ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠪᠢᠴᠢᠭ ᠮᠠᠲ᠋ᠧᠷᠢᠶᠠᠯ
ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠷᠭ᠎ᠠ ᠵᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠡᠳᠡᠭᠳᠡᠯ
ᠨᠡᠶᠢᠲᠡᠯᠡᠭᠰᠡᠨ ᠴᠠᠭ᠄ 2024-12-18


    ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ
    ᠠᠷᠠᠳ᠎ᠤᠨ ᠵᠠᠰᠠᠭ᠎ᠤᠨ ᠣᠷᠳᠣᠨ᠎ᠤ ᠪᠢᠴᠢᠭ ᠮᠠᠲ᠋ᠧᠷᠢᠶᠠᠯ
    ᠥᠪᠥᠷ ᠵᠠᠰᠠᠭ ᠲᠠᠷᠬᠠᠭ᠋ᠠᠭᠰᠠᠨ [2024] 27 ᠳ᠋ᠤᠭ᠋ᠠᠷ ᠲᠣᠭ᠋ᠠᠲᠤ
    ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠷᠭ᠎ᠠ ᠵᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠡᠳᠡᠭᠳᠡᠯ
    ᠡᠯ᠎ᠡ ᠠᠶ᠋ᠢᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠣᠮᠣ ᠠᠵᠤ ᠠᠬᠤᠶ᠋ᠢᠯᠠᠯ᠂ ᠠᠵᠢᠯ ᠦᠢ᠍ᠯᠡᠰ᠎ᠤᠨ ᠨᠢᠭᠡᠴᠢ᠎ᠳᠤ᠄
    ᠡᠳᠦᠭᠡ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠷᠭ᠎ᠠ》 ᠵᠢ ᠲᠠ ᠨᠠᠷ᠎ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠢ᠎ᠲᠠᠢ᠎ᠪᠠᠨ ᠤᠶᠠᠯᠳᠤᠭᠤᠯᠤᠨ᠂ ᠬᠢᠨᠠᠮᠠᠭ᠋ᠠᠢ ᠵᠢᠷᠤᠮᠯᠠᠨ ᠬᠡᠷᠡᠭᠵᠢᠭᠦᠯᠲᠦᠭᠡᠢ᠃
   2024 ᠣᠨ᠎ᠤ 10 ᠳ᠋ᠤᠭ᠋ᠠᠷ ᠰᠠᠷ᠎ᠠ ᠵᠢᠨ 16᠎ᠤ ᠡᠳᠦᠷ
   (ᠲᠣᠰ ᠪᠢᠴᠢᠭ ᠮᠠᠲ᠋ᠧᠷᠢᠶᠠᠯ᠎ᠢ ᠢᠯᠡ ᠨᠡᠶ᠋ᠢᠲᠡᠯᠡᠨ᠎ᠡ)
    ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠤ
    ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠷᠭ᠎ᠠ
    ᠨᠢᠭᠡᠳᠦᠭᠡᠷ ᠪᠦᠯᠦᠭ ᠶᠡᠷᠦᠩᠬᠡᠢ ᠳᠦᠷᠢᠮ
    ᠨᠢᠭᠡᠳᠦᠭᠡᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ᠎ᠢ ᠪᠦᠲᠦᠮᠵᠢᠲᠡᠶ ᠰᠡᠷᠭᠡᠶ᠋ᠢᠯᠡᠬᠦ ᠪᠠ ᠲᠣᠬᠢᠲᠠᠢ ᠰᠢᠢ᠍ᠳᠪᠦᠷᠢᠯᠡᠵᠦ᠂ ᠡᠮᠴᠢ ᠪᠠ ᠡᠪᠡᠳᠴᠢᠲᠡᠨ ᠬᠤᠶᠠᠷ ᠲᠠᠯ᠎ᠠ ᠵᠢᠨ ᠬᠠᠤᠯᠢ ᠶᠣᠰᠣᠨ᠎ᠤ ᠡᠷᠬᠡ ᠠᠰᠢᠭ᠎ᠢ ᠬᠠᠮᠠᠭ᠋ᠠᠯᠠᠨ᠂ ᠡᠮᠴᠢ ᠪᠠ ᠡᠪᠡᠳᠴᠢᠲᠡᠨ᠎ᠤ ᠡᠶ᠎ᠡ ᠵᠣᠬᠢᠴᠠᠯ᠎ᠤᠨ ᠬᠠᠷᠢᠴᠠᠭ᠎ᠠ ᠪᠠ ᠡᠮᠴᠢᠯᠡᠭᠡᠨ᠎ᠤ ᠡᠮᠬᠢ ᠵᠢᠷᠤᠮ᠎ᠢ ᠬᠠᠮᠠᠭ᠋ᠠᠯᠠᠵᠤ᠂ ᠡᠮᠴᠢᠯᠡᠭᠡᠨ᠎ᠤ ᠠᠮᠤᠷ ᠲᠦᠪᠰᠢᠨ᠎ᠢ ᠪᠠᠲᠤᠯᠠᠬᠤ ᠵᠢᠨ ᠲᠤᠰᠠᠳᠠ᠂ 《ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠠᠷᠠᠳ᠎ᠤᠨ ᠡᠶᠡᠳᠡᠭᠦᠯᠭᠡ ᠵᠢᠨ ᠬᠠᠤᠯᠢ》᠂ 《ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠦᠨᠳᠦᠰᠦᠨ ᠡᠮᠴᠢᠯᠡᠭᠡ ᠡᠷᠡᠭᠦᠯ ᠬᠠᠮᠠᠭ᠋ᠠᠯᠠᠯ ᠬᠢᠭᠡᠳ ᠡᠷᠡᠭᠦᠯ ᠮᠡᠨᠳᠦ ᠵᠢ ᠠᠬᠢᠭᠤᠯᠬᠤ ᠬᠠᠤᠯᠢ》᠂ 《ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠳᠦᠷᠢᠮ》᠂ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠵᠥᠷᠢᠴᠡᠯ ᠵᠠᠭᠤᠷᠠᠯᠳᠤᠭ᠋ᠠᠨ᠎ᠢ ᠣᠯᠠᠨ ᠡᠰᠢᠵᠢᠭᠦᠯᠦᠨ ᠰᠢᠢ᠍ᠳᠪᠦᠷᠢᠯᠡᠬᠦ ᠳᠦᠷᠢᠮ》 ᠵᠡᠷᠭᠡ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠢ ᠦᠨᠳᠦᠰᠦᠯᠡᠨ᠂ ᠥᠪᠡᠷᠲᠡᠭᠡᠨ ᠵᠠᠰᠠᠬᠤ ᠣᠷᠣᠨ᠎ᠤ ᠪᠣᠳᠠᠲᠠᠢ᠎ᠲᠠᠢ ᠤᠶᠠᠯᠳᠤᠭᠤᠯᠵᠤ᠂ ᠲᠣᠰ ᠠᠷᠭ᠎ᠠ ᠵᠢ ᠲᠣᠭᠲᠠᠭ᠋ᠠᠪᠠ᠃
    ᠬᠤᠶᠠᠳᠤᠭ᠋ᠠᠷ ᠵᠦᠢ᠍ᠯ ᠥᠪᠡᠷᠲᠡᠭᠡᠨ ᠵᠠᠰᠠᠬᠤ ᠣᠷᠣᠨ᠎ᠤ ᠵᠠᠰᠠᠭ ᠵᠠᠬᠢᠷᠭ᠋ᠠᠨ᠎ᠤ ᠣᠷᠣᠨ᠎ᠤ ᠳᠣᠲᠣᠷᠠᠬᠢ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ᠎ᠳᠤ ᠲᠣᠰ ᠠᠷᠭ᠎ᠠ ᠬᠡᠷᠡᠭᠯᠡᠭᠳᠡᠨ᠎ᠡ᠃
    ᠲᠣᠰ ᠠᠷᠭ᠎ᠠ᠎ᠳᠤ ᠬᠡᠯᠡᠵᠦ ᠪᠠᠶ᠋ᠢᠭ᠎ᠠ ᠡᠮᠴᠢᠯᠡᠭᠡᠨ᠎ᠤ ᠵᠠᠭᠤᠷᠠᠯᠳᠤᠭ᠋ᠠᠨ ᠭᠡᠳᠡᠭ᠎ᠨᠢ ᠡᠮᠴᠢ ᠪᠠ ᠡᠪᠡᠳᠴᠢᠲᠡᠨ ᠬᠤᠶᠠᠷ ᠲᠠᠯ᠎ᠠ ᠵᠢᠨ ᠣᠨᠣᠰᠢᠯᠠᠨ ᠡᠮᠨᠡᠬᠦ ᠠᠵᠢᠯᠯᠠᠭ᠎ᠠ᠎ᠠᠴᠠ ᠪᠣᠯᠣᠭᠰᠠᠨ ᠮᠠᠷᠭᠤᠭ᠋ᠠᠨ᠎ᠢ ᠵᠢᠭ᠋ᠠᠵᠤ ᠪᠣᠢ᠃
    ᠡᠮᠴᠢ ᠵᠢᠨ ᠲᠠᠯ᠎ᠠ ᠭᠡᠳᠡᠭ᠎ᠨᠢ ᠡᠮᠴᠢᠯᠡᠭᠡᠨ᠎ᠤ ᠪᠠᠶ᠋ᠢᠭᠤᠯᠤᠮᠵᠢ ᠵᠢᠴᠢ ᠲᠡᠭᠦᠨ᠎ᠤ ᠡᠮᠨᠡᠯᠭᠡ ᠵᠢᠨ ᠠᠵᠢᠯᠲᠠᠨ᠎ᠢ ᠵᠢᠭ᠋ᠠᠵᠤ ᠪᠣᠢ᠂ ᠡᠪᠡᠳᠴᠢᠲᠡᠨ᠎ᠤ ᠲᠠᠯ᠎ᠠ ᠭᠡᠳᠡᠭ᠎ᠨᠢ ᠭᠤᠣᠯᠳᠠᠭᠤ ᠡᠪᠡᠳᠴᠢᠲᠡᠨ ᠵᠢᠴᠢ ᠲᠡᠭᠦᠨ᠎ᠤ ᠣᠶ᠋ᠢᠷ᠎ᠠ ᠲᠥᠷᠥᠯ ᠰᠠᠳᠤᠨ᠂ ᠨᠠᠶ᠋ᠢᠳᠠᠭᠰᠠᠨ ᠣᠷᠣᠯᠠᠭᠴᠢ ᠪᠤᠶᠤ ᠬᠠᠤᠯᠢ᠎ᠳᠤ ᠲᠣᠭᠲᠠᠭ᠋ᠠᠭᠰᠠᠨ ᠣᠷᠣᠯᠠᠭᠴᠢ ᠵᠡᠷᠭᠡ ᠬᠠᠮᠢᠶ᠎ᠠ ᠪᠦᠬᠦᠢ ᠬᠥᠮᠥᠰ᠎ᠢ ᠵᠢᠭ᠋ᠠᠵᠤ ᠪᠣᠢ᠃
    ᠭᠤᠷᠪᠠᠳᠤᠭ᠋ᠠᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠵᠢᠯ᠎ᠨᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ᠎ᠪᠠᠷ ᠠᠵᠢᠯ᠎ᠤᠨ ᠭᠤᠣᠯ ᠰᠢᠵᠢᠮ ᠪᠣᠯᠭ᠋ᠠᠬᠤ ᠵᠢ ᠪᠠᠷᠢᠮᠲᠠᠯᠠᠵᠤ᠂ ᠠᠷᠠᠳ ᠲᠦᠮᠡᠨ ᠵᠶ᠋ᠠᠷ ᠭᠤᠣᠯ ᠪᠣᠯᠭ᠋ᠠᠬᠤ ᠬᠥᠭᠵᠢᠯᠲᠡ ᠵᠢᠨ ᠦᠵᠡᠯ ᠰᠠᠨᠠᠭ᠎ᠠ ᠵᠢ ᠪᠠᠷᠢᠮᠲᠠᠯᠠᠨ᠂ ᠰᠢᠨ᠎ᠡ ᠴᠠᠭ ᠦᠶ᠎ᠡ ᠵᠢᠨ 《ᠹᠧᠩᠴᠢᠶᠣᠣ ᠵᠢᠨ ᠲᠤᠷᠰᠢᠯᠭ᠎ᠠ》 ᠵᠢ ᠪᠠᠷᠢᠮᠲᠠᠯᠠᠨ ᠬᠥᠭᠵᠢᠭᠦᠯᠬᠦ ᠬᠡᠷᠡᠭᠲᠡᠢ᠃
    ᠳᠥᠷᠪᠡᠳᠦᠭᠡᠷ ᠵᠦᠢ᠍ᠯ ᠡᠮᠴᠢ ᠵᠢᠨ ᠲᠠᠯ᠎ᠠ ᠵᠢᠨ᠎ᠬᠢᠨ ᠵᠠᠩᠭᠢᠯᠠᠭ᠎ᠠ ᠵᠢᠨ ᠠᠵᠢᠯ ᠵᠶ᠋ᠠᠨ ᠤᠷᠢᠳᠴᠢᠯᠠᠨ ᠭᠦᠢ᠍ᠴᠡᠳᠬᠡᠵᠦ᠂ ᠣᠨᠣᠰᠢᠯᠠᠨ ᠡᠮᠨᠡᠬᠦ ᠠᠵᠢᠯᠯᠠᠭ᠎ᠠ᠎ᠪᠠᠨ ᠵᠢᠷᠤᠮᠵᠢᠭᠤᠯᠤᠨ᠂ ᠡᠮᠴᠢᠯᠡᠭᠡᠨ᠎ᠤ ᠦᠢ᠍ᠯᠡᠴᠢᠯᠡᠭᠡ᠎ᠪᠠᠨ ᠰᠠᠶ᠋ᠢᠵᠢᠷᠠᠭᠤᠯᠵᠤ᠂ ᠡᠮᠴᠢᠯᠡᠭᠡᠨ᠎ᠤ ᠶᠠᠰᠤ ᠴᠢᠨᠠᠷ ᠵᠶ᠋ᠠᠨ ᠳᠡᠭᠡᠭᠰᠢᠯᠡᠭᠦᠯᠦᠨ᠂ ᠲᠦᠭᠰᠢᠭᠦᠷᠢ ᠵᠢᠨ ᠬᠠᠮᠢᠶᠠᠷᠤᠯᠲᠠ᠎ᠪᠠᠨ ᠴᠢᠩᠭ᠋ᠠᠳᠬᠠᠵᠤ᠂ ᠲᠦᠭᠰᠢᠭᠦᠷᠢ ᠵᠢᠨ ᠭᠡᠮ ᠰᠣᠭᠤᠭ᠎ᠢ ᠴᠠᠭ ᠲᠤᠬᠠᠢ᠎ᠳᠤ᠎ᠨᠢ ᠠᠷᠢᠯᠭ᠋ᠠᠨ᠂ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠨ ᠪᠠᠭ᠋ᠠᠰᠬᠠᠬᠤ ᠬᠡᠷᠡᠭᠲᠡᠢ᠃
    ᠲᠠᠪᠤᠳᠤᠭ᠋ᠠᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ᠎ᠢ ᠰᠢᠢ᠍ᠳᠪᠦᠷᠢᠯᠡᠬᠦ᠎ᠳᠤ ᠬᠠᠷᠢᠶ᠎ᠠ ᠭᠠᠵᠠᠷ ᠬᠠᠷᠢᠭᠤᠴᠠᠬᠤ᠂ ᠡᠷᠬᠡ ᠲᠡᠭᠰᠢ ᠲᠥᠪ ᠭᠤᠤᠯᠴᠢ᠂ ᠴᠠᠭ ᠲᠤᠬᠠᠢ᠎ᠳᠤ᠎ᠨᠢ ᠮᠥᠷᠲᠡᠭᠡᠨ ᠠᠷᠠᠳ᠎ᠲᠤ ᠳᠥᠭᠦᠮ ᠦᠵᠡᠭᠦᠯᠬᠦ ᠵᠠᠷᠴᠢᠮ᠎ᠢ ᠵᠢᠷᠤᠮᠯᠠᠵᠤ᠂ ᠪᠣᠳᠠᠲᠤ ᠬᠡᠷᠡᠭ᠎ᠢ᠎ᠨᠢ ᠲᠣᠳᠣᠷᠬᠠᠢ ᠪᠣᠯᠭ᠋ᠠᠬᠤ᠂ ᠴᠢᠨᠠᠷ ᠲᠣᠭᠲᠠᠭ᠋ᠠᠯᠲᠠ ᠵᠢ᠎ᠨᠢ ᠣᠨᠣᠪᠴᠢᠲᠠᠢ ᠪᠠᠶ᠋ᠢᠯᠭ᠋ᠠᠬᠤ᠂ ᠬᠠᠷᠢᠭᠤᠴᠠᠯᠭ᠎ᠠ ᠵᠢ᠎ᠨᠢ ᠲᠣᠳᠣᠷᠬᠠᠢ ᠪᠠᠶ᠋ᠢᠯᠭ᠋ᠠᠬᠤ᠂ ᠬᠠᠤᠯᠢ ᠶᠣᠰᠣᠭ᠋ᠠᠷ ᠰᠢᠢ᠍ᠳᠪᠦᠷᠢᠯᠡᠬᠦ ᠵᠢ ᠪᠡᠶᠡᠯᠡᠭᠦᠯᠬᠦ ᠬᠡᠷᠡᠭᠲᠡᠢ᠃
    ᠵᠢᠷᠭᠤᠳᠤᠭ᠋ᠠᠷ ᠵᠦᠢ᠍ᠯ ᠬᠤᠰᠢᠭᠤ ᠰᠢᠶᠠᠨ᠎ᠤ ᠱᠠᠲᠤᠨ᠎ᠠᠴᠠ ᠳᠡᠭᠡᠭᠰᠢᠬᠢ ᠵᠠᠰᠠᠭ᠎ᠤᠨ ᠣᠷᠳᠣᠨ ᠵᠶ᠋ᠠᠷ ᠭᠤᠣᠯᠯᠠᠨ ᠵᠢᠯᠣᠭᠤᠳᠤᠭᠤᠯᠤᠭᠰᠠᠨ᠂ ᠰᠠᠯᠠᠭ᠎ᠠ ᠮᠥᠴᠢᠷ᠎ᠤᠳ ᠬᠠᠮᠵᠢᠯᠴᠠᠨ ᠠᠵᠢᠯᠯᠠᠭᠰᠠᠨ᠂ ᠨᠡᠶ᠋ᠢᠭᠡᠮ᠎ᠤᠨ᠎ᠬᠢᠨ ᠬᠠᠮᠲᠤᠷᠠᠨ ᠬᠠᠮᠵᠢᠯᠴᠠᠭᠰᠠᠨ ᠡᠮᠴᠢᠯᠡᠭᠡᠨ᠎ᠤ ᠵᠠᠭᠤᠷᠠᠯᠳᠤᠭ᠋ᠠᠨ᠎ᠢ ᠰᠢᠢ᠍ᠳᠪᠦᠷᠢᠯᠡᠬᠦ ᠲᠣᠭᠲᠠᠴᠠ ᠵᠢ ᠪᠠᠶ᠋ᠢᠭᠤᠯᠤᠨ ᠲᠡᠭᠦᠯᠳᠡᠷᠵᠢᠭᠦᠯᠵᠦ᠂ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠵᠢᠯ᠎ᠢ ᠠᠮᠤᠭᠤᠯᠠᠩᠲᠤ ᠪᠠᠶ᠋ᠢᠭᠤᠯᠤᠯᠲᠠ ᠵᠢᠨ ᠰᠢᠯᠭ᠋ᠠᠨ ᠬᠢᠨᠠᠵᠤ ᠦᠨᠡᠯᠡᠬᠦ ᠲᠣᠭᠲᠠᠯᠴᠠᠭ᠎ᠠ᠎ᠳᠤ ᠣᠷᠣᠭᠤᠯᠬᠤ ᠬᠡᠷᠡᠭᠲᠡᠢ᠃
    ᠳᠣᠯᠣᠳᠤᠭ᠋ᠠᠷ ᠵᠦᠢ᠍ᠯ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠳ ᠡᠮᠴᠢᠯᠡᠭᠡᠨ᠎ᠤ ᠶᠠᠰᠤ ᠴᠢᠨᠠᠷ ᠪᠠ ᠠᠮᠤᠷ ᠲᠦᠪᠰᠢᠨ᠎ᠢ ᠬᠢᠨᠠᠨ ᠬᠠᠮᠢᠶᠠᠷᠬᠤ᠂ ᠡᠮᠴᠢᠯᠡᠭᠡᠨ᠎ᠤ ᠵᠠᠭᠤᠷᠠᠯᠳᠤᠭ᠋ᠠᠨ᠎ᠳᠤ ᠵᠠᠰᠠᠭ ᠵᠠᠬᠢᠷᠭ᠋ᠠᠨ᠎ᠤ ᠡᠶᠡᠳᠡᠭᠦᠯᠭᠡ ᠬᠢᠬᠦ᠂ ᠡᠮᠴᠢᠯᠡᠭᠡᠨ᠎ᠤ ᠠᠳᠡᠯ᠎ᠤᠨ ᠵᠠᠰᠠᠭ ᠵᠠᠬᠢᠷᠭ᠋ᠠᠨ᠎ᠤ ᠪᠠᠶ᠋ᠢᠴᠠᠭ᠋ᠠᠨ ᠰᠢᠢ᠍ᠳᠪᠦᠷᠢᠯᠡᠬᠦ ᠡᠭᠦᠷᠭᠡ ᠴᠢᠳᠠᠪᠤᠷᠢ᠎ᠪᠠᠨ ᠭᠦᠢ᠍ᠴᠡᠳᠬᠡᠵᠦ᠂ ᠡᠮᠴᠢᠯᠡᠭᠡᠨ᠎ᠤ ᠪᠠᠶ᠋ᠢᠭᠤᠯᠤᠮᠵᠢ ᠵᠢ ᠵᠢᠭ᠋ᠠᠨ ᠵᠢᠯᠤᠭᠤᠳᠬᠤ ᠪᠠ ᠬᠢᠨᠠᠯᠲᠠ ᠲᠠᠯᠪᠢᠵᠤ ᠪᠠᠶ᠋ᠢᠭ᠋ᠠᠳ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠵᠢᠯ᠎ᠢ ᠰᠠᠶ᠋ᠢᠲᠤᠷ ᠬᠢᠯᠭᠡᠵᠦ᠂ ᠡᠮᠴᠢ ᠪᠠ ᠡᠪᠡᠳᠴᠢᠲᠡᠨ ᠬᠤᠶᠠᠷ ᠲᠠᠯ᠎ᠠ ᠵᠢ ᠬᠥᠲᠥᠯᠥᠨ ᠵᠢᠯᠤᠭᠤᠳᠴᠤ ᠪᠠᠶ᠋ᠢᠭ᠋ᠠᠳ ᠡᠮᠴᠢᠯᠡᠭᠡᠨ᠎ᠤ ᠵᠠᠭᠤᠷᠠᠯᠳᠤᠭ᠋ᠠᠨ᠎ᠢ ᠬᠠᠤᠯᠢ ᠶᠣᠰᠣᠭ᠋ᠠᠷ ᠰᠢᠢ᠍ᠳᠪᠦᠷᠢᠯᠡᠭᠦᠯᠬᠦ ᠬᠡᠷᠡᠭᠲᠡᠢ᠃
