᠦ ᠴᠢᠷᠮᠠᠶᠢᠳᠠᠭ ᠪᠤᠯᠵᠤ᠂ ᠪᠠᠭᠰᠢ | ᠨᠠᠷ ᠤᠨ ᠢᠶᠠᠨ ᠵᠢᠭᠠᠨ ᠵᠢᠯᠤᠭᠤᠲᠤᠯᠭ᠎ᠠ ᠪᠠᠷ ᠨᠤᠮᠤ ᠶᠢᠨ ᠠᠳᠬᠤᠯᠳᠠ᠂ ᠪᠡᠶ᠎ᠠ ᠶᠢᠨ ᠵᠤᠭᠰᠤᠯᠳᠠ ᠠᠴᠠ ᠡᠬᠢᠯᠡᠨ | ᠨᠢᠬᠡᠳ ᠨᠢᠬᠡ ᠪᠠᠷ ᠦᠪᠡᠷ ᠤᠨ ᠠᠯᠳᠠᠭ᠎ᠠ ᠪᠠᠨ ᠵᠠᠰᠠᠵᠤ᠂ ᠬᠠᠷᠠᠭ᠎ᠠ᠂ ᠰᠤᠮᠤᠨ ᠤ ᠲᠤᠰᠤᠯᠳᠠ ᠠᠴᠠ ᠭᠠᠷᠳᠠᠵᠤ᠂ | ᠬᠤᠪᠢ ᠶᠢᠨ ᠤᠨᠤᠭ᠎ᠠ ᠪᠠᠨ ᠲᠠᠰᠤᠷᠠᠯᠳᠠ ᠦᠬᠡᠢ ᠨᠡᠮᠡᠭᠳᠡᠬᠦᠯᠵᠦ ᠢᠷᠡᠪᠡ᠃ ᠲᠡᠷᠡ ᠤᠤᠯ ᠤᠨ ᠪᠤᠯᠤᠳ ᠨᠤᠮᠤ | ᠪᠠᠷᠢᠭᠰᠠᠨ ᠲᠠᠢ ᠪᠠᠨ ᠠᠳᠠᠯᠢ ᠪᠠᠷ ᠤᠬᠤᠷᠬᠠᠨ ᠬᠤᠭᠤᠴᠠᠭᠠᠨ ᠳᠤ ᠡᠪᠡᠷ ᠨᠤᠮᠤ ᠶᠢᠨ ᠤᠨᠤᠭ᠎ᠠ ᠪᠠᠨ ᠲᠡᠬᠡᠭᠰᠢᠯᠡᠬᠦᠯᠪᠠ᠃ | ᠨᠤᠮᠤ ᠰᠤᠮᠤ ᠶᠢᠨ ᠤᠷᠤᠯᠲᠤᠭᠠᠨ ᠳᠤ ᠤᠷᠤᠯᠴᠠᠬᠤ ᠨᠢ ᠬᠦᠮᠦᠨ ᠤ ᠰᠡᠳᠬᠢᠯ ᠤᠨ ᠲᠠᠮᠢᠷ ᠢ ᠶᠡᠭᠡ ᠪᠠᠷ ᠰᠢᠯᠭᠠᠳᠠᠭ᠃ | ᠳ᠋ᠠᠷᠬᠢᠵᠠᠪ ᠤᠨ ᠬᠤᠪᠢ ᠳᠤ ᠤᠤᠯ ᠨᠢ ᠪᠦᠬᠡ ᠶᠢᠨ ᠲᠡᠪᠵᠢᠶᠠᠨ ᠳᠤ ᠤᠯᠠᠨ ᠤᠳᠠᠭ᠎ᠠ ᠪᠠᠷᠢᠯᠲᠤᠵᠤ ᠶᠠᠪᠤᠭᠰᠠᠨ ᠲᠤᠯᠠ | ᠰᠤᠷ ᠬᠠᠷᠪᠤᠯᠭ᠎ᠠ ᠶᠢᠨ ᠤᠷᠤᠯᠲᠤᠭᠠᠨ ᠳᠤ ᠤᠷᠤᠯᠴᠠᠬᠤ ᠳᠤ ᠰᠡᠳᠬᠢᠴᠡ ᠶᠢᠨ ᠲᠤᠬᠢᠷᠠᠭᠤᠯᠭ᠎ᠠ ᠰᠠᠶᠢᠠᠲᠠᠢ ᠪᠠᠶᠢᠵᠤ᠂ | ᠬᠦᠴᠦᠨ ᠤ ᠪᠡᠯᠡᠳᠬᠡᠯ ᠬᠦᠢᠴᠡᠳ ᠤᠴᠢᠷ ᠠᠴᠠ ᠤᠨᠢᠯᠠᠬᠤ ᠴᠠᠭ ᠢᠶᠠᠨ ᠵᠤᠬᠢᠰᠲᠠᠢ ᠲᠤᠬᠢᠷᠠᠭᠤᠯᠵᠤ᠂ ᠶᠡᠭᠡ | ᠤᠷᠤᠯᠲᠤᠭᠠᠨ ᠳᠤ ᠬᠢᠷᠢ ᠲᠦᠪᠰᠢᠨ ᠢᠶᠠᠨ ᠪᠠᠳᠠᠷᠠᠭᠤᠯᠵᠤ ᠴᠢᠳᠠᠳᠠᠭ᠃ | ᠲᠤᠷᠠᠲᠠᠢ ᠦᠢᠯᠡᠰ ᠤᠨ ᠢᠶᠠᠨ ᠲᠦᠯᠦᠬᠡ ᠵᠤᠷᠢᠭ ᠰᠢᠨᠳᠠᠷᠠᠰᠢ ᠦᠬᠡᠢ ᠴᠢᠷᠮᠠᠶᠢᠳᠠᠭ ᠲᠡᠷᠡ ᠪᠠᠷ ᠡᠪᠡᠷ ᠨᠤᠮᠤ ᠶᠢᠨ | ᠬᠠᠷᠪᠤᠯᠭ᠎ᠠ ᠶᠢᠨ ᠤᠷᠤᠯᠲᠤᠭᠠᠨ ᠳᠤ ᠤᠷᠤᠯᠴᠠᠭᠠᠳ ᠤᠳᠠᠭ᠎ᠠ ᠦᠬᠡᠢ ᠪᠤᠯᠪᠠᠴᠤ ᠨᠡᠯᠢᠶᠡᠳ ᠦᠨᠲᠦᠷ ᠲᠡᠰ ᠤᠨ | ᠤᠷᠤᠯᠲᠤᠭᠠᠨ ᠳᠤ ᠰᠢᠯᠢᠳᠡᠭ ᠬᠢᠷᠢ ᠪᠦᠲᠦᠮᠵᠢ ᠶᠢ ᠭᠠᠷᠭᠠᠭᠠᠳ ᠪᠠᠶᠢᠭ᠎ᠠ ᠨᠢ ᠳᠡᠬᠦᠨ ᠤ ᠬᠤᠪᠢ ᠪᠠᠶ᠎ᠠ ᠶᠢᠨ | ᠴᠢᠷᠮᠡᠶᠢᠯᠭ᠎ᠠ ᠲᠠᠢ ᠬᠤᠯᠪᠤᠭ᠎ᠠ ᠲᠠᠢ᠃ ᠦᠬᠡᠢ ᠪᠤᠯ ᠬᠡᠷᠬᠢᠨ 2019 ᠤᠨ ᠤ 12 ᠰᠠᠷ᠎ᠠ ᠳᠤ ᠶᠠᠪᠤᠭᠳᠠᠭᠰᠠᠨ | ᠬᠦᠯᠦᠨ ᠪᠤᠶᠢᠷ ᠬᠤᠳᠠ ᠶᠢᠨ ᠤᠯᠠᠮᠵᠢᠯᠠᠯᠲᠦ ᠲᠦᠡᠭᠬᠦ᠂ ᠪᠦᠯᠦᠩ ᠬᠠᠷᠪᠤᠯᠭ᠎ᠠ ᠶᠢᠨ ᠬᠤᠪᠢ ᠲᠡᠮᠳᠡᠭᠯᠡᠬᠦ ᠴᠦᠷᠬᠦᠯᠡᠭᠡ | ᠤᠷᠤᠯᠲᠤᠭᠠᠨ ᠤ ᠰᠢᠢᠳᠪᠦᠷᠢᠲᠦ ᠤᠷᠤᠯᠲᠤᠭᠠᠨ ᠤ ᠡᠮᠡᠭᠲᠠᠢ ᠶᠢᠨ ᠪᠦᠯᠦᠩ ᠬᠠᠷᠪᠤᠯᠭ᠎ᠠ ᠶᠢᠨ ᠨᠢᠬᠡᠲᠦᠬᠡᠷ ᠲᠡᠰ ᠲᠤ | ᠲᠤᠲᠤᠷᠠᠵᠤ᠂ ᠡᠮᠡᠭᠲᠠᠢ ᠶᠢᠨ ᠪᠦᠯᠦᠩ ᠬᠠᠷᠪᠤᠯᠭ᠎ᠠ ᠳᠤ ᠲᠡᠬᠡᠲᠦ ᠨᠠᠢᠮᠠ ᠳᠤ ᠲᠤᠲᠤᠷᠠᠵᠤ᠂ ᠡᠧᠠᠩᠬᠢ ᠬᠤᠰᠢᠭᠤᠨ ᠤ | ᠡᠪᠦᠯ ᠤᠨ ᠤᠯᠠᠷᠢᠯ ᠤᠨ ᠵᠤᠭᠠᠴᠠᠯ ᠤᠨ ᠰᠤᠶᠤᠯ ᠤᠨ ᠦᠵᠡᠬᠦᠯᠬᠡ ᠶᠢᠨ ᠠᠵᠢᠯᠯᠠᠭ᠎ᠠ ᠶᠢᠨ ᠡᠮᠡᠭᠲᠠᠢ ᠶᠢᠨ ᠪᠦᠯᠦᠩ | ᠬᠠᠷᠪᠤᠯᠭ᠎ᠠ ᠶᠢᠨ ᠤᠷᠤᠯᠲᠤᠭᠠᠨ ᠳᠤ ᠬᠤᠶᠠᠲᠤᠭᠠᠷ ᠳᠡᠰ ᠲᠤ ᠤᠷᠤᠬᠤ ᠪᠢᠯᠡ︖ ᠴᠢᠷᠮᠠᠶᠢᠯᠭ᠎ᠠ ᠦᠨᠡᠬᠡᠷ ᠬᠦᠮᠦᠨ ᠢ | ᠭᠤᠮᠤᠳᠠᠭᠠᠳᠠᠭ ᠦᠬᠡᠢ ᠶᠤᠮ᠃ | ᠪᠦᠬᠡ ᠶᠢᠨ ᠪᠠᠷᠢᠯᠲᠤᠭᠠᠨ ᠢᠶᠠᠷ ᠤᠯᠠᠨ ᠵᠢᠯ ᠪᠠᠷᠢᠯᠲᠤᠵᠤ ᠨᠤᠲᠤᠭ ᠤᠨ ᠵᠤᠨ ᠲᠦᠮᠡᠨ ᠢᠶᠠᠨ ᠪᠠᠶᠠᠰᠬᠠᠵᠤ | ᠶᠠᠪᠤᠭᠰᠠᠨ ᠳ᠋ᠠᠷᠬᠢᠵᠠᠪ ᠨᠠᠯᠢᠶᠠᠳ ᠬᠤᠵᠢᠭᠤ ᠨᠤᠮᠤ ᠰᠤᠮᠤ ᠶᠢᠨ ᠬᠠᠷᠪᠤᠯᠭ᠎ᠠ ᠳᠤ ᠤᠷᠤᠭᠰᠠᠨ ᠬᠢᠷᠢᠨ᠎ᠠ ᠤᠯᠠᠨ ᠠᠴᠠ | ᠤᠷᠦ᠋ᠢᠯᠠᠭᠰᠠᠨ ᠬᠢᠷᠢ ᠪᠦᠲᠦᠮᠵᠢ ᠶᠢ ᠭᠠᠷᠭᠠᠵᠤ᠂ ᠨᠤᠮᠤ ᠰᠤᠮᠤ ᠶᠢᠨ ᠲᠠᠯᠠᠪᠠᠢ ᠶᠢᠨ ᠪᠠᠰᠠ ᠨᠢᠬᠡᠨ ᠤᠲᠤᠨ ᠪᠤᠯᠤᠨ | ᠬᠢᠯᠠᠷᠠᠭᠤᠯᠵᠤ ᠶᠠᠪᠤᠨ᠎ᠠ᠃ | |