《 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠳᠦᠷᠢᠮ ( ᠲᠤᠷᠰᠢᠨ ᠬᠡᠷᠡᠭᠵᠢᠭᠦᠯᠬᠦ ) 》 ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ

ᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠥᠪᠡᠷᠲᠡᠭᠡᠨ ᠵᠠᠰᠠᠬᠤ ᠣᠷᠣᠨ ᠤ ᠡᠯ᠎ᠡ ᠵᠥᠪᠯᠡᠯ᠂ ᠠᠯᠪᠠᠨ ᠬᠡᠷ᠂ ᠲᠢᠩᠬᠢᠮ᠂ ᠲᠣᠪᠴᠢᠶ᠎ᠠ᠂ ᠡᠯ᠎ᠡ ᠲᠣᠮᠣ ᠠᠵᠤ ᠠᠬᠤᠶᠢᠯᠠᠯ᠂ ᠠᠵᠢᠯ ᠦᠢᠯᠡᠰ ᠤᠨ ᠨᠢᠭᠡᠴᠢ ᠳᠤ᠄

  ︽ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠲᠦᠷᠢᠮ ︵  ᠲᠤᠷᠰᠢᠨ ᠬᠡᠷᠡᠭᠵᠢᠭᠦᠯᠬᠦ  ︶  ︾ ᠢ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠵᠢᠨᠷ ᠵᠥᠪᠰᠢᠶᠡᠷᠡᠭᠦᠯᠦᠭᠡᠳ᠂ ᠡᠳᠦᠭᠡ ᠲᠠ ᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠶ ᠲᠠᠢ ᠪᠠᠨ ᠤᠶᠠᠯᠳᠤᠭᠤᠯᠤᠨ᠂ ᠬᠢᠨᠠᠮᠠᠭᠠᠶ ᠵᠢᠷᠤᠮᠯᠠᠨ ᠬᠡᠷᠡᠭᠵᠢᠭᠦᠯᠲᠦᠭᠡᠶ᠃

  ᠥᠪᠥᠷ ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ ᠣᠷᠣᠨ  ᠪᠦᠰᠡ ᠶᠢᠨ ᠴᠢᠨᠠᠷᠲᠠᠶ ᠰᠲ᠋ᠣᠺ  ᠤᠨ  ᠡᠷᠬᠡ  ᠶᠢᠨ ᠵᠠᠬ᠎ᠠ ᠳᠡᠯᠭᠡᠭᠦᠷ  ᠤᠨ ᠬᠢᠨᠠᠯᠲᠠ  ᠬᠠᠮᠢᠶᠠᠷᠤᠯᠲᠠ ᠶᠢᠨ ᠬᠡᠷᠡᠭᠵᠢᠭᠦᠯᠬᠦ ᠨᠠᠷᠢᠨ ᠳᠦᠷᠢᠮ ︵ ᠲᠤᠷᠰᠢᠨ ᠬᠡᠷᠡᠭᠵᠢᠭᠦᠯᠬᠦ ︶

  ᠨᠢᠭᠡᠳᠦᠭᠡᠷ ᠪᠦᠯᠦᠭ    ᠶᠡᠷᠦᠩᠬᠡᠶ ᠲᠦᠷᠢᠮ

  ᠨᠢᠭᠡᠳᠦᠭᠡᠷ ᠵᠦᠢᠯ   ᠥᠪᠡᠷᠲᠡᠭᠡᠨ ᠵᠠᠰᠠᠬᠤ ᠣᠷᠣᠨ ᠤ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ︵ ᠳᠣᠷᠣᠭᠰᠢ ᠣᠷᠣᠨ ᠪᠦᠰᠡ ᠶᠢᠨ ᠴᠢᠨᠠᠷᠲᠠᠢ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠭᠡᠵᠦ ᠲᠣᠪᠴᠢᠯᠠᠨ᠎ᠠ ︶ ᠤᠨ ᠠᠵᠢᠯᠯᠠᠭ᠎ᠠ ᠶᠢ ᠵᠢᠷᠤᠮᠵᠢᠭᠤᠯᠤᠨ᠂ ᠪᠡᠯᠡ ᠣᠷᠣᠭᠤᠯᠤᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠵᠤ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠥᠭᠰᠢᠭᠦᠷᠢ ᠶᠢ ᠰᠡᠷᠭᠡᠢᠢᠯᠡᠨ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠡᠷᠡᠭᠦᠯ ᠢᠶᠠᠷ ᠬᠥᠭᠵᠢᠬᠦ ᠶᠢ ᠠᠬᠢᠭᠤᠯᠬᠤ ᠶᠢᠨ ᠲᠤᠰᠠᠳᠠ᠂ ︽ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠮᠳᠡᠭᠲᠦ ᠶᠢᠨ ᠬᠠᠤᠯᠢ ︾ ︽ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠺᠣᠮᠫᠠᠨᠢ ᠶᠢᠨ ᠬᠠᠤᠯᠢ ︾ ︽ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠤᠷᠰᠢᠨ ᠬᠡᠷᠡᠭᠵᠢᠭᠦᠯᠬᠦ ᠠᠷᠭ᠎ᠠ ︾ ︽ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠦᠷᠢᠮ ︾ ᠵᠢᠴᠢ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠡᠪᠯᠡᠯ ᠤᠨ ᠠᠯᠪᠠᠨ ᠲᠢᠩᠬᠢᠮ᠂ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ ᠶᠢᠨ ᠶᠠᠮᠤᠨ ᠤ ᠠᠯᠪᠠᠨ ᠲᠢᠩᠬᠢᠮ ᠤᠨ ︽ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ︿ ᠲᠤᠰᠬᠠᠢ ᠨᠠᠷᠢᠯᠢᠬ ᠤᠨᠴᠠᠭᠠᠢ ᠰᠢᠨ᠎ᠡ ﹀ ᠲᠤᠰᠬᠠᠶ ᠰᠠᠮᠪᠠᠷ᠎ᠠ ᠶᠢ ᠴᠢᠨᠠᠷ ᠰᠠᠶᠢᠲᠠᠶ ᠪᠥᠲᠥᠭᠡᠨ ᠪᠠᠶᠢᠭᠤᠯᠬᠤ ᠲᠤᠬᠠᠶ ᠵᠢᠯᠣᠭᠤᠳᠬᠤ ᠰᠠᠨᠠᠯ ︾ ︵ ᠲᠡᠮᠳᠡᠭᠲᠦ ᠬᠢᠨᠠᠯᠲᠠ ᠠᠯᠪᠠᠨ ᠵᠠᠬᠢᠳᠠᠯ 〔 2022 〕 840 ᠳ᠋ᠤᠭᠡᠷ ᠲᠣᠭᠠᠲᠤ ︶ ᠵᠡᠷᠭᠡ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠦᠷᠢᠮ ᠪᠠ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠲᠣᠭᠲᠠᠭᠠᠯ ᠢ ᠦᠨᠳᠦᠰᠦᠯᠡᠨ᠂ ᠥᠪᠡᠷᠲᠡᠭᠡᠨ ᠵᠠᠰᠠᠬᠤ ᠣᠷᠣᠨ ᠤ ᠪᠣᠳᠠᠲᠠᠶ ᠲᠠᠢ ᠤᠶᠠᠯᠳᠤᠭᠤᠯᠤᠨ᠂ ᠲᠣᠰ ᠨᠠᠷᠢᠨ ᠲᠦᠷᠢᠮ ᠢ ᠲᠣᠭᠲᠠᠭᠠᠪᠠ᠃

  ᠬᠤᠶᠠᠳᠤᠭᠠᠷ ᠵᠦᠢᠯ   ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠪᠣᠯ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠣᠷᠣᠨ ᠤ ᠳᠣᠲᠣᠷᠠᠬᠢ ᠠᠵᠤ ᠠᠬᠤᠶᠢᠯᠠᠯ ᠤᠨ ᠲᠡᠮᠳᠡᠭᠲᠦ ᠶᠢ ᠢᠯᠡ ᠪᠤᠰᠤ ᠪᠠᠷ ᠲᠠᠷᠬᠠᠭᠠᠬᠤ᠂ ᠰᠢᠯᠵᠢᠭᠦᠯᠦᠨ ᠥᠭᠬᠦ᠂ ᠰᠲ᠋ᠣᠺ ᠤᠨ ᠡᠷᠬᠡ ᠶᠢ ᠳᠡᠩᠰᠡᠯᠡᠵᠦ ᠨᠠᠶᠢᠳᠠᠨ ᠬᠠᠮᠢᠶᠠᠷᠤᠭᠤᠯᠬᠤ ᠵᠢᠴᠢ ᠬᠤᠯᠪᠣᠭᠳᠠᠯ ᠪᠥᠬᠦᠶ ᠠᠵᠢᠯᠯᠠᠭ᠎ᠠ ᠳᠤ ᠪᠡᠯᠡᠳᠬᠡᠮᠵᠢ ᠬᠢᠭᠡᠳ ᠦᠢᠯᠡᠴᠢᠯᠡᠭᠡᠨ ᠤ ᠲᠠᠯᠠᠪᠤᠷ ᠭᠠᠵᠠᠷ ᠬᠠᠩᠭᠠᠵᠤ᠂ ᠥᠪᠡᠷᠲᠡᠭᠡᠨ ᠵᠠᠰᠠᠬᠤ ᠣᠷᠣᠨ ᠤ ᠴᠢᠬᠤᠯᠠ ᠪᠦᠬᠦᠢ ᠮᠥᠩᠭᠦᠨ ᠭᠦᠢᠯᠭᠡᠭᠡᠨ ᠤ ᠰᠠᠭᠤᠷᠢ ᠪᠡᠯᠡᠳᠬᠡᠮᠵᠢ ᠪᠣᠯᠤᠨ᠎ᠠ᠃

  ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠡᠴᠠ ᠭᠠᠳᠠᠨ᠎ᠠ᠂ ᠥᠪᠡᠷᠲᠡᠭᠡᠨ ᠵᠠᠰᠠᠬᠤ ᠣᠷᠣᠨ ᠤ ᠪᠤᠰᠤᠳ ᠲᠥᠷᠥᠯ ᠤᠨ ᠠᠷᠠᠯᠵᠢᠶᠠᠨ ᠤ ᠲᠠᠯᠠᠪᠤᠷ ᠭᠠᠵᠠᠷ᠂ ᠪᠠᠶᠢᠭᠤᠯᠤᠮᠵᠢ ᠨᠢ ᠲᠡᠮᠳᠡᠭᠲᠦ ᠲᠠᠷᠬᠠᠭᠠᠬᠤ ᠪᠠ ᠰᠢᠯᠵᠢᠭᠦᠯᠦᠨ ᠥᠭᠬᠦ ᠠᠵᠢᠯᠯᠠᠭ᠎ᠠ ᠶᠢ ᠵᠣᠬᠢᠶᠠᠨ ᠪᠠᠶᠢᠭᠤᠯᠵᠤ ᠪᠣᠯᠬᠤ ᠥᠬᠡᠶ᠃

  ᠭᠤᠷᠪᠠᠳᠤᠭᠠᠷ ᠵᠦᠢᠯ    ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠰᠲ᠋ᠣᠺ᠂ ᠰᠲ᠋ᠣᠺ ᠪᠣᠯᠭᠠᠨ ᠰᠣᠯᠢᠵᠤ ᠪᠣᠯᠬᠤ ᠺᠣᠮᠫᠠᠨᠢ ᠶᠢᠨ ᠵᠢᠭᠡᠯᠡᠯᠭᠡ ᠶᠢᠨ ᠲᠡᠮᠳᠡᠭᠲᠦ ᠪᠣᠯᠤᠨ ᠲᠦᠷᠦ ᠶᠢᠨ ᠶᠠᠪᠤᠳᠠᠯ ᠤᠨ ᠬᠤᠷᠢᠶᠠᠨ ᠤ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠵᠥᠪᠰᠢᠶᠡᠷᠡᠭᠰᠡᠨ ᠪᠤᠰᠤᠳ ᠲᠡᠮᠳᠡᠭᠲᠦ ᠵᠢ ᠢᠯᠡ ᠪᠤᠰᠤ ᠪᠠᠷ ᠲᠠᠷᠬᠠᠭᠠᠬᠤ ᠪᠠ ᠰᠢᠯᠵᠢᠭᠦᠯᠦᠨ ᠥᠭᠬᠦ ᠵᠢᠴᠢ ᠫᠠᠶᠢᠰᠠ ᠡᠯᠭᠦᠵᠦ ᠳᠡᠯᠭᠡᠨ ᠦᠵᠡᠭᠦᠯᠬᠦ᠂ ᠠᠵᠤ ᠠᠬᠤᠶᠢᠯᠠᠯ ᠢ ᠪᠤᠶᠢᠵᠢᠭᠤᠯᠬᠤ᠂ ᠰᠲ᠋ᠣᠺ ᠤᠨ ᠡᠷᠬᠡ ᠵᠢ ᠳᠠᠩᠰᠠᠯᠠᠵᠤ ᠨᠠᠶᠢᠳᠠᠨ ᠬᠠᠮᠢᠶᠠᠷᠤᠭᠤᠯᠬᠤ᠂ ᠠᠷᠠᠯᠵᠢᠶᠠᠨ ᠤ ᠳ᠋ᠦᠩᠨᠡᠨ ᠪᠣᠳᠣᠯᠲᠠ ᠵᠡᠷᠭᠡ ᠬᠠᠮᠢᠶ᠎ᠠ ᠪᠦᠬᠦᠢ ᠠᠵᠢᠯᠯᠠᠭ᠎ᠠ ᠵᠢ ᠥᠷᠨᠢᠭᠦᠯᠬᠦ ᠳ᠋ᠤ ᠲᠤᠰ ᠨᠠᠷᠢᠨ ᠲᠦᠷᠢᠮ ᠢ ᠲᠣᠬᠢᠷᠠᠭᠤᠯᠤᠨ ᠬᠡᠷᠡᠭᠯᠡᠨ᠎ᠡ᠃

  ᠳᠥᠷᠪᠡᠳᠦᠭᠡᠷ ᠵᠦᠢᠯ   ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠡᠮᠳᠡᠭᠲᠦ ᠶᠢ ᠢᠯᠡ ᠪᠤᠰᠤ ᠪᠠᠷ ᠲᠠᠷᠬᠠᠭᠠᠬᠤ᠂ ᠰᠢᠯᠵᠢᠭᠦᠯᠦᠨ ᠥᠭᠬᠦ ᠵᠢᠴᠢ ᠫᠠᠶᠢᠰᠠ ᠡᠯᠭᠦᠵᠦ ᠳᠡᠯᠭᠡᠨ ᠦᠵᠡᠭᠦᠯᠬᠦ᠂ ᠰᠲ᠋ᠣᠺ ᠤᠨ ᠡᠷᠬᠡ ᠶᠢ ᠳᠠᠩᠰᠠᠯᠠᠵᠤ ᠨᠠᠢᠢᠳᠠᠨ ᠬᠠᠮᠢᠶᠠᠷᠤᠭᠤᠯᠬᠤ᠂ ᠠᠷᠠᠯᠵᠢᠶᠠᠨ ᠤ ᠳ᠋ᠦᠩᠨᠡᠨ ᠪᠣᠳᠣᠯᠲᠠ ᠵᠡᠷᠭᠡ ᠬᠠᠮᠢᠶ᠎ᠠ ᠪᠦᠬᠦᠢ ᠠᠵᠢᠯᠯᠠᠭ᠎ᠠ ᠬᠢᠬᠦ ᠳᠤ ᠪᠠᠨ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠦᠷᠢᠮ ᠪᠠ ᠬᠢᠨᠠᠯᠲᠠ ᠬᠠᠮᠢᠶᠠᠷᠤᠯᠲᠠ ᠶᠢᠨ ᠲᠦᠷᠢᠮ ᠵᠡᠷᠭᠡ ᠲᠣᠭᠲᠠᠭᠠᠯ ᠢ ᠵᠢᠷᠤᠮᠯᠠᠵᠤ᠂ ᠲᠥᠪ ᠭᠤᠣᠯᠴᠢ ᠰᠠᠢᠢᠨ ᠳᠤᠷ᠎ᠠ ᠶᠢᠨ᠂ ᠦᠨᠡᠨᠴᠢ ᠢᠲᠡᠭᠡᠮᠵᠢᠲᠡᠶ᠂ ᠲᠦᠭᠰᠢᠭᠦᠷᠢ ᠶᠢ ᠥᠪᠡᠰᠦᠪᠡᠨ ᠡᠭᠦᠷᠭᠡᠯᠡᠬᠦ ᠵᠠᠷᠴᠢᠮ ᠢ ᠵᠢᠷᠤᠮᠯᠠᠨ᠂ ᠮᠡᠬᠡᠯᠡᠨ ᠬᠢᠬᠠᠬᠤ᠂ ᠳᠠᠯᠳᠠ ᠪᠠᠷ ᠠᠷᠠᠯᠵᠢᠶᠠᠯᠠᠬᠤ᠂ ᠵᠠᠬ᠎ᠠ ᠳᠡᠯᠭᠡᠭᠦᠷ ᠢ ᠡᠷᠬᠡᠰᠢᠶᠡᠨ ᠡᠵᠡᠮᠳᠡᠬᠦ᠂ ᠬᠠᠤᠯᠢ ᠪᠤᠰᠤ ᠪᠠᠷ ᠪᠡᠯᠡ ᠴᠤᠭᠯᠠᠭᠤᠯᠬᠤ ᠦᠢᠯᠡ ᠠᠵᠢᠯᠯᠠᠭ᠎ᠠ ᠶᠢ ᠴᠠᠭᠠᠵᠠᠯᠠᠬᠤ ᠬᠡᠷᠡᠭᠲᠡᠶ᠃

  ᠲᠠᠪᠤᠳᠤᠭᠠᠷ ᠵᠦᠢᠯ   ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠤᠬᠠᠶᠢᠯᠠᠭᠰᠠᠨ ᠠᠵᠢᠯ ᠢ ᠬᠢᠨᠠᠨ ᠬᠠᠮᠢᠶᠠᠷᠬᠤ ᠡᠭᠦᠷᠭᠡ ᠬᠠᠷᠢᠭᠤᠴᠠᠯᠭ᠎ᠠ ᠶᠢ ᠳᠠᠭᠠᠭᠠᠨ ᠡᠭᠦᠷᠭᠡᠯᠡᠵᠦ᠂ ᠬᠠᠤᠯᠢ ᠲᠣᠭᠲᠠᠭᠠᠯ ᠡᠴᠠ ᠵᠥᠷᠢᠴᠡᠭᠰᠡᠨ ᠦᠢᠯᠡ ᠠᠵᠢᠯᠯᠠᠭ᠎ᠠ ᠶᠢ ᠬᠠᠤᠯᠢ ᠲᠣᠭᠲᠠᠭᠠᠯ ᠶᠣᠰᠣᠭᠠᠷ ᠪᠠᠶᠢᠴᠠᠭᠠᠨ ᠰᠢᠢᠳᠪᠦᠷᠢᠯᠡᠵᠦ᠂ ᠡᠯ᠎ᠡ ᠠᠶᠢᠮᠠᠭ ᠬᠤᠲᠠ ᠶᠢ ᠵᠢᠯᠣᠭᠤᠳᠤᠨ ᠰᠢᠮᠳᠠᠭᠤᠯᠵᠤ ᠪᠠᠶᠢᠭᠠᠳ ᠲᠣᠰ ᠵᠠᠰᠠᠭ ᠵᠠᠬᠢᠷᠭᠠᠨ ᠤ ᠣᠷᠣᠨ ᠤ ᠳᠣᠲᠣᠷᠠᠬᠢ ᠬᠤᠪᠢᠶᠠᠷᠢ ᠰᠠᠯᠪᠤᠷᠢ ᠪᠠᠶᠢᠭᠤᠯᠤᠮᠵᠢ ᠵᠢᠴᠢ ᠳᠡᠯᠭᠡᠨ ᠦᠵᠡᠭᠦᠯᠵᠦ ᠫᠠᠶᠢᠰᠠ ᠡᠯᠭᠦᠭᠰᠡᠨ ᠠᠵᠤ ᠠᠬᠤᠶᠢᠯᠠᠯ ᠢᠶᠠᠨ ᠨᠢᠭᠡᠳᠦᠯᠲᠡᠶ ᠲᠥᠯᠥᠪᠯᠡᠨ ᠬᠠᠮᠢᠶᠠᠷᠬᠤ ᠠᠵᠢᠯ ᠢ ᠰᠠᠶᠢᠲᠤᠷ ᠬᠢᠯᠭᠡᠵᠦ᠂ ᠲᠦᠭᠰᠢᠭᠦᠷᠢ ᠶᠢ ᠰᠡᠷᠭᠡᠶᠢᠯᠡᠨ ᠰᠢᠢᠳᠪᠦᠷᠢᠯᠡᠬᠦ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠦᠨ᠎ᠡ᠃

  ᠵᠢᠷᠭᠤᠳᠤᠭᠠᠷ ᠵᠦᠢᠯ    ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠬᠠᠤᠯᠢ ᠶᠣᠰᠣᠭᠠᠷ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠠᠵᠢᠯ ᠢ ᠵᠢᠯᠣᠭᠤᠳᠬᠤ᠂ ᠵᠣᠬᠢᠴᠠᠭᠤᠯᠬᠤ ᠪᠠ ᠬᠢᠨᠠᠯᠲᠠ ᠬᠢᠵᠦ᠂ ᠵᠠᠬ᠎ᠠ ᠳᠡᠯᠭᠡᠭᠦᠷ ᠤᠨ ᠵᠢᠷᠤᠮᠵᠢᠭᠰᠠᠨ ᠠᠵᠢᠯᠯᠠᠭᠠᠨ ᠤ ᠪᠠᠶᠢᠳᠠᠯ ᠳᠤ ᠬᠢᠨᠠᠨ ᠪᠠᠶᠢᠴᠠᠭᠠᠯᠲᠠ ᠬᠢᠵᠦ᠂ ᠵᠠᠬ᠎ᠠ ᠳᠡᠯᠭᠡᠭᠦᠷ ᠤᠨ ᠲᠦᠭᠰᠢᠭᠦᠷᠢ ᠵᠢ ᠰᠡᠷᠡᠮᠵᠢᠯᠡᠭᠦᠯᠦᠨ ᠰᠠᠨᠠᠭᠤᠯᠬᠤ ᠪᠠ ᠰᠢᠢᠳᠪᠦᠷᠢᠯᠡᠵᠦ ᠰᠢᠮᠳᠠᠭᠤᠯᠤᠨ ᠵᠢᠯᠣᠭᠤᠳᠤᠨ᠎ᠠ᠃

  ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠬᠢᠭᠡᠳ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠠᠯ᠎ᠠ ᠪᠠᠷ ᠬᠠᠮᠵᠢᠯᠴᠠᠨ ᠠᠵᠢᠯᠯᠠᠬᠤ᠂ ᠮᠡᠳᠡᠭᠡ ᠵᠠᠩᠭᠢ ᠶᠢ ᠬᠠᠮᠲᠤ ᠪᠠᠷ ᠭᠥᠷᠳᠡᠬᠦ ᠲᠣᠭᠲᠠᠴᠠ ᠵᠢ ᠪᠠᠶᠢᠭᠤᠯᠵᠤ᠂ ᠬᠢᠨᠠᠨ ᠬᠠᠮᠢᠶᠠᠷᠬᠤ ᠳᠤ ᠬᠠᠮᠵᠢᠯᠴᠠᠬᠤ᠂ ᠮᠡᠳᠡᠭᠡ ᠵᠠᠩᠭᠢ ᠵᠢ ᠬᠠᠮᠲᠤ ᠪᠠᠷ ᠭᠥᠷᠳᠡᠬᠦ᠂ ᠲᠦᠭᠰᠢᠭᠦᠷᠢ ᠵᠢ ᠰᠢᠢᠳᠪᠦᠷᠢᠯᠡᠬᠦ ᠵᠡᠷᠭᠡ ᠲᠠᠯ᠎ᠠ ᠪᠠᠷ ᠬᠢᠨᠠᠯᠲᠠ ᠬᠠᠮᠢᠶᠠᠷᠤᠯᠲᠠ ᠵᠢᠨ ᠬᠠᠮᠲᠤᠷᠠᠯᠴᠠᠭᠠᠨ ᠤ ᠰᠠᠨᠠᠭᠤᠯᠤᠮᠵᠢ ᠲᠣᠭᠲᠠᠬᠤ ᠬᠡᠷᠡᠭᠲᠡᠢ᠃

  ᠳᠣᠯᠣᠳᠤᠭᠠᠷ ᠵᠦᠢᠯ    ᠤᠷᠤᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠨᠢ ᠣᠷᠣᠨ ᠨᠤᠲᠤᠭ ᠤᠨ ᠠᠷᠠᠳ ᠤᠨ ᠵᠠᠰᠠᠭ ᠤᠨ ᠣᠷᠳᠣᠨ ᠤ ᠳᠤᠮᠳᠠ ᠵᠢᠵᠢᠭ ᠪᠢᠴᠢᠯ ᠠᠵᠤ ᠠᠬᠤᠶᠢᠯᠠᠯ ᠢ ᠲᠡᠳᠬᠦᠨ ᠳᠡᠮᠵᠢᠬᠦ ᠶᠡᠷᠦᠩᠬᠡᠶᠢᠯᠡᠭᠰᠡᠨ ᠬᠡᠷᠡᠭᠯᠡᠭᠡᠨ ᠤ ᠲᠠᠪᠴᠠᠩ ᠪᠣᠯᠵᠤ᠂ ᠣᠷᠣᠨ ᠨᠤᠲᠤᠭ ᠤᠨ ᠠᠷᠠᠳ ᠤᠨ ᠵᠠᠰᠠᠭ ᠤᠨ ᠣᠷᠳᠣᠨ ᠤ ᠵᠠᠬ᠎ᠠ ᠳᠡᠯᠭᠡᠭᠦᠷᠴᠢᠯᠡᠨ ᠠᠵᠢᠯᠯᠠᠭᠤᠯᠬᠤ ᠳᠤ ᠳᠠᠮ ᠬᠦᠦ ᠥᠭᠬᠦ᠂ ᠳᠠᠭᠠᠭᠠᠯᠲᠠ ᠬᠢᠬᠦ᠂ ᠪᠡᠯᠡ ᠣᠷᠣᠭᠤᠯᠬᠤ ᠵᠡᠷᠭᠡ ᠲᠦᠷᠦ ᠶᠢᠨ ᠪᠤᠳᠤᠯᠭ᠎ᠠ ᠶᠢᠨ ᠪᠠᠭᠠᠵᠢ ᠬᠡᠷᠡᠭᠰᠡᠯ ᠢᠶᠠᠷ ᠪᠣᠳᠠᠲᠤ ᠴᠣᠭᠴᠠ ᠶᠢᠨ ᠠᠵᠤ ᠠᠬᠤᠶ ᠶᠢ ᠲᠡᠳᠬᠦᠨ ᠳᠡᠮᠵᠢᠬᠦ ᠳᠤ ᠶᠡᠷᠦᠩᠬᠡᠶᠢᠯᠡᠭᠰᠡᠨ ᠮᠥᠩᠭᠦᠨ ᠭᠦᠢᠯᠭᠡᠭᠡᠨ ᠤ ᠦᠢᠯᠡᠴᠢᠯᠡᠭᠡ ᠬᠠᠩᠭᠠᠬᠤ ᠬᠡᠷᠡᠭᠲᠡᠶ︔ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠦᠴᠦᠨ ᠵᠦᠢᠯ ᠢ ᠴᠤᠭᠯᠠᠭᠤᠯᠵᠤ᠂ ᠰᠲ᠋ᠣᠺ ᠡᠵᠡᠮᠰᠢᠭᠰᠡᠨ ᠬᠤᠪᠢ ᠪᠠᠷ ᠢᠶᠠᠨ ᠴᠤᠭᠯᠠᠭᠤᠯᠬᠤ ᠰᠠᠭᠤᠷᠢ ᠮᠥᠩᠭᠦᠨ ᠤ ᠬᠠᠮᠢᠶᠠᠷᠤᠯᠲᠠ ᠶᠢᠨ ᠺᠣᠮᠫᠠᠨᠢ ᠪᠠᠶᠢᠭᠤᠯᠬᠤ ᠵᠡᠷᠭᠡ ᠵᠠᠬ᠎ᠠ ᠳᠡᠯᠭᠡᠭᠦᠷᠴᠢᠯᠡᠭᠰᠡᠨ ᠠᠷᠭ᠎ᠠ ᠬᠡᠯᠪᠡᠷᠢ ᠪᠠᠷ ᠳᠠᠮᠵᠢᠭᠤᠯᠤᠨ ᠨᠡᠩ ᠤᠯᠠᠨ ᠨᠡᠶᠢᠭᠡᠮ ᠤᠨ ᠪᠡᠯᠡ ᠮᠥᠩᠭᠦ ᠶᠢ ᠲᠠᠲᠠᠨ ᠣᠷᠣᠭᠤᠯᠵᠤ ᠪᠠᠶᠢᠭᠠᠳ ᠣᠷᠣᠨ ᠪᠦᠰᠡ ᠶᠢᠨ ᠴᠢᠨᠠᠷᠲᠠᠢ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠫᠠᠶᠢᠰᠠ ᠡᠯᠭᠦᠬᠦ ᠠᠵᠤ ᠠᠬᠤᠶᠢᠯᠠᠯ ᠳᠤ ᠪᠡᠯᠡ ᠣᠷᠣᠭᠤᠯᠤᠭᠤᠯᠤᠨ᠂ ᠠᠵᠤ ᠠᠬᠤᠶᠢᠯᠠᠯ ᠤᠨ ᠰᠢᠭᠤᠳ ᠪᠠᠯᠠ ᠳᠣᠭᠢᠷᠠᠭᠤᠯᠬᠤ ᠠᠷᠭ᠎ᠠ ᠵᠠᠮ ᠢ ᠥᠷᠭᠡᠳᠬᠡᠵᠦ᠂ ᠴᠢᠨᠠᠷ ᠰᠠᠶᠢᠲᠠᠶ ᠠᠵᠤ ᠠᠬᠤᠶᠢᠯᠠᠯ ᠤᠨ A ᠡᠭᠡᠯᠵᠢ᠂ B ᠡᠭᠡᠯᠵᠢ᠂ C ᠡᠭᠡᠯᠵᠢ ᠵᠡᠷᠭᠡ ᠬᠤᠪᠢ ᠪᠠᠷ ᠢᠶᠠᠨ ᠴᠤᠭᠯᠠᠭᠤᠯᠤᠭᠰᠠᠨ ᠰᠲ᠋ᠣᠺ ᠤᠨ ᠡᠷᠬᠡ ᠶᠢᠨ ᠪᠠᠯᠠ ᠲᠣᠬᠢᠷᠠᠭᠤᠯᠭ᠎ᠠ ᠶᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠵᠢᠷᠤᠮᠵᠢᠭᠤᠯᠤᠨ ᠶᠠᠪᠤᠭᠳᠠᠭᠤᠯᠬᠤ ᠪᠠᠷ ᠬᠥᠲᠥᠯᠦᠨ ᠵᠢᠯᠣᠭᠤᠳᠴᠤ᠂ ᠵᠠᠰᠠᠭ ᠤᠨ ᠣᠷᠳᠣᠨ ᠡᠴᠠ ᠪᠠᠯᠠ ᠣᠷᠣᠭᠤᠯᠤᠯᠲᠠ ᠶᠢᠨ ᠰᠠᠭᠤᠷᠢ ᠮᠥᠩᠭᠦ ᠶᠢ ᠬᠦᠲᠦᠯᠦᠨ ᠵᠢᠯᠣᠭᠤᠳᠴᠤ ᠪᠠᠶᠢᠭᠠᠳ ᠣᠷᠣᠨ ᠪᠦᠰᠡ ᠶᠢᠨ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠢᠶᠠᠷ ᠳᠠᠮᠵᠢᠭᠤᠯᠤᠨ ᠵᠢᠷᠤᠮᠵᠢᠭᠤᠨ ᠵᠢᠨᠷ ᠪᠤᠴᠠᠭᠠᠨ ᠭᠠᠷᠭᠠᠬᠤ ᠶᠢ ᠵᠣᠷᠢᠬᠵᠢᠭᠤᠯᠬᠤ ᠬᠡᠷᠡᠭᠲᠡᠢ᠃

  ᠬᠠᠮᠢᠶ᠎ᠠ ᠪᠥᠬᠦᠶ ᠰᠠᠯᠠᠭ᠎ᠠ ᠮᠥᠴᠢᠷ ᠤᠨ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠯᠦᠭᠡ ᠮᠡᠳᠡᠭᠡ ᠵᠠᠩᠭᠢ ᠶᠢ ᠬᠠᠮᠲᠤ ᠪᠠᠷ ᠭᠥᠷᠳᠡᠬᠦ ᠲᠣᠭᠲᠠᠴᠠ ᠪᠠᠶᠢᠭᠤᠯᠬᠤ ᠶᠢ ᠵᠣᠷᠢᠬᠵᠢᠭᠤᠯᠤᠨ᠎ᠠ᠃ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠨᠢ ᠣᠯᠠᠨ ᠬᠡᠮᠵᠢᠯᠳᠦ ᠠᠵᠤ ᠠᠬᠤᠶᠢᠯᠠᠯ ᠤᠨ ᠮᠡᠳᠡᠭᠡ ᠵᠠᠩᠭᠢ ᠶᠢᠨ ᠳ᠋ᠠᠶᠢᠲ᠋ᠠ ᠬᠥᠮᠥᠷᠭᠡ ᠶᠢ ᠪᠠᠶᠢᠭᠤᠯᠵᠤ᠂ ᠮᠡᠳᠡᠭᠡ ᠵᠠᠩᠭᠢ ᠶᠢᠨ ᠠᠮᠤᠷ ᠲᠦᠪᠰᠢᠨ ᠪᠠ ᠠᠵᠤ ᠠᠬᠤᠶᠢᠯᠠᠯ ᠤᠨ ᠡᠷᠬᠡ ᠠᠰᠢᠭ ᠢ ᠪᠠᠲᠤᠯᠠᠭᠰᠠᠨ ᠤᠷᠢᠲᠠᠯ ᠳᠣᠤᠷ᠎ᠠ᠂ ᠠᠵᠤ ᠠᠬᠤᠶᠢᠯᠠᠯ ᠳᠤ ᠨᠠᠷᠢᠯᠢᠬ ᠣᠨᠣᠴᠠᠲᠠᠶ ᠬᠦᠷᠦᠭ ᠵᠢᠷᠤᠵᠤ᠂ ᠢᠲᠡᠭᠡᠮᠵᠢ ᠶᠢᠨ ᠦᠨᠡᠯᠡᠯᠲᠡ ᠵᠡᠷᠭᠡ ᠶᠢ ᠬᠢᠵᠦ᠂ ᠠᠵᠤ ᠠᠬᠤᠶᠢᠯᠠᠯ ᠤᠨ ᠡᠷᠬᠡ ᠣᠯᠭᠤᠭᠰᠠᠨ ᠪᠤᠶᠤ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠬᠤᠯᠪᠣᠭᠳᠠᠯ ᠪᠥᠬᠦᠶ ᠲᠣᠭᠲᠠᠭᠠᠯ ᠢ ᠦᠨᠳᠦᠰᠦᠯᠡᠨ ᠠᠵᠤ ᠠᠬᠤᠶᠢᠯᠠᠯ ᠤᠨ ᠬᠠᠮᠢᠶ᠎ᠠ ᠪᠥᠬᠦᠶ ᠮᠡᠳᠡᠭᠡ ᠵᠠᠩᠭᠢ ᠶᠢ ᠭᠠᠳᠠᠭᠰᠢ ᠬᠠᠩᠭᠠᠵᠤ᠂ ᠮᠡᠳᠡᠭᠡ ᠵᠠᠩᠭᠢ ᠵᠢᠴᠢ ᠬᠡᠷᠡᠭᠯᠡᠭᠰᠡᠨ ᠪᠠᠶᠢᠳᠠᠯ ᠢ ᠬᠡᠰᠡᠭ ᠤᠳ ᠤᠨ ᠬᠡᠯᠬᠢᠶ᠎ᠡ ᠳᠤ ᠭᠡᠷᠡᠴᠢᠯᠡᠨ ᠬᠠᠳᠠᠭᠠᠯᠠᠬᠤ ᠬᠡᠷᠡᠭᠲᠡᠢ᠃

  ᠬᠤᠶᠠᠳᠤᠭᠠᠷ ᠪᠦᠯᠦᠭ    ᠠᠵᠢᠯᠯᠠᠨ ᠡᠵᠡᠩᠨᠡᠬᠦ ᠪᠠᠶᠢᠭᠤᠯᠤᠮᠵᠢ

  ᠨᠠᠢᠮᠠᠳᠤᠭᠠᠷ ᠵᠦᠢᠯ   ᠥᠪᠥᠷ ᠮᠣᠩᠭᠤᠯ ᠤᠨ ᠰᠲ᠋ᠣᠺ ᠤᠨ ᠡᠷᠬᠡ ᠶᠢᠨ ᠠᠷᠠᠯᠵᠢᠶᠠᠨ ᠤ ᠲᠥᠪ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠪᠣᠯ ᠥᠪᠡᠷᠲᠡᠭᠡᠨ ᠵᠠᠰᠠᠬᠤ ᠣᠷᠣᠨ ᠤ ᠴᠣᠷ ᠤᠨ ᠭᠠᠭᠴᠠ ᠬᠠᠤᠯᠢ ᠶᠣᠰᠣᠨ ᠤ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠠᠵᠢᠯᠯᠠᠨ ᠡᠵᠡᠩᠨᠡᠬᠦ ᠪᠠᠶᠢᠭᠤᠯᠤᠮᠵᠢ ︵ ᠳᠣᠷᠣᠭᠰᠢ ᠠᠵᠢᠯᠯᠠᠨ ᠡᠵᠡᠩᠨᠡᠬᠦ ᠪᠠᠶᠢᠭᠤᠯᠤᠮᠵᠢ ᠭᠡᠵᠦ ᠲᠣᠪᠴᠢᠯᠠᠨ᠎ᠠ ︶ ᠪᠠᠶᠢᠵᠤ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠠᠵᠢᠯᠯᠠᠭ᠎ᠠ ᠶᠢ ᠵᠣᠬᠢᠶᠠᠨ ᠪᠠᠶᠢᠭᠤᠯᠬᠤ ᠶᠢ ᠬᠠᠷᠢᠭᠤᠴᠠᠵᠤ᠂ ᠵᠠᠬ᠎ᠠ ᠳᠡᠯᠭᠡᠭᠦᠷ ᠲᠤ ᠣᠷᠣᠯᠴᠠᠭᠰᠠᠳ ᠲᠤ ᠥᠪᠡᠷ ᠢ ᠪᠠᠨ ᠱᠠᠭᠠᠷᠳᠠᠬᠤ ᠬᠠᠮᠢᠶᠠᠷᠤᠯᠲᠠ ᠬᠢᠨ᠎ᠡ᠃

  ᠶᠢᠰᠦᠳᠦᠭᠡᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠨᠢ ᠺᠣᠮᠫᠠᠨᠢ ᠶᠢᠨ ᠵᠠᠰᠠᠯᠲᠠ ᠶᠢ ᠲᠡᠭᠦᠯᠳᠡᠷᠵᠢᠭᠦᠯᠵᠦ᠂ ᠲᠤᠬᠠᠶᠢᠯᠠᠭᠰᠠᠨ ᠠᠵᠢᠯ ᠤᠨ ᠰᠠᠯᠠᠭ᠎ᠠ ᠮᠥᠴᠢᠷ ᠢ ᠵᠦᠢ ᠵᠣᠬᠢᠰᠲᠠᠢ ᠲᠣᠬᠢᠷᠠᠭᠤᠯᠤᠨ᠂ ᠢᠯᠡ ᠲᠣᠳᠣᠷᠬᠠᠢ ᠺᠣᠮᠫᠠᠨᠢ ᠶᠢᠨ ᠵᠠᠰᠠᠯᠲᠠ ᠶᠢᠨ ᠪᠦᠲᠦᠴᠡ᠂ ᠰᠢᠨᠵᠢᠯᠡᠬᠦ ᠤᠬᠠᠭᠠᠨᠴᠢ ᠰᠢᠢᠳᠪᠦᠷᠢᠲᠦ ᠪᠤᠳᠤᠯᠭ᠎ᠠ ᠶᠢᠨ ᠲᠣᠭᠲᠠᠴᠠ᠂ ᠪᠦᠲᠦᠮᠵᠢᠲᠡᠢ ᠬᠢᠵᠠᠭᠠᠷᠯᠠᠬᠤ ᠲᠣᠭᠲᠠᠴᠠ ᠶᠢ ᠪᠠᠶᠢᠭᠤᠯᠵᠤ᠂ ᠣᠷᠣᠨ ᠪᠦᠰᠡ ᠶᠢᠨ ᠴᠢᠨᠠᠷᠲᠠᠢ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠥᠭᠵᠢᠯᠲᠡ ᠶᠢᠨ ᠪᠠᠶᠢᠯᠳᠤᠬᠤ ᠪᠤᠳᠤᠯᠭ᠎ᠠ ᠯᠤᠭ᠎ᠠ ᠵᠣᠬᠢᠴᠠᠯᠳᠤᠭᠰᠠᠨ ᠪᠦᠬᠦ ᠲᠠᠯ᠎ᠠ ᠶᠢᠨ ᠲᠦᠭᠰᠢᠭᠦᠷᠢ ᠶᠢᠨ ᠬᠠᠮᠢᠶᠠᠷᠤᠯᠲᠠ ᠶᠢᠨ ᠲᠣᠭᠲᠠᠯᠴᠠᠭ᠎ᠠ ᠶᠢ ᠪᠠᠶᠢᠭᠤᠯᠤᠨ ᠪᠦᠷᠢᠨᠰᠢᠭᠦᠯᠬᠦ ᠬᠡᠷᠡᠭᠲᠡᠢ᠃

  ᠠᠷᠪᠠᠳᠤᠭᠠᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠶᠢᠨ ᠦᠨᠳᠦᠰᠦᠨ ᠡᠭᠦᠷᠭᠡ ᠬᠠᠷᠢᠭᠤᠴᠠᠯᠭ᠎ᠠ᠄

  ︵ ᠨᠢᠭᠡ ︶ ᠠᠵᠤ ᠠᠬᠤᠶᠢᠯᠠᠯ ᠢ ᠵᠣᠬᠢᠶᠠᠨ ᠪᠠᠶᠢᠭᠤᠯᠤᠨ ᠳᠡᠯᠭᠡᠨ ᠦᠵᠡᠭᠦᠯᠵᠦ᠂ ᠫᠠᠶᠢᠰᠠ ᠡᠯᠭᠦᠭᠦᠯᠵᠦ᠂ ᠳᠤᠮᠳᠠ ᠵᠢᠵᠢᠭ ᠠᠵᠤ ᠠᠬᠤᠶᠢᠯᠠᠯ ᠤᠨ ᠲᠡᠮᠳᠡᠭᠲᠦ ᠶᠢ ᠢᠯᠡ ᠪᠤᠰᠤ ᠪᠠᠷ ᠲᠠᠷᠬᠠᠭᠠᠬᠤ᠂ ᠰᠢᠯᠵᠢᠭᠦᠯᠦᠨ ᠥᠭᠬᠦ ᠵᠢᠴᠢ ᠬᠠᠮᠢᠶ᠎ᠠ ᠪᠦᠬᠦᠢ ᠠᠵᠢᠯᠯᠠᠭ᠎ᠠ ᠶᠢ ᠦᠷᠨᠢᠭᠦᠯᠦᠨ᠂ ᠠᠵᠤ ᠠᠬᠤᠶᠢᠯᠠᠯ ᠤᠨ ᠬᠤᠪᠢᠲᠦ ︵ ᠰᠲ᠋ᠣᠺ ᠤᠨ ᠡᠷᠬᠡ ︶ ᠵᠢᠴᠢ ᠪᠤᠰᠤᠳ ᠡᠷᠬᠡ ᠠᠰᠢᠭ ᠲᠤ ᠳᠠᠩᠰᠠᠯᠠᠵᠤ ᠨᠠᠶᠢᠳᠠᠵᠤ ᠬᠠᠮᠢᠶᠠᠷᠤᠭᠤᠯᠬᠤ᠂ ᠲᠤᠰᠠᠯᠠᠨ ᠠᠷᠠᠯᠵᠢᠶᠠᠯᠠᠬᠤ᠂ ᠳ᠋ᠦᠩᠨᠡᠨ ᠪᠤᠳᠤᠬᠤ ᠵᠡᠷᠭᠡ ᠦᠢᠯᠡᠴᠢᠯᠡᠭᠡ ᠬᠠᠩᠭᠠᠨ᠎ᠠ︔

  ︵ ᠬᠤᠶᠠᠷ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠡᠮᠳᠡᠭᠲᠦ ᠶᠢᠨ ᠠᠷᠠᠯᠵᠢᠶᠠᠨ ᠤ ᠠᠵᠢᠯᠯᠠᠭ᠎ᠠ ᠳᠤ ᠬᠢᠨᠠᠯᠲᠠ ᠲᠠᠯᠪᠢᠨ᠎ᠠ︔

  ︵ ᠭᠤᠷᠪᠠ ︶ ᠠᠵᠤ ᠠᠬᠤᠶᠢᠯᠠᠯ ᠢ ᠰᠢᠭᠰᠢᠨ᠂ ᠪᠤᠢᠢᠵᠢᠭᠤᠯᠵᠤ᠂ ᠨᠡᠪᠴᠢᠭᠦᠯᠦᠨ ᠰᠲ᠋ᠣᠺ ᠤᠨ ᠵᠠᠬ᠎ᠠ ᠳᠤ ᠭᠠᠷᠭᠠᠵᠤ᠂ ᠵᠠᠬ᠎ᠠ ᠳᠤ ᠭᠠᠷᠭᠠᠬᠤ ᠪᠡᠯᠡᠳᠬᠡᠯ ᠠᠵᠤ ᠠᠬᠤᠶᠢᠯᠠᠯ ᠳᠤ ᠦᠷᠭᠦᠯᠵᠢ ᠶᠢᠨ ᠴᠢᠨᠠᠷᠲᠠᠶ ᠦᠢᠯᠡᠴᠢᠯᠡᠭᠡᠨ ᠤ ᠵᠢᠯᠣᠭᠤᠳᠣᠯᠭ᠎ᠠ ᠵᠢᠨ ᠠᠵᠢᠯ ᠢ ᠥᠷᠨᠢᠭᠦᠯᠵᠦ᠂ ᠵᠠᠬ᠎ᠠ ᠳᠡᠯᠭᠡᠭᠦᠷ ᠲᠤ ᠣᠷᠣᠯᠴᠠᠭᠰᠠᠳ ᠲᠤ ᠥᠪᠡᠷ ᠢ ᠪᠠᠨ ᠱᠠᠭᠠᠷᠳᠠᠬᠤ ᠴᠢᠨᠠᠷᠲᠠᠶ ᠬᠠᠮᠢᠶᠠᠷᠤᠯᠲᠠ ᠶᠠᠪᠤᠭᠤᠯᠤᠨ᠎ᠠ︔

  ︵ ᠳᠥᠷᠪᠡ ︶ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠠᠵᠤ ᠠᠬᠤᠶᠢᠯᠠᠯ ᠤᠨ ᠤᠯᠤᠰ ᠤᠨ ᠦᠮᠴᠢᠯᠡᠯ ᠤᠨ ᠦᠮᠴᠢᠯᠡᠬᠦ ᠡᠷᠬᠡ ᠶᠢᠨ ᠠᠷᠠᠯᠵᠢᠶ᠎ᠠ ᠳᠤ ᠲᠠᠯᠠᠪᠤᠷ ᠭᠠᠵᠠᠷ᠂ ᠪᠡᠯᠡᠳᠬᠡᠮᠵᠢ ᠪᠠ ᠦᠢᠯᠡᠴᠢᠯᠡᠭᠡ ᠬᠠᠩᠭᠠᠨ᠎ᠠ︔

  ︵ ᠲᠠᠪᠤ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠠᠮᠢᠶ᠎ᠠ ᠪᠥᠬᠦᠶ ᠮᠡᠳᠡᠭᠡ ᠵᠠᠩᠭᠢ ᠶᠢ ᠬᠠᠮᠢᠶᠠᠷᠬᠤ ᠪᠠ ᠨᠡᠶᠢᠲᠡᠯᠡᠵᠦ᠂ ᠮᠡᠳᠡᠭᠡ ᠵᠠᠩᠭᠢ ᠨᠡᠶᠢᠲᠡᠯᠡᠬᠦ ᠡᠭᠦᠷᠭᠡᠲᠡᠨ ᠤ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠳᠤ ᠬᠢᠨᠠᠯᠲᠠ ᠲᠠᠯᠪᠢᠨ᠎ᠠ︔

  ︵ ᠵᠢᠷᠭᠤᠭ᠎ᠠ ︶ ᠲᠤᠬᠠᠶᠢᠯᠠᠭᠰᠠᠨ ᠠᠵᠢᠯ ᠤᠨ ᠲᠥᠷᠥᠯ ᠬᠤᠪᠢᠶᠠᠨ ᠠᠵᠢᠯᠯᠠᠬᠤ ᠨᠠᠷᠢᠨ ᠲᠦᠷᠢᠮ ᠪᠠ ᠥᠪᠡᠷ ᠢ ᠪᠠᠨ ᠱᠠᠭᠠᠷᠳᠠᠬᠤ ᠬᠠᠮᠢᠶᠠᠷᠤᠯᠲᠠ ᠶᠢᠨ ᠲᠦᠷᠢᠮ ᠢ ᠲᠣᠭᠲᠠᠭᠠᠬᠤ ᠪᠠ ᠵᠠᠰᠠᠪᠤᠷᠢ ᠣᠷᠣᠭᠤᠯᠤᠨ᠎ᠠ︔

  ︵ ᠳᠣᠯᠤᠭ᠎ᠠ ︶ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠱᠠᠭᠠᠷᠳᠠᠭᠰᠠᠨ ᠪᠤᠰᠤᠳ ᠵᠦᠢᠯᠡᠰ᠃

  ᠠᠷᠪᠠᠨ ᠨᠢᠭᠡᠳᠦᠭᠡᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠳᠣᠣᠷ᠎ᠠ ᠵᠢᠭᠰᠠᠭᠠᠭᠰᠠᠨ ᠨᠥᠬᠦᠴᠡᠯ ᠤᠳ ᠢ ᠪᠦᠷᠢᠳᠦᠭᠦᠯᠦᠭᠰᠡᠨ ᠪᠠᠶᠢᠬᠤ ᠬᠡᠷᠡᠭᠲᠡᠶ᠄

  ︵ ᠨᠢᠭᠡ ︶ ᠬᠠᠤᠯᠢ ᠶᠣᠰᠣᠭᠠᠷ ᠭᠠᠷᠭᠠᠭᠰᠠᠨ ᠬᠠᠤᠯᠢ ᠶᠢᠨ ᠡᠷᠬᠡᠲᠡᠨ︔

  ︵ ᠬᠤᠶᠠᠷ ︶ ᠲᠤᠬᠠᠶᠢᠯᠠᠭᠰᠠᠨ ᠠᠵᠢᠯ ᠤᠨ ᠠᠵᠢᠯᠯᠠᠭ᠎ᠠ ᠥᠷᠨᠢᠭᠦᠯᠬᠦ ᠳᠤ ᠵᠠᠪᠠᠯ ᠱᠠᠭᠠᠷᠳᠠᠭᠳᠠᠬᠤ ᠡᠵᠡᠩᠨᠡᠯᠲᠡ ᠶᠢᠨ ᠲᠠᠯᠠᠪᠤᠷ ᠭᠠᠵᠠᠷ᠂ ᠲᠤᠬᠠᠶᠢᠯᠠᠭᠰᠠᠨ ᠠᠵᠢᠯ ᠤᠨ ᠪᠡᠯᠡᠳᠬᠡᠮᠵᠢ᠂ ᠠᠵᠢᠯᠯᠠᠨ ᠡᠵᠡᠩᠨᠡᠯᠲᠡ ᠶᠢᠨ ᠪᠡᠯᠡ ᠮᠥᠩᠭᠦ᠂ ᠲᠤᠰᠬᠠᠶ ᠮᠡᠷᠭᠡᠵᠢᠯ ᠤᠨ ᠠᠵᠢᠯᠳᠠᠨ︔

  ︵ ᠭᠤᠷᠪᠠ ︶ ᠪᠦᠷᠢᠨᠰᠢᠭᠰᠡᠨ ᠬᠠᠤᠯᠢ ᠶᠢᠨ ᠡᠷᠬᠡᠲᠡᠨ ᠤ ᠵᠠᠰᠠᠯᠲᠠ ᠶᠢᠨ ᠪᠦᠲᠦᠴᠡ︔

  ︵ ᠳᠥᠷᠪᠡ ︶ ᠲᠡᠭᠦᠯᠳᠡᠷᠵᠢᠭᠰᠡᠨ ᠲᠦᠭᠰᠢᠭᠦᠷᠢ ᠶᠢᠨ ᠬᠠᠮᠢᠶᠠᠷᠤᠯᠲᠠ ᠪᠠ ᠳᠣᠲᠣᠭᠠᠳᠤ ᠡᠵᠡᠮᠳᠡᠯ ᠤᠨ ᠳᠦᠷᠢᠮ︔

  ︵ ᠲᠠᠪᠤ ︶ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠥᠷᠢᠮ ᠪᠣᠯᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠲᠣᠭᠲᠠᠭᠠᠭᠰᠠᠨ ᠪᠤᠰᠤᠳ ᠨᠥᠬᠦᠴᠡᠯ᠃

  ᠠᠷᠪᠠᠨ ᠬᠤᠶᠠᠳᠤᠭᠠᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠳᠤ ᠳᠣᠤᠷᠠᠬᠢ ᠵᠦᠢᠯᠡᠰ ᠤᠨ ᠨᠢᠭᠡ ᠨᠢ ᠭᠠᠷᠤᠭᠰᠠᠨ ᠪᠣᠯ᠂ 7 ᠠᠵᠢᠯᠯᠠᠬᠤ ᠡᠳᠦᠷ ᠤᠨ ᠳᠣᠲᠣᠷ᠎ᠠ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠳᠠᠩᠰᠠᠯᠠᠭᠤᠯᠬᠤ ᠶᠢᠨ ᠬᠠᠮᠲᠤ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠬᠠᠭᠤᠯᠤᠨ ᠢᠯᠡᠭᠡᠬᠦ ᠬᠡᠷᠡᠭᠲᠡᠶ᠄

  ︵ ᠨᠢᠭᠡ ︶ ᠨᠡᠷᠡᠶᠢᠳᠦᠯ᠂ ᠳᠠᠩᠰᠠᠯᠠᠭᠤᠯᠤᠭᠰᠠᠨ ᠬᠦᠷᠦᠩᠭᠡ᠂ ᠡᠵᠡᠩᠨᠡᠯᠲᠡ ᠶᠢᠨ ᠬᠦᠷᠢᠶ᠎ᠡ ᠬᠡᠪᠴᠢᠶ᠎ᠡ᠂ ᠳᠠᠩᠰᠠᠯᠠᠭᠤᠯᠤᠭᠰᠠᠨ ᠭᠠᠵᠠᠷ ᠪᠠ ᠠᠯᠪᠠᠯᠠᠬᠤ ᠬᠠᠶ᠋ᠢᠭ ᠢᠶᠠᠨ ᠬᠤᠪᠢᠷᠠᠭᠤᠯᠬᠤ︔

  ︵ ᠬᠤᠶᠠᠷ ︶ ᠬᠤᠪᠢ ᠣᠷᠣᠭᠤᠯᠤᠭᠴᠢ ᠶᠢ ᠬᠤᠪᠢᠷᠠᠭᠤᠯᠬᠤ᠂ ᠪᠣᠳᠠᠲᠠᠶ ᠡᠵᠡᠮᠰᠢᠭᠴᠢ ᠳᠤ ᠲᠤᠬᠢᠷᠠᠭᠤᠯᠤᠯᠲᠠ ᠬᠢᠬᠦ ︵ ᠰᠲ᠋ᠣᠺ ᠤᠨ ᠡᠷᠬᠡ ᠶᠢ ᠰᠢᠯᠵᠢᠭᠦᠯᠦᠨ ᠥᠭᠬᠦ᠂ ᠪᠠᠲᠤᠯᠠᠬᠤ ᠡᠷᠬᠡ ᠶᠢ ᠨᠠᠶᠢᠳᠠᠨ ᠬᠡᠷᠡᠭᠵᠢᠭᠦᠯᠬᠦ ᠶᠢ ᠪᠠᠭᠲᠠᠭᠠᠨ᠎ᠠ ︶︔

  ︵ ᠭᠤᠷᠪᠠ ︶ ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ᠂ ᠬᠡᠷᠡᠭ ᠮᠡᠳᠡᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠳᠠᠨ ᠢ ᠬᠤᠪᠢᠷᠠᠭᠤᠯᠬᠤ︔

  ︵ ᠳᠥᠷᠪᠡ ︶ ᠺᠣᠮᠫᠠᠨᠢ ᠶᠢᠨ ᠳᠦᠷᠢᠮ ᠳᠤ ᠵᠠᠰᠠᠪᠤᠷᠢ ᠣᠷᠣᠭᠤᠯᠬᠤ︔

  ︵ ᠲᠠᠪᠤ ︶ ᠲᠤᠬᠠᠶᠢᠯᠠᠭᠰᠠᠨ ᠠᠵᠢᠯ ᠤᠨ ᠲᠥᠷᠥᠯ ᠵᠦᠢᠯ ᠢ ᠰᠢᠨ᠎ᠡ ᠪᠠᠷ ᠨᠡᠮᠡᠬᠦ᠂ ᠬᠤᠪᠢᠷᠠᠭᠤᠯᠬᠤ ᠪᠤᠶᠤ ᠬᠦᠴᠦᠨ ᠥᠭᠡᠢ ᠪᠣᠯᠭᠠᠬᠤ︔

  ︵ ᠵᠢᠷᠭᠤᠭ᠎ᠠ ︶ ᠭᠠᠳᠠᠭᠰᠢ ᠪᠠᠲᠤᠯᠠᠨ ᠳᠠᠭᠠᠭᠠᠬᠤ ᠪᠤᠶᠤ ᠰᠲ᠋ᠣᠺ ᠤᠨ ᠡᠷᠬᠡ ᠶᠢᠨ ᠪᠡᠯᠡ ᠣᠷᠣᠭᠤᠯᠤᠯᠲᠠ ᠶᠢᠨ ᠵᠦᠢᠯᠡᠰ︔

  ︵ ᠳᠣᠯᠤᠭ᠎ᠠ ︶ ᠲᠤᠬᠠᠶᠢᠯᠠᠭᠰᠠᠨ ᠠᠵᠢᠯ ᠤᠨ ᠠᠵᠢᠯᠯᠠᠭᠠᠨ ᠤ ᠨᠠᠷᠢᠨ ᠲᠦᠷᠢᠮ ᠪᠠ ᠥᠪᠡᠷ ᠢ ᠪᠠᠨ ᠱᠠᠭᠠᠷᠳᠠᠬᠤ ᠬᠠᠮᠢᠶᠠᠷᠤᠯᠲᠠ ᠶᠢᠨ ᠨᠠᠷᠢᠨ ᠲᠦᠷᠢᠮ ᠢ ᠲᠣᠭᠲᠠᠭᠠᠬᠤ ᠪᠠ ᠲᠡᠭᠦᠨ ᠳᠤ ᠵᠠᠰᠠᠪᠤᠷᠢ ᠣᠷᠣᠭᠤᠯᠬᠤ︔

  ︵ ᠨᠠᠢᠮᠠ ︶ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠮᠠᠭᠠᠳᠯᠠᠨ ᠲᠣᠭᠲᠠᠭᠠᠭᠰᠠᠨ ᠪᠦᠷᠢᠳᠬᠡᠨ ᠳᠠᠩᠰᠠᠯᠠᠭᠤᠯᠬᠤ ᠴᠢᠬᠤᠯᠠᠲᠠᠶ ᠪᠤᠰᠤᠳ ᠵᠦᠢᠯᠡᠰ᠃

  ᠠᠷᠪᠠᠨ ᠭᠤᠷᠪᠠᠳᠤᠭᠠᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠶᠢᠨ ᠬᠡᠷᠡᠭ ᠮᠡᠳᠡᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠵᠢᠴᠢ ᠠᠵᠢᠯᠯᠠᠭᠰᠠᠳ ᠨᠢ ᠬᠠᠮᠢᠶ᠎ᠠ ᠪᠥᠬᠦᠶ ᠬᠠᠤᠯᠢ ᠴᠠᠭᠠᠵᠠ᠂ ᠬᠠᠤᠯᠢ ᠲᠣᠭᠲᠠᠭᠠᠯ ᠤᠨ ᠲᠣᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠲᠡᠶ᠃

  ︽ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠮᠳᠡᠭᠲᠦ ᠶᠢᠨ ᠬᠠᠤᠯᠢ ︾ ᠶᠢᠨ ᠵᠠᠭᠤ ᠪᠦᠭᠡᠳ ᠭᠤᠷᠪᠠᠳᠤᠭᠠᠷ ᠵᠦᠢᠯ ᠳᠤ ᠲᠣᠭᠲᠠᠭᠠᠭᠰᠠᠨ ᠪᠠᠶᠢᠳᠠᠯ ᠲᠠᠢ ᠪᠠᠶᠢᠬᠤ᠂ ᠡᠰᠡᠬᠦᠯ᠎ᠡ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠡᠴᠠ ᠲᠡᠮᠳᠡᠭᠲᠦ ᠶᠢᠨ ᠵᠠᠬ᠎ᠠ ᠳᠡᠯᠭᠡᠭᠦᠷ ᠲᠤ ᠣᠷᠣᠬᠤ ᠶᠢ ᠴᠠᠭᠠᠵᠠᠯᠠᠬᠤ ᠠᠷᠭ᠎ᠠ ᠬᠡᠮᠵᠢᠶ᠎ᠡ ᠠᠪᠤᠭᠰᠠᠨ ᠪᠥᠭᠡᠳ ᠮᠦᠨ ᠬᠦ ᠣᠷᠣᠬᠤ ᠶᠢ ᠴᠠᠭᠠᠵᠠᠯᠠᠬᠤ ᠬᠤᠭᠤᠴᠠᠭᠠᠨ ᠳᠤ ᠪᠠᠶᠢᠪᠠᠯ᠂ ᠡᠵᠡᠩᠨᠡᠯᠲᠡ ᠶᠢᠨ ᠪᠠᠶᠢᠭᠤᠯᠤᠮᠵᠢ ᠶᠢᠨ ᠬᠠᠷᠢᠭᠤᠴᠠᠯᠭᠠᠲᠠᠨ ᠤ ᠲᠤᠰᠢᠶᠠᠯ ᠢ ᠡᠭᠦᠷᠭᠡᠯᠡᠵᠦ ᠪᠣᠯᠬᠤ ᠦᠭᠡᠢ᠃

  ︽ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠮᠳᠡᠭᠲᠦ ᠶᠢᠨ ᠬᠠᠤᠯᠢ ︾ ᠶᠢᠨ ᠵᠠᠭᠤ ᠪᠦᠭᠡᠳ ᠳᠥᠷᠪᠡᠳᠦᠭᠡᠷ ᠵᠦᠢᠯ ᠳᠤ ᠲᠣᠭᠲᠠᠭᠠᠭᠰᠠᠨ ᠪᠠᠶᠢᠳᠠᠯ ᠲᠠᠢ ᠪᠠᠶᠢᠬᠤ᠂ ᠡᠰᠡᠬᠦᠯ᠎ᠡ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠡᠴᠠ ᠲᠡᠮᠳᠡᠭᠲᠦ ᠶᠢᠨ ᠵᠠᠬ᠎ᠠ ᠳᠡᠯᠭᠡᠭᠦᠷ ᠲᠤ ᠣᠷᠣᠬᠤ ᠶᠢ ᠴᠠᠭᠠᠵᠠᠯᠠᠬᠤ ᠠᠷᠭ᠎ᠠ ᠬᠡᠮᠵᠢᠶ᠎ᠡ ᠠᠪᠤᠭᠰᠠᠨ ᠪᠥᠭᠡᠳ ᠮᠦᠨ ᠬᠦ ᠣᠷᠣᠬᠤ ᠶᠢ ᠴᠠᠭᠠᠵᠠᠯᠠᠬᠤ ᠬᠤᠭᠤᠴᠠᠭᠠᠨ ᠳᠤ ᠪᠠᠶᠢᠪᠠᠯ᠂ ᠡᠵᠡᠩᠨᠡᠯᠲᠡ ᠶᠢᠨ ᠪᠠᠶᠢᠭᠤᠯᠤᠮᠵᠢ ᠶᠢᠨ ᠠᠵᠢᠯᠯᠠᠭᠴᠢ ᠪᠠᠷ ᠤᠷᠢᠵᠤ ᠪᠣᠯᠬᠤ ᠦᠭᠡᠢ᠃

  ᠠᠷᠪᠠᠨ ᠳᠥᠷᠪᠡᠳᠦᠭᠡᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠳᠣᠤᠷᠠᠬᠢ ᠵᠦᠢᠯᠡᠰ ᠢ ᠭᠦᠢᠴᠡᠳᠬᠡᠬᠦ ᠬᠡᠷᠡᠭᠲᠡᠶ᠄

  ︵ ᠨᠢᠭᠡ ︶ ᠪᠦᠢᠵᠢᠭᠤᠯᠬᠤ ᠠᠵᠤ ᠠᠬᠤᠶᠢᠯᠠᠯ ᠳᠤ ᠳᠡᠰ ᠬᠤᠪᠢᠶᠠᠭᠰᠠᠨ ᠬᠠᠮᠢᠶᠠᠷᠤᠯᠲᠠ ᠶᠢᠨ ᠲᠣᠭᠲᠠᠯᠴᠠᠭ᠎ᠠ ᠶᠢ ᠪᠠᠶᠢᠭᠤᠯᠵᠤ᠂ ᠠᠵᠤ ᠠᠬᠤᠶᠢᠯᠠᠯ ᠤᠨ ᠬᠥᠭᠵᠢᠯᠲᠡ ᠶᠢᠨ ᠪᠠᠶᠢᠳᠠᠯ ᠢ ᠦᠨᠳᠦᠰᠦᠯᠡᠨ ᠲᠡᠬᠦᠨ ᠦ ᠪᠠᠶᠢᠭ᠎ᠠ ᠲᠠᠰ ᠳᠠᠪᠬᠤᠷᠭ᠎ᠠ ᠳᠤ ᠨᠢ ᠲᠣᠬᠢᠷᠠᠭᠤᠯᠤᠯᠲᠠ ᠬᠢᠨ᠎ᠠ᠃ ᠳᠡᠰ ᠲᠠᠪᠬᠤᠷᠭ᠎ᠠ ᠢᠢᠨ ᠬᠤᠪᠢᠷᠠᠭᠠᠯᠲᠠ ᠳᠠᠭᠤᠰᠤᠭᠰᠠᠨ ᠤ ᠳᠠᠷᠠᠭ᠎ᠠ 5 ᠠᠵᠢᠯᠯᠠᠬᠤ ᠡᠳᠦᠷ ᠤᠨ ᠳᠣᠲᠣᠷ᠎ᠠ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠳᠠᠩᠰᠠᠯᠠᠭᠤᠯᠬᠤ ᠶᠢᠨ ᠬᠠᠮᠲᠤ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠬᠠᠭᠤᠯᠤᠨ ᠢᠯᠡᠭᠡᠨ᠎ᠡ᠃

  ︵ ᠬᠤᠶᠠᠷ ︶ ᠠᠵᠤ ᠠᠬᠤᠶᠢᠯᠠᠯ ᠤᠨ ᠫᠠᠶᠢᠰᠠ ᠡᠯᠭᠦᠬᠦ᠂ ᠲᠡᠮᠳᠡᠭᠲᠦ ᠲᠠᠷᠬᠠᠭᠠᠬᠤ ᠪᠤᠶᠤ ᠰᠢᠯᠵᠢᠭᠦᠯᠦᠨ ᠥᠭᠬᠦ ᠭᠤᠶᠤᠴᠢᠯᠠᠯ ᠤᠨ ᠪᠢᠴᠢᠭ ᠮᠠᠲ᠋ᠧᠷᠢᠶᠠᠯ ᠳᠤ ᠬᠠᠤᠯᠢ ᠶᠣᠰᠣᠭᠠᠷ ᠲᠡᠭᠦᠰ ᠴᠢᠨᠠᠷ ᠤᠨ ᠬᠢᠨᠠᠨ ᠪᠠᠶᠢᠴᠠᠭᠠᠯᠲᠠ ᠬᠢᠵᠦ᠂ ᠬᠢᠨᠠᠨ ᠪᠠᠶᠢᠴᠠᠭᠠᠭᠰᠠᠨ ᠰᠠᠨᠠᠯ ᠭᠠᠷᠭᠠᠨ᠎ᠠ᠃ ᠫᠠᠶᠢᠰᠠ ᠡᠯᠭᠦᠬᠦ᠂ ᠲᠡᠮᠳᠡᠭᠲᠦ ᠲᠠᠷᠬᠠᠭᠠᠬᠤ ᠪᠤᠶᠤ ᠰᠢᠯᠵᠢᠭᠦᠯᠦᠨ ᠥᠭᠬᠦ ᠶᠢ ᠪᠡᠶᠡᠯᠡᠭᠦᠯᠦᠭᠰᠡᠨ ᠤ ᠳᠠᠷᠠᠭ᠎ᠠ 5 ᠠᠵᠢᠯᠯᠠᠬᠤ ᠡᠳᠦᠷ ᠤᠨ ᠳᠣᠲᠣᠷ᠎ᠠ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠳᠠᠩᠰᠠᠯᠠᠭᠤᠯᠬᠤ ᠶᠢᠨ ᠬᠠᠮᠲᠤ᠂ ᠠᠵᠤ ᠠᠬᠤᠶᠢᠯᠠᠯ ᠤᠨ ᠬᠠᠷᠢᠶᠠᠯᠠᠭᠳᠠᠬᠤ ᠭᠠᠵᠠᠷ ᠤᠨ ᠠᠷᠠᠳ ᠤᠨ ᠵᠠᠰᠠᠭ ᠤᠨ ᠣᠷᠳᠣᠨ ᠳᠤ ᠬᠠᠭᠤᠯᠤᠨ ᠢᠯᠡᠭᠡᠨ᠎ᠡ᠃

  ︵ ᠭᠤᠷᠪᠠ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠵᠥᠪᠰᠢᠶᠡᠷᠡᠨ ᠣᠷᠣᠭᠤᠯᠬᠤ ᠨᠥᠬᠦᠴᠡᠯ ᠳᠤ ᠥᠯᠥ ᠨᠡᠶᠢᠴᠡᠬᠦ ᠪᠤᠶᠤ ᠬᠠᠤᠯᠢ ᠡᠴᠠ ᠵᠥᠷᠢᠴᠡᠭᠰᠡᠨ ᠦᠢᠯᠡ ᠠᠵᠢᠯᠯᠠᠭ᠎ᠠ ᠲᠠᠢ ᠳᠡᠯᠭᠡᠨ ᠦᠵᠡᠭᠦᠯᠬᠦ ᠪᠠ ᠫᠠᠶᠢᠰᠠ ᠡᠯᠭᠦᠬᠦ ᠠᠵᠤ ᠠᠬᠤᠶᠢᠯᠠᠯ ᠢ ᠲᠣᠭᠲᠠᠭᠠᠯ ᠶᠣᠰᠣᠭᠠᠷ ᠴᠠᠭ ᠲᠤᠬᠠᠶ ᠳᠤ ᠨᠢ ᠢᠯᠭᠠᠷᠠᠭᠤᠯᠤᠨ ᠪᠤᠴᠠᠭᠠᠨ᠎ᠠ᠃ ᠫᠠᠶᠢᠰᠠ ᠶᠢ ᠪᠠᠭᠤᠯᠭᠠᠭᠰᠠᠨ ᠤ ᠳᠠᠷᠠᠭ᠎ᠠ 5 ᠠᠵᠢᠯᠯᠠᠬᠤ ᠡᠳᠦᠷ ᠤᠨ ᠳᠣᠲᠣᠷ᠎ᠠ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠳᠠᠩᠰᠠᠯᠠᠭᠤᠯᠬᠤ ᠶᠢᠨ ᠬᠠᠮᠲᠤ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠰᠲ᠋ᠣᠺ ᠤᠨ ᠠᠷᠠᠯᠵᠢᠶ᠎ᠠ ᠶᠢ ᠵᠣᠭᠰᠣᠭᠠᠭᠰᠠᠨ ᠠᠵᠤ ᠠᠬᠤᠶᠢᠯᠠᠯ ᠤᠨ ᠬᠠᠷᠢᠶᠠᠯᠠᠭᠳᠠᠬᠤ ᠭᠠᠵᠠᠷ ᠤᠨ ᠠᠷᠠᠳ ᠤᠨ ᠵᠠᠰᠠᠭ ᠤᠨ ᠣᠷᠳᠣᠨ ᠳᠤ ᠬᠠᠭᠤᠯᠤᠨ ᠢᠯᠡᠭᠡᠨ᠎ᠡ᠃

  ︵ ᠲᠦᠷᠪᠡ ︶ ᠠᠷᠠᠯᠵᠢᠶᠠᠨ ᠤ ᠡᠳᠦᠷ ᠪᠦᠷᠢ ᠳᠤ ᠲᠡᠮᠳᠡᠭᠲᠦ ᠶᠢᠨ ᠫᠠᠶᠢᠰᠠ ᠡᠯᠭᠦᠵᠦ ᠰᠢᠯᠵᠢᠭᠦᠯᠦᠨ ᠥᠭᠬᠦ ᠬᠠᠮᠤᠭ ᠤᠨ ᠰᠢᠨ᠎ᠡ ᠦᠨ᠎ᠡ ᠬᠠᠩᠰᠢ ᠶᠢᠨ ᠪᠠᠶᠢᠳᠠᠯ ᠢ ᠨᠡᠢᠢᠲᠡᠯᠡᠨ᠎ᠡ᠃

  ᠠᠷᠪᠠᠨ ᠲᠠᠪᠤᠳᠤᠭᠠᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠳᠣᠤᠷᠠᠬᠢ ᠮᠡᠲᠦ ᠮᠡᠳᠡᠭᠦᠯᠬᠦ ᠡᠭᠦᠷᠭᠡ ᠶᠢ ᠭᠦᠢᠴᠡᠳᠬᠡᠨ᠎ᠡ᠄

  ︵ ᠨᠢᠭᠡ ︶ ᠰᠠᠷ᠎ᠠ ᠳᠠᠭᠤᠰᠬᠤ ᠪᠣᠯᠭᠠᠨ 7 ᠠᠵᠢᠯᠯᠠᠬᠤ ᠡᠳᠦᠷ ᠤᠨ ᠳᠣᠲᠣᠷ᠎ᠠ᠂ ᠠᠷᠠᠯᠵᠢᠶᠠᠨ ᠤ ᠪᠠᠶᠢᠳᠠᠯ᠂ ᠲᠤᠬᠠᠶᠢᠯᠠᠭᠰᠠᠨ ᠠᠵᠢᠯ ᠤᠨ ᠪᠠᠶᠢᠳᠠᠯ ᠵᠢᠴᠢ ᠪᠤᠰᠤᠳ ᠲᠣᠳᠣᠷᠬᠠᠶᠢᠯᠠᠬᠤ ᠴᠢᠬᠤᠯᠠᠲᠠᠶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠤᠯᠪᠣᠭᠳᠠᠯ ᠪᠥᠬᠦᠢ ᠵᠦᠢᠯᠡᠰ ᠢ ᠪᠠᠭᠲᠠᠭᠠᠭᠰᠠᠨ ᠰᠠᠷ᠎ᠠ ᠶᠢᠨ ᠮᠡᠳᠡᠭᠦᠯᠦᠯᠲᠡ ᠶᠢ ᠮᠡᠳᠡᠭᠦᠯᠦᠨ ᠬᠦᠷᠭᠡᠨ᠎ᠡ︔

  ︵ ᠬᠤᠶᠠᠷ ︶ ᠤᠯᠠᠷᠢᠯ ᠳᠠᠭᠤᠰᠬᠤ ᠪᠣᠯᠭᠠᠨ 7 ᠠᠵᠢᠯᠯᠠᠬᠤ ᠡᠳᠦᠷ ᠤᠨ ᠳᠣᠲᠣᠷ᠎ᠠ᠂ ᠣᠨ ᠳᠠᠭᠤᠰᠬᠤ ᠪᠣᠯᠭᠠᠨ 15 ᠠᠵᠢᠯᠯᠠᠬᠤ ᠡᠳᠦᠷ ᠤᠨ ᠳᠣᠲᠣᠷ᠎ᠠ ᠲᠤᠰ ᠲᠤᠰ ᠺᠣᠮᠫᠠᠨᠢ ᠶᠢᠨ ᠵᠠᠰᠠᠯᠲᠠ ᠵᠢᠴᠢ ᠲᠤᠬᠠᠶᠢᠯᠠᠭᠰᠠᠨ ᠠᠵᠢᠯ ᠢ ᠥᠷᠨᠢᠭᠦᠯᠦᠭᠰᠡᠨ ᠪᠠᠶᠢᠳᠠᠯ᠂ ᠵᠢᠷᠤᠮᠵᠢᠭᠤᠯᠤᠨ ᠠᠵᠢᠯᠯᠠᠭᠤᠯᠤᠭᠰᠠᠨ ᠪᠠᠶᠢᠳᠠᠯ᠂ ᠥᠪᠡᠷ ᠢ ᠪᠠᠨ ᠱᠠᠭᠠᠷᠳᠠᠬᠤ ᠬᠢᠨᠠᠯᠲᠠ ᠬᠠᠮᠢᠶᠠᠷᠤᠯᠲᠠ ᠶᠢ ᠭᠦᠢᠴᠡᠳᠬᠡᠭᠰᠡᠨ ᠪᠠᠶᠢᠳᠠᠯ᠂ ᠳᠣᠲᠣᠭᠠᠳᠤ ᠶᠢᠨ ᠲᠦᠭᠰᠢᠭᠦᠷᠢ ᠶᠢ ᠰᠡᠷᠭᠡᠶᠢᠯᠡᠨ ᠡᠵᠡᠮᠳᠡᠭᠰᠡᠨ ᠪᠠ ᠰᠢᠢᠳᠪᠦᠷᠢᠯᠡᠭᠰᠡᠨ ᠪᠠᠶᠢᠳᠠᠯ᠂ ᠣᠷᠣᠰᠢᠵᠤ ᠪᠠᠶᠢᠭ᠎ᠠ ᠭᠤᠤᠯ ᠠᠰᠠᠭᠤᠳᠠᠯ ᠪᠠ ᠲᠦᠭᠰᠢᠭᠦᠷᠢ ᠵᠡᠷᠭᠡ ᠶᠢ ᠪᠠᠭᠲᠠᠭᠠᠭᠰᠠᠨ ᠤᠯᠠᠷᠢᠯ ᠤᠨ᠂ ᠣᠨ ᠤ ᠠᠵᠢᠯ ᠤᠨ ᠮᠡᠳᠡᠭᠦᠯᠦᠯᠲᠡ ᠶᠢ ᠮᠡᠳᠡᠭᠦᠯᠦᠨ ᠬᠦᠷᠭᠡᠨ᠎ᠡ︔

  ︵ ᠭᠤᠷᠪᠠ ︶ ᠤᠯᠠᠷᠢᠯ ᠳᠠᠭᠤᠰᠬᠤ ᠪᠣᠯᠭᠠᠨ 7 ᠠᠵᠢᠯᠯᠠᠬᠤ ᠡᠳᠦᠷ ᠤᠨ ᠳᠣᠲᠣᠷ᠎ᠠ ᠳᠡᠭᠡᠷ᠎ᠡ ᠤᠯᠠᠷᠢᠯ ᠤᠨ ᠣᠷᠣᠨ ᠨᠤᠲᠤᠭ ᠤᠨ ᠤᠯᠤᠰ ᠤᠨ ᠥᠮᠴᠢᠯᠡᠯᠲᠦ ᠮᠥᠩᠭᠦᠨ ᠭᠦᠢᠯᠭᠡᠭᠡᠨ ᠤ ᠠᠵᠤ ᠠᠬᠤᠶᠢᠯᠠᠯ ᠤᠨ ᠥᠮᠴᠢᠯᠡᠬᠦ ᠡᠷᠬᠡ ᠶᠢᠨ ᠠᠷᠠᠯᠵᠢᠶ᠎ᠠ ᠪᠠ ᠰᠲ᠋ᠣᠺ ᠤᠨ ᠡᠷᠬᠡ ᠶᠢ ᠨᠠᠶᠢᠳᠠᠨ ᠬᠠᠮᠢᠶᠠᠷᠤᠭᠤᠯᠤᠭᠰᠠᠨ ᠪᠠᠶᠢᠳᠠᠯ ᠢᠶᠠᠨ ᠮᠡᠳᠡᠭᠦᠯᠦᠨ ᠬᠦᠷᠭᠡᠨ᠎ᠡ︔

  ︵ ᠲᠦᠷᠪᠡ ︶ ᠮᠡᠳᠡᠭᠦᠯᠬᠦ ᠶᠢ ᠱᠠᠭᠠᠷᠳᠠᠭᠰᠠᠨ ᠪᠤᠰᠤᠳ ᠵᠦᠢᠯᠡᠰ᠃

  ᠠᠷᠪᠠᠨ ᠵᠢᠷᠭᠤᠳᠤᠭᠠᠷ ᠵᠦᠢᠯ    ᠴᠢᠬᠤᠯᠠ ᠶᠡᠭᠡ ᠵᠦᠢᠯᠡᠰ ᠲᠣᠬᠢᠶᠠᠯᠳᠤᠪᠠᠯ᠂ ᠠᠵᠢᠯᠯᠠᠨ ᠡᠵᠡᠩᠨᠡᠬᠦ ᠪᠠᠶᠢᠭᠤᠯᠤᠮᠵᠢ ᠨᠢ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠳᠠᠷᠤᠢᠬᠠᠨ ᠮᠡᠳᠡᠭᠦᠯᠬᠦ ᠶᠢᠨ ᠬᠠᠮᠲᠤ ᠬᠠᠮᠢᠶ᠎ᠠ ᠪᠥᠬᠦᠶ ᠰᠢᠢᠳᠪᠦᠷᠢᠯᠡᠯᠲᠡ ᠶᠢ ᠴᠠᠭ ᠲᠤᠬᠠᠶ ᠳᠤ ᠨᠢ ᠰᠠᠶᠢᠲᠤᠷ ᠬᠢᠵᠦ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠣᠭᠲᠠᠭᠤᠨ ᠢ ᠦᠨᠡᠨ ᠬᠦ ᠪᠠᠲᠤᠯᠠᠬᠤ ᠬᠡᠷᠡᠭᠲᠡᠶ᠃ ᠮᠡᠳᠡᠭᠦᠯᠦᠯᠲᠡ ᠶᠢᠨ ᠠᠭᠤᠯᠭ᠎ᠠ ᠳᠤ ᠬᠡᠷᠡᠭ ᠡᠭᠦᠰᠦᠭᠰᠡᠨ ᠰᠢᠯᠲᠠᠭᠠᠨ᠂ ᠪᠠᠶᠢᠳᠠᠯ᠂ ᠣᠷᠣᠰᠢᠵᠤ ᠪᠠᠶᠢᠭ᠎ᠠ ᠲᠦᠭᠰᠢᠭᠦᠷᠢ ᠵᠢᠴᠢ ᠲᠠᠷᠠᠭᠠᠴᠢ ᠶᠢᠨ ᠱᠠᠲᠤ ᠦᠶ᠎ᠡ ᠶᠢᠨ ᠠᠵᠢᠯ ᠤᠨ ᠲᠣᠬᠢᠷᠠᠭᠤᠯᠤᠯᠲᠠ ᠶᠢ ᠪᠠᠭᠲᠠᠭᠠᠬᠤ ᠪᠣᠯᠪᠠᠴᠤ ᠡᠭᠦᠨ ᠳᠤ ᠯᠡ ᠬᠢᠵᠠᠭᠠᠷᠯᠠᠭᠳᠠᠬᠤ ᠥᠬᠡᠶ᠃ ᠴᠢᠬᠤᠯᠠ ᠶᠡᠭᠡ ᠵᠦᠢᠯᠡᠰ ᠲᠤ ᠳᠣᠣᠷᠠᠬᠢ ᠵᠦᠢᠯᠡᠰ ᠪᠠᠭᠲᠠᠨ᠎ᠠ᠄

  ︵ ᠨᠢᠭᠡ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠣᠷᠣᠯᠴᠠᠭᠴᠢ ᠳᠤ ᠤᠯᠤᠰ ᠤᠨ ᠬᠤᠯᠪᠣᠭᠳᠠᠯ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠵᠢᠴᠢ ᠲᠦᠷᠦ ᠶᠢᠨ ᠪᠤᠳᠤᠯᠭ᠎ᠠ ᠶᠢ ᠬᠦᠨᠳᠦ ᠨᠣᠴᠢᠲᠠᠶ ᠵᠥᠷᠢᠴᠡᠭᠰᠡᠨ ᠦᠢᠯᠡ ᠠᠵᠢᠯᠯᠠᠭ᠎ᠠ ᠣᠷᠣᠰᠢᠵᠤ ᠪᠠᠢᠢᠭ᠎ᠠ ᠪᠤᠶᠤ ᠣᠷᠣᠰᠢᠬᠤ ᠪᠣᠯᠣᠯᠴᠠᠭ᠎ᠠ ᠲᠠᠢ ᠶᠢ ᠣᠯᠵᠤ ᠮᠡᠳᠡᠬᠦ︔

  ︵ ᠬᠤᠶᠠᠷ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠬᠤᠯᠪᠣᠭᠳᠠᠯ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠵᠢᠴᠢ ᠲᠦᠷᠦ ᠶᠢᠨ ᠪᠤᠳᠤᠯᠭ᠎ᠠ ᠶᠢ ᠬᠦᠨᠳᠦ ᠨᠣᠴᠢᠲᠠᠶ ᠵᠥᠷᠢᠴᠡᠭᠰᠡᠨ ᠦᠢᠯᠡ ᠠᠵᠢᠯᠯᠠᠭ᠎ᠠ ᠡᠭᠦᠰᠬᠦ ᠳᠠᠯᠳᠠ ᠲᠦᠭᠰᠢᠭᠦᠷᠢ ᠣᠷᠣᠰᠢᠵᠤ ᠪᠠᠢᠢᠭ᠎ᠠ ᠶᠢ ᠣᠯᠵᠤ ᠮᠡᠳᠡᠬᠦ︔

  ︵ ᠭᠤᠷᠪᠠ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠬᠤᠯᠪᠣᠭᠳᠠᠯ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠵᠢᠴᠢ ᠲᠦᠷᠦ ᠶᠢᠨ ᠪᠤᠳᠤᠯᠭ᠎ᠠ ᠳᠤ ᠲᠣᠳᠣᠷᠬᠠᠶ ᠲᠣᠭᠲᠠᠭᠠᠯ ᠭᠠᠷᠭᠠᠭᠰᠠᠨ ᠦᠭᠡᠢ᠂ ᠭᠡᠬᠦ ᠳᠤ ᠪᠠᠨ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠴᠢᠬᠤᠯᠠ ᠶᠡᠭᠡ ᠨᠥᠯᠥᠭᠡ ᠦᠵᠡᠭᠦᠯᠬᠦ ᠵᠦᠢᠯᠡᠰ ᠢᠯᠡᠷᠡᠬᠦ︔

  ︵ ᠲᠦᠷᠪᠡ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠠᠮᠤᠷ ᠲᠦᠪᠰᠢᠨ ᠠᠵᠢᠯᠯᠠᠭᠠᠨ ᠢ ᠨᠥᠯᠥᠭᠡᠯᠡᠬᠦ ᠪᠠᠶᠢᠳᠠᠯ ᠡᠭᠦᠰᠬᠦ︔

  ︵ ᠲᠠᠪᠤ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠨᠢ ᠳᠠᠪᠠᠭᠳᠠᠰᠢ ᠦᠭᠡᠢ ᠬᠦᠴᠦᠨ ᠵᠦᠢᠯ ᠡᠴᠠ ᠪᠤᠯᠵᠤ ᠵᠠᠬ᠎ᠠ ᠳᠡᠯᠭᠡᠭᠦᠷ ᠢ ᠬᠠᠭᠠᠬᠤ᠂ ᠡᠰᠡᠬᠦᠯ᠎ᠡ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠡᠪ ᠤᠨ ᠡᠮᠬᠢ ᠵᠢᠷᠤᠮ ᠢ ᠬᠠᠮᠠᠭᠠᠯᠠᠬᠤ ᠶᠢᠨ ᠲᠥᠯᠥᠭᠡ ᠵᠠᠬ᠎ᠠ ᠳᠡᠯᠭᠡᠭᠦᠷ ᠢ ᠮᠡᠷᠭᠡᠵᠢᠯ ᠤᠨ ᠴᠢᠨᠠᠷᠲᠠᠶ ᠪᠠᠷ ᠬᠠᠭᠠᠬᠤ ᠠᠷᠭ᠎ᠠ ᠬᠡᠮᠵᠢᠶ᠎ᠡ ᠠᠪᠬᠤ︔

  ︵ ᠵᠢᠷᠭᠤᠭ᠎ᠠ ︶ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠲᠣᠭᠲᠠᠭᠠᠭᠰᠠᠨ ᠪᠤᠰᠤᠳ ᠵᠦᠢᠯᠡᠰ᠃

  ︵ ᠲᠦᠷᠪᠡ ︶᠂ ︵ ᠲᠠᠪᠤ ︶ ᠳ᠋ᠤᠭᠠᠷ ᠵᠤᠷᠪᠤᠰ ᠤᠨ ᠪᠠᠶᠢᠳᠠᠯ ᠡᠭᠦᠰᠬᠦ ᠦᠶ᠎ᠡ ᠳᠤ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠣᠷᠣᠯᠴᠠᠭᠰᠠᠳ ᠲᠤ ᠬᠠᠮᠲᠤ ᠳᠤ ᠨᠢ ᠮᠡᠳᠡᠭᠳᠡᠬᠦ ᠬᠡᠷᠡᠭᠲᠡᠶ᠃

  ᠠᠷᠪᠠᠨ ᠳᠣᠯᠣᠳᠤᠭᠠᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠶᠢ ᠲᠠᠷᠬᠠᠭᠠᠬᠤ ᠳᠤ ᠪᠡᠯᠡ ᠣᠷᠣᠭᠤᠯᠤᠭᠴᠢᠳ ᠤᠨ ᠠᠷᠠᠯᠵᠢᠶᠠᠨ ᠤ ᠪᠡᠯᠡ ᠮᠥᠩᠭᠦ ᠬᠢᠭᠡᠳ ᠳᠡᠯᠭᠡᠨ ᠦᠵᠡᠭᠦᠯᠵᠦ᠂ ᠫᠠᠶᠢᠰᠠ ᠡᠯᠭᠦᠭᠰᠡᠨ ᠠᠵᠤ ᠠᠬᠤᠶᠢᠯᠠᠯ ᠤᠨ ᠲᠦᠭᠰᠢᠭᠦᠷᠢ ᠵᠢᠴᠢ ᠪᠤᠰᠤᠳ ᠳᠠᠯᠳᠠ ᠲᠦᠭᠰᠢᠭᠦᠷᠢ ᠶᠢ ᠲᠣᠬᠢᠲᠠᠶ ᠰᠢᠢᠳᠪᠦᠷᠢᠯᠡᠬᠦ ᠶᠢᠨ ᠬᠠᠮᠲᠤ ︽ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠺᠣᠮᠫᠠᠨᠢ ᠶᠢᠨ ᠬᠠᠤᠯᠢ ︾ ᠵᠡᠷᠭᠡ ᠬᠠᠤᠯᠢ ᠴᠠᠭᠠᠵᠠ᠂ ᠬᠠᠤᠯᠢ ᠲᠣᠭᠲᠠᠭᠠᠯ ᠪᠣᠯᠤᠨ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠬᠠᠮᠢᠶ᠎ᠠ ᠪᠦᠬᠦᠢ ᠱᠠᠭᠠᠷᠳᠠᠯᠭ᠎ᠠ ᠶᠣᠰᠣᠭᠠᠷ ᠨᠠᠷᠢᠪᠴᠢᠯᠠᠨ ᠲᠣᠭᠠᠴᠠᠭᠠᠯᠠᠬᠤ ᠬᠡᠷᠡᠭᠲᠡᠶ᠃

  ᠭᠤᠷᠪᠠᠳᠤᠭᠠᠷ ᠪᠦᠯᠦᠭ    ᠲᠤᠬᠠᠶᠢᠯᠠᠭᠰᠠᠨ ᠠᠵᠢᠯ ᠤᠨ ᠬᠠᠮᠢᠶᠠᠷᠤᠯᠲᠠ

  ᠠᠷᠪᠠᠨ ᠨᠠᠢᠮᠠᠳᠤᠭᠠᠷ ᠵᠦᠢᠯ    ᠳᠡᠯᠭᠡᠨ ᠦᠵᠡᠭᠦᠯᠬᠦ ᠭᠡᠳᠡᠭ ᠨᠢ ᠠᠵᠤ ᠠᠬᠤᠶᠢᠯᠠᠯ ᠤᠨ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠠᠵᠤ ᠠᠬᠤᠶᠢᠯᠠᠯ ᠤᠨ ᠦᠨᠳᠦᠰᠦᠨ ᠪᠠᠶᠢᠳᠠᠯ᠂ ᠪᠠᠯᠠ ᠲᠣᠬᠢᠷᠠᠭᠤᠯᠬᠤ ᠬᠡᠷᠡᠭᠴᠡᠭᠡ ᠱᠠᠭᠠᠷᠳᠠᠯᠭ᠎ᠠ ᠵᠡᠷᠭᠡ ᠮᠡᠳᠡᠭᠡ ᠵᠠᠩᠭᠢ ᠶᠢ ᠢᠯᠡ ᠨᠡᠶᠢᠲᠡᠯᠡᠬᠦ ᠦᠢᠯᠡ ᠠᠵᠢᠯᠯᠠᠭ᠎ᠠ ᠶᠢ ᠵᠢᠭᠠᠵᠤ ᠪᠣᠶ᠃ ᠫᠠᠶᠢᠰᠠ ᠡᠯᠭᠦᠬᠦ ᠭᠡᠳᠡᠭ ᠨᠢ ᠰᠲ᠋ᠣᠺ ᠤᠨ ᠵᠠᠬ᠎ᠠ ᠳᠤ ᠭᠠᠷᠤᠭᠰᠠᠨ ᠦᠭᠡᠢ ᠠᠵᠤ ᠠᠬᠤᠶᠢᠯᠠᠯ ᠤᠨ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠠᠵᠤ ᠠᠬᠤᠶᠢᠯᠠᠯ ᠤᠨ ᠮᠡᠳᠡᠭᠡ ᠵᠠᠩᠭᠢ ᠶᠢ ᠢᠯᠡ ᠨᠡᠶᠢᠲᠡᠯᠡᠵᠦ᠂ ᠬᠤᠪᠢᠴᠠᠭ᠎ᠠ ︵ ᠰᠲ᠋ᠣᠺ ᠤᠨ ᠡᠷᠬᠡ ︶ ᠳᠠᠩᠰᠠᠯᠠᠬᠤ᠂ ᠨᠠᠶᠢᠳᠠᠨ ᠬᠠᠮᠢᠶᠠᠷᠤᠭᠤᠯᠬᠤ᠂ ᠠᠷᠠᠯᠵᠢᠶᠠᠯᠠᠬᠤ ᠵᠢᠴᠢ ᠪᠠᠯᠠ ᠳᠣᠭᠢᠷᠠᠭᠤᠯᠬᠤ ᠵᠡᠷᠭᠡ ᠲᠤᠬᠠᠶᠢᠯᠠᠭᠰᠠᠨ ᠠᠵᠢᠯ ᠥᠷᠨᠢᠭᠦᠯᠬᠦ ᠦᠢᠯᠡ ᠠᠵᠢᠯᠯᠠᠭ᠎ᠠ ᠶᠢ ᠵᠢᠭᠠᠵᠤ ᠪᠣᠶ᠃ ᠳᠡᠯᠭᠡᠨ ᠦᠵᠡᠭᠦᠯᠬᠦ᠂ ᠫᠠᠶᠢᠰᠠ ᠡᠯᠭᠦᠬᠦ ᠪᠠᠷ ᠭᠤᠶᠤᠴᠢᠯᠠᠬᠤ ᠠᠵᠤ ᠠᠬᠤᠶᠢᠯᠠᠯ ᠨᠢ ᠳᠣᠣᠷ᠎ᠠ ᠵᠢᠭᠰᠠᠭᠠᠭᠰᠠᠨ ᠨᠥᠬᠦᠴᠡᠯ ᠳᠤ ᠨᠡᠶᠢᠴᠡᠭᠰᠡᠨ ᠪᠠᠶᠢᠬᠤ ᠬᠡᠷᠡᠭᠲᠡᠶ᠄

  ︵ ᠨᠢᠭᠡ ︶ ︽ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠺᠣᠮᠫᠠᠨᠢ ᠶᠢᠨ ᠬᠠᠤᠯᠢ ︾ ᠳᠤ ᠲᠣᠭᠲᠠᠭᠠᠭᠰᠠᠨ ᠵᠠᠰᠠᠯᠲᠠ ᠶᠢᠨ ᠪᠦᠲᠦᠴᠡ ᠲᠠᠢ ᠪᠠᠶᠢᠬᠤ︔

  ︵ ᠬᠤᠶᠠᠷ ︶ ᠬᠤᠪᠢ ᠣᠷᠣᠭᠤᠯᠤᠭᠴᠢᠳ ᠤᠨ ᠬᠦᠮᠦᠨ ᠤ ᠲᠤᠭ᠎ᠠ ᠨᠢ 200 ᠬᠥᠮᠦᠨ ᠡᠴᠠ ᠬᠡᠲᠦᠷᠡᠬᠦ ᠦᠭᠡᠢ ᠪᠠᠢᠢᠬᠤ᠂ ᠬᠠᠤᠯᠢ ᠴᠠᠭᠠᠵᠠ᠂ ᠬᠠᠤᠯᠢ ᠲᠣᠭᠲᠠᠭᠠᠯ᠂ ᠲᠦᠷᠢᠮ ᠲᠣᠭᠲᠠᠭᠠᠯ ᠳᠤ ᠠᠰᠲᠠᠭᠠᠨ ᠲᠣᠭᠲᠠᠭᠠᠯ ᠲᠠᠢ ᠨᠢ ᠡᠭᠦᠨ ᠳᠤ ᠪᠠᠭᠲᠠᠬᠤ ᠦᠭᠡᠢ︔

  ︵ ᠭᠤᠷᠪᠠ ︶ ᠦᠷᠭᠦᠯᠵᠢᠯᠡᠭᠰᠡᠨ ᠪᠠᠶᠢᠳᠠᠯ ᠳᠤ ᠣᠷᠣᠰᠢᠵᠤ ᠪᠠᠶᠢᠭ᠎ᠠ ᠬᠦᠨᠳᠦ ᠶᠡᠭᠡ ᠬᠠᠤᠯᠢ ᠶᠢ ᠵᠥᠷᠢᠴᠡᠭᠰᠡᠨ ᠦᠢᠯᠡ ᠠᠵᠢᠯᠯᠠᠭ᠎ᠠ ᠪᠠᠶᠢᠬᠤ ᠦᠭᠡᠢ ᠮᠥᠷᠲᠡᠭᠡᠨ ︽ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠺᠣᠮᠫᠠᠨᠢ ᠶᠢᠨ ᠬᠠᠤᠯᠢ ︾ ᠶᠢᠨ ᠵᠠᠭᠤ ᠨᠠᠶᠠᠳᠤᠭᠠᠷ ᠵᠦᠢᠯ ᠳᠤ ᠲᠣᠭᠲᠠᠭᠠᠭᠰᠠᠨ ᠲᠠᠷᠬᠠᠭᠠᠬᠤ ᠪᠠᠶᠢᠳᠠᠯ᠂ ᠡᠰᠡᠬᠦᠯ᠎ᠡ ᠰᠢᠭᠦᠬᠦ ᠬᠤᠷᠢᠶ᠎ᠠ ᠡᠴᠠ ᠺᠣᠮᠫᠠᠨᠢ ᠶᠢ ᠲᠠᠬᠢᠨ ᠴᠡᠭᠴᠡᠯᠡᠬᠦ᠂ ᠡᠶᠡᠳᠡᠭᠦᠯᠬᠦ ᠪᠤᠶᠤ ᠳᠠᠮᠫᠤᠷᠠᠭᠤᠯᠬᠤ ᠭᠤᠶᠤᠴᠢᠯᠠᠯ ᠢ ᠬᠠᠤᠯᠢ ᠶᠣᠰᠣᠭᠠᠷ ᠬᠦᠯᠢᠶᠡᠨ ᠠᠪᠴᠤ ᠰᠢᠢᠳᠪᠦᠷᠢᠯᠡᠭᠰᠡᠨ ᠵᠡᠷᠭᠡ ᠪᠠᠶᠢᠳᠠᠯ ᠣᠷᠣᠰᠢᠬᠤ ᠦᠭᠡᠢ︔

  ︵ ᠲᠦᠷᠪᠡ ︶ ᠠᠵᠤ ᠠᠬᠤᠶᠢᠯᠠᠯ ᠨᠢ ᠪᠡᠯᠡ ᠣᠷᠣᠭᠤᠯᠤᠭᠴᠢᠳ ᠤᠨ ᠱᠠᠭᠠᠷᠳᠠᠯᠭ᠎ᠠ ᠶᠢ ᠦᠨᠳᠦᠰᠦᠯᠡᠨ ᠬᠠᠮᠢᠶ᠎ᠠ ᠪᠦᠬᠦᠢ ᠮᠡᠳᠡᠭᠡ ᠵᠠᠩᠭᠢ ᠶᠢ ᠢᠯᠡ ᠨᠡᠶᠢᠲᠡᠯᠡᠬᠦ ᠡᠭᠦᠷᠭᠡ ᠶᠢ ᠭᠦᠢᠴᠡᠳᠬᠡᠬᠦ ᠪᠠᠷ ᠠᠮᠠᠯᠠᠬᠤ︔

  ︵ ᠲᠠᠪᠤ ︶ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠥᠷᠢᠮ ᠵᠢᠴᠢ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠲᠣᠭᠲᠠᠭᠠᠭᠰᠠᠨ ᠪᠤᠰᠤᠳ ᠨᠥᠬᠦᠴᠡᠯ᠃

  ᠠᠷᠪᠠ ᠶᠢᠰᠦᠳᠦᠭᠡᠷ ᠵᠦᠢᠯ   ᠳᠣᠣᠷ᠎ᠠ ᠵᠢᠭᠰᠠᠭᠠᠭᠰᠠᠨ ᠠᠵᠤ ᠠᠬᠤᠶᠢᠯᠠᠯ ᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠪᠤᠶᠢᠵᠢᠭᠤᠯᠬᠤ ᠶᠢ ᠵᠣᠷᠢᠬᠵᠢᠭᠤᠯᠤᠨ᠎ᠠ᠄

  ︵ ᠨᠢᠭᠡ ︶ ᠥᠪᠡᠷᠲᠡᠭᠡᠨ ᠵᠠᠰᠠᠬᠤ ᠣᠷᠣᠨ ᠤ ᠱᠠᠲᠤᠨ ᠡᠴᠠ ᠳᠡᠭᠡᠭᠰᠢᠬᠢ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ ᠶᠢᠨ ᠰᠠᠯᠠᠭ᠎ᠠ ᠮᠥᠴᠢᠷ ᠡᠴᠠ ᠦᠨᠡᠯᠡᠭᠰᠡᠨ ᠪᠤᠶᠤ ᠮᠠᠭᠠᠳᠯᠠᠨ ᠲᠣᠭᠲᠠᠭᠠᠭᠰᠠᠨ ᠰᠢᠨ᠎ᠡ ᠶᠢ ᠡᠭᠦᠳᠬᠦ ᠬᠡᠯᠪᠡᠷᠢ ᠪᠦᠬᠦᠢ ᠳᠤᠮᠳᠠ ᠵᠢᠵᠢᠭ ᠠᠵᠤ ᠠᠬᠤᠶᠢᠯᠠᠯ᠂ ᠲᠤᠰᠬᠠᠢ ᠨᠠᠷᠢᠯᠢᠬ ᠤᠨᠴᠠᠭᠠᠢ ᠰᠢᠨ᠎ᠡ ᠳᠤᠮᠳᠠ ᠵᠢᠵᠢᠭ ᠠᠵᠤ ᠠᠬᠤᠶᠢᠯᠠᠯ᠂ ᠲᠤᠰᠬᠠᠢ ᠨᠠᠷᠢᠯᠢᠬ ᠤᠨᠴᠠᠭᠠᠢ ᠰᠢᠨ᠎ᠡ ︽ ᠬᠡᠪᠴᠢᠶ᠎ᠡ ᠨᠢ ᠵᠢᠵᠢᠭ ᠪᠣᠯᠪᠠᠴᠤ ᠬᠥᠭᠵᠢᠯᠲᠡ ᠰᠠᠢᠢᠲᠠᠢ ᠠᠪᠤᠷᠭᠤ ︾ ᠠᠵᠤ ᠠᠬᠤᠶᠢᠯᠠᠯ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠠᠯᠠᠭ᠎ᠠ ᠮᠥᠴᠢᠷ ᠡᠴᠠ ᠮᠠᠭᠠᠳᠯᠠᠨ ᠲᠣᠭᠲᠠᠭᠠᠭᠰᠠᠨ ᠳᠡᠭᠡᠳᠦ ᠰᠢᠨ᠎ᠡ ᠮᠡᠷᠭᠡᠵᠢᠯ ᠤᠨ ᠠᠵᠤ ᠠᠬᠤᠶᠢᠯᠠᠯ︔

  ︵ ᠬᠤᠶᠠᠷ ︶ ᠥᠪᠡᠷᠲᠡᠭᠡᠨ ᠵᠠᠰᠠᠬᠤ ᠣᠷᠣᠨ ᠤ ᠰᠲ᠋ᠣᠺ ᠤᠨ ᠵᠠᠬ᠎ᠠ ᠳᠤ ᠭᠠᠷᠭᠠᠬᠤ ᠪᠡᠯᠡᠳᠬᠡᠯ ᠠᠵᠤ ᠠᠬᠤᠶᠢᠯᠠᠯ ᠵᠢᠴᠢ ᠪᠤᠰᠤᠳ ᠳᠠᠯᠳᠠ ᠬᠦᠴᠦᠨ ᠲᠠᠢ ᠠᠵᠤ ᠠᠬᠤᠶᠢᠯᠠᠯ︔

  ︵ ᠭᠤᠷᠪᠠ ︶ ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ ᠰᠠᠭᠤᠷᠢ ᠮᠥᠩᠭᠦ ᠡᠴᠠ ᠪᠡᠯᠡ ᠣᠷᠣᠭᠤᠯᠤᠭᠰᠠᠨ ᠠᠵᠤ ᠠᠬᠤᠶᠢᠯᠠᠯ᠂ ᠬᠤᠪᠢ ᠪᠠᠷ ᠢᠶᠠᠨ ᠴᠤᠭᠯᠠᠭᠤᠯᠤᠭᠰᠠᠨ ᠰᠲ᠋ᠣᠺ ᠤᠨ ᠡᠷᠬᠡ ᠪᠠ ᠦᠢᠯᠡᠰ ᠴᠣᠭᠴᠠᠯᠠᠬᠤ ᠪᠡᠯᠡ ᠣᠷᠣᠭᠤᠯᠤᠯᠲᠠ ᠶᠢᠨ ᠰᠠᠭᠤᠷᠢ ᠮᠥᠩᠭᠦ ᠡᠴᠠ ᠪᠡᠯᠡ ᠣᠷᠣᠭᠤᠯᠤᠭᠰᠠᠨ ᠳᠤᠮᠳᠠ ᠵᠢᠵᠢᠭ ᠠᠵᠤ ᠠᠬᠤᠶᠢᠯᠠᠯ᠃

  ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠨᠢ ᠪᠤᠶᠢᠵᠢᠭᠤᠯᠬᠤ ᠠᠵᠤ ᠠᠬᠤᠶᠢᠯᠠᠯ ᠳᠤ ᠳᠡᠰ ᠬᠤᠪᠢᠶᠠᠭᠰᠠᠨ ᠬᠠᠮᠢᠶᠠᠷᠤᠯᠲᠠ ᠶᠢᠨ ᠲᠣᠭᠲᠠᠯᠴᠠᠭ᠎ᠠ ᠶᠢ ᠪᠠᠶᠢᠭᠤᠯᠬᠤ ᠶᠢᠨ ᠬᠠᠮᠲᠤ ᠡᠯ᠎ᠡ ᠳᠡᠰ ᠤᠨ ᠠᠵᠤ ᠠᠬᠤᠶᠢᠯᠠᠯ ᠳᠤ ᠲᠡᠭᠦᠨ ᠤ ᠣᠨᠴᠠᠯᠢᠭ ᠪᠠ ᠬᠡᠷᠡᠭᠴᠡᠭᠡ ᠱᠠᠭᠠᠷᠳᠠᠯᠭ᠎ᠠ ᠲᠠᠢ ᠨᠢ ᠵᠣᠬᠢᠴᠠᠭᠰᠠᠨ ᠰᠠᠭᠤᠷᠢ ᠦᠢᠯᠡᠴᠢᠯᠡᠭᠡ ᠪᠠ ᠶᠡᠷᠦᠩᠬᠡᠶᠢᠯᠡᠭᠰᠡᠨ ᠮᠥᠩᠭᠦᠨ ᠭᠦᠢᠯᠭᠡᠭᠡᠨ ᠤ ᠦᠢᠯᠡᠴᠢᠯᠡᠭᠡ ᠬᠠᠩᠭᠠᠬᠤ ᠬᠡᠷᠡᠭᠲᠡᠶ᠃

  ᠬᠤᠷᠢᠳᠤᠭᠠᠷ ᠵᠦᠢᠯ    ᠨᠠᠢᠢᠳᠠᠨ ᠬᠠᠮᠢᠶᠠᠷᠤᠭᠤᠯᠬᠤ ᠭᠡᠳᠡᠭ ᠨᠢ ᠠᠵᠤ ᠠᠬᠤᠶᠢᠯᠠᠯ ᠤᠨ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠰᠲ᠋ᠣᠺ ᠤᠨ ᠡᠷᠬᠡ ᠶᠢ ᠳᠠᠩᠰᠠᠯᠠᠵᠤ ᠨᠠᠢᠢᠳᠠᠨ ᠬᠠᠮᠢᠶᠠᠷᠤᠭᠤᠯᠬᠤ᠂ ᠡᠷᠤᠭᠡ ᠰᠢᠯᠵᠢᠭᠦᠯᠬᠦ ᠶᠢ ᠳᠠᠩᠰᠠᠯᠠᠬᠤ᠂ ᠮᠡᠳᠡᠭᠡ ᠵᠠᠩᠭᠢ ᠪᠠᠶᠢᠴᠠᠭᠠᠨ ᠯᠠᠪᠯᠠᠬᠤ᠂ ᠠᠰᠢᠭ ᠬᠤᠪᠢᠶᠠᠨ ᠬᠦᠦ ᠣᠨᠣᠭᠳᠠᠭᠤᠯᠬᠤ ᠵᠡᠷᠭᠡ ᠲᠤᠬᠠᠶᠢᠯᠠᠭᠰᠠᠨ ᠠᠵᠢᠯ ᠢ ᠶᠠᠪᠤᠭᠤᠯᠬᠤ ᠦᠢᠯᠡ ᠠᠵᠢᠯᠯᠠᠭ᠎ᠠ ᠵᠢ ᠵᠢᠭᠠᠵᠤ ᠪᠤᠢ᠃ ᠨᠠᠶᠢᠳᠠᠨ ᠬᠠᠮᠢᠶᠠᠷᠤᠭᠤᠯᠬᠤ ᠠᠵᠤ ᠠᠬᠤᠶᠢᠯᠠᠯ ᠨᠢ ᠬᠤᠪᠢ ᠣᠷᠣᠭᠤᠯᠤᠭᠴᠢᠳ ᠤᠨ 200 ᠬᠥᠮᠦᠨ ᠤ ᠬᠢᠵᠠᠭᠠᠷᠯᠠᠯ ᠳ᠋ᠤ ᠬᠢᠵᠠᠭᠠᠷᠯᠠᠭᠳᠠᠬᠤ ᠦᠭᠡᠢ ᠪᠠᠶᠢᠵᠤ ᠪᠣᠯᠤᠨ᠎ᠠ᠃

  ᠪᠦᠬᠦ ᠤᠯᠤᠰ ᠤᠨ ᠳᠤᠮᠳᠠ ᠵᠢᠵᠢᠭ ᠠᠵᠤ ᠠᠬᠤᠶᠢᠯᠠᠯ ᠤᠨ ᠬᠤᠪᠢ ᠰᠢᠯᠵᠢᠭᠦᠯᠦᠨ ᠥᠭᠬᠦ ᠰᠢᠰᠲ᠋ᠧᠮ ᠡᠴᠠ ᠫᠠᠶᠢᠰᠠ ᠪᠠᠭᠤᠯᠭᠠᠭᠰᠠᠨ ᠪᠤᠶᠤ ᠵᠠᠬ᠎ᠠ ᠡᠴᠠ ᠭᠠᠷᠤᠭᠰᠠᠨ ᠰᠲ᠋ᠣᠺ ᠢᠶᠠᠨ ᠵᠠᠬ᠎ᠠ ᠳᠤ ᠭᠠᠷᠭᠠᠭᠰᠠᠨ ᠺᠣᠮᠫᠠᠨᠢ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠬᠤᠪᠢ ᠪᠠᠨ ᠳᠠᠩᠰᠠᠯᠠᠭᠤᠯᠤᠨ ᠨᠠᠶᠢᠳᠠᠨ ᠬᠠᠮᠢᠶᠠᠷᠤᠭᠤᠯᠵᠤ ᠪᠣᠯᠤᠨ᠎ᠠ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠫᠠᠶᠢᠰᠠ ᠡᠯᠭᠦᠬᠦ ᠨᠥᠬᠦᠴᠡᠯ ᠳᠤ ᠨᠡᠶᠢᠴᠡᠭᠰᠡᠨ ᠨᠢ ᠲᠠᠬᠢᠵᠤ ᠫᠠᠶᠢᠰᠠ ᠡᠯᠭᠦᠭᠦᠯᠬᠦ ᠪᠠᠷ ᠭᠤᠶᠤᠴᠢᠯᠠᠵᠤ ᠪᠣᠯᠤᠨ᠎ᠠ᠃

  ᠬᠤᠷᠢᠨ ᠨᠢᠭᠡᠳᠦᠭᠡᠷ ᠵᠦᠢᠯ    ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠨᠢ ᠬᠠᠷᠢᠭᠤᠴᠠᠯᠭ᠎ᠠ ᠪᠠᠨ ᠴᠢᠷᠮᠠᠶᠢᠨ ᠭᠦᠢᠴᠡᠳᠬᠡᠵᠦ ᠬᠤᠪᠢ ᠣᠷᠣᠭᠤᠯᠤᠭᠴᠢᠳ ᠤᠨ ᠨᠡᠷᠡᠰ ᠤᠨ ᠲᠠᠩᠰᠠ ᠶᠢ ᠬᠠᠮᠢᠶᠠᠷᠴᠤ᠂ ᠰᠲ᠋ᠣᠺ ᠤᠨ ᠡᠷᠬᠡ ᠶᠢ ᠬᠤᠪᠢᠷᠠᠭᠤᠯᠬᠤ᠂ ᠳᠠᠨᠵᠢᠯᠠᠬᠤ᠂ ᠴᠠᠷᠴᠠᠭᠠᠬᠤ ᠵᠡᠷᠭᠡ ᠪᠠᠶᠢᠳᠠᠯ ᠢ ᠲᠡᠮᠳᠡᠭᠯᠡᠵᠦ᠂ ᠠᠷᠭ᠎ᠠ ᠬᠡᠮᠵᠢᠶ᠎ᠡ ᠠᠪᠴᠤ ᠪᠠᠶᠢᠭᠠᠳ ᠳ᠋ᠠᠢᠢᠲ᠋ᠠ ᠶᠢᠨ ᠲᠡᠮᠳᠡᠭᠯᠡᠯ ᠤᠨ ᠵᠥᠪ ᠣᠨᠣᠪᠴᠢᠲᠠᠶ ᠪᠠᠶᠢᠬᠤ ᠶᠢ ᠪᠠᠲᠤᠯᠠᠬᠤ ᠶᠢᠨ ᠬᠠᠮᠲᠤ ᠪᠣᠯᠵᠣᠨ ᠲᠣᠭᠲᠠᠭᠰᠠᠨ ᠶᠣᠰᠣᠭᠠᠷ ᠰᠲ᠋ᠣᠺ ᠤᠨ ᠡᠷᠬᠡ ᠨᠠᠶᠢᠳᠠᠨ ᠬᠠᠮᠢᠶᠠᠷᠤᠭᠤᠯᠤᠭᠰᠠᠨ ᠠᠵᠤ ᠠᠬᠤᠶᠢᠯᠠᠯ ᠳᠤ ᠴᠠᠭ ᠲᠤᠬᠠᠶ ᠳᠤ ᠨᠢ ᠬᠠᠷᠢᠭᠤ ᠲᠤᠰᠬᠠᠬᠤ ᠬᠡᠷᠡᠭᠲᠡᠶ᠃

  ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠨᠢ ᠰᠲ᠋ᠣᠺ ᠤᠨ ᠡᠷᠬᠡ ᠶᠢᠨ ᠠᠵᠢᠯ ᠶᠠᠪᠤᠳᠠᠯ ᠢ ᠭᠦᠢᠴᠡᠳᠬᠡᠬᠦ ᠶᠠᠪᠤᠴᠠ ᠳᠤ ᠣᠯᠤᠭᠰᠠᠨ ᠰᠲ᠋ᠣᠺ ᠤᠨ ᠡᠷᠬᠡ ᠶᠢ ᠨᠠᠶᠢᠳᠠᠨ ᠬᠠᠮᠢᠶᠠᠷᠤᠭᠤᠯᠤᠭᠰᠠᠨ ᠠᠵᠤ ᠠᠬᠤᠶᠢᠯᠠᠯ ᠤᠨ ᠰᠲ᠋ᠣᠺ ᠤᠨ ᠡᠷᠬᠡ ᠶᠢᠨ ᠮᠡᠳᠡᠭᠡ ᠵᠠᠩᠭᠢ ᠶᠢᠨ ᠨᠢᠭᠤᠴᠠ ᠶᠢ ᠬᠠᠮᠠᠭᠠᠯᠠᠵᠤ᠂ ᠦᠢᠯᠡᠴᠢᠯᠡᠭᠡᠨ ᠤ ᠵᠦᠪᠯᠡᠯᠴᠡᠭᠡᠷ ᠳᠠᠭᠤᠰᠤᠭᠰᠠᠨ ᠤ ᠲᠠᠷᠠᠭ᠎ᠠ ᠮᠥᠨ ᠨᠢᠭᠤᠴᠠ ᠶᠢ ᠬᠠᠮᠠᠭᠠᠯᠠᠬᠤ ᠡᠭᠦᠷᠭᠡ ᠪᠠᠨ ᠮᠦᠨ ᠬᠦ ᠭᠦᠢᠴᠡᠳᠬᠡᠬᠦ ᠬᠡᠷᠡᠭᠲᠡᠶ᠃

  ᠬᠤᠷᠢᠨ ᠬᠤᠶᠠᠳᠤᠭᠠᠷ ᠵᠦᠢᠯ   ᠠᠵᠤ ᠠᠬᠤᠶᠢᠯᠠᠯ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠰᠲ᠋ᠣᠺ ᠲᠠᠷᠬᠠᠭᠠᠬᠤ ᠳᠤ ᠳᠣᠣᠷ᠎ᠠ ᠵᠢᠭᠰᠠᠭᠠᠭᠰᠠᠨ ᠨᠥᠬᠦᠴᠡᠯ ᠳᠤ ᠨᠡᠶᠢᠴᠡᠭᠰᠡᠨ ᠪᠠᠶᠢᠬᠤ ᠬᠡᠷᠡᠭᠲᠡᠶ᠄

  ︵ ᠨᠢᠭᠡ ︶ ᠲᠠᠷᠬᠠᠭᠠᠬᠤ ᠭᠤᠣᠯ ᠴᠣᠭᠴᠠ ᠨᠢ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠪᠣᠯᠬᠤ ᠪᠥᠭᠡᠳ ᠲᠤᠰ ᠨᠠᠷᠢᠨ ᠲᠦᠷᠢᠮ ᠤᠨ ᠠᠷᠪᠠᠨ ᠨᠠᠢᠮᠠᠳᠤᠭᠠᠷ ᠵᠦᠢᠯ ᠤᠨ ᠲᠣᠭᠲᠠᠭᠠᠯ ᠳᠤ ᠨᠡᠶᠢᠴᠡᠬᠦ︔

  ︵ ᠬᠤᠶᠠᠷ ︶ ᠣᠷᠴᠢᠮ ᠤᠨ ᠨᠢᠭᠡ ᠨᠢᠭᠲᠠᠯᠠᠨ ᠪᠤᠳᠤᠬᠤ ᠣᠨ ᠤ ᠬᠢᠨᠠᠨ ᠪᠤᠳᠤᠭᠰᠠᠨ ᠡᠳ᠋ ᠤᠨ ᠶᠠᠪᠤᠳᠠᠯ ᠤᠨ ᠮᠡᠳᠡᠭᠦᠯᠦᠯᠲᠡ ᠪᠠᠷ ᠪᠠᠷᠢᠮᠵᠢᠶ᠎ᠠ ᠪᠣᠯᠭᠠᠵᠤ ᠦᠯᠡᠳᠡᠭᠡᠯ ᠰᠠᠨᠠᠯ ᠦᠭᠡᠢ︔

  ︵ ᠭᠤᠷᠪᠠ ︶ ᠺᠣᠮᠫᠠᠨᠢ ᠨᠢ ᠺᠣᠮᠫᠠᠨᠢ ᠶᠢᠨ ᠳᠦᠷᠢᠮ ᠢᠶᠠᠷ ᠦᠨᠳᠦᠰᠦᠯᠡᠯ ᠪᠣᠯᠭᠠᠨ ᠰᠲ᠋ᠣᠺ ᠲᠠᠷᠬᠠᠭᠠᠬᠤ ᠪᠠᠷ ᠭᠤᠶᠤᠴᠢᠯᠠᠬᠤ ᠲᠤᠬᠠᠶ ᠰᠢᠢᠳᠪᠦᠷᠢ ᠭᠠᠷᠭᠠᠬᠤ ᠶᠢᠨ ᠬᠠᠮᠲᠤ ᠬᠠᠮᠢᠶ᠎ᠠ ᠪᠦᠬᠦᠢ ᠮᠡᠳᠡᠭᠡ ᠵᠠᠩᠭᠢ ᠶᠢ ᠢᠯᠡ ᠨᠡᠶᠢᠲᠡᠯᠡᠬᠦ ᠡᠭᠦᠷᠭᠡ ᠪᠠᠨ ᠭᠦᠢᠴᠡᠳᠬᠡᠬᠦ ᠪᠠᠷ ᠠᠮᠠᠯᠠᠬᠤ︔

  ︵ ᠲᠥᠷᠪᠡ ︶ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠥᠷᠢᠮ ᠵᠢᠴᠢ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠲᠣᠭᠲᠠᠭᠠᠭᠰᠠᠨ ᠪᠤᠰᠤᠳ ᠨᠥᠬᠦᠴᠡᠯ᠃

  ᠬᠤᠷᠢᠨ ᠭᠤᠷᠪᠠᠳᠤᠭᠠᠷ ᠵᠦᠢᠯ    ᠠᠵᠤ ᠠᠬᠤᠶᠢᠯᠠᠯ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠰᠲ᠋ᠣᠺ ᠪᠣᠯᠭᠠᠨ ᠬᠤᠪᠢᠷᠠᠭᠤᠯᠵᠤ ᠪᠣᠯᠬᠤ ᠺᠣᠮᠫᠠᠨᠢ ᠶᠢᠨ ᠵᠢᠭᠡᠯᠡᠯᠭᠡ ᠶᠢᠨ ᠲᠡᠮᠳᠡᠭᠲᠦ ᠶᠢ ᠲᠠᠷᠬᠠᠭᠠᠬᠤ ᠪᠠᠷ ᠭᠤᠶᠤᠴᠢᠯᠠᠬᠤ ᠳᠤ ᠳᠣᠣᠷ᠎ᠠ ᠵᠢᠭᠰᠠᠭᠠᠭᠰᠠᠨ ᠨᠥᠬᠦᠴᠡᠯ ᠳᠤ ᠨᠡᠶᠢᠴᠡᠭᠰᠡᠨ ᠪᠠᠶᠢᠬᠤ ᠬᠡᠷᠡᠭᠲᠡᠶ᠄

  ︵ ᠨᠢᠭᠡ ︶ ᠲᠠᠷᠬᠠᠭᠠᠬᠤ ᠭᠤᠣᠯ ᠴᠣᠭᠴᠠ ᠨᠢ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠪᠣᠯᠬᠤ ᠪᠥᠭᠡᠳ ᠲᠤᠰ ᠨᠠᠷᠢᠨ ᠲᠦᠷᠢᠮ ᠤᠨ ᠠᠷᠪᠠᠨ ᠨᠠᠢᠮᠠᠳᠤᠭᠠᠷ ᠵᠦᠢᠯ ᠤᠨ ᠲᠣᠭᠲᠠᠭᠠᠯ ᠳᠤ ᠨᠡᠶᠢᠴᠡᠬᠦ︔

  ︵ ᠬᠤᠶᠠᠷ ︶ ᠣᠷᠴᠢᠮ ᠤᠨ ᠨᠢᠭᠡ ᠨᠢᠭᠲᠠᠯᠠᠨ ᠪᠤᠳᠤᠬᠤ ᠣᠨ ᠤ ᠬᠢᠨᠠᠨ ᠪᠣᠳᠤᠭᠰᠠᠨ ᠡᠳ᠋ ᠤᠨ ᠶᠠᠪᠤᠳᠠᠯ ᠤᠨ ᠮᠡᠳᠡᠭᠦᠯᠦᠯᠲᠡ ᠪᠠᠷ ᠪᠠᠷᠢᠮᠵᠢᠶ᠎ᠠ ᠪᠣᠯᠭᠠᠵᠤ ᠦᠯᠡᠳᠡᠬᠡᠯ ᠰᠠᠨᠠᠯ ᠦᠭᠡᠢ︔

  ︵ ᠭᠤᠷᠪᠠ ︶ ᠠᠵᠤ ᠠᠬᠤᠶᠢᠯᠠᠯ ᠨᠢ ᠺᠣᠮᠫᠠᠨᠢ ᠶᠢᠨ ᠲᠦᠷᠢᠮ ᠤᠨ ᠶᠣᠰᠣᠭᠠᠷ ᠵᠢᠭᠡᠯᠡᠯᠭᠡ ᠶᠢᠨ ᠲᠡᠮᠳᠡᠭᠲᠦ ᠶᠢ ᠲᠠᠷᠬᠠᠭᠠᠬᠤ ᠪᠠᠷ ᠭᠤᠶᠤᠴᠢᠯᠠᠬᠤ ᠲᠤᠬᠠᠶ ᠰᠢᠢᠳᠪᠦᠷᠢ ᠭᠠᠷᠭᠠᠬᠤ ᠶᠢᠨ ᠬᠠᠮᠲᠤ ᠬᠠᠮᠢᠶ᠎ᠠ ᠪᠦᠬᠦᠢ ᠮᠡᠳᠡᠭᠡ ᠵᠠᠩᠭᠢ ᠶᠢ ᠢᠯᠡ ᠨᠡᠶᠢᠲᠡᠯᠡᠬᠦ ᠡᠭᠦᠷᠭᠡ ᠪᠠᠨ ᠭᠦᠢᠴᠡᠳᠬᠡᠬᠦ ᠪᠠᠷ ᠠᠮᠠᠯᠠᠬᠤ︔

  ︵ ᠳᠥᠷᠪᠡ ︶ ᠵᠢᠭᠡᠯᠡᠯᠭᠡ ᠶᠢᠨ ᠲᠡᠮᠳᠡᠭᠲᠦ ᠴᠤᠭᠯᠠᠭᠤᠯᠬᠤ ᠲᠣᠳᠣᠷᠬᠠᠶᠢᠯᠠᠯᠲᠠ ᠶᠢᠨ ᠪᠢᠴᠢᠭ᠌ ᠲᠤ ᠺᠣᠮᠫᠠᠨᠢ ᠶᠢᠨ ᠵᠢᠭᠡᠯᠡᠯᠭᠡ ᠶᠢᠨ ᠲᠡᠮᠳᠡᠭᠲᠦ ᠶᠢ ᠰᠲ᠋ᠣᠺ ᠪᠣᠯᠭᠠᠨ ᠬᠤᠪᠢᠷᠠᠭᠤᠯᠬᠤ ᠪᠣᠳᠠᠲᠠᠶ ᠠᠷᠭ᠎ᠠ ᠬᠡᠮᠵᠢᠶ᠎ᠡ ᠲᠠᠢ ᠪᠠᠶᠢᠬᠤ︔

  ︵ ᠲᠠᠪᠤ ︶ ᠲᠠᠷᠬᠠᠭᠠᠬᠤ ᠠᠵᠤ ᠠᠬᠤᠶᠢᠯᠠᠯ ᠤᠨ ᠨᠢᠭᠡᠨᠲᠡ ᠲᠠᠷᠬᠠᠭᠠᠭᠰᠠᠨ ᠺᠣᠮᠫᠠᠨᠢ ᠶᠢᠨ ᠵᠢᠭᠡᠯᠡᠯᠭᠡ ᠶᠢᠨ ᠲᠡᠮᠳᠡᠭᠲᠦ ᠪᠤᠶᠤ ᠪᠤᠰᠤᠳ ᠥᠭᠴᠡᠭᠡ ᠨᠢ ᠦᠷᠭᠦᠯᠵᠢᠯᠡᠭᠰᠡᠨ ᠪᠠᠢᠢᠳᠠᠯ ᠲᠠᠢ ᠭᠡᠷ᠎ᠡ ᠶᠢ ᠵᠥᠷᠢᠴᠡᠭᠰᠡᠨ ᠪᠤᠶᠤ ᠡᠭᠡ ᠮᠥᠩᠭᠦ ᠬᠦᠦ ᠮᠥᠩᠭᠦ ᠶᠢ ᠨᠢ ᠤᠳᠠᠭᠠᠰᠢᠷᠠᠭᠤᠯᠤᠨ ᠲᠥᠯᠥᠭᠰᠡᠨ ᠪᠠᠶᠢᠳᠠᠯ ᠳᠤ ᠪᠠᠢᠢᠬᠤ ᠦᠭᠡᠢ᠂ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠡᠴᠠ ᠣᠨᠴᠠᠭᠠᠶ ᠱᠠᠭᠠᠷᠳᠠᠯᠭ᠎ᠠ ᠲᠠᠢ ᠨᠢ ᠡᠭᠦᠨ ᠳᠤ ᠪᠠᠭᠲᠠᠬᠤ ᠦᠭᠡᠢ︔

  ︵ ᠵᠢᠷᠭᠤᠭ᠎ᠠ ︶ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠥᠷᠢᠮ ᠬᠢᠭᠡᠳ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠲᠣᠭᠲᠠᠭᠠᠭᠰᠠᠨ ᠪᠤᠰᠤᠳ ᠨᠥᠬᠦᠴᠡᠯ᠃

  ᠬᠤᠷᠢᠨ ᠳᠥᠷᠪᠡᠳᠦᠭᠡᠷ ᠵᠦᠢᠯ    ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠡᠮᠳᠡᠭᠲᠦ ᠶᠢ ᠲᠠᠷᠬᠠᠭᠠᠬᠤ ᠪᠤᠶᠤ ᠰᠢᠯᠵᠢᠭᠦᠯᠦᠨ ᠥᠭᠬᠦ ᠳᠤ ᠳᠣᠣᠷᠠᠬᠢ ᠵᠠᠷᠴᠢᠮ ᠤᠳ ᠢ ᠵᠢᠷᠤᠮᠯᠠᠬᠤ ᠬᠡᠷᠡᠭᠲᠡᠶ᠄

  ︵ ᠨᠢᠭᠡ ︶ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠵᠥᠪᠰᠢᠶᠡᠷᠡᠯ ᠦᠭᠡᠢ ᠪᠠᠷ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠰᠲ᠋ᠣᠺ᠂ ᠰᠲ᠋ᠣᠺ ᠪᠣᠯᠭᠠᠨ ᠬᠤᠪᠢᠷᠠᠭᠤᠯᠵᠤ ᠪᠣᠯᠬᠤ ᠺᠣᠮᠫᠠᠨᠢ ᠶᠢᠨ ᠵᠢᠭᠡᠯᠡᠯᠭᠡ ᠶᠢᠨ ᠲᠡᠮᠳᠡᠭᠲᠦ ᠡᠴᠠ ᠭᠠᠳᠠᠨᠠᠬᠢ ᠪᠤᠰᠤᠳ ᠲᠡᠮᠳᠡᠭᠲᠦ ᠶᠢ ᠲᠠᠷᠬᠠᠭᠠᠵᠤ ᠪᠣᠯᠬᠤ ᠦᠭᠡᠢ︔

  ︵ ᠬᠤᠶᠠᠷ ︶ ᠵᠡᠷ ᠮᠡᠳᠡᠭᠡ᠂ ᠢᠯᠠ ᠪᠠᠷ ᠢᠳᠬᠠᠨ ᠳᠠᠭᠠᠭᠤᠯᠬᠤ ᠵᠡᠷᠭᠡ ᠢᠯᠠ ᠪᠠᠷ ᠪᠤᠶᠤ ᠬᠡᠯᠪᠡᠷᠢ ᠶᠢ ᠨᠢ ᠥᠭᠡᠷᠡᠲᠦᠭᠦᠯᠦᠨ ᠢᠯᠠ ᠪᠣᠯᠭᠠᠬᠤ ᠠᠷᠭ᠎ᠠ ᠮᠠᠶ᠋ᠢᠭ ᠢᠶᠠᠷ ᠲᠡᠮᠳᠡᠭᠲᠦ ᠶᠢ ᠲᠠᠷᠬᠠᠭᠠᠬᠤ ᠪᠤᠶᠤ ᠰᠢᠯᠵᠢᠭᠦᠯᠦᠨ ᠥᠭᠴᠦ ᠪᠣᠯᠬᠤ ᠦᠭᠡᠢ᠂ ᠬᠠᠤᠯᠢ ᠪᠤᠰᠤ ᠪᠠᠷ ᠪᠡᠯᠠ ᠴᠤᠭᠯᠠᠭᠤᠯᠵᠤ ᠪᠣᠯᠬᠤ ᠦᠭᠡᠢ︔

  ︵ ᠭᠤᠷᠪᠠ ︶ ᠲᠥᠪᠯᠡᠷᠡᠭᠦᠯᠦᠨ ᠠᠷᠠᠯᠵᠢᠶᠠᠯᠠᠬᠤ ᠠᠷᠭ᠎ᠠ ᠮᠠᠶ᠋ᠢᠭ ᠢᠶᠠᠷ ᠲᠡᠮᠳᠡᠭᠲᠦ ᠶᠢ ᠲᠠᠷᠬᠠᠭᠠᠬᠤ ᠪᠤᠶᠤ ᠰᠢᠯᠵᠢᠭᠦᠯᠦᠨ ᠥᠭᠴᠦ ᠪᠣᠯᠬᠤ ᠦᠭᠡᠢ᠂ ᠡᠭᠦᠨ ᠳᠤ ᠴᠤᠭᠯᠠᠷᠠᠭᠤᠯᠤᠨ ᠦᠨ᠎ᠡ ᠦᠷᠢᠰᠦᠯᠳᠦᠬᠦ᠂ ᠵᠠᠯᠭᠠᠭ᠎ᠠ ᠪᠠᠷ ᠦᠨ᠎ᠡ ᠦᠷᠢᠰᠦᠯᠳᠦᠬᠦ᠂ ᠡᠯᠧᠺᠲ᠋ᠷᠣᠨ ᠢᠶᠠᠷ ᠡᠪᠯᠡᠭᠦᠯᠦᠨ ᠠᠷᠠᠯᠵᠢᠶᠠᠯᠠᠬᠤ᠂ ᠨᠡᠷ᠎ᠡ ᠪᠤᠷᠤᠭᠤᠯᠠᠵᠤ ᠠᠷᠠᠯᠵᠢᠶᠠᠯᠠᠬᠤ ᠵᠡᠷᠭᠡ ᠠᠷᠠᠯᠵᠢᠶᠠᠨ ᠤ ᠠᠷᠭ᠎ᠠ ᠮᠠᠶ᠋ᠢᠭ ᠪᠠᠭᠲᠠᠨ᠎ᠠ᠂ ᠵᠦᠪᠯᠡᠯᠴᠡᠭᠡᠷ ᠢᠶᠠᠷ ᠰᠢᠯᠵᠢᠭᠦᠯᠦᠨ ᠥᠭᠬᠦ ᠪᠠ ᠬᠠᠤᠯᠢ ᠶᠣᠰᠣᠭᠠᠷ ᠦᠨ᠎ᠡ ᠬᠠᠶᠠᠯᠴᠠᠭᠤᠯᠤᠨ ᠬᠤᠳᠠᠯᠳᠤᠬᠤ ᠨᠢ ᠡᠭᠦᠨ ᠳᠤ ᠪᠠᠭᠲᠠᠬᠤ ᠦᠭᠡᠢ︔

  ︵ ᠲᠦᠷᠪᠡ ︶ ᠪᠡᠯᠡ ᠣᠷᠣᠭᠤᠯᠤᠭᠴᠢᠳ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠠᠳᠠᠯᠢ ᠨᠢᠭᠡᠨ ᠲᠡᠮᠳᠡᠭᠲᠦ ᠶᠢ ᠬᠤᠳᠠᠯᠳᠤᠨ ᠠᠪᠤᠭᠰᠠᠨ ᠤ ᠲᠠᠷᠠᠭ᠎ᠠ ᠬᠤᠳᠠᠯᠳᠤᠨ ᠭᠠᠷᠭᠠᠬᠤ ᠪᠤᠶᠤ ᠬᠤᠳᠠᠯᠳᠤᠨ ᠭᠠᠷᠭᠠᠭᠰᠠᠨ ᠤ ᠲᠠᠷᠠᠭ᠎ᠠ ᠬᠤᠳᠠᠯᠳᠤᠨ ᠠᠪᠤᠭᠰᠠᠨ ᠴᠠᠭ ᠤᠨ ᠠᠯᠭᠠᠰᠠᠯ ᠨᠢ 5 ᠠᠷᠠᠯᠵᠢᠶᠠᠨ ᠤ ᠡᠳᠦᠷ ᠡᠴᠠ ᠳᠤᠲᠠᠭᠤ ᠪᠠᠢᠢᠵᠤ ᠪᠣᠯᠬᠤ ᠦᠭᠡᠢ︔

  ︵ ᠲᠠᠪᠤ ︶ ᠳᠠᠩ ᠭᠠᠭᠴᠠ ᠲᠡᠮᠳᠡᠭᠲᠦ ᠶᠢᠨ ᠡᠷᠬᠡ ᠠᠰᠢᠭ ᠡᠵᠡᠮᠰᠢᠭᠴᠢ ᠨᠢ ᠨᠡᠶᠢᠯᠡᠭᠡᠳ 200 ᠬᠥᠮᠦᠨ ᠡᠴᠠ ᠬᠡᠲᠦᠷᠡᠵᠦ ᠪᠣᠯᠬᠤ ᠦᠭᠡᠢ᠂ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠦᠷᠢᠮ ᠳᠤ ᠠᠰᠲᠠᠭᠠᠨ ᠲᠣᠭᠲᠠᠭᠠᠯ ᠲᠠᠢ ᠨᠢ ᠡᠭᠦᠨ ᠳᠤ ᠪᠠᠭᠲᠠᠬᠤ ᠦᠭᠡᠢ︔

  ︵ ᠵᠢᠷᠭᠤᠭ᠎ᠠ ︶ ᠠᠵᠢᠯᠯᠠᠨ ᠡᠵᠡᠩᠨᠡᠬᠦ ᠪᠠᠶᠢᠭᠤᠯᠤᠮᠵᠢ᠂ ᠲᠡᠮᠳᠡᠭᠲᠦ ᠲᠠᠷᠬᠠᠭᠠᠭᠴᠢ᠂ ᠵᠠᠭᠤᠴᠢ ᠪᠠᠶᠢᠭᠤᠯᠤᠮᠵᠢ ᠵᠢᠴᠢ ᠣᠷᠣᠨ ᠪᠦᠰᠡ ᠶᠢᠨ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠠᠬᠢ ᠪᠤᠰᠤᠳ ᠣᠷᠣᠯᠴᠠᠭᠴᠢ ᠨᠢ ᠪᠡᠯᠡ ᠣᠷᠣᠭᠤᠯᠤᠭᠴᠢᠳ ᠲᠤ ᠡᠭᠡ ᠮᠥᠩᠭᠦ ᠨᠢ ᠪᠡᠯᠡ ᠣᠷᠣᠭᠤᠯᠬᠤ ᠲᠦᠭᠰᠢᠭᠦᠷᠢ ᠦᠭᠡᠢ ᠪᠠ ᠨᠠᠭᠠᠳᠤ ᠵᠠᠬ᠎ᠠ ᠶᠢᠨ ᠠᠰᠢᠭ ᠣᠯᠵᠠᠪᠤᠷᠢ ᠶᠢ ᠠᠮᠠᠯᠠᠵᠤ ᠪᠣᠯᠬᠤ ᠦᠭᠡᠢ᠃

  ᠬᠤᠷᠢᠨ ᠲᠠᠪᠤᠳᠤᠭᠠᠷ ᠵᠦᠢᠯ   ᠢᠡᠲ᠋ᠧᠷ ᠰᠦᠯᠵᠢᠶ᠎ᠡ᠂ ᠷᠠᠳᠢᠣ᠋ ᠲᠧᠯᠸᠢᠰ᠂ ᠰᠣᠨᠢᠨ ᠰᠡᠳᠬᠦᠯ᠂ ᠰᠢᠯᠵᠢᠮᠡᠯ ᠦᠵᠦᠭᠦᠷ ᠵᠡᠷᠭᠡ ᠪᠠᠷ ᠳᠠᠮᠵᠢᠭᠤᠯᠤᠨ ᠨᠡᠶᠢᠭᠡᠮ ᠨᠡᠶᠢᠲᠡ ᠳ᠋ᠤ ᠬᠤᠪᠢ ᠡᠯᠰᠡᠬᠦ ᠲᠣᠳᠣᠷᠬᠠᠶᠢᠯᠠᠯᠲᠠ ᠶᠢᠨ ᠪᠢᠴᠢᠭ᠂ ᠲᠡᠮᠳᠡᠭᠲᠦ ᠴᠤᠭᠯᠠᠭᠤᠯᠬᠤ ᠲᠣᠳᠣᠷᠬᠠᠶᠢᠯᠠᠯᠲᠠ ᠶᠢᠨ ᠪᠢᠴᠢᠭ᠂ ᠰᠢᠯᠵᠢᠭᠦᠯᠦᠨ ᠥᠭᠬᠦ ᠪᠠᠷ ᠪᠠᠶᠢᠭ᠎ᠠ ᠲᠡᠮᠳᠡᠭᠲᠦ ᠶᠢᠨ ᠲᠤᠭ᠎ᠠ ᠬᠡᠮᠵᠢᠶ᠎ᠡ ᠪᠠ ᠦᠨ᠎ᠡ ᠬᠠᠩᠰᠢ ᠵᠡᠷᠭᠡ ᠲᠡᠮᠳᠡᠭᠲᠦ ᠶᠢ ᠲᠠᠷᠬᠠᠭᠠᠬᠤ ᠪᠤᠶᠤ ᠰᠢᠯᠵᠢᠭᠦᠯᠦᠨ ᠥᠭᠬᠦ ᠬᠤᠯᠪᠣᠭᠳᠠᠯ ᠪᠦᠬᠦᠢ ᠮᠡᠳᠡᠭᠡ ᠵᠠᠩᠭᠢ ᠶᠢ ᠨᠡᠶᠢᠲᠡᠯᠡᠭᠰᠡᠨ ᠪᠠᠶᠢᠪᠠᠯ᠂ ᠲᠤᠰ ᠨᠠᠷᠢᠨ ᠳᠦᠷᠢᠮ ᠤᠨ ᠬᠤᠷᠢᠨ ᠳᠥᠷᠪᠡᠳᠦᠭᠡᠷ ᠵᠦᠢᠯ ᠳᠤ ᠲᠣᠭᠲᠠᠭᠠᠭᠰᠠᠨ ᠢᠯᠠ ᠪᠤᠶᠤ ᠬᠡᠯᠪᠡᠷᠢ ᠶᠢ ᠨᠢ ᠥᠭᠡᠷᠡᠲᠦᠭᠦᠯᠦᠨ ᠢᠯᠠ ᠪᠣᠯᠭᠠᠬᠤ ᠠᠷᠭ᠎ᠠ ᠮᠠᠶ᠋ᠢᠭ ᠲᠤ ᠲᠣᠭᠠᠴᠠᠭᠳᠠᠨ᠎ᠠ᠂ ᠭᠡᠪᠡᠴᠦ ᠳᠣᠣᠷ᠎ᠠ ᠵᠢᠭᠰᠠᠭᠠᠭᠰᠠᠨ ᠨᠥᠬᠦᠴᠡᠯ ᠳᠤ ᠨᠡᠶᠢᠴᠡᠭᠰᠡᠨ ᠨᠢ ᠡᠭᠦᠨ ᠳᠤ ᠪᠠᠭᠲᠠᠬᠤ ᠦᠭᠡᠢ᠄

  ︵ ᠨᠢᠭᠡ ︶ ᠲᠤᠰ ᠵᠠᠬ᠎ᠠ ᠳᠡᠯᠭᠡᠭᠦᠷ ᠲᠤ ᠳᠠᠩᠰᠠᠨ ᠡᠷᠦᠬᠡ ᠪᠠᠢᠢᠭᠤᠯᠤᠭᠰᠠᠨ ᠬᠢᠷᠢ ᠲᠡᠩᠴᠡᠭᠰᠡᠨ ᠪᠡᠯᠡ ᠣᠷᠣᠭᠤᠯᠤᠭᠴᠢᠳ ᠲᠤ ᠠᠵᠢᠯᠯᠠᠨ ᠡᠵᠡᠩᠨᠡᠬᠦ ᠪᠠᠶᠢᠭᠤᠯᠤᠮᠵᠢ ᠶᠢᠨ ᠮᠡᠳᠡᠭᠡ ᠵᠠᠩᠭᠢ ᠶᠢᠨ ᠰᠢᠰᠲ᠋ᠧᠮ᠂ ᠠᠯᠪᠠᠨ ᠰᠦᠯᠵᠢᠶᠡᠨ ᠦᠷᠳᠡᠭᠡ᠂ ᠭᠠᠷ ᠤᠲᠠᠰᠤᠨ ᠤ APP᠂ ᠸᠢᠴᠠᠲ ᠤᠨ ᠵᠢᠵᠢᠭ ᠫᠷᠤᠭ᠍ᠷᠠᠮ ᠵᠡᠷᠭᠡ ᠰᠦᠯᠵᠢᠶᠡᠨ ᠤ ᠲᠠᠪᠴᠠᠩ ᠢᠶᠠᠷ ᠳᠠᠮᠵᠢᠭᠤᠯᠤᠨ ᠲᠡᠮᠳᠡᠭᠲᠦ ᠶᠢ ᠲᠠᠷᠬᠠᠭᠠᠬᠤ ᠪᠤᠶᠤ ᠰᠢᠯᠵᠢᠭᠦᠯᠦᠨ ᠥᠭᠬᠦ ᠮᠡᠳᠡᠭᠡ ᠵᠠᠩᠭᠢ ᠶᠢ ᠨᠡᠢᠢᠲᠡᠯᠡᠬᠦ︔

  ︵ ᠬᠤᠶᠠᠷ ︶ ᠪᠠᠯᠠ ᠣᠷᠣᠭᠤᠯᠤᠭᠴᠢᠳ ᠨᠢ ᠬᠡᠷᠡᠭᠯᠡᠭᠴᠢ ᠶᠢᠨ ᠨᠡᠷ᠎ᠡ ᠪᠠ ᠨᠢᠭᠤᠴᠠ ᠨᠣᠮᠧᠷ ᠵᠡᠷᠭᠡ ᠪᠡᠶ᠎ᠡ ᠪᠠᠨ ᠭᠡᠷᠡᠴᠢᠯᠡᠬᠦ ᠠᠷᠭ᠎ᠠ ᠮᠠᠶ᠋ᠢᠭ ᠢᠶᠠᠷ ᠳᠠᠩᠰᠠᠯᠠᠭᠰᠠᠨ ᠤ ᠳᠠᠷᠠᠭ᠎ᠠ ᠰᠠᠶ᠋ᠢ ᠮᠡᠳᠡᠭᠡ ᠵᠠᠩᠭᠢ ᠶᠢ ᠪᠠᠶᠢᠴᠠᠭᠠᠨ ᠦᠵᠡᠵᠦ ᠪᠣᠯᠤᠨ᠎ᠠ᠃

  ᠬᠤᠷᠢᠨ ᠵᠢᠷᠭᠤᠳᠤᠭᠠᠷ ᠵᠦᠢᠯ   ᠫᠠᠶᠢᠰᠠ ᠡᠯᠭᠦᠭᠰᠡᠨ ᠠᠵᠤ ᠠᠬᠤᠶᠢᠯᠠᠯ᠂ ᠲᠡᠮᠳᠡᠭᠲᠦ ᠲᠠᠷᠬᠠᠭᠠᠭᠴᠢ᠂ ᠵᠠᠭᠤᠴᠢ ᠪᠠᠶᠢᠭᠤᠯᠤᠮᠵᠢ ᠵᠢᠴᠢ ᠣᠷᠣᠨ ᠪᠦᠰᠡ ᠶᠢᠨ ᠴᠢᠨᠠᠷᠲᠠᠢ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠠᠬᠢ ᠪᠤᠰᠤᠳ ᠣᠷᠣᠯᠴᠠᠭᠴᠢᠳ ᠨᠢ ᠲᠣᠭᠲᠠᠭᠠᠯ ᠪᠠ ᠵᠦᠪᠯᠡᠯᠴᠡᠭᠡᠷ ᠤᠨ ᠪᠣᠯᠵᠣᠯ ᠶᠣᠰᠣᠭᠠᠷ᠂ ︽ ᠴᠢᠬᠤᠯᠠ ᠦᠭᠡᠢ ᠪᠣᠯ ᠦᠯᠦ ᠢᠯᠡ ᠨᠡᠶᠢᠲᠡᠯᠡᠬᠦ ︾ ᠵᠠᠷᠴᠢᠮ ᠢ ᠦᠨᠳᠦᠰᠦᠯᠡᠨ ᠮᠡᠳᠡᠭᠡ ᠵᠠᠩᠭᠢ ᠶᠢ ᠵᠦᠷᠢᠶᠡᠵᠢᠭᠦᠯᠦᠨ ᠢᠯᠡ ᠨᠡᠶᠢᠲᠡᠯᠡᠬᠦ ᠪᠠ ᠮᠡᠳᠡᠭᠡ ᠵᠠᠩᠭᠢ ᠶᠢ ᠬᠠᠨᠳᠤᠯᠭ᠎ᠠ ᠲᠠᠢ ᠪᠠᠷ ᠢᠯᠡ ᠨᠡᠶᠢᠲᠡᠯᠡᠬᠦ ᠶᠢ ᠬᠡᠷᠡᠭᠵᠢᠭᠦᠯᠬᠦ ᠬᠡᠷᠡᠭᠲᠡᠢ᠃ ᠰᠲ᠋ᠣᠺ ᠤᠨ ᠡᠷᠬᠡ ᠪᠠ ᠠᠪᠴᠠᠭᠠᠨ ᠤ ᠡᠷᠬᠡ ᠶᠢᠨ ᠪᠠᠯᠠ ᠲᠣᠬᠢᠷᠠᠭᠤᠯᠭ᠎ᠠ ᠬᠢᠭᠰᠡᠨ ᠥᠬᠡᠶ ᠠᠵᠤ ᠠᠬᠤᠶᠢᠯᠠᠯ ᠨᠢ ᠢᠯᠡ ᠨᠡᠶᠢᠲᠡᠯᠡᠬᠦ ᠠᠭᠤᠯᠭ᠎ᠠ ᠪᠠ ᠬᠦᠷᠢᠶ᠎ᠡ ᠬᠡᠪᠴᠢᠶ᠎ᠡ ᠪᠠᠨ ᠰᠠᠶᠢᠨ ᠳᠤᠷ᠎ᠠ ᠡᠴᠠ ᠪᠠᠨ ᠰᠣᠩᠭᠤᠵᠤ ᠪᠣᠯᠤᠨ᠎ᠠ᠂ ᠰᠲ᠋ᠣᠺ ᠤᠨ ᠡᠷᠬᠡ ᠪᠤᠶᠤ ᠠᠪᠴᠠᠭᠠᠨ ᠤ ᠡᠷᠬᠡ ᠶᠢᠨ ᠪᠠᠯᠠ ᠲᠣᠬᠢᠷᠠᠭᠤᠯᠭ᠎ᠠ ᠬᠢᠵᠦ ᠥᠩᠭᠡᠷᠡᠭᠰᠡᠨ ᠠᠵᠤ ᠠᠬᠤᠶᠢᠯᠠᠯ ᠨᠢ ᠭᠠᠳᠠᠨᠠᠬᠢ ᠪᠠᠯᠠ ᠣᠷᠣᠭᠤᠯᠤᠭᠴᠢ ᠶᠢᠨ ᠱᠠᠭᠠᠷᠳᠠᠯᠭ᠎ᠠ ᠪᠤᠶᠤ ᠬᠤᠯᠪᠣᠭᠳᠠᠯ ᠪᠥᠬᠦᠶ ᠬᠢᠨᠠᠯᠲᠠ ᠬᠠᠮᠢᠶᠠᠷᠤᠯᠲᠠ ᠶᠢᠨ ᠱᠠᠭᠠᠷᠳᠠᠯᠭ᠎ᠠ ᠶᠢ ᠦᠨᠳᠦᠰᠦᠯᠡᠨ ᠲᠣᠭᠲᠠᠮᠠᠯ ᠬᠤᠭᠤᠴᠠᠭ᠎ᠠ ᠲᠠᠢ ᠪᠠᠷ ᠬᠠᠨᠳᠤᠯᠭ᠎ᠠ ᠲᠠᠢ ᠪᠠᠷ ᠮᠡᠳᠡᠭᠡ ᠵᠠᠩᠭᠢ ᠪᠠᠨ ᠢᠯᠡ ᠨᠡᠶᠢᠲᠡᠯᠡᠬᠦ ᠬᠡᠷᠡᠭᠲᠡᠶ᠃ ᠪᠡᠯᠡ ᠣᠷᠣᠭᠤᠯᠤᠭᠴᠢᠳ ᠲᠤ ᠮᠡᠳᠡᠭᠡ ᠵᠠᠩᠭᠢ ᠶᠢ ᠦᠨᠡᠨ ᠪᠣᠳᠠᠲᠠᠶ ᠵᠥᠪ ᠣᠨᠣᠪᠴᠢᠲᠠᠶ ᠴᠠᠭ ᠲᠤᠬᠠᠶ ᠳᠤ ᠨᠢ ᠢᠯᠡ ᠨᠡᠢᠢᠲᠡᠯᠡᠬᠦ ᠬᠡᠷᠡᠭᠲᠡᠢ᠂ ᠬᠤᠳᠠᠯ ᠬᠠᠭᠤᠷᠮᠠᠭ ᠲᠡᠮᠳᠡᠭᠯᠡᠯ᠂ ᠡᠨᠳᠡᠭᠦᠷᠡᠭᠦᠯᠬᠦ ᠴᠢᠨᠠᠷᠲᠠᠶ ᠲᠣᠭᠠᠴᠢᠯᠲᠠ ᠬᠢᠵᠦ ᠪᠣᠯᠬᠤ ᠦᠭᠡᠢ᠃

  ᠬᠤᠷᠢᠨ ᠳᠣᠯᠣᠳᠤᠭᠠᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠨᠢ ᠠᠵᠤ ᠠᠬᠤᠶᠢᠯᠠᠯ ᠤᠨ ᠳ᠋ᠠᠶᠢᠲ᠋ᠠ ᠬᠥᠮᠥᠷᠭᠡ ᠪᠠ ᠬᠠᠨᠳᠤᠯᠭ᠎ᠠ ᠲᠠᠢ ᠮᠡᠳᠡᠭᠡ ᠵᠠᠩᠭᠢ ᠢᠯᠡ ᠨᠡᠶᠢᠲᠡᠯᠡᠬᠦ ᠰᠢᠰᠲ᠋ᠧᠮ ᠢ ᠪᠠᠶᠢᠭᠤᠯᠵᠤ᠂ ᠮᠡᠳᠡᠭᠡ ᠵᠠᠩᠭᠢ ᠶᠢ ᠢᠯᠡ ᠨᠡᠶᠢᠲᠡᠯᠡᠬᠦ ᠡᠭᠦᠷᠭᠡᠲᠦ ᠬᠥᠮᠦᠨ ᠤ ᠲᠣᠭᠲᠠᠭᠠᠯ ᠶᠣᠰᠣᠭᠠᠷ ᠮᠡᠳᠡᠭᠡ ᠵᠠᠩᠭᠢ ᠶᠢ ᠢᠯᠡ ᠨᠡᠶᠢᠲᠡᠯᠡᠬᠦ᠂ ᠪᠠᠯᠠ ᠣᠷᠣᠭᠤᠯᠤᠭᠴᠢ ᠯᠤᠭ᠎ᠠ ᠦᠢᠯᠡᠳᠦᠯᠴᠡᠨ ᠰᠣᠯᠢᠯᠴᠠᠬᠤ ᠠᠵᠢᠯᠯᠠᠭ᠎ᠠ ᠥᠷᠨᠢᠭᠦᠯᠬᠦ ᠳᠤ ᠲᠥᠬᠦᠮ ᠦᠵᠡᠭᠦᠯᠬᠦ ᠬᠡᠷᠡᠭᠲᠡᠶ᠃

  ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠮᠡᠳᠡᠭᠡ ᠵᠠᠩᠭᠢ ᠶᠢᠨ ᠰᠢᠰᠲ᠋ᠧᠮ ᠨᠢ ᠬᠤᠯᠪᠣᠭᠳᠠᠯ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠪᠠ ᠮᠡᠳᠡᠭᠡ ᠵᠠᠩᠭᠢ ᠶᠢᠨ ᠮᠡᠷᠭᠡᠵᠢᠯ ᠤᠨ ᠬᠠᠮᠢᠶᠠᠷᠤᠯᠲᠠ ᠶᠢᠨ ᠵᠢᠷᠤᠮᠵᠢᠯ ᠳᠤ ᠨᠡᠶᠢᠴᠡᠭᠰᠡᠨ ᠪᠠᠶᠢᠬᠤ ᠬᠡᠷᠡᠭᠲᠡᠶ ᠪᠥᠭᠡᠳ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠵᠣᠬᠢᠶᠠᠨ ᠪᠠᠶᠢᠭᠤᠯᠤᠭᠰᠠᠨ ᠲᠣᠭᠲᠠᠭᠠᠯ ᠳᠤ ᠨᠡᠶᠢᠴᠡᠬᠦ ᠴᠢᠨᠠᠷ᠂ ᠠᠮᠤᠷ ᠲᠦᠪᠰᠢᠨ ᠴᠢᠨᠠᠷ ᠤᠨ ᠦᠨᠡᠯᠡᠨ ᠵᠢᠱᠢᠯᠲᠡ ᠶᠢ ᠦᠩᠭᠡᠷᠡᠭᠰᠡᠨ ᠪᠠᠢᠢᠬᠤ ᠬᠡᠷᠡᠭᠲᠡᠶ᠃

  ᠬᠤᠷᠢᠨ ᠨᠠᠢᠮᠠᠳᠤᠭᠠᠷ ᠵᠦᠢᠯ    ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠡᠮᠳᠡᠭᠲᠦ ᠶᠢ ᠲᠠᠷᠬᠠᠭᠠᠬᠤ ᠪᠤᠶᠤ ᠰᠢᠯᠵᠢᠭᠦᠯᠦᠨ ᠥᠭᠬᠦ ᠳᠤ ᠬᠢᠷᠢ ᠲᠡᠩᠴᠡᠭᠰᠡᠨ ᠪᠡᠯᠡ ᠣᠷᠣᠭᠤᠯᠤᠭᠴᠢ ᠳᠤ ᠬᠠᠨᠳᠤᠭᠤᠯᠬᠤ ᠬᠡᠷᠡᠭᠲᠡᠶ᠃ ᠲᠤᠰ ᠨᠠᠷᠢᠨ ᠳᠦᠷᠢᠮ ᠳᠤ ᠬᠡᠯᠡᠵᠦ ᠪᠠᠶᠢᠭ᠎ᠠ ᠬᠢᠷᠢ ᠲᠡᠩᠴᠡᠭᠰᠡᠨ ᠪᠡᠯᠠ ᠣᠷᠣᠭᠤᠯᠤᠭᠴᠢ ᠪᠣᠯ ᠨᠡᠯᠢᠶᠡᠳ ᠴᠢᠩᠭ᠎ᠠ ᠲᠦᠭᠰᠢᠭᠦᠷᠢ ᠶᠢ ᠢᠯᠭᠠᠨ ᠲᠠᠨᠢᠬᠤ ᠪᠠ ᠳᠠᠭᠠᠭᠠᠨ ᠡᠭᠦᠷᠭᠡᠯᠡᠬᠦ ᠴᠢᠳᠠᠪᠤᠷᠢ ᠲᠠᠢ ᠪᠠᠶᠢᠵᠤ᠂ ᠲᠡᠮᠳᠡᠭᠲᠦ ᠶᠢᠨ ᠪᠡᠯᠠ ᠣᠷᠣᠭᠤᠯᠬᠤ ᠲᠦᠭᠰᠢᠭᠦᠷᠢ ᠶᠢ ᠣᠢᠢᠯᠠᠭᠠᠵᠤ ᠮᠡᠳᠡᠬᠦ ᠶᠢᠨ ᠬᠠᠮᠲᠤ ᠥᠪᠡᠷ ᠢᠶᠠᠨ ᠳᠠᠭᠠᠭᠠᠨ ᠡᠭᠦᠷᠭᠡᠯᠡᠬᠦ ᠪᠦᠭᠡᠳ ᠳᠣᠣᠷ᠎ᠠ ᠵᠢᠭᠰᠠᠭᠠᠭᠰᠠᠨ ᠨᠥᠬᠦᠴᠡᠯ ᠤᠳ ᠤᠨ ᠨᠢᠭᠡ ᠳᠤ ᠨᠡᠶᠢᠴᠡᠭᠰᠡᠨ ᠪᠠᠶᠢᠬᠤ ᠬᠡᠷᠡᠭᠲᠡᠶ᠄