    ᠨᠠᠢ᠍ᠮᠠᠳᠤᠭ᠋ᠠᠷ ᠵᠦᠢ᠍ᠯ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠨᠤᠭᠤᠳ ᠭᠤᠷᠪᠠᠳᠤᠭ᠋ᠠᠷ ᠲᠠᠰ᠎ᠤᠨ ᠡᠮᠨᠡᠯᠭᠡ ᠵᠢᠨ ᠬᠤᠷᠢᠶ᠎ᠠ ᠪᠠ ᠨᠥᠬᠦᠴᠡᠯ᠎ᠲᠠᠢ ᠬᠤᠶᠠᠳᠤᠭ᠋ᠠᠷ ᠲᠠᠰ᠎ᠤᠨ ᠡᠮᠨᠡᠯᠭᠡ ᠵᠢᠨ ᠬᠤᠷᠢᠶᠠᠨ᠎ᠳᠤ ᠴᠠᠭᠳᠠᠭ᠋ᠠᠨ᠎ᠤ ᠶᠠᠪᠤᠳᠠᠯ᠎ᠤᠨ ᠲᠠᠰᠤᠭ ᠲᠣᠬᠢᠷᠠᠭᠤᠯᠵᠤ᠂ ᠴᠢᠬᠤᠯᠠ ᠪᠦᠬᠦᠢ ᠴᠠᠭᠳᠠᠭ᠋ᠠᠨ᠎ᠤ ᠬᠦᠴᠦᠨ ᠲᠣᠬᠢᠷᠠᠭᠤᠯᠬᠤ ᠬᠡᠷᠡᠭᠲᠡᠢ; ᠨᠥᠬᠦᠴᠡᠯ ᠪᠦᠷᠢᠳᠦᠭᠦᠯᠦᠭᠡᠳᠦᠢ ᠬᠤᠶᠠᠳᠤᠭ᠋ᠠᠷ ᠲᠠᠰ᠎ᠤᠨ ᠡᠮᠨᠡᠯᠭᠡ ᠵᠢᠨ ᠬᠤᠷᠢᠶᠠᠨ᠎ᠤ ᠡᠷᠭᠢᠨ ᠲᠣᠭᠤᠷᠢᠨ᠎ᠳᠤ ᠠᠮᠤᠷ᠎ᠢ ᠬᠠᠮᠠᠭ᠋ᠠᠯᠠᠬᠤ ᠬᠠᠷᠠᠭᠤᠯ᠎ᠤᠨ ᠭᠠᠵᠠᠷ (ᠴᠠᠭᠳᠠᠨ ᠪᠠᠶ᠋ᠢᠴᠠᠭ᠋ᠠᠬᠤ᠎ᠳᠤ ᠡᠷᠬᠡᠪᠰᠢ ᠬᠦᠷᠬᠦ ᠴᠡᠭ) ᠲᠣᠬᠢᠷᠠᠭᠤᠯᠬᠤ ᠬᠡᠷᠡᠭᠲᠡᠢ᠃ ᠡᠮᠴᠢᠯᠡᠭᠡᠨ᠎ᠤ ᠪᠠᠶ᠋ᠢᠭᠤᠯᠤᠮᠵᠢ ᠵᠢᠨ ᠠᠮᠤᠷ᠎ᠢ ᠬᠠᠮᠠᠭ᠋ᠠᠯᠠᠬᠤ ᠲᠠᠯ᠎ᠠ᠎ᠪᠠᠷ᠎ᠬᠢ ᠡᠮᠬᠢ ᠵᠢᠷᠤᠮ᠎ᠢ ᠬᠠᠤᠯᠢ ᠶᠣᠰᠣᠭ᠋ᠠᠷ ᠬᠠᠮᠠᠭ᠋ᠠᠯᠠᠵᠤ᠂ ᠡᠮᠴᠢᠯᠡᠭᠡᠨ᠎ᠤ ᠡᠮᠬᠢ ᠳᠢᠭᠯᠢᠮ᠎ᠢ ᠰᠠᠮᠠᠭᠤᠷᠠᠭᠤᠯᠬᠤ ᠵᠡᠷᠭᠡ ᠬᠠᠤᠯᠢ᠎ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠵᠢ ᠪᠠᠶ᠋ᠢᠴᠠᠭ᠋ᠠᠨ ᠰᠢᠢ᠍ᠳᠪᠦᠷᠢᠯᠡᠬᠦ ᠪᠠ ᠴᠣᠬᠢᠯᠲᠠ ᠥᠭᠬᠦ ᠬᠡᠷᠡᠭᠲᠡᠢ᠃
    ᠶᠢᠰᠦᠳᠦᠭᠡᠷ ᠵᠦᠢ᠍ᠯ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠳ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠠᠵᠢᠯ᠎ᠢ ᠬᠠᠷᠢᠭᠤᠴᠠᠨ ᠵᠢᠯᠤᠭᠤᠳᠴᠤ᠂ ᠡᠮᠴᠢᠯᠡᠭᠡᠨ᠎ᠤ ᠵᠠᠭᠤᠷᠠᠯᠳᠤᠭ᠋ᠠᠨ᠎ᠢ ᠡᠶᠡᠳᠡᠭᠦᠯᠬᠦ ᠠᠵᠢᠯ᠎ᠤᠨ ᠵᠢᠷᠤᠮᠵᠢᠭᠤᠯᠤᠯᠲᠠ᠂ ᠲᠤᠰᠬᠠᠶ᠋ᠢᠵᠢᠯᠲᠠ ᠵᠢ ᠠᠬᠢᠭᠤᠯᠬᠤ ᠬᠡᠷᠡᠭᠲᠡᠢ᠃
    ᠡᠯ᠎ᠡ ᠭᠠᠵᠠᠷ ᠣᠷᠣᠨ᠎ᠨᠢ ᠬᠡᠷᠡᠭᠴᠡᠭᠡ᠎ᠪᠠᠨ ᠦᠨᠳᠦᠰᠦᠯᠡᠨ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠺᠣᠮᠢᠰ᠎ᠢ ᠪᠠᠶ᠋ᠢᠭᠤᠯᠵᠤ᠂ ᠲᠤᠰ ᠵᠠᠰᠠᠭ ᠵᠠᠬᠢᠷᠭ᠋ᠠᠨ᠎ᠤ ᠣᠷᠣᠨ᠎ᠤ᠎ᠪᠠᠨ ᠳᠣᠲᠣᠷᠠᠬᠢ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠠᠵᠢᠯ᠎ᠢ ᠬᠠᠷᠢᠭᠤᠴᠠᠭᠤᠯᠤᠨ᠂ ᠮᠡᠳᠡᠭᠡ ᠵᠠᠩᠭᠢ ᠨᠡᠪᠲᠡᠷᠡᠯᠴᠡᠬᠦ ᠲᠣᠭᠲᠠᠴᠠ ᠵᠢ ᠪᠠᠶ᠋ᠢᠭᠤᠯᠵᠤ᠂ ᠡᠮᠴᠢᠯᠡᠭᠡᠨ᠎ᠤ ᠵᠠᠭᠤᠷᠠᠯᠳᠤᠭ᠋ᠠᠨ᠎ᠢ ᠣᠯᠠᠨ ᠡᠰᠢᠵᠢᠭᠦᠯᠦᠨ ᠰᠢᠢ᠍ᠳᠪᠦᠷᠢᠯᠡᠬᠦ ᠠᠷᠭ᠎ᠠ ᠵᠠᠮ᠎ᠢ ᠰᠢᠯᠤᠭᠤᠳᠬᠠᠬᠤ ᠬᠡᠷᠡᠭᠲᠡᠢ᠃ ᠵᠠᠰᠠᠭ᠎ᠤᠨ ᠣᠷᠳᠣᠨ ᠦᠢ᠍ᠯᠡᠴᠢᠯᠡᠭᠡ ᠬᠤᠳᠠᠯᠳᠤᠨ ᠠᠪᠬᠤ ᠪᠤᠶᠤ ᠨᠡᠶ᠋ᠢᠭᠡᠮ᠎ᠤᠨ ᠬᠦᠴᠦᠨ᠎ᠢ ᠣᠷᠣᠭᠤᠯᠤᠨ ᠠᠪᠴᠢᠷᠠᠵᠤ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠵᠣᠬᠢᠶᠠᠨ ᠪᠠᠶ᠋ᠢᠭᠤᠯᠤᠯᠲᠠ ᠵᠢ ᠨᠡᠭᠡᠭᠡᠨ ᠡᠷᠬᠢᠯᠡᠬᠦ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠤᠨ᠂ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠠᠵᠢᠯ᠎ᠤᠨ ᠦᠷᠭᠦᠯᠵᠢᠯᠡᠨ ᠡᠷᠡᠭᠦᠯ ᠵᠶ᠋ᠠᠷ ᠬᠥᠭᠵᠢᠬᠦ ᠵᠢ ᠦᠨᠡᠨ ᠬᠦ᠌ ᠪᠠᠲᠤᠯᠠᠬᠤ ᠬᠡᠷᠡᠭᠲᠡᠢ᠃
    ᠠᠷᠪᠠᠳᠤᠭ᠋ᠠᠷ ᠵᠦᠢ᠍ᠯ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ ᠪᠠ ᠳᠠᠭ᠋ᠠᠳᠬᠠᠯ᠎ᠤᠨ ᠪᠠᠶ᠋ᠢᠭᠤᠯᠤᠮᠵᠢ᠎ᠨᠤᠭᠤᠳ ᠡᠮᠴᠢᠯᠡᠭᠡᠨ᠎ᠤ ᠲᠦᠭᠰᠢᠭᠦᠷᠢ ᠵᠢ ᠬᠤᠪᠢᠶᠠᠷᠢᠯᠠᠨ ᠡᠭᠦᠷᠭᠡᠯᠡᠬᠦ ᠲᠣᠭᠲᠠᠴᠠ ᠵᠢᠨ ᠪᠠᠶ᠋ᠢᠭᠤᠯᠤᠯᠲᠠ ᠵᠢ ᠢᠳᠡᠪᠬᠢᠲᠡᠢ ᠠᠬᠢᠭᠤᠯᠵᠤ᠂ ᠳᠠᠭ᠋ᠠᠳᠬᠠᠯ᠎ᠤᠨ ᠪᠠᠲᠤᠯᠠᠭ᠎ᠠ ᠵᠢᠨ ᠠᠷᠭ᠎ᠠ ᠬᠡᠮᠵᠢᠶ᠎ᠡ᠎ᠪᠠᠨ ᠪᠠᠶᠠᠯᠢᠭᠵᠢᠭᠤᠯᠬᠤ ᠬᠡᠷᠡᠭᠲᠡᠢ᠃
    ᠠᠷᠪᠠᠨ ᠨᠢᠭᠡᠳᠦᠭᠡᠷ ᠵᠦᠢ᠍ᠯ ᠡᠳ᠋᠎ᠤᠨ ᠵᠠᠰᠠᠭ᠂ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ᠂ ᠵᠠᠬᠢᠳᠠᠯ ᠰᠤᠷᠪᠤᠯᠵᠢᠯᠠᠯ᠂ ᠡᠮᠴᠢᠯᠡᠭᠡᠨ᠎ᠤ ᠪᠠᠲᠤᠯᠠᠭ᠎ᠠ ᠵᠡᠷᠭᠡ ᠰᠠᠯᠠᠭ᠎ᠠ ᠮᠥᠴᠢᠷ᠎ᠤᠳ ᠲᠤᠰ ᠲᠤᠰ᠎ᠤᠨ ᠵᠶ᠋ᠠᠨ ᠡᠭᠦᠷᠭᠡ ᠬᠠᠷᠢᠭᠤᠴᠠᠯᠭ᠎ᠠ ᠶᠣᠰᠣᠭ᠋ᠠᠷ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠬᠢᠭᠡᠳ ᠰᠢᠢ᠍ᠳᠪᠦᠷᠢᠯᠡᠬᠦ ᠬᠠᠮᠢᠶ᠎ᠠ ᠪᠦᠬᠦᠢ ᠠᠵᠢᠯ᠎ᠢ ᠰᠠᠶ᠋ᠢᠲᠤᠷ ᠬᠢᠬᠦ ᠬᠡᠷᠡᠭᠲᠡᠢ᠃
    ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠤᠳ ᠣᠷᠣᠰᠢᠭᠤᠯᠭ᠎ᠠ ᠵᠢᠨ ᠦᠢ᠍ᠯᠡᠴᠢᠯᠡᠭᠡᠨ᠎ᠤ ᠪᠠᠶ᠋ᠢᠭᠤᠯᠤᠮᠵᠢ ᠵᠢ ᠵᠢᠯᠤᠭᠤᠳᠴᠤ ᠪᠠᠶ᠋ᠢᠭ᠋ᠠᠳ ᠡᠪᠡᠳᠴᠢᠲᠡᠨ᠎ᠤ ᠴᠢᠨᠳᠠᠷ᠎ᠢ ᠬᠦᠯᠢᠶᠡᠨ ᠠᠪᠴᠤ ᠲᠡᠭᠡᠭᠡᠪᠦᠷᠢᠯᠡᠬᠦ ᠠᠵᠢᠯ᠎ᠢ ᠬᠠᠤᠯᠢ ᠶᠣᠰᠣᠭ᠋ᠠᠷ ᠰᠠᠶ᠋ᠢᠲᠤᠷ ᠬᠢᠯᠭᠡᠬᠦ ᠵᠢ ᠬᠠᠷᠢᠭᠤᠴᠠᠨ᠎ᠠ᠃
    ᠡᠮᠴᠢᠯᠡᠭᠡᠨ᠎ᠤ ᠪᠠᠶ᠋ᠢᠭᠤᠯᠤᠮᠵᠢ ᠵᠢᠨ ᠪᠠᠶ᠋ᠢᠭ᠎ᠠ ᠭᠠᠵᠠᠷ᠂ ᠡᠪᠡᠳᠴᠢᠲᠡᠨ᠎ᠤ ᠡᠷᠦᠬᠡ ᠠᠮᠠ ᠵᠢᠨ ᠪᠠᠶ᠋ᠢᠭ᠎ᠠ ᠭᠠᠵᠠᠷ ᠪᠤᠶᠤ ᠰᠠᠭᠤᠭ᠎ᠠ ᠭᠠᠵᠠᠷ᠎ᠤᠨ ᠰᠤᠮᠤ ᠰᠢᠶᠠᠩ ᠪᠠᠯᠭ᠋ᠠᠰᠤ ᠵᠢᠨ ᠠᠷᠠᠳ᠎ᠤᠨ ᠵᠠᠰᠠᠭ᠎ᠤᠨ ᠣᠷᠳᠣᠨ᠂ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ ᠪᠠ ᠭᠠᠴᠠᠭ᠎ᠠ ᠲᠣᠰᠬᠤᠨ (ᠰᠠᠭᠤᠭ᠋ᠠᠯᠢ)᠎ᠤ ᠠᠷᠠᠳ᠎ᠤᠨ ᠵᠥᠪᠯᠡᠯ ᠵᠢᠴᠢ ᠬᠠᠮᠢᠶ᠎ᠠ ᠪᠦᠬᠦᠢ ᠨᠢᠭᠡᠴᠢ᠎ᠨᠦᠭᠦᠳ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠪᠠ ᠰᠢᠢ᠍ᠳᠪᠦᠷᠢᠯᠡᠬᠦ ᠠᠵᠢᠯ᠎ᠢ ᠢᠳᠡᠪᠬᠢᠲᠡᠢ ᠰᠠᠶ᠋ᠢᠲᠤᠷ ᠬᠢᠬᠦ ᠬᠡᠷᠡᠭᠲᠡᠢ᠃
    ᠠᠷᠪᠠᠨ ᠬᠤᠶᠠᠳᠤᠭ᠋ᠠᠷ ᠵᠦᠢ᠍ᠯ ᠡᠮᠨᠡᠯᠭᠡ ᠵᠢᠨ ᠬᠤᠷᠢᠶ᠎ᠠ᠎ᠨᠤᠭᠤᠳ᠎ᠤᠨ ᠨᠡᠶ᠋ᠢᠭᠡᠮᠯᠢᠭ᠂ ᠡᠮᠴᠢ ᠨᠠᠷ᠎ᠤᠨ ᠨᠡᠶ᠋ᠢᠭᠡᠮᠯᠢᠭ ᠵᠡᠷᠭᠡ ᠬᠤᠯᠪᠣᠭᠳᠠᠯ ᠪᠦᠬᠦᠢ ᠠᠵᠢᠯ ᠲᠥᠷᠥᠯ᠎ᠤᠨ ᠵᠣᠬᠢᠶᠠᠨ ᠪᠠᠶ᠋ᠢᠭᠤᠯᠤᠯᠲᠠ ᠪᠠ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠠᠵᠢᠯ ᠲᠥᠷᠥᠯ᠎ᠤᠨ ᠱᠠᠭ᠋ᠠᠷᠳᠠᠯᠭ᠎ᠠ᠎ᠪᠠᠨ ᠴᠢᠩᠭ᠋ᠠᠳᠬᠠᠨ᠂ ᠡᠮᠨᠡᠯᠭᠡ ᠵᠢᠨ ᠠᠵᠢᠯᠲᠠᠨ᠎ᠤ ᠠᠵᠢᠯ ᠡᠷᠬᠢᠯᠡᠬᠦ ᠦᠢ᠍ᠯᠡ ᠠᠵᠢᠯᠯᠠᠭ᠎ᠠ ᠵᠢ ᠴᠢᠩᠭ᠎ᠠ ᠵᠢᠷᠤᠮᠵᠢᠭᠤᠯᠵᠤ᠂ ᠡᠮᠨᠡᠯᠭᠡ ᠵᠢᠨ ᠠᠵᠢᠯᠲᠠᠳ᠎ᠤᠨ ᠡᠮᠴᠢ ᠵᠢᠨ ᠮᠣᠷᠠᠯ ᠰᠤᠷᠲᠠᠯ᠎ᠤᠨ ᠬᠥᠮᠦᠵᠢᠯ᠎ᠢ ᠴᠢᠩᠭ᠋ᠠᠳᠬᠠᠬᠤ ᠬᠡᠷᠡᠭᠲᠡᠢ᠃
    ᠠᠷᠪᠠᠨ ᠭᠤᠷᠪᠠᠳᠤᠭ᠋ᠠᠷ ᠵᠦᠢ᠍ᠯ ᠰᠣᠨᠢᠨ ᠮᠡᠳᠡᠭᠡᠨ᠎ᠤ ᠵᠠᠭᠤᠴᠢᠯᠠᠭᠤᠷ᠎ᠨᠢ ᠡᠮᠴᠢᠯᠡᠭᠡ ᠡᠷᠡᠭᠦᠯ ᠬᠠᠮᠠᠭ᠋ᠠᠯᠠᠯ᠎ᠤᠨ ᠬᠠᠤᠯᠢ ᠴᠠᠭ᠋ᠠᠵᠠ᠂ ᠬᠠᠤᠯᠢ ᠲᠣᠭᠲᠠᠭ᠋ᠠᠯ ᠪᠠ ᠡᠮᠴᠢᠯᠡᠭᠡ ᠡᠷᠡᠭᠦᠯ ᠬᠠᠮᠠᠭ᠋ᠠᠯᠠᠯ᠎ᠤᠨ ᠮᠡᠳᠡᠯᠭᠡ ᠵᠢᠨ ᠤᠬᠠᠭᠤᠯᠭ᠎ᠠ ᠥᠷᠨᠢᠭᠦᠯᠵᠦ᠂ ᠣᠯᠠᠨ ᠨᠡᠶ᠋ᠢᠲᠡ ᠵᠢᠨ ᠡᠮᠴᠢ ᠪᠠ ᠡᠪᠡᠳᠴᠢᠲᠡᠨ᠎ᠤ ᠬᠠᠷᠢᠴᠠᠭ᠎ᠠ᠂ ᠡᠮᠴᠢᠯᠡᠭᠡᠨ᠎ᠤ ᠲᠦᠭᠰᠢᠭᠦᠷᠢ᠎ᠳᠤ ᠤᠬᠠᠮᠵᠢ᠎ᠲᠠᠢ ᠬᠠᠨᠳᠤᠬᠤ ᠵᠢ ᠬᠥᠲᠥᠯᠥᠨ ᠵᠢᠯᠤᠭᠤᠳᠬᠤ ᠬᠡᠷᠡᠭᠲᠡᠢ; ᠡᠮᠴᠢᠯᠡᠭᠡᠨ᠎ᠤ ᠵᠠᠭᠤᠷᠠᠯᠳᠤᠭ᠋ᠠᠨ᠎ᠢ ᠮᠡᠳᠡᠭᠡᠯᠡᠬᠦ᠎ᠳᠤ ᠬᠤᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠲᠣᠭᠲᠠᠭ᠋ᠠᠯ᠎ᠢ ᠵᠢᠷᠤᠮᠯᠠᠵᠤ᠂ ᠦᠨᠡᠨ ᠪᠣᠳᠠᠲᠠᠢ᠂ ᠪᠤᠰᠤᠳᠴᠢ᠂ ᠲᠥᠪ ᠭᠤᠤᠯᠴᠢ᠂ ᠠᠵᠢᠯ᠎ᠤᠨ ᠮᠣᠷᠠᠯ᠎ᠢ ᠬᠢᠴᠢᠶᠡᠩᠭᠦᠶ᠋ᠢᠯᠡᠨ ᠰᠠᠬᠢᠬᠤ ᠵᠢ ᠪᠡᠶᠡᠯᠡᠭᠦᠯᠬᠦ ᠬᠡᠷᠡᠭᠲᠡᠢ᠃
    ᠠᠷᠠᠳ ᠢᠷᠭᠡᠨ᠂ ᠬᠠᠤᠯᠢ ᠵᠢᠨ ᠡᠷᠬᠡᠲᠡᠨ ᠪᠤᠶᠤ ᠪᠤᠰᠤᠳ ᠵᠣᠬᠢᠶᠠᠨ ᠪᠠᠶ᠋ᠢᠭᠤᠯᠤᠯᠲᠠ ᠡᠮᠴᠢᠯᠡᠭᠡᠨ᠎ᠤ ᠵᠠᠭᠤᠷᠠᠯᠳᠤᠭ᠋ᠠᠨ᠎ᠤ ᠬᠠᠮᠢᠶ᠎ᠠ ᠪᠦᠬᠦᠢ ᠶᠠᠷᠢᠶ᠎ᠠ ᠬᠡᠯᠡᠯᠴᠡᠭᠡ ᠵᠢ ᠨᠡᠶ᠋ᠢᠲᠡᠯᠡᠬᠦ᠎ᠳᠤ᠎ᠪᠠᠨ᠂ ᠬᠠᠮᠢᠶ᠎ᠠ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠢ ᠵᠢᠷᠤᠮᠯᠠᠵᠤ᠂ ᠪᠣᠳᠠᠲᠤ ᠶᠠᠪᠤᠳᠠᠯ ᠵᠶ᠋ᠠᠷ ᠦᠨᠳᠦᠰᠦᠯᠡᠯ ᠪᠣᠯᠭ᠋ᠠᠬᠤ ᠬᠡᠷᠡᠭᠲᠡᠢ᠃
