ᠮᠤᠩᠭᠤᠯ ᠪᠦᠭᠡ ᠶᠢᠨ ᠪᠠᠷᠢᠴᠠ ᠶᠢᠨ ᠳᠤᠬᠠᠢ ᠦᠭᠦᠯᠡᠭᠦᠢ
ᠨᠡᠶᠢᠲᠡᠯᠡᠭᠰᠡᠨ ᠴᠠᠭ᠄
2022/9/14
     ᠮᠤᠩᠭᠤᠯ ᠪᠦᠭᠡ ᠶᠢᠨ ᠪᠠᠷᠢᠯᠳᠤᠭᠠᠨ ᠤ ᠭᠤᠤᠯ ᠪᠤᠯᠬᠤ ᠠᠷᠭ᠎ᠠ ᠭᠡᠯᠪᠡᠷᠢ ᠶᠢᠨ ᠨᠢᠭᠡ ᠨᠢ ᠪᠠᠷᠢᠴᠠ ᠪᠤᠯᠤᠨ᠎ᠠ᠃ ᠪᠦᠭᠡ ᠭᠦᠮᠦᠨ ᠪᠠᠷᠢᠴᠠᠨ ᠳᠠᠭᠠᠨ ᠰᠢᠭᠤᠳᠴᠤ ᠴᠢᠳᠠᠬᠤ ᠦᠭᠡᠢ ᠪᠠᠷ ᠭᠦᠮᠦᠨ ᠢ ᠬᠠᠶᠠᠨ᠎ᠠ ᠭᠡᠳᠡᠭ ᠬᠤᠳᠠᠯ᠃ ᠪᠠᠷᠢᠴᠠ ᠪᠤᠯ ᠮᠤᠩᠭᠤᠯ ᠪᠦᠭᠡ ᠶᠢᠨ ᠠᠮᠢᠨ᠂ ᠮᠦᠨ ᠴᠤ ᠳᠤᠳᠤᠭᠠᠳᠤ ᠰᠡᠳᠭᠢᠯ ᠤᠨ ᠳᠠᠶᠢᠨ ᠤ ᠪᠤᠳᠤᠯᠭ᠎ᠠ ᠶᠢᠨ ᠢᠯᠠᠬᠤ ᠳᠤ ᠵᠤᠷᠢᠬᠤ ᠴᠢᠭᠯᠡᠯ ᠮᠦᠨ᠃        ᠪᠠᠷᠢᠴᠠᠨ ᠳᠤ ᠳᠦᠢᠯᠳᠠᠢ ᠭᠦᠷᠭᠦ ᠶᠢᠨ ᠵᠠᠮ ᠪᠤᠯ ᠪᠠᠷᠢᠬᠤ ᠪᠢᠰᠢ ᠬᠠᠷᠢᠨ ᠵᠤᠬᠰᠤᠴᠠ ᠭᠢᠰᠭᠢᠳᠡᠯ ᠪᠠᠶᠢᠭ᠎ᠠ ᠶᠤᠮ᠃ ᠭᠢᠰᠭᠢᠳᠡᠯ ᠤᠨ ᠳᠤᠬᠠᠢ ᠰᠤᠨᠢᠷᠬᠠᠨ ᠬᠠᠶᠢᠬᠤ ᠳᠤ ᠨᠢᠳᠤᠨ ᠳᠤ ᠤᠯᠠᠨ ᠶᠠᠭᠤᠮ᠎ᠠ ᠬᠠᠷᠠᠬᠳᠠᠬᠰᠠᠨ ᠯᠡ ᠳ᠋ᠠ᠃ ᠡᠷᠳᠡᠨ ᠠᠴᠠ ᠠᠪᠤᠭᠠᠳ ᠮᠤᠩᠭᠤᠯ ᠪᠦᠭᠡ ᠨᠢ ᠭᠢᠰᠭᠢᠳᠡᠯ ᠢᠶᠠᠨ ᠠᠩᠬᠠᠷᠴᠤ᠂ ᠭᠢᠰᠭᠢᠳᠡᠯ ᠰᠠᠶᠢᠳᠠᠢ ᠪᠠᠶᠢᠬᠤ ᠶᠢ ᠵᠤᠷᠢᠳᠠᠭ᠃ ᠶᠡᠷᠤᠨᠢ ᠭᠢᠰᠭᠢᠳᠡᠯ ᠰᠠᠶᠢᠳᠠᠢ ᠪᠦᠭᠡ ᠨᠢ ᠪᠠᠷᠢᠴᠠᠨ ᠳᠠᠭᠠᠨ ᠡᠷᠳᠡ ᠳᠤᠨᠤᠵᠤ ᠭᠦᠷᠳᠡᠭ ᠪᠤᠯ ᠭᠢᠰᠭᠢᠳᠡᠯ ᠵᠤᠭᠢᠴᠠᠬᠤ ᠦᠭᠡᠢ ᠭᠦᠮᠦᠨ ᠤ ᠪᠠᠷᠢᠴᠠ ᠳᠤᠳᠠᠭᠤᠳᠠᠭᠠᠳ ᠪᠠᠶᠢᠬᠤ ᠦᠵᠡᠭᠳᠡᠯ ᠪᠠᠶᠢᠡᠭᠭᠤ ᠬᠠᠷᠠᠬᠳᠠᠳᠠᠭ᠃ ᠤᠳᠤ ᠭᠢᠰᠭᠢᠳᠡᠯ ᠮᠠᠰᠢ ᠰᠠᠶᠢᠨ ᠪᠦᠭᠡ ᠶᠢᠨ ᠳᠤᠭᠠᠨ ᠳᠤ ᠪᠠᠭᠠᠷᠢᠨ ᠤ ᠠᠯᠳᠠᠨᠰᠦ᠋ᠭᠡ ᠠᠪᠤᠷᠭᠤ ᠬᠠᠷᠠᠬᠳᠠᠳᠠᠭ᠃ ᠠᠯᠳᠠᠨᠰᠦ᠋ᠭᠡ ᠪᠠᠷᠢᠯᠳᠤᠭᠠᠨ ᠤ ᠶᠠᠪᠤᠴᠠ ᠳᠤᠮᠳᠠ ᠪᠠᠨ ᠶᠠᠮᠠᠷ ᠪᠦᠭᠡ ᠲᠠᠢ ᠳᠠᠭᠠᠷᠠᠬᠰᠠᠨ ᠴᠤ ᠭᠢᠰᠭᠢᠳᠡᠯ ᠠᠯᠳᠠᠷᠠᠵᠤ ᠤᠢᠢᠴᠢᠵᠤ ᠪᠠᠶᠢᠭ᠎ᠠ ᠨᠢ ᠬᠠᠷᠠᠬᠳᠠᠳᠠᠭ ᠦᠭᠡᠢ᠂ ᠬᠠᠷᠢᠨ ᠮᠠᠰᠢ ᠡᠪ ᠲᠠᠢ ᠰᠠᠮᠪᠠᠭᠠᠯᠢᠭ ᠭᠢᠰᠭᠢᠳᠡᠯ ᠳᠡᠭᠦᠨ ᠤ ᠪᠠᠷᠢᠯᠳᠤᠭᠠᠨ ᠳᠤ ᠪᠠᠶᠢᠡᠭᠭᠤ ᠬᠠᠷᠠᠬᠳᠠᠳᠠᠭ᠃ ᠵᠤᠬᠰᠤᠴᠠ ᠶᠢᠨ ᠬᠤᠪᠢ ᠳᠤ ᠪᠦᠭᠡ ᠭᠦᠮᠦᠨ ᠪᠠᠶᠢᠷᠢ ᠲᠠᠢ ᠪᠠᠶᠢᠬᠤ᠂ ᠯᠠᠪ ᠪᠠᠶᠢᠬᠤ᠂ ᠭᠦᠨᠳᠤ ᠶᠢᠨ ᠵᠢᠩ ᠲᠠᠢ ᠬᠠᠷᠠᠬᠳᠠᠬᠤ ᠨᠢ ᠰᠠᠶᠢᠨ ᠵᠤᠬᠰᠤᠴᠠ ᠲᠠᠢ ᠪᠦᠭᠡ ᠶᠢᠨ ᠳᠡᠮᠳᠡᠭ ᠶᠤᠮ᠃ ᠡᠭᠦᠨ ᠤ ᠲᠦᠯᠦᠭᠡᠨ ᠤ ᠪᠦᠭᠡ ᠪᠠᠷ ᠭᠦᠯᠦᠨ ᠪᠤᠶᠢᠷ ᠤᠨ ᠠᠯᠳᠠᠨᠱᠠᠭ᠎ᠠ ᠤᠷᠤᠨ᠎ᠠ᠃ ᠳᠡᠭᠦᠨ ᠤ ᠪᠠᠷᠢᠯᠳᠤᠭᠠᠨ ᠢ ᠬᠠᠷᠠᠬᠤ ᠳᠤ ᠪᠡᠶ᠎ᠡ ᠠᠴᠠ ᠪᠠᠨ ᠬᠤᠪᠢ ᠳᠠᠭᠢᠨ ᠭᠦᠨᠳᠤ ᠲᠠᠢ ᠬᠠᠷᠠᠬᠳᠠᠬᠤ ᠭᠠᠶᠢᠬᠠᠮᠰᠢᠬ ᠰᠡᠷᠡᠭᠳᠡᠳᠡᠭ᠃ ᠭᠦᠨᠳᠦᠷᠡᠵᠤ ᠬᠠᠷᠠᠬᠳᠠᠬᠤ ᠭᠡᠳᠡᠭ ᠨᠢ ᠳᠡᠭᠦᠨ ᠤ ᠵᠤᠬᠰᠤᠴᠠ ᠶᠢᠨ ᠰᠡᠷᠡᠯᠳᠡ ᠶᠤᠮ᠂ ᠪᠠᠶᠢᠷᠢ ᠰᠠᠶᠢᠳᠠᠢ ᠪᠦᠭᠡ ᠭᠦᠨ ᠵᠤᠬᠰᠤᠵᠤ ᠴᠢᠳᠠᠳᠠᠭ᠃ ᠵᠦᠪᠭᠡᠨ ᠭᠦᠨᠳᠤ ᠵᠢᠩ ᠲᠠᠢ ᠭᠦᠮᠦᠨ ᠯᠡ ᠭᠦᠨᠳᠤ ᠬᠠᠷᠠᠬᠳᠠᠭᠠᠳ ᠪᠠᠶᠢᠳᠠᠭ ᠦᠭᠡᠢ ᠶᠢ ᠪᠦᠭᠡ ᠭᠦᠮᠦᠨ ᠶᠠᠭᠤ ᠠᠨᠳᠠᠬᠤ ᠪᠢᠯᠡ᠃ ᠡᠶᠢᠮᠤ ᠭᠦᠮᠦᠰ ᠦᠪᠡᠷ ᠤᠨ ᠪᠠᠷᠢᠴᠠᠨ ᠳᠤ ᠪᠠᠨ ᠠᠮᠠᠷᠬᠠᠨ ᠭᠦᠷᠴᠤ ᠭᠦᠮᠦᠨ ᠤ ᠪᠠᠷᠢᠴᠠᠨ ᠳᠤ  ᠭᠢᠯᠪᠠᠷ  ᠦᠷᠳᠦᠳᠡᠭ  ᠦᠭᠡᠢ ᠪᠤᠯᠬᠤ  ᠪᠠᠷ ᠨᠦᠭᠦᠭᠡ  ᠡᠳᠡᠭᠡᠳ ᠢᠶᠠᠨ  ᠬᠠᠶᠠᠬᠤ ᠨᠢ ᠢᠯᠡᠭᠦᠦ  ᠪᠠᠶᠢᠳᠠᠭ᠃         ᠵᠠᠷᠢᠮ ᠪᠦᠭᠡ ᠲᠠᠢ ᠪᠠᠷᠢᠯᠳᠤᠬᠤ ᠳᠤ ︽ᠪᠠᠷᠢᠬᠤ ᠳᠤ ᠡᠪ ᠦᠭᠡᠢ︾ ᠵᠡᠷᠭᠡ ᠰᠡᠳᠭᠢᠭᠳᠡᠯ ᠦᠭᠳᠡᠭ ᠨᠢ ᠳᠤᠰ ᠪᠦᠭᠡ ᠪᠡᠶ᠎ᠡ ᠪᠠᠨ ᠪᠠᠷᠢᠴᠠᠨ ᠳᠤ ᠡᠪ ᠦᠭᠡᠢ ᠪᠠᠶᠢᠳᠠᠯ ᠳᠤ ᠳᠠᠰᠬᠠᠬᠰᠠᠨ ᠳᠤ ᠪᠠᠶᠢᠭ᠎ᠠ ᠶᠤᠮ᠃ ᠡᠨᠡ ᠨᠢ ᠮᠡᠳᠡᠷᠡᠯ ᠲᠠᠢ ᠪᠠᠷᠢᠴᠠᠨ ᠳᠤ ᠳᠠᠰᠬᠠᠬᠰᠠᠨ ᠤ ᠦᠷ᠎ᠡ ᠳᠠᠭᠠᠪᠤᠷᠢ ᠶᠤᠮ᠃ ︽ᠬᠠᠳᠠᠵᠤ ᠪᠠᠷᠢᠬᠤ︾ ᠪᠠᠷᠢᠴᠠ ᠨᠢ ᠶᠡᠷᠦᠩᠭᠡᠢ ᠳᠤ ᠪᠠᠨ ᠪᠠᠷᠢᠴᠠᠨ ᠳᠤ ᠳᠠᠰᠬᠠᠬᠰᠠᠨ ᠤ ᠰᠠᠶᠢᠨ ᠳᠤ ᠲᠦᠰᠢᠵᠤ᠂ ᠨᠦᠭᠦᠭᠡ ᠡᠳᠡᠭᠡᠳ ᠢᠶᠠᠨ ᠡᠪ ᠦᠭᠡᠢ ᠪᠠᠶᠢᠳᠠᠯ ᠳᠤ ᠤᠷᠤᠭᠤᠯᠵᠤ ᠮᠤᠬᠤᠭᠠᠳᠠᠭ ᠶᠤᠮ᠃ ᠮᠡᠭᠡ ᠲᠠᠢ ᠪᠠᠷᠢᠴᠠ ᠲᠠᠢ ᠪᠦᠭᠡ ᠤᠯᠠᠨ ᠭᠠᠷᠤᠭᠠᠳ ᠪᠠᠶᠢᠬᠤ ᠳᠤ ᠭᠦᠷᠪᠡᠯ ᠮᠤᠩᠭᠤᠯ ᠪᠦᠭᠡ ᠶᠢᠨ ᠪᠠᠷᠢᠴᠠ ᠭᠡᠳᠡᠭ ᠠᠢ ᠰᠤᠶᠤᠯ ᠴᠢᠨᠠᠬᠰᠢ ᠠᠭᠢᠵᠤ ᠪᠠᠶᠢᠭ᠎ᠠ ᠶᠢᠨ ᠳᠡᠮᠳᠡᠭ ᠶᠤᠮ᠃ ᠪᠠᠷᠢᠬᠤ ᠳᠤ ᠡᠪ ᠦᠭᠡᠢ ᠭᠦᠮᠦᠨ ᠤ ᠪᠠᠷᠢᠴᠠ ᠶᠢ ᠨᠢ ᠬᠠᠷᠢᠭᠤᠯᠬᠤ ᠡᠷᠳᠡᠮ ᠨᠢ ︽ᠪᠠᠷᠢᠴᠠᠨ ᠤ ᠬᠠᠷᠢᠭᠤᠯᠳᠠ︾ ᠪᠤᠯᠤᠨ᠎ᠠ᠃ ᠤᠳᠤ ᠶᠢᠨ ᠭᠦᠮᠦᠰ ᠮᠡᠭᠡ ᠮᠡᠷᠭᠡᠵᠢᠯ ᠤᠨ ᠬᠠᠷᠢᠭᠤᠯᠳᠠ ᠭᠡᠪᠡᠯ ᠰᠠᠶᠢᠨ ᠮᠡᠳᠡᠵᠤ᠂ ᠪᠠᠷᠢᠴᠠᠨ ᠤ ᠬᠠᠷᠢᠭᠤᠯᠳᠠ ᠭᠡᠭᠦᠯᠡᠷ ᠬᠠᠷᠢᠨ ᠪᠠᠷᠢᠴᠠᠨ ᠤ ᠬᠠᠷᠢᠭᠤᠯᠳᠠ ᠭᠡᠵᠤ ᠶᠠᠭᠤ ᠪᠠᠶᠢᠳᠠᠭ ᠶᠤᠮ ᠭᠡᠵᠤ ᠭᠠᠶᠢᠬᠠᠬᠤ ᠪᠠᠶᠢᠬ᠎ᠠ᠃ ᠦᠨᠡᠨᠳᠡᠭᠡᠨ ᠰᠠᠶᠢᠨ ᠪᠦᠭᠡ ᠳᠤ ᠪᠠᠷᠢᠴᠠ ᠵᠠᠳᠠᠯᠬᠤ ᠤᠷ᠎ᠠ ᠤᠬᠠᠭᠠᠨ ᠤᠤᠯ ᠨᠢ ᠪᠤᠯ ᠪᠠᠶᠢᠵᠤ ᠪᠠᠶᠢᠬᠰᠠᠨ ᠶᠤᠮ᠃ ᠤᠳᠤ ᠪᠤᠯ ᠳᠠᠷᠡ ᠨᠢ ᠨᠦᠭᠦᠭᠡ ᠡᠳᠡᠭᠡᠳ ᠠᠴᠠ ᠪᠠᠨ ᠠᠭᠢᠭᠤᠬᠠᠨ ᠪᠠᠶᠢᠭ᠎ᠠ ᠳᠤᠭᠢᠶᠠᠯᠳᠤᠯ ᠳᠤ ᠬᠠᠷ᠎ᠠ ᠠᠯᠪᠠ ᠪᠠᠷ ᠨᠦᠭᠦᠭᠡ ᠡᠳᠡᠭᠡᠳ ᠤᠨ ᠢᠶᠠᠨ ᠪᠠᠷᠢᠴᠠ ᠶᠢ ᠵᠠᠳᠠᠯᠬᠤ ᠨᠢ ᠤᠯᠠᠨ ᠬᠠᠷᠠᠬᠳᠠᠵᠤ ᠪᠠᠶᠢᠭ᠎ᠠ ᠠᠴᠠ ᠪᠢᠰᠢ ᠶᠠᠮᠠᠷ ᠨᠢᠭᠡᠨ ᠪᠠᠷᠢᠴᠠ ᠶᠢ ᠤᠷ᠎ᠠ ᠪᠠᠷ ᠵᠠᠳᠠᠯᠵᠤ ᠪᠤᠢ ᠨᠢ ᠬᠤᠪᠤᠷ ᠬᠠᠷᠠᠬᠳᠠᠵᠤ ᠪᠠᠶᠢᠭ᠎ᠠ ᠨᠢ ᠡᠨᠡ ᠰᠤᠶᠤᠯ ᠤᠨ ᠰᠤᠳᠤᠨ ᠵᠦᠢᠯ ᠲᠠᠶᠠᠭᠳᠠᠵᠤ ᠢᠪᠴᠤᠤᠷᠠᠵᠤ ᠪᠤᠢ ᠶᠢ ᠬᠠᠷᠠᠭᠤᠯᠵᠤ ᠪᠠᠶᠢᠭ᠎ᠠ ᠶᠤᠮ᠃ ᠪᠠᠷᠢᠴᠠ ᠶᠢ ᠤᠷ᠎ᠠ ᠪᠠᠷ ᠵᠠᠳᠠᠯᠳᠠᠭ ᠭᠦᠮᠦᠨ ᠦᠪᠡᠷ ᠤᠨ ᠪᠠᠷᠢᠴᠠᠨ ᠳᠤ ᠭᠦᠷᠭᠦ ᠪᠤᠯᠤᠮᠵᠢ ᠨᠢ ᠤᠤᠯ ᠠᠴᠠ ᠪᠠᠨ ᠬᠤᠪᠢ ᠳᠠᠭᠢᠨ ᠪᠤᠯᠳᠠᠭ ᠢ ᠪᠦᠭᠡᠴᠢᠳ ᠤᠨ ᠳᠤᠷᠰᠢᠯᠭ᠎ᠠ ᠬᠠᠷᠠᠭᠤᠯᠵᠤ ᠪᠠᠶᠢᠨ᠎ᠠ᠃ ᠪᠠᠷᠢᠴᠠ ᠶᠢ ᠤᠷ᠎ᠠ ᠪᠠᠷ ᠵᠠᠳᠠᠯᠵᠤ ᠴᠢᠳᠠᠳᠠᠭ ᠪᠦᠭᠡ ᠪᠤᠰᠤᠳ ᠪᠦᠭᠡ ᠲᠠᠢ ᠪᠠᠨ ᠪᠠᠷᠢᠴᠠ ᠪᠤᠯᠢᠶᠠᠯᠳᠤᠬᠤ ᠨᠢ ᠴᠦᠭᠡᠨ ᠪᠠᠶᠢᠵᠤ ᠶᠠᠭᠤ ᠬᠠᠢ ᠦᠭᠡᠢ ᠪᠠᠷᠢᠴᠠᠨ ᠳᠠᠭᠠᠨ ᠭᠦᠷᠭᠦ ᠪᠠᠷ ᠰᠢᠭᠤᠳᠳᠠᠭ ᠨᠢ ᠳᠡᠷᠡ ᠪᠤᠰᠤᠳ ᠤᠨ ᠪᠠᠷᠢᠴᠠᠨ ᠠᠴᠠ ᠠᠶᠤᠬᠤ ᠦᠭᠡᠢ ᠪᠠᠶᠢᠭ᠎ᠠ ᠶᠢᠨ ᠢᠯᠡᠷᠡᠯ ᠶᠤᠮ᠃     ᠪᠠᠷᠢᠴᠠᠨ ᠳᠤ ᠪᠠᠨ ᠬᠠᠨᠭ᠍ᠭᠠᠯᠳᠠ ᠲᠠᠢ ᠭᠦᠷᠭᠦ ᠳᠤ ᠮᠦᠴᠢ ᠵᠢᠴᠠ ᠳᠤ ᠲᠦᠰᠢᠭᠯᠡᠨ᠎ᠡ᠃ ᠮᠦᠴᠢ ᠵᠢᠴᠠ ᠰᠠᠶᠢᠳᠠᠢ ᠪᠦᠭᠡ ᠶᠠᠮᠠᠷ ᠲᠤᠭᠢᠶᠠᠯᠳᠤᠯ ᠳᠤ ᠴᠤ ᠪᠠᠷᠢᠴᠠᠨ ᠳᠤ ᠤᠷᠢᠳᠠᠪᠠᠷ ᠭᠦᠷᠦᠨ᠎ᠡ᠃ ᠵᠢᠴᠠ ᠰᠠᠶᠢᠳᠠᠢ ᠪᠦᠭᠡ ᠶᠡᠷᠦ ᠨᠢ ᠮᠠᠰᠢ ᠪᠠᠷᠳᠠᠮ ᠪᠠᠷᠢᠵᠤ ᠪᠠᠶᠢᠬᠤ ᠨᠢ ᠬᠠᠷᠠᠬᠳᠠᠳᠠᠭ᠃ ᠡᠭᠦᠨ ᠤ ᠵᠢᠱᠢᠶ᠎ᠡ ᠨᠢ ᠵᠡᠭᠦᠨ ᠦᠵᠦᠮᠦᠴᠢᠨ ᠬᠤᠰᠢᠭᠤᠨ ᠤ ᠪᠠᠶᠠᠷᠪᠠᠭᠠᠳᠤᠷ ᠠᠪᠤᠷᠭᠤ ᠪᠤᠯᠤᠨ ᠠᠷᠤ ᠬᠤᠷᠴᠢᠨ ᠤ ᠮᠦᠡᠭᠭᠡᠳᠦ᠋ᠭᠦᠷᠡᠩ ᠪᠠᠶᠢᠨ᠎ᠠ᠃ ᠡᠳᠡᠭᠡᠷ ᠪᠦᠭᠡᠴᠢᠳ ᠤᠨ ᠮᠦᠴᠢ ᠵᠢᠴᠠ ᠭᠦᠮᠤᠨ ᠠᠴᠠ ᠤᠷᠳᠤ ᠪᠠᠶᠢᠵᠤ ᠭᠡᠨ ᠭᠦᠮᠤᠨ ᠠᠴᠠ ᠤᠷᠢᠳᠠᠵᠤ ᠪᠠᠷᠢᠴᠠᠨ ᠳᠤ ᠪᠠᠨ ᠭᠦᠷᠭᠦ ᠪᠤᠶᠤ ᠪᠠᠷᠢᠴᠠᠨ ᠳᠤ ᠪᠠᠨ ᠭᠦᠷᠦᠭᠰᠡᠨ ᠭᠦᠮᠤᠨ ᠤ ᠬᠠᠮᠢᠭᠠᠭᠤᠷ ᠨᠢ ᠰᠢᠷᠭᠤᠭᠤᠯᠵᠤ ᠪᠠᠶᠢᠵᠤ ᠦᠭᠡᠷ᠎ᠡ ᠪᠠᠷᠢᠴᠠᠨ ᠳᠤ ᠭᠦᠷᠴᠤ ᠪᠠᠶᠢᠳᠠᠭ᠃ ᠡᠶᠢᠮᠤ ᠭᠦᠮᠤᠨ ᠨᠦᠭᠦᠭᠡ ᠲᠠᠯ᠎ᠠ ᠪᠠᠨ ᠪᠠᠷᠢᠴᠠᠨ ᠳᠤ ᠪᠠᠨ ᠭᠦᠷᠭᠦ ᠭᠡᠳᠡᠭ ᠲᠤ ᠨᠢᠭᠡ ᠶᠡᠭᠡ ᠰᠠᠨᠠᠭ᠎ᠠ ᠪᠤᠯᠳᠠᠭ ᠦᠭᠡᠢ ᠨᠢ ᠲᠡᠳᠡ ᠶᠠᠮᠠᠷ ᠲᠤᠭᠢᠶᠠᠯᠳᠤᠯ ᠳᠤ ᠴᠤ ᠶᠠᠮᠠᠷ ᠨᠢᠭᠡᠨ ᠪᠠᠷᠢᠴᠠᠨ ᠳᠤ ᠭᠦᠷᠭᠦ ᠬᠠᠨᠭ᠍ᠭᠠᠯᠳᠠ ᠲᠠᠢ ᠤᠷᠤᠨ ᠵᠠᠢ ᠪᠠᠶᠢᠬᠤ ᠳᠤ ᠪᠠᠶᠢᠳᠠᠭ᠃ ᠡᠭᠦᠨ ᠳᠤ ᠲᠡᠭᠦᠨ ᠤ ᠤᠷᠳᠤ ᠮᠦᠴᠢ ᠵᠢᠴᠠ ᠦᠢᠯᠡᠴᠢᠯᠡᠭᠦ ᠪᠤᠯᠤᠨ᠎ᠠ᠃ ᠭᠡᠭᠦ ᠳᠤ ᠮᠦᠴᠢ ᠵᠢᠴᠠ ᠠᠪᠰᠠᠷᠬᠠᠨ ᠭᠦᠮᠤᠰ ᠴᠤ ᠪᠠᠷᠢᠴᠠᠨ ᠳᠤ ᠱᠠᠯᠠᠮᠠᠭ ᠵᠠᠭᠤᠯᠳᠠ ᠲᠠᠢ ᠭᠦᠷᠴᠤ ᠪᠤᠯᠬᠤ ᠭᠡᠳᠡᠭ ᠢ ᠠᠪᠠᠭ᠎ᠠ ᠨᠤᠳᠤᠭ ᠲᠠᠢ ᠰᠠᠶᠢᠨᠵᠠᠶᠠᠭ᠎ᠠ ᠬᠠᠷᠠᠭᠤᠯᠵᠤ ᠪᠠᠶᠢᠨ᠎ᠠ᠃ ᠶᠡᠷᠤ ᠨᠢ ᠰᠠᠶᠢᠨᠵᠠᠶᠠᠭ᠎ᠠ ᠶᠢᠨ ᠪᠠᠷᠢᠴᠠ ᠵᠠᠭᠤᠯᠳᠠ ᠲᠠᠢ ᠬᠠᠷᠠᠭᠳᠠᠳᠠᠭ ᠨᠢ ᠲᠡᠭᠦᠨ ᠳᠤ ᠮᠠᠰᠢ ᠶᠡᠭᠡ ᠰᠡᠳᠭᠢᠯ ᠤᠨ ᠲᠤᠰᠠ ᠲᠡᠮ ᠪᠤᠯᠳᠠᠭ ᠰᠢᠬ ᠦᠵᠡᠭᠳᠡᠨ᠎ᠡ᠃ ᠶᠠᠮᠠᠷ ᠴᠤ ᠦᠶ᠎ᠡ ᠳᠤ ᠪᠦᠭᠦ ᠵᠦᠢᠯ ᠬᠠᠨᠭ᠍ᠭᠠᠯᠳᠠ ᠲᠠᠢ ᠰᠠᠶᠢᠨ ᠪᠡᠯᠡᠳᠭᠡᠯ ᠳᠤ ᠤᠷᠤᠰᠢᠬᠤ ᠦᠶ᠎ᠡ ᠪᠦᠭᠡ ᠭᠦᠮᠤᠨ ᠤ ᠨᠢᠭᠤᠷ ᠴᠢᠷᠠᠢ ᠳᠤ ᠯᠠᠪ ᠲᠦᠯᠤᠪ ᠬᠠᠷᠠᠭᠳᠠᠵᠤ ᠪᠠᠷᠢᠴᠠ ᠵᠠᠭᠤᠭᠳᠠᠨ᠂ ᠵᠤᠭᠰᠤᠴᠠ ᠯᠠᠪᠰᠢᠷᠠᠵᠤ᠂ ᠲᠤᠨᠤᠭ᠎ᠠ ᠲᠠᠢ ᠪᠠᠷᠢᠯᠳᠤᠬᠤ ᠳᠤ ᠭᠦᠷᠴᠤ ᠴᠢᠳᠠᠳᠠᠭ᠃         ᠪᠠᠷᠢᠴᠠ ᠠᠯᠳᠠᠷᠠᠬᠤ ᠦᠭᠡᠢ ᠴᠢᠩᠭᠠᠷᠠᠭᠤᠯᠬᠤ ᠪᠦᠭᠡ ᠤᠳᠤ ᠬᠤᠪᠤᠷ ᠪᠠᠶᠢᠨ᠎ᠠ᠃ ᠡᠨᠡ ᠨᠢ ᠪᠦᠭᠡ ᠭᠦᠮᠤᠨ ᠤ ᠲᠡᠰᠪᠤᠷᠢ᠂ ᠲᠠᠭᠠᠭᠠᠴᠠ᠂ ᠰᠡᠳᠭᠢᠯ ᠤᠨ ᠪᠠᠭᠳᠠᠭᠠᠮᠵᠢ᠂ ᠲᠠᠷ ᠤᠨ ᠨᠦᠭᠡᠴᠡ ᠵᠡᠷᠭᠡ ᠪᠠᠨ ᠭᠦᠢᠴᠡᠳ ᠲᠠᠶᠢᠴᠢᠯᠠᠭᠰᠠᠨ ᠤ ᠤᠷ᠎ᠠ ᠲᠠᠭᠠᠪᠤᠷᠢ ᠶᠤᠮ᠃ ᠳᠡᠭᠡᠷ᠎ᠡ ᠵᠠᠭᠤᠨ ᠤ ᠡᠭᠢᠨ ᠤ ᠦᠶ᠎ᠡ ᠪᠠᠷ ᠠᠮᠢᠳᠤᠷᠠᠵᠤ ᠪᠠᠶᠢᠭᠰᠠᠨ ᠠᠷᠤ ᠤᠷᠢᠶᠠᠩᠬᠠᠢ ᠶᠢᠨ ᠠᠯᠳᠠᠷᠳᠤ ᠪᠦᠭᠡ ᠢᠳᠰᠢᠬᠠᠤᠷᠯᠤ ︵ᠭᠦᠷᠦᠩᠭᠦᠤ ᠭᠡᠮᠡᠨ ᠠᠯᠳᠠᠷᠰᠢᠪᠠ︶ ᠰᠤᠯᠤᠭᠠᠢ ᠪᠠᠷᠢᠴᠠ ᠲᠠᠢ ᠪᠦᠭᠡᠳ ᠪᠠᠷᠢᠴᠠ ᠠᠯᠳᠠᠷᠠᠳᠠᠭ ᠦᠭᠡᠢ ᠰᠠᠶᠢᠨ ᠪᠦᠭᠡ ᠪᠠᠶᠢᠭᠰᠠᠨ ᠭᠡᠳᠡᠭ᠃ ᠲᠡᠷᠡ ᠨᠢᠭᠡ ᠪᠠᠷᠢᠴᠠᠨ ᠳᠤ ᠪᠠᠨ ᠭᠦᠷᠳᠡᠭ ᠯᠡ ᠪᠤᠯ ᠶᠠᠮᠠᠷ ᠭᠦᠴᠦᠳᠡᠡ ᠴᠤ ᠲᠡᠭᠦᠨ ᠤ ᠪᠠᠷᠢᠴᠠ ᠶᠢ ᠠᠯᠳᠠᠷᠭᠠᠵᠤ ᠲᠡᠶᠢᠯᠳᠡᠭ ᠦᠭᠡᠢ ᠭᠡᠳᠡᠭ ᠤᠯᠠᠮᠵᠢᠯᠠᠯ ᠶᠠᠷᠢᠶ᠎ᠠ ᠪᠠᠶᠢᠳᠠᠭ᠃ ᠤᠷᠢᠳᠤ ᠵᠡᠭᠦᠨ ᠭᠤᠪᠢ ᠶᠢᠨ ︽ᠠᠯᠳᠠᠨ ᠤᠪᠤᠭ᠎ᠠ︾ ᠶᠢᠨ ᠨᠠᠶᠢᠷ ᠢᠶᠠᠷ ᠪᠠᠷᠢᠯᠳᠤᠵᠤ ᠪᠠᠶᠢᠬᠤ ᠳᠤ ᠪᠠᠨ ᠪᠠᠷᠢᠴᠠ ᠪᠠᠨ ᠭᠡᠳᠤ ᠰᠢᠭᠢᠰᠭᠡᠭᠰᠡᠨ ᠠᠴᠠ ᠪᠤᠯᠵᠤ ᠪᠦᠭᠡ ᠪᠠᠨ ᠬᠠᠶᠠᠴᠢᠬᠠᠭᠠᠳ ᠪᠠᠷᠢᠴᠠ ᠪᠠᠨ ᠰᠤᠯᠠᠯᠠᠬᠤ ᠭᠡᠰᠡᠨ ᠳᠤ ᠭᠠᠷ ᠨᠢ ᠭᠦᠰᠢᠵᠤ ᠭᠠᠷ ᠢᠶᠠᠨ ᠰᠤᠯᠠᠯᠠᠵᠤ ᠲᠡᠶᠢᠯᠭᠦ ᠦᠭᠡᠢ ᠭᠦᠮᠤᠨ ᠤᠴᠢᠵᠤ ᠰᠠᠯᠭᠠᠵᠤ ᠪᠠᠶᠢᠯ᠎ᠠ ᠴᠤ ᠭᠡᠳᠡᠭ᠃ ᠡᠭᠦᠨ ᠠᠴᠠ ᠦᠵᠡᠪᠡᠯ ᠪᠦᠷ ᠰᠠᠶᠢᠨ ︽ᠪᠠᠷᠢᠴᠠ ᠬᠠᠳᠠᠭᠠᠬᠤ︾ ᠭᠡᠳᠡᠭ ᠤᠬᠠᠭᠳᠠᠬᠤᠨ ᠤᠰᠠᠳᠴᠤ ᠪᠠᠶᠢᠨ ᠪᠠᠶᠢᠨ ᠪᠠᠷᠢᠴᠠ ᠰᠤᠯᠢᠭᠠᠳ ᠲᠤᠭᠯᠠᠵᠤ ᠪᠠᠶᠢᠭ᠎ᠠ ᠭᠡᠤᠭᠡᠳ ᠰᠢᠭ ᠵᠠᠭᠤᠷᠠᠯᠳᠤᠳᠠᠭ ᠲᠡᠭᠦᠤᠨᠡᠷ ᠤᠯᠠᠨ ᠬᠠᠷᠠᠭᠳᠠᠬᠤ ᠪᠤᠯᠵᠠᠢ᠃ ᠡᠨᠡ ᠪᠤᠯ ᠪᠦᠭᠡᠴᠢᠳ ᠪᠠᠷᠢᠴᠠ ᠭᠡᠳᠡᠭ ᠲᠤᠷᠭᠠᠨ ᠵᠦᠢᠯ ᠢᠶᠠᠨ ᠰᠡᠭᠡᠭᠡ ᠦᠭᠡᠢ ᠪᠠᠶᠢᠭ᠎ᠠ ᠶᠢᠨ ᠢᠯᠡᠷᠡᠯ ᠪᠤᠶᠤ ᠡᠰᠡᠭᠦᠯ᠎ᠡ ᠰᠡᠳᠭᠢᠯ ᠤᠨ ᠰᠡᠭᠡᠭᠡ᠂ ᠮᠠᠬᠠᠪᠤᠳ ᠤᠨ ᠲᠠᠷ ᠨᠢ ᠭᠦᠷᠭᠦ ᠪᠠᠨ ᠪᠠᠶᠢᠭᠰᠠᠨ ᠤ ᠢᠯᠡᠷᠡᠯ ᠪᠤᠯᠤᠨ᠎ᠠ᠃ ᠶᠠᠭᠤ ᠪᠤᠯᠤᠭᠰᠠᠨ ᠴᠤ ︽ᠪᠠᠷᠢᠴᠠ ᠬᠠᠳᠠᠭᠠᠬᠤ︾ ᠭᠦᠮᠤᠨ ᠨᠠᠶᠢᠷ ᠢᠶᠠᠷ ᠬᠠᠷᠠᠭᠳᠠᠬᠤ ᠨᠢ ᠴᠦᠭᠡᠨ ᠪᠤᠯᠤᠬᠰᠠᠨ ᠪᠦᠭᠡᠳ ᠡᠭᠦᠨ ᠠᠴᠠ ᠪᠠᠨ ᠪᠦᠷ ᠴᠢᠨᠠᠭᠰᠢᠯᠠᠵᠤ ᠪᠠᠷᠢᠴᠠ ᠪᠠᠷᠢᠬᠤ ᠦᠭᠡᠢ ᠲᠤᠭᠤᠷᠢᠵᠤ ᠲᠠᠭᠤᠯᠴᠠᠭᠠᠳ ᠴᠠᠭᠠᠷᠢᠭ ᠲᠤ ᠤᠷᠤᠳᠠᠭ ᠪᠦᠭᠡ ᠢᠯᠡᠳᠳᠡ ᠤᠯᠠᠰᠢᠷᠠᠪᠠ᠃ ᠡᠨᠡ ᠨᠢ ᠴᠠᠭᠠᠷᠢᠭ ᠭᠡᠳᠡᠭ ᠵᠦᠢᠯ ᠮᠤᠩᠭᠤᠯ ᠪᠦᠭᠡ ᠳᠤ ᠠᠯᠪᠠᠨ ᠶᠤᠰᠤᠭᠠᠷ ᠤᠷᠤᠵᠤ ᠢᠷᠡᠭᠰᠡᠨ ᠠᠴᠠ ᠬᠤᠶᠢᠰᠢ ᠭᠠᠵᠠᠷ ᠠᠪᠤᠭᠰᠠᠨ ᠶᠤᠮ᠃ ᠲᠡᠭᠡᠭᠡᠳ ᠦᠪᠡᠷᠳᠡᠭᠡᠨ ᠲᠠᠷ ᠭᠦᠴᠤ᠂ ᠤᠬᠠᠭᠠᠨ ᠰᠡᠭᠡᠭᠡᠨ ᠳᠤ ᠪᠠᠨ ᠲᠦᠰᠢᠵᠤ ᠪᠠᠷᠢᠴᠠ ᠪᠠᠨ ᠤᠯᠳᠠᠭ ᠮᠤᠩᠭᠤᠯ ᠪᠦᠭᠡ ᠤᠳᠤ ᠪᠤᠯᠬᠤ ᠪᠠᠷ ᠴᠠᠭ ᠢ ᠨᠢ ᠲᠤᠯᠭᠠᠵᠤ ᠴᠠᠭᠠᠷᠢᠭ ᠲᠤ ᠤᠷᠤᠭᠠᠳ ᠬᠠᠷ ᠎ᠠ ᠶᠢᠨ ᠠᠯᠪᠠ ᠪᠠᠷ ᠰᠠᠶᠢᠨ ᠭᠡᠭᠴᠢ ᠪᠠᠷᠢᠵᠤ ᠪᠠᠶᠢᠵᠤ ᠰᠢᠳᠦᠭᠦ ᠳᠤ ᠭᠦᠷᠦᠭᠦᠯᠦᠭᠰᠡᠨ ᠠᠴᠠ ᠪᠦᠭᠡ ᠶᠢᠨ ︽ᠪᠠᠷᠢᠴᠠ ᠪᠤᠯᠢᠶᠠᠯᠳᠤᠬᠤ︾᠂ ︽ᠪᠠᠷᠢᠴᠠ ᠬᠠᠳᠠᠭᠠᠬᠤ︾᠂ ︽ᠪᠠᠷᠢᠴᠠ ᠰᠢᠭᠢᠰᠭᠡᠭᠦ︾᠂ ︽ᠪᠠᠷᠢᠴᠠ ᠵᠠᠳᠠᠯᠬᠤ︾᠂ ︽ᠪᠠᠷᠢᠴᠠ ᠬᠠᠷᠢᠭᠤᠯᠬᠤ︾ ᠵᠡᠷᠭᠡ ᠮᠤᠩᠭᠤᠯ ᠪᠦᠭᠡ ᠶᠢᠨ ᠤᠷ᠎ᠠ ᠠᠯᠠᠭ᠎ᠠ ᠪᠤᠯᠤᠭᠠᠳ ᠪᠠᠶᠢᠭ᠎ᠠ ᠨᠢ ᠦᠨᠡᠭᠡᠷ ᠬᠠᠷᠠᠰᠮᠠᠷ ᠡ᠃ ︽ᠪᠠᠷᠢᠴᠠ ᠪᠤᠯᠢᠶᠠᠯᠳᠤᠬᠤ︾ ᠭᠡᠳᠡᠭ ᠢ ᠤᠳᠤ ᠪᠠᠷᠢᠴᠠᠨ ᠳᠤ ᠨᠢ ᠭᠦᠷᠭᠡᠭᠦ ᠦᠭᠡᠢ ᠶᠢᠨ ᠲᠦᠯᠦᠭᠡᠨ ᠤ ᠠᠷᠭ᠎ᠠ ᠪᠠᠷ ᠠᠰᠢᠭᠯᠠᠵᠤ᠂ ᠬᠠᠷᠢᠨ ᠲᠡᠭᠦᠨ ᠢ ᠪᠠᠷᠢᠴᠠᠨ ᠳᠤ ᠪᠠᠨ ᠭᠦᠷᠭᠦ ᠵᠠᠮ ᠮᠦᠷ ᠢᠶᠠᠷ ᠦᠵᠡᠵᠤ ︽ᠪᠠᠷᠢᠴᠠ ᠪᠤᠯᠢᠶᠠᠯᠳᠤᠬᠤ︾ ᠶᠢᠨ ᠲᠤᠮᠳᠠ ᠤᠬᠠᠮᠰᠠᠷᠳᠤ ᠪᠠᠶᠢᠳᠠᠯ ᠳᠤ ᠦᠪᠡᠷ ᠢ ᠪᠠᠨ ᠤᠷᠤᠭᠤᠯᠬᠤ ᠭᠡᠯᠪᠡᠷᠢ ᠨᠢ ᠲᠠᠶᠠᠬᠳᠠᠭᠠᠳ ᠪᠠᠶᠢᠨ᠎ᠠ᠃ ᠮᠤᠩᠭᠤᠯ ᠪᠦᠭᠡ ᠶᠢᠨ ︽ᠪᠠᠷᠢᠴᠠ ᠪᠤᠯᠢᠶᠠᠯᠳᠤᠬᠤ︾ ᠭᠡᠳᠡᠭ ᠴᠢᠨᠢ ᠵᠢᠩᠭᠢᠨᠢ ᠤᠳᠬ᠎ᠠ ᠶᠢᠨ ᠪᠠᠷᠢᠯᠳᠤᠭᠠᠨ ᠤ ᠠᠩᠬᠠᠨ ᠤ ᠲᠠᠶᠢᠨ ᠪᠠᠶᠢᠭ᠎ᠠ ᠶᠤᠮ ᠰᠢᠤ ᠳ᠋ᠠ ᠪᠦᠭᠡᠴᠢᠳ ᠮᠢᠨᠢ︕ ᠪᠠᠷᠢᠴᠠ ᠪᠤᠯᠢᠶᠠᠯᠳᠤᠬᠤ ᠶᠢᠨ ᠲᠤᠮᠳᠠ ᠯᠠ ᠦᠪᠡᠷ ᠤᠨ ᠲᠠᠪᠠᠭᠤᠯᠢᠭ ᠲᠤ ᠪᠠᠨ ᠭᠦᠷᠴᠤ᠂ ᠪᠠᠷᠢᠴᠠᠨ ᠳᠤ ᠪᠠᠨ ᠭᠦᠷᠴᠤ ᠨᠦᠭᠦᠭᠡ ᠡᠳᠡᠭᠡᠳ ᠢᠶᠠᠨ ᠢᠯᠠᠬᠤ ᠳᠤ ᠭᠦᠷᠭᠦ ᠪᠤᠯᠤᠨ᠎ᠠ᠃         ᠪᠠᠷᠢᠴᠠ ᠮᠡᠭᠡ ᠬᠤᠶᠠᠷ ᠪᠤᠯ ᠬᠤᠤᠰᠯᠠᠨ ᠠᠵᠢᠯᠯᠠᠳᠠᠭ ᠵᠦᠢᠯ ᠶᠤᠮ᠃ ᠬᠠᠷᠠᠭᠠᠳ ᠪᠠᠶᠢᠬᠤ ᠳᠤ ᠪᠠᠷᠢᠴᠠᠨ ᠳᠤ ᠪᠠᠨ ᠪᠦᠭᠦᠯᠢ ᠭᠦᠷᠦᠭᠰᠡᠨ ᠭᠦᠮᠤᠨ ᠨᠢ ᠮᠡᠭᠡ ᠪᠠᠨ ᠲᠦᠭᠦᠷᠭᠡᠵᠤ ᠴᠢᠳᠠᠬᠤ ᠦᠭᠡᠢ᠃ ᠮᠡᠭᠡ ᠪᠠᠨ ᠭᠢᠵᠤ ᠪᠠᠶᠢᠭ᠎ᠠ ᠪᠤᠯᠪᠠᠴᠤ ᠪᠠᠷᠢᠴᠠᠨ ᠳᠤ ᠪᠠᠨ ᠭᠦᠢᠴᠡᠳ ᠭᠦᠷᠴᠤ ᠴᠢᠳᠠᠭ᠎ᠠ ᠦᠭᠡᠢ ᠰᠤᠨᠢᠨ ᠪᠠᠷᠢᠯᠳᠤᠭᠠᠨ ᠤᠯᠠᠨ ᠭᠠᠷᠴᠤ ᠪᠠᠶᠢᠨ᠎ᠠ᠃ ᠡᠨᠡ ᠪᠤᠯ ᠪᠦᠭᠡ ᠭᠦᠮᠤᠨ ᠤ ᠪᠡᠶ᠎ᠡ ᠳᠤ ᠪᠠᠶᠢᠵᠤ ᠪᠤᠯᠤᠮ᠎ᠠ ᠦᠭᠡᠢ ᠬᠠᠶᠢᠡᠭᠭᠤ ᠵᠠᠩ ᠶᠤᠮ᠃ ᠡᠶᠢᠮᠤ ᠪᠠᠷᠢᠯᠳᠤᠭᠠᠨ ᠦᠵᠡᠮᠤᠷᠢ ᠦᠭᠡᠢ ᠪᠠᠶᠢᠵᠤ᠂ ᠬᠠᠨᠭ᠍ᠭᠠᠢ ᠵᠠᠶᠢᠳᠠᠩ ᠬᠠᠷᠠᠭᠳᠠᠵᠤ ᠶᠠᠭ ᠯᠠ ᠦᠭᠡᠷ᠎ᠡ ᠦᠨᠳᠤᠰᠤᠳᠡᠨ ᠤ ᠪᠦᠭᠡ ᠶᠢ ᠰᠤᠨᠢᠷᠬᠠᠵᠤ ᠪᠠᠶᠢᠭ᠎ᠠ ᠰᠢᠬ ᠲᠦᠷᠦᠭᠳᠡᠯ ᠤᠷᠤᠳᠠᠭ ᠨᠢ ᠮᠤᠩᠭᠤᠯ ᠪᠦᠭᠡ ᠶᠢᠨ ᠤᠬᠤᠷᠢᠯ ᠶᠤᠮ᠃ ᠶᠡᠷᠤ ᠨᠢ ᠪᠠᠷᠢᠴᠠᠨ ᠳᠤ ᠪᠠᠨ ᠭᠦᠢᠴᠡᠳ ᠭᠦᠷᠴᠤ ᠮᠡᠭᠡ ᠪᠠᠨ ᠭᠦᠢᠴᠡᠳ ᠲᠦᠭᠦᠷᠭᠡᠵᠤ ᠪᠠᠶᠢᠭ᠎ᠠ ᠪᠦᠭᠡ ᠬᠤᠪᠤᠷ ᠪᠤᠯᠤᠬᠰᠠᠨ ᠠᠴᠠ ᠨᠠᠶᠢᠷ ᠤᠨ ᠦᠡᠭᠭᠡ ᠭᠡᠶᠢᠮᠦᠷᠢ ᠳᠠᠷᠤᠬᠳᠠᠳᠠᠭ᠃         ᠪᠦᠭᠡ ᠪᠠᠷᠢᠯᠳᠤᠬᠤ ᠲᠤᠭᠢᠶᠠᠯᠳᠤᠯ ᠳᠤ ᠪᠦᠭᠡᠴᠢᠳ ᠪᠠᠷᠢᠵᠤ ᠪᠠᠶᠢᠬᠤ ᠨᠢ ᠲᠡᠷᠢᠭᠦᠨ ᠵᠦᠢᠯ ᠪᠤᠯᠬᠤ ᠪᠠᠷ ᠪᠠᠷᠢᠴᠠ ᠭᠡᠳᠡᠭ ᠵᠦᠢᠯ ᠨᠢ ᠮᠤᠩᠭᠤᠯ ᠪᠦᠭᠡ ᠶᠢᠨ ᠪᠠᠷᠢᠯᠳᠤᠬᠤ ᠠᠴᠠ ᠠᠪᠤᠭᠠᠳ ᠬᠠᠶᠠᠵᠤ ᠤᠢᠢᠴᠢᠬᠤ ᠭᠦᠷᠳᠡᠯ᠎ᠡ ᠵᠦᠡᠭᠳᠡᠭᠡᠨ ᠠᠰᠢᠭᠯᠠᠭᠳᠠᠵᠤ ᠪᠠᠶᠢᠳᠠᠭ᠃ ᠪᠠᠷᠢᠴᠠ ᠦᠭᠡᠢ ᠪᠠᠷ ᠪᠦᠭᠡ ᠭᠡᠷᠭᠢᠨ ᠪᠠᠷᠢᠯᠳᠤᠬᠤ ᠪᠢᠯᠡ︖ ᠰᠠᠶᠢᠨ ᠪᠠᠷᠢᠴᠠ ᠦᠭᠡᠢ ᠪᠠᠷ ᠭᠡᠷᠭᠢᠨ ᠬᠠᠶᠠᠬᠤ ᠪᠢᠯᠡ︖ ᠢᠡᠭᠭᠢᠵᠤ ᠪᠤᠳᠤᠪᠠᠯ ᠪᠠᠷᠢᠴᠠ ᠶᠠᠮᠠᠷᠬᠠᠨ ᠭᠡᠷᠡᠭᠳᠡᠢ ᠭᠡᠳᠡᠭ ᠢ ᠪᠦᠭᠦᠳᠡ ᠠᠨᠳᠠᠬᠤ ᠦᠭᠡᠢ ᠪᠤᠯᠤᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号