ᠪᠦᠬᠡ ᠶᠢᠨ ᠦᠢᠯᠡᠰ ᠲᠤ ᠦᠨᠠᠨᠴᠢ ᠵᠢᠳᠬᠦᠭᠴᠢ
ᠨᠡᠶᠢᠲᠡᠯᠡᠭᠰᠡᠨ ᠴᠠᠭ᠄
2021/7/7
    ᠬᠦᠬᠦᠯᠡ ᠪᠦᠬᠡ ᠶᠢᠨ ᠲᠤᠮᠤᠭᠲᠦ ᠨᠤᠲᠤᠭ᠂ ᠲᠤᠯᠢᠶᠠᠲᠦ ᠪᠦᠬᠡ ᠶᠢᠨ ᠲᠠᠭᠱᠢᠨ ᠤᠷᠤᠨ ᠬᠠᠭᠤᠴᠢᠨ ᠪᠠᠷᠭᠤ ᠠᠴᠠ ᠦᠶ᠎ᠠ ᠦᠶ᠎ᠠ ᠶᠢᠨ ᠤᠲᠤᠮᠲᠦ ᠪᠦᠬᠡᠴᠤᠳ ᠴᠤᠯᠭᠤᠷᠠᠨ ᠨᠤᠲᠤᠭ ᠤᠨ ᠵᠤᠨ ᠲᠦᠮᠡᠨ ᠢᠶᠠᠨ ᠪᠠᠶᠠᠰᠬᠠᠨ ᠶᠠᠪᠤᠳᠠᠭ ᠪᠢᠯᠡ᠃ ᠰᠤᠷᠪᠤᠯᠵᠢᠯᠠᠭᠴᠢ ᠡᠳᠡᠬᠡᠷ ᠠᠯᠲᠠᠷᠲᠦ ᠪᠦᠬᠡᠴᠤᠳ ᠤᠨ ᠬᠠᠯᠠᠭ᠎ᠠ ᠶᠢ ᠵᠠᠯᠭᠠᠬᠤ ᠦᠰᠪᠦᠷᠢ ᠶᠢᠨ ᠪᠦᠬᠡᠴᠤᠳ ᠢ ᠬᠦᠮᠦᠵᠢᠬᠦᠯᠬᠦ ᠬᠦᠨᠲᠦ ᠡᠬᠦᠷᠬᠡ ᠶᠢ ᠬᠦᠯᠢᠶᠡᠨ ᠶᠠᠪᠤᠭ᠎ᠠ ᠪᠦᠬᠡ ᠶᠢᠨ ᠰᠤᠷᠭᠠᠭᠴᠢ ᠠᠰᠬ᠎ᠠ ᠶᠢ ᠠᠵᠠ ᠪᠠᠷ ᠰᠤᠷᠪᠤᠯᠵᠢᠯᠠᠵᠤ ᠪᠢᠯᠡ᠃
    ᠠᠰᠬ᠎ᠠ ᠬᠠᠭᠤᠴᠢᠨ ᠪᠠᠷᠭᠤ ᠬᠤᠰᠢᠭᠤᠨ ᠤ ᠦᠨᠲᠦᠰᠦᠳᠡᠨ ᠤ ᠲᠤᠮᠲᠠᠲᠦ ᠰᠤᠷᠭᠠᠭᠤᠯᠢ ᠶᠢᠨ ᠪᠡᠶ᠎ᠠ ᠶᠢᠨ ᠲᠠᠮᠢᠷ ᠤᠨ ᠪᠠᠭᠰᠢ᠂ ᠪᠦᠬᠡ ᠶᠢᠨ ᠬᠢᠴᠢᠶᠡᠯ ᠤᠨ ᠪᠠᠭᠰᠢ᠂ ᠲᠤᠮᠲᠠᠲᠦ  ᠮᠠᠶ᠋ᠢᠭ ᠤᠨ ᠪᠦᠬᠡ ᠶᠢᠨ ᠤᠯᠤᠰ ᠤᠨ ᠨᠢᠬᠡᠲᠦᠬᠡᠷ ᠲᠡᠰ ᠤᠨ ᠬᠢᠨᠠᠭᠴᠢ᠃ ᠲᠡᠷᠡ ᠪᠦᠬᠡᠴᠢᠨ ᠤ ᠠᠯᠳᠠᠷ ᠢ ᠡᠷᠬᠦᠨ ᠶᠠᠪᠤᠭ᠎ᠠ ᠴᠠᠭ ᠨᠢ ᠤᠬᠤᠷᠬᠠᠨ ᠴᠦ ᠪᠦᠬᠡ ᠶᠢᠨ ᠦᠢᠯᠡᠰ ᠲᠤ ᠦᠯᠠᠮᠵᠢ ᠵᠢᠳᠬᠦᠯ ᠢᠶᠠᠨ ᠦᠵᠡᠬᠦᠯᠦᠨ ᠶᠠᠪᠤᠭ᠎ᠠ ᠵᠠᠯᠠᠭᠤ ᠦᠶ᠎ᠠ ᠶᠢᠨ ᠰᠤᠲᠤᠨ ᠰᠤᠷᠭᠠᠭᠴᠢ ᠪᠤᠯᠬᠤ ᠶᠤᠮ᠃ ᠮᠦᠨ ᠴᠦ ᠲᠤᠮᠲᠠᠲᠦ ᠮᠠᠶ᠋ᠢᠭ ᠤᠨ ᠪᠦᠬᠡ ᠶᠢᠨ ᠬᠢᠨᠠᠭᠴᠢ ᠶᠢᠨ ᠠᠵᠢᠯ ᠢ ᠤᠯᠠᠨ ᠵᠢᠯ ᠬᠢᠵᠦ᠂ ᠲᠤᠮᠲᠠᠲᠦ  ᠮᠠᠶ᠋ᠢᠭ  ᠤᠨ  ᠪᠦᠬᠡ ᠶᠢᠨ  ᠤᠯᠤᠰ  ᠤᠨ  ᠨᠢᠬᠡᠲᠦᠬᠡᠷ  ᠲᠡᠰ ᠤᠨ  ᠬᠢᠨᠠᠭᠴᠢ  ᠶᠢᠨ  ᠬᠤᠪᠢ  ᠪᠠᠷ ᠤᠯᠤᠰ᠂ ᠤᠷᠤᠨ᠂ ᠬᠤᠳᠠ ᠶᠢᠨ ᠵᠠᠯᠠᠭᠤᠴᠤᠳ ᠪᠠᠭᠠᠴᠤᠳ ᠤᠨ ᠲᠤᠮᠲᠠᠲᠦ  ᠮᠠᠶ᠋ᠢᠭ ᠤᠨ ᠪᠦᠬᠡ ᠶᠢᠨ ᠤᠯᠠᠨ ᠤᠷᠤᠯᠲᠤᠭᠠᠨ ᠳᠤ ᠬᠢᠨᠠᠭᠴᠢ ᠪᠠᠷ ᠶᠠᠪᠤᠭ᠎ᠠ ᠰᠢᠯᠢᠳᠡᠭ ᠬᠢᠨᠠᠭᠴᠢ ᠪᠤᠯᠤᠨ᠎ᠠ᠃     ᠠᠰᠬ᠎ᠠ ᠬᠠᠭᠤᠴᠢᠨ ᠪᠠᠷᠭᠤ ᠶᠢᠨ ᠲᠤᠯᠤᠭᠠᠳᠠᠨ ᠬᠤᠷᠯᠠᠳ ᠬᠠᠯᠠ ᠲᠠᠢ᠂ ᠬᠠᠭᠤᠴᠢᠨ ᠪᠠᠷᠭᠤ ᠬᠤᠰᠢᠭᠤᠨ ᠤ ᠤᠡᠭᠭᠤᠨ ᠳᠤ ᠲᠦᠷᠦᠵᠤ ᠦᠰᠴᠠᠢ᠃ ᠲᠡᠷᠡ ᠪᠠᠷ ᠬᠠᠷᠠᠬᠠᠨ ᠪᠠᠭ᠎ᠠ ᠳᠠᠭᠠᠨ ᠲᠡᠬᠦᠨ ᠤ ᠤᠪᠤᠭ ᠬᠠᠯᠠ ᠶᠢᠨ ᠲᠤᠮᠳᠠ ᠠᠴᠠ ᠠᠬᠠᠮᠠᠳ ᠦᠶ᠎ᠠ ᠶᠢᠨ ᠲᠤᠮᠤᠭᠲᠦ ᠪᠦᠬᠡ ᠬᠦᠬᠦᠯᠡ ᠶᠢᠨ ᠲᠤᠬᠠᠢ ᠦᠯᠢᠬᠡᠷ ᠲᠤᠮᠤᠭ ᠢ ᠲᠤᠮᠤᠴᠤᠤᠯ ᠠᠴᠠ ᠪᠠᠨ ᠤᠯᠠᠨ ᠰᠤᠨᠤᠰᠴᠦ ᠶᠠᠪᠤᠭᠰᠠᠨ ᠠᠴᠠ ᠬᠡᠤᠬᠡᠳ ᠤᠨ ᠤᠶᠤᠨ ᠤᠬᠠᠭᠠᠨ ᠳᠠᠭᠠᠨ ᠬᠤᠵᠢᠮ ᠰᠠᠶᠢᠨ ᠪᠦᠬᠡ ᠪᠤᠯᠤᠨ᠎ᠠ ᠳ᠋ᠠ ᠬᠡᠮᠡᠨ ᠬᠠᠳᠠᠭᠤ ᠪᠤᠲᠤᠵᠤ ᠶᠠᠪᠤᠵᠠᠢ᠃ ᠡᠨᠡ ᠬᠦᠰᠡᠯᠡᠩ ᠳᠡᠭᠡᠨ ᠬᠦᠲᠦᠯᠦᠭᠳᠡᠵᠦ᠂ ᠰᠤᠮᠤᠨ ᠤ ᠨᠠᠭᠠᠲᠤᠮ ᠤᠨ ᠬᠡᠤᠬᠡᠳ ᠤᠨ ᠪᠦᠬᠡ ᠳᠤ ᠪᠠᠷᠢᠯᠲᠤᠨ ᠦᠵᠦᠬᠦᠷᠯᠡᠬᠡᠳ ᠤᠷᠮᠠᠰᠢᠵᠤ ᠪᠠᠶᠢᠭᠰᠠᠨ ᠤᠳᠠᠭ᠎ᠠ ᠲᠠᠢ᠃
    ᠬᠠᠷᠠᠬᠠᠨ ᠪᠠᠭ᠎ᠠ ᠠᠴᠠ ᠪᠠᠨ ᠪᠡᠶ᠎ᠠ ᠶᠢᠨ ᠲᠠᠮᠢᠷ ᠲᠤ ᠲᠤᠷ᠎ᠠ ᠪᠠᠬ᠎ᠠ ᠲᠠᠢ᠂ ᠦᠶ᠎ᠠ ᠬᠤᠷᠠᠭ ᠤᠨ ᠬᠡᠤᠬᠡᠳ ᠲᠠᠢ ᠪᠠᠨ ᠨᠤᠴᠤᠯᠲᠤᠨ ᠪᠠᠷᠢᠯᠲᠤᠵᠤ ᠦᠰᠦᠭᠰᠡᠨ ᠠᠴᠠ ᠤᠯᠠᠮᠵᠢᠯᠠᠯᠲᠦ ᠲᠠᠮᠢᠷ ᠤᠨ ᠲᠦᠷᠦᠯ ᠪᠤᠯᠬᠤ ᠪᠦᠬᠡ ᠳᠤ ᠠᠷᠭ᠎ᠠ ᠦᠬᠡᠢ ᠰᠤᠨᠢᠷᠬᠠᠯ ᠲᠠᠢ ᠪᠤᠯᠤᠭᠰᠠᠨ ᠨᠢᠬᠡᠨ᠃ ᠪᠠᠰᠠ ᠦᠪᠦᠷ ᠮᠤᠩᠭᠤᠯ ᠤᠨ ᠤᠲᠤᠨ ᠲᠧᠯᠧᠢᠰ᠂ ᠲᠦᠪ ᠲᠧᠯᠧᠢᠰ ᠤᠨ ᠲᠠᠮᠢᠷ ᠤᠨ ᠰᠤᠪᠠᠭ ᠢᠶᠠᠷ ᠪᠦᠬᠡ ᠶᠢᠨ ᠪᠠᠷᠢᠯᠲᠤᠭᠠᠨ ᠭᠠᠷᠬᠤ ᠪᠤᠯᠭᠠᠨ ᠳᠤ ᠠᠯᠳᠠᠯ ᠦᠬᠡᠢ ᠦᠵᠡᠵᠤ᠂ ᠪᠦᠬᠡ ᠪᠤᠯᠬᠤ ᠮᠦᠷᠦᠬᠡᠲᠦᠯ ᠲᠠᠢ ᠦᠰᠴᠠᠢ᠃     ᠲᠡᠬᠦᠨ ᠢ 1995 ᠤᠨ ᠤ ᠲᠡᠬᠡᠲᠦ ᠬᠤᠭᠤᠴᠠᠭ᠎ᠠ ᠳᠤ ᠬᠠᠭᠤᠴᠢᠨ ᠪᠠᠷᠭᠤ ᠬᠤᠰᠢᠭᠤᠨ ᠤ ᠬᠤᠶᠠᠲᠤᠭᠠᠷ ᠲᠤᠮᠲᠠᠲᠦ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠬᠦᠯᠦᠨ ᠪᠤᠶᠢᠷ ᠬᠤᠳᠠ ᠶᠢᠨ ᠪᠡᠶ᠎ᠠ ᠶᠢᠨ ᠲᠠᠮᠢᠷ ᠤᠨ ᠰᠤᠷᠭᠠᠭᠤᠯᠢ ᠶᠢᠨ ᠪᠦᠬᠡ ᠶᠢᠨ ᠰᠤᠷᠭᠠᠭᠴᠢ ᠰᠤᠷᠤᠭᠴᠢ ᠡᠯᠰᠡᠬᠦ ᠪᠠᠷ ᠢᠷᠡᠬᠡᠳ ᠠᠰᠬ᠎ᠠ ᠶᠢ ᠦᠵᠡᠵᠦ ᠲᠤᠭᠤᠭᠠᠳ ᠪᠦᠬᠡ ᠶᠢᠨ ᠠᠩᠬᠢ ᠳᠤ ᠰᠤᠩᠭᠤᠨ ᠡᠯᠰᠡᠪᠡ᠃ ᠲᠡᠷᠡ ᠴᠠᠭ ᠠᠴᠠ ᠡᠬᠢᠯᠡᠨ ᠴᠢᠯᠦᠬᠡᠲᠦ ᠪᠦᠬᠡ ᠪᠠᠷ ᠲᠤᠮᠳᠠ ᠵᠡᠷᠬᠡ ᠶᠢᠨ ᠲᠤᠰᠬᠠᠢ ᠮᠡᠷᠬᠡᠵᠢᠯ ᠤᠨ ᠰᠤᠷᠭᠠᠭᠤᠯᠢ ᠳᠤ ᠬᠢᠴᠢᠶᠡᠯᠯᠡᠵᠦ᠂ ᠲᠠᠷᠠᠭ᠎ᠠ ᠵᠢᠯ ᠳᠤᠨᠢ ᠦᠪᠦᠷ ᠮᠤᠩᠭᠤᠯ ᠤᠨ ᠵᠠᠯᠠᠭᠤᠴᠤᠳ ᠪᠠᠭᠠᠴᠤᠳ ᠤᠨ ᠴᠢᠯᠦᠬᠡᠲᠦ ᠪᠦᠬᠡ ᠶᠢᠨ ᠤᠷᠤᠯᠲᠤᠭᠠᠨ ᠳᠤ ᠤᠷᠤᠯᠴᠠᠵᠤ᠂ 63 ᠺᠢᠯᠦᠭᠷᠠᠮ ᠤᠨ ᠲᠡᠰ ᠲᠤ ᠬᠦᠷᠡᠯ ᠮᠧᠳᠠᠯ ᠬᠦᠷᠳᠡᠪᠡ᠃ ᠲᠡᠷᠡ ᠵᠢᠯ ᠤᠨ 11 ᠰᠠᠷ᠎ᠠ ᠳᠤ ᠬᠦᠬᠡᠬᠤᠳᠠ ᠳᠤ ᠦᠪᠦᠷ ᠮᠤᠩᠭᠤᠯ ᠤᠨ ᠭᠤᠷᠪᠠᠲᠤᠭᠠᠷ ᠶᠡᠭᠡ ᠠᠩᠬᠢ ᠳᠤ ᠵᠢᠩᠬᠢᠨᠢ ᠲᠠᠮᠢᠷᠴᠢᠨ ᠢᠶᠠᠷ ᠦᠯᠡᠳᠡᠵᠦ᠂ ᠮᠡᠷᠬᠡᠵᠢᠯ ᠤᠨ ᠪᠦᠬᠡ ᠶᠢᠨ ᠪᠤᠯᠪᠠᠰᠤᠷᠠᠯ ᠢᠶᠠᠨ ᠡᠬᠢᠯᠡᠬᠦᠯᠵᠠᠢ᠃ ᠭᠡᠪᠡᠴᠤ ᠪᠡᠷᠳᠡᠯ ᠤᠨ ᠰᠢᠯᠳᠠᠭᠠᠨ ᠠᠴᠠ ᠪᠦᠬᠡ ᠶᠢᠨ ᠠᠩᠬᠢ ᠠᠴᠠ ᠪᠠᠭᠤᠵᠤ ᠨᠤᠲᠤᠭ ᠲᠠᠭᠠᠨ ᠪᠤᠴᠠᠵᠠᠢ᠃ 2007 ᠤᠨ ᠠᠴᠠ ᠬᠠᠭᠤᠴᠢᠨ ᠪᠠᠷᠭᠤ ᠬᠤᠰᠢᠭᠤᠨ ᠤ ᠲᠠᠮᠢᠷ ᠤᠨ ᠰᠤᠷᠭᠠᠭᠤᠯᠢ ᠶᠢᠨ ᠴᠢᠯᠦᠬᠡᠲᠦ ᠪᠦᠬᠡ ᠶᠢᠨ ᠲᠤᠷᠰᠢᠯᠳᠠ ᠶᠢᠨ ᠪᠠᠭᠰᠢ ᠪᠠᠷ ᠠᠵᠢᠯᠯᠠᠵᠤ᠂ ᠡᠨᠡ ᠲᠤᠮᠳᠠ ᠪᠠᠨ ᠴᠢᠯᠦᠬᠡᠲᠦ ᠪᠦᠬᠡ ᠶᠢᠨ ᠮᠡᠷᠬᠡᠵᠢᠯ ᠰᠤᠷᠤᠯᠴᠠᠬᠤ ᠬᠦᠰᠡᠯ ᠲᠠᠢ ᠵᠠᠯᠠᠭᠤᠴᠤᠳ ᠪᠠᠭᠠᠴᠤᠳ ᠲᠤ ᠪᠦᠬᠡ ᠶᠢᠨ ᠮᠡᠷᠬᠡᠵᠢᠯ ᠵᠢᠭᠠᠵᠤ ᠪᠠᠶᠢᠪᠠ᠃
    ᠴᠢᠯᠦᠬᠡᠲᠦ ᠪᠦᠬᠡ ᠶᠢᠨ ᠠᠩᠬᠢ ᠠᠴᠠ ᠪᠠᠨ ᠪᠤᠴᠠᠵᠤ ᠢᠷᠡᠬᠡᠳ ᠪᠠᠶᠢᠬᠤ ᠳᠤ ᠬᠠᠭᠤᠴᠢᠨ ᠪᠠᠷᠭᠤ ᠬᠤᠰᠢᠭᠤᠨ ᠤ ᠪᠡᠶ᠎ᠠ ᠶᠢᠨ ᠲᠠᠮᠢᠷ ᠤᠨ ᠤᠷᠲᠤᠨ ᠤ ᠲᠠᠮᠢᠷ ᠤᠨ ᠰᠤᠷᠭᠠᠭᠤᠯᠢ ᠶᠢᠨ ᠵᠠᠬᠢᠷᠤᠯ ᠬᠤᠪᠢᠰᠬᠠᠯᠲᠦ ᠠᠴᠠ ᠲᠡᠬᠦᠨ ᠢ ᠬᠤᠳᠠ ᠶᠢᠨ ᠵᠠᠯᠠᠭᠤᠴᠤᠳ ᠪᠠᠭᠠᠴᠤᠳ ᠤᠨ ᠲᠤᠮᠲᠠᠲᠦ  ᠮᠠᠶ᠋ᠢᠭ ᠤᠨ ᠪᠦᠬᠡ ᠶᠢᠨ ᠤᠷᠤᠯᠲᠤᠭᠠᠨ ᠳᠤ ᠬᠢᠨᠠᠭᠴᠢ ᠪᠤᠯᠬᠤ ᠡᠰᠡᠬᠦ ᠲᠤᠬᠠᠢ ᠠᠰᠠᠭᠤᠪᠠ᠃ ᠪᠦᠬᠡ ᠳᠤ ᠰᠤᠨᠢᠷᠬᠠᠯ ᠲᠠᠢ ᠠᠰᠬ᠎ᠠ ᠲᠡᠷᠡ ᠴᠠᠭ ᠠᠴᠠ ᠡᠬᠢᠯᠡᠨ ᠪᠦᠬᠡ ᠶᠢᠨ ᠬᠢᠨᠠᠭᠴᠢ ᠶᠢᠨ ᠠᠵᠢᠯ ᠳᠤ ᠬᠢᠴᠢᠶᠡᠩᠬᠦ᠋ᠢᠯᠡᠨ ᠤᠷᠤᠯᠴᠠᠵᠤ᠂ ᠤᠷᠤᠯᠲᠤᠭᠠᠨ ᠤ ᠲᠠᠯᠠᠪᠠᠢ ᠶᠢᠨ ᠡᠬᠦᠷᠬᠡ ᠬᠦᠨᠲᠦ ᠠᠵᠢᠯ ᠤᠨ ᠪᠠᠶᠢᠷᠢ ᠳᠤ ᠠᠷᠪᠠᠨ ᠬᠡᠲᠤᠨ ᠵᠢᠯ ᠴᠢᠷᠮᠠᠶᠢᠨ ᠠᠵᠢᠯᠯᠠᠵᠤ ᠢᠷᠡᠪᠠ᠃ ᠲᠡᠷᠡ ᠪᠦᠬᠡ ᠶᠢᠨ ᠬᠢᠨᠠᠭᠴᠢ ᠪᠤᠯᠤᠭᠰᠠᠨ ᠤ ᠲᠠᠷᠠᠭ᠎ᠠ ᠮᠡᠷᠬᠡᠵᠢᠯ ᠲᠡᠬᠡᠭᠰᠢᠯᠡᠬᠦᠯᠬᠦ ᠪᠠᠷ ᠬᠤᠶᠠᠷ ᠤᠳᠠᠭ᠎ᠠ ᠬᠤᠪᠢ ᠶᠢᠨ ᠰᠦᠢᠳᠬᠡᠯ ᠢᠶᠠᠷ ᠬᠦᠬᠡᠬᠤᠳᠠ ᠳᠤ ᠬᠦᠷᠴᠦ ᠲᠤᠰᠬᠠᠢ ᠮᠡᠷᠬᠡᠵᠢᠯ ᠤᠨ ᠬᠢᠨᠠᠭᠴᠢ ᠶᠢᠨ ᠪᠤᠯᠪᠠᠰᠤᠷᠠᠯ ᠳᠤ ᠤᠷᠤᠯᠴᠠᠨ ᠮᠡᠷᠬᠡᠵᠢᠯ ᠢᠶᠠᠨ ᠲᠡᠬᠡᠭᠰᠢᠯᠡᠬᠦᠯᠵᠤ ᠶᠠᠪᠤᠭᠰᠠᠨ ᠠᠵᠢ᠃ 2017 ᠤᠨ ᠤ 12 ᠰᠠᠷ᠎ᠠ ᠳᠤ ᠬᠦᠬᠡᠬᠤᠳᠠ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠶᠡᠭᠡ ᠰᠤᠷᠭᠠᠭᠤᠯᠢ ᠶᠢᠨ ᠤᠶᠤᠳᠠᠳ᠂ ᠪᠦᠬᠡ ᠶᠢᠨ ᠺᠯᠦ᠋ᠪ ᠤᠨ ᠲᠤᠮᠲᠠᠲᠦ  ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠲᠤᠭᠠᠨ ᠶᠠᠪᠤᠭᠳᠠᠵᠤ᠂ ᠲᠡᠷᠡ ᠬᠢᠨᠠᠭᠴᠢ ᠶᠢᠨ ᠠᠵᠢᠯ ᠢ ᠬᠢᠬᠦ ᠶᠢᠨ ᠲᠠᠭᠠᠤ ᠤᠯᠤᠰ ᠤᠨ ᠲᠤᠮᠲᠠᠲᠦ ᠮᠠᠶ᠋ᠢᠭ ᠤᠨ ᠪᠦᠬᠡ ᠶᠢᠨ ᠬᠤᠶᠠᠲᠤᠭᠠᠷ ᠲᠡᠰ ᠤᠨ ᠬᠢᠨᠠᠭᠴᠢ ᠶᠢᠨ ᠦᠨᠠᠮᠯᠠᠯ ᠢ ᠰᠢᠯᠭᠠᠨ ᠠᠪᠤᠭᠰᠠᠨ ᠶᠤᠮ᠃ ᠬᠤᠶᠠᠲᠤᠭᠠᠷ ᠲᠡᠰ ᠤᠨ ᠦᠨᠠᠮᠯᠠᠯ ᠢ ᠰᠢᠯᠭᠠᠭᠰᠠᠨ ᠤ ᠬᠤᠶᠠᠷ ᠵᠢᠯ ᠤᠨ ᠲᠠᠷᠠᠭ᠎ᠠ᠂ ᠳᠠᠷᠤᠢ 2019 ᠤᠨ ᠳᠤ ᠲᠡᠷᠡ ᠤᠯᠤᠰ ᠤᠨ ᠲᠤᠮᠲᠠᠲᠦ  ᠮᠠᠶ᠋ᠢᠭ ᠤᠨ ᠪᠦᠬᠡ ᠶᠢᠨ ᠨᠢᠬᠡᠲᠦᠬᠡᠷ ᠲᠡᠰ ᠤᠨ ᠬᠢᠨᠠᠭᠴᠢ ᠶᠢᠨ ᠦᠨᠠᠮᠯᠠᠯ ᠢ ᠰᠢᠯᠭᠠᠨ ᠤᠯᠪᠠ᠃
    ᠪᠦᠬᠡ ᠶᠢᠨ ᠬᠢᠨᠠᠭᠴᠢ ᠶᠢᠨ ᠠᠵᠢᠯ ᠬᠡᠵᠦ ᠬᠢᠨᠠᠭᠤᠷ ᠠᠵᠢᠯ᠃ ᠤᠷᠤᠯᠲᠤᠭᠠᠨ ᠤ ᠲᠤᠮᠳᠠ ᠤᠷᠤᠯᠴᠠᠵᠤ ᠪᠠᠶᠢᠭ᠎ᠠ ᠲᠠᠮᠢᠷᠴᠢᠳ ᠲᠠᠢ ᠠᠳᠠᠯᠢᠬᠠᠨ ᠢᠶᠠᠷ ᠰᠡᠳᠬᠢᠯ ᠰᠠᠨᠠᠭ᠎ᠠ ᠪᠠᠨ ᠲᠦᠪᠯᠡᠷᠡᠬᠦᠯᠦᠨ ᠤᠷᠤᠯᠲᠤᠭᠠᠨ ᠤ ᠪᠦᠬᠦ ᠶᠠᠪᠤᠴᠠ ᠶᠢ ᠪᠦᠷᠢᠨ ᠤᠢᠢᠯᠠᠭᠠᠭᠰᠠᠨ ᠪᠠᠶᠢᠬᠤ ᠶᠢ ᠱᠠᠭᠠᠷᠳᠠᠳᠠᠭ᠃ ᠰᠢᠯᠢᠳᠡᠭ ᠬᠢᠨᠠᠭᠴᠢ ᠪᠠᠶᠢᠪᠠᠯ ᠰᠠᠶ᠋ᠢ ᠤᠷᠤᠯᠲᠤᠭᠠᠨ ᠡᠮᠬᠢ ᠴᠡᠭᠴᠡ ᠲᠠᠢ᠂ ᠲᠦᠪ ᠭᠤᠤᠯᠴᠢ᠂ ᠢᠯᠭᠤᠮ ᠤᠷᠤᠭᠰᠢᠲᠠᠢ ᠶᠠᠪᠤᠭᠳᠠᠵᠤ ᠴᠢᠳᠠᠬᠤ ᠪᠤᠯᠤᠨ᠎ᠠ᠃ ᠲᠡᠶᠢᠮᠦ ᠪᠤᠯᠬᠤᠷ ᠠᠰᠬ᠎ᠠ ᠬᠢᠨᠠᠭᠴᠢ ᠶᠢᠨ ᠠᠵᠢᠯ ᠢ ᠬᠢᠭᠰᠡᠨ ᠴᠠᠭ ᠠᠴᠠ ᠪᠠᠨ ᠬᠤᠪᠢ ᠪᠡᠶ᠎ᠠ ᠶᠢᠨ ᠪᠤᠯᠪᠠᠰᠤᠷᠠᠯ ᠢᠶᠠᠨ ᠲᠠᠰᠤᠷᠠᠯᠳᠠ ᠦᠬᠡᠢ ᠲᠡᠬᠡᠭᠰᠢᠯᠡᠬᠦᠯᠵᠦ᠂ ᠪᠦᠬᠡ ᠶᠢᠨ ᠤᠨᠤᠯ ᠤᠨ ᠮᠡᠳᠡᠯᠬᠡ ᠶᠢ ᠪᠤᠲᠠᠲᠠᠢ ᠬᠢᠴᠢᠶᠡᠯᠯᠡᠭᠡ ᠲᠠᠢ ᠤᠶᠠᠯᠲᠤᠭᠤᠯᠤᠨ ᠰᠤᠷᠤᠯᠴᠠᠵᠤ᠂ ᠤᠷᠤᠯᠲᠤᠭᠠᠨ ᠳᠤ ᠤᠷᠤᠯᠴᠠᠵᠤ ᠪᠠᠶᠢᠭ᠎ᠠ ᠲᠠᠮᠢᠷᠴᠢᠳ ᠲᠤ ᠬᠠᠷᠢᠭᠤᠴᠠᠨ ᠴᠢᠷᠮᠠᠶᠢᠨ ᠠᠵᠢᠯᠯᠠᠵᠤ ᠢᠷᠠᠪᠠ᠃ ᠲᠤᠮᠲᠠᠲᠦ  ᠮᠠᠶ᠋ᠢᠭ ᠤᠨ ᠪᠦᠬᠡ ᠶᠢᠨ ᠬᠢᠨᠠᠭᠴᠢ ᠬᠡᠵᠦ ᠤᠷᠤᠯᠲᠤᠭᠠᠨ ᠤ ᠲᠤᠮᠳᠠ ᠪᠦᠬᠡᠴᠢᠨ ᠤ ᠬᠢᠭᠰᠡᠨ ᠮᠡᠭᠡ ᠮᠡᠷᠬᠡᠵᠢᠯ ᠢ ᠨᠢ ᠦᠨᠲᠦᠰᠦᠯᠡᠨ ᠲᠠᠷᠤᠢ ᠲᠦᠷᠬᠡᠨ ᠬᠤᠪᠢ ᠤᠯᠭᠤᠳᠠᠭ ᠤᠴᠢᠷ ᠠᠴᠠ ᠬᠢᠨᠠᠬᠤ ᠦᠶ᠎ᠠ ᠳᠡᠭᠡᠨ ᠤᠨᠴᠠ ᠬᠢᠨᠠᠭᠤᠷ᠂ ᠬᠢᠷᠠᠬᠠᠢ ᠪᠠᠶᠢᠬᠤ ᠬᠡᠷᠡᠭᠲᠠᠢ᠃ ᠪᠠᠰᠠ ᠮᠡᠷᠬᠡᠵᠢᠯ ᠤᠨ ᠬᠤᠪᠢ ᠤᠯᠭᠤᠯᠳᠠ ᠶᠢ ᠬᠦᠢᠴᠡᠳ ᠤᠢᠢᠯᠠᠭᠠᠭᠰᠠᠨ ᠪᠠᠶᠢᠬᠤ ᠴᠢᠬᠤᠯᠠᠲᠠᠢ᠃ ᠠᠰᠬ᠎ᠠ ᠪᠦᠬᠡ ᠶᠢᠨ ᠮᠡᠷᠬᠡᠵᠢᠯ ᠢ ᠰᠤᠷᠤᠯᠴᠠᠵᠤ ᠦᠡᠭᠬᠡᠷᠡᠭᠰᠡᠨ ᠮᠦᠷᠳᠡᠬᠡᠨ ᠠᠵᠢᠯ ᠤᠨ ᠪᠠᠶᠢᠷᠢᠨ ᠳᠤ ᠭᠠᠷᠤᠭᠰᠠᠨ ᠤ ᠲᠠᠷᠠᠭ᠎ᠠ ᠬᠦᠴᠦ ᠵᠠᠷᠤᠴᠠᠭᠤᠯᠤᠨ ᠦᠷᠬᠦᠯᠵᠢᠯᠡᠨ ᠰᠤᠷᠤᠯᠴᠠᠨ ᠦᠪᠡᠷ ᠤᠨ ᠪᠦᠬᠡ ᠶᠢᠨ ᠲᠤᠬᠠᠢ ᠤᠢᠢᠯᠠᠭᠠᠯᠳᠠ ᠪᠠᠨ ᠲᠠᠰᠤᠷᠠᠯᠳᠠ ᠦᠬᠡᠢ ᠲᠡᠬᠡᠭᠰᠢᠯᠡᠬᠦᠯᠵᠦ ᠢᠷᠡᠭᠰᠡᠨ ᠢᠶᠠᠷ ᠤᠬᠤᠷᠬᠠᠨ ᠬᠤᠶᠠᠷ ᠵᠢᠯ ᠤᠨ ᠲᠤᠲᠤᠷ᠎ᠠ ᠤᠯᠤᠰ ᠤᠨ ᠲᠤᠮᠲᠠᠲᠦ  ᠮᠠᠶ᠋ᠢᠭ ᠤᠨ ᠪᠦᠬᠡ ᠶᠢᠨ ᠨᠢᠬᠡᠲᠦᠬᠡᠷ ᠲᠡᠰ ᠤᠨ ᠬᠢᠨᠠᠭᠴᠢ ᠪᠤᠯᠵᠤ ᠴᠢᠳᠠᠭᠰᠠᠨ ᠶᠤᠮ᠃     ᠲᠡᠷᠡ ᠡᠳᠡᠬᠡᠷ ᠵᠢᠯ ᠤᠨ ᠲᠤᠷᠰᠢ ᠤᠯᠤᠰ᠂ ᠤᠷᠤᠨ᠂ ᠬᠤᠳᠠ ᠶᠢᠨ ᠲᠡᠰ ᠤᠨ ᠲᠤᠮᠲᠠᠲᠦ ᠮᠡᠶ᠋ᠢᠭ ᠤᠨ ᠪᠦᠬᠡ ᠶᠢᠨ ᠤᠯᠠᠨ ᠤᠷᠤᠯᠲᠤᠭᠠᠨ ᠳᠤ ᠤᠷᠢᠭᠳᠠᠨ ᠬᠢᠨᠠᠭᠴᠢ ᠶᠢᠨ ᠠᠵᠢᠯ ᠢ ᠬᠢᠵᠦ ᠶᠠᠪᠤᠪᠠ᠃ ᠲᠡᠬᠦᠨ ᠤ ᠬᠢᠨᠠᠭᠴᠢ ᠶᠢᠨ ᠠᠵᠢᠯ ᠢ ᠦᠨᠲᠦᠷ ᠢᠶᠠᠷ ᠦᠨᠠᠯᠠᠨ ᠵᠤᠬᠢᠶᠠᠨ ᠪᠠᠶᠢᠭᠤᠯᠬᠤ ᠲᠠᠯ᠎ᠠ ᠠᠴᠠ ᠰᠢᠯᠢᠳᠡᠭ ᠬᠢᠨᠠᠭᠴᠢ ᠶᠢᠨ ᠠᠯᠳᠠᠷ ᠢ ᠤᠯᠭᠤᠭᠰᠠᠨ ᠶᠤᠮ᠃ 2019 ᠤᠨ ᠤ ᠪᠦᠬᠦ ᠤᠯᠤᠰ ᠤᠨ ᠲᠤᠮᠲᠠᠲᠦ ᠮᠡᠶ᠋ᠢᠭ ᠤᠨ ᠪᠦᠬᠡ ᠶᠢᠨ ᠵᠠᠯᠠᠭᠤᠴᠤᠳ ᠪᠠᠭᠠᠴᠤᠳ ᠤᠨ ᠺᠯᠦ᠋ᠪ ᠤᠨ ᠬᠤᠯᠪᠤᠭᠠᠲᠦ ᠤᠷᠤᠯᠲᠤᠭᠠᠨ ︵ᠦᠪᠦᠷ ᠮᠤᠩᠭᠤᠯ ᠦᠷᠳᠡᠭᠡ︶ ᠳᠤ ᠬᠢᠨᠠᠭᠴᠢ ᠪᠤᠯᠵᠤ᠂ ᠰᠢᠯᠢᠳᠡᠭ ᠬᠢᠨᠠᠭᠴᠢ ᠪᠠᠷ ᠱᠠᠩᠨᠠᠭᠤᠯᠵᠤ ᠪᠠᠶᠢᠯ᠎ᠠ᠃ 2017 ᠤᠨ ᠳᠤ ᠬᠦᠯᠦᠨ ᠪᠤᠶᠢᠷ ᠬᠤᠳᠠ ᠳᠤ ᠶᠠᠪᠤᠭᠳᠠᠭᠰᠠᠨ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠶᠢᠰᠦᠲᠦᠬᠡᠷ ᠬᠤᠭᠤᠴᠠᠭᠠᠨ ᠤ ᠴᠦᠬᠡᠨ ᠲᠤᠭᠠᠲᠦ ᠦᠨᠲᠦᠰᠦᠳᠡᠨ ᠤ ᠤᠯᠠᠮᠵᠢᠯᠠᠯᠲᠦ ᠪᠡᠶ᠎ᠠ ᠶᠢᠨ ᠲᠠᠮᠢᠷ ᠤᠨ ᠴᠤᠭᠯᠠᠭᠠᠨ ᠳᠤ ᠬᠢᠨᠠᠭᠴᠢ ᠪᠠᠷ ᠤᠷᠤᠯᠴᠠᠵᠤ᠂ ᠪᠡᠶ᠎ᠠ ᠶᠢᠨ ᠲᠠᠮᠢᠷ ᠤᠨ ᠶᠤᠰᠤ ᠰᠤᠷᠳᠠᠬᠤᠨ ᠤ ᠰᠢᠯᠢᠳᠡᠭ ᠬᠢᠨᠠᠭᠴᠢ ᠪᠠᠷ ᠱᠠᠩᠨᠠᠭᠤᠯᠵᠠᠢ᠃ 2019 ᠤᠨ᠂ 2020 ᠤᠨ ᠳᠤ ᠲᠠᠮᠢᠷ ᠤᠨ ᠰᠤᠭᠤᠯᠤᠭ᠎ᠠ ᠬᠤᠨᠳᠠᠭᠠᠲᠦ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠯᠠᠭᠤᠴᠤᠳ ᠪᠠᠭᠠᠴᠤᠳ ᠤᠨ ᠲᠤᠮᠲᠠᠲᠦ  ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠲᠤᠭᠠᠨ ᠳᠤ ᠰᠢᠯᠢᠳᠡᠭ ᠬᠢᠨᠠᠭᠴᠢ ᠶᠢᠨ ᠠᠯᠳᠠᠷ ᠢ ᠬᠦᠷᠳᠡᠪᠠ᠃  
     2016 ᠤᠨ ᠳᠤ ᠬᠠᠭᠤᠴᠢᠨ ᠪᠠᠷᠭᠤ ᠬᠤᠰᠢᠭᠤᠨ ᠤ ᠦᠨᠲᠦᠰᠦᠳᠡᠨ ᠤ ᠲᠤᠮᠲᠠᠲᠦ ᠰᠤᠷᠭᠠᠭᠤᠯᠢ ᠳᠤ ᠵᠢᠩᠬᠢᠨᠢ ᠪᠠᠭᠰᠢ ᠪᠠᠷ ᠠᠵᠢᠯᠯᠠᠪᠠ᠃ ᠰᠤᠷᠭᠠᠭᠤᠯᠢ ᠳᠤ ᠢᠷᠡᠭᠰᠡᠨ ᠤ ᠲᠠᠷᠠᠭ᠎ᠠ ᠲᠤᠰᠬᠠᠢ ᠪᠦᠬᠡ ᠶᠢᠨ ᠬᠢᠴᠢᠶᠡᠯ ᠢ ᠬᠠᠷᠢᠭᠤᠴᠠᠨ ᠵᠢᠭᠠᠵᠤ᠂ ᠵᠠᠯᠠᠭᠤ ᠦᠶ᠎ᠠ ᠶᠢᠨ ᠪᠦᠬᠡ ᠶᠢ ᠬᠦᠮᠦᠵᠢᠬᠦᠯᠬᠦ ᠠᠵᠢᠯ ᠢ ᠬᠠᠷᠢᠭᠤᠴᠠᠨ ᠬᠢᠬᠦ ᠪᠤᠯᠪᠠ᠃ ᠠᠰᠬ᠎ᠠ ᠬᠠᠭᠤᠴᠢᠨ ᠪᠠᠷᠭᠤ ᠬᠤᠰᠢᠭᠤᠨ ᠤ ᠦᠨᠲᠦᠰᠦᠳᠡᠨ ᠤ ᠲᠤᠮᠲᠠᠲᠦ ᠰᠤᠷᠭᠠᠭᠤᠯᠢ ᠳᠤ ᠪᠠᠭᠰᠢᠯᠠᠭᠰᠠᠨ ᠤ ᠲᠠᠷᠠᠭ᠎ᠠ ᠪᠦᠬᠡ ᠶᠢᠨ ᠪᠠᠷᠢᠯᠲᠤᠭᠠᠨ ᠳᠤ ᠲᠤᠷ᠎ᠠ ᠰᠤᠨᠢᠷᠬᠠᠯ ᠲᠠᠢ ᠰᠤᠷᠤᠭᠴᠢᠳ ᠲᠤ ᠪᠦᠬᠡ ᠶᠢᠨ ᠮᠡᠭᠡ ᠮᠡᠷᠬᠡᠵᠢᠯ ᠢ ᠵᠢᠭᠠᠵᠤ᠂ ᠳᠡᠳᠡᠨ ᠢ ᠤᠷᠤᠨ᠂ ᠬᠤᠳᠠ ᠶᠢᠨ ᠲᠡᠰ ᠤᠨ ᠵᠠᠯᠠᠭᠤᠴᠤᠳ ᠪᠠᠭᠠᠴᠤᠳ ᠤᠨ ᠪᠦᠭᠡ ᠶᠢᠨ ᠤᠷᠤᠯᠲᠤᠭᠠᠨ ᠳᠤ ᠲᠠᠭᠠᠭᠤᠯᠤᠨ ᠤᠴᠢᠵᠤ᠂ ᠤᠯᠠᠨ ᠰᠢᠯᠢᠳᠡᠭ ᠠᠮᠵᠢᠯᠳᠠ ᠲᠠᠢ ᠶᠠᠪᠤᠪᠠ᠃ 2018 ᠤᠨ ᠳᠤ ᠬᠦᠯᠦᠨ ᠪᠤᠶᠢᠷ ᠬᠤᠳᠠ ᠶᠢᠨ ᠪᠠᠭᠠᠴᠤᠳ ᠬᠡᠤᠬᠡᠳ ᠤᠨ ᠲᠤᠯᠢᠶᠠᠲᠦ ᠪᠦᠬᠡ ᠶᠢᠨ ᠤᠷᠤᠯᠲᠤᠭᠠᠨ ᠳᠤ ᠰᠤᠷᠤᠭᠴᠢ ᠨᠠᠷᠠᠨᠴᠤᠭᠲᠦ ᠨᠢ ᠲᠡᠬᠡᠲᠦ ᠲᠦᠷᠪᠡ ᠳᠤ ᠲᠠᠪᠢᠵᠠᠢ᠃ 2018 ᠤᠨ ᠤ 1 ᠰᠠᠷ᠎ᠠ ᠳᠤ ᠲᠦᠷᠪᠡᠲᠦᠬᠡᠷ ᠬᠤᠭᠤᠴᠠᠭᠠᠨ ᠤ ︽ᠪᠠᠽᠠᠷᠭᠠᠨᠳ᠋︾ ᠬᠤᠨᠳᠠᠭᠠᠲᠦ ᠲᠤᠮᠲᠠᠲᠦ ᠤᠷᠦᠰ ᠮᠤᠩᠭᠤᠯ ᠤᠨ ᠭᠤᠷᠪᠠᠨ ᠤᠯᠤᠰ ᠤᠨ ᠦᠰᠪᠦᠷᠢ ᠪᠠᠭᠠᠴᠤᠳ ᠤᠨ ᠴᠢᠯᠦᠬᠡᠲᠦ ᠪᠦᠬᠡ ᠶᠢᠨ ᠤᠷᠤᠯᠲᠤᠭᠠᠨ ᠳᠤ ᠲᠠᠶᠠᠨ᠂ ᠲᠠᠶᠠᠭᠠᠷ ᠬᠤᠶᠠᠷ ᠰᠤᠷᠤᠭᠴᠢ ᠨᠢ 54 ᠺᠢᠯᠦᠭᠷᠠᠮ ᠤᠨ ᠲᠡᠰ ᠲᠤ ᠲᠠᠪᠤ ᠵᠢᠷᠭᠤᠲᠤᠭᠠᠷ ᠨᠠᠷᠠᠰ ᠲᠤ ᠤᠷᠤᠪᠠ᠃ 2018 ᠤᠨ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠶᠡᠭᠡ ᠰᠤᠷᠭᠠᠭᠤᠯᠢ ᠶᠢᠨ ᠤᠶᠤᠳᠠᠳ᠂ ᠪᠦᠬᠡ ᠶᠢᠨ ᠺᠯᠦ᠋ᠪ          ︵ᠲᠤᠮᠲᠠᠲᠦ ᠰᠤᠷᠭᠠᠭᠤᠯᠢ᠂ ᠪᠠᠭ᠎ᠠ ᠰᠤᠷᠭᠠᠭᠤᠯᠢ ᠶᠢᠨ ᠲᠤᠭᠤᠢᠢᠯᠠᠩ︶ ᠤᠨ ᠲᠤᠮᠲᠠᠲᠦ  ᠮᠠᠶ᠋ᠢᠭ ᠤᠨ ᠪᠦᠬᠡ ᠶᠢᠨ ᠠᠪᠤᠷᠭᠤ ᠰᠢᠯᠭᠠᠷᠠᠭᠤᠯᠬᠤ ᠤᠷᠤᠯᠲᠤᠭᠠᠨ ᠳᠤ ᠲᠤᠮᠲᠠᠲᠦ  ᠮᠠᠶ᠋ᠢᠭ ᠤᠨ ᠪᠦᠬᠡ ᠶᠢᠨ 52 ᠺᠢᠯᠦᠭᠷᠠᠮ ᠤᠨ ᠲᠡᠰ ᠲᠤ ᠰᠤᠷᠤᠭᠴᠢ ᠰᠦᠨᠲᠦᠷ ᠨᠢ ᠬᠦᠷᠠᠯ ᠮᠧᠳᠠᠯ ᠬᠦᠷᠳᠡᠵᠦ ᠪᠠᠶᠢᠪᠠ᠃     ᠲᠡᠷᠡ 2017 ᠤᠨ ᠠᠴᠠ ᠡᠬᠢᠯᠡᠨ ᠬᠠᠭᠤᠴᠢᠨ ᠪᠠᠷᠭᠤ ᠬᠤᠰᠢᠭᠤᠨ ᠤ ︽ᠮᠡᠷᠬᠡᠯ︾ ᠬᠦᠯ ᠪᠦᠮᠪᠦᠭᠡ ᠶᠢᠨ ᠺᠯᠦ᠋ᠪ ᠲᠤ ᠪᠠᠭ ᠤᠨ ᠡᠮᠴᠢ ᠪᠠᠷᠢᠶᠠᠴᠢ ᠶᠢᠨ ᠠᠵᠢᠯ ᠢ ᠬᠠᠷᠢᠭᠤᠴᠠᠨ ᠬᠢᠵᠤ᠂ ᠬᠦᠯ ᠪᠦᠮᠪᠦᠬᠡᠴᠢᠳ ᠤᠨ ᠪᠡᠷᠳᠡᠯ ᠢ ᠵᠠᠰᠠᠵᠤ᠂ ᠤᠷᠤᠯᠲᠤᠭᠠᠨ ᠳᠤ ᠤᠷᠤᠯᠴᠠᠬᠤ ᠳᠤ ᠲᠦᠬᠦᠮ ᠦᠵᠡᠬᠦᠯᠵᠦ ᠶᠠᠪᠤᠭᠰᠠᠨ ᠶᠤᠮ᠃ 2015 ᠤᠨ ᠠᠴᠠ 2019 ᠤᠨ ᠤ ᠬᠤᠭᠤᠷᠤᠨᠲᠦ ᠪᠦᠬᠦ ᠤᠯᠤᠰ ᠤᠨ ᠬᠦᠯ ᠪᠦᠮᠪᠦᠭᠡ ᠶᠢᠨ ᠨᠡᠶᠢᠬᠡᠮᠯᠢᠭ ᠤᠨ ᠬᠡᠷ ᠲᠤᠲᠦᠷᠡᠬᠢ ᠲᠠᠪᠤᠨ ᠬᠦᠮᠦᠨ ᠤ ᠲᠦᠷᠢᠮᠲᠦ ᠬᠦᠯ ᠪᠦᠮᠪᠦᠭᠡ ᠶᠢᠨ ᠤᠷᠤᠯᠲᠤᠭᠠᠨ ᠢᠶᠠᠷ ᠦᠬᠠᠨ᠂ ᠳ᠋ᠠᠯᠢᠶᠠᠨ᠂ ᠬᠦᠬᠡᠬᠤᠳᠠ᠂ ᠮᠠᠨᠵᠤᠤᠷ ᠵᠡᠷᠬᠡ ᠭᠠᠵᠠᠷ ᠢᠶᠠᠷ ᠤᠷᠤᠯᠲᠤᠭᠠᠨ ᠳᠤ ᠬᠦᠯ ᠪᠦᠮᠪᠦᠭᠡ ᠶᠢᠨ ᠪᠠᠬ ᠤᠨ ᠡᠮᠴᠢ ᠪᠠᠷ ᠬᠦᠷᠦᠯᠴᠠᠨ ᠤᠴᠢᠵᠤ ᠪᠠᠶᠢᠭᠰᠠᠨ ᠶᠤᠮ᠃ ᠳᠠᠶᠢᠨ ᠬᠦ ᠲᠡᠷᠡ ᠪᠠᠷ ᠨᠤᠲᠤᠭ ᠤᠨ ᠢᠶᠠᠨ ᠬᠦᠯ ᠪᠦᠮᠪᠦᠭᠡ ᠶᠢᠨ ᠠᠩᠬᠢ ᠶᠢᠨ ᠬᠢᠨ ᠤ ᠤᠷᠤᠯᠲᠤᠭᠠᠨ ᠨᠤᠭᠤᠳ ᠢᠶᠠᠷ ᠦᠨᠲᠦᠷ ᠠᠮᠵᠢᠯᠳᠠ ᠤᠯᠬᠤ ᠳᠤ ᠦᠪᠡᠷ ᠤᠨ ᠬᠦᠴᠦᠨ ᠵᠢᠳᠬᠦᠯ ᠢᠶᠠᠨ ᠦᠵᠡᠬᠦᠯᠵᠦ ᠶᠠᠪᠤᠭᠰᠠᠨ ᠪᠢᠯᠡ᠃      ᠠᠰᠬ᠎ᠠ ᠬᠡᠤᠬᠡᠳ ᠪᠠᠭᠠᠴᠤᠳ ᠢ ᠬᠦᠮᠦᠵᠢᠬᠦᠯᠬᠦ ᠬᠦᠨᠲᠦ ᠡᠬᠦᠷᠬᠡ ᠶᠢ ᠬᠦᠯᠢᠶᠡᠭᠰᠠᠨ ᠠᠷᠠᠳ ᠤᠨ ᠪᠠᠭᠰᠢ ᠶᠢᠨ ᠠᠵᠢᠯ ᠳᠤ ᠰᠢᠭᠤᠷᠬᠠᠢᠢᠯᠠᠨ ᠠᠵᠢᠯᠯᠠᠬᠤ ᠶᠢᠨ ᠬᠠᠮᠲᠦ ᠲᠤᠷ᠎ᠠ ᠲᠠᠢ ᠪᠠᠬ᠎ᠠ ᠲᠠᠢ ᠪᠦᠬᠡ ᠶᠢᠨ ᠦᠢᠯᠡᠰ ᠲᠡᠭᠡᠨ ᠦᠪᠡᠷ ᠤᠨ ᠬᠠᠷᠠᠮ ᠦᠬᠡᠢ ᠵᠢᠳᠬᠦᠯ ᠢᠶᠠᠨ ᠤᠯᠠᠨ ᠵᠢᠯ ᠵᠤᠷᠢᠭᠤᠯᠵᠤ ᠶᠠᠪᠤᠭ᠎ᠠ ᠶᠤᠮ᠃ ᠲᠡᠬᠦᠨ ᠤ ᠵᠤᠷᠢᠭᠰᠠᠨ ᠦᠢᠯᠡᠰ ᠪᠦᠲᠦᠮᠵᠢ ᠪᠠᠷ ᠲᠦᠬᠦᠷᠡᠩ ᠪᠠᠶᠢᠵᠤ᠂ ᠵᠢᠭᠠᠭᠰᠠᠨ ᠰᠤᠷᠤᠭᠴᠢᠳ ᠨᠢ ᠪᠦᠬᠡ ᠶᠢᠨ ᠪᠠᠷᠢᠯᠲᠤᠭᠠᠨ ᠳᠤ ᠨᠡᠩ ᠦᠨᠲᠦᠷ ᠠᠮᠵᠢᠯᠳᠠ ᠤᠯᠬᠤ ᠪᠤᠯᠤᠭᠠᠰᠠᠢ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号