    ᠠᠷᠪᠠᠨ ᠳᠥᠷᠪᠡᠳᠦᠭᠡᠷ ᠵᠦᠢ᠍ᠯ ᠨᠡᠶ᠋ᠢᠭᠡᠮ ᠨᠡᠶ᠋ᠢᠲᠡ᠎ᠪᠠᠷ ᠵᠶ᠋ᠠᠨ ᠡᠮᠨᠡᠯᠭᠡ ᠵᠢᠨ ᠠᠵᠢᠯᠲᠠᠨ᠎ᠢ ᠬᠦᠨᠳᠦᠳᠬᠡᠨ᠂ ᠡᠮᠨᠡᠯᠭᠡ ᠵᠢᠨ ᠠᠵᠢᠯᠲᠠᠨ᠎ᠳᠤ ᠬᠥᠮᠥᠨᠴᠢ ᠬᠠᠯᠠᠮᠵᠢᠯᠠᠯ ᠥᠭᠬᠦ᠎ᠪᠠᠨ ᠴᠢᠩᠭ᠋ᠠᠳᠬᠠᠵᠤ᠂ ᠡᠮᠨᠡᠯᠭᠡ ᠵᠢᠨ ᠠᠵᠢᠯᠲᠠᠨ᠎ᠤ ᠠᠵᠢᠯ᠎ᠢ ᠳᠡᠮᠵᠢᠬᠦ ᠬᠡᠷᠡᠭᠲᠡᠢ᠃ ᠶᠠᠮᠠᠷᠪᠠ ᠨᠢᠭᠡᠴᠢ ᠪᠠ ᠬᠤᠪᠢ ᠬᠥᠮᠥᠨ ᠭᠡᠳ ᠡᠮᠴᠢᠯᠡᠭᠡᠨ᠎ᠤ ᠪᠠᠶ᠋ᠢᠭᠤᠯᠤᠮᠵᠢ ᠵᠢᠴᠢ ᠲᠡᠭᠦᠨ᠎ᠤ ᠡᠮᠨᠡᠯᠭᠡ ᠵᠢᠨ ᠠᠵᠢᠯᠲᠠᠨ᠎ᠤ ᠬᠠᠤᠯᠢ ᠶᠣᠰᠣᠭ᠋ᠠᠷ ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠬᠡᠬᠦ ᠵᠢ ᠬᠠᠷᠰᠢᠯᠠᠨ ᠰᠠᠭ᠋ᠠᠲᠠᠭ᠋ᠠᠬᠤ ᠪᠠ ᠨᠥᠯᠥᠭᠡᠯᠡᠵᠦ ᠪᠣᠯᠬᠤ ᠦᠭᠡᠢ᠂ ᠡᠮᠨᠡᠯᠭᠡ ᠵᠢᠨ ᠠᠵᠢᠯᠲᠠᠨ᠎ᠤ ᠬᠥᠮᠥᠨ ᠮᠥᠰᠥ ᠨᠡᠷ᠎ᠡ ᠬᠦᠨᠳᠦ᠂ ᠪᠡᠶ᠎ᠡ ᠵᠢᠨ ᠠᠮᠤᠷ ᠲᠦᠪᠰᠢᠨ᠎ᠳᠤ ᠬᠠᠯᠳᠠᠵᠤ ᠪᠣᠯᠬᠤ ᠦᠭᠡᠢ᠃ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠬᠠᠷᠢᠯᠴᠠᠨ ᠬᠦᠨᠳᠦᠳᠭᠡᠵᠦ᠂ ᠣᠶ᠋ᠢᠯᠠᠭ᠋ᠠᠯᠴᠠᠵᠤ᠂ ᠢᠲᠡᠭᠡᠯᠴᠡᠵᠦ᠂ ᠡᠮᠴᠢ ᠪᠠ ᠡᠪᠡᠳᠴᠢᠲᠡᠨ᠎ᠤ ᠡᠶ᠎ᠡ ᠵᠣᠬᠢᠴᠠᠯ᠎ᠤᠨ ᠬᠠᠷᠢᠴᠠᠭ᠎ᠠ ᠵᠢ ᠬᠠᠮᠲᠤ᠎ᠪᠠᠷ ᠪᠠᠶ᠋ᠢᠭᠤᠯᠬᠤ ᠬᠡᠷᠡᠭᠲᠡᠢ᠃
    ᠬᠤᠶᠠᠳᠤᠭ᠋ᠠᠷ ᠪᠦᠯᠦᠭ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ
    ᠠᠷᠪᠠᠨ ᠲᠠᠪᠤᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ ᠵᠢᠴᠢ ᠲᠡᠭᠦᠨ᠎ᠤ ᠡᠮᠨᠡᠯᠭᠡ ᠵᠢᠨ ᠠᠵᠢᠯᠲᠠᠨ ᠣᠨᠣᠰᠢᠯᠠᠨ ᠡᠮᠨᠡᠬᠦ ᠠᠵᠢᠯᠯᠠᠭ᠎ᠠ᠎ᠳᠤ᠎ᠪᠠᠨ ᠡᠪᠡᠳᠴᠢᠲᠡᠨ ᠵᠶ᠋ᠠᠷ ᠭᠤᠣᠯ ᠪᠣᠯᠭ᠋ᠠᠵᠤ᠂ ᠬᠥᠮᠥᠨᠴᠢ ᠬᠠᠯᠠᠮᠵᠢᠯᠠᠯ ᠵᠶ᠋ᠠᠨ ᠴᠢᠩᠭ᠋ᠠᠳᠬᠠᠨ᠂ ᠡᠮᠴᠢᠯᠡᠭᠡ ᠡᠷᠡᠭᠦᠯ ᠬᠠᠮᠠᠭ᠋ᠠᠯᠠᠯ᠎ᠤᠨ ᠬᠠᠤᠯᠢ ᠴᠠᠭ᠋ᠠᠵᠠ᠂ ᠬᠠᠤᠯᠢ ᠲᠣᠭᠲᠠᠭ᠋ᠠᠯ᠂ ᠲᠣᠭᠲᠠᠭ᠋ᠠᠯ ᠳᠦᠷᠢᠮ ᠪᠠ ᠣᠨᠣᠰᠢᠯᠠᠨ ᠡᠮᠨᠡᠬᠦ ᠬᠠᠮᠢᠶ᠎ᠠ ᠪᠦᠬᠦᠢ ᠵᠢᠷᠤᠮᠵᠢᠯ᠂ ᠵᠤᠷᠰᠢᠯ᠎ᠢ ᠴᠢᠩᠭ᠎ᠠ ᠵᠢᠷᠤᠮᠯᠠᠨ ᠰᠠᠬᠢᠵᠤ᠂ ᠠᠵᠢᠯ᠎ᠤᠨ ᠮᠣᠷᠠᠯ᠎ᠢ ᠬᠢᠴᠢᠶᠡᠩᠭᠦᠶ᠋ᠢᠯᠡᠨ ᠰᠠᠬᠢᠬᠤ ᠬᠡᠷᠡᠭᠲᠡᠢ᠃ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠲᠡᠭᠦᠨ᠎ᠤ ᠡᠮᠨᠡᠯᠭᠡ ᠵᠢᠨ ᠠᠵᠢᠯᠲᠠᠨ᠎ᠳᠤ ᠡᠮᠴᠢᠯᠡᠭᠡ ᠡᠷᠡᠭᠦᠯ ᠬᠠᠮᠠᠭ᠋ᠠᠯᠠᠯ᠎ᠤᠨ ᠬᠠᠤᠯᠢ ᠴᠠᠭ᠋ᠠᠵᠠ᠂ ᠬᠠᠤᠯᠢ ᠲᠣᠭᠲᠠᠭ᠋ᠠᠯ᠂ ᠲᠣᠭᠲᠠᠭ᠋ᠠᠯ ᠳᠦᠷᠢᠮ ᠪᠠ ᠣᠨᠣᠰᠢᠯᠠᠨ ᠡᠮᠨᠡᠬᠦ ᠬᠠᠮᠢᠶ᠎ᠠ ᠪᠦᠬᠦᠢ ᠵᠢᠷᠤᠮᠵᠢᠯ᠂ ᠵᠤᠷᠰᠢᠯ᠎ᠤᠨ ᠲᠠᠯ᠎ᠠ᠎ᠪᠠᠷ᠎ᠬᠢ ᠪᠣᠯᠪᠠᠰᠤᠷᠠᠯ ᠬᠢᠬᠦ ᠵᠢᠨ ᠬᠠᠮᠲᠤ ᠠᠵᠢᠯ᠎ᠤᠨ ᠮᠣᠷᠠᠯ᠎ᠤᠨ ᠬᠥᠮᠥᠵᠢᠯ ᠬᠢᠬᠦ᠎ᠪᠠᠨ ᠴᠢᠩᠭ᠋ᠠᠳᠬᠠᠬᠤ ᠬᠡᠷᠡᠭᠲᠡᠢ᠃
    ᠠᠷᠪᠠᠨ ᠵᠢᠷᠭᠤᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠡᠮᠴᠢᠯᠡᠭᠡᠨ᠎ᠤ ᠶᠠᠰᠤ ᠴᠢᠨᠠᠷ᠎ᠤᠨ ᠬᠠᠮᠢᠶᠠᠷᠤᠯᠲᠠ ᠵᠢᠨ ᠵᠣᠬᠢᠶᠠᠨ ᠪᠠᠶ᠋ᠢᠭᠤᠯᠤᠯᠲᠠ ᠵᠢ ᠪᠠᠶ᠋ᠢᠭᠤᠯᠤᠨ ᠪᠦᠷᠢᠨᠰᠢᠭᠦᠯᠵᠦ᠂ ᠡᠮᠴᠢᠯᠡᠭᠡᠨ᠎ᠤ ᠶᠠᠰᠤ ᠴᠢᠨᠠᠷ᠎ᠤᠨ ᠬᠠᠮᠢᠶᠠᠷᠤᠯᠲᠠ ᠵᠢᠨ ᠳᠦᠷᠢᠮ᠎ᠢ ᠲᠣᠭᠲᠠᠭ᠋ᠠᠬᠤ ᠵᠢᠨ ᠬᠠᠮᠲᠤ ᠬᠡᠷᠡᠭᠵᠢᠭᠦᠯᠵᠦ᠂ ᠣᠨᠣᠰᠢᠯᠠᠨ ᠡᠮᠨᠡᠬᠦ ᠠᠵᠢᠯᠯᠠᠭ᠎ᠠ᠎ᠳᠠᠬᠢ ᠵᠢᠷᠤᠮᠵᠢᠭᠰᠠᠨ ᠬᠠᠮᠢᠶᠠᠷᠤᠯᠲᠠ ᠵᠢ ᠴᠢᠩᠭ᠋ᠠᠳᠬᠠᠨ᠂ ᠦᠢ᠍ᠯᠡᠴᠢᠯᠡᠭᠡᠨ᠎ᠤ ᠴᠤᠪᠤᠷᠠᠯ ᠵᠶ᠋ᠠᠨ ᠰᠢᠯᠢᠳᠡᠭᠵᠢᠭᠦᠯᠵᠦ᠂ ᠦᠢ᠍ᠯᠡᠴᠢᠯᠡᠭᠡᠨ᠎ᠤ ᠬᠢᠷᠢ ᠲᠦᠪᠰᠢᠨ ᠵᠶ᠋ᠠᠨ ᠳᠡᠭᠡᠭᠰᠢᠯᠡᠭᠦᠯᠬᠦ ᠬᠡᠷᠡᠭᠲᠡᠢ᠃
    ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠡᠮᠴᠢᠯᠡᠭᠡᠨ᠎ᠤ ᠠᠮᠤᠷ ᠲᠦᠪᠰᠢᠨ ᠬᠢᠭᠡᠳ ᠲᠦᠭᠰᠢᠭᠦᠷᠢ ᠵᠢᠨ ᠬᠠᠮᠢᠶᠠᠷᠤᠯᠲᠠ ᠵᠢᠨ ᠳᠦᠷᠢᠮ᠎ᠢ ᠪᠠᠶ᠋ᠢᠭᠤᠯᠵᠤ᠂ ᠡᠮᠴᠢᠯᠡᠭᠡᠨ᠎ᠤ ᠲᠦᠭᠰᠢᠭᠦᠷᠢ ᠵᠢ ᠢᠯᠭ᠋ᠠᠨ ᠲᠠᠨᠢᠬᠤ᠂ ᠦᠨᠡᠯᠡᠨ ᠵᠢᠱ᠌ᠢᠬᠦ ᠪᠠ ᠰᠡᠷᠭᠡᠶ᠋ᠢᠯᠡᠨ ᠡᠵᠡᠮᠳᠡᠬᠦ ᠠᠷᠭ᠎ᠠ ᠬᠡᠮᠵᠢᠶ᠎ᠡ᠎ᠪᠠᠨ ᠲᠡᠭᠦᠯᠳᠡᠷᠵᠢᠭᠦᠯᠦᠨ᠂ ᠡᠮᠴᠢᠯᠡᠭᠡᠨ᠎ᠤ ᠲᠦᠭᠰᠢᠭᠦᠷᠢ ᠵᠢᠨ ᠬᠠᠮᠢᠶᠠᠷᠤᠯᠲᠠ᠎ᠪᠠᠨ ᠴᠢᠩᠭ᠋ᠠᠳᠬᠠᠵᠤ᠂ ᠠᠷᠭ᠎ᠠ ᠬᠡᠮᠵᠢᠶ᠎ᠡ᠎ᠪᠠᠨ ᠨᠠᠶ᠋ᠢᠳᠠᠪᠤᠷᠢᠵᠢᠭᠤᠯᠵᠤ ᠪᠠᠶ᠋ᠢᠭ᠎ᠠ ᠪᠠᠶ᠋ᠢᠳᠠᠯ᠎ᠢ ᠲᠣᠭᠲᠠᠮᠠᠯ ᠬᠤᠭᠤᠴᠠᠭ᠎ᠠ᠎ᠲᠠᠢ᠎ᠪᠠᠷ ᠪᠠᠶ᠋ᠢᠴᠠᠭ᠋ᠠᠵᠤ᠂ ᠭᠡᠮ ᠰᠣᠭᠤᠭ᠎ᠢ ᠴᠠᠭ ᠲᠤᠬᠠᠢ᠎ᠳᠤ᠎ᠨᠢ ᠠᠷᠢᠯᠭ᠋ᠠᠬᠤ ᠬᠡᠷᠡᠭᠲᠡᠢ᠃
    ᠠᠷᠪᠠᠨ ᠳᠣᠯᠣᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠡᠮᠴᠢ ᠪᠠ ᠡᠪᠡᠳᠴᠢᠲᠡᠨ᠎ᠤ ᠣᠶ᠋ᠢᠯᠠᠭ᠋ᠠᠯᠴᠠᠨ ᠨᠡᠪᠲᠡᠷᠡᠯᠴᠡᠬᠦ ᠲᠣᠭᠲᠠᠴᠠ ᠵᠢ ᠪᠠᠶ᠋ᠢᠭᠤᠯᠤᠨ ᠪᠦᠷᠢᠨᠰᠢᠭᠦᠯᠵᠦ᠂ ᠡᠮᠴᠢ ᠪᠠ ᠡᠪᠡᠳᠴᠢᠲᠡᠨ᠎ᠤ ᠣᠶ᠋ᠢᠯᠠᠭ᠋ᠠᠯᠴᠠᠨ ᠨᠡᠪᠲᠡᠷᠡᠯᠴᠡᠬᠦ ᠠᠭᠤᠯᠭ᠎ᠠ ᠵᠢ ᠲᠡᠭᠦᠯᠳᠡᠷᠵᠢᠭᠦᠯᠦᠨ᠂ ᠡᠪᠡᠳᠴᠢᠲᠡᠨ᠎ᠢ ᠣᠨᠣᠰᠢᠯᠠᠨ ᠡᠮᠨᠡᠬᠦ ᠶᠠᠪᠤᠴᠠ᠎ᠳᠤ ᠳᠤᠷᠠᠳᠤᠭᠰᠠᠨ ᠯᠠᠪᠯᠠᠯᠲᠠ᠂ ᠰᠠᠨᠠᠯ ᠰᠠᠨᠠᠭᠤᠯᠭ᠎ᠠ᠎ᠳᠤ ᠬᠦᠯᠢᠴᠡᠩᠭᠦᠢ᠎ᠪᠠᠷ ᠲᠠᠶ᠋ᠢᠯᠪᠤᠷᠢᠯᠠᠨ ᠲᠣᠳᠣᠷᠬᠠᠶ᠋ᠢᠯᠠᠬᠤ ᠵᠢᠨ ᠬᠠᠮᠲᠤ ᠲᠣᠭᠲᠠᠭ᠋ᠠᠯ ᠶᠣᠰᠣᠭ᠋ᠠᠷ ᠰᠢᠢ᠍ᠳᠪᠦᠷᠢᠯᠡᠬᠦ ᠬᠡᠷᠡᠭᠲᠡᠢ; ᠡᠪᠡᠳᠴᠢᠲᠡᠨ᠎ᠤ ᠳᠤᠷᠠᠳᠤᠭᠰᠠᠨ ᠮᠠᠳᠠᠭ᠎ᠲᠠᠢ ᠵᠦᠢ᠍ᠯ᠎ᠢ ᠴᠠᠭ ᠲᠤᠬᠠᠢ᠎ᠳᠤ᠎ᠨᠢ ᠬᠠᠷᠭᠤᠭᠤᠯᠬᠤ ᠪᠠ ᠥᠪᠡᠷ᠎ᠤᠨ ᠪᠠᠶ᠋ᠢᠴᠠᠭ᠋ᠠᠯᠲᠠ ᠬᠢᠬᠦ ᠵᠢᠨ ᠬᠠᠮᠲᠤ ᠡᠪᠡᠳᠴᠢᠲᠡᠨ ᠪᠤᠶᠤ ᠲᠡᠭᠦᠨ᠎ᠤ ᠣᠶ᠋ᠢᠷ᠎ᠠ ᠲᠥᠷᠥᠯ ᠰᠠᠳᠤᠨ᠎ᠯᠤᠭ᠎ᠠ ᠣᠶ᠋ᠢᠯᠠᠭ᠋ᠠᠯᠴᠠᠨ ᠨᠡᠪᠲᠡᠷᠡᠯᠴᠡᠵᠦ᠂ ᠪᠠᠶ᠋ᠢᠳᠠᠯ᠎ᠢ ᠦᠨᠡᠨ ᠪᠣᠳᠠᠲᠠᠢ᠎ᠪᠠᠷ ᠲᠣᠳᠣᠷᠬᠠᠶ᠋ᠢᠯᠠᠨ᠂ ᠵᠠᠭᠤᠷᠠᠯᠳᠤᠭ᠋ᠠᠨ᠎ᠤ ᠭᠡᠮ ᠰᠣᠭᠤᠭ᠎ᠢ ᠴᠠᠭ ᠲᠤᠬᠠᠢ᠎ᠳᠤ᠎ᠨᠢ ᠵᠢᠭᠰᠠᠭ᠋ᠠᠨ ᠪᠠᠶ᠋ᠢᠴᠠᠭ᠋ᠠᠵᠤ ᠢᠯᠡᠷᠡᠭᠦᠯᠬᠦ ᠵᠢᠨ ᠬᠠᠮᠲᠤ ᠰᠡᠷᠭᠡᠶ᠋ᠢᠯᠡᠨ ᠰᠢᠢ᠍ᠳᠪᠦᠷᠢᠯᠡᠬᠦ ᠠᠵᠢᠯ᠎ᠢ ᠰᠠᠶ᠋ᠢᠲᠤᠷ ᠬᠢᠬᠦ ᠬᠡᠷᠡᠭᠲᠡᠢ᠃
    ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠵᠠᠭ᠋ᠠᠯᠳᠤᠯᠭ᠎ᠠ ᠵᠢ ᠭᠥᠯᠢᠶᠡᠨ ᠠᠪᠬᠤ ᠳᠦᠷᠢᠮ᠎ᠢ ᠪᠠᠶ᠋ᠢᠭᠤᠯᠤᠨ ᠪᠦᠷᠢᠨᠰᠢᠭᠦᠯᠵᠦ᠂ ᠵᠠᠭ᠋ᠠᠯᠳᠤᠯᠭ᠎ᠠ ᠵᠢᠨ ᠨᠢᠭᠡᠳᠦᠯᠲᠡᠢ ᠬᠠᠮᠢᠶᠠᠷᠤᠯᠲᠠ ᠵᠢᠨ ᠰᠠᠯᠠᠭ᠎ᠠ ᠮᠥᠴᠢᠷ ᠪᠤᠶᠤ ᠲᠤᠰᠬᠠᠢ (ᠲᠤᠰᠢᠶᠠᠯ ᠬᠠᠪᠰᠤᠷᠭ᠋ᠠᠭᠰᠠᠨ) ᠠᠵᠢᠯᠲᠠᠨ ᠲᠣᠬᠢᠷᠠᠭᠤᠯᠬᠤ ᠬᠡᠷᠡᠭᠲᠡᠢ᠂ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠴᠢᠯᠡᠭᠡᠨ᠎ᠤ ᠪᠠᠶ᠋ᠢᠭᠤᠯᠤᠮᠵᠢ᠎ᠨᠢ ᠲᠤᠰᠬᠠᠢ ᠲᠠᠯᠠᠪᠤᠷ ᠲᠣᠬᠢᠷᠠᠭᠤᠯᠵᠤ᠂ ᠡᠪᠡᠳᠴᠢᠲᠡᠨ᠎ᠤ ᠵᠠᠭ᠋ᠠᠯᠳᠤᠯᠭ᠎ᠠ ᠪᠤᠶᠤ ᠯᠠᠪᠯᠠᠯᠲᠠ ᠵᠢ ᠭᠥᠯᠢᠶᠡᠨ ᠠᠪᠴᠤ᠂ ᠵᠠᠭ᠋ᠠᠯᠳᠤᠯᠭ᠎ᠠ ᠵᠢᠨ ᠰᠢᠭᠤᠳ ᠰᠢᠯᠤᠭᠤᠬᠠᠨ᠂ ᠳᠥᠭᠦᠮ ᠳᠥᠲᠡ ᠠᠷᠭ᠎ᠠ ᠮᠥᠷ᠎ᠢ ᠪᠠᠶ᠋ᠢᠭᠤᠯᠵᠤ᠂ ᠡᠮᠴᠢᠯᠡᠭᠡᠨ᠎ᠤ ᠪᠠᠶ᠋ᠢᠭᠤᠯᠤᠮᠵᠢ ᠵᠢᠨ ᠢᠯᠡᠷᠬᠡᠢ ᠣᠷᠣᠨ ᠪᠠᠶ᠋ᠢᠷᠢ᠎ᠳᠤ ᠵᠠᠭ᠋ᠠᠯᠳᠤᠯᠭ᠎ᠠ ᠵᠢ ᠰᠢᠢ᠍ᠳᠪᠦᠷᠢᠯᠡᠬᠦ ᠲᠠᠰ ᠳᠠᠷᠠᠭ᠋ᠠᠯᠠᠯ᠂ ᠣᠷᠣᠨ ᠭᠠᠵᠠᠷ᠂ ᠭᠥᠯᠢᠶᠡᠨ ᠠᠪᠬᠤ ᠴᠠᠭ ᠬᠤᠭᠤᠴᠠᠭ᠎ᠠ ᠪᠠ ᠬᠠᠷᠢᠯᠴᠠᠬᠤ ᠠᠷᠭ᠎ᠠ ᠮᠠᠶᠢᠭ ᠵᠡᠷᠭᠡ ᠵᠢ ᠨᠡᠶ᠋ᠢᠲᠡᠯᠡᠵᠦ᠂ ᠡᠪᠡᠳᠴᠢᠲᠡᠨ᠎ᠤ ᠵᠠᠭ᠋ᠠᠯᠳᠤᠬᠤ᠂ ᠯᠠᠪᠯᠠᠬᠤ᠎ᠳᠤ ᠲᠥᠬᠦᠮ ᠦᠵᠡᠭᠦᠯᠬᠦ ᠬᠡᠷᠡᠭᠲᠡᠢ᠃
    ᠠᠷᠪᠠᠨ ᠨᠠᠢ᠍ᠮᠠᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ᠎ᠨᠢ ᠡᠮᠴᠢᠯᠡᠭᠡᠨ᠎ᠤ ᠮᠡᠷᠭᠡᠵᠢᠯ᠎ᠤᠨ ᠦᠢ᠍ᠯᠡᠴᠢᠯᠡᠭᠡ ᠥᠷᠨᠢᠭᠦᠯᠬᠦ᠎ᠳᠤ᠎ᠪᠠᠨ ᠲᠣᠰ ᠪᠡᠶ᠎ᠡ ᠵᠢᠨ ᠵᠶ᠋ᠠᠨ ᠮᠡᠷᠭᠡᠵᠢᠯ᠎ᠤᠨ ᠴᠢᠳᠠᠪᠤᠷᠢ᠎ᠯᠤᠭ᠎ᠠ ᠬᠠᠷᠢᠯᠴᠠᠨ ᠵᠣᠬᠢᠴᠠᠭᠰᠠᠨ ᠪᠠᠶ᠋ᠢᠬᠤ ᠬᠡᠷᠡᠭᠲᠡᠢ᠂ ᠬᠢᠵᠠᠭ᠋ᠠᠷᠯᠠᠬᠤ ᠲᠥᠷᠥᠯ᠎ᠤᠨ ᠮᠡᠷᠭᠡᠵᠢᠯ᠎ᠤᠨ ᠬᠡᠷᠡᠭᠯᠡᠭᠡᠨ ᠥᠷᠨᠢᠭᠦᠯᠬᠦ᠎ᠳᠤ᠎ᠪᠠᠨ᠂ ᠬᠠᠮᠢᠶ᠎ᠠ ᠪᠦᠬᠦᠢ ᠡᠮᠴᠢᠯᠡᠭᠡᠨ᠎ᠤ ᠮᠡᠷᠭᠡᠵᠢᠯ᠎ᠤᠨ ᠡᠮᠴᠢᠯᠡᠭᠡᠨ᠎ᠤ ᠬᠡᠷᠡᠭᠯᠡᠭᠡᠨ᠎ᠤ ᠬᠠᠮᠢᠶᠠᠷᠤᠯᠲᠠ ᠵᠢᠨ ᠵᠢᠷᠤᠮᠵᠢᠯ ᠶᠣᠰᠣᠭ᠋ᠠᠷ ᠥᠪᠡᠷ᠎ᠢ᠎ᠪᠠᠨ ᠦᠨᠡᠯᠡᠨ ᠵᠢᠱ᠌ᠢᠬᠦ ᠬᠡᠷᠡᠭᠲᠡᠢ᠂ ᠨᠥᠬᠦᠴᠡᠯ᠎ᠳᠤ ᠨᠡᠶ᠋ᠢᠴᠡᠬᠦ᠎ᠨᠢ ᠡᠮᠴᠢᠯᠡᠭᠡᠨ᠎ᠤ ᠬᠡᠷᠡᠭᠯᠡᠭᠡᠨ ᠥᠷᠨᠢᠭᠦᠯᠵᠦ ᠪᠣᠯᠬᠤ ᠵᠢᠨ ᠬᠠᠮᠲᠤ᠂ ᠬᠠᠷᠠᠭ᠋ᠠᠯᠵᠠᠭᠰᠠᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠲᠤ ᠳᠠᠩᠰᠠᠯᠠᠭᠤᠯᠬᠤ ᠬᠡᠷᠡᠭᠲᠡᠢ᠂ ᠴᠠᠭ᠋ᠠᠵᠠᠯᠠᠬᠤ ᠲᠥᠷᠥᠯ᠎ᠤᠨ ᠮᠡᠷᠭᠡᠵᠢᠯ᠎ᠤᠨ ᠬᠡᠷᠡᠭᠯᠡᠭᠡᠨ ᠥᠷᠨᠢᠭᠦᠯᠬᠦ ᠵᠢ ᠴᠢᠩᠭ᠎ᠠ ᠴᠠᠭ᠋ᠠᠵᠠᠯᠠᠨ᠎ᠠ᠃ ᠡᠮᠴᠢᠯᠡᠭᠡᠨ᠎ᠤ ᠰᠢᠨ᠎ᠡ ᠮᠡᠷᠭᠡᠵᠢᠯ᠎ᠢ ᠬᠡᠷᠡᠭᠯᠡᠬᠦ᠎ᠳᠤ᠂ ᠮᠡᠷᠭᠡᠵᠢᠯ᠎ᠤᠨ ᠦᠨᠡᠯᠡᠨ ᠵᠢᠱ᠌ᠢᠯᠲᠡ ᠪᠠ ᠡᠰᠢ ᠶᠣᠰᠣᠨ᠎ᠤ ᠬᠢᠨᠠᠨ ᠪᠠᠶ᠋ᠢᠴᠠᠭ᠋ᠠᠯᠲᠠ ᠵᠢ ᠥᠷᠨᠢᠭᠦᠯᠵᠦ᠂ ᠠᠮᠤᠷ ᠲᠦᠪᠰᠢᠨ ᠪᠥᠭᠡᠳ ᠪᠦᠲᠦᠮᠵᠢᠲᠡᠶ᠂ ᠡᠰᠢ ᠶᠣᠰᠣᠨ᠎ᠳᠤ ᠨᠡᠶ᠋ᠢᠴᠡᠬᠦ ᠵᠢ ᠦᠨᠡᠨ ᠬᠦ᠌ ᠪᠠᠲᠤᠯᠠᠬᠤ ᠬᠡᠷᠡᠭᠲᠡᠢ᠃
