ᠤᠯᠠᠮᠵᠢᠯᠠᠯᠲᠦ ᠮᠤᠩᠭᠤᠯ ᠪᠦᠭᠡ ᠶᠢᠨ ᠪᠠᠷᠢᠯᠳᠤᠭᠠᠨ ᠤ ᠶᠤᠰᠤᠨ
ᠨᠡᠶᠢᠲᠡᠯᠡᠭᠰᠡᠨ ᠴᠠᠭ᠄
2022/10/28
    ᠪᠦᠭᠡ ᠪᠠᠷᠢᠯᠳᠤᠬᠤ ᠪᠤᠯ ᠮᠤᠩᠭᠤᠯ ᠦᠨᠳᠦᠰᠦᠲᠡᠨ ᠤ ᠡᠷᠲᠡᠨ ᠠᠴᠠ ᠤᠯᠠᠮᠵᠢᠯᠠᠵᠦ ᠢᠷᠡᠭᠰᠡᠨ ᠡᠷ᠎ᠡ ᠶᠢᠨ ᠭᠤᠷᠪᠠᠨ ᠨᠠᠭᠠᠳᠤᠮ ᠤᠨ ᠲᠦᠷᠦᠭᠦᠦ ᠨᠠᠭᠠᠳᠤᠮ ᠶᠤᠮ᠃ ᠮᠤᠩᠭᠤᠯᠴᠤᠳ ᠤᠷᠤᠨ ᠨᠤᠳᠤᠭ᠂ ᠪᠠᠶᠢᠭᠠᠯᠢ ᠤᠷᠴᠢᠨ ᠠᠴᠠ ᠪᠤᠯᠵᠦ᠂ ᠡᠷᠲᠡ ᠢᠵᠠᠭᠤᠷ ᠠᠴᠠ ᠪᠠᠨ ᠮᠠᠯ ᠠᠵᠤ ᠠᠬᠤᠢ ᠪᠠᠷ ᠭᠤᠤᠯᠯᠠᠨ᠂ ᠠᠩ ᠬᠦᠷᠦᠭᠡ ᠬᠢᠬᠦ ᠪᠤᠯ ᠲᠡᠳᠠᠨᠤᠰ ᠤᠨ ᠡᠳᠤᠷ ᠲᠤᠳᠤᠮ ᠤᠨ ᠠᠮᠢᠳᠤᠷᠡᠯ ᠤᠨ ᠴᠢᠬᠤᠯᠡ ᠠᠭᠤᠯᠭ᠎ᠠ ᠪᠡ ᠬᠦᠲᠡᠯᠭᠡᠭᠡᠨ ᠪᠤᠯᠵᠦ ᠪᠠᠶᠢᠵᠠᠢ᠃ ᠡᠶᠢᠮᠦ ᠠᠴᠠ ᠲᠤᠬᠠᠢ ᠶᠢᠨ ᠦᠶ᠎ᠡ ᠳᠤ ᠬᠦᠮᠦᠰ ᠤᠨ ᠪᠢᠷ᠎ᠡ ᠴᠢᠲᠡᠯ᠂ ᠬᠦᠴᠦᠨ ᠲᠡᠩᠭᠡᠭᠡ᠂ ᠠᠷᠭ᠎ᠠ ᠮᠡᠭᠡ ᠶᠢ ᠶᠡᠭᠡ ᠴᠢᠬᠤᠯᠴᠢᠯᠠᠨ ᠱᠠᠭᠠᠷᠳᠠᠳᠠᠭ ᠪᠤᠯᠤᠭᠰᠡᠨ ᠳᠤ ᠬᠦᠮᠦᠰ ᠦᠪᠡᠷ ᠤᠨ ᠬᠦᠴᠦᠨ ᠴᠢᠲᠡᠯ᠂ ᠠᠪᠬᠠᠯᠵᠢ ᠰᠠᠮᠪᠠᠭ᠎ᠠ ᠪᠠᠨ ᠲᠡᠭᠡᠭᠰᠢᠯᠡᠭᠦᠯᠦᠨ ᠰᠠᠶᠢᠵᠢᠷᠠᠭᠤᠯᠬᠤ ᠵᠤᠷᠢᠯᠭ᠎ᠠ ᠪᠠᠷ ᠪᠠᠷᠢᠯᠳᠤᠭᠠᠨ ᠳᠤ ᠤᠷᠤᠯᠴᠠᠵᠦ᠂ ᠪᠦᠭᠡ ᠶᠢᠨ ᠪᠠᠷᠢᠯᠳᠤᠭᠠᠨ ᠤ ᠬᠦᠭᠵᠢᠯᠲᠡ ᠶᠢ ᠠᠬᠢᠭᠤᠯᠵᠦ ᠢᠷᠡᠵᠡᠢ᠃ 13 ᠳ᠋ᠤᠭᠠᠷ ᠵᠠᠭᠤᠨ ᠪᠤᠯᠬᠤ ᠳᠤ ᠮᠤᠩᠭᠤᠯ ᠤᠷᠤᠨ ᠤ ᠠᠳᠤᠭᠤ ᠮᠠᠯ ᠨᠡᠮᠡᠭᠲᠡᠵᠦ᠂ ᠨᠤᠳᠤᠭ ᠪᠡᠯᠴᠢᠭᠡᠷ ᠪᠤᠯᠢᠶᠠᠯᠳᠤᠬᠤ᠂ ᠮᠠᠯ ᠰᠦᠷᠦᠭ ᠢ ᠨᠢ ᠪᠤᠯᠢᠶᠠᠵᠦ᠂ ᠬᠠᠷᠢᠯᠴᠠᠨ ᠲᠤᠪᠳᠤᠯᠵᠦ᠂ ᠠᠷᠡᠳ ᠢᠷᠭᠡᠳ ᠢ ᠨᠢ ᠤᠯᠵᠠᠯᠠᠬᠤ  ᠲᠠᠶᠢᠨ  ᠡᠭᠦᠰᠦᠭᠰᠡᠨ ᠠᠴᠠ  ᠬᠡᠲᠦ  ᠬᠡᠲᠦᠨ  ᠤᠪᠤᠭ  ᠨᠡᠶᠢᠯᠡᠵᠦ  ᠠᠶᠢᠮᠠᠭ   ᠤᠨ  ᠬᠤᠯᠪᠤᠭ᠎ᠠ ᠪᠠᠶᠢᠭᠤᠯᠪᠡ᠃           ᠡᠲᠡᠭᠡᠷ ᠠᠶᠢᠮᠠᠭ ᠤᠨ ᠬᠤᠯᠪᠤᠭ᠎ᠠ ᠨᠢ ᠨᠤᠳᠤᠭ ᠤᠰᠤ᠂ ᠠᠷᠡᠳ ᠢᠷᠭᠡᠨ᠂ ᠠᠳᠤᠭᠤ ᠮᠠᠯ ᠢᠶᠠᠨ ᠬᠠᠮᠠᠭᠠᠯᠠᠬᠤ ᠪᠠᠷ ᠡᠷ᠎ᠡ ᠶᠢᠨ ᠰᠠᠶᠢᠨ ᠢ ᠰᠤᠩᠭᠤᠨ ᠬᠦᠴᠦ ᠴᠢᠲᠡᠯ ᠢ ᠰᠤᠷᠬᠤ ᠰᠤᠷᠢᠯᠲᠡ ᠨᠠᠭᠠᠳᠤᠮ ᠢ ᠡᠷᠬᠢᠯᠡᠵᠦ᠂ ᠮᠤᠩᠭᠤᠯ ᠤᠨ ᠨᠡᠶᠢᠭᠡᠮ ᠤᠨ ᠪᠦᠭᠡ ᠶᠢᠨ ᠪᠠᠷᠢᠯᠳᠤᠭᠠᠨ ᠢ ᠤᠯᠠᠮ ᠴᠢᠨᠠᠭᠰᠢᠲᠡ ᠠᠬᠢᠭᠤᠯᠤᠨ ᠬᠦᠭᠵᠢᠭᠦᠯᠵᠠᠢ᠂ ᠮᠤᠩᠭᠤᠯ ᠪᠦᠭᠡ ᠶᠢᠨ ᠪᠠᠷᠢᠯᠳᠤᠭᠠᠨ ᠤ ᠶᠤᠰᠤᠨ ᠳᠤ ᠪᠦᠭᠡ ᠤᠨᠤᠭᠠᠬᠤ᠂ ᠪᠦᠭᠡ ᠵᠤᠳᠤᠭᠯᠠᠬᠤ᠂ ᠪᠦᠭᠡ ᠴᠤᠯᠠᠯᠠᠬᠤ᠂ ᠪᠦᠭᠡ ᠲᠠᠯᠪᠢᠬᠤ᠂ ᠲᠡᠪᠢᠬᠦ ᠪᠤᠶᠦ ᠮᠠᠬᠰᠢᠬᠤ᠂ ᠦᠷᠦᠬᠦ᠂ ᠪᠠᠷᠢᠵᠡ ᠠᠪᠬᠤ᠂ ᠪᠠᠷᠢᠯᠳᠤᠵᠦ ᠲᠠᠪᠠᠭ᠋ᠤ᠂ ᠲᠠᠬᠢᠮ ᠠᠪᠬᠤ᠂ ᠲᠤᠭ ᠲᠤᠭᠤᠷᠢᠬᠤ᠂ ᠤᠷᠤᠬᠤ᠂ ᠡᠮᠦᠰᠭᠡᠯ ᠲᠠᠶᠢᠯᠬᠤ᠂ ᠱᠠᠩᠨᠠᠬᠤ ᠮᠡᠲᠦ ᠶᠢᠨ ᠠᠭᠤᠯᠭ᠎ᠠ ᠪᠠᠶᠢᠳᠠᠭ ᠪᠦᠭᠡᠳ ᠡᠲᠡᠭᠡᠷ ᠶᠤᠰᠤ ᠨᠢ ᠴᠠᠭ ᠦᠶ᠎ᠡ ᠪᠡ ᠭᠠᠵᠠᠷ ᠤᠷᠤᠨ ᠤ ᠢᠯᠭᠠᠭ᠎ᠠ ᠲᠠᠢ ᠪᠠᠶᠢᠳᠠᠭ᠃ ᠦᠪᠦᠷ ᠮᠤᠩᠭᠤᠯ ᠤᠨ ᠡᠷᠲᠡᠨ ᠤ ᠪᠦᠬᠡ ᠶᠢᠨ ᠪᠠᠷᠢᠯᠳᠤᠭᠠᠨ ᠤ ᠪᠦᠲᠦᠴᠡ ᠳᠤ ᠪᠦᠬᠡ ᠣᠨᠤᠭᠠᠬᠤ᠂ ᠨᠠᠶᠢᠷ ᠰᠡᠷᠭᠦᠭᠡᠭᠦ᠂ ᠪᠦᠭᠡ ᠲᠠᠯᠪᠢᠬᠤ ︵ᠪᠦᠭᠡ ᠭᠠᠷᠭᠠᠬᠤ᠂ ᠬᠠᠯᠬ᠎ᠠ ᠳᠤ ᠭᠠᠷᠣᠯᠲᠡ ᠭᠡᠲᠡᠭ︶᠂ ᠪᠦᠬᠡ ᠶᠢᠨ ᠲᠠᠪᠢᠯᠲᠡ ᠪᠤᠶᠦ ᠮᠠᠭᠰᠢᠯᠲᠡ᠂ ᠪᠠᠷᠢᠯᠳᠤᠬᠤ᠂ ᠪᠦᠬᠡ ᠪᠠᠭᠤᠬᠤ ︵ᠲᠠᠯᠠᠪᠦᠷ ᠠᠴᠠ ᠪᠠᠭᠤᠬᠤ᠂ ᠬᠠᠯᠬ᠎ᠠ ᠳᠤ ᠦᠷᠦᠯᠲᠡ ᠬᠡᠲᠡᠭ︶᠂ ᠱᠠᠩᠨᠠᠬᠤ ᠵᠡᠷᠭᠡ ᠶᠤᠰᠤᠨ ᠪᠠᠶᠢᠲᠠᠭ᠃           ᠪᠦᠬᠡ ᠤᠨᠤᠭᠠᠬᠤ᠃ ᠡᠷᠲᠡ ᠢᠵᠠᠭᠤᠷ ᠲᠤ ᠪᠠᠷᠢᠯᠳᠤᠭᠠᠨ ᠳᠤ ᠤᠷᠤᠯᠴᠠᠬᠤ ᠪᠦᠭᠡ ᠶᠢᠨ ᠲᠤᠭ᠎ᠠ 64 ᠠᠴᠠ 1024 ᠭᠦᠷᠲᠡᠯᠡᠬᠢ 2 ᠤᠨ ᠵᠡᠷᠭᠡᠲᠦ ᠲᠤᠭ᠎ᠠ ᠶᠢ ᠦᠨᠳᠦᠰᠦᠯᠡᠵᠦ᠂ ᠲᠠᠩᠴᠡᠭᠦᠦ ᠪᠠᠷ ᠬᠤᠶᠠᠷ ᠲᠡᠰᠢ ᠬᠤᠪᠢᠶᠠᠨ ᠶᠡᠭᠡᠴᠤᠳ ᠤᠨ ᠠᠰᠠᠷ ᠪᠤᠶᠦ ᠮᠠᠶᠢᠬᠠᠨ ᠤ ᠬᠤᠶᠠᠷ ᠲᠡᠯ᠎ᠡ ᠳᠤ ᠵᠢᠭᠦᠷᠯᠡᠨ ᠵᠢᠬᠰᠠᠭᠠᠳᠠᠭ᠃ ᠭᠡᠭᠦ ᠳᠡᠭᠡᠨ ᠲᠡᠯ᠎ᠡ ᠪᠦᠷᠢ  ᠶᠢᠨ ᠲᠡᠭᠡᠲᠦ ᠲᠡᠯ᠎ᠡ ᠳᠤ ᠨᠡᠷ᠎ᠡ ᠲᠦᠷᠦ ᠰᠠᠶᠢᠨ ᠪᠦᠭᠡ ︵ᠢᠳᠡᠰᠢ ᠠᠪᠬᠤ ᠪᠦᠭᠡ᠂ ᠬᠠᠯᠬ᠎ᠠ ᠳᠤ ᠪᠤᠰᠬᠠᠯᠲᠡ ᠭᠡᠲᠡᠭ︶  ᠶᠢ ᠦᠩᠭᠡᠷᠡᠭᠰᠡᠨ ᠵᠢᠯ ᠤᠳ ᠤᠨ ᠬᠢᠷᠢ ᠪᠦᠲᠦᠮᠵᠢ ᠶᠢᠨ ᠡᠷᠡᠮᠪᠡ ᠪᠠᠷ ᠲᠤᠬᠢᠷᠠᠭᠤᠯᠵᠦ᠂ ᠲᠤᠤᠷᠡᠲᠦ ᠲᠡᠯ᠎ᠡ ᠳᠤ ᠲᠦᠷᠪᠡᠨ ᠰᠢᠨ᠎ᠡ ᠪᠦᠭᠡ ᠪᠤᠶᠦ ᠪᠠᠷᠢᠯᠳᠤᠭᠠᠨ ᠳᠠᠭᠠᠨ ᠪᠠᠷᠤᠭᠲᠠᠢ ᠲᠦᠷᠪᠡᠨ ᠪᠦᠭᠡ ︵ᠢᠲᠡᠰᠢᠨ ᠳᠤ ᠤᠴᠢᠬᠤ ᠪᠦᠭᠡ︶  ᠶᠢ  ᠲᠤᠬᠢᠷᠠᠭᠤᠯᠵᠦ᠂  ᠪᠤᠰᠤᠳ ᠢ ᠨᠢ  ᠪᠠᠷᠢᠯᠳᠤᠬᠤ  ᠰᠠᠶᠢᠨ  ᠮᠠᠭᠤ   ᠪᠠᠷ  ᠲᠡᠰ  ᠲᠡᠷᠠᠭᠠᠯᠠᠨ  ᠵᠢᠬᠰᠠᠭᠠᠵᠦ  ᠤᠨᠤᠭᠠᠲᠠᠭ᠃         ᠨᠠᠶᠢᠷ ᠰᠡᠷᠭᠦᠭᠡᠬᠦ᠃ ᠡᠷᠲᠡ ᠳᠤ ᠪᠠᠷᠢᠯᠳᠤᠭᠠᠨ ᠡᠬᠢᠯᠡᠬᠦ ᠠᠴᠠ ᠡᠮᠦᠨ᠎ᠡ ᠨᠠᠷ᠎ᠡ ᠲᠦᠷᠦ ᠲᠠᠢ ᠲᠠᠷᠬᠠᠯᠠᠭᠳᠠᠭᠰᠡᠨ ᠪᠦᠭᠡ ᠶᠢ ᠲᠡᠯᠠᠪᠦᠷ ᠲᠤ ᠤᠷᠢᠵᠦ᠂ ᠬᠡᠢ ᠲᠠᠪᠢᠭᠦᠯᠦᠨ ᠶᠤᠰᠤᠯᠠᠭᠤᠯᠤᠭᠠᠳ ᠱᠠᠩ ᠬᠡᠰᠢᠭ ᠭᠠᠷᠳᠠᠭᠤᠯᠤᠨ ᠨᠠᠶᠢᠷ ᠰᠡᠷᠭᠦᠭᠡᠬᠦ ᠵᠠᠩᠰᠢᠯ ᠲᠠᠢ ᠪᠠᠶᠢᠵᠠᠢ᠃           ᠪᠦᠭᠡ ᠲᠠᠯᠪᠢᠬᠤ᠃ ᠡᠭᠦᠨ ᠢ ᠪᠠᠰᠡ ᠪᠦᠭᠡ ᠭᠠᠷᠭᠠᠬᠤ ᠬᠡᠲᠡᠭ᠃ ᠪᠦᠭᠡ ᠲᠠᠯᠪᠢᠬᠤ ᠠᠴᠠ ᠡᠮᠦᠨ᠎ᠡ ᠪᠦᠭᠡ ᠵᠠᠰᠠᠭᠴᠢ ᠶᠢᠨ ᠠᠵᠢᠯ ᠪᠡ ᠪᠦᠭᠡ ᠵᠤᠳᠤᠭᠯᠠᠬᠤ ᠶᠪᠤᠳᠠᠯ ᠪᠤᠢ᠃ ᠡᠭᠦᠨ ᠳᠤ ᠪᠦᠭᠡ ᠵᠠᠰᠠᠭᠴᠢ ᠶᠢᠨ ᠠᠵᠢᠯ ᠲᠤᠩ ᠴᠢᠬᠤᠯᠡ ᠪᠠᠶᠢᠳᠠᠭ᠃ ᠪᠦᠭᠡ ᠵᠠᠰᠠᠭᠴᠢ ᠪᠤᠯ ᠨᠠᠶᠢᠷ ᠤᠨ ᠪᠦᠭᠡ ᠶᠢᠨ ᠨᠤᠭᠤᠯᠤᠭ᠎ᠠ ᠪᠠᠷᠢᠯᠳᠤᠭᠠᠨ ᠢ ᠵᠤᠬᠢᠶᠠᠨ ᠪᠠᠶᠢᠭᠤᠯᠤᠭᠴᠢ ᠪᠤᠯᠬᠤ ᠪᠦᠭᠡᠳ ᠵᠡᠷᠢᠮ ᠨᠢ ᠪᠦᠭᠡ ᠶᠢᠨ ᠬᠢᠨᠠᠭᠴᠢ ᠶᠢᠨ ᠠᠵᠢᠯ ᠢ ᠬᠠᠪᠰᠤᠷᠭᠠᠨ ᠬᠦᠢᠴᠡᠳᠭᠡᠲᠡᠭ᠃ ᠪᠦᠭᠡ ᠵᠠᠰᠠᠭᠴᠢ ᠶᠢᠨ ᠠᠵᠢᠯ ᠤᠨ ᠰᠠᠶᠢᠨ ᠮᠠᠭᠤ ᠨᠢ ᠨᠠᠶᠢᠷ ᠤᠨ ᠪᠠᠷᠢᠯᠳᠤᠭᠠᠨ ᠤ ᠠᠮᠵᠢᠯᠲᠡ ᠲᠠᠢ ᠶᠠᠪᠤᠭᠳᠠᠬᠤ ᠶᠢ ᠰᠢᠭᠤᠳ ᠨᠦᠯᠦᠭᠡᠯᠡᠲᠡᠭ᠃ ᠡᠶᠢᠮᠦ ᠠᠴᠠ ᠵᠡᠭᠦᠨ ᠪᠠᠷᠠᠭᠤᠨ ᠬᠤᠶᠠᠷ ᠲᠡᠯ᠎ᠡ ᠳᠤ ᠲᠤᠰ ᠲᠤᠰ ᠭᠡᠲᠦ ᠭᠡᠲᠦᠨ ᠪᠦᠭᠡ ᠵᠠᠰᠠᠭᠴᠢ ᠪᠠᠶᠢᠳᠠᠭ᠃ ᠪᠦᠭᠡ ᠵᠠᠰᠠᠭᠴᠢ ᠶᠢᠨ ᠪᠠᠰᠡ ᠨᠢᠭᠡ ᠴᠢᠬᠤᠯᠡ ᠡᠭᠦᠷᠭᠡ ᠪᠤᠯ ᠨᠦᠭᠦᠭᠡ ᠲᠡᠯ᠎ᠡ ᠶᠢᠨ ᠪᠦᠬᠡᠴᠤᠳ  ᠤᠨ ᠪᠠᠶᠢᠲᠡᠯ ᠢ ᠰᠠᠶᠢᠳᠤᠷ ᠤᠶᠢᠯᠠᠭᠠᠭᠰᠡᠨ ᠰᠠᠭᠤᠷᠢᠨ ᠲᠡᠭᠡᠷ᠎ᠡ ᠦᠪᠡᠷ ᠤᠨ ᠲᠡᠯ᠎ᠡ ᠶᠢᠨ ᠪᠦᠭᠡᠴᠤᠳ ᠤᠨ ᠢᠶᠠᠨ ᠪᠠᠶᠢᠲᠡᠯ ᠢ ᠦᠨᠳᠦᠰᠦᠯᠡᠵᠦ᠂ ᠨᠦᠬᠦᠭᠡ ᠭᠠᠷ ᠤᠨ ᠪᠦᠭᠡᠴᠤᠳ ᠢ ᠬᠠᠶᠠᠵᠦ ᠲᠠᠶᠢᠯᠭᠦ ᠪᠠᠷ ᠵᠠᠰᠠᠵᠦ ᠲᠤᠬᠢᠷᠠᠭᠤᠯᠳᠠᠭ᠃ ᠭᠡᠬᠦ ᠳᠡᠭᠡᠨ ᠪᠦᠭᠡ ᠶᠢᠨ ᠭᠠᠢ ᠶᠢ ᠵᠠᠪᠠᠯ ᠰᠠᠶᠢᠳᠤᠷ ᠬᠡᠷᠡᠭᠯᠡᠵᠦ ᠴᠢᠳᠠᠬᠤ ᠬᠡᠷᠡᠭᠲᠠᠢ᠃ ᠪᠦᠭᠡ ᠶᠢᠨ ᠭᠠᠢ ᠭᠡᠲᠡᠭ ᠨᠢ ᠪᠠᠷᠢᠯᠳᠤᠭᠠᠨ ᠳᠤ ᠬᠢᠯᠪᠠᠷᠬᠠᠨ ᠤᠶᠢᠴᠢᠲᠠᠭ ᠦᠭᠡᠢ ᠮᠦᠷᠲᠡᠭᠡᠨ ᠡᠪ ᠲᠠᠭᠠᠷᠠᠪᠡᠯ ᠪᠠᠰᠡ ᠨᠡᠯᠢᠶᠠᠳ ᠨᠡᠷ᠎ᠡ ᠲᠦᠷᠦ ᠲᠠᠢ ᠪᠦᠭᠡ ᠶᠢ ᠬᠡᠨᠡᠲᠡᠭᠦᠯᠦᠨ ᠬᠠᠶᠠᠴᠢᠬᠠᠲᠠᠭ ᠪᠦᠭᠡ ᠶᠢ ᠬᠡᠯᠡᠨ᠎ᠡ᠃ ᠬᠡᠪᠡᠴᠦ ᠡᠶᠢᠮᠦ ᠪᠦᠭᠡ ᠤᠯᠠᠩᠬᠢ ᠳᠠᠭᠠᠨ ᠨᠠᠶᠢᠷ ᠨᠠᠭᠠᠳᠤᠮ ᠳᠤ ᠲᠡᠭᠡᠷ᠎ᠡ ᠦᠯᠡᠲᠡᠲᠡᠭ ᠦᠭᠡᠢ ᠪᠤᠯᠬᠤᠷ ᠪᠦᠭᠡ ᠵᠠᠰᠠᠭᠴᠢ ᠨᠦᠭᠦᠭᠡ ᠭᠠᠷ ᠤᠨ ᠰᠢᠯᠢᠲᠡᠭ ᠪᠦᠭᠡ ᠳᠤ ᠵᠤᠷᠢᠭᠤᠲᠡ ᠪᠦᠭᠡ ᠶᠢᠨ ᠭᠠᠢ ᠶᠢ ᠲᠠᠭᠠᠷᠠᠭᠤᠯᠵᠦ᠂ ᠤᠴᠠᠷᠠᠭ᠎ᠠ ᠪᠠᠨ ᠬᠠᠶᠠᠵᠦ ᠲᠠᠶᠢᠯᠬᠦ ᠦᠭᠡᠢ ᠪᠤᠯᠪᠠᠴᠦ ᠤᠳᠠᠳᠠᠯ᠎ᠡ ᠵᠢᠭᠤᠷᠠᠯᠳᠤᠨ ᠨᠤᠴᠤᠯᠳᠤᠭᠤᠯᠵᠦ ᠬᠦᠴᠦ ᠲᠡᠩᠭᠡᠭᠡ ᠶᠢ ᠨᠢ ᠮᠤᠬᠤᠭᠤᠭᠠᠳ ᠲᠠᠷᠠᠭᠠᠴᠢ ᠶᠢᠨ ᠨᠤᠭᠤᠯᠤᠭᠠᠨ ᠳᠤ ᠤᠴᠠᠷᠠᠬᠤ ᠪᠦᠭᠡ ᠳᠡᠭᠡᠨ ᠰᠠᠭᠤᠷᠢ ᠲᠠᠯᠪᠢᠵᠦ ᠦᠭᠲᠡᠭ᠃     ᠪᠦᠭᠡ ᠵᠤᠳᠤᠭᠯᠠᠬᠤ᠃ ᠲᠡᠭᠡᠭᠦᠷ ᠵᠤᠭᠰᠤᠯᠲᠡ ᠲᠠᠢ ᠰᠠᠶᠢᠨ ᠪᠦᠭᠡ ᠶᠢᠨ ᠭᠠᠷᠤᠭ᠎ᠠ ᠳᠤ ᠲᠤᠰᠬᠠᠢ ᠶᠤᠰᠤ ᠲᠦᠷᠢᠮ ᠲᠠᠢ ᠪᠠᠶᠢᠳᠠᠭ᠃ ᠲᠡᠳᠡ ᠦᠮᠦᠳᠦ ᠲᠤᠬᠤᠤ ᠪᠠᠨ ᠡᠮᠦᠰᠴᠦ᠂ ᠴᠢᠬᠢᠭᠡ ᠪᠠᠨ ᠲᠦᠷᠡᠢ ᠳᠤ ᠪᠠᠨ ᠴᠢᠬᠢᠵᠦ᠂ ᠭᠤᠳᠤᠯ ᠢᠶᠠᠨ ᠬᠦᠯᠢᠵᠦ ᠪᠤᠭᠤᠭᠠᠳ ᠲᠡᠪᠡᠯ ᠢᠶᠠᠨ ᠨᠦᠮᠦᠷᠴᠦ᠂ ᠵᠤᠳᠤᠭ ᠢᠶᠠᠨ ᠡᠪᠤᠷ ᠲᠡᠭᠡᠷ᠎ᠡ ᠪᠠᠨ ᠲᠠᠯᠪᠢᠵᠦ᠂ ᠤᠨᠤᠭ᠎ᠠ ᠪᠠᠨ ᠬᠦᠯᠢᠶᠠᠵᠦ ᠰᠠᠭᠤᠳᠠᠭ᠃ ᠪᠦᠭᠡ ᠵᠠᠰᠠᠭᠴᠢ ᠠᠴᠠ ᠤᠨᠤᠭ᠎ᠠ ᠶᠢᠨ ᠲᠡᠰ ᠲᠠᠷᠠᠭᠠᠯᠠᠯ ᠢ ᠤᠩᠰᠢᠵᠦ᠂ ᠬᠡᠨ  ᠤ ᠭᠠᠷᠤᠭ᠎ᠠ ᠪᠤᠯᠤᠮᠠᠭᠴᠡ ᠭᠡᠨ ᠵᠤᠳᠤᠭ ᠢᠶᠠᠨ ᠠᠪᠴᠦ ᠪᠤᠰᠤᠨ ᠵᠤᠭᠰᠤᠭᠠᠳ ᠤᠷᠤᠭᠰᠢ ᠭᠡᠲᠦ ᠠᠯᠬᠤᠬᠤ ᠵᠠᠭᠤᠷ᠎ᠡ  ᠪᠠᠨ ᠵᠤᠳᠤᠭ ᠤᠨ ᠢᠶᠠᠨ ᠬᠤᠶᠠᠷ ᠬᠠᠨᠴᠤᠢ ᠶᠢ ᠭᠠᠳᠠᠭᠰᠢ ᠬᠠᠨᠳᠤᠭᠤᠯᠤᠨ ᠲᠡᠭᠡᠭᠰᠢ ᠬᠦᠴᠦᠲᠠᠢ ᠲᠠᠯᠠᠨ ᠬᠤᠶᠠᠷ ᠡᠪᠦᠳᠦᠭ ᠢᠶᠠᠨ ᠨᠢᠭᠡ ᠨᠢᠭᠡ ᠪᠠᠷ ᠡᠬᠡᠯᠵᠢᠯᠡᠨ ᠬᠦᠴᠦᠲᠡᠶᠢᠭᠡᠨ ᠰᠢᠪᠠᠭᠳᠠᠭᠠᠳ ᠪᠠᠷᠢᠭᠰᠡᠨ ᠬᠡᠪ ᠢᠶᠠᠷ ᠢᠶᠠᠨ ᠲᠤᠯᠤᠭᠠᠢ ᠲᠡᠭᠡᠭᠦᠷ ᠢᠶᠠᠨ ᠡᠷᠭᠦᠵᠦ ᠵᠤᠳᠤᠭᠯᠠᠳᠠᠭ᠃ ᠵᠤᠳᠤᠭᠯᠠᠭᠰᠡᠨ ᠪᠦᠭᠡ ᠪᠦᠰᠡ᠂ ᠲᠡᠪᠡᠯ ᠢᠶᠠᠨ ᠠᠬᠠᠮᠠᠳ ᠪᠦᠭᠡ᠂ ᠲᠤᠳᠤᠨᠤ ᠬᠦᠮᠦᠨ ᠳᠡᠭᠡᠨ ᠲᠤᠰᠢᠶᠠᠨ ᠦᠭᠲᠡᠭ᠃ ᠪᠦᠭᠡ ᠵᠠᠰᠠᠭᠴᠢ ᠠᠴᠠ ︽ᠪᠦᠭᠡ ᠪᠠᠨ ᠲᠠᠯᠪᠢᠭᠳᠤᠨ︕︾ ᠬᠡᠵᠦ ᠵᠠᠷᠯᠠᠮᠠᠭᠴᠡ ᠠᠷᠦ ᠲᠡᠯ᠎ᠡ ᠠᠴᠠ ᠪᠦᠭᠡ ᠳᠤ ᠠᠪᠢᠶᠠᠰᠤᠲᠠᠢ ᠪᠦᠭᠡᠳ ᠪᠠᠭᠰᠢᠯᠠᠬᠤ ᠮᠠᠶ᠋ᠢᠭ ᠤᠨ ᠬᠤᠶᠠᠷ ᠬᠦᠮᠦᠨ ᠢᠳᠡᠪᠬᠢᠲᠠᠢ ᠭᠠᠷᠴᠦ ᠢᠷᠡᠭᠡᠳ ᠭᠠᠷᠬᠤ ᠪᠦᠭᠡ ᠶᠢᠨ ᠬᠤᠶᠠᠷ ᠲᠡᠯ᠎ᠡ ᠪᠠᠷ ᠲᠤᠯᠭᠠᠭᠤᠷᠢ ᠪᠤᠯᠤᠨ ᠵᠤᠭᠰᠤᠬᠤ ᠳᠤ ᠭᠠᠷᠬᠤ ᠪᠦᠭᠡ ᠬᠤᠶᠠᠷ ᠭᠠᠷ ᠢᠶᠠᠷ ᠢᠶᠠᠨ ᠬᠤᠶᠠᠷ ᠲᠡᠯ᠎ᠡ ᠶᠢᠨ ᠬᠦᠮᠦᠨ ᠤ ᠮᠦᠷᠦ ᠲᠡᠭᠡᠷ᠎ᠡ ᠲᠠᠯᠪᠢᠨ᠎ᠡ᠃ ᠡᠨᠡ ᠦᠶ᠎ᠡ ᠳᠤ ᠬᠤᠶᠠᠷ ᠲᠡᠯ᠎ᠡ ᠶᠢᠨ ᠬᠦᠮᠦᠨ ᠨᠦᠬᠦᠭᠡ ᠡᠲᠡᠭᠡᠳ ᠠᠴᠠ ᠭᠠᠷᠬᠤ ᠪᠦᠭᠡ ᠶᠢᠨ ᠪᠠᠶᠢᠲᠡᠯ ᠢ ᠲᠠᠨᠢᠯᠴᠠᠭᠤᠯᠬᠤ ᠶᠢᠨ ᠬᠠᠮᠲᠦ ᠪᠠᠷᠢᠯᠳᠤᠬᠤ ᠠᠷᠭ᠎ᠠ ᠮᠡᠭᠡ ᠶᠢ ᠵᠢᠭᠠᠨ ᠰᠤᠷᠭᠠᠳᠠᠭ᠃ ︽ᠪᠦᠭᠡ ᠪᠠᠨ ᠲᠠᠯᠪᠢ᠂ ᠲᠠᠯᠪᠢ᠂ ᠲᠠᠯᠪᠢ︕︾ ᠬᠡᠭᠦ ᠤᠷᠢᠶ᠎ᠡ ᠲᠠᠭᠤᠨ ᠭᠠᠷᠤᠩᠭᠤᠲᠡ ᠭᠠᠷᠬᠤ ᠭᠡᠵᠦ ᠲᠡᠰᠴᠦ ᠶᠠᠳᠠᠨ ᠬᠦᠯᠢᠶᠠᠨ ᠪᠠᠶᠢᠭ᠎ᠠ ᠪᠦᠭᠡ ᠬᠤᠶᠡᠷ ᠲᠡᠯ᠎ᠡ ᠶᠢᠨ ᠬᠦᠮᠦᠨ ᠤ ᠮᠦᠷᠦ ᠶᠢ ᠲᠤᠯᠵᠦ᠂ ᠤᠷᠤᠨ ᠳᠠᠭᠠᠨ ᠭᠤᠷᠪᠠᠨᠲᠡ ᠦᠰᠦᠷᠴᠦ ᠬᠦᠴᠦᠯᠡᠨ ᠲᠡᠪᠰᠡᠭᠡᠳ ᠬᠤᠷᠢᠭᠤᠯ ᠠᠴᠠ ᠭᠠᠷᠤᠭᠰᠡᠨ ᠠᠷᠰᠯᠠᠨ ᠪᠠᠷᠰ ᠰᠢᠭ ᠮᠠᠬᠰᠢᠬᠤ ᠪᠤᠶᠦ ᠬᠠᠷᠴᠠᠭᠠᠢ ᠪᠦᠷᠭᠦᠳ ᠮᠡᠲᠦ ᠲᠠᠪᠢᠵᠦ ᠭᠠᠷᠲᠠᠭ᠃           ᠲᠠᠪᠢᠵᠦ ᠮᠠᠭᠰᠢᠬᠤ᠃ ᠪᠦᠭᠡᠴᠤᠳ ᠪᠠᠷᠢᠯᠳᠤᠬᠤ ᠳᠤ ᠲᠠᠯᠠᠪᠦᠷ ᠲᠤ ᠭᠠᠷᠬᠤ ᠪᠡ ᠪᠠᠷᠢᠯᠳᠤᠭᠠᠨ ᠲᠡᠭᠦᠰᠴᠦ ᠲᠠᠯᠠᠪᠦᠷ ᠠᠴᠠ ᠪᠠᠭᠤᠬᠤ ᠳᠠᠭᠠᠨ ᠴᠦᠮ ᠲᠡᠪᠢᠵᠦ ᠮᠠᠬᠰᠢᠲᠠᠭ᠃ ᠲᠡᠪᠢᠵᠦ ᠮᠠᠬᠰᠢᠬᠤ ᠨᠢ ᠪᠦᠭᠡᠴᠤᠳ ᠰᠦᠷ ᠵᠢᠪᠬᠤᠭ᠎ᠠ᠂ ᠬᠦᠴᠦᠨ ᠴᠢᠲᠡᠯ ᠢᠶᠠᠨ ᠭᠠᠶᠢᠬᠠᠭᠤᠯᠤᠨ ᠤᠴᠠᠷᠠᠭ᠎ᠠ ᠪᠠᠨ ᠰᠦᠷᠲᠡᠭᠦᠯᠬᠦ ᠶᠢᠨ ᠬᠠᠮᠲᠦ ᠴᠢᠯᠡᠭᠡ ᠪᠠᠨ ᠭᠠᠷᠭᠠᠵᠦ᠂ ᠪᠡᠶ᠎ᠡ ᠪᠠᠨ ᠬᠠᠮᠠᠭᠠᠯᠠᠬᠤ ᠦᠢᠯᠡᠳᠤᠯ ᠲᠠᠢ ᠪᠠᠶᠢᠳᠠᠭ᠃ ᠲᠠᠯᠠᠪᠦᠷ ᠲᠤ ᠭᠠᠷᠤᠭᠰᠡᠨ ᠪᠦᠭᠡ ᠦᠪᠡᠷ ᠤᠨ ᠰᠤᠷᠤᠭᠰᠡᠨ ᠲᠠᠪᠢᠯᠲᠡ ᠪᠠᠷ ᠢᠶᠠᠨ ᠲᠡᠪᠢᠵᠦ ᠪᠠᠷᠠᠭᠰᠡᠨ ᠤ ᠲᠠᠷᠠᠭ᠎ᠠ᠂ ᠪᠠᠷᠢᠯᠳᠤᠬᠤ ᠲᠠᠯᠠᠪᠦᠷ ᠲᠠᠭᠠᠨ ᠨᠠᠷᠡᠨ ᠡᠷᠬᠢᠯᠲᠡ  ᠪᠠᠷ ᠠᠭᠠᠵᠢᠮᠬᠠᠨ ᠭᠤᠷᠪᠡ ᠲᠤᠭᠤᠷᠢᠨ ᠡᠷᠬᠢᠭᠡᠳ ᠪᠠᠷᠠᠭᠤᠨ ᠭᠠᠷ ᠤᠨ ᠡᠷᠡᠭᠡᠢ ᠬᠤᠷᠤᠭᠤ ᠪᠠᠨ ᠲᠤᠯᠢᠶᠠᠵᠦ᠂ ᠠᠶᠤᠤᠯᠢᠬᠠᠢ ᠵᠢᠷᠦᠭᠡ ᠪᠠᠨ ᠢᠯᠪᠢᠵᠦ᠂ ᠬᠤᠶᠠᠷ ᠬᠦᠯ ᠤᠨ ᠭᠤᠳᠤᠯ ᠤᠨ ᠤᠯᠡ ᠪᠠᠨ ᠡᠬᠡᠯᠵᠢᠯᠡᠨ ᠢᠯᠪᠢᠲᠡᠭ᠃ ᠵᠠᠷᠢᠮ ᠰᠦᠰᠦᠭ ᠲᠠᠢ ᠪᠦᠭᠡᠴᠤᠳ ᠬᠤᠶᠠᠷ ᠭᠠᠷ ᠢᠶᠠᠨ ᠨᠠᠮᠠᠨᠴᠢᠯᠠᠨ ᠠᠭᠤᠯᠡ ᠤᠪᠤᠭᠠᠨ ᠤ ᠡᠵᠡᠳ ᠰᠡᠬᠢᠭᠤᠯᠰᠤᠨ ᠳᠤ ᠵᠠᠯᠪᠠᠷᠢᠵᠦ ᠠᠷᠭ᠎ᠠ ᠮᠡᠭᠡ᠂ ᠬᠦᠴᠦᠨ ᠴᠢᠲᠡᠯ ᠢᠪᠡᠭᠡᠬᠦ ᠶᠢ ᠲᠠᠭᠠᠳᠬᠠᠳᠠᠭ᠃ ᠵᠠᠷᠢᠮ ᠨᠢ ᠬᠤᠶᠠᠷ ᠭᠤᠶ᠎ᠡ ᠪᠠᠨ ᠬᠦᠴᠦᠲᠠᠢ ᠠᠯᠠᠭᠠᠳᠠᠬᠤ ᠴᠦ ᠪᠤᠢ᠃           ᠪᠠᠷᠢᠯᠳᠤᠬᠤ᠃ ᠪᠠᠷᠢᠯᠳᠤᠭᠠᠨ ᠤ ᠲᠦᠷᠢᠮ ᠢ ᠵᠦᠷᠢᠴᠡᠬᠦ ᠦᠭᠡᠢ ᠨᠦᠬᠦᠴᠡᠯ ᠲᠤᠤᠷ᠎ᠡ ᠬᠦᠴᠦᠨ ᠴᠢᠲᠡᠯ᠂ ᠤᠷ᠎ᠡ ᠮᠡᠭᠡ᠂ ᠠᠷᠭ᠎ᠠ ᠰᠠᠮᠪᠠᠭ᠎ᠠ ᠪᠠᠨ ᠬᠦᠢᠴᠡᠳ ᠠᠰᠢᠭᠯᠠᠵᠦ ᠤᠴᠠᠷᠠᠭ᠎ᠠ ᠪᠠᠨ ᠭᠠᠵᠠᠷᠲᠠᠭᠤᠯᠬᠤ ᠪᠠᠷ ᠬᠢᠲᠡᠭ ᠦᠢᠯᠡ ᠶᠢᠨ ᠶᠠᠪᠤᠴᠡ ᠶᠢ ᠪᠠᠷᠢᠯᠳᠤᠬᠤ ᠬᠡᠨ᠎ᠡ᠃ ᠪᠠᠷᠢᠯᠳᠤᠬᠤ ᠪᠤᠯ ᠪᠠᠷᠢᠯᠳᠤᠭᠠᠨ ᠤ ᠪᠦᠲᠦᠴᠡ ᠶᠢᠨ ᠭᠤᠤᠯ ᠱᠠᠲᠦ ᠪᠤᠯᠤᠨ᠎ᠡ᠃ ᠪᠠᠷᠢᠯᠳᠤᠵᠦ ᠪᠠᠶᠢᠭ᠎ᠠ ᠬᠤᠶᠠᠷ ᠪᠦᠭᠡ ᠶᠢᠨ ᠬᠠᠶᠠᠵᠦ ᠬᠠᠶᠠᠭᠳᠠᠬᠤ᠂ ᠲᠠᠶᠢᠯᠵᠦ ᠲᠡᠶᠢᠯᠦᠭᠲᠡᠬᠦ ᠨᠢ ᠡᠨᠡ ᠱᠠᠳᠤᠨ ᠳᠤ ᠢᠯᠭᠠᠷᠠᠳᠠᠭ᠃           ᠪᠦᠭᠡ ᠲᠠᠷᠬᠠᠯᠠᠬᠤ᠃ ᠦᠪᠦᠷ ᠮᠤᠩᠭᠤᠯ ᠳᠤ ᠤᠯᠠᠨ ᠵᠢᠯ ᠭᠠᠷᠮᠠᠭᠠᠢ ᠰᠠᠶᠢᠨ ᠪᠠᠷᠢᠯᠳᠤᠬᠤ ᠨᠡᠷ᠎ᠡ ᠠᠯᠲᠠᠷᠰᠢᠭᠰᠡᠨ ᠪᠦᠭᠡ ᠨᠠᠰᠤᠨ ᠰᠡᠭᠦᠲᠡᠷ ᠦᠨᠳᠦᠷ ᠪᠤᠯᠵᠦ᠂ ᠪᠠᠷᠢᠯᠳᠤᠬᠤ ᠬᠦᠴᠦ ᠲᠡᠩᠭᠡᠭᠡ ᠬᠠᠷᠢᠵᠦ ᠪᠠᠭᠤᠷᠠᠬᠤ ᠦᠶ᠎ᠡ ᠳᠤ ᠡᠴᠤᠰ  ᠤᠨ ᠤᠳᠠᠭ᠎ᠠ ᠨᠠᠶᠢᠷ ᠨᠠᠭᠠᠳᠤᠮ ᠳᠤ ᠪᠠᠷᠢᠯᠳᠤᠭᠤᠯᠵᠦ᠂ ᠠᠶᠢᠮᠠᠭ ᠪᠤᠶᠦ ᠬᠤᠰᠢᠭᠤᠨ ᠵᠠᠰᠠᠭ ᠠᠴᠠ ᠲᠡᠭᠦᠨ ᠤ ᠤᠯᠠᠨ ᠵᠢᠯ ᠤᠨ ᠲᠤᠷᠰᠢ ᠬᠠᠷᠢᠯᠲᠡ ᠦᠭᠡᠢ ᠪᠠᠷᠢᠯᠳᠣᠭᠰᠡᠨ ᠬᠠᠴᠢᠨ ᠰᠤᠨᠢᠨ ᠪᠠᠶᠢᠲᠡᠯ ᠪᠡ ᠪᠦᠭᠡ ᠶᠢᠨ ᠪᠠᠷᠢᠯᠳᠤᠭᠠᠨ ᠤ ᠬᠦᠭᠵᠢᠯᠲᠡ ᠳᠤ ᠦᠵᠡᠭᠦᠯᠦᠭᠰᠡᠨ ᠭᠠᠪᠢᠶ᠎ᠡ ᠵᠢᠳᠭᠦᠯ ᠢ ᠨᠢ ᠤᠯᠠᠨ ᠤ ᠡᠮᠦᠨ᠎ᠡ ᠮᠠᠭᠳᠠᠨ ᠰᠠᠶᠢᠰᠢᠶᠠᠵᠦ᠂ ︽ᠲᠠᠷᠬᠠᠨ ᠪᠦᠭᠡ︾ ᠭᠡᠵᠦ ᠴᠤᠯᠠᠯᠠᠬᠤ ᠶᠢᠨ ᠲᠠᠭᠠᠦ ᠬᠦᠨᠲᠦ ᠪᠠᠷ ᠱᠠᠩᠨᠠᠳᠠᠭ᠂ ᠡᠭᠦᠨ ᠢ ᠪᠦᠭᠡ ᠲᠠᠷᠬᠠᠯᠠᠬᠤ ᠭᠡᠲᠡᠭ᠃ ᠲᠠᠷᠬᠠᠯᠠᠭᠳᠠᠭᠰᠡᠨ ᠪᠦᠭᠡ ᠲᠡᠷᠡ ᠲᠤᠤᠷ᠎ᠡ ᠪᠠᠨ ᠡᠮᠦᠰᠭᠡᠯ ᠢᠶᠠᠨ ᠲᠠᠶᠢᠯᠵᠦ᠂ ᠦᠪᠡᠷ ᠤᠨ ᠬᠦᠦ ᠪᠤᠶᠦ ᠲᠦᠷᠦᠯ᠂ ᠱᠠᠪᠢ᠂ ᠡᠰᠡᠭᠦᠯ᠎ᠡ ᠬᠠᠮᠤᠭ ᠤᠨ ᠲᠤᠭᠤᠭᠰᠡᠨ ᠢᠲᠡᠷ ᠵᠠᠯᠠᠭᠤ ᠪᠦᠭᠡ ᠳᠤ ︽ᠪᠦᠭᠡ ᠶᠢᠨ ᠪᠠᠷᠢᠯᠳᠤᠭᠠᠨ ᠢ ᠨᠡᠩ ᠴᠢᠨᠠᠭᠰᠢᠲᠡ ᠬᠦᠭᠵᠢᠭᠦᠯᠵᠦ᠂ ᠤᠯᠠᠮ ᠰᠠᠶᠢᠨ ᠪᠠᠷᠢᠯᠳᠤᠬᠤ ᠪᠤᠯᠳᠤᠭᠠᠢ︕︾ ᠭᠡᠵᠦ ᠢᠷᠦᠭᠡᠭᠡᠳ ᠲᠤᠷᠠᠰᠬᠠᠯ ᠪᠤᠯᠭᠠᠨ ᠪᠡᠯᠭᠡᠯᠡᠭᠦ ᠳᠤ᠂ ᠬᠦᠯᠢᠶᠠᠨ ᠠᠪᠬᠤ ᠪᠦᠭᠡ ᠨᠢᠭᠡ ᠬᠦᠯ ᠲᠡᠭᠡᠷ᠎ᠡ ᠪᠠᠨ ᠴᠤᠮᠴᠤᠶᠢᠨ ᠰᠠᠭᠤᠵᠦ᠂ ᠬᠤᠶᠠᠷ ᠭᠠᠷ ᠢᠶᠠᠨ ᠲᠤᠯᠤᠭᠠᠢ ᠲᠡᠭᠡᠷ᠎ᠡ  ᠪᠠᠨ ᠡᠷᠭᠦᠨ ︽ᠢᠷᠦᠭᠡᠯ ᠰᠢᠩᠭᠡᠬᠦ ᠪᠤᠯᠳᠤᠭᠠᠢ︕︾ ᠬᠡᠵᠦ ᠬᠦᠯᠢᠶᠠᠨ ᠠᠪᠳᠠᠭ ᠵᠠᠩᠰᠢᠯ ᠲᠠᠢ ᠪᠠᠶᠢᠲᠠᠭ᠃           ᠪᠦᠭᠡ ᠶᠢᠨ ᠪᠠᠷᠢᠯᠳᠤᠭᠠᠨ ᠮᠤᠩᠭᠤᠯ ᠦᠨᠳᠦᠰᠦᠲᠡᠨ ᠤ ᠤᠯᠠᠮᠵᠢᠯᠠᠯᠲᠦ ᠨᠠᠭᠠᠳᠤᠮ ᠤᠨ ᠭᠤᠤᠯ ᠬᠡᠯᠪᠡᠷᠢ ᠪᠤᠯᠤᠭᠰᠡᠨ ᠤ ᠬᠤᠪᠢ ᠳᠤ᠂ ᠮᠤᠩᠭᠤᠯᠴᠤᠳ ᠤᠨ ᠤᠬᠠᠮᠰᠠᠷ ᠲᠠᠨᠢᠯᠲᠡ᠂ ᠦᠵᠡᠯ ᠰᠡᠳᠬᠢᠯᠭᠡ᠂ ᠭᠤᠸ᠎ᠠ ᠲᠠᠭᠠᠰᠢᠶᠠᠯ᠂ ᠵᠠᠩ ᠵᠠᠩᠰᠢᠯ ᠢ ᠤᠯᠠᠨ ᠲᠡᠯ᠎ᠡ ᠪᠠᠷ ᠲᠤᠰᠬᠠᠵᠦ᠂ ᠮᠤᠩᠭᠤᠯ ᠰᠤᠶᠤᠯ ᠤᠨ ᠬᠤᠷᠠᠮᠳᠤᠯ ᠲᠤᠨᠤᠳᠠᠰᠦ ᠶᠢᠨ ᠴᠢᠬᠤᠯᠡ ᠬᠡᠰᠡᠭ ᠪᠤᠯᠤᠭᠰᠡᠨ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号