  ︵ ᠨᠢᠭᠡ ︶ ᠲᠡᠮᠳᠡᠭᠲᠦ ᠶᠢᠨ ᠺᠣᠮᠫᠠᠨᠢ᠂ ᠬᠤᠭᠤᠴᠠᠭᠠᠲᠤ ᠪᠠᠷᠠᠭᠠᠨ ᠤ ᠺᠣᠮᠫᠠᠨᠢ᠂ ᠰᠠᠭᠤᠷᠢ ᠮᠥᠩᠭᠦᠨ ᠤ ᠬᠠᠮᠢᠶᠠᠷᠤᠯᠲᠠ ᠶᠢᠨ ᠺᠣᠮᠫᠠᠨᠢ ᠵᠢᠴᠢ ᠲᠡᠭᠦᠨ ᠤ ᠬᠦᠦ ᠺᠣᠮᠫᠠᠨᠢ᠂ ᠬᠤᠳᠠᠯᠳᠤᠭᠠᠨ ᠤ ᠪᠠᠩᠬᠢ᠂ ᠳᠠᠭᠠᠳᠬᠠᠯ ᠤᠨ ᠺᠣᠮᠫᠠᠨᠢ᠂ ᠢᠲᠡᠭᠡᠮᠵᠢᠲᠦ ᠨᠠᠢᠢᠳᠠᠯᠭ᠎ᠠ ᠶᠢᠨ ᠺᠣᠮᠫᠠᠨᠢ᠂ ᠡᠳ᠋ ᠤᠨ ᠶᠠᠪᠤᠳᠠᠯ ᠤᠨ ᠺᠣᠮᠫᠠᠨᠢ ᠵᠡᠷᠭᠡ ᠬᠠᠤᠯᠢ ᠶᠣᠰᠣᠭᠠᠷ ᠵᠥᠪᠰᠢᠶᠡᠷᠡᠭᠦᠯᠦᠨ ᠪᠠᠶᠢᠭᠤᠯᠤᠭᠰᠠᠨ ᠮᠥᠩᠭᠦᠨ ᠭᠦᠢᠯᠭᠡᠭᠡᠨ ᠤ ᠪᠠᠶᠢᠭᠤᠯᠤᠮᠵᠢ ᠵᠢᠴᠢ ᠬᠠᠤᠯᠢ ᠶᠣᠰᠣᠭᠠᠷ ᠪᠦᠷᠢᠳᠬᠡᠨ ᠳᠠᠩᠰᠠᠯᠠᠭᠤᠯᠤᠭᠰᠠᠨ ᠪᠤᠶᠤ ᠲᠡᠮᠳᠡᠭᠯᠡᠭᠦᠯᠦᠭᠰᠡᠨ ᠲᠡᠮᠳᠡᠭᠲᠦ ᠶᠢᠨ ᠺᠣᠮᠫᠠᠨᠢ ᠶᠢᠨ ᠬᠦᠦ ᠺᠣᠮᠫᠠᠨᠢ᠂ ᠬᠤᠭᠤᠴᠠᠭᠠᠲᠤ ᠪᠠᠷᠠᠭᠠᠨ ᠤ ᠺᠣᠮᠫᠠᠨᠢ ᠶᠢᠨ ᠬᠦᠦ ᠺᠣᠮᠫᠠᠨᠢ᠂ ᠬᠤᠪᠢ ᠪᠠᠷ ᠢᠶᠠᠨ ᠴᠤᠭᠯᠠᠭᠤᠯᠤᠭᠰᠠᠨ ᠰᠠᠭᠤᠷᠢ ᠮᠥᠩᠭᠦᠨ ᠤ ᠬᠠᠮᠢᠶᠠᠷᠤᠭᠴᠢ︔

  ︵ ᠬᠤᠶᠠᠷ ︶ ᠲᠡᠮᠳᠡᠭᠲᠦ ᠶᠢᠨ ᠺᠣᠮᠫᠠᠨᠢ ᠶᠢᠨ ᠡᠳ᠋ ᠬᠦᠷᠦᠩᠭᠡ ᠶᠢᠨ ᠬᠠᠮᠢᠶᠠᠷᠤᠯᠲᠠ ᠶᠢᠨ ᠨᠡᠷᠡᠳᠬᠦᠨ᠂ ᠰᠠᠭᠤᠷᠢ ᠮᠥᠩᠭᠦᠨ ᠤ ᠬᠠᠮᠢᠶᠠᠷᠤᠯᠲᠠ ᠶᠢᠨ ᠺᠣᠮᠫᠠᠨᠢ ᠵᠢᠴᠢ ᠲᠡᠭᠦᠨ ᠤ ᠬᠦᠦ ᠺᠣᠮᠫᠠᠨᠢ ᠶᠢᠨ ᠨᠡᠷᠡᠳᠬᠦᠨ᠂ ᠬᠤᠭᠤᠴᠠᠭᠠᠲᠤ ᠪᠠᠷᠠᠭᠠᠨ ᠤ ᠺᠣᠮᠫᠠᠨᠢ ᠶᠢᠨ ᠡᠳ᠋ ᠬᠦᠷᠦᠩᠭᠡ ᠶᠢᠨ ᠬᠠᠮᠢᠶᠠᠷᠤᠯᠲᠠ ᠶᠢᠨ ᠨᠡᠷᠡᠳᠬᠦᠨ᠂ ᠪᠠᠩᠬᠢ ᠶᠢᠨ ᠬᠥᠷᠥᠩᠭᠡ ᠮᠥᠩᠭᠦ ᠠᠬᠤᠢᠢᠯᠠᠬᠤ ᠨᠡᠷᠡᠳᠬᠦᠨ᠂ ᠳᠠᠭᠠᠳᠬᠠᠯ ᠤᠨ ᠨᠡᠷᠡᠳᠬᠦᠨ᠂ ᠢᠲᠡᠭᠡᠮᠵᠢᠲᠦ ᠨᠠᠢᠢᠳᠠᠯᠭ᠎ᠠ ᠶᠢᠨ ᠨᠡᠷᠡᠳᠬᠦᠨ ᠵᠡᠷᠭᠡ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠬᠠᠤᠯᠢ ᠶᠣᠰᠣᠭᠠᠷ ᠬᠠᠮᠢᠶᠠᠷᠴᠤ ᠪᠠᠶᠢᠭ᠎ᠠ ᠪᠡᠯᠡ ᠣᠷᠣᠭᠤᠯᠤᠯᠲᠠ ᠶᠢᠨ ᠴᠢᠨᠠᠷᠲᠠᠢ ᠲᠥᠯᠥᠪᠯᠡᠭᠡ︔

  ︵ ᠭᠤᠷᠪᠠ ︶ ᠨᠡᠶᠢᠭᠡᠮ ᠤᠨ ᠪᠠᠲᠤᠯᠠᠭ᠎ᠠ ᠶᠢᠨ ᠰᠠᠭᠤᠷᠢ ᠮᠥᠩᠭᠦ᠂ ᠠᠵᠤ ᠠᠬᠤᠶᠢᠯᠠᠯ ᠤᠨ ᠣᠨ ᠤ ᠮᠥᠩᠭᠦ ᠵᠡᠷᠭᠡ ᠨᠠᠰᠤᠵᠢᠯ ᠤᠨ ᠠᠰᠠᠷᠠᠮᠵᠢ ᠶᠢᠨ ᠰᠠᠭᠤᠷᠢ ᠮᠥᠩᠭᠦ᠂ ᠨᠢᠭᠦᠯᠡᠰᠦᠩᠭᠦᠶ ᠶᠢᠨ ᠰᠠᠭᠤᠷᠢ ᠮᠥᠩᠭᠦ ᠵᠡᠷᠭᠡ ᠨᠡᠶᠢᠭᠡᠮ ᠤᠨ ᠨᠡᠶᠢᠲᠡ ᠶᠢᠨ ᠠᠰᠠᠷᠠᠮᠵᠢ ᠶᠢᠨ ᠰᠠᠭᠤᠷᠢ ᠮᠥᠩᠭᠦ ᠵᠢᠴᠢ ᠬᠠᠤᠯᠢ ᠶᠣᠰᠣᠭᠠᠷ ᠪᠦᠷᠢᠳᠬᠡᠨ ᠳᠠᠩᠰᠠᠯᠠᠭᠤᠯᠤᠭᠰᠠᠨ ᠬᠤᠪᠢ ᠪᠠᠷ ᠢᠶᠠᠨ ᠴᠤᠭᠯᠠᠭᠤᠯᠤᠭᠰᠠᠨ ᠰᠠᠭᠤᠷᠢ ᠮᠥᠩᠭᠦ︔

  ︵ ᠲᠦᠷᠪᠡ ︶ ᠬᠠᠤᠯᠢ ᠶᠣᠰᠣᠭᠠᠷ ᠪᠠᠶᠢᠭᠤᠯᠤᠭᠰᠠᠨ ᠪᠥᠭᠡᠳ ᠣᠷᠴᠢᠮ ᠤᠨ ᠨᠢᠭᠡ ᠵᠢᠯ ᠤᠨ ᠴᠡᠪᠡᠷ ᠡᠳ᠋ ᠬᠦᠷᠦᠩᠭᠡ ᠨᠢ 200 ᠲᠦᠮᠡᠨ ᠲᠥᠭᠦᠷᠢᠭ ᠡᠴᠠ ᠳᠣᠣᠷ᠎ᠠ ᠦᠭᠡᠢ ᠬᠠᠤᠯᠢ ᠶᠢᠨ ᠡᠷᠬᠡᠲᠡᠨ ᠪᠤᠶᠤ ᠪᠤᠰᠤᠳ ᠵᠣᠬᠢᠶᠠᠨ ᠪᠠᠶᠢᠭᠤᠯᠤᠯᠲᠠ︔

  ︵ ᠲᠠᠪᠤ ︶ ᠵᠣᠬᠢᠬᠤ ᠬᠤᠭᠤᠴᠠᠭᠠᠨ ᠳᠤ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠲᠣᠭᠲᠠᠭᠠᠯ ᠳᠤ ᠨᠡᠢᠢᠴᠡᠭᠰᠡᠨ ᠠᠷᠠᠳ ᠤᠨ ᠵᠣᠭᠤᠰ ᠢᠶᠠᠷ 50 ᠲᠦᠮᠡᠨ ᠲᠥᠭᠦᠷᠢᠭ ᠡᠴᠠ ᠳᠣᠤᠷ᠎ᠠ ᠥᠬᠡᠶ ᠦᠷᠲᠡᠭ ᠪᠦᠬᠦᠢ ᠮᠥᠩᠭᠦᠨ ᠭᠦᠢᠯᠭᠡᠭᠡᠨ ᠤ ᠡᠳ᠋ ᠬᠥᠷᠥᠩᠭᠡ ᠲᠠᠢ ᠪᠠᠢᠢᠬᠤ ᠪᠦᠭᠡᠳ 2 ᠵᠢᠯ ᠡᠴᠠ ᠳᠡᠭᠡᠭᠰᠢᠬᠢ ᠮᠥᠩᠭᠦᠨ ᠭᠦᠢᠯᠭᠡᠭᠡᠨ ᠤ ᠨᠡᠷᠡᠳᠬᠦᠨ ᠳᠤ ᠪᠠᠯᠠ ᠣᠷᠣᠭᠤᠯᠤᠭᠰᠠᠨ ᠥᠩᠭᠡᠷᠡᠯᠲᠡ ᠲᠠᠢ ᠪᠤᠶᠤ 2 ᠵᠢᠯ ᠡᠴᠠ ᠳᠡᠭᠡᠭᠰᠢᠬᠢ ᠮᠥᠩᠭᠦᠨ ᠭᠦᠢᠯᠭᠡᠭᠡᠨ ᠤ ᠠᠵᠢᠯ ᠲᠥᠷᠥᠯ ᠵᠢᠴᠢ ᠬᠠᠮᠢᠶ᠎ᠠ ᠪᠥᠬᠦᠶ ᠠᠵᠢᠯ ᠤᠨ ᠥᠩᠭᠡᠷᠡᠯᠲᠡ ᠲᠠᠢ ᠪᠠᠶᠢᠭᠠᠯᠢ ᠬᠥᠮᠦᠨ᠃

  ᠪᠡᠯᠡ ᠣᠷᠣᠭᠤᠯᠤᠭᠴᠢ ᠨᠢ ᠵᠢᠭᠡᠯᠡᠯᠭᠡ ᠪᠠ ᠵᠢᠭᠡᠯᠡᠯᠭᠡ ᠶᠢᠨ ᠲᠡᠮᠳᠡᠭᠲᠦ ᠲᠠᠷᠬᠠᠭᠠᠬᠤ ᠵᠡᠷᠭᠡ ᠪᠠᠷ ᠴᠤᠭᠯᠠᠭᠤᠯᠤᠭᠰᠠᠨ ᠥᠪᠡᠷ ᠤᠨ ᠪᠤᠰᠤ ᠪᠡᠯᠡ ᠮᠥᠩᠭᠦ ᠪᠠᠷ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠡᠮᠳᠡᠭᠲᠦ ᠳᠤ ᠪᠡᠯᠡ ᠣᠷᠣᠭᠤᠯᠵᠤ ᠪᠣᠯᠬᠤ ᠦᠭᠡᠢ᠃

  ᠬᠤᠷᠢ ᠶᠢᠰᠦᠳᠦᠭᠡᠷ ᠵᠦᠢᠯ    ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠡᠮᠳᠡᠭᠲᠦ ᠶᠢ ᠲᠠᠷᠬᠠᠭᠠᠬᠤ ᠪᠤᠶᠤ ᠰᠢᠯᠵᠢᠭᠦᠯᠦᠨ ᠥᠭᠬᠦ ᠳᠤ ᠰᠠᠯᠭᠠᠨ ᠬᠤᠪᠢᠶᠠᠬᠤ᠂ ᠣᠷᠣᠯᠠᠨ ᠡᠵᠡᠮᠰᠢᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠬᠢᠷᠢ ᠲᠡᠩᠴᠡᠭᠰᠡᠨ ᠪᠡᠯᠡ ᠣᠷᠣᠭᠤᠯᠤᠭᠴᠢ ᠶᠢᠨ ᠪᠠᠷᠢᠮᠵᠢᠶ᠎ᠠ ᠶᠢ ᠬᠡᠯᠪᠡᠷᠢ ᠶᠢ ᠨᠢ ᠥᠭᠡᠷᠡᠲᠦᠭᠦᠯᠦᠨ ᠡᠪᠳᠡᠵᠦ ᠪᠣᠯᠬᠤ ᠦᠭᠡᠢ᠃ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠬᠠᠮᠤᠭ ᠡᠴᠦᠰ ᠤᠨ ᠪᠡᠯᠡ ᠣᠷᠣᠭᠤᠯᠤᠭᠴᠢ ᠨᠢ ᠬᠢᠷᠢ ᠲᠡᠩᠴᠡᠭᠰᠡᠨ ᠪᠡᠯᠡ ᠣᠷᠣᠭᠤᠯᠤᠭᠴᠢ ᠮᠥᠨ ᠡᠰᠡᠬᠦ ᠶᠢ ᠨᠡᠪᠲᠡ ᠬᠢᠨᠠᠨ ᠪᠠᠶᠢᠴᠠᠭᠠᠬᠤ ᠶᠢᠨ ᠬᠠᠮᠲᠤ ᠪᠡᠯᠡ ᠣᠷᠣᠭᠤᠯᠤᠭᠴᠢ ᠶᠢᠨ ᠬᠦᠮᠦᠨ ᠤ ᠲᠤᠭ᠎ᠠ ᠶᠢ ᠨᠡᠶᠢᠯᠡᠭᠦᠯᠦᠨ ᠪᠤᠳᠤᠬᠤ ᠬᠡᠷᠡᠭᠲᠡᠶ᠄

  ︵ ᠨᠢᠭᠡ ︶ ᠬᠥᠷᠥᠩᠭᠡ ᠮᠥᠩᠭᠦ ᠠᠬᠤᠢᠢᠯᠠᠬᠤ ᠨᠡᠷᠡᠳᠬᠦᠨ᠂ ᠬᠤᠷᠰᠢᠬᠰᠠᠨ ᠠᠵᠤ ᠠᠬᠤᠶᠢᠯᠠᠯ ᠵᠡᠷᠭᠡ ᠬᠡᠯᠪᠡᠷᠢ ᠪᠠᠷ ᠤᠯᠠᠨ ᠪᠡᠯᠡ ᠣᠷᠣᠭᠤᠯᠣᠭᠴᠢᠳ ᠤᠨ ᠪᠡᠯᠡ ᠮᠥᠩᠭᠦ ᠶᠢ ᠴᠤᠭᠯᠠᠭᠤᠯᠵᠤ ᠰᠢᠭᠤᠳ ᠪᠤᠶᠤ ᠳᠠᠮ ᠢᠶᠠᠷ ᠲᠡᠮᠳᠡᠭᠲᠦ ᠳᠤ ᠪᠡᠯᠡ ᠣᠷᠣᠭᠤᠯᠤᠭᠰᠠᠨ︔

  ︵ ᠬᠤᠶᠠᠷ ︶ ᠳᠠᠩ ᠭᠠᠭᠴᠠ ᠲᠡᠮᠳᠡᠭᠲᠦ ᠶᠢ ᠬᠤᠭᠤᠴᠠᠭ᠎ᠠ ᠬᠤᠪᠢᠶᠠᠨ ᠲᠠᠷᠬᠠᠭᠠᠭᠰᠠᠨ᠃

  ᠬᠥᠷᠥᠩᠭᠡ ᠮᠥᠩᠭᠦ ᠠᠬᠤᠢᠢᠯᠠᠬᠤ ᠨᠡᠷᠡᠳᠬᠦᠨ᠂ ᠬᠤᠷᠰᠢᠭᠰᠠᠨ ᠠᠵᠤ ᠠᠬᠤᠶᠢᠯᠠᠯ ᠵᠡᠷᠭᠡ ᠪᠡᠯᠡ ᠣᠷᠣᠭᠤᠯᠤᠭᠴᠢᠳ ᠨᠢ ᠲᠤᠰ ᠨᠠᠷᠢᠨ ᠳᠦᠷᠢᠮ ᠤᠨ ᠬᠤᠷᠢᠨ ᠨᠠᠢᠮᠠᠳᠤᠭᠠᠷ ᠵᠦᠢᠯ ᠤᠨ ︵ ᠬᠤᠶᠠᠷ ︶᠂ ︵ ᠭᠤᠷᠪᠠ ︶ ᠳ᠋ᠤᠭᠠᠷ ᠵᠣᠷᠪᠣᠰ ᠤᠨ ᠲᠣᠭᠲᠠᠭᠠᠯ ᠳᠤ ᠨᠡᠢᠢᠴᠡᠪᠡᠯ ᠡᠭᠦᠨ ᠳᠤ ᠪᠠᠭᠲᠠᠬᠤ ᠦᠭᠡᠶ᠃

  ᠭᠤᠴᠢᠳᠤᠭᠠᠷ ᠵᠦᠢᠯ    ᠳᠣᠣᠷᠠᠬᠢ ᠪᠠᠶᠢᠳᠠᠯ ᠤᠨ ᠨᠢᠭᠡ ᠲᠠᠢ ᠨᠢ ᠨᠡᠶᠢᠴᠡᠪᠡᠯ᠂ ᠲᠤᠰ ᠨᠠᠷᠢᠨ ᠲᠥᠷᠢᠮ ᠳᠠᠬᠢ ᠬᠢᠷᠢ ᠲᠡᠩᠴᠡᠭᠰᠡᠨ ᠪᠡᠯᠡ ᠣᠷᠣᠭᠤᠯᠤᠭᠴᠢ ᠶᠢᠨ ᠲᠣᠭᠲᠠᠭᠠᠯ ᠳᠤ ᠬᠢᠵᠠᠭᠠᠷᠯᠠᠭᠳᠠᠬᠤ ᠥᠭᠡᠢ᠄

  ︵ ᠨᠢᠭᠡ ︶ ᠲᠡᠮᠳᠡᠭᠲᠦ ᠲᠠᠷᠬᠠᠭᠠᠭᠴᠢ᠂ ᠫᠠᠶᠢᠰᠠ ᠡᠯᠭᠦᠭᠰᠡᠨ ᠺᠣᠮᠫᠠᠨᠢ ᠨᠢ ᠰᠲ᠋ᠣᠺ ᠤᠨ ᠡᠷᠬᠡ ᠶᠢᠨ ᠤᠷᠮᠠᠰᠢᠭᠤᠯᠤᠯ ᠤᠨ ᠲᠥᠯᠥᠪᠯᠡᠭᠡ ᠬᠡᠷᠡᠭᠵᠢᠭᠦᠯᠬᠦ︔

  ︵ ᠬᠤᠶᠠᠷ ︶ ᠲᠡᠮᠳᠡᠭᠲᠦ ᠲᠠᠷᠬᠠᠭᠠᠭᠴᠢ᠂ ᠫᠠᠶᠢᠰᠠ ᠡᠯᠭᠦᠭᠰᠡᠨ ᠺᠣᠮᠫᠠᠨᠢ ᠶᠢᠨ ᠬᠡᠷᠡᠭ ᠮᠡᠳᠡᠭᠴᠢ᠂ ᠬᠢᠨᠠᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠵᠢᠴᠢ ᠲᠠᠷᠬᠠᠭᠠᠬᠤ᠂ ᠫᠠᠶᠢᠰᠠ ᠡᠯᠭᠦᠬᠦ ᠡᠴᠠ ᠡᠮᠦᠨ᠎ᠡ ᠨᠢᠭᠡᠨᠲᠡ ᠰᠲ᠋ᠣᠺ ᠤᠨ ᠡᠷᠬᠡ ᠡᠵᠡᠮᠰᠢᠭᠰᠡᠨ ᠬᠤᠪᠢ ᠣᠷᠣᠭᠤᠯᠤᠭᠴᠢ ᠨᠢ ᠲᠤᠰ ᠲᠠᠷᠬᠠᠭᠠᠭᠴᠢ᠂ ᠫᠠᠶᠢᠰᠠ ᠡᠯᠭᠦᠭᠰᠡᠨ ᠺᠣᠮᠫᠠᠨᠢ ᠶᠢᠨ ᠲᠡᠮᠳᠡᠭᠲᠦ ᠶᠢ ᠬᠤᠳᠠᠯᠳᠤᠨ ᠠᠪᠬᠤ ᠪᠤᠶᠤ ᠰᠢᠯᠵᠢᠭᠦᠯᠦᠨ ᠠᠪᠬᠤ︔

  ︵ ᠭᠤᠷᠪᠠ ︶ ᠵᠠᠯᠭᠠᠮᠵᠢᠯᠠᠬᠤ᠂ ᠪᠡᠯᠡᠭᠯᠡᠬᠦ᠂ ᠬᠠᠤᠯᠢ ᠴᠠᠭᠠᠵᠠ ᠶᠢᠨ ᠲᠠᠰᠤᠯᠤᠯᠲᠠ᠂ ᠠᠵᠤ ᠠᠬᠤᠶᠢᠯᠠᠯ ᠢ ᠨᠡᠶᠢᠯᠡᠭᠦᠯᠦᠨ ᠬᠤᠳᠠᠯᠳᠤᠨ ᠠᠪᠬᠤ ᠵᠡᠷᠭᠡ ᠠᠷᠠᠯᠵᠢᠶᠠᠨ ᠤ ᠪᠤᠰᠤ ᠠᠵᠢᠯᠯᠠᠭ᠎ᠠ ᠡᠴᠠ ᠪᠤᠯᠵᠦ ᠲᠡᠮᠳᠡᠭᠲᠦ ᠤᠯᠬᠤ︔

  ︵ ᠳᠥᠷᠪᠡ ︶ ᠠᠵᠤ ᠠᠬᠤᠶᠢᠯᠠᠯ ᠤᠨ ᠰᠲ᠋ᠣᠺ ᠤᠨ ᠡᠷᠬᠡ ᠶᠢ ᠡᠷᠦᠬᠡ ᠰᠢᠯᠵᠢᠭᠦᠯᠦᠨ ᠳᠠᠩᠰᠠᠯᠠᠬᠤ ᠦᠢᠯᠡᠴᠢᠯᠡᠭᠡ ᠶᠢ ᠨᠠᠢᠢᠳᠠᠨ ᠬᠠᠮᠢᠶᠠᠷᠤᠭᠤᠯᠤᠭᠰᠠᠨ᠃

  ᠭᠤᠴᠢᠨ ᠨᠢᠭᠡᠳᠦᠭᠡᠷ ᠵᠦᠢᠯ   ᠵᠠᠭᠤᠴᠢ ᠪᠠᠶᠢᠭᠤᠯᠤᠮᠵᠢ ᠭᠡᠳᠡᠭ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠬᠠᠮᠢᠶ᠎ᠠ ᠪᠦᠬᠦᠢ ᠲᠤᠬᠠᠶᠢᠯᠠᠭᠰᠠᠨ ᠠᠵᠢᠯ ᠡᠷᠬᠢᠯᠡᠬᠦ ᠦᠢᠯᠡᠴᠢᠯᠡᠭᠡᠨ ᠤ ᠪᠠᠶᠢᠭᠤᠯᠤᠮᠵᠢ ᠶᠢ ᠵᠢᠭᠠᠵᠤ ᠪᠠᠶᠢᠨ᠎ᠠ᠃ ᠵᠠᠭᠤᠴᠢ ᠪᠠᠶᠢᠭᠤᠯᠤᠮᠵᠢ ᠨᠢ ᠨᠥᠬᠦᠴᠡᠯ ᠳᠤ ᠨᠡᠢᠢᠴᠡᠭᠰᠡᠨ ᠠᠵᠤ ᠠᠬᠤᠶᠢᠯᠠᠯ ᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠳᠡᠯᠭᠡᠨ ᠦᠵᠡᠭᠦᠯᠬᠦ᠂ ᠫᠠᠶᠢᠰᠠ ᠡᠯᠭᠦᠬᠦ᠂ ᠲᠡᠮᠳᠡᠭᠲᠦ ᠲᠠᠷᠬᠠᠭᠠᠬᠤ ᠪᠠ ᠰᠢᠯᠵᠢᠭᠦᠯᠦᠨ ᠥᠭᠬᠦ ᠵᠢᠴᠢ ᠪᠤᠰᠤᠳ ᠠᠵᠢᠯᠯᠠᠭ᠎ᠠ ᠬᠢᠯᠭᠡᠬᠦ ᠪᠠᠷ ᠲᠠᠨᠢᠯᠴᠠᠭᠤᠯᠵᠤ ᠪᠣᠯᠤᠨ᠎ᠠ᠃

  ᠵᠠᠭᠤᠴᠢ ᠪᠠᠶᠢᠭᠤᠯᠤᠮᠵᠢ ᠵᠢᠴᠢ ᠲᠡᠭᠦᠨ ᠤ ᠲᠤᠬᠠᠶᠢᠯᠠᠭᠰᠠᠨ ᠠᠵᠢᠯ ᠤᠨ ᠠᠵᠢᠯᠲᠠᠳ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠵᠠᠭᠤᠴᠢᠯᠠᠬᠤ ᠦᠢᠯᠡᠴᠢᠯᠡᠭᠡᠨ ᠤ ᠠᠵᠢᠯᠯᠠᠭ᠎ᠠ ᠬᠢᠬᠦ ᠳᠤ ᠪᠠᠨ ᠦᠨᠡᠨᠴᠢ ᠢᠲᠡᠭᠡᠮᠵᠢᠲᠡᠶ ᠪᠠᠶᠢᠵᠤ᠂ ᠡᠭᠦᠷᠭᠡ ᠬᠠᠷᠢᠭᠤᠴᠠᠯᠭ᠎ᠠ ᠪᠠᠨ ᠴᠢᠷᠮᠠᠶᠢᠨ ᠭᠦᠢᠴᠡᠳᠬᠡᠵᠦ᠂ ᠬᠠᠤᠯᠢ ᠴᠠᠭᠠᠵᠠ᠂ ᠬᠠᠤᠯᠢ ᠲᠣᠭᠲᠠᠭᠠᠯ ᠪᠠ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠬᠠᠮᠢᠶ᠎ᠠ ᠪᠦᠬᠦᠢ ᠲᠣᠭᠲᠠᠭᠠᠯ ᠵᠡᠷᠭᠡ ᠶᠢ ᠵᠢᠷᠤᠮᠯᠠᠨ ᠰᠠᠬᠢᠵᠤ᠂ ᠠᠵᠢᠯ ᠲᠦᠷᠦᠯ ᠤᠨ ᠵᠢᠷᠤᠮᠵᠢᠯ ᠢ ᠵᠢᠷᠤᠮᠯᠠᠨ ᠰᠠᠬᠢᠨ᠂ ᠲᠡᠭᠦᠨ ᠤ ᠲᠤᠬᠠᠶᠢᠯᠠᠭᠰᠠᠨ ᠠᠵᠢᠯ ᠤᠨ ᠦᠢᠯᠡ ᠠᠵᠢᠯᠯᠠᠭ᠎ᠠ ᠳᠤ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ᠃

  ᠭᠤᠴᠢᠨ ᠬᠤᠶᠠᠳᠤᠭᠠᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠥᠪᠡᠷᠲᠡᠭᠡᠨ ᠪᠤᠶᠤ ᠬᠤᠯᠪᠣᠭᠳᠠᠯ ᠪᠦᠬᠦᠢ ᠵᠠᠭᠤᠴᠢ ᠪᠠᠶᠢᠭᠤᠯᠤᠮᠵᠢ ᠶᠢ ᠵᠣᠬᠢᠶᠠᠨ ᠪᠠᠶᠢᠭᠤᠯᠵᠤ ᠳᠣᠣᠷ᠎ᠠ ᠵᠢᠭᠰᠠᠭᠠᠭᠰᠠᠨ ᠲᠤᠬᠠᠶᠢᠯᠠᠭᠰᠠᠨ ᠠᠵᠢᠯ ᠤᠨ ᠠᠵᠢᠯᠯᠠᠭ᠎ᠠ ᠶᠢ ᠥᠷᠨᠢᠭᠦᠯᠵᠦ ᠪᠣᠯᠤᠨ᠎ᠠ᠄

  ︵ ᠨᠢᠭᠡ ︶ ᠲᠤᠰ ᠵᠠᠬ᠎ᠠ ᠳᠡᠯᠭᠡᠭᠦᠷ ᠲᠤ ᠣᠷᠣᠯᠴᠠᠭᠰᠠᠨ ᠠᠵᠤ ᠠᠬᠤᠶᠢᠯᠠᠯ ᠳᠤ ᠳᠦᠷᠢᠮ ᠤᠨ ᠥᠭᠡᠷᠡᠴᠢᠯᠡᠯᠲᠡ ᠶᠢ ᠬᠠᠪᠰᠤᠷᠤᠨ ᠵᠢᠯᠣᠭᠤᠳᠬᠤ᠂ ᠪᠣᠯᠪᠠᠰᠤᠷᠠᠯ ᠬᠢᠬᠦ᠂ ᠯᠠᠪᠯᠠᠭ᠎ᠠ ᠬᠢᠬᠦ᠂ ᠡᠳ᠋ ᠤᠨ ᠶᠠᠪᠤᠳᠠᠯ ᠤᠨ ᠵᠥᠪᠯᠡᠭᠴᠢ ᠵᠡᠷᠭᠡ ᠦᠢᠯᠡᠴᠢᠯᠡᠭᠡ ᠬᠠᠩᠭᠠᠬᠤ︔

  ︵ ᠬᠤᠶᠠᠷ ︶ ᠲᠡᠮᠳᠡᠭᠲᠦ ᠶᠢ ᠢᠯᠡ ᠪᠤᠰᠤ ᠪᠠᠷ ᠲᠠᠷᠬᠠᠭᠠᠬᠤ ᠳᠤ ᠬᠢᠷᠢ ᠲᠡᠩᠴᠡᠭᠰᠡᠨ ᠪᠡᠯᠡ ᠣᠷᠣᠭᠤᠯᠤᠭᠴᠢᠳ ᠢ ᠵᠣᠬᠢᠶᠠᠨ ᠪᠠᠢᠢᠭᠤᠯᠤᠨ ᠰᠤᠷᠲᠠᠯᠴᠢᠯᠠᠨ ᠲᠠᠨᠢᠯᠴᠠᠭᠤᠯᠭ᠎ᠠ ᠬᠢᠬᠦ ᠪᠤᠶᠤ ᠪᠡᠯᠡ ᠣᠷᠣᠭᠤᠯᠵᠤ ᠪᠡᠯᠡ ᠲᠣᠬᠢᠷᠠᠭᠤᠯᠬᠤ ᠬᠡᠷᠡᠭᠴᠡᠭᠡᠨ ᠤ ᠵᠠᠯᠭᠠᠯᠳᠤᠭᠤᠯᠬᠤ ᠶᠢ ᠪᠦᠲᠦᠭᠡᠬᠦ ᠪᠠᠷ ᠴᠢᠷᠮᠠᠶᠢᠭᠰᠠᠨ ᠪᠤᠰᠤᠳ ᠠᠵᠢᠯᠯᠠᠭ᠎ᠠ︔

  ︵ ᠭᠤᠷᠪᠠ ︶ ᠬᠢᠷᠢ ᠲᠡᠩᠴᠡᠭᠰᠡᠨ ᠪᠡᠯᠡ ᠣᠷᠣᠭᠤᠯᠤᠭᠴᠢᠳ ᠲᠤ ᠠᠵᠤ ᠠᠬᠤᠶᠢᠯᠠᠯ ᠤᠨ ᠰᠤᠳᠤᠯᠭᠠᠨ ᠤ ᠮᠡᠳᠡᠭᠦᠯᠦᠯᠲᠡ ᠪᠠ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠪᠠᠶᠢᠴᠠᠭᠠᠯᠲᠠ ᠶᠢᠨ ᠮᠡᠳᠡᠭᠡ ᠵᠠᠩᠭᠢ ᠶᠢ ᠬᠠᠩᠭᠠᠬᠤ︔

  ︵ ᠲᠦᠷᠪᠡ ︶ ᠠᠵᠤ ᠠᠬᠤᠶᠢᠯᠠᠯ ᠪᠠ ᠪᠡᠯᠡ ᠣᠷᠣᠭᠤᠯᠤᠭᠴᠢᠳ ᠲᠤ ᠰᠲ᠋ᠣᠺ ᠤᠨ ᠡᠷᠬᠡ ᠶᠢᠨ ᠦᠷᠳᠡᠭ ᠢ ᠵᠢᠱᠢᠬᠦ ᠦᠢᠯᠡᠴᠢᠯᠡᠭᠡ ᠬᠠᠩᠭᠠᠬᠤ︔

  ︵ ᠲᠠᠪᠤ ︶ ᠲᠤᠰ ᠵᠠᠬ᠎ᠠ ᠳᠡᠯᠭᠡᠭᠦᠷ ᠲᠤ ᠳᠠᠩᠰᠠᠨ ᠡᠷᠦᠬᠡ ᠨᠡᠭᠡᠭᠡᠭᠰᠡᠨ ᠬᠢᠷᠢ ᠲᠡᠩᠴᠡᠭᠰᠡᠨ ᠪᠡᠯᠠ ᠣᠷᠣᠭᠤᠯᠤᠭᠴᠢᠳ ᠲᠤ ᠲᠡᠮᠳᠡᠭᠲᠦ ᠮᠠᠶᠢᠮᠠᠶᠢᠯᠠᠬᠤ ᠳᠤ ᠨᠢ ᠵᠠᠭᠤᠴᠢᠯᠠᠨ ᠲᠠᠨᠢᠯᠴᠠᠭᠤᠯᠬᠤ ᠦᠢᠯᠡᠴᠢᠯᠡᠭᠡ ᠬᠠᠩᠭᠠᠬᠤ︔

  ︵ ᠵᠢᠷᠭᠤᠭ᠎ᠠ ︶ ᠠᠵᠤ ᠠᠬᠤᠶᠢᠯᠠᠯ ᠪᠣᠯᠤᠨ ᠪᠠᠯᠠ ᠣᠷᠣᠭᠤᠯᠤᠭᠴᠢᠳ ᠲᠤ ᠪᠠᠯᠠ ᠲᠣᠬᠢᠷᠠᠭᠤᠯᠬᠤ ᠠᠷᠠᠯᠵᠢᠶᠠᠨ ᠤ ᠭᠤᠭᠴᠤᠭ᠎ᠠ ᠶᠢᠨ ᠬᠠᠮᠢᠶ᠎ᠠ ᠪᠥᠬᠦᠶ ᠲᠣᠭᠲᠠᠭᠠᠯ ᠳᠤ ᠨᠡᠶᠢᠴᠡᠭᠰᠡᠨ ᠦᠢᠯᠡᠴᠢᠯᠡᠭᠡ ᠪᠠ ᠦᠨ᠎ᠡ ᠮᠥᠩᠬᠦ ᠶᠢ ᠳ᠋ᠦᠩᠨᠡᠨ ᠪᠤᠳᠤᠬᠤ ᠲᠤᠬᠠᠶᠢᠯᠠᠭᠰᠠᠨ ᠠᠵᠢᠯ ᠢ ᠬᠠᠩᠭᠠᠬᠤ︔

  ︵ ᠳᠣᠯᠤᠭ᠎ᠠ ︶ ᠬᠤᠳᠠᠯᠳᠤᠭᠠᠨ ᠤ ᠪᠠᠩᠬᠢ᠂ ᠪᠠᠭ᠎ᠠ ᠲᠣᠭᠠᠨ ᠤ ᠵᠢᠭᠡᠯᠡᠯᠭᠡ ᠶᠢᠨ ᠺᠣᠮᠫᠠᠨᠢ᠂ ᠪᠠᠯᠠ ᠲᠣᠬᠢᠷᠠᠭᠤᠯᠭ᠎ᠠ ᠶᠢᠨ ᠴᠢᠨᠠᠷᠲᠠᠶ ᠳᠠᠭᠠᠭᠠᠯᠲᠠ ᠶᠢᠨ ᠺᠣᠮᠫᠠᠨᠢ᠂ ᠪᠠᠯᠠ ᠲᠣᠬᠢᠷᠠᠭᠤᠯᠭ᠎ᠠ ᠶᠢᠨ ᠲᠦᠷᠢᠶᠡᠰᠦᠯᠡᠯ ᠤᠨ ᠺᠣᠮᠫᠠᠨᠢ᠂ ᠳᠠᠨᠵᠢᠯᠠᠬᠤ᠂ ᠬᠤᠳᠠᠯᠳᠤᠭᠠᠨ ᠤ ᠪᠠᠲᠤᠯᠠᠵᠤ ᠠᠬᠤᠢᠢᠯᠠᠬᠤ᠂ ᠰᠠᠭᠤᠷᠢ ᠮᠥᠩᠭᠦᠨ ᠤ ᠺᠣᠮᠫᠠᠨᠢ ᠵᠡᠷᠭᠡ ᠪᠠᠶᠢᠭᠤᠯᠤᠮᠵᠢ ᠯᠤᠭ᠎ᠠ ᠲᠤᠬᠠᠶᠢᠯᠠᠭᠰᠠᠨ ᠠᠵᠢᠯ ᠤᠨ ᠬᠠᠮᠲᠤᠷᠠᠯᠴᠠᠭ᠎ᠠ ᠥᠷᠨᠢᠭᠦᠯᠵᠦ᠂ ᠬᠠᠤᠯᠢ ᠴᠠᠭᠠᠵᠠ ᠲᠥᠷᠥ ᠶᠢᠨ ᠪᠣᠳᠣᠯᠭ᠎ᠠ ᠶᠢᠨ ᠵᠥᠪᠰᠢᠶᠡᠷᠡᠯ ᠤᠨ ᠬᠡᠪᠴᠢᠶᠡᠨ ᠳᠣᠲᠣᠷ᠎ᠠ᠂ ᠳᠡᠯᠭᠡᠨ ᠦᠵᠡᠭᠦᠯᠬᠦ᠂ ᠨᠠᠶᠢᠳᠠᠨ ᠬᠠᠮᠢᠶᠠᠷᠤᠭᠤᠯᠬᠤ᠂ ᠫᠠᠶᠢᠰᠠ ᠡᠯᠭᠦᠬᠦ ᠠᠵᠤ ᠠᠬᠤᠶᠢᠯᠠᠯ ᠳᠤ ᠢᠲᠡᠭᠡᠮᠵᠢᠲᠦ ᠵᠢᠭᠡᠯᠡᠯᠭᠡ᠂ ᠳᠠᠭᠠᠭᠠᠯᠲᠠ ᠬᠢᠬᠦ᠂ ᠢᠲᠡᠭᠡᠮᠵᠢ ᠨᠡᠮᠡᠭᠳᠡᠭᠦᠯᠬᠦ᠂ ᠰᠲ᠋ᠣᠺ ᠤᠨ ᠡᠷᠬᠡ ᠪᠠᠨ ᠳᠠᠨᠵᠢᠯᠠᠵᠤ ᠪᠠᠯᠠ ᠳᠣᠭᠢᠷᠠᠭᠤᠯᠬᠤ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠪᠠᠨ ᠳᠠᠨᠵᠢᠯᠠᠵᠤ ᠪᠠᠯᠠ ᠳᠣᠭᠢᠷᠠᠭᠤᠯᠬᠤ ᠵᠡᠷᠭᠡ ᠭᠤᠷᠪᠠᠳᠠᠬᠢ ᠡᠲᠡᠭᠡᠳ ᠤᠨ ᠵᠠᠭᠤᠴᠢᠯᠠᠬᠤ ᠦᠢᠯᠡᠴᠢᠯᠡᠭᠡ ᠬᠠᠩᠭᠠᠬᠤ︔

  ︵ ᠨᠠᠢᠮᠠ ︶ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠤᠨ ᠲᠣᠭᠲᠠᠭᠠᠭᠰᠠᠨ ᠪᠤᠰᠤᠳ ᠲᠤᠬᠠᠶᠢᠯᠠᠭᠰᠠᠨ ᠠᠵᠢᠯ᠃

  ᠭᠤᠴᠢᠨ ᠭᠤᠷᠪᠠᠳᠤᠭᠠᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠨᠢ ᠲᠣᠰ ᠨᠠᠷᠢᠨ ᠲᠦᠷᠢᠮ ᠤᠨ ᠭᠤᠴᠢᠨ ᠬᠤᠶᠠᠳᠤᠭᠠᠷ ᠵᠦᠢᠯ ᠳᠤ ᠲᠣᠭᠲᠠᠭᠠᠭᠰᠠᠨ ᠲᠤᠬᠠᠶᠢᠯᠠᠭᠰᠠᠨ ᠠᠵᠢᠯ ᠤᠨ ᠠᠵᠢᠯᠯᠠᠭ᠎ᠠ ᠶᠢ ᠥᠷᠨᠢᠭᠦᠯᠬᠦ ᠳᠤ ᠪᠠᠨ᠂ ᠳᠣᠤᠷᠠᠬᠢ ᠮᠡᠲᠦ ᠪᠦᠲᠦᠮᠵᠢᠲᠡᠶ ᠠᠷᠭ᠎ᠠ ᠬᠡᠮᠵᠢᠶ᠎ᠡ ᠶᠢ ᠠᠪᠴᠤ ᠪᠠᠶᠢᠭᠠᠳ ᠵᠠᠬ᠎ᠠ ᠳᠡᠯᠭᠡᠭᠦᠷ ᠲᠤ ᠣᠷᠣᠯᠴᠠᠭᠴᠢ᠂ ᠠᠳᠠᠯᠢ ᠪᠤᠰᠤ ᠣᠷᠣᠯᠴᠠᠭᠴᠢ ᠯᠤᠭ᠎ᠠ ᠶᠢᠨ ᠬᠤᠭᠤᠷᠣᠨᠳᠣᠬᠢ ᠠᠰᠢᠭ ᠲᠤᠰᠠ ᠶᠢᠨ ᠮᠥᠷᠭᠦᠯᠳᠦᠭᠡᠨ ᠢ ᠰᠡᠷᠭᠡᠶᠢᠯᠡᠬᠦ ᠬᠡᠷᠡᠭᠲᠡᠶ᠄

  ︵ ᠨᠢᠭᠡ ︶ ᠲᠤᠰ ᠵᠠᠬ᠎ᠠ ᠳᠡᠯᠭᠡᠭᠦᠷ ᠲᠤ ᠣᠷᠣᠯᠴᠠᠭᠰᠠᠨ ᠠᠵᠤ ᠠᠬᠤᠶᠢᠯᠠᠯ ᠳᠤ ᠦᠢᠯᠡᠴᠢᠯᠡᠭᠡ ᠬᠠᠩᠭᠠᠬᠤ ᠳᠤ ᠪᠠᠨ ᠲᠤᠬᠠᠶᠢᠯᠠᠭᠰᠠᠨ ᠠᠵᠢᠯ ᠤᠨ ᠲᠤᠰᠠᠭᠠᠷᠯᠠᠬᠤ ᠠᠷᠭ᠎ᠠ ᠬᠡᠮᠵᠢᠶ᠎ᠡ ᠠᠪᠴᠤ᠂ ᠪᠡᠯᠡ ᠣᠷᠣᠭᠤᠯᠤᠭᠴᠢ ᠯᠤᠭ᠎ᠠ ᠠᠰᠢᠭ ᠲᠤᠰᠠ ᠶᠢᠨ ᠮᠥᠷᠭᠦᠯᠳᠦᠭᠡᠨ ᠭᠠᠷᠬᠤ ᠡᠴᠠ ᠵᠠᠶᠢᠯᠠᠰᠬᠢᠬᠦ ᠬᠡᠷᠡᠭᠲᠡᠶ︔

  ︵ ᠬᠤᠶᠠᠷ ︶ ᠬᠢᠷᠢ ᠲᠡᠩᠴᠡᠭᠰᠡᠨ ᠪᠡᠯᠡ ᠣᠷᠣᠭᠤᠯᠤᠭᠴᠢᠳ ᠲᠤ ᠠᠵᠤ ᠠᠬᠤᠶᠢᠯᠠᠯ ᠤᠨ ᠰᠤᠳᠤᠯᠭᠠᠨ ᠤ ᠮᠡᠳᠡᠭᠦᠯᠦᠯᠲᠡ ᠪᠠ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠪᠠᠶᠢᠴᠠᠭᠠᠯᠲᠠ ᠶᠢᠨ ᠮᠡᠳᠡᠭᠡ ᠵᠠᠩᠭᠢ ᠶᠢ ᠬᠠᠩᠭᠠᠬᠤ ᠳᠤ ᠪᠠᠨ ᠪᠡᠶ᠎ᠡ ᠪᠠᠨ ᠳᠠᠭᠠᠭᠠᠭᠰᠠᠨ᠂ ᠪᠤᠰᠤᠳᠴᠢ ᠪᠠᠶᠢᠬᠤ ᠵᠠᠷᠴᠢᠮ ᠢ ᠵᠢᠷᠤᠮᠯᠠᠬᠤ ᠬᠡᠷᠡᠭᠲᠡᠢ᠂ ᠲᠡᠮᠳᠡᠭᠲᠦ ᠳᠤ ᠪᠡᠯᠡ ᠣᠷᠣᠭᠤᠯᠬᠤ ᠰᠠᠨᠠᠭᠤᠯᠭ᠎ᠠ ᠬᠠᠩᠭᠠᠵᠤ ᠪᠣᠯᠬᠤ ᠦᠭᠡᠢ᠂ ᠬᠤᠳᠠᠯ ᠬᠠᠭᠤᠷᠮᠠᠭ᠂ ᠵᠢᠩᠬᠢᠨᠢ ᠪᠤᠰᠤ᠂ ᠡᠨᠳᠡᠭᠦᠷᠡᠭᠦᠯᠬᠦ ᠴᠢᠨᠠᠷᠲᠠᠢ ᠮᠡᠳᠡᠭᠡ ᠵᠠᠩᠭᠢ ᠬᠠᠩᠭᠠᠵᠤ ᠪᠣᠯᠬᠤ ᠦᠭᠡᠢ︔

  ︵ ᠭᠤᠷᠪᠠ ︶ ᠬᠢᠷᠢ ᠲᠡᠩᠴᠡᠭᠰᠡᠨ ᠪᠡᠯᠠ ᠣᠷᠣᠭᠤᠯᠤᠭᠴᠢᠳ ᠲᠤ ᠲᠡᠮᠳᠡᠭᠲᠦ ᠮᠠᠶᠢᠮᠠᠶᠢᠯᠠᠬᠤ ᠳᠤ ᠵᠠᠭᠤᠴᠢᠯᠠᠨ ᠲᠠᠨᠢᠯᠴᠠᠭᠤᠯᠬᠤ ᠦᠢᠯᠡᠴᠢᠯᠡᠭᠡ ᠬᠠᠩᠭᠠᠬᠤ ᠳᠤ ᠪᠠᠨ᠂ ᠮᠠᠶᠢᠮᠠᠶᠢᠯᠠᠬᠤ ᠬᠤᠶᠠᠷ ᠡᠲᠡᠭᠡᠳ ᠲᠤ ᠭᠤᠣᠯᠴᠢ ᠪᠠᠷ ᠬᠠᠨᠳᠤᠬᠤ ᠬᠡᠷᠡᠭᠲᠡᠶ᠂ ᠠᠯᠢ ᠨᠢᠭᠡ ᠲᠠᠯ᠎ᠠ ᠶᠢᠨ ᠬᠢᠨ ᠤ ᠠᠰᠢᠭ ᠲᠤᠰᠠ ᠶᠢ ᠴᠦ ᠬᠤᠬᠢᠷᠠᠭᠤᠯᠵᠤ ᠪᠣᠯᠬᠤ ᠦᠭᠡᠢ︔

  ︵ ᠲᠦᠷᠪᠡ ︶ ᠦᠢᠯᠡᠴᠢᠯᠡᠬᠦ ᠡᠲᠡᠭᠡᠳ ᠡᠴᠠ ᠰᠦᠢᠳᠬᠡᠯ ᠬᠤᠷᠢᠶᠠᠬᠤ ᠳᠤ ᠪᠠᠨ ᠬᠤᠯᠪᠣᠭᠳᠠᠯ ᠪᠦᠬᠦᠢ ᠲᠣᠭᠲᠠᠭᠠᠯ ᠳᠤ ᠨᠡᠶᠢᠴᠡᠭᠦᠯᠬᠦ ᠶᠢᠨ ᠬᠠᠮᠲᠤ ᠰᠦᠢᠳᠬᠡᠯ ᠬᠤᠷᠢᠶᠠᠬᠤ ᠪᠠᠷᠢᠮᠵᠢᠶ᠎ᠠ ᠶᠢ ᠢᠯᠡ ᠨᠡᠶᠢᠲᠡᠯᠡᠬᠦ ᠬᠡᠷᠡᠭᠲᠡᠶ᠃

  ᠭᠤᠴᠢᠨ ᠳᠥᠷᠪᠡᠳᠦᠭᠡᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠵᠠᠭᠤᠴᠢ ᠪᠠᠶᠢᠭᠤᠯᠤᠮᠵᠢ ᠶᠢᠨ ᠬᠠᠮᠢᠶᠠᠷᠤᠯᠲᠠ ᠶᠢᠨ ᠲᠦᠷᠢᠮ ᠵᠢᠴᠢ ᠬᠢᠨᠠᠯᠲᠠ ᠲᠠᠯᠪᠢᠬᠤ ᠲᠣᠭᠲᠠᠴᠠ ᠶᠢ ᠪᠠᠶᠢᠭᠤᠯᠵᠤ᠂ ᠣᠷᠣᠯᠴᠠᠬᠤ ᠵᠠᠭᠤᠴᠢ ᠪᠠᠶᠢᠭᠤᠯᠤᠮᠵᠢ ᠶᠢᠨ ᠲᠦᠷᠦᠯ ᠵᠦᠢᠯ᠂ ᠬᠢᠷᠢ ᠬᠡᠮ ᠤᠨ ᠨᠥᠬᠦᠴᠡᠯ᠂ ᠡᠷᠬᠡ ᠪᠠ ᠡᠭᠦᠷᠭᠡ᠂ ᠲᠤᠬᠠᠶᠢᠯᠠᠭᠰᠠᠨ ᠠᠵᠢᠯ ᠤᠨ ᠲᠦᠷᠢᠮ ᠵᠡᠷᠭᠡ ᠵᠦᠢᠯᠡᠰ ᠢ ᠲᠣᠳᠣᠷᠬᠠᠶᠢᠯᠠᠵᠤ᠂ ᠲᠡᠭᠦᠨ ᠤ ᠨᠡᠷᠡᠰ ᠪᠠ ᠬᠠᠮᠢᠶ᠎ᠠ ᠪᠦᠬᠦᠢ ᠮᠠᠲ᠋ᠧᠷᠢᠶᠠᠯ ᠢ ᠨᠡᠢᠢᠲᠡ ᠳᠤ ᠵᠠᠷᠯᠠᠵᠤ᠂ ᠦᠨᠡᠨᠴᠢ ᠢᠲᠡᠭᠡᠮᠵᠢ ᠶᠢᠨ ᠲᠠᠩᠰᠠ ᠪᠠᠶᠢᠭᠤᠯᠬᠤ ᠶᠢᠨ ᠬᠠᠮᠲᠤ ᠪᠦᠲᠦᠮᠵᠢᠲᠡᠶ ᠠᠷᠭ᠎ᠠ ᠬᠡᠮᠵᠢᠶ᠎ᠡ ᠠᠪᠴᠤ ᠪᠠᠢᠢᠭᠠᠳ ᠵᠠᠭᠤᠴᠢ ᠪᠠᠶᠢᠭᠤᠯᠤᠮᠵᠢ ᠶᠢᠨ ᠪᠡᠯᠡ ᠣᠷᠣᠭᠤᠯᠤᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠬᠤᠬᠢᠷᠠᠭᠤᠯᠬᠤ ᠡᠴᠠ ᠰᠡᠷᠭᠡᠶᠢᠯᠡᠬᠦ ᠬᠡᠷᠡᠭᠲᠡᠶ᠃ ᠵᠠᠭᠤᠴᠢ ᠪᠠᠶᠢᠭᠤᠯᠤᠮᠵᠢ ᠶᠢᠨ ᠲᠤᠬᠠᠶᠢᠯᠠᠭᠰᠠᠨ ᠠᠵᠢᠯ ᠤᠨ ᠬᠢᠷᠢ ᠬᠡᠮ ᠢᠶᠠᠨ ᠶᠠᠮᠠᠷᠪᠠ ᠬᠡᠯᠪᠡᠷᠢ ᠪᠠᠷ ᠪᠤᠰᠤᠳ ᠪᠠᠶᠢᠭᠤᠯᠤᠮᠵᠢ ᠪᠠ ᠬᠤᠪᠢ ᠬᠥᠮᠦᠨ ᠳᠤ ᠥᠭᠴᠦ ᠬᠡᠷᠡᠭᠯᠡᠭᠦᠯᠬᠦ ᠶᠢ ᠴᠢᠩᠭ᠎ᠠ ᠴᠠᠭᠠᠵᠠᠯᠠᠨ᠎ᠠ᠃

  ᠳᠥᠷᠪᠡᠳᠦᠭᠡᠷ ᠪᠦᠯᠦᠭ    ᠳᠠᠩᠰᠠᠨ ᠡᠷᠦᠬᠡ ᠵᠢᠨ ᠬᠠᠮᠢᠶᠠᠷᠤᠯᠲᠠ ᠬᠢᠭᠡᠳ ᠳᠠᠩᠰᠠᠯᠠᠵᠤ ᠳ᠋ᠦᠩᠨᠡᠨ ᠪᠣᠳᠣᠬᠤ

  ᠭᠤᠴᠢᠨ ᠲᠠᠪᠤᠳᠤᠭᠠᠷ ᠵᠦᠢᠯ    ᠪᠡᠯᠠ ᠣᠷᠣᠭᠤᠯᠤᠭᠴᠢ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠡᠮᠳᠡᠭᠲᠦ ᠲᠠᠷᠬᠠᠭᠠᠵᠤ ᠰᠢᠯᠵᠢᠭᠦᠯᠦᠨ ᠥᠭᠬᠦ ᠳᠤ ᠪᠠᠨ᠂ ᠲᠡᠩᠰᠡᠯᠡᠵᠦ ᠳ᠋ᠦᠩᠨᠡᠨ ᠪᠤᠳᠦᠬᠤ ᠲᠤᠬᠠᠶᠢᠯᠠᠭᠰᠠᠨ ᠠᠵᠢᠯ ᠢ ᠭᠦᠢᠴᠡᠳᠬᠡᠬᠦ ᠪᠠᠶᠢᠭᠤᠯᠤᠮᠵᠢ ᠳᠤ ᠲᠡᠮᠳᠡᠭᠲᠦ ᠶᠢᠨ ᠳᠠᠩᠰᠠᠨ ᠡᠷᠦᠬᠡ ᠪᠠᠢᠢᠭᠤᠯᠬᠤ ᠪᠠᠷ ᠭᠤᠶᠤᠴᠢᠯᠠᠬᠤ ᠬᠡᠷᠡᠭᠲᠡᠶ᠂ ᠲᠡᠩᠰᠡᠯᠡᠵᠦ ᠳ᠋ᠦᠩᠨᠡᠨ ᠪᠤᠳᠦᠬᠤ ᠲᠤᠬᠠᠶᠢᠯᠠᠭᠰᠠᠨ ᠠᠵᠢᠯ ᠢ ᠭᠦᠢᠴᠡᠳᠬᠡᠬᠦ ᠪᠠᠶᠢᠭᠤᠯᠤᠮᠵᠢ ᠨᠢ ᠪᠡᠯᠠ ᠣᠷᠣᠭᠤᠯᠤᠭᠴᠢ ᠳᠤ ᠲᠡᠮᠳᠡᠭᠲᠦ ᠶᠢᠨ ᠳᠠᠩᠰᠠᠨ ᠡᠷᠦᠬᠡ ᠰᠢᠭᠤᠳ ᠪᠠᠢᠢᠭᠤᠯᠤᠨ ᠥᠭᠴᠦ ᠪᠣᠯᠤᠨ᠎ᠠ᠂ ᠲᠤᠰ ᠵᠠᠬ᠎ᠠ ᠳᠡᠯᠭᠡᠭᠦᠷ ᠲᠤ ᠣᠷᠣᠯᠴᠠᠭᠰᠠᠨ ᠲᠡᠮᠳᠡᠭᠲᠦ ᠶᠢᠨ ᠺᠣᠮᠫᠠᠨᠢ ᠳᠤ ᠨᠠᠶᠢᠳᠠᠵᠤ ᠣᠷᠣᠯᠠᠭᠤᠯᠤᠨ ᠭᠦᠢᠴᠡᠳᠬᠡᠯᠭᠡᠵᠦ ᠴᠦ ᠪᠣᠯᠤᠨ᠎ᠠ᠃

  ᠲᠡᠮᠳᠡᠭᠲᠦ ᠶᠢᠨ ᠳᠠᠩᠰᠠᠨ ᠡᠷᠦᠬᠡ ᠪᠠᠶᠢᠭᠤᠯᠤᠭᠰᠠᠨ ᠪᠠᠶᠢᠭᠤᠯᠤᠮᠵᠢ ᠡᠴᠠ ᠭᠤᠶᠤᠴᠢᠯᠠᠭᠴᠢ ᠨᠢ ᠲᠤᠰ ᠨᠠᠷᠢᠨ ᠳᠦᠷᠢᠮ ᠳᠤ ᠲᠣᠭᠲᠠᠭᠠᠭᠰᠠᠨ ᠬᠢᠷᠢ ᠲᠡᠩᠴᠡᠭᠰᠡᠨ ᠪᠡᠯᠠ ᠣᠷᠣᠭᠤᠯᠤᠭᠴᠢ ᠶᠢᠨ ᠨᠥᠬᠦᠴᠡᠯ ᠳᠤ ᠨᠡᠶᠢᠴᠡᠬᠦ ᠡᠰᠡᠬᠦ ᠳᠤ ᠬᠢᠨᠠᠨ ᠪᠠᠶᠢᠴᠠᠭᠠᠯᠲᠠ ᠬᠢᠬᠦ ᠬᠡᠷᠡᠭᠲᠡᠶ᠂ ᠲᠣᠭᠲᠠᠭᠠᠭᠰᠠᠨ ᠨᠥᠬᠦᠴᠡᠯ ᠳᠤ ᠥᠯᠥ ᠨᠡᠶᠢᠴᠡᠬᠦ ᠭᠤᠶᠤᠴᠢᠯᠠᠭᠴᠢ ᠳᠤ ᠲᠡᠮᠳᠡᠭᠲᠦ ᠶᠢᠨ ᠳᠠᠩᠰᠠᠨ ᠡᠷᠦᠬᠡ ᠪᠠᠢᠢᠭᠤᠯᠤᠨ ᠥᠭᠴᠦ ᠪᠣᠯᠬᠤ ᠦᠭᠡᠢ᠃ ᠭᠤᠶᠤᠴᠢᠯᠠᠭᠴᠢ ᠨᠢ ᠪᠠᠶᠢᠭᠠᠯᠢ ᠬᠥᠮᠦᠨ ᠪᠠᠶᠢᠪᠠᠯ᠂ ᠪᠠᠰᠠ ᠲᠡᠭᠦᠨ ᠳᠤ ᠲᠡᠮᠳᠡᠭᠲᠦ ᠶᠢᠨ ᠲᠠᠩᠰᠠᠨ ᠡᠷᠦᠬᠡ ᠪᠠᠢᠢᠭᠤᠯᠵᠤ ᠥᠭᠬᠦ ᠡᠴᠠ ᠡᠮᠦᠨ᠎ᠡ᠂ ᠪᠢᠴᠢᠭ᠌ ᠢᠶᠠᠷ ᠪᠤᠶᠤ ᠡᠯᠧᠺᠲ᠋ᠷᠣᠨ ᠤ ᠬᠡᠯᠪᠡᠷᠢ ᠪᠠᠷ ᠲᠡᠭᠦᠨ ᠳᠤ ᠲᠦᠭᠰᠢᠭᠦᠷᠢ ᠶᠢ ᠢᠯᠡᠴᠢᠯᠡᠨ ᠮᠡᠳᠡᠭᠳᠡᠬᠦ ᠶᠢᠨ ᠬᠠᠮᠲᠤ ᠲᠡᠭᠦᠨ ᠢᠶᠠᠷ ᠨᠤᠲᠠᠯᠠᠭᠤᠯᠬᠤ ᠪᠠᠷ ᠱᠠᠭᠠᠷᠳᠠᠬᠤ ᠬᠡᠷᠡᠭᠲᠡᠶ᠃

  ᠲᠤᠰ ᠨᠠᠷᠢᠨ ᠳᠦᠷᠢᠮ ᠢ ᠬᠡᠷᠡᠭᠵᠢᠭᠦᠯᠬᠦ ᠡᠴᠠ ᠡᠮᠦᠨ᠎ᠡ ᠨᠢᠭᠡᠨᠲᠡ ᠲᠡᠮᠳᠡᠭᠲᠦ ᠶᠢᠨ ᠳᠠᠩᠰᠠᠨ ᠡᠷᠦᠬᠡ ᠪᠠᠢᠢᠭᠤᠯᠤᠭᠰᠠᠨ ᠪᠣᠯᠪᠠᠴᠤ ᠲᠤᠰ ᠨᠠᠷᠢᠨ ᠳᠦᠷᠢᠮ ᠳᠤ ᠲᠣᠭᠲᠠᠭᠠᠭᠰᠠᠨ ᠬᠢᠷᠢ ᠲᠡᠩᠴᠡᠭᠰᠡᠨ ᠪᠡᠯᠠ ᠣᠷᠣᠭᠤᠯᠤᠭᠴᠢ ᠶᠢᠨ ᠨᠥᠬᠦᠴᠡᠯ ᠳᠤ ᠥᠯᠥ ᠨᠡᠶᠢᠴᠡᠬᠦ ᠪᠡᠯᠠ ᠣᠷᠣᠭᠤᠯᠤᠭᠴᠢ ᠨᠢ ᠲᠡᠮᠳᠡᠭᠲᠦ ᠶᠢ ᠬᠤᠳᠠᠯᠳᠤᠨ ᠠᠪᠬᠤ ᠪᠤᠶᠤ ᠰᠢᠯᠵᠢᠭᠦᠯᠦᠨ ᠠᠪᠴᠤ ᠪᠣᠯᠬᠤ ᠦᠭᠡᠢ︔ ᠲᠡᠮᠳᠡᠭᠲᠦ ᠶᠢ ᠨᠢᠭᠡᠨᠲᠡ ᠬᠤᠳᠠᠯᠳᠤᠨ ᠠᠪᠤᠭᠰᠠᠨ ᠪᠤᠶᠤ ᠰᠢᠯᠵᠢᠭᠦᠯᠦᠨ ᠠᠪᠤᠭᠰᠠᠨ ᠪᠠᠶᠢᠪᠠᠯ ᠵᠥᠪᠬᠡᠨ ᠦᠷᠭᠦᠯᠵᠢᠯᠡᠨ ᠡᠵᠡᠮᠰᠢᠬᠦ ᠪᠤᠶᠤ ᠬᠤᠳᠠᠯᠳᠤᠨ ᠭᠠᠷᠭᠠᠨ᠎ᠠ᠃

  ᠭᠤᠴᠢᠨ ᠵᠢᠷᠭᠤᠳᠤᠭᠠᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠪᠡᠯᠡ ᠣᠷᠣᠭᠤᠯᠤᠭᠴᠢ ᠶᠢᠨ ᠪᠡᠯᠡ ᠮᠥᠩᠭᠦᠨ ᠤ ᠬᠠᠮᠢᠶᠠᠷᠤᠯᠲᠠ ᠶᠢᠨ ᠳᠦᠷᠢᠮ ᠢ ᠪᠠᠶᠢᠭᠤᠯᠵᠤ᠂ ᠬᠤᠳᠠᠯᠳᠤᠭᠠᠨ ᠤ ᠪᠠᠩᠬᠢ ᠪᠤᠶᠤ ᠲᠦᠷᠦ ᠶᠢᠨ ᠶᠠᠪᠤᠳᠠᠯ ᠤᠨ ᠬᠤᠷᠢᠶ᠎ᠠ ᠶᠢᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠵᠥᠪᠰᠢᠶᠡᠷᠡᠯ ᠢᠶᠠᠷ ᠪᠠᠶᠢᠭᠤᠯᠤᠭᠰᠠᠨ ᠲᠡᠮᠳᠡᠭᠲᠦ ᠶᠢᠨ ᠬᠤᠭᠤᠴᠠᠭᠠᠲᠤ ᠪᠠᠷᠠᠭᠠᠨ ᠤ ᠪᠠᠲᠤᠯᠠᠭᠠᠲᠤ ᠮᠥᠩᠭᠦ ᠶᠢ ᠬᠠᠳᠠᠭᠠᠯᠠᠨ ᠬᠠᠮᠢᠶᠠᠷᠬᠤ ᠲᠤᠬᠠᠶᠢᠯᠠᠭᠰᠠᠨ ᠠᠵᠢᠯ ᠤᠨ ᠬᠢᠷᠢ ᠬᠡᠮ ᠲᠠᠢ ᠪᠠᠶᠢᠭᠤᠯᠤᠮᠵᠢ ᠳᠤ ᠲᠤᠰᠠᠭᠠᠷ ᠨᠢ ᠲᠤᠰᠬᠠᠶ ᠬᠡᠷᠡᠭᠯᠡᠬᠦ ᠳ᠋ᠦᠩᠨᠡᠨ ᠪᠤᠳᠤᠬᠤ ᠲᠠᠩᠰᠠᠨ ᠡᠷᠦᠬᠡ ᠪᠠᠶᠢᠭᠤᠯᠵᠤ᠂ ᠪᠡᠯᠡ ᠣᠷᠣᠭᠤᠯᠤᠭᠴᠢ ᠶᠢᠨ ᠪᠡᠯᠡ ᠮᠥᠩᠭᠦ ᠶᠢ ᠬᠠᠳᠠᠭᠠᠯᠠᠬᠤ ᠳᠤ ᠲᠤᠰᠬᠠᠶᠢᠯᠠᠨ ᠬᠡᠷᠡᠭᠯᠡᠬᠦ ᠬᠡᠷᠡᠭᠲᠡᠢ᠂ ᠲᠤᠰᠬᠠᠶ ᠬᠡᠷᠡᠭᠯᠡᠬᠦ ᠳ᠋ᠦᠩᠨᠡᠨ ᠪᠤᠳᠤᠬᠤ ᠲᠠᠩᠰᠠᠨ ᠡᠷᠦᠬᠡ ᠪᠣᠯᠤᠨ ᠠᠵᠢᠯᠯᠠᠨ ᠡᠵᠡᠩᠨᠡᠬᠦ ᠪᠠᠶᠢᠭᠤᠯᠤᠮᠵᠢ ᠶᠢᠨ ᠥᠪᠡᠷ ᠤᠨ ᠬᠢ ᠪᠠᠶᠢᠭ᠎ᠠ ᠪᠡᠯᠡ ᠮᠥᠩᠭᠦᠨ ᠤ ᠲᠠᠩᠰᠠᠨ ᠡᠷᠦᠬᠡ ᠶᠢ ᠨᠢ ᠴᠢᠩᠭ᠎ᠠ ᠰᠠᠯᠭᠠᠵᠤ᠂ ᠬᠤᠳᠬᠤᠯᠳᠤᠭᠤᠯᠵᠤ ᠪᠣᠯᠬᠤ ᠦᠭᠡᠢ᠃ ᠶᠠᠮᠠᠷᠪᠠ ᠨᠢᠭᠡᠴᠢ ᠪᠠ ᠬᠤᠪᠢ ᠬᠥᠮᠦᠨ ᠭᠡᠳ ᠶᠠᠮᠠᠷᠪᠠ ᠬᠡᠯᠪᠡᠷᠢ ᠪᠠᠷ ᠪᠡᠯᠡ ᠣᠷᠣᠭᠤᠯᠤᠭᠴᠢ ᠶᠢᠨ ᠪᠡᠯᠡ ᠮᠥᠩᠭᠦ ᠶᠢ ᠨᠡᠭᠦᠯᠭᠡᠨ ᠬᠡᠷᠡᠭᠯᠡᠵᠦ ᠪᠣᠯᠬᠤ ᠦᠭᠡᠢ᠃

  ᠪᠡᠯᠡ ᠣᠷᠣᠭᠤᠯᠤᠭᠴᠢ ᠨᠢ ᠪᠡᠯᠡ ᠣᠷᠣᠭᠤᠯᠬᠤ ᠪᠡᠯᠡ ᠮᠥᠩᠭᠦᠨ ᠤ ᠢᠷᠡᠯᠳᠡ ᠶᠢᠨ ᠬᠠᠤᠯᠢ ᠶᠣᠰᠣᠨ ᠤ ᠪᠠᠶᠢᠬᠤ ᠶᠢ ᠦᠨᠡᠨ ᠬᠦ ᠪᠠᠲᠤᠯᠠᠬᠤ ᠬᠡᠷᠡᠭᠲᠡᠢ᠂ ᠬᠠᠤᠯᠢ ᠪᠤᠰᠤ ᠪᠠᠷ ᠪᠤᠰᠤᠳ ᠤᠨ ᠪᠡᠯᠡ ᠮᠥᠩᠭᠦ ᠶᠢ ᠴᠤᠭᠯᠠᠭᠤᠯᠤᠨ ᠣᠷᠣᠨ ᠪᠦᠰᠡ ᠶᠢᠨ ᠴᠢᠨᠠᠷᠲᠠᠢ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠡᠮᠳᠡᠭᠲᠦ ᠳᠤ ᠪᠡᠯᠡ ᠣᠷᠣᠭᠤᠯᠵᠤ ᠪᠣᠯᠬᠤ ᠦᠭᠡᠢ᠃

  ᠠᠵᠢᠯᠯᠠᠨ ᠡᠵᠡᠩᠨᠡᠬᠦ ᠪᠠᠶᠢᠭᠤᠯᠤᠮᠵᠢ ᠨᠢ ᠪᠠᠯᠠ ᠣᠷᠣᠭᠤᠯᠤᠭᠴᠢ ᠶᠢᠨ ᠪᠠᠯᠠ ᠮᠥᠩᠭᠦᠨ ᠤ ᠬᠤᠪᠢᠷᠠᠯᠲᠠ ᠶᠢᠨ ᠪᠠᠶᠢᠳᠠᠯ ᠢ ᠡᠳᠦᠷ ᠪᠦᠷᠢ ᠬᠢᠨᠠᠨ ᠰᠢᠨᠵᠢᠵᠦ᠂ ᠬᠡᠪ ᠤᠨ ᠪᠤᠰᠤ ᠪᠠᠶᠢᠳᠠᠯ ᠢ ᠣᠯᠵᠤ ᠮᠡᠳᠡᠪᠡᠯ ᠴᠠᠭ ᠲᠤᠬᠠᠶ ᠳᠤ ᠨᠢ ᠰᠢᠢᠳᠪᠦᠷᠢᠯᠡᠬᠦ ᠶᠢᠨ ᠬᠠᠮᠲᠤ᠂ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠪᠣᠯᠤᠨ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠬᠦ ᠬᠡᠷᠡᠭᠲᠡᠢ᠃

  ᠭᠤᠴᠢᠨ ᠳᠣᠯᠣᠳᠤᠭᠠᠷ ᠵᠦᠢᠯ   ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠳᠠᠩᠰᠠᠯᠠᠵᠤ ᠳ᠋ᠦᠩᠨᠡᠨ ᠪᠤᠳᠤᠬᠤ ᠲᠤᠬᠠᠶᠢᠯᠠᠭᠰᠠᠨ ᠠᠵᠢᠯ ᠢ ᠪᠣᠯ ᠠᠵᠢᠯᠯᠠᠨ ᠡᠵᠡᠩᠨᠡᠬᠦ ᠪᠠᠶᠢᠭᠤᠯᠤᠮᠵᠢ ᠪᠤᠶᠤ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠵᠥᠪᠰᠢᠶᠡᠷᠡᠭᠰᠡᠨ ᠳᠠᠩᠰᠠᠯᠠᠵᠤ ᠳ᠋ᠦᠩᠨᠡᠨ ᠪᠤᠳᠤᠬᠤ ᠪᠠᠶᠢᠭᠤᠯᠤᠮᠵᠢ ᠡᠴᠠ ᠭᠦᠢᠴᠡᠳᠬᠡᠬᠦ ᠬᠡᠷᠡᠭᠲᠡᠶ᠃ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠠᠷᠬᠠᠭᠠᠬᠤ᠂ ᠰᠢᠯᠵᠢᠭᠦᠯᠦᠨ ᠥᠭᠬᠦ ᠲᠡᠮᠳᠡᠭᠲᠦ ᠶᠢ ᠪᠣᠯ ᠲᠡᠩᠰᠡᠯᠡᠵᠦ ᠳ᠋ᠦᠩᠨᠡᠨ ᠪᠤᠳᠦᠬᠤ ᠪᠠᠶᠢᠭᠤᠯᠤᠮᠵᠢ ᠳᠤ ᠲᠥᠪᠯᠡᠷᠡᠭᠦᠯᠦᠨ ᠬᠠᠳᠠᠭᠠᠯᠠᠵᠤ ᠬᠠᠮᠢᠶᠠᠷᠬᠤ ᠪᠠ ᠳᠠᠩᠰᠠᠯᠠᠬᠤ ᠬᠡᠷᠡᠭᠲᠡᠶ᠃ ᠲᠡᠩᠰᠡᠯᠡᠵᠦ ᠳ᠋ᠦᠩᠨᠡᠨ ᠪᠤᠳᠦᠬᠤ ᠲᠤᠬᠠᠶᠢᠯᠠᠭᠰᠠᠨ ᠠᠵᠢᠯ ᠢ ᠭᠦᠢᠴᠡᠳᠬᠡᠬᠦ ᠪᠠᠶᠢᠭᠤᠯᠤᠮᠵᠢ ᠨᠢ ᠲᠡᠮᠳᠡᠭᠲᠦ ᠶᠢ ᠲᠡᠩᠰᠡᠯᠡᠵᠦ ᠳ᠋ᠦᠩᠨᠡᠨ ᠪᠤᠳᠦᠬᠰᠡᠠ ᠦᠷ᠎ᠡ ᠳ᠋ᠦᠩ ᠢ ᠦᠨᠳᠦᠰᠦᠯᠡᠨ᠂ ᠲᠡᠮᠳᠡᠭᠲᠦ ᠡᠵᠡᠮᠰᠢᠭᠴᠢ ᠶᠢᠨ ᠲᠡᠮᠳᠡᠭᠲᠦ ᠡᠵᠡᠮᠰᠢᠵᠦ ᠪᠠᠶᠢᠭ᠎ᠠ ᠪᠣᠳᠠᠲᠤ ᠶᠠᠪᠤᠳᠠᠯ ᠢ ᠨᠣᠲᠠᠯᠠᠵᠤ᠂ ᠲᠡᠮᠳᠡᠭᠲᠦ ᠡᠵᠡᠮᠰᠢᠭᠴᠢ ᠶᠢᠨ ᠳᠠᠩᠰᠠᠯᠠᠭᠤᠯᠤᠭᠰᠠᠨ ᠮᠠᠲ᠋ᠧᠷᠢᠶᠠᠯ ᠢ ᠬᠠᠩᠭᠠᠬᠤ ᠬᠡᠷᠡᠭᠲᠡᠶ᠃

  ᠲᠡᠩᠰᠡᠯᠡᠵᠦ ᠳ᠋ᠦᠩᠨᠡᠨ ᠪᠤᠳᠦᠬᠤ ᠲᠤᠬᠠᠶᠢᠯᠠᠭᠰᠠᠨ ᠠᠵᠢᠯ ᠢ ᠭᠦᠢᠴᠡᠳᠬᠡᠬᠦ ᠪᠠᠶᠢᠭᠤᠯᠤᠮᠵᠢ ᠨᠢ ᠳᠠᠩᠰᠠᠯᠠᠭᠰᠠᠨ᠂ ᠳ᠋ᠦᠩᠨᠡᠨ ᠪᠤᠳᠦᠬᠰᠡᠠ ᠠᠩᠬᠠᠨ ᠤ ᠭᠡᠷᠡᠴᠢ ᠪᠠᠷᠢᠮᠲᠠ ᠵᠢᠴᠢ ᠬᠤᠯᠪᠣᠭᠳᠠᠯ ᠪᠦᠬᠦᠢ ᠪᠢᠴᠢᠭ ᠮᠠᠲ᠋ᠧᠷᠢᠶᠠᠯ ᠢ ᠲᠣᠬᠢᠲᠠᠶ ᠬᠠᠳᠠᠭᠠᠯᠠᠬᠤ ᠬᠡᠷᠡᠭᠲᠡᠶ᠂ ᠬᠠᠳᠠᠭᠠᠯᠠᠬᠤ ᠬᠤᠭᠤᠴᠠᠭ᠎ᠠ ᠶᠢ 20 ᠵᠢᠯ ᠡᠴᠠ ᠳᠤᠲᠠᠭᠤ ᠪᠠᠶᠢᠯᠭᠠᠵᠤ ᠪᠣᠯᠬᠤ ᠦᠭᠡᠢ᠃

  ᠭᠤᠴᠢᠨ ᠨᠠᠢᠮᠠᠳᠤᠭᠠᠷ ᠵᠦᠢᠯ   ᠲᠡᠩᠰᠡᠯᠡᠵᠦ ᠳ᠋ᠦᠩᠨᠡᠨ ᠪᠤᠳᠦᠬᠤ ᠪᠠᠶᠢᠭᠤᠯᠤᠮᠵᠢ ᠨᠢ ᠲᠣᠭᠲᠠᠭᠠᠯ ᠶᠣᠰᠣᠭᠠᠷ ᠲᠡᠮᠳᠡᠭᠲᠦ ᠶᠢᠨ ᠳᠠᠩᠰᠠᠨ ᠡᠷᠦᠬᠡ ᠪᠠᠢᠢᠭᠤᠯᠬᠤ᠂ ᠬᠤᠪᠢᠷᠠᠭᠤᠯᠬᠤ᠂ ᠲᠡᠩᠰᠡᠠ ᠡᠴᠠ ᠬᠠᠰᠤᠬᠤ ᠪᠠ ᠲᠡᠮᠳᠡᠭᠲᠦ ᠶᠢ ᠳᠠᠩᠰᠠᠯᠠᠬᠤ᠂ ᠳ᠋ᠦᠩᠨᠡᠨ ᠪᠤᠳᠦᠬᠤ ᠠᠵᠢᠯ ᠢ ᠭᠦᠢᠴᠡᠳᠬᠡᠵᠦ᠂ ᠲᠡᠮᠳᠡᠭᠲᠦ ᠡᠵᠡᠮᠰᠢᠭᠴᠢ ᠶᠢᠨ ᠨᠡᠷᠡᠰ ᠤᠨ ᠳᠠᠩᠰᠠ ᠪᠠ ᠳᠠᠩᠰᠠᠯᠠᠭᠤᠯᠤᠭᠰᠠᠨ ᠨᠡᠷ᠎ᠡ ᠪᠠᠨ ᠬᠠᠯᠠᠭᠰᠠᠨ ᠡᠷᠦᠭᠡ ᠰᠣᠯᠢᠭᠰᠠᠨ ᠲᠡᠮᠳᠡᠭᠯᠡᠯ ᠤᠨ ᠦᠨᠡᠨ ᠪᠣᠳᠠᠲᠠᠶ᠂ ᠵᠥᠪ ᠣᠨᠣᠪᠴᠢᠲᠠᠶ᠂ ᠪᠦᠷᠢᠨ ᠪᠦᠲᠦᠨ ᠪᠠᠶᠢᠬᠤ᠂ ᠲᠡᠮᠳᠡᠭᠲᠦ ᠪᠠ ᠪᠡᠯᠠ ᠮᠥᠩᠭᠦ ᠶᠢ ᠨᠠᠷᠢᠪᠴᠢᠯᠠᠨ ᠲᠣᠭᠠᠴᠠᠭᠠᠯᠠᠵᠤ ᠲᠤᠰᠢᠶᠠᠬᠤ ᠬᠤᠷᠢᠶᠠᠬᠤ ᠠᠵᠢᠯ ᠤᠨ ᠡᠮᠬᠢ ᠵᠢᠷᠤᠮ ᠲᠠᠢ ᠶᠠᠪᠤᠭᠳᠠᠬᠤ ᠶᠢ ᠪᠠᠲᠤᠯᠠᠬᠤ ᠬᠡᠷᠡᠭᠲᠡᠶ᠃ ᠲᠡᠩᠰᠡᠯᠡᠵᠦ ᠳ᠋ᠦᠩᠨᠡᠨ ᠪᠤᠳᠦᠬᠤ ᠪᠠᠶᠢᠭᠤᠯᠤᠮᠵᠢ ᠨᠢ ᠪᠡᠯᠠ ᠣᠷᠣᠭᠤᠯᠤᠭᠴᠢ ᠶᠢᠨ ᠲᠡᠮᠳᠡᠭᠲᠦ ᠶᠢ ᠨᠡᠭᠦᠯᠭᠡᠨ ᠬᠡᠷᠡᠭᠯᠡᠵᠦ ᠪᠣᠯᠬᠤ ᠦᠭᠡᠢ᠃