    ᠠᠷᠪᠠ ᠶᠢᠰᠦᠳᠦᠭᠡᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ ᠵᠢᠴᠢ ᠲᠡᠭᠦᠨ᠎ᠤ ᠡᠮᠨᠡᠯᠬᠡ ᠵᠢᠨ ᠠᠵᠢᠯᠲᠠᠨ᠎ᠨᠢ ᠣᠨᠣᠰᠢᠯᠠᠨ ᠡᠮᠨᠡᠬᠦ ᠠᠵᠢᠯᠯᠠᠭ᠎ᠠ᠎ᠳᠤ᠎ᠪᠠᠨ ᠳᠣᠣᠷ᠎ᠠ ᠵᠢᠭᠰᠠᠭ᠋ᠠᠭᠰᠠᠨ ᠡᠭᠦᠷᠭᠡ ᠬᠠᠷᠢᠭᠤᠴᠠᠯᠭ᠎ᠠ ᠵᠢ ᠭᠦᠢ᠍ᠴᠡᠳᠬᠡᠬᠦ ᠬᠡᠷᠡᠭᠲᠡᠢ᠄
   (ᠨᠢᠭᠡ) ᠡᠮᠴᠢᠯᠡᠭᠡ ᠡᠷᠡᠭᠦᠯ ᠬᠠᠮᠠᠭ᠋ᠠᠯᠠᠯ᠎ᠤᠨ ᠬᠠᠤᠯᠢ ᠴᠠᠭ᠋ᠠᠵᠠ᠂ ᠬᠠᠤᠯᠢ ᠲᠣᠭᠲᠠᠭ᠋ᠠᠯ᠂ ᠲᠣᠭᠲᠠᠭ᠋ᠠᠯ ᠳᠦᠷᠢᠮ ᠪᠠ ᠣᠨᠣᠰᠢᠯᠠᠨ ᠡᠮᠨᠡᠬᠦ ᠬᠠᠮᠢᠶ᠎ᠠ ᠪᠦᠬᠦᠢ ᠵᠢᠷᠤᠮᠵᠢᠯ᠂ ᠵᠤᠷᠰᠢᠯ᠎ᠢ ᠴᠢᠩᠭ᠎ᠠ ᠵᠢᠷᠤᠮᠯᠠᠬᠤ ᠬᠡᠷᠡᠭᠲᠡᠢ᠃
   (ᠬᠤᠶᠠᠷ) ᠡᠪᠡᠳᠴᠢᠲᠡᠨ᠎ᠢ ᠬᠠᠯᠠᠮᠵᠢᠯᠠᠨ ᠬᠠᠶ᠋ᠢᠷᠠᠯᠠᠵᠤ ᠬᠦᠨᠳᠦᠳᠬᠡᠵᠦ᠂ ᠡᠪᠡᠳᠴᠢᠲᠡᠨ᠎ᠤ ᠨᠢᠭᠤᠴᠠ ᠪᠠ ᠬᠤᠪᠢ ᠬᠥᠮᠥᠨ᠎ᠤ ᠮᠡᠳᠡᠭᠡ ᠵᠠᠩᠭᠢ ᠵᠢ ᠬᠠᠮᠠᠭ᠋ᠠᠯᠠᠬᠤ ᠬᠡᠷᠡᠭᠲᠡᠢ᠃
   (ᠭᠤᠷᠪᠠ) ᠡᠪᠡᠳᠴᠢᠨ᠎ᠳᠤ᠎ᠨᠢ ᠵᠣᠬᠢᠴᠠᠭᠤᠯᠤᠨ ᠵᠠᠰᠠᠯᠲᠠ ᠬᠢᠵᠦ᠂ ᠵᠦᠢ ᠵᠣᠬᠢᠰᠲᠠᠢ ᠪᠠᠶ᠋ᠢᠴᠠᠭ᠋ᠠᠵᠤ᠂ ᠵᠦᠢ ᠵᠣᠬᠢᠰᠲᠠᠢ ᠡᠮ ᠬᠡᠷᠡᠭᠯᠡᠵᠦ᠂ ᠵᠦᠢ ᠵᠣᠬᠢᠰᠲᠠᠢ ᠡᠮᠨᠡᠨ ᠵᠠᠰᠠᠵᠤ᠂ ᠬᠠᠤᠯᠢ᠎ᠳᠤ ᠨᠡᠶ᠋ᠢᠴᠡᠭᠰᠡᠨ᠂ ᠲᠣᠭᠲᠠᠭ᠋ᠠᠯ᠎ᠳᠤ ᠨᠡᠶ᠋ᠢᠴᠡᠭᠰᠡᠨ᠂ ᠰᠢᠨᠵᠢᠯᠡᠬᠦ ᠤᠬᠠᠭ᠋ᠠᠨᠴᠢ ᠣᠨᠣᠰᠢᠯᠠᠨ ᠡᠮᠨᠡᠬᠦ ᠠᠷᠭ᠎ᠠ ᠵᠢ ᠬᠡᠷᠡᠭᠯᠡᠬᠦ ᠬᠡᠷᠡᠭᠲᠡᠢ᠃
   (ᠳᠥᠷᠪᠡ) ᠡᠪᠡᠳᠴᠢᠨ᠎ᠤ ᠪᠠᠶ᠋ᠢᠳᠠᠯ᠂ ᠡᠮᠴᠢᠯᠡᠭᠡᠨ᠎ᠤ ᠠᠷᠭ᠎ᠠ ᠬᠡᠮᠵᠢᠶ᠎ᠡ᠂ ᠡᠮᠴᠢᠯᠡᠭᠡᠨ᠎ᠤ ᠲᠦᠭᠰᠢᠭᠦᠷᠢ ᠵᠡᠷᠭᠡ ᠪᠠᠶ᠋ᠢᠳᠠᠯ᠎ᠢ ᠡᠪᠡᠳᠴᠢᠲᠡᠨ᠎ᠳᠤ ᠦᠨᠡᠨ ᠮᠥᠨ ᠵᠶ᠋ᠠᠷ᠎ᠨᠢ ᠮᠡᠳᠡᠭᠳᠡᠵᠦ᠂ ᠮᠡᠰᠡ ᠵᠠᠰᠠᠯ᠂ ᠣᠨᠴᠠᠭ᠋ᠠᠢ ᠪᠠᠶ᠋ᠢᠴᠠᠭ᠋ᠠᠯᠲᠠ᠂ ᠣᠨᠴᠠᠭ᠋ᠠᠢ ᠵᠠᠰᠠᠯᠭ᠎ᠠ ᠬᠢᠬᠦ ᠴᠢᠬᠤᠯᠠᠲᠠᠢ ᠪᠠᠶ᠋ᠢᠪᠠᠯ᠂ ᠡᠪᠡᠳᠴᠢᠲᠡᠨ᠎ᠳᠤ ᠡᠮᠴᠢᠯᠡᠭᠡᠨ᠎ᠤ ᠲᠦᠭᠰᠢᠭᠦᠷᠢ᠂ ᠣᠷᠣᠯᠠᠭᠤᠯᠬᠤ ᠡᠮᠴᠢᠯᠡᠭᠡᠨ᠎ᠤ ᠲᠥᠰᠥᠯ ᠵᠡᠷᠭᠡ ᠪᠠᠶ᠋ᠢᠳᠠᠯ᠎ᠢ ᠴᠠᠭ ᠲᠤᠬᠠᠢ᠎ᠳᠤ᠎ᠨᠢ ᠪᠣᠳᠠᠲᠠᠢ ᠲᠣᠳᠣᠷᠬᠠᠶ᠋ᠢᠯᠠᠬᠤ ᠵᠢᠨ ᠬᠠᠮᠲᠤ ᠲᠡᠭᠦᠨ᠎ᠤ ᠲᠣᠳᠣᠷᠬᠠᠢ ᠵᠥᠪᠰᠢᠶᠡᠷᠡᠯ᠎ᠢ ᠣᠯᠬᠤ ᠬᠡᠷᠡᠭᠲᠡᠢ; ᠡᠪᠡᠳᠴᠢᠲᠡᠨ᠎ᠳᠤ ᠲᠣᠳᠣᠷᠬᠠᠶ᠋ᠢᠯᠠᠵᠤ ᠪᠣᠯᠬᠤ ᠦᠭᠡᠢ ᠪᠤᠶᠤ ᠡᠪᠡᠳᠴᠢᠲᠡᠨ᠎ᠳᠤ ᠲᠣᠳᠣᠷᠬᠠᠶ᠋ᠢᠯᠠᠬᠤ᠎ᠳᠤ ᠲᠣᠬᠢᠷᠠᠮᠵᠢ ᠦᠭᠡᠢ ᠪᠠᠶ᠋ᠢᠪᠠᠯ᠂ ᠡᠪᠡᠳᠴᠢᠲᠡᠨ᠎ᠤ ᠣᠶ᠋ᠢᠷ᠎ᠠ ᠲᠥᠷᠥᠯ ᠰᠠᠳᠤᠨ᠎ᠳᠤ ᠲᠠᠶ᠋ᠢᠯᠪᠤᠷᠢᠯᠠᠵᠤ ᠥᠭᠬᠦ ᠵᠢᠨ ᠬᠠᠮᠲᠤ ᠲᠡᠭᠦᠨ᠎ᠤ ᠲᠣᠳᠣᠷᠬᠠᠢ ᠵᠥᠪᠰᠢᠶᠡᠷᠡᠯ᠎ᠢ ᠣᠯᠬᠤ ᠬᠡᠷᠡᠭᠲᠡᠢ᠃
   (ᠲᠠᠪᠤ) ᠪᠠᠴᠢᠮ ᠠᠪᠤᠷᠠᠨ ᠵᠠᠰᠠᠬᠤ ᠴᠢᠬᠤᠯᠠᠲᠠᠢ ᠡᠪᠡᠳᠴᠢᠲᠡᠨ᠎ᠳᠤ ᠪᠠᠴᠢᠮ ᠠᠷᠭ᠎ᠠ ᠬᠡᠮᠵᠢᠶ᠎ᠡ ᠠᠪᠴᠤ ᠪᠠᠶ᠋ᠢᠭ᠋ᠠᠳ ᠣᠨᠣᠰᠢᠯᠠᠨ ᠡᠮᠨᠡᠬᠦ ᠬᠡᠷᠡᠭᠲᠡᠢ᠂ ᠲᠦᠷᠭᠡᠨ ᠠᠪᠤᠷᠠᠵᠤ ᠡᠮᠴᠢᠯᠡᠨ ᠰᠢᠢ᠍ᠳᠪᠦᠷᠢᠯᠡᠬᠦ ᠵᠢ ᠲᠡᠪᠴᠢᠵᠦ ᠪᠣᠯᠬᠤ ᠦᠭᠡᠢ᠃ ᠠᠮᠢ ᠨᠠᠰᠤ᠎ᠨᠢ ᠲᠦᠭᠰᠢᠭᠦᠷᠢᠲᠡᠢ ᠪᠣᠯᠣᠭᠰᠠᠨ ᠡᠪᠡᠳᠴᠢᠲᠡᠨ᠎ᠢ ᠲᠦᠷᠭᠡᠨ ᠠᠪᠤᠷᠠᠬᠤ ᠵᠡᠷᠭᠡ ᠪᠠᠴᠢᠮ ᠪᠠᠶ᠋ᠢᠳᠠᠯ᠎ᠠᠴᠠ ᠪᠣᠯᠣᠭ᠋ᠠᠳ ᠡᠪᠡᠳᠴᠢᠲᠡᠨ ᠪᠤᠶᠤ ᠣᠶ᠋ᠢᠷ᠎ᠠ ᠲᠥᠷᠥᠯ ᠰᠠᠳᠤᠨ᠎ᠠᠴᠠ᠎ᠨᠢ ᠰᠠᠨᠠᠯ ᠠᠪᠴᠤ ᠳᠡᠶ᠋ᠢᠯᠬᠦ ᠦᠭᠡᠢ ᠪᠠᠶ᠋ᠢᠳᠠᠯ᠎ᠳᠤ᠂ ᠡᠮᠴᠢᠯᠡᠭᠡᠨ᠎ᠤ ᠪᠠᠶ᠋ᠢᠭᠤᠯᠤᠮᠵᠢ ᠵᠢᠨ ᠬᠠᠷᠢᠭᠤᠴᠠᠯᠭ᠋ᠠᠲᠠᠨ ᠪᠤᠶᠤ ᠡᠷᠬᠡ ᠣᠯᠭᠤᠭᠰᠠᠨ ᠬᠠᠷᠢᠭᠤᠴᠠᠯᠭ᠋ᠠᠲᠠᠨ ᠵᠶ᠋ᠠᠷ ᠵᠥᠪᠰᠢᠶᠡᠷᠡᠭᠦᠯᠦᠭᠡᠳ᠂ ᠲᠡᠷᠡ ᠳᠠᠷᠤᠢ᠎ᠳᠤ᠎ᠨᠢ ᠬᠠᠷᠠᠭ᠋ᠠᠯᠵᠠᠭᠰᠠᠨ ᠡᠮᠴᠢᠯᠡᠭᠡᠨ᠎ᠤ ᠠᠷᠭ᠎ᠠ ᠬᠡᠮᠵᠢᠶ᠎ᠡ ᠠᠪᠴᠤ ᠪᠣᠯᠣᠨ᠎ᠠ᠃
   (ᠵᠢᠷᠭᠤᠭ᠎ᠠ) ᠮᠡᠰᠡ ᠵᠠᠰᠠᠯ᠂ ᠣᠨᠴᠠᠭ᠋ᠠᠢ ᠪᠠᠶ᠋ᠢᠴᠠᠭ᠋ᠠᠯᠲᠠ᠂ ᠣᠨᠴᠠᠭ᠋ᠠᠢ ᠵᠠᠰᠠᠯᠭ᠎ᠠ ᠵᠡᠷᠭᠡ ᠨᠡᠯᠢᠶᠡᠳ ᠶᠡᠭᠡ ᠡᠮᠴᠢᠯᠡᠭᠡᠨ᠎ᠤ ᠲᠦᠭᠰᠢᠭᠦᠷᠢ᠎ᠲᠠᠢ ᠣᠨᠣᠰᠢᠯᠠᠨ ᠡᠮᠨᠡᠬᠦ ᠠᠵᠢᠯᠯᠠᠭ᠎ᠠ ᠵᠢ ᠥᠷᠨᠢᠭᠦᠯᠬᠦ᠎ᠳᠤ᠂ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠠᠷᠭ᠋ᠠᠴᠠᠭ᠋ᠠᠬᠤ ᠪᠡᠯᠡᠳᠬᠡᠯ ᠲᠥᠰᠥᠯ ᠵᠶ᠋ᠠᠨ ᠤᠷᠢᠳᠴᠢᠯᠠᠨ ᠪᠡᠯᠡᠳᠬᠡᠵᠦ᠂ ᠭᠡᠨᠡᠳᠲᠡ ᠵᠢᠨ ᠲᠦᠭᠰᠢᠭᠦᠷᠢ ᠵᠢ ᠰᠠᠨᠠᠭ᠋ᠠᠴᠢᠯᠠᠭ᠎ᠠ᠎ᠠᠴᠠ᠎ᠪᠠᠨ ᠰᠡᠷᠭᠡᠶ᠋ᠢᠯᠡᠬᠦ ᠬᠡᠷᠡᠭᠲᠡᠢ᠃
   (ᠳᠤᠯᠤᠭ᠎ᠠ) ᠬᠠᠤᠯᠢ ᠶᠣᠰᠣᠭ᠋ᠠᠷ ᠵᠥᠪᠰᠢᠶᠡᠷᠡᠭᠦᠯᠦᠭᠰᠡᠨ ᠪᠤᠶᠤ ᠳᠠᠩᠰᠠᠯᠠᠭᠤᠯᠤᠭᠰᠠᠨ ᠡᠮ᠎ᠤᠨ ᠵᠦᠢ᠍ᠯ᠂ ᠠᠷᠢᠭᠤᠳᠬᠠᠬᠤ ᠡᠮ᠂ ᠡᠮᠴᠢᠯᠡᠭᠡᠨ᠎ᠤ ᠪᠠᠭ᠋ᠠᠵᠢ ᠬᠡᠷᠡᠭᠰᠡᠯ᠎ᠢ ᠬᠡᠷᠡᠭᠯᠡᠬᠦ ᠬᠡᠷᠡᠭᠲᠡᠢ᠂ ᠡᠮ᠎ᠤᠨ ᠵᠦᠢ᠍ᠯ᠂ ᠡᠮᠴᠢᠯᠡᠭᠡᠨ᠎ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ᠂ ᠡᠮᠴᠢᠯᠡᠭᠡᠨ᠎ᠤ ᠪᠠᠭ᠋ᠠᠵᠢ ᠬᠡᠷᠡᠭᠰᠡᠯ᠂ ᠠᠷᠢᠭᠤᠳᠬᠠᠬᠤ ᠡᠮ᠂ ᠴᠢᠰᠤ ᠵᠡᠷᠭᠡ ᠵᠢᠨ ᠪᠠᠷᠠᠭ᠎ᠠ ᠣᠷᠣᠭᠤᠯᠬᠤ᠎ᠳᠤ ᠪᠠᠶ᠋ᠢᠴᠠᠭ᠋ᠠᠨ ᠰᠢᠯᠭ᠋ᠠᠬᠤ᠂ ᠬᠠᠳᠠᠭ᠋ᠠᠯᠠᠨ ᠬᠠᠮᠢᠶᠠᠷᠬᠤ ᠵᠡᠷᠭᠡ ᠳᠦᠷᠢᠮ᠎ᠢ ᠴᠢᠩᠭ᠎ᠠ ᠬᠡᠷᠡᠭᠵᠢᠭᠦᠯᠵᠦ᠂ ᠬᠢᠷᠢ ᠲᠡᠩᠴᠡᠭᠰᠡᠨ ᠭᠡᠷᠡᠴᠢᠯᠡᠬᠦ ᠪᠢᠴᠢᠭ ᠮᠠᠲ᠋ᠧᠷᠢᠶᠠᠯ ᠦᠭᠡᠢ᠂ ᠬᠤᠭᠤᠴᠠᠭ᠎ᠠ ᠬᠡᠲᠦᠷᠡᠭᠰᠡᠨ ᠵᠡᠷᠭᠡ ᠬᠢᠷᠢ ᠲᠡᠩᠴᠡᠬᠦ ᠦᠭᠡᠢ ᠡᠮ᠎ᠤᠨ ᠵᠦᠢ᠍ᠯ᠂ ᠡᠮᠴᠢᠯᠡᠭᠡᠨ᠎ᠤ ᠪᠠᠭ᠋ᠠᠵᠢ ᠬᠡᠷᠡᠭᠰᠡᠯ᠂ ᠠᠷᠢᠭᠤᠳᠬᠠᠬᠤ ᠡᠮ᠂ ᠴᠢᠰᠤ ᠵᠡᠷᠭᠡ ᠵᠢ ᠬᠡᠷᠡᠭᠯᠡᠬᠦ ᠵᠢ ᠴᠠᠭ᠋ᠠᠵᠠᠯᠠᠨ᠎ᠠ᠃
   (ᠨᠠᠢ᠍ᠮᠠ) ᠡᠪᠡᠳᠴᠢᠨ᠎ᠤ ᠲᠡᠦᠬᠡ ᠵᠢᠨ ᠬᠠᠮᠢᠶᠠᠷᠤᠯᠲᠠ ᠵᠢᠨ ᠬᠤᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠎ᠢ ᠲᠠᠭᠯᠠᠵᠤ ᠪᠢᠴᠢᠬᠦ ᠵᠢᠨ ᠬᠠᠮᠲᠤ ᠲᠣᠬᠢᠲᠠᠢ ᠬᠠᠳᠠᠭ᠋ᠠᠯᠠᠨ ᠬᠠᠮᠢᠶᠠᠷᠬᠤ ᠬᠡᠷᠡᠭᠲᠡᠢ᠃
   (ᠶᠢᠰᠦ) ᠡᠪᠡᠳᠴᠢᠲᠡᠨ᠎ᠳᠤ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠎ᠢ ᠬᠠᠭᠤᠯᠪᠤᠷᠢᠯᠠᠨ ᠥᠭᠬᠦ ᠦᠢ᠍ᠯᠡᠴᠢᠯᠡᠭᠡ ᠬᠠᠩᠭ᠋ᠠᠬᠤ ᠬᠡᠷᠡᠭᠲᠡᠢ᠃ ᠡᠪᠡᠳᠴᠢᠲᠡᠨ ᠨᠠᠰᠤ ᠪᠠᠷᠠᠭᠰᠠᠨ ᠪᠠᠶ᠋ᠢᠪᠠᠯ ᠲᠡᠭᠦᠨ᠎ᠤ ᠣᠶ᠋ᠢᠷ᠎ᠠ ᠲᠥᠷᠥᠯ ᠰᠠᠳᠤᠨ᠎ᠨᠢ ᠤᠯᠤᠰ᠎ᠤᠨ ᠬᠤᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠎ᠢ ᠪᠠᠶ᠋ᠢᠴᠠᠭ᠋ᠠᠨ ᠦᠵᠡᠬᠦ ᠪᠠ ᠬᠠᠭᠤᠯᠪᠤᠷᠢᠯᠠᠨ ᠠᠪᠴᠤ ᠪᠣᠯᠣᠨ᠎ᠠ᠃
   (ᠠᠷᠪᠠ) ᠬᠠᠤᠯᠢ ᠴᠠᠭ᠋ᠠᠵᠠ᠂ ᠬᠠᠤᠯᠢ ᠲᠣᠭᠲᠠᠭ᠋ᠠᠯ᠂ ᠲᠣᠭᠲᠠᠭ᠋ᠠᠯ ᠳᠦᠷᠢᠮ ᠪᠠ ᠣᠨᠣᠰᠢᠯᠠᠨ ᠡᠮᠨᠡᠬᠦ ᠵᠢᠷᠤᠮᠵᠢᠯ᠎ᠳᠤ ᠲᠣᠭᠲᠠᠭ᠋ᠠᠭᠰᠠᠨ ᠪᠤᠰᠤᠳ ᠪᠠᠶ᠋ᠢᠳᠠᠯ᠃
    ᠬᠤᠷᠢᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ ᠵᠢᠴᠢ ᠡᠮᠨᠡᠯᠭᠡ ᠵᠢᠨ ᠠᠵᠢᠯᠲᠠᠳ ᠣᠨᠣᠰᠢᠯᠠᠨ ᠡᠮᠨᠡᠬᠦ ᠠᠵᠢᠯᠯᠠᠭ᠎ᠠ᠎ᠳᠤ᠎ᠪᠠᠨ ᠳᠣᠣᠷ᠎ᠠ ᠵᠢᠭᠰᠠᠭ᠋ᠠᠭᠰᠠᠨ ᠦᠢ᠍ᠯᠡ ᠠᠵᠢᠯᠯᠠᠭ᠎ᠠ᠎ᠲᠠᠢ ᠪᠠᠶ᠋ᠢᠵᠤ ᠪᠣᠯᠬᠤ ᠦᠭᠡᠢ᠄
   (ᠨᠢᠭᠡ) ᠠᠵᠢᠯ ᠡᠷᠬᠢᠯᠡᠬᠦ ᠬᠡᠪᠴᠢᠶ᠎ᠡ᠎ᠠᠴᠠ᠎ᠪᠠᠨ ᠳᠠᠪᠠᠭᠤᠯᠤᠨ ᠣᠨᠣᠰᠢᠯᠠᠨ ᠡᠮᠨᠡᠬᠦ;
   (ᠬᠤᠶᠠᠷ) ᠣᠨᠣᠰᠢᠯᠠᠨ ᠡᠮᠨᠡᠬᠦ ᠵᠢᠷᠤᠮᠵᠢᠯ᠎ᠢ ᠵᠥᠷᠢᠴᠡᠨ ᠴᠢᠬᠤᠯᠠ ᠪᠤᠰᠤ ᠪᠠᠶ᠋ᠢᠴᠠᠭ᠋ᠠᠯᠲᠠ ᠪᠠ ᠡᠮᠴᠢᠯᠡᠭᠡ ᠬᠢᠬᠦ;
   (ᠭᠤᠷᠪᠠ) ᠣᠨᠣᠰᠢᠯᠠᠨ ᠡᠮᠨᠡᠬᠦ ᠮᠡᠷᠭᠡᠵᠢᠯ᠂ ᠡᠮ᠎ᠤᠨ ᠵᠦᠢ᠍ᠯ᠂ ᠡᠮᠴᠢᠯᠡᠭᠡᠨ᠎ᠤ ᠪᠠᠭ᠋ᠠᠵᠢ ᠬᠡᠷᠡᠭᠰᠡᠯ᠂ ᠡᠮᠴᠢᠯᠡᠭᠡᠨ᠎ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ᠂ ᠠᠷᠢᠭᠤᠳᠬᠠᠬᠤ ᠡᠮ᠂ ᠴᠢᠰᠤ ᠵᠡᠷᠭᠡ ᠵᠢ ᠬᠠᠤᠯᠢ ᠲᠣᠭᠲᠠᠭ᠋ᠠᠯ᠎ᠠᠴᠠ ᠵᠥᠷᠢᠴᠡᠨ ᠬᠡᠷᠡᠭᠯᠡᠬᠦ;
   (ᠳᠥᠷᠪᠡ) ᠡᠪᠡᠳᠴᠢᠨ᠎ᠤ ᠪᠠᠢ᠍ᠳᠠᠯ᠎ᠢ᠎ᠨᠢ ᠨᠢᠭᠤᠨ ᠳᠠᠯᠳᠠᠯᠠᠬᠤ᠂ ᠪᠤᠷᠤᠭᠤ᠎ᠪᠠᠷ ᠬᠥᠲᠥᠯᠬᠦ ᠪᠤᠶᠤ ᠬᠡᠲᠦᠷᠡᠭᠦᠯᠦᠨ ᠶᠠᠷᠢᠬᠤ;
   (ᠲᠠᠪᠤ) ᠡᠪᠡᠳᠴᠢᠨ᠎ᠤ ᠳᠠᠩᠰᠠ ᠵᠡᠷᠭᠡ ᠠᠨᠠᠭ᠋ᠠᠬᠤ ᠤᠬᠠᠭ᠋ᠠᠨ᠎ᠤ ᠪᠢᠴᠢᠭ ᠬᠠᠷ᠎ᠠ ᠵᠢᠴᠢ ᠬᠤᠯᠪᠣᠭᠳᠠᠯ ᠪᠦᠬᠦᠢ ᠮᠠᠲ᠋ᠧᠷᠢᠶᠠᠯ᠎ᠢ ᠨᠢᠭᠤᠨ ᠳᠠᠯᠳᠠᠯᠠᠭᠰᠠᠨ᠂ ᠬᠠᠭᠤᠷᠮᠠᠭ ᠵᠶ᠋ᠠᠷ ᠵᠣᠬᠢᠶᠠᠭᠰᠠᠨ᠂ ᠥᠭᠡᠷᠡᠲᠦᠭᠦᠯᠦᠭᠰᠡᠨ ᠪᠤᠶᠤ ᠳᠤᠷ᠎ᠠ᠎ᠪᠠᠷ ᠵᠶ᠋ᠠᠨ ᠤᠰᠠᠳᠬᠠᠭᠰᠠᠨ;
   (ᠵᠢᠷᠭᠤᠭ᠎ᠠ) ᠠᠨᠠᠭ᠋ᠠᠬᠤ ᠤᠬᠠᠭ᠋ᠠᠨ᠎ᠤ ᠬᠤᠳᠠᠯ ᠬᠠᠭᠤᠷᠮᠠᠭ ᠭᠡᠷᠡᠴᠢ ᠪᠢᠴᠢᠭ ᠮᠠᠲ᠋ᠧᠷᠢᠶᠠᠯ ᠵᠢᠴᠢ ᠥᠪᠡᠷ᠎ᠤᠨ ᠡᠷᠬᠢᠯᠡᠭᠰᠡᠨ ᠠᠵᠢᠯ᠎ᠤᠨ ᠬᠡᠪᠴᠢᠶ᠎ᠡ᠎ᠯᠦᠭᠡ ᠬᠤᠯᠪᠣᠭᠳᠠᠯ ᠦᠭᠡᠢ ᠪᠤᠶᠤ ᠠᠵᠢᠯ ᠡᠷᠬᠢᠯᠡᠬᠦ ᠲᠦᠷᠦᠯ ᠢᠯᠭ᠋ᠠᠯ᠎ᠳᠤ ᠦᠯᠦ ᠨᠡᠶ᠋ᠢᠴᠡᠬᠦ ᠠᠨᠠᠭ᠋ᠠᠬᠤ ᠤᠬᠠᠭ᠋ᠠᠨ᠎ᠤ ᠭᠡᠷᠡᠴᠢ ᠪᠢᠴᠢᠭ ᠮᠠᠲ᠋ᠧᠷᠢᠶᠠᠯ ᠭᠠᠷᠭ᠋ᠠᠵᠤ ᠥᠭᠭᠦᠭᠰᠡᠨ;
   (ᠳᠤᠯᠤᠭ᠎ᠠ) ᠵᠢᠷᠤᠮᠵᠢᠯ ᠶᠣᠰᠣᠭ᠋ᠠᠷ ᠣᠨᠣᠰᠢᠯᠠᠵᠤ ᠡᠮᠨᠡᠬᠦ᠎ᠳᠤ ᠬᠡᠷᠡᠭᠯᠡᠬᠦ᠎ᠠᠴᠠ ᠭᠠᠳᠠᠨ᠎ᠠ᠂ ᠮᠢᠨᠴᠦᠭᠦᠷᠡᠭᠦᠯᠬᠦ ᠡᠮ᠎ᠤᠨ ᠵᠦᠢ᠍ᠯ᠂ ᠡᠮᠴᠢᠯᠡᠭᠡ᠎ᠳᠤ ᠬᠡᠷᠡᠭᠯᠡᠬᠦ ᠬᠤᠣᠷᠲᠤ ᠡᠮ᠎ᠤᠨ ᠵᠦᠢ᠍ᠯ᠂ ᠣᠶᠣᠨ ᠮᠡᠳᠡᠷᠡᠯ᠎ᠤᠨ ᠡᠮ᠎ᠤᠨ ᠵᠦᠢ᠍ᠯ᠂ ᠰᠠᠴᠤᠷᠠᠭ ᠴᠢᠨᠠᠷᠲᠠᠢ ᠡᠮ᠎ᠤᠨ ᠵᠦᠢ᠍ᠯ ᠵᠡᠷᠭᠡ ᠵᠢ ᠬᠡᠷᠡᠭᠯᠡᠵᠦ ᠪᠣᠯᠬᠤ ᠦᠭᠡᠢ;
   (ᠨᠠᠢ᠍ᠮᠠ) ᠲᠤᠰᠢᠶᠠᠯ᠎ᠤᠨ ᠳᠥᠭᠦᠮ ᠵᠶ᠋ᠠᠨ ᠠᠰᠢᠭᠯᠠᠵᠤ᠂ ᠡᠳ᠋ ᠮᠥᠩᠭᠦ ᠨᠡᠬᠡᠨ ᠠᠪᠬᠤ ᠬᠠᠤᠯᠢ ᠪᠤᠰᠤ᠎ᠪᠠᠷ ᠬᠦᠯᠢᠶᠡᠨ ᠠᠪᠬᠤ ᠪᠤᠶᠤ ᠪᠤᠰᠤᠳ ᠵᠦᠢ ᠪᠤᠰᠤ ᠠᠰᠢᠭ ᠲᠤᠰᠠ ᠵᠢ ᠵᠠᠪᠰᠢᠨ ᠬᠤᠨᠵᠢᠵᠤ ᠪᠣᠯᠬᠤ ᠦᠭᠡᠢ;
   (ᠶᠢᠰᠦ) ᠬᠠᠤᠯᠢ ᠴᠠᠭ᠋ᠠᠵᠠ᠂ ᠬᠠᠤᠯᠢ ᠲᠣᠭᠲᠠᠭ᠋ᠠᠯ᠂ ᠲᠣᠭᠲᠠᠭ᠋ᠠᠯ ᠳᠦᠷᠢᠮ ᠪᠠ ᠣᠨᠣᠰᠢᠯᠠᠨ ᠡᠮᠨᠡᠬᠦ ᠵᠢᠷᠤᠮᠵᠢᠯ᠎ᠳᠤ ᠴᠠᠭ᠋ᠠᠵᠠᠯᠠᠭᠰᠠᠨ ᠪᠤᠰᠤᠳ ᠪᠠᠶ᠋ᠢᠳᠠᠯ᠃
    ᠬᠤᠷᠢᠨ ᠨᠢᠭᠡᠳᠦᠭᠡᠷ ᠵᠦᠢ᠍ᠯ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠳ ᠡᠮᠴᠢᠯᠡᠭᠡᠨ᠎ᠤ ᠪᠠᠶ᠋ᠢᠭᠤᠯᠤᠮᠵᠢ ᠵᠢᠨ ᠡᠮᠴᠢᠯᠡᠭᠡᠨ᠎ᠤ ᠶᠠᠰᠤ ᠴᠢᠨᠠᠷ᠎ᠤᠨ ᠠᠮᠤᠷ ᠲᠦᠪᠰᠢᠨ᠎ᠤ ᠬᠠᠮᠢᠶᠠᠷᠤᠯᠲᠠ ᠵᠢᠨ ᠳᠦᠷᠢᠮ᠎ᠢ ᠨᠠᠶ᠋ᠢᠳᠠᠪᠤᠷᠢᠵᠢᠭᠤᠯᠤᠭᠰᠠᠨ ᠪᠠᠶ᠋ᠢᠳᠠᠯ᠎ᠳᠠᠬᠢ ᠡᠳᠦᠷ ᠲᠤᠲᠤᠮ᠎ᠤᠨ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠵᠤ᠂ ᠡᠮᠴᠢᠯᠡᠭᠡᠨ᠎ᠤ ᠶᠠᠰᠤ ᠴᠢᠨᠠᠷ᠎ᠤᠨ ᠠᠮᠤᠷ ᠲᠦᠪᠰᠢᠨ᠎ᠤ ᠦᠨᠡᠯᠡᠨ ᠵᠢᠱ᠌ᠢᠯᠲᠡ ᠵᠢ ᠵᠣᠬᠢᠶᠠᠨ ᠪᠠᠶ᠋ᠢᠭᠤᠯᠤᠨ ᠥᠷᠨᠢᠭᠦᠯᠵᠦ᠂ ᠡᠮᠴᠢᠯᠡᠭᠡᠨ᠎ᠤ ᠶᠠᠰᠤ ᠴᠢᠨᠠᠷ᠎ᠤᠨ ᠠᠮᠤᠷ ᠲᠦᠪᠰᠢᠨ᠎ᠤ ᠮᠡᠳᠡᠭᠡ ᠵᠠᠩᠭᠢ ᠵᠢ ᠵᠠᠳᠠᠯᠤᠨ᠂ ᠣᠯᠵᠤ ᠮᠡᠳᠡᠭᠰᠡᠨ ᠲᠦᠭᠰᠢᠭᠦᠷᠢ᠎ᠳᠤ ᠴᠢᠭᠯᠡᠭᠦᠯᠦᠨ ᠰᠡᠷᠭᠡᠶ᠋ᠢᠯᠡᠬᠦ ᠠᠷᠭ᠎ᠠ ᠬᠡᠮᠵᠢᠶ᠎ᠡ ᠲᠣᠭᠲᠠᠭ᠋ᠠᠵᠤ᠂ ᠡᠮᠴᠢᠯᠡᠭᠡᠨ᠎ᠤ ᠪᠠᠶ᠋ᠢᠭᠤᠯᠤᠮᠵᠢ ᠵᠢ ᠰᠢᠮᠳᠠᠭᠤᠯᠵᠤ ᠪᠠᠶ᠋ᠢᠭ᠋ᠠᠳ ᠴᠡᠭᠴᠡᠯᠡᠨ ᠰᠠᠶ᠋ᠢᠵᠢᠷᠠᠭᠤᠯᠵᠤ ᠨᠠᠶ᠋ᠢᠳᠠᠪᠤᠷᠢᠵᠢᠭᠤᠯᠬᠤ ᠬᠡᠷᠡᠭᠲᠡᠢ᠃
    ᠬᠤᠷᠢᠨ ᠬᠤᠶᠠᠳᠤᠭ᠋ᠠᠷ ᠵᠦᠢ᠍ᠯ ᠡᠪᠡᠳᠴᠢᠲᠡᠨ ᠡᠭᠦᠳᠡᠨ (ᠪᠠᠴᠢᠮ) ᠡᠮᠨᠡᠯᠭᠡ ᠵᠢᠨ ᠡᠪᠡᠳᠴᠢᠨ᠎ᠤ ᠲᠡᠦᠬᠡ ᠪᠠ ᠡᠮᠨᠡᠯᠭᠡ᠎ᠳᠤ ᠰᠠᠭᠤᠭᠰᠠᠨ ᠡᠪᠡᠳᠴᠢᠨ᠎ᠤ ᠲᠡᠦᠬᠡᠨ᠎ᠳᠠᠬᠢ ᠡᠮᠨᠡᠯᠭᠡ᠎ᠳᠤ ᠰᠠᠭᠤᠭᠰᠠᠨ ᠲᠡᠮᠳᠡᠭᠯᠡᠯ (ᠲᠤᠬᠠᠶ᠋ᠢᠯᠠᠪᠠᠯ ᠡᠮᠨᠡᠯᠭᠡ᠎ᠳᠤ ᠣᠷᠣᠭᠰᠠᠨ ᠲᠡᠮᠳᠡᠭᠯᠡᠯ)᠂ ᠪᠡᠶ᠎ᠡ ᠵᠢᠨ ᠳᠤᠯᠠᠭ᠋ᠠᠨ᠎ᠤ ᠬᠠᠭᠤᠳᠠᠰᠤ᠂ ᠡᠮᠴᠢ ᠵᠢᠨ ᠵᠢᠭ᠋ᠠᠪᠤᠷᠢ ᠵᠢᠨ ᠬᠠᠭᠤᠳᠠᠰᠤ᠂ ᠰᠢᠨᠵᠢᠯᠡᠨ ᠰᠢᠯᠭ᠋ᠠᠯᠲᠠ ᠵᠢᠨ ᠬᠠᠭᠤᠳᠠᠰᠤ (ᠪᠠᠶ᠋ᠢᠴᠠᠭ᠋ᠠᠨ ᠰᠢᠯᠭ᠋ᠠᠯᠲᠠ ᠵᠢᠨ ᠮᠡᠳᠡᠭᠦᠯᠦᠯᠲᠡ)᠂ ᠠᠨᠠᠭ᠋ᠠᠬᠤ ᠤᠬᠠᠭ᠋ᠠᠨ᠎ᠤ ᠵᠢᠷᠤᠭ ᠳᠦᠷᠰᠦ ᠵᠢᠨ ᠪᠠᠶ᠋ᠢᠴᠠᠭ᠋ᠠᠯᠲᠠ ᠵᠢᠨ ᠮᠠᠲ᠋ᠧᠷᠢᠶᠠᠯ᠂ ᠣᠨᠴᠠᠭ᠋ᠠᠢ ᠪᠠᠶ᠋ᠢᠴᠠᠭ᠋ᠠᠯᠲᠠ (ᠡᠮᠨᠡᠨ ᠵᠠᠰᠠᠬᠤ) ᠵᠢᠨ ᠵᠥᠪᠰᠢᠶᠡᠷᠡᠯ᠎ᠤᠨ ᠪᠢᠴᠢᠭ᠂ ᠮᠡᠰᠡ ᠵᠠᠰᠠᠯ᠎ᠤᠨ ᠵᠥᠪᠰᠢᠶᠡᠷᠡᠯ᠎ᠤᠨ ᠪᠢᠴᠢᠭ᠂ ᠮᠡᠰᠡ ᠵᠠᠰᠠᠯ ᠵᠢᠴᠢ ᠮᠢᠨᠴᠦᠭᠦᠷᠡᠭᠦᠯᠦᠭᠰᠡᠨ ᠲᠡᠮᠳᠡᠭᠯᠡᠯ᠎ᠤᠨ ᠬᠠᠭᠤᠳᠠᠰᠤ᠂ ᠡᠪᠡᠳᠴᠢᠨ᠎ᠤ ᠵᠦᠢ ᠵᠢᠨ ᠮᠡᠳᠡᠭᠦᠯᠦᠯᠲᠡ᠂ ᠰᠤᠪᠢᠯᠠᠯᠲᠠ ᠵᠢᠨ ᠲᠡᠮᠳᠡᠭᠯᠡᠯ᠂ ᠡᠮᠨᠡᠯᠭᠡ᠎ᠠᠴᠠ ᠭᠠᠷᠤᠭᠰᠠᠨ ᠲᠡᠮᠳᠡᠭᠯᠡᠯ᠂ ᠡᠮᠴᠢᠯᠡᠭᠡᠨ᠎ᠤ ᠵᠠᠷᠤᠳᠠᠯ ᠵᠢᠴᠢ 《ᠡᠮᠴᠢᠯᠡᠭᠡᠨ᠎ᠤ ᠪᠠᠶ᠋ᠢᠭᠤᠯᠤᠮᠵᠢ ᠵᠢᠨ ᠡᠪᠡᠳᠴᠢᠨ᠎ᠤ ᠲᠡᠦᠬᠡ ᠵᠢᠨ ᠬᠠᠮᠢᠶᠠᠷᠤᠯᠲᠠ ᠵᠢᠨ ᠲᠣᠭᠲᠠᠭ᠋ᠠᠯ》᠎ᠳᠠᠬᠢ ᠡᠪᠡᠳᠴᠢᠨ᠎ᠤ ᠲᠡᠦᠬᠡᠨ᠎ᠳᠤ ᠬᠠᠷᠢᠶᠠᠯᠠᠭᠳᠠᠬᠤ ᠪᠤᠰᠤᠳ ᠪᠦᠬᠦ ᠮᠠᠲ᠋ᠧᠷᠢᠶᠠᠯ᠎ᠢ ᠪᠠᠶ᠋ᠢᠴᠠᠭ᠋ᠠᠨ ᠦᠵᠡᠬᠦ ᠪᠠ ᠬᠠᠭᠤᠯᠪᠤᠷᠢᠯᠠᠨ ᠠᠪᠬᠤ ᠡᠷᠬᠡ᠎ᠲᠠᠢ᠃
    ᠡᠪᠡᠳᠴᠢᠲᠡᠨ ᠡᠪᠡᠳᠴᠢᠨ᠎ᠤ ᠲᠡᠦᠬᠡ ᠵᠢᠨ ᠮᠠᠲ᠋ᠧᠷᠢᠶᠠᠯ ᠵᠶ᠋ᠠᠨ ᠬᠠᠭᠤᠯᠪᠤᠷᠢᠯᠠᠨ ᠠᠪᠬᠤ ᠱᠠᠭ᠋ᠠᠷᠳᠠᠯᠭ᠎ᠠ ᠪᠠᠶ᠋ᠢᠪᠠᠯ᠂ ᠡᠮᠴᠢᠯᠡᠭᠡᠨ᠎ᠤ ᠪᠠᠶ᠋ᠢᠭᠤᠯᠤᠮᠵᠢ᠎ᠨᠢ ᠬᠠᠭᠤᠯᠪᠤᠷᠢᠯᠠᠬᠤ ᠦᠢ᠍ᠯᠡᠴᠢᠯᠡᠭᠡ ᠬᠠᠩᠭ᠋ᠠᠬᠤ ᠵᠢᠨ ᠬᠠᠮᠲᠤ ᠬᠠᠭᠤᠯᠪᠤᠷᠢᠯᠠᠭᠰᠠᠨ ᠡᠪᠡᠳᠴᠢᠨ᠎ᠤ ᠲᠡᠦᠬᠡ ᠵᠢᠨ ᠮᠠᠲ᠋ᠧᠷᠢᠶᠠᠯ ᠳᠡᠭᠡᠷ᠎ᠡ ᠭᠡᠷᠡᠴᠢ ᠲᠠᠮᠠᠭ᠎ᠠ᠎ᠪᠠᠨ ᠳᠠᠷᠤᠬᠤ ᠬᠡᠷᠡᠭᠲᠡᠢ᠃ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠎ᠢ ᠬᠠᠭᠤᠯᠪᠤᠷᠢᠯᠠᠬᠤ᠎ᠳᠤ ᠡᠪᠡᠳᠴᠢᠲᠡᠨ ᠪᠤᠶᠤ ᠲᠡᠭᠦᠨ᠎ᠤ ᠣᠶ᠋ᠢᠷ᠎ᠠ ᠲᠥᠷᠥᠯ ᠰᠠᠳᠤᠨ᠎ᠨᠢ ᠲᠤᠬᠠᠢ ᠵᠢᠨ ᠲᠠᠯᠠᠪᠠᠢ᠎ᠳᠤ ᠪᠠᠶ᠋ᠢᠬᠤ ᠬᠡᠷᠡᠭᠲᠡᠢ᠃ ᠡᠪᠡᠳᠴᠢᠲᠡᠨ᠎ᠤ ᠱᠠᠭ᠋ᠠᠷᠳᠠᠯᠭ᠎ᠠ᠎ᠪᠠᠷ ᠲᠡᠭᠦᠨ᠎ᠳᠤ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠎ᠢ ᠬᠠᠭᠤᠯᠪᠤᠷᠢᠯᠠᠨ ᠥᠭᠬᠦ᠎ᠳᠤ ᠬᠥᠯᠥᠰᠦ ᠥᠷᠲᠡᠭ᠎ᠤᠨ ᠵᠠᠷᠤᠳᠠᠯ ᠬᠤᠷᠢᠶᠠᠵᠤ ᠪᠣᠯᠣᠨ᠎ᠠ᠂ ᠵᠠᠷᠤᠳᠠᠯ ᠬᠤᠷᠢᠶᠠᠬᠤ ᠪᠠᠷᠢᠮᠵᠢᠶ᠎ᠠ᠎ᠪᠠᠨ ᠢᠯᠡ ᠪᠣᠯᠭ᠋ᠠᠬᠤ ᠬᠡᠷᠡᠭᠲᠡᠢ᠃
    ᠡᠪᠡᠳᠴᠢᠲᠡᠨ ᠨᠠᠰᠤ ᠪᠠᠷᠠᠭᠰᠠᠨ ᠪᠠᠶ᠋ᠢᠪᠠᠯ ᠲᠡᠭᠦᠨ᠎ᠤ ᠣᠶ᠋ᠢᠷ᠎ᠠ ᠲᠥᠷᠥᠯ ᠰᠠᠳᠤᠨ᠎ᠨᠢ ᠬᠠᠤᠯᠢ ᠶᠣᠰᠣᠭ᠋ᠠᠷ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠎ᠢ ᠪᠠᠶ᠋ᠢᠴᠠᠭ᠋ᠠᠨ ᠦᠵᠡᠬᠦ ᠪᠠ ᠬᠠᠭᠤᠯᠪᠤᠷᠢᠯᠠᠨ ᠠᠪᠴᠤ ᠪᠣᠯᠣᠨ᠎ᠠ᠃
    ᠬᠤᠷᠢᠨ ᠭᠤᠷᠪᠠᠳᠤᠭ᠋ᠠᠷ ᠵᠦᠢ᠍ᠯ ᠡᠪᠡᠳᠴᠢᠲᠡᠨ ᠪᠠ ᠲᠡᠭᠦᠨ᠎ᠤ ᠣᠶ᠋ᠢᠷ᠎ᠠ ᠲᠥᠷᠥᠯ ᠰᠠᠳᠤᠨ᠎ᠨᠢ ᠳᠣᠣᠷ᠎ᠠ ᠵᠢᠭᠰᠠᠭ᠋ᠠᠭᠰᠠᠨ ᠲᠣᠭᠲᠠᠭ᠋ᠠᠯ᠎ᠢ ᠵᠢᠷᠤᠮᠯᠠᠬᠤ ᠬᠡᠷᠡᠭᠲᠡᠢ᠄
   (ᠨᠢᠭᠡ) ᠡᠮᠴᠢᠯᠡᠭᠡᠨ᠎ᠤ ᠡᠮᠬᠢ ᠵᠢᠷᠤᠮ ᠪᠠ ᠡᠮᠴᠢᠯᠡᠭᠡᠨ᠎ᠤ ᠪᠠᠶ᠋ᠢᠭᠤᠯᠤᠮᠵᠢ ᠵᠢᠨ ᠬᠤᠯᠪᠣᠭᠳᠠᠯ ᠪᠦᠬᠦᠢ ᠡᠪᠡᠳᠴᠢᠨ ᠦᠵᠡᠬᠦᠯᠬᠦ᠂ ᠡᠮᠨᠡᠨ ᠵᠠᠰᠠᠬᠤ᠂ ᠪᠠᠶ᠋ᠢᠴᠠᠭ᠋ᠠᠬᠤ ᠲᠤᠬᠠᠢ ᠲᠣᠭᠲᠠᠭ᠋ᠠᠯ᠎ᠢ ᠵᠢᠷᠤᠮᠯᠠᠨ᠎ᠠ;
   (ᠬᠤᠶᠠᠷ) ᠡᠪᠡᠳᠴᠢᠨ᠎ᠤ ᠪᠠᠶ᠋ᠢᠳᠠᠯ᠎ᠯᠤᠭ᠎ᠠ ᠬᠤᠯᠪᠣᠭᠳᠠᠯ ᠪᠦᠬᠦᠢ ᠮᠡᠳᠡᠭᠡ ᠵᠠᠩᠭᠢ ᠵᠢ ᠦᠨᠡᠨ ᠮᠥᠨ ᠵᠶ᠋ᠠᠷ ᠬᠠᠩᠭ᠋ᠠᠵᠤ᠂ ᠡᠮᠨᠡᠯᠭᠡ ᠵᠢᠨ ᠠᠵᠢᠯᠲᠠᠨ᠎ᠤ ᠣᠨᠣᠰᠢᠯᠠᠨ ᠡᠮᠨᠡᠬᠦ ᠠᠵᠢᠯᠯᠠᠭ᠎ᠠ ᠥᠷᠨᠢᠭᠦᠯᠬᠦ᠎ᠳᠤ ᠬᠠᠮᠵᠢᠯᠴᠠᠨ᠎ᠠ;
   (ᠭᠤᠷᠪᠠ) ᠡᠮᠴᠢᠯᠡᠭᠡᠨ᠎ᠤ ᠵᠠᠷᠤᠳᠠᠯ᠎ᠢ ᠲᠣᠭᠲᠠᠭ᠋ᠠᠯ ᠶᠣᠰᠣᠭ᠋ᠠᠷ ᠴᠠᠭ ᠲᠤᠬᠠᠢ᠎ᠳᠤ᠎ᠨᠢ ᠲᠥᠯᠥᠨ᠎ᠡ;
   (ᠳᠥᠷᠪᠡ) ᠡᠮᠴᠢᠯᠡᠭᠡᠨ᠎ᠤ ᠠᠵᠢᠯᠯᠠᠭ᠎ᠠ᠎ᠳᠤ ᠣᠨᠳᠣᠣ ᠰᠠᠨᠠᠯ ᠪᠤᠶᠤ ᠮᠠᠷᠭᠤᠭ᠋ᠠᠨ᠎ᠲᠠᠢ ᠪᠠᠶ᠋ᠢᠪᠠᠯ᠂ ᠬᠠᠤᠯᠢ ᠶᠣᠰᠣᠭ᠋ᠠᠷ ᠰᠠᠨᠠᠯ ᠪᠠ ᠬᠦᠰᠡᠯ ᠱᠠᠭ᠋ᠠᠷᠳᠠᠯᠭ᠎ᠠ᠎ᠪᠠᠨ ᠢᠯᠡᠳᠬᠡᠨ᠎ᠡ;
   (ᠲᠠᠪᠤ) ᠣᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠭᠡᠨᠡᠳᠲᠡ ᠵᠢᠨ ᠬᠡᠷᠡᠭ᠎ᠤᠨ ᠳᠤᠮᠳᠠ ᠲᠤᠰᠠᠭ᠋ᠠᠷᠯᠠᠨ ᠡᠮᠨᠡᠬᠦ᠂ ᠠᠨᠠᠭ᠋ᠠᠬᠤ ᠤᠬᠠᠭ᠋ᠠᠨ᠎ᠤ ᠠᠵᠢᠭᠯᠠᠯᠲᠠ ᠬᠢᠬᠦ ᠵᠡᠷᠭᠡ ᠠᠷᠭ᠎ᠠ ᠬᠡᠮᠵᠢᠶ᠎ᠡ ᠵᠢ ᠬᠦᠯᠢᠶᠡᠨ ᠠᠪᠬᠤ ᠴᠢᠬᠤᠯᠠᠲᠠᠢ ᠪᠠᠶ᠋ᠢᠪᠠᠯ᠂ ᠬᠠᠮᠵᠢᠯᠴᠠᠬᠤ ᠬᠡᠷᠡᠭᠲᠡᠢ;
   (ᠵᠢᠷᠭᠤᠭ᠎ᠠ) ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠳᠤ ᠲᠣᠭᠲᠠᠭ᠋ᠠᠭᠰᠠᠨ ᠪᠤᠰᠤᠳ ᠪᠠᠶ᠋ᠢᠳᠠᠯ᠃
    ᠭᠤᠷᠪᠠᠳᠤᠭ᠋ᠠᠷ ᠪᠦᠯᠦᠭ ᠡᠮᠴᠢᠯᠡᠭᠡᠨ᠎ᠤ ᠵᠠᠭᠤᠷᠠᠯᠳᠤᠭ᠋ᠠᠨ᠎ᠢ ᠰᠢᠢ᠍ᠳᠪᠦᠷᠢᠯᠡᠬᠦ
    ᠬᠤᠷᠢᠨ ᠳᠥᠷᠪᠡᠳᠦᠭᠡᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ ᠭᠠᠷᠪᠠᠯ᠂ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠳᠣᠣᠷ᠎ᠠ ᠵᠢᠭᠰᠠᠭ᠋ᠠᠭᠰᠠᠨ ᠠᠷᠭ᠎ᠠ ᠵᠠᠮ ᠵᠶ᠋ᠠᠷ ᠳᠠᠮᠵᠢᠭᠤᠯᠤᠨ ᠰᠢᠢ᠍ᠳᠪᠦᠷᠢᠯᠡᠵᠦ ᠪᠣᠯᠣᠨ᠎ᠠ᠄
   (ᠨᠢᠭᠡ) ᠬᠤᠶᠠᠷ ᠲᠠᠯ᠎ᠠ᠎ᠪᠠᠷ ᠵᠶ᠋ᠠᠨ ᠰᠠᠶ᠋ᠢᠨ ᠳᠤᠷ᠎ᠠ᠎ᠠᠴᠠ᠎ᠪᠠᠨ ᠵᠥᠪᠳᠡᠯᠴᠡᠬᠦ;
   (ᠬᠤᠶᠠᠷ) ᠠᠷᠠᠳ᠎ᠤᠨ ᠡᠶᠡᠳᠡᠭᠦᠯᠭᠡ ᠬᠢᠯᠭᠡᠬᠦ᠎ᠪᠠᠷ ᠭᠤᠶᠤᠴᠢᠯᠠᠬᠤ;
   (ᠭᠤᠷᠪᠠ) ᠵᠠᠰᠠᠭ ᠵᠠᠬᠢᠷᠭ᠋ᠠᠨ᠎ᠤ ᠡᠶᠡᠳᠡᠭᠦᠯᠭᠡ ᠬᠢᠯᠭᠡᠬᠦ᠎ᠪᠠᠷ ᠭᠤᠶᠤᠴᠢᠯᠠᠬᠤ;
   (ᠳᠥᠷᠪᠡ) ᠠᠷᠠᠳ᠎ᠤᠨ ᠰᠢᠭᠦᠬᠦ ᠬᠤᠷᠢᠶᠠᠨ᠎ᠳᠤ ᠵᠠᠭ᠋ᠠᠯᠳᠤᠯᠭ᠎ᠠ ᠭᠠᠷᠭ᠋ᠠᠬᠤ;
   (ᠲᠠᠪᠤ) ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠳᠤ ᠲᠣᠭᠲᠠᠭ᠋ᠠᠭᠰᠠᠨ ᠪᠤᠰᠤᠳ ᠠᠷᠭ᠎ᠠ ᠵᠠᠮ ᠵᠶ᠋ᠠᠷ ᠰᠢᠢ᠍ᠳᠪᠦᠷᠢᠯᠡᠬᠦ᠃
    ᠬᠤᠷᠢᠨ ᠲᠠᠪᠤᠳᠤᠭ᠋ᠠᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ ᠭᠠᠷᠪᠠᠯ᠂ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠳᠣᠣᠷ᠎ᠠ ᠵᠢᠭᠰᠠᠭ᠋ᠠᠭᠰᠠᠨ ᠠᠷᠭ᠎ᠠ ᠬᠡᠮᠵᠢᠶ᠎ᠡ ᠠᠪᠴᠤ ᠰᠢᠢ᠍ᠳᠪᠦᠷᠢᠯᠡᠬᠦ ᠬᠡᠷᠡᠭᠲᠡᠢ᠄
   (ᠨᠢᠭᠡ) ᠡᠪᠡᠳᠴᠢᠲᠡᠨ ᠪᠤᠶᠤ ᠲᠡᠭᠦᠨ᠎ᠤ ᠣᠶ᠋ᠢᠷ᠎ᠠ ᠲᠥᠷᠥᠯ ᠰᠠᠳᠤᠨ᠎ᠤ ᠰᠠᠨᠠᠯ᠎ᠢ ᠰᠣᠨᠣᠰᠴᠤ᠂ ᠲᠡᠭᠦᠨ᠎ᠳᠤ ᠡᠮᠴᠢᠯᠡᠭᠡᠨ᠎ᠤ ᠵᠠᠭᠤᠷᠠᠯᠳᠤᠭ᠋ᠠᠨ᠎ᠢ ᠰᠢᠢ᠍ᠳᠪᠦᠷᠢᠯᠡᠬᠦ ᠠᠷᠭ᠎ᠠ ᠵᠠᠮ ᠪᠠ ᠳᠡᠰ ᠳᠠᠷᠠᠭ᠋ᠠᠯᠠᠯ᠎ᠢ ᠮᠡᠳᠡᠭᠳᠡᠵᠦ᠂ ᠬᠠᠮᠢᠶ᠎ᠠ ᠪᠦᠬᠦᠢ ᠯᠠᠪᠯᠠᠯᠲᠠ ᠪᠠ ᠮᠠᠳᠠᠭ᠎ᠲᠠᠢ ᠵᠦᠢ᠍ᠯ᠎ᠳᠤ᠎ᠨᠢ ᠬᠠᠷᠢᠭᠤᠯᠲᠠ ᠥᠭᠴᠦ᠂ ᠲᠡᠭᠦᠨ᠎ᠢ ᠬᠥᠲᠥᠯᠥᠨ ᠵᠢᠯᠤᠭᠤᠳᠴᠤ ᠪᠠᠶ᠋ᠢᠭ᠋ᠠᠳ ᠬᠠᠤᠯᠢ ᠶᠣᠰᠣᠭ᠋ᠠᠷ ᠵᠠᠭᠤᠷᠠᠯᠳᠤᠭ᠋ᠠᠨ᠎ᠢ ᠰᠢᠢ᠍ᠳᠪᠦᠷᠢᠯᠡᠭᠦᠯᠦᠨ᠎ᠡ;
   (ᠬᠤᠶᠠᠷ) ᠡᠪᠡᠳᠴᠢᠲᠡᠨ ᠪᠤᠶᠤ ᠲᠡᠭᠦᠨ᠎ᠤ ᠣᠶ᠋ᠢᠷ᠎ᠠ ᠲᠦᠷᠤᠯ ᠰᠠᠳᠤᠨ᠎ᠳᠤ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠎ᠢ ᠪᠠᠶ᠋ᠢᠴᠠᠭ᠋ᠠᠨ ᠦᠵᠡᠬᠦ᠂ ᠬᠠᠭᠤᠯᠪᠤᠷᠢᠯᠠᠬᠤ᠂ ᠪᠢᠲᠡᠭᠦᠮᠵᠢᠯᠡᠨ ᠬᠠᠳᠠᠭ᠋ᠠᠯᠠᠬᠤ᠂ ᠪᠢᠲᠡᠭᠦᠮᠵᠢ ᠨᠡᠭᠡᠭᠡᠬᠦ ᠲᠤᠬᠠᠢ ᠬᠤᠯᠪᠣᠭᠳᠠᠯ ᠪᠦᠬᠦᠢ ᠲᠣᠭᠲᠠᠭ᠋ᠠᠯ᠎ᠢ ᠮᠡᠳᠡᠭᠳᠡᠨ᠎ᠡ;
   (ᠭᠤᠷᠪᠠ) ᠡᠪᠡᠳᠴᠢᠲᠡᠨ ᠪᠤᠶᠤ ᠲᠡᠭᠦᠨ᠎ᠤ ᠣᠶ᠋ᠢᠷ᠎ᠠ ᠲᠥᠷᠥᠯ ᠰᠠᠳᠤᠨ᠎ᠳᠤ ᠲᠤᠬᠠᠢ ᠵᠢᠨ ᠲᠠᠯᠠᠪᠠᠢ᠎ᠳᠤ ᠪᠣᠳᠠᠲᠤ ᠶᠠᠭᠤᠮ᠎ᠠ ᠵᠢ ᠪᠢᠲᠡᠭᠦᠮᠵᠢᠯᠡᠬᠦ ᠪᠠ ᠪᠢᠲᠡᠭᠦᠮᠵᠢ ᠨᠡᠭᠡᠭᠡᠬᠦ ᠲᠤᠬᠠᠢ ᠬᠤᠯᠪᠣᠭᠳᠠᠯ ᠪᠦᠬᠦᠢ ᠲᠣᠭᠲᠠᠭ᠋ᠠᠯ᠎ᠢ ᠮᠡᠳᠡᠭᠳᠡᠨ᠎ᠡ;
   (ᠳᠥᠷᠪᠡ) ᠡᠪᠡᠳᠴᠢᠲᠡᠨ ᠨᠠᠰᠤ ᠪᠠᠷᠠᠭᠰᠠᠨ ᠪᠠᠶ᠋ᠢᠪᠠᠯ ᠣᠶ᠋ᠢᠷ᠎ᠠ ᠲᠥᠷᠥᠯ ᠰᠠᠳᠤᠨ᠎ᠳᠤ᠎ᠨᠢ ᠬᠡᠭᠦᠷ ᠰᠢᠯᠭ᠋ᠠᠨ ᠪᠠᠶ᠋ᠢᠴᠠᠭ᠋ᠠᠬᠤ ᠬᠤᠯᠪᠣᠭᠳᠠᠯ ᠪᠦᠬᠦᠢ ᠲᠣᠭᠲᠠᠭ᠋ᠠᠯ᠎ᠢ ᠮᠡᠳᠡᠭᠳᠡᠨ᠎ᠡ;
   (ᠲᠠᠪᠤ) ᠴᠢᠬᠤᠯᠠᠲᠠᠢ ᠦᠶ᠎ᠡ᠎ᠳᠤ ᠲᠤᠰᠬᠠᠢ ᠮᠡᠷᠭᠡᠵᠢᠯᠲᠡᠨ᠎ᠢ ᠵᠣᠬᠢᠶᠠᠨ ᠪᠠᠶ᠋ᠢᠭᠤᠯᠵᠤ ᠬᠠᠮᠲᠤᠷᠠᠨ ᠣᠨᠣᠰᠢᠯᠠᠬᠤ ᠵᠢᠨ ᠬᠠᠮᠲᠤ ᠲᠤᠰᠬᠠᠢ ᠮᠡᠷᠭᠡᠵᠢᠯᠲᠡᠨ᠎ᠤ ᠬᠠᠮᠲᠤᠷᠠᠨ ᠣᠨᠣᠰᠢᠯᠠᠭᠰᠠᠨ ᠰᠠᠨᠠᠯ᠎ᠢ ᠡᠪᠡᠳᠴᠢᠲᠡᠨ ᠪᠤᠶᠤ ᠲᠡᠭᠦᠨ᠎ᠤ ᠣᠶ᠋ᠢᠷ᠎ᠠ ᠲᠦᠷᠦᠯ ᠰᠠᠳᠤᠨ᠎ᠳᠤ᠎ᠨᠢ ᠮᠡᠳᠡᠭᠳᠡᠨ᠎ᠡ;
   (ᠵᠢᠷᠭᠤᠭ᠎ᠠ) ᠡᠮᠴᠢᠯᠡᠭᠡᠨ᠎ᠤ ᠵᠠᠭᠤᠷᠠᠯᠳᠤᠭ᠋ᠠᠨ᠎ᠤ ᠪᠠᠴᠢᠮ ᠪᠠᠶ᠋ᠢᠳᠠᠯ᠎ᠢ ᠠᠷᠭ᠋ᠠᠴᠠᠭ᠋ᠠᠨ ᠰᠢᠢ᠍ᠳᠪᠦᠷᠢᠯᠡᠬᠦ ᠪᠡᠯᠡᠳᠬᠡᠯ ᠲᠥᠰᠥᠯ᠎ᠢ ᠡᠬᠢᠯᠡᠭᠦᠯᠬᠦ ᠴᠢᠬᠤᠯᠠᠲᠠᠢ ᠪᠠᠶ᠋ᠢᠪᠠᠯ᠂ ᠬᠠᠮᠢᠶ᠎ᠠ ᠪᠦᠬᠦᠢ ᠲᠣᠭᠲᠠᠭ᠋ᠠᠯ ᠶᠣᠰᠣᠭ᠋ᠠᠷ ᠠᠷᠭ᠎ᠠ ᠬᠡᠮᠵᠢᠶ᠎ᠡ ᠠᠪᠬᠤ ᠵᠢᠨ ᠬᠠᠮᠲᠤ ᠪᠠᠶ᠋ᠢᠭ᠎ᠠ ᠭᠠᠵᠠᠷ᠎ᠤᠨ ᠬᠤᠰᠢᠭᠤ ᠰᠢᠶᠠᠨ᠎ᠤ ᠱᠠᠲᠤᠨ᠎ᠠᠴᠠ ᠳᠡᠭᠡᠭᠰᠢᠬᠢ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠲᠤ ᠴᠠᠭ ᠲᠤᠬᠠᠢ᠎ᠳᠤ᠎ᠨᠢ ᠮᠡᠳᠡᠭᠦᠯᠬᠦ ᠬᠡᠷᠡᠭᠲᠡᠢ;
   (ᠳᠣᠯᠤᠭ᠎ᠠ) ᠡᠷᠡᠭᠦᠯ ᠬᠠᠮᠠᠭ᠋ᠠᠯᠠᠯ ᠡᠷᠡᠭᠦᠯ ᠮᠡᠨᠳᠦ᠂ ᠳᠣᠲᠣᠭ᠋ᠠᠳᠤ ᠵᠢ ᠬᠠᠮᠠᠭ᠋ᠠᠯᠠᠬᠤ ᠵᠡᠷᠭᠡ ᠰᠠᠯᠠᠭ᠎ᠠ ᠮᠥᠴᠢᠷ ᠵᠢᠴᠢ ᠬᠠᠮᠢᠶ᠎ᠠ ᠪᠦᠬᠦᠢ ᠨᠢᠭᠡᠴᠢ᠎ᠯᠦᠭᠡ ᠬᠠᠮᠵᠢᠯᠴᠠᠨ ᠪᠠᠶ᠋ᠢᠴᠠᠭ᠋ᠠᠯᠲᠠ ᠬᠢᠵᠦ ᠭᠡᠷᠡᠴᠢ ᠠᠪᠬᠤ ᠪᠠ ᠵᠠᠭᠤᠷᠠᠯᠳᠤᠭ᠋ᠠᠨ᠎ᠢ ᠰᠢᠢ᠍ᠳᠪᠦᠷᠢᠯᠡᠬᠦ ᠠᠵᠢᠯ᠎ᠢ ᠰᠠᠶ᠋ᠢᠲᠤᠷ ᠬᠢᠨ᠎ᠡ᠃
    ᠬᠤᠷᠢᠨ ᠵᠢᠷᠭᠤᠳᠤᠭ᠋ᠠᠷ ᠵᠦᠢ᠍ᠯ ᠬᠦᠨᠳᠦ ᠬᠡᠴᠡᠭᠦᠦ ᠡᠮᠴᠢᠯᠡᠭᠡᠨ᠎ᠤ ᠵᠠᠭᠤᠷᠠᠯᠳᠤᠭ᠋ᠠᠨ ᠭᠠᠷᠤᠭᠰᠠᠨ ᠪᠠᠶ᠋ᠢᠪᠠᠯ᠂ ᠡᠮᠴᠢᠯᠡᠭᠡᠨ᠎ᠤ ᠪᠠᠶ᠋ᠢᠭᠤᠯᠤᠮᠵᠢ᠎ᠨᠢ ᠪᠠᠴᠢᠮ ᠪᠠᠶ᠋ᠢᠳᠠᠯ᠎ᠢ ᠠᠷᠭ᠋ᠠᠴᠠᠭ᠋ᠠᠨ ᠰᠢᠢ᠍ᠳᠪᠦᠷᠢᠯᠡᠬᠦ ᠪᠡᠯᠡᠳᠬᠡᠯ ᠲᠥᠰᠥᠯ ᠵᠶ᠋ᠠᠨ ᠲᠡᠷᠡ ᠳᠠᠷᠤᠢ ᠡᠬᠢᠯᠡᠭᠦᠯᠵᠦ᠂ ᠲᠣᠭᠲᠠᠭ᠋ᠠᠯ ᠶᠣᠰᠣᠭ᠋ᠠᠷ ᠬᠠᠷᠢᠶ᠎ᠠ ᠭᠠᠵᠠᠷ᠎ᠤᠨ ᠬᠤᠰᠢᠭᠤ ᠰᠢᠶᠠᠨ᠎ᠤ ᠱᠠᠲᠤ ᠪᠠ ᠠᠶ᠋ᠢᠮᠠᠭ ᠬᠤᠲᠠ ᠵᠢᠨ ᠱᠠᠲᠤᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠲᠤ ᠮᠡᠳᠡᠭᠦᠯᠬᠦ ᠬᠡᠷᠡᠭᠲᠡᠢ᠃ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠨᠢ ᠮᠡᠳᠡᠭᠦᠯᠦᠯᠲᠡ ᠵᠢ ᠣᠯᠣᠭᠰᠠᠨ᠎ᠤ ᠳᠠᠷᠠᠭ᠎ᠠ᠂ ᠴᠠᠭ ᠲᠤᠬᠠᠢ᠎ᠳᠤ᠎ᠨᠢ ᠬᠥᠮᠥᠨ ᠲᠣᠮᠢᠯᠠᠨ ᠲᠤᠬᠠᠢ ᠵᠢᠨ ᠲᠠᠯᠠᠪᠠᠢ᠎ᠳᠤ ᠣᠴᠢᠭᠤᠯᠤᠨ ᠪᠠᠶ᠋ᠢᠳᠠᠯ᠎ᠢ ᠣᠶ᠋ᠢᠯᠠᠭ᠋ᠠᠨ ᠡᠵᠡᠮᠰᠢᠭᠦᠯᠵᠦ᠂ ᠡᠮᠴᠢ ᠪᠠ ᠡᠪᠡᠳᠴᠢᠲᠡᠨ ᠬᠤᠶᠠᠷ ᠲᠠᠯ᠎ᠠ ᠵᠢ ᠬᠥᠲᠥᠯᠥᠨ ᠵᠢᠯᠤᠭᠤᠳᠴᠤ ᠪᠠᠶ᠋ᠢᠭ᠋ᠠᠳ ᠬᠠᠤᠯᠢ ᠶᠣᠰᠣᠨ᠎ᠤ ᠠᠷᠭ᠎ᠠ ᠵᠠᠮ ᠵᠶ᠋ᠠᠷ ᠳᠠᠮᠵᠢᠭᠤᠯᠤᠨ ᠵᠠᠭᠤᠷᠠᠯᠳᠤᠭ᠋ᠠᠨ᠎ᠢ ᠰᠢᠢ᠍ᠳᠪᠦᠷᠢᠯᠡᠬᠦ ᠵᠢᠨ ᠬᠠᠮᠲᠤ ᠳᠣᠣᠷ᠎ᠠ ᠵᠢᠭᠰᠠᠭ᠋ᠠᠭᠰᠠᠨ ᠠᠷᠭ᠎ᠠ ᠬᠡᠮᠵᠢᠶ᠎ᠡ ᠵᠢ ᠠᠪᠬᠤ ᠬᠡᠷᠡᠭᠲᠡᠢ᠄
   (ᠨᠢᠭᠡ) ᠡᠮᠴᠢᠯᠡᠭᠡᠨ᠎ᠤ ᠪᠠᠶ᠋ᠢᠭᠤᠯᠤᠮᠵᠢ ᠵᠢ ᠵᠢᠯᠣᠭᠤᠳᠤᠨ ᠰᠢᠮᠳᠠᠭᠤᠯᠵᠤ ᠪᠠᠶ᠋ᠢᠭ᠋ᠠᠳ ᠲᠡᠷᠡ ᠳᠠᠷᠤᠢ᠎ᠳᠤ᠎ᠨᠢ ᠠᠷᠭ᠎ᠠ ᠬᠡᠮᠵᠢᠶ᠎ᠡ ᠠᠪᠤᠭᠤᠯᠵᠤ᠂ ᠬᠡᠷᠡᠭ ᠶᠡᠬᠡᠳᠬᠦ᠎ᠠᠴᠠ ᠰᠡᠷᠭᠡᠶ᠋ᠢᠯᠡᠨ᠎ᠡ;
   (ᠬᠤᠶᠠᠷ) ᠠᠵᠢᠯᠲᠠᠨ ᠵᠣᠬᠢᠶᠠᠨ ᠪᠠᠶ᠋ᠢᠭᠤᠯᠤᠨ ᠲᠤᠬᠠᠢ ᠵᠢᠨ ᠲᠠᠯᠠᠪᠠᠢ᠎ᠳᠤ ᠣᠴᠢᠭᠤᠯᠵᠤ ᠳᠣᠲᠣᠭ᠋ᠠᠳᠤ ᠵᠢ ᠬᠠᠮᠠᠭ᠋ᠠᠯᠠᠬᠤ ᠵᠡᠷᠭᠡ ᠬᠤᠯᠪᠣᠭᠳᠠᠯ ᠪᠦᠬᠦᠢ ᠰᠠᠯᠠᠭ᠎ᠠ ᠮᠥᠴᠢᠷ᠎ᠯᠦᠭᠡ ᠬᠠᠮᠵᠢᠯᠴᠠᠨ ᠲᠤᠬᠠᠢ ᠵᠢᠨ ᠲᠠᠯᠠᠪᠠᠢ᠎ᠳᠤ ᠰᠢᠢ᠍ᠳᠪᠦᠷᠢᠯᠡᠬᠦ ᠠᠵᠢᠯ᠎ᠢ ᠰᠠᠶ᠋ᠢᠲᠤᠷ ᠬᠢᠬᠦ ᠬᠡᠷᠡᠭᠲᠡᠢ;
   (ᠭᠤᠷᠪᠠ) ᠨᠡᠪᠲᠡᠷᠡᠯᠴᠡᠨ ᠣᠶ᠋ᠢᠯᠠᠭ᠋ᠠᠯᠴᠠᠵᠤ ᠵᠠᠯᠠᠵᠤ ᠵᠢᠯᠤᠭᠤᠳᠬᠤ ᠵᠡᠷᠭᠡ ᠠᠵᠢᠯ᠎ᠢ ᠥᠷᠨᠢᠭᠦᠯᠵᠦ᠂ ᠡᠮᠴᠢ ᠪᠠ ᠡᠪᠡᠳᠴᠢᠲᠡᠨ ᠬᠤᠶᠠᠷ ᠲᠠᠯ᠎ᠠ ᠵᠢ ᠬᠥᠲᠥᠯᠥᠨ ᠵᠢᠯᠤᠭᠤᠳᠴᠤ ᠪᠠᠶ᠋ᠢᠭ᠋ᠠᠳ ᠬᠠᠤᠯᠢ ᠶᠣᠰᠣᠨ᠎ᠤ ᠠᠷᠭ᠎ᠠ ᠵᠠᠮ ᠵᠶ᠋ᠠᠷ ᠵᠠᠭᠤᠷᠠᠯᠳᠤᠭ᠋ᠠᠨ᠎ᠢ ᠰᠢᠢ᠍ᠳᠪᠦᠷᠢᠯᠡᠭᠦᠯᠦᠨ᠎ᠡ᠃
    ᠬᠤᠷᠢᠨ ᠳᠣᠯᠣᠳᠤᠭ᠋ᠠᠷ ᠵᠦᠢ᠍ᠯ ᠡᠮᠴᠢ ᠪᠠ ᠡᠪᠡᠳᠴᠢᠲᠡᠨ ᠬᠤᠶᠠᠷ ᠲᠠᠯ᠎ᠠ᠎ᠨᠢ ᠡᠮᠴᠢᠯᠡᠭᠡᠨ᠎ᠤ ᠡᠮᠬᠢ ᠵᠢᠷᠤᠮ᠎ᠢ ᠬᠠᠤᠯᠢ ᠶᠣᠰᠣᠭ᠋ᠠᠷ ᠬᠠᠮᠠᠭ᠋ᠠᠯᠠᠬᠤ ᠬᠡᠷᠡᠭᠲᠡᠢ᠃ ᠶᠠᠮᠠᠷᠪᠠ ᠨᠢᠭᠡᠴᠢ ᠪᠠ ᠬᠤᠪᠢ ᠬᠥᠮᠥᠨ ᠭᠡᠳ ᠳᠣᠣᠷ᠎ᠠ ᠵᠢᠭᠰᠠᠭ᠋ᠠᠭᠰᠠᠨ ᠦᠢ᠍ᠯᠡ ᠠᠵᠢᠯᠯᠠᠭ᠎ᠠ᠎ᠲᠠᠢ ᠪᠠᠶ᠋ᠢᠵᠤ᠂ ᠡᠪᠡᠳᠴᠢᠲᠡᠨ ᠪᠠ ᠡᠮᠨᠡᠯᠭᠡ ᠵᠢᠨ ᠠᠵᠢᠯᠲᠠᠨ᠎ᠤ ᠪᠡᠶ᠎ᠡ ᠵᠢᠨ ᠠᠮᠤᠷ ᠲᠦᠪᠰᠢᠨ᠎ᠳᠤ ᠬᠤᠣᠷ ᠬᠥᠨᠥᠭᠡᠯ ᠤᠴᠠᠷᠠᠭᠤᠯᠵᠤ᠂ ᠡᠮᠴᠢᠯᠡᠭᠡᠨ᠎ᠤ ᠡᠮᠬᠢ ᠵᠢᠷᠤᠮ᠎ᠢ ᠰᠠᠮᠠᠭᠤᠷᠠᠭᠤᠯᠵᠤ ᠪᠣᠯᠬᠤ ᠦᠭᠡᠢ᠄
   (ᠨᠢᠭᠡ) ᠣᠯᠠᠭᠤᠯᠠ ᠴᠤᠭᠯᠠᠵᠤ ᠡᠮᠴᠢᠯᠡᠭᠡᠨ᠎ᠤ ᠪᠠᠶ᠋ᠢᠭᠤᠯᠤᠮᠵᠢ ᠵᠢᠨ ᠣᠨᠣᠰᠢᠯᠠᠨ ᠡᠮᠨᠡᠬᠦ᠂ ᠠᠯᠪᠠᠯᠠᠬᠤ ᠲᠠᠯᠠᠪᠤᠷ ᠭᠠᠵᠠᠷ᠎ᠢ ᠡᠵᠡᠯᠡᠬᠦ;
   (ᠬᠤᠶᠠᠷ) ᠡᠮᠴᠢᠯᠡᠭᠡᠨ᠎ᠤ ᠪᠠᠶ᠋ᠢᠭᠤᠯᠤᠮᠵᠢ᠎ᠳᠤ ᠬᠤᠪᠢ᠎ᠪᠠᠷ ᠵᠶ᠋ᠠᠨ ᠴᠢᠨᠳᠠᠷ᠎ᠤᠨ ᠲᠠᠩᠬᠢᠮ ᠭᠠᠷᠭ᠋ᠠᠬᠤ᠂ ᠴᠠᠭ᠋ᠠᠷᠢᠭᠲᠤ ᠴᠡᠴᠡᠭ ᠲᠠᠯᠪᠢᠬᠤ᠂ ᠳᠣᠶᠢᠩ᠎ᠤᠨ ᠵᠣᠭᠤᠰ ᠰᠢᠲᠠᠭ᠋ᠠᠬᠤ᠂ ᠬᠥᠨᠳᠡᠯᠡᠨ ᠪᠢᠴᠢᠭᠡᠰᠦ ᠡᠯᠭᠦᠬᠦ᠂ ᠲᠣᠮᠣ ᠵᠢᠵᠢᠭ ᠦᠰᠦᠭᠲᠦ ᠰᠣᠨᠢᠨ ᠨᠠᠭ᠋ᠠᠬᠤ᠂ ᠤᠬᠠᠭᠤᠯᠭ᠎ᠠ ᠵᠢᠨ ᠬᠠᠭᠤᠳᠠᠰᠤ ᠲᠠᠷᠬᠠᠭ᠋ᠠᠬᠤ᠂ ᠡᠭᠦᠳᠡ ᠬᠠᠭ᠋ᠠᠯᠭ᠎ᠠ ᠵᠢ ᠪᠥᠭᠯᠡᠬᠦ ᠪᠤᠶᠤ ᠪᠤᠰᠤᠳ ᠠᠷᠭ᠎ᠠ ᠮᠠᠶᠢᠭ ᠵᠶ᠋ᠠᠷ ᠡᠮᠴᠢᠯᠡᠭᠡᠨ᠎ᠤ ᠡᠮᠬᠢ ᠵᠢᠷᠤᠮ᠎ᠢ ᠰᠠᠮᠠᠭᠤᠷᠠᠭᠤᠯᠬᠤ;
   (ᠭᠤᠷᠪᠠ) ᠡᠮᠴᠢᠯᠡᠭᠡᠨ᠎ᠤ ᠪᠠᠶ᠋ᠢᠭᠤᠯᠤᠮᠵᠢ᠎ᠳᠤ ᠲᠣᠭᠲᠠᠭ᠋ᠠᠯ᠎ᠠᠴᠠ ᠵᠥᠷᠢᠴᠡᠨ ᠴᠢᠨᠳᠠᠷ ᠲᠠᠯᠪᠢᠵᠤ᠂ ᠡᠮᠴᠢᠯᠡᠭᠡᠨ᠎ᠤ ᠡᠮᠬᠢ ᠵᠢᠷᠤᠮ᠎ᠢ ᠨᠥᠯᠥᠭᠡᠯᠡᠬᠦ;
   (ᠳᠥᠷᠪᠡ) ᠡᠮᠨᠡᠯᠭᠡ ᠵᠢᠨ ᠠᠵᠢᠯᠲᠠᠨ᠎ᠢ ᠢᠯᠠᠨ ᠲᠠᠯᠠᠨ ᠦᠭᠡᠢ ᠳᠣᠷᠣᠮᠵᠢᠯᠠᠵᠤ ᠭᠤᠲᠤᠭ᠋ᠠᠬᠤ᠂ ᠵᠦᠬᠡᠨ ᠬᠠᠷᠢᠶᠠᠬᠤ᠂ ᠭᠦᠳᠬᠡᠬᠦ᠂ ᠰᠦᠷᠳᠡᠭᠦᠯᠬᠦ᠂ ᠠᠵᠢᠯ᠎ᠤᠨ ᠲᠠᠯᠠᠪᠤᠷ᠎ᠠᠴᠠ ᠭᠠᠷᠭ᠋ᠠᠬᠤ ᠦᠭᠡᠢ ᠵᠡᠷᠭᠡ ᠠᠷᠭ᠎ᠠ ᠮᠠᠶᠢᠭ ᠵᠶ᠋ᠠᠷ ᠡᠮᠨᠡᠯᠭᠡ ᠵᠢᠨ ᠠᠵᠢᠯᠲᠠᠨ᠎ᠤ ᠪᠡᠶ᠎ᠡ ᠵᠢᠨ ᠡᠷᠬᠡ ᠴᠢᠯᠦᠭᠡ ᠵᠢ ᠬᠠᠤᠯᠢ ᠪᠤᠰᠤ᠎ᠪᠠᠷ ᠬᠢᠵᠠᠭ᠋ᠠᠷᠯᠠᠵᠤ᠂ ᠡᠮᠨᠡᠯᠭᠡ ᠵᠢᠨ ᠠᠵᠢᠯᠲᠠᠨ᠎ᠢ ᠵᠣᠳᠣᠬᠤ᠂ ᠪᠡᠶ᠎ᠡ ᠮᠠᠬᠠᠪᠤᠳ᠎ᠢ᠎ᠨᠢ ᠵᠣᠷᠢᠭᠤᠳᠠ ᠭᠡᠮᠲᠦᠭᠡᠬᠦ;
   (ᠲᠠᠪᠤ) ᠫᠤᠤ ᠵᠡᠪᠰᠡᠭ᠂ ᠰᠤᠮᠤ ᠳᠠᠷᠢ᠂ ᠵᠠᠬᠢᠷᠤᠨ ᠬᠠᠮᠢᠶᠠᠷᠴᠤ ᠪᠠᠶ᠋ᠢᠭ᠎ᠠ ᠢᠷᠲᠦ ᠪᠠᠭ᠋ᠠᠵᠢ ᠪᠤᠶᠤ ᠳᠡᠯᠪᠡᠷᠡᠬᠦ ᠴᠢᠨᠠᠷᠲᠠᠢ᠂ ᠰᠠᠴᠤᠷᠠᠭ ᠢᠳᠡᠪᠬᠢ ᠴᠢᠨᠠᠷᠲᠠᠢ᠂ ᠬᠤᠣᠷᠲᠤ ᠴᠢᠨᠠᠷᠲᠠᠢ᠂ ᠢᠳᠡᠮᠡᠬᠡᠢ ᠴᠢᠨᠠᠷᠲᠠᠢ ᠵᠡᠷᠭᠡ ᠠᠶᠤᠯ᠎ᠲᠠᠢ ᠪᠣᠳᠠᠰ᠎ᠢ ᠡᠮᠴᠢᠯᠡᠭᠡᠨ᠎ᠤ ᠪᠠᠶ᠋ᠢᠭᠤᠯᠤᠮᠵᠢ᠎ᠳᠤ ᠬᠠᠤᠯᠢ ᠪᠤᠰᠤ᠎ᠪᠠᠷ ᠠᠪᠴᠤ ᠣᠷᠣᠬᠤ;
