ᠰᠢᠤᠢ ᠯᠢ ᠯᠢ ᠵᠡᠮᠳᠡᠭᠴᠤᠳ ᠤᠨ ᠬᠦᠨᠳᠦ ᠡᠷᠭᠦᠯᠳᠡ ᠶᠢᠨ ᠠᠽᠢᠶ᠎ᠠ ᠲᠢᠪ ᠶᠡᠭᠡ ᠲᠠᠯᠠᠢ ᠶᠢᠨ ᠲᠢᠪ ᠤᠨ ᠮᠠᠩᠯᠠᠶ ᠰᠢᠯᠭᠠᠷᠠᠭᠤᠯᠬᠤ ᠤᠷᠤᠯᠳᠤᠭᠠᠨ᠋ ᠳᠤ 4 ᠠᠯᠲᠠᠨ ᠮᠧᠳᠠᠯ ᠤᠯᠪᠠ
ᠨᠡᠶᠢᠲᠡᠯᠡᠭᠰᠡᠨ ᠴᠠᠭ᠄
2022/6/24
     6 ᠰᠠᠷ᠎ᠠ ᠶᠢᠨ 19 ᠤ ᠡᠳᠦᠷ ᠭᠦᠷᠢᠶᠠ ᠳᠤ  ᠶᠠᠪᠤᠭᠳᠠᠭᠰᠠᠨ ᠵᠡᠮᠳᠡᠭᠴᠤᠳ ᠤᠨ ᠬᠦᠨᠳᠦ  ᠡᠷᠭᠦᠯᠳᠡ ᠶᠢᠨ ᠠᠽᠢᠶ᠎ᠠ ᠲᠢᠪ ᠶᠡᠭᠡ ᠲᠡᠯᠡᠶ ᠶᠢᠨ ᠲᠢᠪ ᠤᠨ ᠮᠠᠩᠯᠠᠶ ᠰᠢᠯᠭᠠᠷᠠᠭᠤᠯᠬᠤ ᠤᠷᠤᠯᠳᠤᠭᠠᠨ ᠳᠤ᠂ ᠮᠠᠨ ᠤ ᠤᠷᠤᠨ ᠤ ᠲᠠᠮᠢᠷᠴᠢᠨ ᠰᠢᠤᠢ ᠯᠢ ᠯᠢ 133  ᠺᠢᠯᠤᠭ᠍ᠷᠠᠮ ᠤᠨ  ᠬᠠᠮᠤᠭ ᠤᠨ ᠰᠠᠶᠢᠨ ᠬᠢᠷᠢ ᠪᠦᠳᠦᠮᠵᠢ ᠪᠠᠷ ᠡᠮᠡᠭᠳᠡᠢ ᠶᠢᠨ ᠬᠦᠨᠳᠦ ᠡᠷᠭᠦᠯᠳᠡ ᠶᠢᠨ 73 ᠺᠢᠯᠦᠭᠷᠡᠮ ᠤᠨ ᠲᠠᠰ   ᠤᠨ ᠠᠽᠢᠶ᠎ᠠ ᠲᠢᠪ ᠤᠨ  ᠲᠤᠭᠤᠶᠢᠯᠠᠩ ᠤᠨ ᠮᠠᠩᠯᠠᠶ᠂ ᠶᠡᠭᠡ ᠲᠡᠯᠡᠶ ᠶᠢᠨ ᠲᠢᠪ ᠤᠨ ᠲᠤᠭᠤᠶᠢᠯᠠᠩ ᠤᠨ ᠮᠠᠩᠯᠠᠶ᠂ ᠳᠡᠯᠡᠬᠡᠶ ᠶᠢᠨ ᠢᠯᠡ ᠲᠤᠭᠤᠶᠢᠯᠠᠩ ᠤᠨ ᠮᠠᠩᠯᠠᠶ ᠪᠠ ᠶᠡᠷᠦᠩᠬᠡᠶ ᠬᠢᠷᠢ ᠪᠦᠳᠦᠮᠵᠢ ᠶᠢᠨ ᠮᠠᠩᠯᠠᠶ ᠪᠣᠯᠵᠣ᠂ 4 ᠠᠯᠲᠠᠨ ᠮᠧᠳᠠᠯ ᠤᠯᠪᠠ᠃      ᠤᠯᠠᠭᠠᠨᠬᠠᠳᠠ  ᠬᠤᠳᠠ ᠶᠢᠨ  ᠠᠤᠬᠠᠨ  ᠬᠤᠰᠢᠭᠤ   ᠪᠠᠷ  ᠨᠤᠲᠤᠬᠲᠠᠢ  ᠰᠢᠤᠢ ᠯᠢ ᠯᠢ  ᠡᠨᠡ  ᠵᠢᠯ  41 ᠨᠠᠰᠤᠲᠠᠶ᠃ ᠲᠡᠷᠡ ᠪᠠᠭ᠎ᠠ ᠳᠠᠭᠠᠨ  ᠡᠪᠡᠳᠴᠢᠨ ᠠᠴᠠ ᠪᠣᠯᠵᠤ ᠬᠤᠶᠠᠷ ᠬᠥᠯ ᠨᠢ ᠵᠡᠮᠳᠡᠭ ᠪᠣᠯᠵᠤ᠂ ᠪᠡᠶ᠎ᠡ ᠪᠠᠨ ᠳᠠᠭᠠᠭᠠᠵᠤ ᠠᠯᠬᠤᠵᠦ ᠴᠢᠳᠠᠬᠤ ᠦᠬᠡᠢ ᠪᠤᠯᠵᠠᠢ᠃ 2008 ᠣᠨ᠋   ᠳᠤ᠂ ᠳᠤᠮᠳᠠᠳᠤ ᠤᠯᠤᠰ ᠤᠨ ᠵᠡᠮᠳᠡᠭᠴᠤᠳ  ᠤᠨ ᠬᠦᠨᠳᠦ  ᠡᠷᠭᠦᠯᠳᠡ ᠶᠢᠨ ᠠᠩᠭᠢ ᠤᠯᠠᠭᠠᠨᠬᠠᠳᠠ ᠬᠤᠳᠠ‌‍ᠲ᠋ᠤ ᠬᠦᠷᠴᠦ ᠲᠠᠮᠢᠷᠴᠢᠨ ᠰᠤᠩᠭᠤᠨ  ᠰᠢᠯᠭᠠᠷᠠᠭᠤᠯᠬᠤ ᠳᠤ᠂ ᠰᠢᠤᠢ ᠯᠢ ᠯᠢ ᠰᠢᠯᠭᠠᠯᠳᠠ ᠶᠢ ᠤᠷᠤᠭᠰᠢᠳᠠᠢ ᠥᠩᠭᠡᠷᠡᠭᠡᠵᠦ ᠬᠦᠨᠳᠦ ᠡᠷᠭᠦᠯᠳᠡ ᠶᠢᠨ ᠲᠠᠮᠢᠷᠴᠢᠨ ᠪᠣᠯᠪᠠ᠃ ᠬᠡᠳᠦ᠋ᠪᠡᠷ 28  ᠨᠠᠰᠤᠨ ᠠᠴᠠ ᠪᠠᠨ ᠡᠬᠢᠯᠡᠵᠦ ᠬᠦᠨᠳᠦ  ᠡᠷᠭᠦᠯᠳᠡ ᠶᠢᠨ ᠬᠥᠳᠡᠯᠭᠡᠭᠡᠨ   ᠳᠤ ᠤᠷᠤᠯᠴᠠᠭᠰᠠᠨ ᠪᠣᠯᠪᠠᠴᠤ 13 ᠵᠢᠯ ᠤᠨ ᠲᠤᠷᠰᠢ᠂ ᠳᠡᠷᠡ ᠪᠠᠷ ᠠᠮᠢᠳᠤᠷᠠᠯ ‍ᠤᠨ‌‍ᠲ᠋ᠤᠮᠳᠠᠬᠢ ᠵᠦᠢᠯ ᠵᠦᠢᠯ   ᠤᠨ ᠬᠦᠴᠢᠷ ᠪᠡᠷᠬᠡᠰᠢᠶᠡᠯ ᠪᠣᠯᠤᠨ ᠪᠡᠶ᠎ᠡ ᠮᠠᠬᠠᠪᠤᠳ ᠤᠨ ᠠᠯᠢ ᠤᠯᠠᠨ ᠡᠪᠡᠷᠰᠢᠶᠠᠯ   ᠢ ᠢᠯᠠᠨ ᠳᠠᠪᠠᠵᠤ᠂ ᠤᠯᠠᠨ ᠤᠳᠠᠭ᠎ᠠ ᠱᠠᠩᠨᠠᠯ ᠲᠤᠰᠪᠠ᠃ ᠲᠡᠷᠡ ᠪᠦᠬᠦ ᠤᠯᠤᠰ   ᠤᠨ ᠵᠡᠮᠳᠡᠭᠴᠤᠳ ᠤᠨ ᠪᠡᠶ᠎ᠡ ᠶᠢᠨ ᠲᠠᠮᠢᠷ   ᠤᠨ ᠴᠤᠭᠯᠠᠭᠠᠨ ᠤ ᠬᠦᠨᠳᠦ ᠡᠷᠭᠦᠯᠳᠡ ᠶᠢᠨ ᠡᠮᠡᠭᠳᠡᠢ ᠶᠢᠨ ᠤᠷᠤᠯᠳᠤᠭᠠᠨ ᠤ ᠲᠦᠷᠦᠯ ᠳᠤ ᠭᠤᠷᠪᠠᠨᠳᠠ ᠮᠠᠩᠯᠠᠶᠢᠯᠡᠵᠦ᠂ ᠠᠽᠢᠶ᠎ᠠ ᠲᠢᠪ ᠤᠨ ᠵᠡᠮᠳᠡᠭᠴᠤᠳ ᠤᠨ ᠪᠡᠶ᠎ᠡ ᠶᠢᠨ ᠲᠠᠮᠢᠷ   ᠤᠨ ᠴᠤᠭᠯᠠᠭᠠᠨ ᠤ ᠬᠦᠨᠳᠦ ᠡᠷᠭᠦᠯᠳᠡ ᠶᠢᠨ ᠡᠮᠡᠭᠳᠡᠢ ᠶᠢᠨ 73 ᠺᠢᠯᠦᠭᠷᠠᠮ  ᠤᠨ ᠳᠡᠰ   ᠤᠨ ᠠᠯᠲᠠᠨ ᠮᠧᠳᠠᠯ᠂  ᠵᠡᠮᠳᠡᠭᠴᠤᠳ   ᠤᠨ ᠬᠦᠨᠳᠦ ᠡᠷᠭᠦᠯᠳᠡ ᠶᠢᠨ ᠳᠡᠯᠡᠬᠡᠶ ᠶᠢᠨ ᠬᠤᠨᠳᠠᠭᠠᠲᠤ ᠤᠷᠤᠯᠳᠤᠭᠠᠨ ᠤ ᠡᠮᠡᠭᠳᠡᠢ ᠶᠢᠨ 73 ᠺᠢᠯᠦᠭᠷᠠᠮ ᠤᠨ ᠳᠡᠰ ᠤᠨ ᠠᠯᠲᠠᠨ ᠮᠧᠳᠠᠯ   ᠢ ᠲᠤᠰᠴᠦ ᠥᠩᠭᠡᠷᠡᠵᠡᠶ᠃ 2016 ᠤᠨ ᠤ ᠷᠢᠥ᠋ ᠳ᠋ᠢ ᠿᠧᠨ᠋ᠸᠢᠢᠷᠦ᠋ ᠶᠢᠨ ᠵᠡᠮᠳᠡᠭᠴᠤᠳ ᠤᠨ  ᠤᠯᠢᠮᠫᠢᠺ ᠤᠨ ᠲᠠᠮᠢᠷ   ᠤᠨ  ᠴᠤᠭᠯᠠᠭᠠᠨ ᠳᠡᠭᠡᠷ᠎ᠡ ᠰᠢᠤᠢ ᠯᠢ ᠯᠢ ᠬᠦᠨᠳᠦ ᠡᠷᠭᠦᠯᠳᠡ ᠶᠢᠨ ᠡᠮᠡᠭᠳᠡᠢ ᠶᠢᠨ 79 ᠺᠢᠯᠦᠭᠷᠠᠮ ᠤᠨ ᠳᠡᠰ ᠤᠨ ᠮᠥᠩᠭᠦᠨ ᠮᠧᠳᠠᠯ ᠲᠤᠰᠴᠦ᠂  ᠨᠢᠳᠤᠨᠤᠨ ᠤ 8 ᠰᠠᠷ᠎ᠠ   ᠳᠤ ᠶᠠᠪᠤᠭᠳᠠᠭᠰᠠᠨ ᠲᠤᠤᠺᠢᠤ᠋ ᠤᠨ ᠵᠡᠮᠳᠡᠭᠴᠤᠳ ᠤᠨ ᠤᠯᠢᠮᠫᠢᠺ ᠤᠨ ᠲᠠᠮᠢᠷ   ᠤᠨ ᠴᠤᠭᠯᠠᠭᠠᠨ ᠳᠡᠭᠡᠷ᠎ᠡ ᠬᠦᠨᠳᠦ  ᠡᠷᠭᠦᠯᠳᠡ ᠶᠢᠨ  ᠡᠮᠡᠭᠳᠡᠢ ᠶᠢᠨ 73 ᠺᠢᠯᠦᠭᠷᠠᠮ ᠤᠨ ᠲᠠᠰ ᠤᠨ ᠮᠥᠩᠭᠦᠨ ᠮᠧᠳᠠᠯ ᠲᠤᠰᠤᠭᠰᠠᠨ ᠪᠠᠶᠢᠨ᠎ᠡ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号