  ᠲᠡᠩᠰᠡᠯᠡᠵᠦ ᠳ᠋ᠦᠩᠨᠡᠨ ᠪᠤᠳᠦᠬᠤ ᠪᠠᠶᠢᠭᠤᠯᠤᠮᠵᠢ ᠨᠢ ᠳᠤᠮᠳᠠᠳᠤ ᠤᠯᠤᠰ ᠤᠨ ᠲᠡᠮᠳᠡᠭᠲᠦ ᠶᠢᠨ ᠲᠡᠩᠰᠡᠯᠡᠵᠦ ᠳ᠋ᠦᠩᠨᠡᠨ ᠪᠤᠳᠦᠬᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠯᠤᠭ᠎ᠠ ᠲᠡᠮᠳᠡᠭᠲᠦ ᠶᠢᠨ ᠳᠠᠩᠰᠠᠨ ᠡᠷᠦᠬᠡ ᠶᠢ ᠵᠣᠯᠭᠠᠭᠤᠯᠬᠤ ᠲᠣᠭᠲᠠᠴᠠ ᠶᠢ ᠠᠯᠬᠤᠮ ᠠᠯᠬᠤᠮ ᠢᠶᠠᠷ ᠪᠠᠶᠢᠭᠤᠯᠵᠤ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠡᠮᠳᠡᠭᠲᠦ ᠵᠢᠨ ᠳᠠᠩᠰᠠᠨ ᠡᠷᠦᠬᠡ ᠶᠢ ᠬᠦᠷᠦᠩᠭᠡ ᠵᠢᠨ ᠵᠠᠬ᠎ᠠ ᠳᠡᠯᠭᠡᠭᠦᠷ ᠤᠨ ᠨᠢᠭᠡᠳᠦᠯᠲᠡᠶ ᠲᠡᠮᠳᠡᠭᠲᠦ ᠶᠢᠨ ᠳᠠᠩᠰᠠᠨ ᠡᠷᠦᠬᠡ ᠶᠢᠨ ᠲᠣᠭᠲᠠᠯᠴᠠᠭ᠎ᠠ ᠳᠤ ᠣᠷᠣᠭᠤᠯᠬᠤ ᠬᠡᠷᠡᠭᠲᠡᠢ᠃

  ᠲᠡᠩᠰᠡᠯᠡᠵᠦ ᠳ᠋ᠦᠩᠨᠡᠨ ᠪᠤᠳᠦᠬᠤ ᠪᠠᠶᠢᠭᠤᠯᠤᠮᠵᠢ ᠨᠢ ᠡᠷᠬᠡᠪᠰᠢ ᠪᠦᠷᠢᠯᠳᠦᠭᠦᠯᠬᠦ ᠴᠢᠬᠤᠯᠠᠲᠠᠶ ᠮᠡᠳᠡᠭᠡ ᠵᠠᠩᠭᠢ ᠶᠢᠨ ᠰᠢᠰᠲ᠋ᠧᠮ ᠤᠨ ᠵᠥᠭᠡᠯᠡᠨ ᠬᠠᠲᠠᠭᠤ ᠲᠤᠨᠤᠬ ᠲᠥᠬᠦᠭᠡᠷᠦᠮᠵᠢ ᠲᠠᠢ᠂ ᠳ᠋ᠠᠢᠢᠲ᠋ᠠ ᠶᠢᠨ ᠠᠮᠤᠷ ᠲᠦᠪᠰᠢᠨ ᠢ ᠬᠠᠮᠠᠭᠠᠯᠠᠬᠤ ᠪᠠ ᠳ᠋ᠠᠢᠢᠲ᠋ᠠ ᠶᠢ ᠨᠥᠭᠡᠴᠡᠯᠡᠬᠦ ᠪᠦᠷᠢᠨ ᠪᠦᠲᠦᠨ ᠠᠷᠭ᠎ᠠ ᠬᠡᠮᠵᠢᠶ᠎ᠡ ᠲᠠᠢ ᠪᠠᠶᠢᠵᠤ᠂ ᠲᠡᠮᠳᠡᠭᠲᠦ ᠶᠢ ᠳᠠᠩᠰᠠᠯᠠᠬᠤ᠂ ᠳ᠋ᠦᠩᠨᠡᠨ ᠪᠤᠳᠦᠬᠤ ᠵᠡᠷᠭᠡ ᠲᠤᠰᠢᠶᠠᠬᠤ ᠬᠤᠷᠢᠶᠠᠬᠤ ᠮᠠᠲ᠋ᠧᠷᠢᠶᠠᠯ ᠪᠠ ᠮᠡᠳᠡᠭᠡ ᠵᠠᠩᠭᠢ ᠶᠢᠨ ᠰᠢᠰᠲ᠋ᠧᠮ ᠤᠨ ᠠᠮᠤᠷ ᠲᠦᠪᠰᠢᠨ ᠢ ᠦᠨᠡᠨ ᠬᠦ ᠪᠠᠲᠤᠯᠠᠬᠤ ᠬᠡᠷᠡᠭᠲᠡᠶ᠃ ᠲᠣᠰ ᠪᠠᠶᠢᠭᠤᠯᠤᠮᠵᠢ ᠶᠢᠨ ᠢᠶᠠᠨ ᠲᠤᠬᠠᠶᠢᠯᠠᠭᠰᠠᠨ ᠠᠵᠢᠯ᠂ ᠡᠳ᠋ ᠤᠨ ᠶᠠᠪᠤᠳᠠᠯ ᠪᠠ ᠠᠮᠤᠷ ᠲᠦᠪᠰᠢᠨ ᠤ ᠰᠡᠷᠭᠡᠶᠢᠯᠡᠯᠲᠡ ᠵᠡᠷᠭᠡ ᠳᠣᠲᠣᠭᠠᠳᠤ ᠶᠢᠨ ᠬᠠᠮᠢᠶᠠᠷᠤᠯᠲᠠ ᠶᠢᠨ ᠲᠦᠷᠢᠮ ᠪᠠ ᠠᠵᠢᠯ ᠤᠨ ᠳᠡᠰ ᠳᠠᠷᠠᠭᠠᠯᠠᠯ ᠢ ᠪᠠᠶᠢᠭᠤᠯᠤᠨ ᠪᠦᠷᠢᠨᠰᠢᠭᠦᠯᠬᠦ ᠶᠢᠨ ᠬᠠᠮᠲᠤ᠂ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠪᠦᠷᠢᠳᠬᠡᠨ ᠳᠠᠩᠰᠠᠯᠠᠭᠤᠯᠬᠤ ᠬᠡᠷᠡᠭᠲᠡᠶ᠃

  ᠭᠤᠴᠢ ᠶᠢᠰᠦᠳᠦᠭᠡᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠡᠴᠠ ᠵᠠᠬ᠎ᠠ ᠳᠤ ᠥᠯᠥ ᠭᠠᠷᠤᠭᠰᠠᠨ ᠺᠣᠮᠫᠠᠨᠢ ᠶᠢᠨ ᠬᠤᠪᠢᠴᠠᠭ᠎ᠠ ︵ ᠰᠲ᠋ᠣᠺ ᠤᠨ ᠡᠷᠬᠡ ︶ ᠶᠢ ᠬᠤᠪᠢᠷᠠᠭᠤᠯᠬᠤ᠂ ᠳᠠᠨᠵᠢᠯᠠᠬᠤ ᠵᠡᠷᠭᠡ ᠳᠠᠩᠰᠠᠯᠠᠭᠤᠯᠬᠤ ᠶᠢ ᠨᠠᠶᠢᠳᠠᠨ ᠬᠠᠮᠢᠶᠠᠷᠤᠭᠤᠯᠬᠤ ᠲᠤᠬᠠᠶᠢᠯᠠᠭᠰᠠᠨ ᠠᠵᠢᠯ ᠢ ᠯᠡ ᠭᠦᠢᠴᠡᠳᠬᠡᠬᠦ ᠬᠠᠮᠢᠶ᠎ᠠ ᠪᠦᠬᠦᠢ ᠡᠷᠬᠡ ᠠᠰᠢᠭᠲᠤ ᠬᠥᠮᠦᠨ ᠳᠤ ᠪᠠᠢᠢᠭᠤᠯᠤᠭᠰᠠᠨ ᠳᠠᠩᠰᠠᠯᠠᠭᠤᠯᠬᠤ ᠶᠢ ᠨᠠᠶᠢᠳᠠᠨ ᠬᠠᠮᠢᠶᠠᠷᠤᠭᠤᠯᠬᠤ ᠳᠠᠩᠰᠠᠨ ᠡᠷᠦᠬᠡ ᠶᠢ ᠪᠣᠯ ᠬᠢᠷᠢ ᠲᠡᠩᠴᠡᠭᠰᠡᠨ ᠪᠡᠯᠡ ᠣᠷᠣᠭᠤᠯᠤᠭᠴᠢ ᠶᠢᠨ ᠲᠠᠩᠰᠠᠨ ᠡᠷᠦᠭᠡ ᠯᠦᠭᠡ ᠢᠯᠭᠠᠨ ᠬᠠᠮᠢᠶᠠᠷᠬᠤ ᠬᠡᠷᠡᠭᠲᠡᠶ᠂ ᠲᠤᠰ ᠲᠦᠷᠦᠯ ᠤᠨ ᠲᠠᠩᠰᠠᠨ ᠡᠷᠦᠭᠡ ᠶᠢᠨ ᠡᠵᠡᠮᠰᠢᠭᠴᠢ ᠨᠢ ᠬᠢᠷᠢ ᠲᠡᠩᠴᠡᠭᠰᠡᠨ ᠪᠡᠯᠡ ᠣᠷᠣᠭᠤᠯᠤᠭᠴᠢ ᠪᠠᠷ ᠮᠠᠭᠠᠳᠯᠠᠨ ᠲᠣᠭᠲᠠᠭᠠᠭᠳᠠᠬᠤ ᠡᠴᠠ ᠡᠮᠦᠨ᠎ᠡ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠠᠬᠢ ᠲᠡᠮᠳᠡᠭᠲᠦ ᠶᠢ ᠲᠠᠷᠬᠠᠭᠠᠬᠤ᠂ ᠰᠢᠯᠵᠢᠭᠦᠯᠦᠨ ᠥᠭᠬᠦ ᠬᠠᠮᠢᠶ᠎ᠠ ᠪᠦᠬᠦᠢ ᠠᠵᠢᠯᠯᠠᠭ᠎ᠠ ᠳᠤ ᠣᠷᠣᠯᠴᠠᠵᠤ ᠪᠣᠯᠬᠤ ᠦᠭᠡᠢ᠃

  ᠳᠥᠴᠢᠳᠦᠭᠡᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠶᠠᠮᠠᠷᠪᠠ ᠨᠢᠭᠡᠴᠢ ᠪᠠ ᠬᠤᠪᠢ ᠬᠥᠮᠦᠨ ᠤ ᠲᠡᠮᠳᠡᠭᠲᠦ ᠡᠵᠡᠮᠰᠢᠭᠴᠢ ᠶᠢᠨ ᠨᠡᠷᠡᠰ ᠤᠨ ᠳᠠᠩᠰᠠ ᠵᠢᠴᠢ ᠲᠡᠭᠦᠨ ᠤ ᠬᠠᠮᠢᠶ᠎ᠠ ᠪᠦᠬᠦᠢ ᠮᠠᠲ᠋ᠧᠷᠢᠶᠠᠯ ᠢ ᠪᠠᠶᠢᠴᠠᠭᠠᠨ ᠯᠠᠪᠯᠠᠬᠤ ᠶᠢ ᠨᠢ ᠲᠡᠪᠴᠢᠬᠦ ᠡᠷᠬᠡ ᠲᠠᠢ᠂ ᠭᠡᠪᠡᠴᠦ ᠳᠣᠣᠷ᠎ᠠ ᠵᠢᠭᠰᠠᠭᠠᠭᠰᠠᠨ ᠪᠠᠶᠢᠳᠠᠯ ᠡᠭᠦᠨ ᠳᠤ ᠪᠠᠭᠲᠠᠬᠤ ᠦᠭᠡᠢ᠄

  ︵ ᠨᠢᠭᠡ ︶ ᠲᠡᠮᠳᠡᠭᠲᠦ ᠡᠵᠡᠮᠰᠢᠭᠴᠢ ᠲᠤᠰ ᠬᠥᠮᠦᠨ ᠪᠤᠶᠤ ᠠᠯᠪᠠᠨ ᠭᠡᠷᠡᠴᠢᠯᠡᠭᠡ ᠬᠢᠭᠰᠡᠨ ᠨᠠᠶᠢᠳᠠᠯᠭ᠎ᠠ ᠬᠦᠯᠢᠶᠡᠭᠴᠢ ᠳᠤ ᠨᠠᠶᠢᠳᠠᠵᠤ ᠪᠠᠶᠢᠴᠠᠭᠠᠨ ᠯᠠᠪᠯᠠᠭᠤᠯᠬᠤ︔

  ︵ ᠬᠤᠶᠠᠷ ︶ ᠲᠡᠮᠳᠡᠭᠲᠦ ᠲᠠᠷᠬᠠᠭᠠᠭᠴᠢ ᠳᠤ ᠲᠡᠮᠳᠡᠭᠲᠦ ᠡᠵᠡᠮᠰᠢᠭᠴᠢ ᠶᠢᠨ ᠨᠡᠷᠡᠰ ᠤᠨ ᠳᠠᠩᠰᠠ ᠵᠢᠴᠢ ᠪᠤᠰᠤᠳ ᠬᠤᠯᠪᠣᠭᠳᠠᠯ ᠪᠦᠬᠦᠢ ᠮᠠᠲ᠋ᠧᠷᠢᠶᠠᠯ ᠢ ᠬᠠᠤᠯᠢ ᠶᠣᠰᠣᠭᠠᠷ ᠬᠠᠩᠭᠠᠬᠤ︔

  ︵ ᠭᠤᠷᠪᠠ ︶ ᠠᠷᠠᠳ ᠤᠨ ᠰᠢᠭᠦᠬᠦ ᠬᠤᠷᠢᠶ᠎ᠠ᠂ ᠠᠷᠠᠳ ᠤᠨ ᠪᠠᠶᠢᠴᠠᠭᠠᠬᠤ ᠬᠤᠷᠢᠶ᠎ᠠ ᠵᠢᠴᠢ ᠪᠤᠰᠤᠳ ᠲᠥᠷᠥ ᠶᠢᠨ ᠪᠠᠶᠢᠭᠤᠯᠭ᠎ᠠ ᠶᠢᠨ ᠬᠠᠤᠯᠢ ᠴᠠᠭᠠᠵᠠ᠂ ᠬᠠᠤᠯᠢ ᠲᠣᠭᠲᠠᠭᠠᠯ ᠤᠨ ᠲᠣᠭᠲᠠᠭᠠᠯ ᠪᠣᠯᠣᠨ ᠵᠢᠷᠤᠮ ᠢᠶᠠᠷ ᠪᠠᠢᠢᠴᠠᠭᠠᠨ ᠯᠠᠪᠯᠠᠬᠤ ᠪᠠ ᠭᠡᠷᠡᠴᠢ ᠠᠪᠬᠤ︔

  ︵ ᠲᠦᠷᠪᠡ ︶ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠦᠷᠢᠮ ᠳᠤ ᠲᠣᠭᠲᠠᠭᠠᠭᠰᠠᠨ ᠪᠤᠰᠤᠳ ᠪᠠᠶᠢᠳᠠᠯ ᠤᠳ᠃

  ᠲᠠᠪᠤᠳᠤᠭᠠᠷ ᠪᠦᠯᠦᠭ    ᠲᠥᠭᠰᠢᠭᠦᠷᠢ ᠶᠢ ᠰᠡᠷᠭᠡᠢᠢᠯᠡᠬᠦ ᠬᠢᠭᠡᠳ ᠰᠢᠢᠳᠪᠦᠷᠢᠯᠡᠬᠦ

  ᠳᠥᠴᠢᠨ ᠨᠢᠭᠡᠳᠦᠭᠡᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ᠂ ᠲᠡᠮᠳᠡᠭᠲᠦ ᠲᠠᠷᠬᠠᠭᠠᠭᠴᠢ᠂ ᠵᠠᠭᠤᠴᠢ ᠪᠠᠶᠢᠭᠤᠯᠤᠮᠵᠢ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠣᠷᠣᠯᠴᠠᠭᠰᠠᠳ ᠲᠠᠬᠢ ᠵᠣᠬᠢᠰᠲᠠᠶ ᠬᠠᠮᠢᠶᠠᠷᠤᠯᠲᠠ ᠪᠠᠨ ᠴᠢᠩᠭᠠᠳᠬᠠᠵᠤ᠂ ᠪᠣᠯᠪᠠᠰᠤᠷᠠᠯ ᠬᠢᠬᠦ᠂ ᠲᠦᠭᠰᠢᠭᠦᠷᠢ ᠶᠢ ᠰᠠᠨᠠᠭᠤᠯᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠲᠦᠭᠰᠢᠭᠦᠷᠢ ᠶᠢᠨ ᠬᠥᠮᠦᠵᠢᠯ ᠥᠷᠨᠢᠭᠦᠯᠵᠦ᠂ ᠪᠡᠯᠡ ᠣᠷᠣᠭᠤᠯᠤᠭᠴᠢᠳ ᠤᠨ ᠲᠦᠭᠰᠢᠭᠦᠷᠢ ᠶᠢᠨ ᠤᠬᠠᠮᠰᠠᠷ ᠢ ᠨᠢ ᠳᠡᠭᠡᠭᠰᠢᠯᠡᠭᠦᠯᠬᠦ ᠬᠡᠷᠡᠭᠲᠡᠶ᠃

  ᠳᠥᠴᠢᠨ ᠬᠤᠶᠠᠳᠤᠭᠠᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠲᠦᠭᠰᠢᠭᠦᠷᠢ ᠶᠢ ᠰᠡᠷᠭᠡᠶᠢᠯᠡᠬᠦ ᠵᠢᠴᠢ ᠪᠠᠴᠢᠮ ᠪᠠᠶᠢᠳᠠᠯ ᠢ ᠠᠷᠭᠠᠴᠠᠭᠠᠨ ᠰᠢᠢᠳᠪᠦᠷᠢᠯᠡᠬᠦ ᠪᠡᠯᠡᠳᠬᠡᠯ ᠲᠥᠰᠦᠯ ᠲᠣᠭᠲᠠᠭᠠᠵᠤ᠂ ᠣᠷᠣᠨ ᠪᠦᠰᠡ ᠶᠢᠨ ᠴᠢᠨᠠᠷᠲᠠᠢ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠲᠦᠭᠰᠢᠭᠦᠷᠢ ᠶᠢᠨ ᠵᠦᠢᠯᠡᠰ ᠢ ᠬᠢᠨᠠᠨ ᠰᠢᠨᠵᠢᠬᠦ᠂ ᠦᠨᠡᠯᠡᠨ ᠵᠢᠱᠢᠬᠦ᠂ ᠰᠡᠷᠡᠮᠵᠢᠯᠡᠭᠦᠯᠬᠦ ᠪᠠ ᠬᠤᠯᠪᠣᠭᠳᠠᠯ ᠪᠦᠬᠦᠢ ᠰᠢᠢᠳᠪᠦᠷᠢᠯᠡᠬᠦ ᠠᠷᠭ᠎ᠠ ᠬᠡᠮᠵᠢᠶ᠎ᠠ ᠠᠪᠴᠤ᠂ ᠵᠠᠬ᠎ᠠ ᠳᠡᠯᠭᠡᠭᠦᠷ ᠤᠨ ᠲᠦᠭᠰᠢᠭᠦᠷᠢ ᠶᠢ ᠰᠡᠷᠭᠡᠶᠢᠯᠡᠬᠦ ᠪᠠ ᠠᠷᠢᠯᠭᠠᠬᠤ ᠬᠡᠷᠡᠭᠲᠡᠢ᠃ ᠲᠦᠭᠰᠢᠭᠦᠷᠢ ᠶᠢ ᠰᠡᠷᠭᠡᠶᠢᠯᠡᠬᠦ ᠵᠢᠴᠢ ᠪᠠᠴᠢᠮ ᠪᠠᠶᠢᠳᠠᠯ ᠢ ᠠᠷᠭᠠᠴᠠᠭᠠᠨ ᠰᠢᠢᠳᠪᠦᠷᠢᠯᠡᠬᠦ ᠠᠷᠭ᠎ᠠ ᠶᠢ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠪᠦᠷᠢᠳᠬᠡᠨ ᠳᠠᠩᠰᠠᠯᠠᠭᠤᠯᠬᠤ ᠬᠡᠷᠡᠭᠲᠡᠶ᠃

  ᠳᠥᠴᠢᠨ ᠭᠤᠷᠪᠠᠳᠤᠭᠠᠷ ᠵᠦᠢᠯ    ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠠᠮᠤᠷ ᠲᠣᠭᠲᠠᠭᠤᠨ ᠢᠶᠠᠷ ᠠᠵᠢᠯᠯᠠᠬᠤ ᠶᠢ ᠨᠥᠯᠥᠭᠡᠯᠡᠬᠦ ᠪᠤᠶᠤ ᠨᠥᠯᠥᠭᠡᠯᠡᠵᠦ ᠮᠡᠳᠡᠬᠦ᠂ ᠪᠡᠯᠡ ᠣᠷᠣᠭᠤᠯᠤᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠬᠤᠬᠢᠷᠠᠭᠤᠯᠬᠤ ᠬᠦᠨᠳᠦ ᠶᠡᠭᠡ ᠲᠦᠭᠰᠢᠭᠦᠷᠢ ᠶᠢᠨ ᠬᠡᠷᠡᠭ ᠭᠠᠷᠤᠭᠰᠠᠨ ᠦᠶ᠎ᠡ ᠳᠤ᠂ ᠠᠵᠢᠯᠯᠠᠨ ᠡᠵᠡᠩᠨᠡᠬᠦ ᠪᠠᠶᠢᠭᠤᠯᠤᠮᠵᠢ ᠨᠢ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠳᠠᠷᠤᠢᠬᠠᠨ ᠮᠡᠳᠡᠭᠦᠯᠵᠦ᠂ ᠬᠡᠷᠡᠭ ᠤᠨ ᠡᠭᠦᠰᠦᠭᠰᠡᠨ ᠰᠢᠯᠲᠠᠭᠠᠨ᠂ ᠣᠳᠣᠬᠠᠨ ᠤ ᠪᠠᠶᠢᠳᠠᠯ᠂ ᠡᠭᠦᠰᠴᠦ ᠮᠡᠳᠡᠬᠦ ᠦᠷ᠎ᠡ ᠳ᠋ᠦᠩ᠂ ᠨᠢᠭᠡᠨᠲᠡ ᠠᠪᠤᠭᠰᠠᠨ ᠪᠠ ᠠᠪᠬᠤ ᠪᠠᠷ ᠪᠠᠶᠢᠭ᠎ᠠ ᠵᠣᠬᠢᠬᠤ ᠠᠷᠭ᠎ᠠ ᠬᠡᠮᠵᠢᠶ᠎ᠡ ᠶᠢ ᠲᠣᠳᠣᠷᠬᠠᠶᠢᠯᠠᠬᠤ ᠬᠡᠷᠡᠭᠲᠡᠶ᠃

  ᠬᠦᠨᠳᠦ ᠶᠡᠭᠡ ᠲᠦᠭᠰᠢᠭᠦᠷᠢ ᠶᠢᠨ ᠬᠡᠷᠡᠭ ᠲᠤ᠄

  ︵ ᠨᠢᠭᠡ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠵᠠᠷᠤᠴᠠᠭᠤᠯᠭ᠎ᠠ ᠶᠢᠨ ᠲᠥᠭᠰᠢᠭᠦᠷᠢ ᠪᠤᠶᠤ ᠥᠷᠢ ᠲᠦᠯᠤᠬᠦ ᠴᠢᠳᠠᠪᠤᠷᠢ ᠨᠢ ᠬᠦᠨᠳᠦ ᠨᠣᠴᠢᠲᠠᠶ ᠬᠡᠴᠡᠭᠦᠳᠡᠨ ᠮᠠᠭᠤᠳᠠᠵᠤ᠂ ᠠᠵᠢᠯᠯᠠᠨ ᠡᠵᠡᠩᠨᠡᠬᠦ ᠪᠠᠶᠢᠭᠤᠯᠤᠮᠵᠢ ᠶᠢ ᠳᠠᠮᠫᠤᠷᠠᠭᠤᠯᠬᠤ ᠳᠤ ᠬᠦᠷᠦᠭᠦᠯᠵᠦ ᠮᠡᠳᠡᠬᠦ ᠬᠡᠷᠡᠭ︔

  ︵ ᠬᠤᠶᠠᠷ ︶ ᠪᠡᠯᠡ ᠣᠷᠣᠭᠤᠯᠤᠭᠴᠢᠳ ᠤᠨ ᠪᠡᠯᠡ ᠮᠥᠩᠭᠦ ᠶᠢ ᠬᠠᠳᠠᠭᠠᠯᠠᠨ ᠲᠠᠯᠪᠢᠬᠤ᠂ ᠬᠡᠷᠡᠭᠯᠡᠭᠰᠡᠨ ᠪᠠᠶᠢᠳᠠᠯ ᠪᠤᠶᠤ ᠬᠤᠪᠢᠶᠠᠷᠢᠯᠠᠨ ᠰᠢᠯᠵᠢᠭᠦᠯᠦᠭᠰᠡᠨ ᠠᠷᠭ᠎ᠠ ᠵᠠᠮ ᠨᠢ ︽ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠵᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠵᠢᠨ ᠲᠤᠷᠰᠢᠨ ᠬᠡᠷᠡᠭᠵᠢᠭᠦᠯᠬᠦ ᠠᠷᠭ᠎ᠠ ︾ ᠪᠠ ᠲᠤᠰ ᠨᠠᠷᠢᠨ ᠲᠦᠷᠢᠮ ᠤᠨ ᠲᠣᠭᠲᠠᠭᠠᠯ ᠳᠤ ᠦᠯᠦ ᠨᠡᠢᠢᠴᠡᠭᠰᠡᠨ︔

  ︵ ᠭᠤᠷᠪᠠ ︶ ᠲᠠᠷᠬᠠᠭᠠᠭᠴᠢ ᠳᠤ ᠰᠣᠯᠢᠵᠤ ᠥᠭᠬᠦ ᠶᠢᠨ ᠠᠷᠭ᠎ᠠ ᠦᠭᠡᠢ᠂ ᠳᠠᠮᠫᠤᠷᠠᠬᠤ ᠵᠡᠷᠭᠡ ᠪᠠᠶᠢᠳᠠᠯ ᠭᠠᠷᠤᠭᠰᠠᠨ ᠤ ᠤᠯᠠᠮ ᠡᠴᠠ ᠪᠡᠯᠠ ᠣᠷᠣᠭᠤᠯᠤᠭᠴᠢᠳ ᠤᠨ ᠠᠰᠢᠭ ᠲᠤᠰᠠ ᠳᠤ ᠬᠦᠨᠳᠦ ᠨᠣᠴᠢᠲᠠᠶ ᠬᠤᠬᠢᠷᠠᠯ ᠤᠴᠠᠷᠠᠭᠤᠯᠤᠭᠰᠠᠨ︔

  ︵ ᠳᠥᠷᠪᠡ ︶ ᠲᠡᠮᠳᠡᠭᠲᠦ ᠶᠢ ᠲᠠᠷᠬᠠᠭᠠᠬᠤ ᠬᠢᠭᠡᠳ ᠰᠢᠯᠵᠢᠭᠦᠯᠦᠨ ᠥᠭᠬᠦ᠂ ᠳ᠋ᠦᠩᠨᠡᠨ ᠪᠤᠳᠦᠬᠤ ᠶᠢᠨ ᠬᠦᠨᠳᠦ ᠶᠡᠭᠡ ᠬᠡᠪ ᠤᠨ ᠪᠤᠰᠤ ᠵᠦᠢᠯᠡᠰ︔

  ︵ ᠲᠠᠪᠤ ︶ ᠠᠵᠢᠯᠯᠠᠨ ᠡᠵᠡᠩᠨᠡᠬᠦ ᠪᠠᠶᠢᠭᠤᠯᠤᠮᠵᠢ ᠳᠤ ᠬᠤᠯᠪᠣᠭᠳᠠᠭᠰᠠᠨ ᠴᠢᠬᠤᠯᠠ ᠶᠡᠭᠡ ᠵᠠᠷᠭᠤ᠂ ᠬᠥᠨᠳᠡᠯᠡᠨ ᠡᠴᠠ ᠲᠠᠰᠤᠯᠬᠤ︔ ᠠᠵᠢᠯᠯᠠᠨ ᠡᠵᠡᠩᠨᠡᠬᠦ ᠪᠠᠶᠢᠭᠤᠯᠤᠮᠵᠢ ᠨᠢ ᠬᠠᠤᠯᠢ ᠲᠣᠭᠲᠠᠭᠠᠯ ᠢ ᠵᠥᠷᠢᠴᠡᠭᠰᠡᠨ ᠰᠡᠵᠢᠭᠯᠡᠯᠲᠡᠢ ᠡᠴᠠ ᠪᠣᠯᠵᠤ ᠡᠷᠬᠡᠲᠦ ᠪᠠᠶᠢᠭᠤᠯᠭ᠎ᠠ ᠳᠤ ᠪᠠᠶᠢᠴᠠᠭᠠᠭᠳᠠᠭᠰᠠᠨ᠂ ᠡᠰᠡᠬᠦᠯ᠎ᠡ ᠡᠷᠡᠭᠦᠤ ᠶᠢᠨ ᠰᠢᠢᠳᠬᠡᠯ᠂ ᠬᠦᠨᠳᠦ ᠶᠡᠭᠡ ᠵᠠᠰᠠᠭ ᠵᠠᠬᠢᠷᠭᠠᠨ ᠤ ᠰᠢᠢᠳᠬᠡᠯ ᠣᠯᠤᠭᠰᠠᠨ︔

  ︵ ᠵᠢᠷᠭᠤᠭ᠎ᠠ ︶ ᠠᠵᠢᠯᠯᠠᠨ ᠡᠵᠡᠩᠨᠡᠬᠦ ᠪᠠᠶᠢᠭᠤᠯᠤᠮᠵᠢ ᠶᠢᠨ ᠬᠡᠷᠡᠭ ᠮᠡᠳᠡᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠬᠠᠤᠯᠢ ᠲᠣᠭᠲᠠᠭᠠᠯ ᠢ ᠵᠥᠷᠢᠴᠡᠭᠰᠡᠨ ᠰᠡᠵᠢᠭᠯᠡᠯᠲᠡᠢ ᠡᠴᠠ ᠪᠣᠯᠵᠤ ᠡᠷᠬᠡᠲᠦ ᠪᠠᠶᠢᠭᠤᠯᠭ᠎ᠠ ᠳᠤ ᠪᠠᠶᠢᠴᠠᠭᠠᠭᠳᠠᠭᠰᠠᠨ ᠪᠤᠶᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠤᠭᠰᠠᠨ︔

  ︵ ᠲᠤᠯᠤᠭ᠎ᠠ ︶ ᠪᠡᠯᠡ ᠣᠷᠣᠭᠤᠯᠤᠭᠴᠢᠳ ᠤᠨ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠡᠮᠳᠡᠭᠲᠦ ᠮᠠᠶᠢᠮᠠᠶᠢᠯᠠᠬᠤ ᠪᠡᠯᠡ ᠮᠥᠩᠭᠦ᠂ ᠪᠡᠯᠡ ᠣᠷᠣᠭᠤᠯᠤᠭᠴᠢᠳ ᠤᠨ ᠲᠡᠮᠳᠡᠭᠲᠦ ᠨᠢ ᠨᠡᠭᠦᠯᠭᠡᠨ ᠬᠡᠷᠡᠭᠯᠡᠭᠳᠡᠭᠰᠡᠨ︔

  ︵ ᠨᠠᠢᠮᠠ ︶ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠣᠷᠣᠯᠴᠠᠭᠰᠠᠳ ᠲᠣᠭᠲᠠᠭᠠᠯ ᠡᠴᠠ ᠵᠥᠷᠢᠴᠡᠨ ᠠᠵᠢᠯᠯᠠᠭᠰᠠᠨ ᠪᠤᠶᠤ ᠡᠵᠡᠩᠨᠡᠭᠰᠡᠨ ᠡᠴᠠ ᠪᠣᠯᠵᠤ ᠪᠠᠯᠠ ᠣᠷᠣᠭᠤᠯᠤᠭᠴᠢ ᠪᠤᠶᠤ ᠵᠠᠬ᠎ᠠ ᠳᠡᠯᠭᠡᠭᠦᠷ ᠤᠨ ᠠᠰᠢᠭ ᠲᠤᠰᠠ ᠶᠢ ᠬᠦᠨᠳᠦ ᠨᠣᠴᠢᠲᠠᠶ ᠬᠤᠬᠢᠷᠠᠭᠤᠯᠤᠭᠰᠠᠨ ᠬᠡᠷᠡᠭ ᠪᠠᠭᠲᠠᠨ᠎ᠠ᠃

  ᠳᠥᠴᠢᠨ ᠳᠥᠷᠪᠡᠳᠦᠭᠡᠷ ᠵᠦᠢᠯ    ᠬᠦᠨᠳᠦ ᠶᠡᠭᠡ ᠲᠦᠭᠰᠢᠭᠦᠷᠢ ᠶᠢᠨ ᠬᠡᠷᠡᠭ ᠭᠠᠷᠤᠭᠰᠠᠨ ᠦᠶ᠎ᠡ ᠳᠤ᠂ ᠠᠵᠢᠯᠯᠠᠨ ᠡᠵᠡᠩᠨᠡᠬᠦ ᠪᠠᠶᠢᠭᠤᠯᠤᠮᠵᠢ ᠨᠢ ᠪᠡᠯᠡ ᠣᠷᠣᠭᠤᠯᠤᠭᠴᠢᠳ ᠢ ᠬᠠᠮᠠᠭᠠᠯᠠᠬᠤ ᠪᠠᠴᠢᠮ ᠪᠠᠶᠢᠳᠠᠯ ᠢ ᠠᠷᠭᠠᠴᠠᠭᠠᠬᠤ ᠲᠥᠰᠦᠯ ᠢ ᠡᠬᠢᠯᠡᠭᠦᠯᠦᠨ ᠬᠡᠷᠡᠭᠵᠢᠭᠦᠯᠵᠦ ᠪᠣᠯᠤᠨ᠎ᠠ᠂ ᠡᠭᠦᠨ ᠳᠤ ᠪᠠᠭᠲᠠᠬᠤ ᠪᠣᠯᠪᠠᠴᠤ ᠬᠢᠵᠠᠭᠠᠷᠯᠠᠭᠳᠠᠬᠤ ᠦᠭᠡᠢ ᠨᠢ᠄

  ︵ ᠨᠢᠭᠡ ︶ ᠲᠠᠷᠬᠠᠭᠠᠭᠴᠢ ᠶᠢ ᠤᠷᠢᠳᠴᠢᠯᠠᠨ ᠡᠭᠡ ᠬᠦᠦ ᠮᠥᠩᠭᠦ ᠲᠠᠢ ᠨᠢ ᠪᠤᠴᠠᠭᠠᠯᠭᠠᠬᠤ ᠪᠠᠷ ᠱᠠᠭᠠᠷᠳᠠᠬᠤ︔

  ︵ ᠬᠤᠶᠠᠷ ︶ ᠲᠡᠮᠳᠡᠭᠲᠦ ᠶᠢ ᠲᠠᠷᠬᠠᠭᠠᠬᠤ ᠪᠤᠶᠤ ᠠᠷᠠᠯᠵᠢᠶᠠᠯᠠᠬᠤ ᠶᠢ ᠲᠦᠷ ᠵᠣᠭᠰᠣᠭᠠᠬᠤ︔

  ︵ ᠭᠤᠷᠪᠠ ︶ ᠪᠡᠯᠡ ᠮᠥᠩᠭᠦ ᠶᠢ ᠰᠢᠯᠵᠢᠭᠦᠯᠦᠨ ᠭᠠᠷᠭᠠᠬᠤ ᠶᠢ ᠴᠠᠭᠠᠵᠠᠯᠠᠬᠤ︔

  ︵ ᠲᠦᠷᠪᠡ ︶ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠦᠴᠢᠷ ᠲᠤ ᠮᠡᠳᠡᠭᠦᠯᠵᠦ᠂ ᠬᠠᠤᠯᠢ ᠶᠢ ᠵᠥᠷᠢᠴᠡᠵᠦ ᠶᠠᠯ᠎ᠠ ᠬᠢᠭᠰᠡᠨ ᠳᠤ ᠰᠡᠵᠢᠭᠯᠡᠯᠲᠡᠢ ᠶᠢ ᠨᠢ ᠬᠠᠤᠯᠢ ᠶᠣᠰᠣᠭᠠᠷ ᠬᠠᠤᠯᠢ ᠴᠠᠭᠠᠵᠠ ᠶᠢᠨ ᠪᠠᠶᠢᠭᠤᠯᠭ᠎ᠠ ᠳᠤ ᠰᠢᠯᠵᠢᠭᠦᠯᠦᠨ ᠬᠦᠷᠭᠡᠬᠦ︔

  ︵ ᠲᠠᠪᠤ ︶ ᠪᠤᠰᠤᠳ ᠴᠢᠬᠤᠯᠠ ᠪᠥᠬᠦᠢ ᠠᠷᠭ᠎ᠠ ᠬᠡᠮᠵᠢᠶ᠎ᠡ᠃

  ᠬᠦᠨᠳᠦ ᠶᠡᠭᠡ ᠲᠦᠭᠰᠢᠭᠦᠷᠢ ᠶᠢ ᠰᠢᠢᠳᠪᠦᠷᠢᠯᠡᠬᠦ ᠶᠠᠪᠤᠴᠠ ᠳᠤ᠂ ᠠᠵᠢᠯᠯᠠᠨ ᠡᠵᠡᠩᠨᠡᠬᠦ ᠪᠠᠶᠢᠭᠤᠯᠤᠮᠵᠢ ᠨᠢ ᠮᠡᠳᠡᠭᠦᠯᠬᠦ ᠲᠦᠷᠢᠮ᠂ ᠨᠢᠭᠤᠴᠠ ᠶᠢ ᠬᠠᠮᠠᠭᠠᠯᠠᠬᠤ ᠲᠦᠷᠢᠮ᠂ ᠮᠡᠳᠡᠭᠡ ᠵᠠᠩᠭᠢ ᠶᠢ ᠢᠯᠡ ᠨᠡᠶᠢᠲᠡᠯᠡᠬᠦ ᠪᠠ ᠪᠠᠲᠤᠯᠠᠭ᠎ᠠ ᠶᠢᠨ ᠠᠷᠭ᠎ᠠ ᠬᠡᠮᠵᠢᠶ᠎ᠡ ᠶᠢᠨ ᠱᠠᠭᠠᠷᠳᠠᠯᠭ᠎ᠠ ᠶᠢ ᠵᠢᠷᠤᠮᠯᠠᠬᠤ ᠬᠡᠷᠡᠭᠲᠡᠶ᠃

  ᠵᠢᠷᠭᠤᠳᠤᠭᠠᠷ ᠪᠦᠯᠦᠭ    ᠬᠢᠨᠠᠯᠲᠠ ᠬᠠᠮᠢᠶᠠᠷᠤᠯᠲᠠ

  ᠳᠥᠴᠢᠨ ᠲᠠᠪᠤᠳᠤᠭᠠᠷ ᠵᠦᠢᠯ    ᠠᠵᠢᠯᠯᠠᠨ ᠡᠵᠡᠩᠨᠡᠬᠦ ᠪᠠᠶᠢᠭᠤᠯᠤᠮᠵᠢ ᠨᠢ ᠲᠣᠰ ᠨᠠᠷᠢᠨ ᠲᠦᠷᠢᠮ᠂ ︽ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠤᠷᠰᠢᠨ ᠬᠡᠷᠡᠭᠵᠢᠭᠦᠯᠬᠦ ᠠᠷᠭ᠎ᠠ ︾ ᠪᠣᠯᠤᠨ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ︽ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠮᠡᠳᠡᠭᠡ ᠵᠠᠩᠭᠢ ᠶᠢ ᠮᠡᠳᠡᠭᠦᠯᠦᠨ ᠬᠦᠷᠭᠡᠬᠦ ᠵᠢᠯᠣᠭᠤᠳᠤᠮᠵᠢ ︾ ᠶᠢᠨ ᠱᠠᠭᠠᠷᠳᠠᠯᠭ᠎ᠠ ᠶᠣᠰᠣᠭᠠᠷ ᠮᠡᠳᠡᠭᠦᠯᠦᠨ ᠬᠦᠷᠭᠡᠬᠦ ᠮᠡᠳᠡᠭᠡ ᠵᠠᠩᠭᠢ ᠶᠢ ᠡᠷᠬᠡᠪᠰᠢ ᠦᠨᠡᠨ ᠪᠣᠳᠠᠲᠠᠶ᠂ ᠵᠥᠪ ᠣᠨᠣᠪᠴᠢᠲᠠᠶ᠂ ᠪᠦᠷᠢᠨ ᠪᠦᠲᠦᠨ᠂ ᠴᠠᠭ ᠲᠤᠬᠠᠶ ᠳᠤ ᠨᠢ ᠮᠡᠳᠡᠭᠦᠯᠵᠦ᠂ ᠭᠦᠢᠴᠡᠳᠬᠡᠯ ᠲᠤᠭ᠎ᠠ᠂ ᠵᠠᠭᠪᠤᠷ᠂ ᠪᠦᠷᠢᠳᠬᠡᠬᠦ ᠠᠷᠭ᠎ᠠ ᠨᠢ ᠵᠢᠷᠤᠮᠵᠢᠭᠤᠨ᠂ ᠨᠢᠭᠡᠳᠦᠯᠲᠡᠶ ᠪᠠᠶᠢᠬᠤ ᠬᠡᠷᠡᠭᠲᠡᠶ᠃

  ᠠᠵᠢᠯᠯᠠᠨ ᠡᠵᠡᠩᠨᠡᠬᠦ ᠪᠠᠶᠢᠭᠤᠯᠤᠮᠵᠢ ᠶᠢᠨ ᠲᠣᠭᠲᠠᠭᠠᠭᠰᠠᠨ᠂ ᠵᠠᠰᠠᠪᠤᠷᠢ ᠣᠷᠣᠭᠤᠯᠤᠭᠰᠠᠨ ᠲᠤᠬᠠᠶᠢᠯᠠᠭᠰᠠᠨ ᠠᠵᠢᠯ ᠤᠨ ᠠᠵᠢᠯᠯᠠᠭᠠᠨ ᠤ ᠨᠠᠷᠢᠨ ᠲᠦᠷᠢᠮ ᠪᠠ ᠥᠪᠡᠷ ᠢ ᠪᠠᠨ ᠱᠠᠭᠠᠷᠳᠠᠬᠤ ᠬᠠᠮᠢᠶᠠᠷᠤᠯᠲᠠ ᠶᠢᠨ ᠲᠦᠷᠢᠮ ᠨᠢ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠦᠷᠢᠮ ᠵᠡᠷᠭᠡ ᠶᠢᠨ ᠲᠣᠭᠲᠠᠭᠠᠯ ᠳᠤ ᠨᠡᠶᠢᠴᠡᠭᠰᠡᠨ ᠪᠠᠶᠢᠬᠤ ᠶᠢᠨ ᠬᠠᠮᠲᠤ᠂ ᠲᠣᠭᠲᠠᠭᠠᠭᠰᠠᠨ᠂ ᠵᠠᠰᠠᠪᠤᠷᠢ ᠣᠷᠣᠭᠤᠯᠤᠭᠰᠠᠨ ᠡᠳᠦᠷ ᠡᠴᠠ ᠡᠬᠢᠯᠡᠨ 5 ᠠᠵᠢᠯᠯᠠᠬᠤ ᠡᠳᠦᠷ ᠤᠨ ᠳᠣᠲᠣᠷ᠎ᠠ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ ᠪᠦᠷᠢᠳᠬᠡᠨ ᠳᠠᠩᠰᠠᠯᠠᠭᠤᠯᠬᠤ ᠬᠡᠷᠡᠭᠲᠡᠶ᠃ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠲᠤᠬᠠᠶᠢᠯᠠᠭᠰᠠᠨ ᠠᠵᠢᠯ ᠤᠨ ᠠᠵᠢᠯᠯᠠᠭᠠᠨ ᠤ ᠨᠠᠷᠢᠨ ᠲᠦᠷᠢᠮ ᠪᠠ ᠥᠪᠡᠷ ᠢ ᠪᠠᠨ ᠱᠠᠭᠠᠷᠳᠠᠬᠤ ᠬᠠᠮᠢᠶᠠᠷᠤᠯᠲᠠ ᠶᠢᠨ ᠲᠦᠷᠢᠮ ᠨᠢ ᠬᠠᠮᠢᠶ᠎ᠠ ᠪᠥᠬᠦᠶ ᠲᠣᠭᠲᠠᠭᠠᠯ ᠡᠴᠠ ᠵᠥᠷᠢᠴᠡᠭᠰᠡᠨ ᠢ ᠣᠯᠵᠤ ᠮᠡᠳᠡᠪᠡᠯ᠂ ᠲᠡᠭᠦᠨ ᠢ ᠵᠠᠷᠯᠢᠭᠳᠠᠵᠤ ᠪᠠᠶᠢᠭᠠᠳ ᠵᠠᠰᠠᠭᠤᠯᠬᠤ ᠬᠡᠷᠡᠭᠲᠡᠢ᠃

  ᠳᠥᠴᠢᠨ ᠵᠢᠷᠭᠤᠳᠤᠭᠠᠷ ᠵᠦᠢᠯ   ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠲᠤᠬᠠᠶ ᠶᠢᠨ ᠲᠠᠯᠠᠪᠠᠢ ᠶᠢᠨ ᠪᠠᠶᠢᠴᠠᠭᠠᠯᠲᠠ ᠪᠠ ᠲᠤᠬᠠᠶ ᠶᠢᠨ ᠲᠠᠯᠠᠪᠠᠢ ᠶᠢᠨ ᠪᠤᠰᠤ ᠬᠢᠨᠠᠯᠲᠠ ᠬᠠᠮᠢᠶᠠᠷᠤᠯᠲᠠ ᠬᠢᠬᠦ ᠳᠤ ᠪᠠᠨ᠂ ᠳᠣᠤᠷᠠᠬᠢ ᠠᠷᠭ᠎ᠠ ᠬᠡᠮᠵᠢᠶ᠎ᠡ ᠶᠢ ᠠᠪᠴᠤ ᠪᠣᠯᠣᠨ᠎ᠠ᠄

  ︵ ᠨᠢᠭᠡ ︶ ᠠᠵᠢᠯᠯᠠᠨ ᠡᠵᠡᠩᠨᠡᠬᠦ ᠪᠠᠶᠢᠭᠤᠯᠤᠮᠵᠢ᠂ ᠳᠡᠩᠰᠡᠯᠡᠵᠦ ᠳ᠋ᠦᠩᠨᠡᠨ ᠪᠤᠳᠤᠬᠤ ᠪᠠᠶᠢᠭᠤᠯᠤᠮᠵᠢ ᠪᠤᠶᠤ ᠬᠤᠯᠪᠣᠭᠳᠠᠯ ᠪᠥᠬᠦᠶ ᠣᠷᠣᠯᠴᠠᠭᠴᠢ ᠶᠢᠨ ᠠᠵᠢᠯᠯᠠᠬᠤ ᠲᠠᠯᠠᠪᠤᠷ ᠭᠠᠵᠠᠷ ᠪᠤᠶᠤ ᠡᠵᠡᠩᠨᠡᠯᠲᠡ ᠶᠢᠨ ᠲᠠᠯᠠᠪᠤᠷ ᠭᠠᠵᠠᠷ ᠲᠤ ᠣᠷᠣᠵᠤ ᠪᠠᠶᠢᠴᠠᠭᠠᠯᠲᠠ ᠬᠢᠬᠦ︔

  ︵ ᠬᠤᠶᠠᠷ ︶ ᠠᠵᠢᠯᠯᠠᠨ ᠡᠵᠡᠩᠨᠡᠬᠦ ᠪᠠᠶᠢᠭᠤᠯᠤᠮᠵᠢ ᠪᠤᠶᠤ ᠣᠷᠣᠯᠴᠠᠭᠴᠢ ᠶᠢᠨ ᠬᠠᠷᠢᠭᠤᠴᠠᠯᠭᠠᠲᠠᠨ᠂ ᠠᠵᠢᠯᠲᠠᠳ ᠡᠴᠠ ᠯᠠᠪᠯᠠᠨ ᠠᠰᠠᠭᠤᠵᠤ᠂ ᠲᠡᠳᠡᠨ ᠢ ᠬᠤᠯᠪᠣᠭᠳᠠᠯ ᠪᠦᠬᠦᠢ ᠪᠠᠢᠢᠴᠠᠭᠠᠯᠲᠠ ᠶᠢᠨ ᠵᠦᠢᠯᠡᠰ ᠤᠨ ᠲᠤᠬᠠᠶ ᠲᠣᠳᠣᠷᠬᠠᠶᠢᠯᠠᠯᠲᠠ ᠬᠢᠯᠭᠡᠬᠦ ᠪᠠᠷ ᠱᠠᠭᠠᠷᠳᠠᠬᠤ︔

  ︵ ᠭᠤᠷᠪᠠ ︶ ᠪᠠᠢᠢᠴᠠᠭᠠᠯᠲᠠ ᠶᠢᠨ ᠵᠦᠢᠯᠡᠰ ᠲᠠᠢ ᠬᠤᠯᠪᠣᠭᠳᠠᠬᠤ ᠪᠢᠴᠢᠭ ᠮᠠᠲ᠋ᠧᠷᠢᠶᠠᠯ ᠢ ᠪᠠᠶᠢᠴᠠᠭᠠᠨ ᠦᠵᠡᠵᠦ ᠪᠠᠭᠤᠯᠭᠠᠨ ᠠᠪᠴᠤ᠂ ᠰᠢᠯᠵᠢᠭᠦᠯᠬᠦ᠂ ᠨᠢᠭᠤᠨ ᠳᠠᠯᠳᠠᠯᠠᠬᠤ ᠪᠤᠶᠤ ᠡᠪᠳᠡᠨ ᠰᠦᠢᠳᠬᠡᠵᠦ ᠮᠡᠳᠡᠬᠦ ᠪᠢᠴᠢᠭ ᠮᠠᠲ᠋ᠧᠷᠢᠶᠠᠯ᠂ ᠡᠯᠧᠺᠲ᠋ᠷᠣᠨ ᠲᠥᠬᠦᠭᠡᠷᠦᠮᠵᠢ ᠶᠢ ᠪᠢᠲᠡᠭᠦᠮᠵᠢᠯᠡᠨ ᠬᠠᠳᠠᠭᠠᠯᠠᠬᠤ︔

  ︵ ᠲᠦᠷᠪᠡ ︶ ᠠᠵᠢᠯᠯᠠᠨ ᠡᠵᠡᠩᠨᠡᠬᠦ ᠪᠠᠶᠢᠭᠤᠯᠤᠮᠵᠢ ᠪᠤᠶᠤ ᠬᠤᠯᠪᠣᠭᠳᠠᠯ ᠪᠦᠬᠦᠢ ᠣᠷᠣᠯᠴᠠᠭᠴᠢ ᠶᠢᠨ ᠮᠡᠳᠡᠭᠡ ᠵᠠᠩᠭᠢ ᠶᠢᠨ ᠰᠢᠰᠲ᠋ᠧᠮ ᠢ ᠪᠠᠶᠢᠴᠠᠭᠠᠵᠤ᠂ ᠬᠤᠯᠪᠣᠭᠳᠠᠯ ᠪᠦᠬᠦᠢ ᠳ᠋ᠠᠢᠢᠲ᠋ᠠ ᠮᠠᠲ᠋ᠧᠷᠢᠶᠠᠯ ᠢ ᠪᠠᠭᠤᠯᠭᠠᠨ ᠠᠪᠬᠤ︔

  ︵ ᠲᠠᠪᠤ ︶ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠳᠦᠷᠢᠮ ᠪᠠ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠡᠴᠠ ᠲᠣᠭᠲᠠᠭᠠᠭᠰᠠᠨ ᠪᠤᠰᠤᠳ ᠠᠷᠭ᠎ᠠ ᠬᠡᠮᠵᠢᠶ᠎ᠡ᠃

  ᠳᠥᠴᠢᠨ ᠳᠣᠯᠣᠳᠤᠭᠠᠷ ᠵᠦᠢᠯ   ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠪᠠᠨ ᠬᠠᠤᠯᠢ ᠶᠣᠰᠣᠭᠠᠷ ᠭᠦᠢᠴᠡᠳᠬᠡᠬᠦ ᠳᠤ᠂ ᠪᠠᠢᠢᠴᠠᠭᠠᠭᠳᠠᠬᠤ ᠨᠢᠭᠡᠴᠢ ᠪᠣᠯᠤᠨ ᠬᠤᠪᠢ ᠬᠥᠮᠦᠨ ᠨᠢ ᠬᠠᠮᠵᠢᠯᠴᠠᠵᠤ ᠪᠠᠶᠢᠭᠠᠳ᠂ ᠬᠤᠯᠪᠣᠭᠳᠠᠯ ᠪᠥᠬᠦᠢ ᠪᠢᠴᠢᠭ ᠮᠠᠲ᠋ᠧᠷᠢᠶᠠᠯ ᠢ ᠦᠨᠡᠨ ᠮᠥᠨ ᠢᠶᠠᠷ ᠨᠢ ᠬᠠᠩᠭᠠᠬᠤ ᠬᠡᠷᠡᠭᠲᠡᠶ᠂ ᠲᠡᠪᠴᠢᠬᠦ᠂ ᠬᠠᠷᠰᠢᠯᠠᠬᠤ ᠪᠠ ᠨᠢᠭᠤᠨ ᠳᠠᠯᠳᠠᠯᠠᠵᠤ ᠪᠣᠯᠬᠤ ᠥᠭᠡᠢ᠃

  ᠳᠥᠴᠢᠨ ᠨᠠᠢᠮᠠᠳᠤᠭᠠᠷ ᠵᠦᠢᠯ    ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠨᠢ ᠲᠣᠰ ᠨᠠᠷᠢᠨ ᠲᠦᠷᠢᠮ ᠡᠴᠠ ᠵᠥᠷᠢᠴᠡᠭᠰᠡᠨ ᠠᠵᠢᠯᠯᠠᠭ᠎ᠠ ᠶᠢᠨ ᠰᠦᠪᠡᠭᠴᠢ ᠶᠢ ᠣᠯᠵᠤ ᠮᠡᠳᠡᠪᠡᠯ᠂ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠴᠠᠭ ᠲᠤᠬᠠᠶ ᠳᠤ ᠨᠢ ᠰᠢᠯᠵᠢᠭᠦᠯᠦᠨ ᠬᠦᠷᠭᠡᠵᠦ ᠰᠢᠢᠳᠪᠦᠷᠢᠯᠡᠭᠦᠯᠬᠦ ᠬᠡᠷᠡᠭᠲᠡᠶ᠃

  ᠳᠥᠴᠢ ᠶᠢᠰᠦᠳᠦᠭᠡᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠬᠠᠤᠯᠢ ᠲᠣᠭᠲᠠᠭᠠᠯ ᠡᠴᠠ ᠵᠥᠷᠢᠴᠡᠨ ᠡᠵᠡᠩᠨᠡᠭᠰᠡᠨ ᠪᠤᠶᠤ ᠬᠦᠨᠳᠦ ᠶᠡᠭᠡ ᠲᠦᠭᠰᠢᠭᠦᠷᠢ ᠭᠠᠷᠴᠤ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠡᠮᠬᠢ ᠳᠢᠭ᠍ᠯᠢᠮ ᠳᠤ ᠬᠦᠨᠳᠦ ᠨᠣᠴᠢᠲᠠᠶ ᠬᠤᠤᠷ ᠬᠥᠨᠥᠭᠡᠯ ᠤᠴᠠᠷᠠᠭᠤᠯᠵᠤ᠂ ᠪᠠᠯᠠ ᠣᠷᠣᠭᠤᠯᠤᠭᠴᠢᠳ ᠤᠨ ᠠᠰᠢᠭ ᠲᠤᠰᠠ ᠶᠢ ᠬᠤᠬᠢᠷᠠᠭᠤᠯᠤᠭᠰᠠᠨ ᠪᠠᠶᠢᠪᠠᠯ᠂ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠡᠴᠠ ᠵᠠᠷᠯᠢᠭᠳᠠᠵᠤ ᠪᠠᠶᠢᠭᠠᠳ ᠠᠵᠢᠯ ᠢ ᠨᠢ ᠵᠣᠭᠰᠣᠭᠠᠨ ᠴᠡᠭᠴᠡᠯᠡᠭᠦᠯᠬᠦ ᠶᠢᠨ ᠬᠠᠮᠲᠤ ᠬᠤᠯᠪᠣᠭᠳᠠᠯ ᠪᠥᠬᠦᠶ ᠬᠠᠷᠢᠭᠤᠴᠠᠯᠭᠠᠲᠠᠨ ᠢ ᠨᠢ ᠰᠣᠯᠢᠭᠤᠯᠬᠤ ᠬᠡᠷᠡᠭᠲᠡᠶ᠃

  ᠲᠠᠪᠢᠳᠤᠭᠠᠷ ᠵᠦᠢᠯ    ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠡᠴᠠ ᠠᠵᠢᠯᠯᠠᠨ ᠡᠵᠡᠩᠨᠡᠬᠦ ᠪᠠᠶᠢᠭᠤᠯᠤᠮᠵᠢ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠤᠯᠪᠣᠭᠳᠠᠯ ᠪᠥᠬᠦᠶ ᠣᠷᠣᠯᠴᠠᠭᠴᠢ ᠵᠢᠴᠢ ᠬᠠᠮᠢᠶ᠎ᠠ ᠪᠥᠬᠦᠶ ᠬᠥᠮᠦᠰ ᠲᠤ ︽ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠤᠷᠰᠢᠨ ᠬᠡᠷᠡᠭᠵᠢᠭᠦᠯᠬᠦ ᠠᠷᠭ᠎ᠠ ︾ ᠪᠠ ᠲᠣᠰ ᠨᠠᠷᠢᠨ ᠲᠦᠷᠢᠮ ᠡᠴᠠ ᠵᠥᠷᠢᠴᠡᠭᠰᠡᠨ ᠦᠢᠯᠡ ᠠᠵᠢᠯᠯᠠᠭ᠎ᠠ ᠣᠷᠣᠰᠢᠵᠤ ᠪᠠᠶᠢᠬᠤ ᠶᠢ ᠣᠯᠵᠤ ᠮᠡᠳᠡᠪᠡᠯ᠂ ᠬᠠᠤᠯᠢ ᠲᠣᠭᠲᠠᠭᠠᠯ ᠶᠣᠰᠣᠭᠠᠷ ᠲᠡᠭᠦᠨ ᠢ ᠵᠠᠷᠯᠢᠭᠳᠠᠨ ᠵᠠᠯᠠᠷᠠᠭᠤᠯᠤᠭᠤᠯᠬᠤ᠂ ᠬᠢᠨᠠᠨ ᠬᠠᠮᠢᠶᠠᠷᠴᠤ ᠶᠠᠷᠢᠯᠴᠠᠬᠤ᠂ ᠰᠡᠷᠡᠮᠵᠢᠯᠡᠭᠦᠯᠬᠦ ᠵᠠᠬᠢᠳᠠᠯ ᠭᠠᠷᠭᠠᠬᠤ᠂ ᠵᠠᠷᠯᠢᠭᠳᠠᠵᠤ ᠪᠠᠶᠢᠭᠠᠳ ᠪᠣᠯᠪᠠᠰᠤᠷᠠᠯ ᠳᠤ ᠣᠷᠣᠯᠴᠠᠭᠤᠯᠬᠤ᠂ ᠵᠠᠷᠯᠢᠭᠳᠠᠵᠤ ᠪᠠᠶᠢᠭᠠᠳ ᠲᠣᠭᠲᠠᠮᠠᠯ ᠬᠤᠭᠤᠴᠠᠭ᠎ᠠ ᠲᠠᠢ ᠪᠠᠷ ᠮᠡᠳᠡᠭᠦᠯᠦᠭᠦᠯᠬᠦ᠂ ᠲᠣᠬᠢᠷᠠᠮᠵᠢ ᠦᠭᠡᠢ ᠵᠢᠱᠢᠭᠳᠡᠭᠴᠢ ᠪᠠᠷ ᠮᠠᠭᠠᠳᠯᠠᠨ ᠲᠣᠭᠲᠠᠭᠠᠬᠤ ᠵᠡᠷᠭᠡ ᠬᠢᠨᠠᠯᠲᠠ ᠬᠠᠮᠢᠶᠠᠷᠤᠯᠲᠠ ᠶᠢᠨ ᠠᠷᠭ᠎ᠠ ᠬᠡᠮᠵᠢᠶ᠎ᠡ ᠠᠪᠬᠤ ᠬᠡᠷᠡᠭᠲᠡᠶ︔ ᠬᠢᠨᠠᠯᠲᠠ ᠬᠠᠮᠢᠶᠠᠷᠤᠯᠲᠠ ᠶᠢᠨ ᠳᠤᠮᠳᠠ ᠢᠯᠡᠷᠡᠭᠦᠯᠦᠭᠰᠡᠨ ᠥᠪᠡᠷ ᠢ ᠪᠠᠨ ᠱᠠᠭᠠᠷᠳᠠᠬᠤ ᠬᠢᠨᠠᠯᠲᠠ ᠬᠠᠮᠢᠶᠠᠷᠤᠯᠲᠠ ᠶᠢᠨ ᠠᠶ ᠳᠤ ᠬᠤᠯᠪᠣᠭᠳᠠᠭᠰᠠᠨ ᠠᠰᠠᠭᠤᠳᠠᠯ ᠢ ᠠᠵᠢᠯᠯᠠᠨ ᠡᠵᠡᠩᠨᠡᠬᠦ ᠪᠠᠶᠢᠭᠤᠯᠤᠮᠵᠢ ᠳᠤ ᠰᠢᠯᠵᠢᠭᠦᠯᠦᠨ ᠲᠤᠰᠢᠶᠠᠵᠤ ᠰᠢᠢᠳᠪᠦᠷᠢᠯᠡᠭᠦᠯᠦᠨ᠎ᠡ︔ ᠬᠠᠤᠯᠢ ᠶᠣᠰᠣᠭᠠᠷ ᠵᠠᠰᠠᠭ ᠵᠠᠬᠢᠷᠭᠠᠨ ᠤ ᠰᠢᠢᠳᠬᠡᠯ ᠥᠭᠬᠦ ᠶᠣᠰᠣᠲᠠᠶ ᠶᠢ ᠨᠢ ᠳᠣᠩᠭᠤᠳᠬᠤ ᠶᠢᠨ ᠬᠠᠮᠲᠤ᠂ 3 ᠲᠦᠮᠡᠨ ᠲᠥᠭᠦᠷᠢᠭ ᠡᠴᠠ ᠳᠣᠷᠣᠭᠰᠢᠬᠢ ᠵᠣᠭᠤᠰ ᠢᠶᠠᠷ ᠲᠣᠷᠭᠠᠨ᠎ᠠ᠃

  ᠲᠤᠰ ᠨᠠᠷᠢᠨ ᠲᠥᠷᠢᠮ ᠤᠨ ᠲᠣᠭᠲᠠᠭᠠᠯ ᠡᠴᠠ ᠵᠥᠷᠢᠴᠡᠭᠰᠡᠨ ᠥᠢᠯᠡ ᠠᠵᠢᠯᠯᠠᠭ᠎ᠠ ᠳᠤ ᠬᠠᠤᠯᠢ ᠴᠠᠭᠠᠵᠠ᠂ ᠬᠠᠤᠯᠢ ᠲᠣᠭᠲᠠᠭᠠᠯ᠂ ᠲᠣᠭᠲᠠᠭᠠᠯ ᠲᠥᠷᠢᠮ ᠳᠤ ᠠᠰᠲᠠᠭᠠᠨ ᠲᠣᠭᠲᠠᠭᠠᠯ ᠲᠠᠢ ᠪᠠᠶᠢᠪᠠᠯ᠂ ᠲᠡᠷᠡ ᠲᠣᠭᠲᠠᠭᠠᠯ ᠶᠣᠰᠣᠭᠠᠷ ᠰᠢᠢᠳᠪᠦᠷᠢᠯᠡᠨ᠎ᠡ᠃

  ᠲᠠᠪᠢᠨ ᠨᠢᠭᠡᠳᠦᠭᠡᠷ ᠵᠦᠢᠯ   ᠲᠤᠰ ᠨᠠᠷᠢᠨ ᠲᠥᠷᠢᠮ ᠤᠨ ᠲᠣᠭᠲᠠᠭᠠᠯ ᠡᠴᠠ ᠵᠥᠷᠢᠴᠡᠨ ᠲᠡᠮᠳᠡᠭᠲᠦ ᠲᠠᠷᠬᠠᠭᠠᠬᠤ ᠪᠠ ᠰᠢᠯᠵᠢᠭᠦᠯᠦᠨ ᠥᠭᠬᠦ ᠠᠵᠢᠯᠯᠠᠭ᠎ᠠ ᠶᠢ ᠵᠣᠬᠢᠶᠠᠨ ᠪᠠᠶᠢᠭᠤᠯᠤᠭᠰᠠᠨ᠂ ᠡᠰᠡᠬᠦᠯ᠎ᠡ ᠲᠤᠰ ᠨᠠᠷᠢᠨ ᠲᠥᠷᠢᠮ ᠤᠨ ᠲᠣᠭᠲᠠᠭᠠᠯ ᠡᠴᠠ ᠵᠥᠷᠢᠴᠡᠨ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠠᠬᠢ ᠠᠵᠢᠯᠯᠠᠭ᠎ᠠ ᠶᠢ ᠳᠤᠷ᠎ᠠ ᠪᠠᠷ ᠢᠶᠠᠨ ᠵᠣᠬᠢᠶᠠᠨ ᠪᠠᠶᠢᠭᠤᠯᠵᠤ ᠥᠷᠨᠢᠭᠦᠯᠦᠭᠰᠡᠨ ᠳᠤ ︽ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠤᠷᠰᠢᠨ ᠬᠡᠷᠡᠭᠵᠢᠭᠦᠯᠬᠦ ᠠᠷᠭ᠎ᠠ ︾ ᠶᠢᠨ ᠲᠣᠭᠲᠠᠭᠠᠯ ᠶᠣᠰᠣᠭᠠᠷ ᠢᠯᠭᠠᠷᠠᠭᠤᠯᠤᠨ ᠴᠡᠪᠡᠷᠯᠡᠬᠦ ᠶᠢᠨ ᠬᠠᠮᠲᠤ᠂ ᠬᠠᠤᠯᠢ ᠶᠣᠰᠣᠭᠠᠷ ᠬᠠᠤᠯᠢ ᠴᠠᠭᠠᠵᠠ ᠶᠢᠨ ᠬᠠᠷᠢᠭᠤᠴᠠᠯᠭ᠎ᠠ ᠨᠡᠬᠡᠮᠵᠢᠯᠡᠨ᠎ᠡ᠃

  ᠲᠠᠪᠢᠨ ᠬᠤᠶᠠᠳᠤᠭᠠᠷ ᠵᠦᠢᠯ   ᠥᠪᠥᠷ ᠮᠣᠩᠭᠤᠯ ᠤᠨ ᠲᠡᠮᠳᠡᠭᠲᠦ ᠵᠢᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠨᠢ ᠣᠷᠣᠨ ᠪᠦᠰᠡ ᠵᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠠᠮᠤᠷ ᠲᠦᠪᠰᠢᠨ ᠵᠢᠷᠤᠮᠵᠢᠯ ᠲᠠᠢ ᠠᠵᠢᠯᠯᠠᠭᠠᠨ ᠤ ᠪᠠᠢᠢᠳᠠᠯ᠂ ᠲᠦᠭᠰᠢᠭᠦᠷᠢ ᠶᠢᠨ ᠬᠠᠮᠢᠶᠠᠷᠤᠯᠲᠠ ᠶᠢᠨ ᠴᠢᠳᠠᠪᠤᠷᠢ ᠵᠡᠷᠭᠡ ᠵᠢ ᠬᠢᠨᠠᠨ ᠰᠢᠨᠵᠢᠵᠦ ᠦᠨᠡᠯᠡᠨ ᠵᠢᠱᠢᠵᠦ ᠪᠣᠯᠤᠨ᠎ᠠ᠃ ᠦᠨᠡᠯᠡᠨ ᠵᠢᠱᠢᠭᠰᠡᠨ ᠦᠷ᠎ᠡ ᠳ᠋ᠦᠩ ᠢ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠤᠷᠢᠳ ᠢᠶᠠᠷ ᠬᠡᠷᠡᠭᠵᠢᠭᠦᠯᠦᠨ ᠤᠷᠢᠳ ᠢᠶᠠᠷ ᠲᠤᠷᠰᠢᠬᠤ ᠬᠠᠮᠢᠶ᠎ᠠ ᠪᠦᠬᠦᠢ ᠲᠤᠬᠠᠶᠢᠯᠠᠭᠰᠠᠨ ᠠᠵᠢᠯ ᠢ ᠥᠷᠨᠢᠭᠦᠯᠬᠦ ᠶᠢᠨ ᠬᠢᠴᠢᠶᠡᠮᠵᠢ ᠪᠣᠯᠭᠤᠮᠵᠢᠲᠠᠶ ᠨᠥᠬᠦᠴᠡᠯ ᠪᠣᠯᠭᠠᠬᠤ ᠬᠡᠷᠡᠭᠲᠡᠶ᠃

  ᠳᠣᠯᠣᠳᠤᠭᠠᠷ ᠪᠦᠯᠦᠭ    ᠵᠠᠬ᠎ᠠ ᠳᠡᠯᠭᠡᠭᠦᠷ ᠤᠨ ᠥᠪᠡᠷ ᠢ ᠪᠠᠨ ᠱᠠᠭᠠᠷᠳᠠᠬᠤ

  ᠲᠠᠪᠢᠨ ᠭᠤᠷᠪᠠᠳᠤᠭᠠᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠣᠷᠣᠨ ᠪᠦᠰᠡ ᠶᠢᠨ ᠴᠢᠨᠠᠷᠲᠠᠢ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠤᠨ ᠢᠲᠡᠭᠡᠮᠵᠢ ᠶᠢᠨ ᠲᠠᠩᠰᠠ ᠡᠪᠬᠡᠮᠡᠯ ᠪᠠᠶᠢᠭᠤᠯᠬᠤ ᠶᠢᠨ ᠬᠠᠮᠲᠤ ᠲᠣᠭᠲᠠᠭᠠᠯ ᠶᠣᠰᠣᠭᠠᠷ ᠢᠲᠡᠭᠡᠮᠵᠢ ᠶᠢᠨ ᠮᠡᠳᠡᠭᠡ ᠵᠠᠩᠭᠢ ᠶᠢ ᠪᠠᠶᠢᠴᠠᠭᠠᠨ ᠯᠠᠪᠯᠠᠬᠤ ᠪᠠ ᠨᠡᠢᠢᠲᠡ ᠳᠤ ᠵᠠᠷᠯᠠᠬᠤ ᠶᠢ ᠬᠠᠩᠭᠠᠬᠤ ᠬᠡᠷᠡᠭᠲᠡᠢ᠃

  ᠠᠵᠢᠯᠯᠠᠨ ᠡᠵᠡᠩᠨᠡᠬᠦ ᠪᠠᠶᠢᠭᠤᠯᠤᠮᠵᠢ᠂ ᠳᠡᠩᠰᠡᠯᠡᠵᠦ ᠳ᠋ᠦᠩᠨᠡᠨ ᠪᠤᠳᠤᠬᠤ ᠪᠠᠶᠢᠭᠤᠯᠤᠮᠵᠢ ᠪᠣᠯᠤᠨ ᠪᠤᠰᠤᠳ ᠣᠷᠣᠯᠴᠠᠭᠴᠢ ᠵᠢᠴᠢ ᠬᠠᠮᠢᠶ᠎ᠠ ᠪᠥᠬᠦᠶ ᠬᠥᠮᠦᠰ ᠤᠨ ᠢᠲᠡᠭᠡᠮᠵᠢ ᠶᠢᠨ ᠮᠡᠳᠡᠭᠡ ᠵᠠᠩᠭᠢ ᠶᠢ ᠬᠠᠮᠲᠤ ᠳᠤ ᠨᠢ ᠲᠣᠭᠲᠠᠭᠠᠯ ᠶᠣᠰᠣᠭᠠᠷ ᠳᠤᠮᠳᠠᠳᠤ ᠤᠯᠤᠰ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠤᠨ ᠲᠡᠮᠳᠡᠭᠲᠦ ᠶᠢᠨ ᠬᠤᠭᠤᠴᠠᠭᠠᠲᠤ ᠪᠠᠷᠠᠭᠠᠨ ᠤ ᠵᠠᠬ᠎ᠠ ᠳᠡᠯᠭᠡᠭᠦᠷ ᠤᠨ ᠢᠲᠡᠭᠡᠮᠵᠢ ᠶᠢᠨ ᠲᠠᠩᠰᠠ ᠡᠪᠬᠡᠮᠡᠯ ᠤᠨ ᠳ᠋ᠠᠶᠢᠲ᠋ᠠ ᠬᠥᠮᠥᠷᠭᠡ ᠳᠤ ᠲᠡᠮᠳᠡᠭᠯᠡᠨ ᠣᠷᠣᠭᠤᠯᠬᠤ ᠬᠡᠷᠡᠭᠲᠡᠶ᠃

  ᠲᠠᠪᠢᠨ ᠳᠥᠷᠪᠡᠳᠦᠭᠡᠷ ᠵᠦᠢᠯ   ᠠᠵᠢᠯᠯᠠᠨ ᠡᠵᠡᠩᠨᠡᠬᠦ ᠪᠠᠶᠢᠭᠤᠯᠤᠮᠵᠢ ᠨᠢ ᠥᠪᠡᠷ ᠢ ᠪᠠᠨ ᠱᠠᠭᠠᠷᠳᠠᠬᠤ ᠬᠠᠮᠢᠶᠠᠷᠤᠯᠲᠠ ᠶᠢᠨ ᠲᠦᠷᠢᠮ ᠢ ᠲᠣᠭᠲᠠᠭᠠᠬᠤ ᠶᠢᠨ ᠬᠠᠮᠲᠤ ᠬᠡᠷᠡᠭᠵᠢᠭᠦᠯᠵᠦ᠂ ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠲᠤ ᠣᠷᠣᠯᠴᠠᠭᠰᠠᠳ ᠤᠨ ᠦᠢᠯᠡ ᠠᠵᠢᠯᠯᠠᠭ᠎ᠠ ᠶᠢ ᠵᠢᠷᠤᠮᠵᠢᠭᠤᠯᠤᠨ᠂ ᠲᠣᠭᠲᠠᠭᠠᠯ ᠡᠴᠠ ᠵᠥᠷᠢᠴᠡᠭᠰᠡᠳ ᠲᠤ ᠥᠪᠡᠷ ᠢ ᠪᠠᠨ ᠱᠠᠭᠠᠷᠳᠠᠬᠤ ᠬᠠᠮᠢᠶᠠᠷᠤᠯᠲᠠ ᠶᠢᠨ ᠠᠷᠭ᠎ᠠ ᠬᠡᠮᠵᠢᠶ᠎ᠡ ᠠᠪᠬᠤ ᠶᠢᠨ ᠬᠠᠮᠲᠤ᠂ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ᠂ ᠥᠪᠥᠷ ᠮᠣᠩᠭᠤᠯ ᠤᠨ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠬᠦ ᠬᠡᠷᠡᠭᠲᠡᠢ᠃

  ᠲᠠᠪᠢᠨ ᠲᠠᠪᠤᠳᠤᠭᠠᠷ ᠵᠦᠢᠯ   ᠡᠵᠡᠩᠨᠡᠯᠲᠡ ᠶᠢᠨ ᠪᠠᠶᠢᠭᠤᠯᠤᠮᠵᠢ ᠨᠢ ᠵᠠᠭᠠᠯᠳᠤᠯᠭ᠎ᠠ ᠶᠢ ᠰᠢᠢᠳᠪᠦᠷᠢᠯᠡᠬᠦ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠠᠯᠪᠠᠨ ᠤ ᠰᠦᠯᠵᠢᠶᠡᠨ ᠦᠷᠳᠡᠭᠡ ᠶᠢᠨ ᠳᠤᠷᠠᠶᠢᠮ᠎ᠠ ᠣᠷᠣᠨ ᠪᠠᠶᠢᠷᠢᠨ ᠳᠤ ᠵᠠᠭᠠᠯᠳᠤᠬᠤ ᠤᠲᠠᠰᠤ ᠵᠢᠴᠢ ᠪᠤᠰᠤᠳ ᠵᠠᠭᠠᠯᠳᠤᠬᠤ ᠠᠷᠭ᠎ᠠ ᠵᠠᠮ ᠢ ᠢᠯᠡ ᠨᠡᠢᠢᠲᠡᠯᠡᠨ᠂ ᠲᠤᠰᠬᠠᠶ ᠬᠥᠮᠦᠨ ᠲᠣᠬᠢᠷᠠᠭᠤᠯᠤᠨ ᠵᠠᠭᠠᠯᠳᠤᠯᠭ᠎ᠠ ᠶᠢᠨ ᠵᠦᠢᠯᠡᠰ ᠢ ᠬᠦᠯᠢᠶᠡᠨ ᠠᠪᠤᠭᠤᠯᠬᠤ ᠪᠠ ᠰᠢᠢᠳᠪᠦᠷᠢᠯᠡᠭᠦᠯᠵᠦ᠂ ᠵᠠᠭᠠᠯᠳᠤᠯᠭ᠎ᠠ ᠶᠢᠨ ᠠᠷᠭ᠎ᠠ ᠵᠠᠮ ᠤᠨ ᠰᠠᠭᠠᠳ ᠦᠭᠡᠢ ᠨᠡᠪᠲᠡᠷᠡᠬᠦ ᠶᠢ ᠦᠨᠡᠨ ᠬᠦ ᠪᠠᠲᠤᠯᠠᠨ᠂ ᠵᠠᠭᠠᠯᠳᠤᠯᠭ᠎ᠠ ᠵᠢ ᠴᠠᠭ ᠲᠤᠬᠠᠶ ᠳᠤ ᠨᠢ ᠲᠣᠬᠢᠲᠠᠶ ᠰᠢᠢᠳᠪᠦᠷᠢᠯᠡᠵᠦ᠂ ᠪᠡᠯᠡ ᠣᠷᠣᠭᠤᠯᠤᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠬᠡᠷᠡᠭᠲᠡᠶ᠃

  ᠨᠠᠢᠮᠠᠳᠤᠭᠠᠷ ᠪᠦᠯᠦᠭ    ᠳᠠᠭᠠᠯᠳᠤᠭᠤᠯᠤᠯ ᠲᠦᠷᠢᠮ

  ᠲᠠᠪᠢᠨ ᠵᠢᠷᠭᠤᠳᠤᠭᠠᠷ ᠵᠦᠢᠯ    ᠣᠷᠣᠨ ᠪᠦᠰᠡ ᠶᠢᠨ ᠴᠢᠨᠠᠷᠲᠠᠶ ᠰᠲ᠋ᠣᠺ ᠤᠨ ᠡᠷᠬᠡ ᠶᠢᠨ ᠵᠠᠬ᠎ᠠ ᠳᠡᠯᠭᠡᠭᠦᠷ ᠨᠢ ᠥᠪᠡᠷᠲᠡᠭᠡᠨ ᠵᠠᠰᠠᠬᠤ ᠣᠷᠣᠨ ᠤ ᠳᠣᠲᠣᠷᠠᠬᠢ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠳᠤ ᠦᠢᠯᠡᠴᠢᠯᠡᠭᠡ ᠬᠠᠩᠭᠠᠭᠰᠠᠨ ᠪᠠᠶᠢᠪᠠᠯ᠂ ᠲᠤᠰ ᠨᠠᠷᠢᠨ ᠳᠦᠷᠢᠮ ᠢ ᠯᠠᠪᠯᠠᠯᠲᠠ ᠪᠣᠯᠭᠠᠨ ᠬᠡᠷᠡᠭᠯᠡᠨ᠎ᠡ᠃

  ᠲᠠᠪᠢᠨ ᠳᠣᠯᠣᠳᠤᠭᠠᠷ ᠵᠦᠢᠯ   ᠲᠣᠰ ᠨᠠᠷᠢᠨ ᠲᠦᠷᠢᠮ ᠢ ᠬᠡᠷᠡᠭᠵᠢᠭᠦᠯᠬᠦ ᠶᠠᠪᠤᠴᠠ ᠳᠠᠬᠢ ᠪᠣᠳᠠᠲᠠᠶ ᠠᠰᠠᠭᠤᠳᠠᠯ ᠢ ᠥᠪᠡᠷᠲᠡᠭᠡᠨ ᠵᠠᠰᠠᠬᠤ ᠣᠷᠣᠨ ᠤ ᠣᠷᠣᠨ ᠨᠤᠲᠤᠭ ᠤᠨ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠡᠴᠠ ᠬᠠᠷᠢᠭᠤᠴᠠᠨ ᠲᠠᠶᠢᠯᠪᠤᠷᠢᠯᠠᠨ᠎ᠠ᠃

  ᠲᠠᠪᠢᠨ ᠨᠠᠢᠮᠠᠳᠤᠭᠠᠷ ᠵᠦᠢᠯ    ᠲᠣᠰ ᠨᠠᠷᠢᠨ ᠲᠦᠷᠢᠮ ᠢ 2023 ᠣᠨ ᠤ 6 ᠳ᠋ᠤᠭᠠᠷ ᠰᠠᠷ᠎ᠠ ᠶᠢᠨ 1 ᠤ ᠡᠳᠦᠷ ᠡᠴᠠ ᠡᠬᠢᠯᠡᠨ ᠬᠡᠷᠡᠭᠵᠢᠭᠦᠯᠦᠨ᠎ᠡ᠃


ᠭᠠᠷ ᠤᠲᠠᠰᠤ ᠪᠠᠷ ᠦᠵᠡᠬᠦ