   (ᠵᠢᠷᠭᠤᠭ᠎ᠠ) ᠬᠡᠷᠡᠭ᠎ᠢ ᠵᠣᠷᠢᠭᠤᠳᠠ ᠶᠡᠬᠡᠳᠬᠡᠬᠦ᠂ ᠪᠤᠰᠤᠳ ᠬᠥᠮᠥᠨ᠎ᠢ ᠥᠳᠥᠭᠡᠵᠦ᠂ ᠬᠠᠪᠰᠤᠷᠴᠤ ᠪᠠᠶ᠋ᠢᠭ᠋ᠠᠳ ᠡᠮᠴᠢᠯᠡᠭᠡᠨ᠎ᠤ ᠪᠠᠶ᠋ᠢᠭᠤᠯᠤᠮᠵᠢ ᠪᠤᠶᠤ ᠡᠮᠨᠡᠯᠭᠡ ᠵᠢᠨ ᠠᠵᠢᠯᠲᠠᠨ᠎ᠳᠤ ᠴᠢᠭᠯᠡᠭᠦᠯᠦᠭᠰᠡᠨ ᠬᠠᠤᠯᠢ ᠵᠢ ᠵᠥᠷᠢᠴᠡᠭᠰᠡᠨ ᠶᠠᠯᠠᠲᠤ ᠠᠵᠢᠯᠯᠠᠭ᠎ᠠ ᠬᠢᠬᠦ᠂ ᠡᠰᠡᠬᠦᠯ᠎ᠡ ᠪᠤᠰᠤᠳ ᠬᠥᠮᠥᠨ᠎ᠤ ᠨᠠᠶ᠋ᠢᠳᠠᠯᠭ᠎ᠠ᠎ᠪᠠᠷ ᠡᠮᠴᠢᠯᠡᠭᠡᠨ᠎ᠤ ᠵᠠᠭᠤᠷᠠᠯᠳᠤᠭ᠋ᠠᠨ᠎ᠢ ᠰᠢᠢ᠍ᠳᠪᠦᠷᠢᠯᠡᠬᠦ ᠨᠡᠷ᠎ᠡ᠎ᠪᠠᠷ ᠬᠢᠬᠠᠵᠤ ᠮᠥᠯᠵᠢᠬᠦ᠂ ᠬᠡᠷᠡᠭ ᠥᠳᠥᠭᠡᠵᠦ ᠦᠢ᠍ᠮᠡᠭᠦᠯᠦᠭᠰᠡᠨ ᠵᠡᠷᠭᠡ ᠦᠢ᠍ᠯᠡ ᠠᠵᠢᠯᠯᠠᠭ᠎ᠠ᠎ᠲᠠᠢ ᠪᠠᠶ᠋ᠢᠬᠤ;
   (ᠳᠣᠯᠤᠭ᠎ᠠ) ᠬᠤᠪᠢ ᠵᠢᠨ ᠵᠠᠭᠤᠴᠢᠯᠠᠭᠤᠷ ᠵᠡᠷᠭᠡ ᠵᠠᠭᠤᠴᠢ᠎ᠪᠠᠷ ᠳᠠᠮᠵᠢᠭᠤᠯᠤᠨ ᠪᠣᠳᠠᠲᠤ ᠬᠡᠷᠡᠭ᠎ᠢ ᠭᠠᠵᠢᠭᠤᠳᠠᠭᠤᠯᠤᠨ᠂ ᠦᠨᠡᠨ ᠪᠣᠳᠠᠲᠠᠢ ᠪᠤᠰᠤ ᠦᠭᠡ ᠶᠠᠷᠢᠶ᠎ᠠ ᠵᠡᠷᠭᠡ ᠵᠢ ᠤᠯᠠᠮᠵᠢᠯᠠᠨ ᠲᠠᠷᠬᠠᠭ᠋ᠠᠵᠤ᠂ ᠡᠮᠴᠢᠯᠡᠭᠡᠨ᠎ᠤ ᠪᠠᠶ᠋ᠢᠭᠤᠯᠤᠮᠵᠢ ᠵᠢᠴᠢ ᠲᠡᠭᠦᠨ᠎ᠤ ᠡᠮᠨᠡᠯᠭᠡ ᠵᠢᠨ ᠠᠵᠢᠯᠲᠠᠨ᠎ᠢ ᠴᠤᠤᠷᠬᠠᠯ ᠲᠠᠯᠪᠢᠵᠤ᠂ ᠭᠦᠳᠬᠡᠬᠦ;
   (ᠨᠠᠢ᠍ᠮᠠ) ᠡᠮᠴᠢᠯᠡᠭᠡᠨ᠎ᠤ ᠵᠠᠭᠤᠷᠠᠯᠳᠤᠭ᠋ᠠᠨ᠎ᠲᠠᠢ ᠬᠠᠮᠢᠶ᠎ᠠ ᠪᠦᠬᠦᠢ ᠡᠪᠡᠳᠴᠢᠨ᠎ᠤ ᠲᠡᠦᠬᠡ ᠵᠢᠨ ᠮᠠᠲ᠋ᠧᠷᠢᠶᠠᠯ ᠵᠢᠴᠢ ᠡᠮ᠎ᠤᠨ ᠵᠦᠢ᠍ᠯ᠂ ᠡᠷᠡᠭᠦᠯ ᠬᠠᠮᠠᠭ᠋ᠠᠯᠠᠯ᠎ᠤᠨ ᠮᠠᠲ᠋ᠧᠷᠢᠶᠠᠯ᠂ ᠪᠠᠭ᠋ᠠᠵᠢ ᠬᠡᠷᠡᠭᠰᠡᠯ ᠵᠡᠷᠭᠡ ᠪᠣᠳᠠᠲᠠᠢ ᠭᠡᠷᠡᠴᠢ ᠵᠢ ᠪᠤᠯᠢᠶᠠᠬᠤ᠂ ᠡᠪᠳᠡᠨ ᠰᠦᠢ᠍ᠳᠬᠡᠬᠦ;
   (ᠶᠢᠰᠦ) ᠨᠡᠶ᠋ᠢᠲᠡ ᠵᠢᠨ ᠪᠠ ᠬᠤᠪᠢ ᠵᠢᠨ ᠡᠳ᠋ ᠬᠥᠷᠥᠩᠭᠡ ᠵᠢ ᠬᠠᠤᠯᠢ ᠪᠤᠰᠤ᠎ᠪᠠᠷ ᠡᠵᠡᠯᠡᠨ ᠬᠡᠷᠡᠭᠯᠡᠬᠦ᠂ ᠪᠤᠯᠢᠶᠠᠬᠤ᠂ ᠵᠣᠷᠢᠭᠤᠳᠠ ᠡᠪᠳᠡᠨ ᠰᠦᠢ᠍ᠳᠬᠡᠬᠦ;
   (ᠠᠷᠪᠠ) ᠡᠮᠴᠢᠯᠡᠭᠡᠨ᠎ᠤ ᠪᠠᠶ᠋ᠢᠭᠤᠯᠤᠮᠵᠢ ᠵᠢᠨ ᠬᠡᠪ᠎ᠤᠨ ᠡᠮᠬᠢ ᠵᠢᠷᠤᠮ᠎ᠢ ᠰᠠᠮᠠᠭᠤᠷᠠᠭᠤᠯᠬᠤ ᠪᠤᠰᠤᠳ ᠦᠢ᠍ᠯᠡ ᠠᠵᠢᠯᠯᠠᠭ᠎ᠠ᠃
    ᠡᠮᠴᠢᠯᠡᠭᠡᠨ᠎ᠤ ᠵᠠᠭᠤᠷᠠᠯᠳᠤᠭ᠋ᠠᠨ᠎ᠤ ᠳᠤᠮᠳᠠ ᠠᠮᠤᠷ᠎ᠢ ᠬᠠᠮᠠᠭ᠋ᠠᠯᠠᠬᠤ ᠬᠠᠮᠢᠶᠠᠷᠤᠯᠲᠠ ᠵᠢ ᠵᠥᠷᠢᠴᠡᠭᠰᠡᠨ ᠦᠢ᠍ᠯᠡ ᠠᠵᠢᠯᠯᠠᠭ᠎ᠠ ᠪᠤᠶᠤ ᠶᠠᠯᠠᠲᠤ ᠠᠵᠢᠯᠯᠠᠭ᠎ᠠ ᠬᠢᠭᠰᠡᠨ ᠵᠶ᠋ᠠᠷ ᠰᠡᠵᠢᠭᠯᠡᠭᠳᠡᠪᠡᠯ ᠡᠮᠴᠢᠯᠡᠭᠡᠨ᠎ᠤ ᠪᠠᠶ᠋ᠢᠭᠤᠯᠤᠮᠵᠢ᠎ᠨᠢ ᠲᠡᠷᠡ ᠳᠠᠷᠤᠢ᠎ᠳᠤ᠎ᠨᠢ ᠪᠠᠶ᠋ᠢᠭ᠎ᠠ ᠭᠠᠵᠠᠷ᠎ᠤᠨ ᠵᠶ᠋ᠠᠨ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠳᠤ ᠬᠡᠷᠡᠭ ᠮᠡᠳᠡᠭᠦᠯᠬᠦ ᠬᠡᠷᠡᠭᠲᠡᠢ᠃ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ ᠴᠠᠭ ᠲᠤᠬᠠᠢ᠎ᠳᠤ᠎ᠨᠢ ᠠᠷᠭ᠎ᠠ ᠬᠡᠮᠵᠢᠶ᠎ᠡ ᠠᠪᠴᠤ᠂ ᠬᠠᠤᠯᠢ ᠶᠣᠰᠣᠭ᠋ᠠᠷ ᠰᠢᠢ᠍ᠳᠪᠦᠷᠢᠯᠡᠵᠦ᠂ ᠡᠮᠴᠢᠯᠡᠭᠡᠨ᠎ᠤ ᠡᠮᠬᠢ ᠵᠢᠷᠤᠮ᠎ᠢ ᠬᠠᠮᠠᠭ᠋ᠠᠯᠠᠬᠤ ᠬᠡᠷᠡᠭᠲᠡᠢ᠃
    ᠬᠤᠷᠢᠨ ᠨᠠᠢ᠍ᠮᠠᠳᠤᠭ᠋ᠠᠷ ᠵᠦᠢ᠍ᠯ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠡᠮᠴᠢᠯᠡᠭᠡᠨ᠎ᠤ ᠵᠠᠭᠤᠷᠠᠯᠳᠤᠭ᠋ᠠᠨ᠎ᠢ ᠵᠥᠪᠳᠡᠯᠴᠡᠨ ᠰᠢᠢ᠍ᠳᠪᠦᠷᠢᠯᠡᠬᠦ᠎ᠪᠠᠷ ᠪᠣᠯᠣᠭᠰᠠᠨ ᠪᠠᠶ᠋ᠢᠪᠠᠯ ᠳᠣᠣᠷ᠎ᠠ ᠵᠢᠭᠰᠠᠭ᠋ᠠᠭᠰᠠᠨ ᠲᠣᠭᠲᠠᠭ᠋ᠠᠯ ᠶᠣᠰᠣᠭ᠋ᠠᠷ ᠰᠢᠢ᠍ᠳᠪᠦᠷᠢᠯᠡᠬᠦ ᠬᠡᠷᠡᠭᠲᠡᠢ᠄
   (ᠨᠢᠭᠡ) ᠡᠮᠴᠢᠯᠡᠭᠡᠨ᠎ᠤ ᠪᠠᠶ᠋ᠢᠭᠤᠯᠤᠮᠵᠢ ᠵᠢᠨ ᠲᠣᠬᠢᠷᠠᠭᠤᠯᠤᠭᠰᠠᠨ ᠲᠤᠰᠬᠠᠢ ᠲᠠᠯᠠᠪᠤᠷ ᠭᠠᠵᠠᠷ ᠪᠤᠶᠤ ᠬᠤᠶᠠᠷ ᠲᠠᠯ᠎ᠠ᠎ᠪᠠᠷ ᠵᠶ᠋ᠠᠨ ᠵᠥᠪᠰᠢᠶᠡᠷᠡᠭᠰᠡᠨ ᠪᠤᠰᠤᠳ ᠲᠠᠯᠠᠪᠤᠷ ᠭᠠᠵᠠᠷ᠎ᠲᠤ ᠵᠥᠪᠳᠡᠯᠴᠡᠵᠦ᠂ ᠡᠮᠴᠢᠯᠡᠭᠡᠨ᠎ᠤ ᠬᠡᠪ᠎ᠤᠨ ᠡᠮᠬᠢ ᠵᠢᠷᠤᠮ᠎ᠢ ᠨᠥᠯᠥᠭᠡᠯᠡᠵᠦ ᠪᠣᠯᠬᠤ ᠦᠭᠡᠢ᠃
   (ᠬᠤᠶᠠᠷ) ᠡᠮᠴᠢ ᠪᠠ ᠡᠪᠡᠳᠴᠢᠲᠡᠨ ᠬᠤᠶᠠᠷ ᠲᠠᠯ᠎ᠠ ᠵᠢᠨ ᠬᠥᠮᠥᠨ᠎ᠤ ᠲᠤᠭ᠎ᠠ ᠨᠡᠯᠢᠶᠡᠳ ᠣᠯᠠᠨ ᠪᠠᠶ᠋ᠢᠪᠠᠯ᠂ ᠲᠥᠯᠥᠭᠡᠯᠡᠭᠴᠢ ᠰᠣᠩᠭᠤᠨ ᠵᠥᠪᠳᠡᠯᠴᠡᠵᠦ᠂ ᠲᠠᠯ᠎ᠠ ᠪᠦᠷᠢ ᠵᠢᠨ ᠲᠥᠯᠥᠭᠡᠯᠡᠭᠴᠢ ᠵᠢᠨ ᠲᠤᠭ᠎ᠠ ᠵᠢ 5᠎ᠠᠴᠠ ᠬᠡᠲᠦᠷᠡᠭᠦᠯᠬᠦ ᠦᠭᠡᠢ ᠪᠠᠶ᠋ᠢᠬᠤ ᠬᠡᠷᠡᠭᠲᠡᠢ᠃
   (ᠭᠤᠷᠪᠠ) ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠡᠮᠴᠢᠯᠡᠭᠡᠨ᠎ᠤ ᠵᠠᠭᠤᠷᠠᠯᠳᠤᠭ᠋ᠠᠨ᠎ᠢ ᠰᠠᠶ᠋ᠢᠨ ᠳᠤᠷ᠎ᠠ᠎ᠠᠴᠠ᠎ᠪᠠᠨ ᠵᠥᠪᠳᠡᠯᠴᠡᠨ ᠰᠢᠢ᠍ᠳᠪᠦᠷᠢᠯᠡᠬᠦ᠎ᠳᠤ᠂ ᠲᠥᠯᠥᠪᠦᠷᠢ ᠵᠣᠭᠤᠰ᠎ᠤᠨ ᠲᠤᠭ᠎ᠠ ᠵᠢ ᠪᠣᠳᠠᠲᠤ ᠶᠠᠪᠤᠳᠠᠯ ᠵᠶ᠋ᠠᠷ ᠦᠨᠳᠦᠰᠦᠯᠡᠯ ᠪᠣᠯᠭ᠋ᠠᠨ ᠵᠥᠪᠳᠡᠯᠴᠡᠨ ᠲᠣᠭᠲᠠᠭ᠋ᠠᠵᠤ᠂ ᠵᠥᠪᠳᠡᠯᠴᠡᠭᠡᠳ ᠰᠠᠨᠠᠯ ᠨᠢᠭᠡᠳᠦᠭᠰᠡᠨ ᠪᠠᠶ᠋ᠢᠪᠠᠯ᠂ ᠪᠢᠴᠢᠭᠯᠡᠭᠰᠡᠨ ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ᠎ᠲᠤ ᠭᠠᠷ᠎ᠤᠨ ᠦᠰᠦᠭ ᠵᠢᠷᠤᠬᠤ ᠬᠡᠷᠡᠭᠲᠡᠢ᠃
   (ᠳᠥᠷᠪᠡ) ᠵᠥᠷᠢᠯᠳᠦᠭᠡᠨ ᠨᠡᠯᠢᠶᠡᠳ ᠶᠡᠭᠡ ᠪᠤᠶᠤ ᠲᠥᠯᠥᠪᠦᠷᠢ ᠵᠢᠨ ᠲᠤᠭ᠎ᠠ᠎ᠪᠠᠷ ᠨᠡᠯᠢᠶᠡᠳ ᠶᠡᠭᠡ ᠡᠮᠴᠢᠯᠡᠭᠡᠨ᠎ᠤ ᠵᠠᠭᠤᠷᠠᠯᠳᠤᠭ᠋ᠠᠨ᠎ᠢ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠠᠷᠠᠳ᠎ᠤᠨ ᠡᠶᠡᠳᠡᠭᠦᠯᠭᠡ ᠬᠢᠯᠭᠡᠬᠦ ᠠᠷᠭ᠎ᠠ ᠵᠠᠮ ᠵᠶ᠋ᠠᠷ ᠳᠠᠮᠵᠢᠭᠤᠯᠤᠨ ᠰᠢᠢ᠍ᠳᠪᠦᠷᠢᠯᠡᠬᠦ ᠵᠢ᠎ᠨᠢ ᠵᠣᠷᠢᠭᠵᠢᠭᠤᠯᠤᠨ᠎ᠠ᠃
   (ᠲᠠᠪᠤ) ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠲᠤᠬᠠᠢ ᠵᠢᠨ ᠲᠠᠯᠠᠪᠠᠢ᠎ᠳᠤ ᠪᠠᠶ᠋ᠢᠬᠤ ᠪᠠᠶ᠋ᠢᠳᠠᠯ ᠳᠣᠣᠷ᠎ᠠ᠂ ᠡᠪᠡᠳᠴᠢᠨ᠎ᠤ ᠲᠡᠦᠬᠡ ᠵᠢᠨ ᠮᠠᠲ᠋ᠧᠷᠢᠶᠠᠯ᠂ ᠲᠤᠬᠠᠢ ᠵᠢᠨ ᠲᠠᠯᠠᠪᠠᠢ᠎ᠳᠠᠬᠢ ᠪᠣᠳᠠᠲᠤ ᠶᠠᠭᠤᠮ᠎ᠠ ᠵᠢ ᠲᠣᠭᠲᠠᠭ᠋ᠠᠯ ᠶᠣᠰᠣᠭ᠋ᠠᠷ ᠪᠢᠲᠡᠭᠦᠮᠵᠢᠯᠡᠨ ᠬᠠᠳᠠᠭ᠋ᠠᠯᠠᠬᠤ᠂ ᠪᠢᠲᠡᠭᠦᠮᠵᠢ ᠨᠡᠭᠡᠭᠡᠬᠦ ᠬᠡᠷᠡᠭᠲᠡᠢ᠃
   (ᠵᠢᠷᠭᠤᠭ᠎ᠠ) ᠡᠪᠡᠳᠴᠢᠲᠡᠨ ᠡᠮᠴᠢᠯᠡᠭᠡᠨ᠎ᠤ ᠪᠠᠶ᠋ᠢᠭᠤᠯᠤᠮᠵᠢ᠎ᠳᠤ ᠨᠠᠰᠤ ᠪᠠᠷᠠᠭᠰᠠᠨ ᠪᠠᠶ᠋ᠢᠪᠠᠯ ᠴᠢᠨᠳᠠᠷ᠎ᠢ᠎ᠨᠢ ᠲᠡᠷᠡ ᠳᠠᠷᠤᠢ᠎ᠳᠤ᠎ᠨᠢ ᠬᠡᠭᠦᠷ ᠲᠠᠯᠪᠢᠬᠤ ᠲᠠᠰᠤᠯᠭ᠎ᠠ ᠪᠤᠶᠤ ᠣᠷᠣᠰᠢᠭᠤᠯᠭ᠎ᠠ ᠵᠢᠨ ᠭᠠᠵᠠᠷ ᠵᠡᠷᠭᠡ ᠵᠢᠭ᠋ᠠᠨ ᠲᠣᠭᠲᠠᠭ᠋ᠠᠭᠰᠠᠨ ᠭᠠᠵᠠᠷ᠎ᠲᠤ ᠰᠢᠯᠵᠢᠭᠦᠯᠦᠨ ᠲᠠᠯᠪᠢᠵᠤ᠂ ᠴᠢᠨᠳᠠᠷ ᠲᠠᠯᠪᠢᠬᠤ ᠬᠤᠭᠤᠴᠠᠭ᠎ᠠ ᠵᠢ ᠶᠡᠷᠦ᠎ᠳᠤ᠎ᠪᠠᠨ 14 ᠡᠳᠦᠷ᠎ᠠᠴᠠ ᠬᠡᠲᠦᠷᠡᠭᠦᠯᠵᠦ ᠪᠣᠯᠬᠤ ᠦᠭᠡᠢ᠃ ᠡᠪᠡᠳᠴᠢᠲᠡᠨ᠎ᠤ ᠲᠠᠯ᠎ᠠ ᠵᠢᠨ᠎ᠬᠢᠨ ᠡᠪᠡᠳᠴᠢᠲᠡᠨ᠎ᠤ ᠴᠢᠨᠳᠠᠷ᠎ᠢ᠎ᠨᠢ ᠣᠷᠣᠰᠢᠭᠤᠯᠭ᠎ᠠ ᠵᠢᠨ ᠭᠠᠵᠠᠷ ᠵᠡᠷᠭᠡ ᠲᠣᠭᠲᠠᠭᠰᠠᠨ ᠭᠠᠵᠠᠷ᠎ᠲᠤ ᠰᠢᠯᠵᠢᠭᠦᠯᠬᠦ ᠵᠢ ᠲᠡᠪᠴᠢᠭᠰᠡᠨ ᠪᠠᠶ᠋ᠢᠪᠠᠯ᠂ ᠳᠣᠲᠣᠭ᠋ᠠᠳᠤ ᠵᠢ ᠬᠠᠮᠠᠭ᠋ᠠᠯᠠᠬᠤ ᠪᠠᠶ᠋ᠢᠭᠤᠯᠭ᠎ᠠ᠎ᠨᠢ ᠬᠠᠤᠯᠢ ᠶᠣᠰᠣᠭ᠋ᠠᠷ ᠰᠢᠢ᠍ᠳᠪᠦᠷᠢᠯᠡᠵᠦ᠂ ᠣᠷᠣᠰᠢᠭᠤᠯᠭ᠎ᠠ ᠵᠢᠨ ᠭᠠᠵᠠᠷ᠎ᠤᠨ᠎ᠬᠢᠨ ᠡᠪᠡᠳᠴᠢᠲᠡᠨ᠎ᠤ ᠴᠢᠨᠳᠠᠷ᠎ᠢ ᠬᠦᠯᠢᠶᠡᠨ ᠠᠪᠴᠤ ᠲᠡᠭᠡᠭᠡᠪᠦᠷᠢᠯᠡᠬᠦ ᠠᠵᠢᠯ᠎ᠢ ᠬᠠᠤᠯᠢ ᠲᠣᠭᠲᠠᠭ᠋ᠠᠯ ᠶᠣᠰᠣᠭ᠋ᠠᠷ ᠬᠠᠮᠵᠢᠯᠴᠠᠨ ᠰᠠᠶ᠋ᠢᠲᠤᠷ ᠬᠢᠬᠦ ᠬᠡᠷᠡᠭᠲᠡᠢ᠃
   (ᠳᠣᠯᠤᠭ᠎ᠠ) ᠡᠪᠡᠳᠴᠢᠲᠡᠨ ᠨᠠᠰᠤ ᠪᠠᠷᠠᠭᠰᠠᠨ᠎ᠳᠤ᠂ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠨᠠᠰᠤ ᠪᠠᠷᠠᠭᠰᠠᠨ ᠰᠢᠯᠲᠠᠭ᠋ᠠᠨ᠎ᠳᠤ ᠣᠨᠳᠣᠣ ᠰᠠᠨᠠᠯ᠎ᠲᠠᠢ ᠪᠠᠶ᠋ᠢᠪᠠᠯ ᠲᠣᠭᠲᠠᠭ᠋ᠠᠯ ᠶᠣᠰᠣᠭ᠋ᠠᠷ ᠴᠢᠨᠳᠠᠷ᠎ᠢ᠎ᠨᠢ ᠰᠢᠯᠭ᠋ᠠᠨ ᠪᠠᠶ᠋ᠢᠴᠠᠭ᠋ᠠᠬᠤ ᠬᠡᠷᠡᠭᠲᠡᠢ᠃
    ᠬᠤᠷᠢ ᠶᠢᠰᠦᠳᠦᠭᠡᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ᠎ᠳᠤ ᠠᠷᠠᠳ᠎ᠤᠨ ᠡᠶᠡᠳᠡᠭᠦᠯᠭᠡ ᠬᠢᠯᠭᠡᠬᠦ᠎ᠪᠠᠷ ᠭᠤᠶᠤᠴᠢᠯᠠᠭᠰᠠᠨ ᠪᠠᠶ᠋ᠢᠪᠠᠯ᠂ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠬᠠᠮᠲᠤ᠎ᠪᠠᠷ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠺᠣᠮᠢᠰ (ᠳᠣᠷᠣᠭᠰᠢ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠭᠡᠵᠦ ᠲᠣᠪᠴᠢᠯᠠᠪᠠ)᠎ᠲᠤ ᠭᠤᠶᠤᠴᠢᠯᠠᠯ ᠳᠤᠷᠠᠳᠤᠨ᠎ᠠ; ᠨᠢᠭᠡ ᠲᠠᠯ᠎ᠠ ᠵᠢᠨ ᠬᠢᠨᠢ ᠡᠶᠡᠳᠡᠭᠦᠯᠭᠡ ᠬᠢᠯᠭᠡᠬᠦ᠎ᠪᠠᠷ ᠭᠤᠶᠤᠴᠢᠯᠠᠭᠰᠠᠨ ᠪᠠᠶ᠋ᠢᠪᠠᠯ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠨᠢ ᠨᠥᠭᠦᠭᠡ ᠲᠠᠯ᠎ᠠ ᠵᠢᠨ᠎ᠬᠢᠨ᠎ᠤ ᠵᠥᠪᠰᠢᠶᠡᠷᠡᠯ᠎ᠢ ᠣᠯᠣᠭᠰᠠᠨ᠎ᠤ ᠳᠠᠷᠠᠭ᠎ᠠ ᠡᠶᠡᠳᠡᠭᠦᠯᠦᠨ᠎ᠡ᠃ ᠡᠮᠴᠢᠯᠡᠭᠡᠨ᠎ᠤ ᠪᠠᠶ᠋ᠢᠭᠤᠯᠤᠮᠵᠢ᠎ᠳᠤ ᠬᠦᠨᠳᠦ ᠬᠡᠴᠡᠭᠦᠦ ᠡᠮᠴᠢᠯᠡᠭᠡᠨ᠎ᠤ ᠵᠠᠭᠤᠷᠠᠯᠳᠤᠭ᠋ᠠᠨ ᠭᠠᠷᠤᠭᠰᠠᠨ᠎ᠢ ᠮᠡᠳᠡᠭᠰᠡᠨ᠎ᠤ ᠳᠠᠷᠠᠭ᠎ᠠ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠨᠢ ᠠᠷᠠᠳ᠎ᠤᠨ ᠡᠶᠡᠳᠡᠭᠦᠯᠦᠭᠴᠢ ᠲᠣᠮᠢᠯᠠᠨ ᠡᠮᠴᠢᠯᠡᠭᠡᠨ᠎ᠤ ᠪᠠᠶ᠋ᠢᠭᠤᠯᠤᠮᠵᠢ᠎ᠳᠤ ᠣᠴᠢᠭᠤᠯᠵᠤ᠂ ᠰᠠᠨᠠᠭ᠋ᠠᠴᠢᠯᠠᠭ᠎ᠠ᠎ᠠᠴᠠ᠎ᠪᠠᠨ ᠠᠵᠢᠯ ᠵᠶ᠋ᠠᠨ ᠥᠷᠨᠢᠭᠦᠯᠵᠦ᠂ ᠬᠤᠶᠠᠷ ᠲᠠᠯ᠎ᠠ ᠵᠢᠨ᠎ᠬᠢᠨ᠎ᠢ ᠭᠤᠶᠤᠴᠢᠯᠠᠨ ᠡᠶᠡᠳᠡᠭᠦᠯᠭᠡ ᠬᠢᠯᠭᠡᠬᠦ᠎ᠪᠠᠷ ᠬᠥᠲᠥᠯᠥᠨ ᠵᠢᠯᠤᠭᠤᠳᠴᠤ ᠪᠣᠯᠣᠨ᠎ᠠ᠃ ᠮᠥᠨ ᠴᠦ᠍ ᠲᠤᠬᠠᠢ ᠵᠢᠨ ᠭᠠᠵᠠᠷ᠎ᠤᠨ ᠨᠠᠮ᠎ᠤᠨ ᠬᠤᠷᠢᠶ᠎ᠠ ᠵᠠᠰᠠᠭ᠎ᠤᠨ ᠣᠷᠳᠣᠨ᠂ ᠬᠤᠯᠪᠣᠭᠳᠠᠯ ᠪᠦᠬᠦᠢ ᠰᠠᠯᠠᠭ᠎ᠠ ᠮᠥᠴᠢᠷ᠎ᠤᠨ ᠰᠢᠯᠵᠢᠭᠦᠯᠦᠨ ᠬᠦᠷᠭᠡᠭᠰᠡᠨ ᠡᠶᠡᠳᠡᠭᠦᠯᠬᠦ᠎ᠪᠠᠷ ᠨᠠᠶ᠋ᠢᠳᠠᠭᠰᠠᠨ ᠵᠦᠢ᠍ᠯᠡᠰ᠎ᠢ ᠬᠦᠯᠢᠶᠡᠨ ᠠᠪᠴᠤ ᠪᠣᠯᠣᠨ᠎ᠠ᠃
    ᠭᠤᠴᠢᠳᠤᠭ᠋ᠠᠷ ᠵᠦᠢ᠍ᠯ ᠳᠣᠣᠷ᠎ᠠ ᠵᠢᠭᠰᠠᠭ᠋ᠠᠭᠰᠠᠨ ᠪᠠᠶ᠋ᠢᠳᠠᠯ᠎ᠳᠤ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠬᠦᠯᠢᠶᠡᠨ ᠠᠪᠴᠤ ᠰᠢᠢ᠍ᠳᠪᠦᠷᠢᠯᠡᠬᠦ ᠦᠭᠡᠢ᠂ ᠨᠢᠭᠡᠨᠲᠡ ᠬᠦᠯᠢᠶᠡᠨ ᠠᠪᠴᠤ ᠰᠢᠢ᠍ᠳᠪᠦᠷᠢᠯᠡᠭᠰᠡᠨ ᠪᠠᠶ᠋ᠢᠪᠠᠯ ᠡᠶᠡᠳᠡᠭᠦᠯᠭᠡ᠎ᠪᠠᠨ ᠵᠣᠭᠰᠣᠭ᠋ᠠᠨ᠎ᠠ᠄
   (ᠨᠢᠭᠡ) ᠲᠤᠬᠠᠶ᠋ᠢᠲᠠᠢ ᠬᠥᠮᠥᠨ᠎ᠨᠢ ᠨᠢᠭᠡᠨᠲᠡ ᠠᠷᠠᠳ᠎ᠤᠨ ᠰᠢᠭᠦᠬᠦ ᠬᠤᠷᠢᠶᠠᠨ᠎ᠳᠤ ᠵᠠᠭ᠋ᠠᠯᠳᠤᠯᠭ᠎ᠠ ᠭᠠᠷᠭ᠋ᠠᠭᠰᠠᠨ ᠮᠥᠷᠲᠡᠭᠡᠨ ᠨᠢᠭᠡᠨᠲᠡ ᠰᠢᠢ᠍ᠳᠪᠦᠷᠢᠯᠡᠬᠦ᠎ᠪᠠᠷ ᠬᠦᠯᠢᠶᠡᠨ ᠠᠪᠤᠭᠰᠠᠨ᠂ ᠡᠰᠡᠬᠦᠯ᠎ᠡ ᠠᠷᠠᠳ᠎ᠤᠨ ᠰᠢᠭᠦᠬᠦ ᠬᠤᠷᠢᠶ᠎ᠠ ᠨᠢᠭᠡᠨᠲᠡ ᠡᠶᠡᠳᠡᠭᠦᠯᠦᠭᠰᠡᠨ ᠪᠤᠶᠤ ᠰᠢᠭᠦᠨ ᠲᠠᠰᠤᠯᠵᠤ ᠬᠡᠷᠡᠭ ᠳᠠᠭᠤᠰᠤᠭᠰᠠᠨ; ᠠᠷᠠᠳ᠎ᠤᠨ ᠰᠢᠭᠦᠬᠦ ᠬᠤᠷᠢᠶ᠎ᠠ ᠬᠠᠤᠯᠢ ᠶᠣᠰᠣᠭ᠋ᠠᠷ ᠡᠶᠡᠳᠡᠭᠦᠯᠬᠦ᠎ᠪᠠᠷ ᠨᠠᠶ᠋ᠢᠳᠠᠭᠰᠠᠨ ᠪᠤᠶᠤ ᠲᠣᠮᠢᠯᠠᠭᠰᠠᠨ ᠪᠠᠶ᠋ᠢᠪᠠᠯ ᠡᠭᠦᠨ᠎ᠳᠤ ᠪᠠᠭᠲᠠᠬᠤ ᠦᠭᠡᠢ᠃
   (ᠬᠤᠶᠠᠷ) ᠲᠤᠬᠠᠶ᠋ᠢᠲᠠᠢ ᠬᠥᠮᠥᠨ᠎ᠨᠢ ᠨᠢᠭᠡᠨᠲᠡ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠵᠶ᠋ᠠᠷ ᠡᠶᠡᠳᠡᠭᠦᠯᠬᠦ᠎ᠪᠠᠷ ᠭᠤᠶᠤᠴᠢᠯᠠᠭᠰᠠᠨ ᠮᠥᠷᠲᠡᠭᠡᠨ ᠨᠢᠭᠡᠨᠲᠡ ᠬᠦᠯᠢᠶᠡᠨ ᠠᠪᠴᠤ ᠰᠢᠢ᠍ᠳᠪᠦᠷᠢᠯᠡᠭᠰᠡᠨ᠂ ᠡᠰᠡᠬᠦᠯ᠎ᠡ ᠵᠠᠰᠠᠭ ᠵᠠᠬᠢᠷᠭ᠋ᠠᠨ᠎ᠤ ᠡᠶᠡᠳᠡᠭᠦᠯᠭᠡ᠎ᠪᠠᠷ ᠳᠠᠮᠵᠢᠨ ᠬᠡᠷᠡᠭ ᠳᠠᠭᠤᠰᠤᠭᠰᠠᠨ; ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠬᠠᠤᠯᠢ ᠶᠣᠰᠣᠭ᠋ᠠᠷ ᠡᠶᠡᠳᠡᠭᠦᠯᠬᠦ᠎ᠪᠠᠷ ᠨᠠᠶ᠋ᠢᠳᠠᠭᠰᠠᠨ ᠪᠠᠶ᠋ᠢᠪᠠᠯ ᠡᠭᠦᠨ᠎ᠳᠤ ᠪᠠᠭᠲᠠᠬᠤ ᠦᠭᠡᠢ᠃
   (ᠭᠤᠷᠪᠠ) ᠨᠢᠭᠡ ᠲᠠᠯ᠎ᠠ ᠵᠢᠨ ᠲᠤᠬᠠᠶ᠋ᠢᠲᠠᠢ ᠬᠥᠮᠥᠨ ᠡᠶᠡᠳᠡᠭᠦᠯᠬᠦ ᠵᠢ ᠵᠥᠪᠰᠢᠶᠡᠷᠡᠬᠦ ᠦᠭᠡᠢ ᠭᠡᠵᠦ ᠲᠣᠳᠣᠷᠬᠠᠢ ᠢᠯᠡᠳᠬᠡᠭᠰᠡᠨ ᠪᠠᠶ᠋ᠢᠳᠠᠯ᠃
   (ᠳᠥᠷᠪᠡ) ᠲᠤᠬᠠᠶ᠋ᠢᠲᠠᠢ ᠬᠥᠮᠥᠨ ᠪᠤᠶᠤ ᠲᠡᠭᠦᠨ᠎ᠤ ᠣᠷᠣᠯᠠᠨ ᠭᠦᠢ᠍ᠴᠡᠳᠭᠡᠭᠴᠢ ᠬᠤᠪᠢ ᠬᠥᠮᠥᠨ᠎ᠤ ᠦᠨᠡᠨ ᠪᠣᠳᠠᠲᠠᠢ ᠬᠦᠴᠦᠨ ᠪᠦᠬᠦᠢ ᠪᠡᠶ᠎ᠡ ᠵᠢᠨ ᠦᠨᠡᠮᠯᠡᠯ ᠪᠤᠶᠤ ᠬᠠᠮᠢᠶ᠎ᠠ ᠪᠦᠬᠦᠢ ᠭᠡᠷᠡᠴᠢ ᠪᠠᠷᠢᠮᠲᠠ ᠵᠢᠨ ᠮᠠᠲ᠋ᠧᠷᠢᠶᠠᠯ ᠵᠶ᠋ᠠᠨ ᠬᠠᠩᠭ᠋ᠠᠬᠤ ᠵᠢ ᠲᠡᠪᠴᠢᠭᠰᠡᠨ ᠪᠠᠶ᠋ᠢᠳᠠᠯ᠃
   (ᠲᠠᠪᠤ) ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠡᠶᠡᠳᠡᠭᠦᠯᠦᠭᠡᠳ ᠡᠶᠡᠳᠡᠭᠦᠯᠭᠡ ᠵᠢᠨ ᠵᠥᠪᠯᠡᠯᠴᠡᠭᠡᠷ ᠲᠣᠭᠲᠠᠵᠤ ᠨᠢᠭᠡᠨᠲᠡ ᠬᠡᠷᠡᠭ ᠳᠠᠭᠤᠰᠤᠭᠰᠠᠨ ᠪᠠᠶ᠋ᠢᠳᠠᠯ᠃
   (ᠵᠢᠷᠭᠤᠭ᠎ᠠ) ᠨᠢᠭᠡ ᠲᠠᠯ᠎ᠠ ᠵᠢᠨ ᠲᠤᠬᠠᠶ᠋ᠢᠲᠠᠢ ᠬᠥᠮᠥᠨ ᠡᠶᠡᠲᠡᠭᠦᠯᠭᠡ ᠬᠢᠯᠭᠡᠬᠦ ᠭᠤᠶᠤᠴᠢᠯᠠᠯ ᠵᠶ᠋ᠠᠨ ᠪᠤᠴᠠᠭ᠋ᠠᠬᠤ ᠪᠤᠶᠤ ᠡᠶᠡᠳᠡᠭᠦᠯᠬᠦ ᠵᠢ ᠬᠦᠯᠢᠶᠡᠬᠦ ᠦᠭᠡᠢ ᠭᠡᠵᠦ ᠲᠣᠳᠣᠷᠬᠠᠢ ᠢᠯᠡᠳᠬᠡᠭᠰᠡᠨ ᠪᠠᠶ᠋ᠢᠳᠠᠯ᠃
   (ᠳᠣᠯᠤᠭ᠎ᠠ) ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠳᠤ ᠲᠤᠰᠬᠠᠢ ᠪᠠᠶ᠋ᠢᠭᠤᠯᠭ᠎ᠠ᠎ᠳᠤ ᠬᠠᠷᠢᠶᠠᠯᠠᠭᠤᠯᠤᠨ ᠰᠢᠢ᠍ᠳᠪᠦᠷᠢᠯᠡᠭᠦᠯᠬᠦ᠎ᠪᠠᠷ ᠲᠣᠭᠲᠠᠭ᠋ᠠᠭᠰᠠᠨ᠂ ᠡᠰᠡᠬᠦᠯ᠎ᠡ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠳᠤ ᠠᠷᠠᠳ᠎ᠤᠨ ᠬᠤᠭᠤᠷᠣᠨᠳᠤᠬᠢ ᠡᠶᠡᠳᠡᠭᠦᠯᠬᠦ ᠠᠷᠭ᠎ᠠ ᠭᠡᠯᠪᠡᠷᠢ᠎ᠪᠠᠷ ᠰᠢᠢ᠍ᠳᠪᠦᠷᠢᠯᠡᠬᠦ ᠵᠢ ᠴᠠᠭ᠋ᠠᠵᠠᠯᠠᠭᠰᠠᠨ᠂ ᠡᠰᠡᠬᠦᠯ᠎ᠡ ᠡᠶᠡᠳᠡᠭᠦᠯᠵᠦ ᠲᠠᠶ᠋ᠢᠯᠬᠦ ᠦᠭᠡᠢ ᠪᠣᠯᠣᠭᠰᠠᠨ ᠪᠤᠰᠤᠳ ᠪᠠᠶ᠋ᠢᠳᠠᠯ᠃
    ᠭᠤᠴᠢᠨ ᠨᠢᠭᠡᠳᠦᠭᠡᠷ ᠵᠦᠢ᠍ᠯ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠡᠮᠴᠢᠯᠡᠭᠡᠨ᠎ᠤ ᠵᠠᠭᠤᠷᠠᠯᠳᠤᠭ᠋ᠠᠨ᠎ᠢ ᠡᠶᠡᠳᠡᠭᠦᠯᠬᠦ᠎ᠳᠤ᠎ᠪᠠᠨ ᠳᠣᠣᠷ᠎ᠠ ᠵᠢᠭᠰᠠᠭ᠋ᠠᠭᠰᠠᠨ ᠲᠣᠭᠲᠠᠭ᠋ᠠᠯ ᠶᠣᠰᠣᠭ᠋ᠠᠷ ᠶᠠᠪᠤᠭᠳᠠᠭᠤᠯᠤᠨ᠎ᠠ᠄
    ᠡᠮᠴᠢ ᠪᠠ ᠡᠪᠡᠳᠴᠢᠲᠡᠨ ᠬᠤᠶᠠᠷ ᠲᠠᠯ᠎ᠠ᠎ᠠᠴᠠ ᠲᠤᠰ ᠲᠤᠰ ᠪᠠᠶ᠋ᠢᠳᠠᠯ᠎ᠢ᠎ᠨᠢ ᠣᠶ᠋ᠢᠯᠠᠭ᠋ᠠᠵᠤ᠂ ᠬᠡᠷᠡᠭᠴᠡᠭᠡ᠎ᠪᠠᠨ ᠦᠨᠳᠦᠰᠦᠯᠡᠨ ᠬᠤᠯᠪᠣᠭᠳᠠᠯ ᠪᠦᠬᠦᠢ ᠲᠠᠯ᠎ᠠ᠎ᠠᠴᠠ ᠪᠠᠶ᠋ᠢᠴᠠᠭ᠋ᠠᠨ ᠬᠠᠷᠭᠤᠭᠤᠯᠵᠤ᠂ ᠡᠶᠡᠳᠡᠭᠦᠯᠬᠦ᠎ᠠᠴᠠ ᠡᠮᠦᠨᠡᠬᠢ ᠪᠡᠯᠡᠳᠬᠡᠯ ᠠᠵᠢᠯ᠎ᠢ ᠰᠠᠶ᠋ᠢᠲᠤᠷ ᠬᠢᠨ᠎ᠡ᠃
   (ᠨᠢᠭᠡ) ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠡᠮᠴᠢᠯᠡᠭᠡᠨ᠎ᠤ ᠵᠠᠭᠤᠷᠠᠯᠳᠤᠭ᠋ᠠᠨ᠎ᠢ ᠡᠶᠡᠳᠡᠭᠦᠯᠬᠦ ᠭᠤᠶᠤᠴᠢᠯᠠᠯ᠎ᠢ ᠣᠯᠣᠭᠰᠠᠨ᠎ᠤ ᠳᠡᠷᠠᠭ᠎ᠠ᠂ 3 ᠠᠵᠢᠯᠯᠠᠬᠤ ᠡᠳᠦᠷ᠎ᠤᠨ ᠳᠣᠲᠣᠷ᠎ᠠ ᠬᠢᠨᠠᠨ ᠪᠠᠶ᠋ᠢᠴᠠᠭ᠋ᠠᠯᠲᠠ ᠬᠢᠵᠦ᠂ ᠬᠦᠯᠢᠶᠡᠨ ᠠᠪᠴᠤ ᠰᠢᠢ᠍ᠳᠪᠦᠷᠢᠯᠡᠬᠦ᠎ᠪᠠᠷ ᠲᠣᠭᠲᠠᠭᠰᠠᠨ ᠪᠠᠶ᠋ᠢᠪᠠᠯ᠂ ᠬᠠᠮᠢᠶ᠎ᠠ ᠪᠦᠬᠦᠢ ᠮᠠᠲ᠋ᠧᠷᠢᠶᠡᠯ ᠵᠶ᠋ᠠᠨ ᠲᠤᠰᠢᠶᠠᠬᠤ ᠬᠤᠭᠤᠴᠠᠭ᠎ᠠ ᠬᠢᠵᠠᠭ᠋ᠠᠷ ᠱᠠᠭ᠋ᠠᠷᠳᠠᠯᠭ᠎ᠠ ᠵᠢᠴᠢ ᠲᠤᠬᠠᠶ᠋ᠢᠲᠠᠢ ᠬᠥᠮᠥᠨ᠎ᠤ ᠡᠶᠡᠳᠡᠭᠦᠯᠬᠦ ᠠᠵᠢᠯᠯᠠᠭ᠎ᠠ ᠳᠤᠮᠳᠠ ᠡᠳ᠋ᠯᠡᠬᠦ ᠡᠷᠬᠡ ᠠᠰᠢᠭ ᠪᠠ ᠡᠭᠦᠷᠭᠡᠯᠡᠬᠦ ᠡᠭᠦᠷᠭᠡ ᠵᠢ ᠪᠢᠴᠢᠭ ᠵᠶ᠋ᠠᠷ ᠮᠡᠳᠡᠭᠳᠡᠨ᠎ᠡ; ᠰᠢᠢ᠍ᠳᠪᠦᠷᠢᠯᠡᠬᠦ ᠵᠢ ᠡᠰᠡ ᠬᠦᠯᠢᠶᠡᠭᠰᠡᠨ ᠪᠠᠶ᠋ᠢᠪᠠᠯ᠂ ᠲᠤᠬᠠᠶ᠋ᠢᠲᠠᠢ ᠬᠥᠮᠥᠨ᠎ᠳᠤ ᠮᠡᠳᠡᠭᠳᠡᠬᠦ ᠵᠢᠨ ᠬᠠᠮᠲᠤ ᠤᠴᠢᠷ ᠰᠢᠯᠲᠠᠭ᠋ᠠᠨ ᠵᠶ᠋ᠠᠨ ᠲᠣᠳᠣᠷᠬᠠᠶ᠋ᠢᠯᠠᠬᠤ ᠵᠢᠨ ᠳᠠᠭ᠋ᠠᠤ᠂ ᠲᠤᠬᠠᠶ᠋ᠢᠲᠠᠢ ᠬᠥᠮᠥᠨ᠎ᠳᠤ ᠬᠠᠤᠯᠢ ᠶᠣᠰᠣᠭ᠋ᠠᠷ ᠵᠠᠷᠭᠤ ᠬᠢᠬᠦ ᠵᠡᠷᠭᠡ ᠪᠤᠰᠤᠳ ᠬᠠᠤᠯᠢ ᠶᠣᠰᠣᠨ᠎ᠤ ᠠᠷᠭ᠎ᠠ ᠵᠠᠮ ᠵᠶ᠋ᠠᠷ ᠳᠠᠮᠵᠢᠭᠤᠯᠤᠨ ᠡᠮᠴᠢᠯᠡᠭᠡᠨ᠎ᠤ ᠵᠠᠭᠤᠷᠠᠯᠳᠤᠭ᠋ᠠᠨ᠎ᠢ ᠰᠢᠢ᠍ᠳᠪᠦᠷᠢᠯᠡᠵᠦ ᠪᠤᠯᠬᠤ ᠵᠢ ᠮᠡᠳᠡᠭᠳᠡᠬᠦ ᠬᠡᠷᠡᠭᠲᠡᠢ᠃
   (ᠬᠤᠶᠠᠷ) ᠠᠷᠠᠳ᠎ᠤᠨ ᠡᠶᠡᠳᠡᠭᠦᠯᠦᠭᠴᠢ ᠵᠢ ᠵᠢᠭ᠋ᠠᠨ ᠲᠣᠮᠢᠯᠠᠬᠤ ᠪᠤᠶᠤ ᠲᠤᠬᠠᠶ᠋ᠢᠲᠠᠢ ᠬᠥᠮᠥᠨ ᠬᠤᠶᠠᠷ᠎ᠠᠴᠠ ᠳᠡᠭᠡᠭᠰᠢ ᠬᠥᠮᠥᠨ᠎ᠢ ᠬᠠᠮᠲᠤ᠎ᠪᠠᠷ ᠰᠣᠩᠭᠤᠨ ᠲᠣᠭᠲᠠᠭ᠋ᠠᠵᠤ ᠡᠶᠡᠳᠡᠭᠦᠯᠭᠡ᠎ᠳᠤ ᠣᠷᠣᠯᠴᠠᠭᠤᠯᠬᠤ ᠵᠢᠨ ᠬᠠᠮᠲᠤ ᠨᠢᠭᠡ ᠬᠥᠮᠥᠨ᠎ᠢ ᠭᠤᠣᠯᠴᠢᠯᠠᠨ ᠡᠶᠡᠳᠡᠭᠦᠯᠦᠭᠴᠢ ᠲᠣᠭᠲᠠᠭ᠋ᠠᠨ᠎ᠠ᠃
   (ᠭᠤᠷᠪᠠ) ᠡᠶᠡᠳᠡᠭᠦᠯᠦᠭᠴᠢ᠎ᠨᠢ ᠲᠤᠬᠠᠶ᠋ᠢᠲᠠᠢ ᠬᠥᠮᠥᠨ ᠪᠤᠶᠤ ᠲᠡᠭᠦᠨ᠎ᠤ ᠣᠷᠣᠯᠠᠭᠴᠢ ᠵᠢᠨ ᠣᠶ᠋ᠢᠷ᠎ᠠ ᠲᠥᠷᠥᠯ ᠰᠠᠳᠤᠨ᠂ ᠡᠰᠡᠬᠦᠯ᠎ᠡ ᠡᠮᠴᠢᠯᠡᠭᠡᠨ᠎ᠤ ᠵᠠᠭᠤᠷᠠᠯᠳᠤᠭ᠋ᠠᠨ᠎ᠯᠤᠭ᠎ᠠ ᠠᠰᠢᠭ ᠬᠤᠣᠷ᠎ᠤᠨ ᠬᠠᠷᠢᠴᠠᠭ᠎ᠠ᠎ᠲᠠᠢ᠂ ᠡᠰᠡᠬᠦᠯ᠎ᠡ ᠲᠤᠬᠠᠶ᠋ᠢᠲᠠᠢ ᠬᠥᠮᠥᠨ᠎ᠯᠦᠭᠡ ᠡᠮᠴᠢᠯᠡᠭᠡᠨ᠎ᠤ ᠵᠠᠭᠤᠷᠠᠯᠳᠤᠭ᠋ᠠᠨ᠎ᠢ ᠭᠤᠣᠯᠴᠢ᠎ᠪᠠᠷ ᠰᠢᠢ᠍ᠳᠪᠦᠷᠢᠯᠡᠬᠦ ᠵᠢ ᠨᠥᠯᠥᠭᠡᠯᠡᠵᠦ ᠮᠡᠳᠡᠬᠦ ᠪᠤᠰᠤᠳ ᠬᠠᠷᠢᠴᠠᠭ᠎ᠠ᠎ᠲᠠᠢ ᠪᠠᠶ᠋ᠢᠪᠠᠯ᠂ ᠥᠪᠡᠰᠦᠪᠡᠨ ᠵᠠᠶ᠋ᠢᠯᠠᠬᠤ ᠪᠤᠶᠤ ᠲᠤᠬᠠᠶ᠋ᠢᠲᠠᠢ ᠬᠥᠮᠥᠨ᠎ᠠᠴᠠ ᠵᠠᠶ᠋ᠢᠯᠠᠭᠤᠯᠬᠤ᠎ᠪᠠᠷ ᠭᠤᠶᠤᠴᠢᠯᠠᠬᠤ ᠬᠡᠷᠡᠭᠲᠡᠢ᠃
   (ᠳᠥᠷᠪᠡ) ᠡᠶᠡᠳᠡᠭᠦᠯᠬᠦ ᠠᠵᠢᠯ᠎ᠢ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠤᠨ ᠲᠣᠬᠢᠷᠠᠭᠤᠯᠤᠭᠰᠠᠨ ᠡᠶᠡᠳᠡᠭᠦᠯᠬᠦ ᠳᠠᠰᠤᠭ᠎ᠲᠤ ᠶᠠᠪᠤᠭᠳᠠᠭᠤᠯᠬᠤ ᠬᠡᠷᠡᠭᠲᠡᠢ᠃
   (ᠲᠠᠪᠤ) ᠲᠤᠬᠠᠶ᠋ᠢᠲᠠᠢ ᠬᠥᠮᠥᠨ᠎ᠨᠢ ᠣᠷᠣᠯᠠᠭᠴᠢ᠎ᠳᠤ᠎ᠪᠠᠨ ᠨᠠᠶ᠋ᠢᠳᠠᠵᠤ ᠡᠶᠡᠳᠡᠭᠦᠯᠭᠡ᠎ᠳᠤ ᠣᠷᠣᠯᠴᠠᠭᠤᠯᠵᠤ ᠪᠣᠯᠣᠨ᠎ᠠ᠂ ᠨᠠᠶ᠋ᠢᠳᠠᠯᠭ᠎ᠠ ᠬᠦᠯᠢᠶᠡᠭᠴᠢ᠎ᠨᠢ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠲᠤ ᠡᠷᠬᠡ ᠣᠯᠭᠤᠭᠰᠠᠨ ᠨᠠᠶ᠋ᠢᠳᠠᠯᠭ᠎ᠠ ᠵᠢᠨ ᠪᠢᠴᠢᠭ᠎ᠢ ᠲᠤᠰᠢᠶᠠᠬᠤ ᠬᠡᠷᠡᠭᠲᠡᠢ; ᠵᠠᠭᠤᠷᠠᠯᠳᠤᠭ᠋ᠠᠨ᠎ᠢ ᠡᠶᠡᠳᠡᠭᠦᠯᠦᠭᠰᠡᠨ ᠦᠷ᠎ᠡ ᠳ᠋ᠦᠩ᠎ᠯᠦᠭᠡ ᠠᠰᠢᠭ ᠬᠤᠣᠷ᠎ᠤᠨ ᠬᠠᠷᠢᠴᠠᠭ᠎ᠠ᠎ᠲᠠᠢ ᠭᠤᠷᠪᠠᠳᠠᠭᠢ ᠬᠥᠮᠥᠨ ᠡᠶᠡᠳᠡᠭᠦᠯᠭᠡ᠎ᠳᠤ ᠣᠷᠣᠯᠴᠠᠬᠤ᠎ᠪᠠᠷ ᠭᠤᠶᠤᠴᠢᠯᠠᠵᠤ ᠪᠣᠯᠣᠨ᠎ᠠ; ᠲᠠᠯ᠎ᠠ ᠪᠦᠷᠢ ᠵᠢᠨ ᠲᠥᠯᠥᠭᠡᠯᠡᠭᠴᠢ ᠵᠢᠨ ᠲᠤᠭ᠎ᠠ ᠵᠢ ᠡᠩ᠎ᠤᠨ ᠪᠠᠶ᠋ᠢᠳᠠᠯ᠎ᠳᠤ 3᠎ᠠᠴᠠ ᠬᠡᠲᠦᠷᠡᠭᠦᠯᠵᠦ ᠪᠤᠯᠬᠤ ᠦᠭᠡᠢ᠃
   (ᠵᠢᠷᠭᠤᠭ᠎ᠠ) ᠡᠶᠡᠳᠡᠭᠦᠯᠬᠦ ᠶᠠᠪᠤᠴᠠ᠎ᠳᠤ᠂ ᠲᠤᠬᠠᠶ᠋ᠢᠲᠠᠢ ᠬᠥᠮᠥᠨ ᠡᠶᠡᠳᠡᠭᠦᠯᠬᠦ ᠰᠠᠬᠢᠯᠭ᠎ᠠ ᠪᠠᠲᠤ ᠵᠢ ᠵᠢᠷᠤᠮᠯᠠᠨ ᠰᠠᠬᠢᠬᠤ ᠬᠡᠷᠡᠭᠲᠡᠢ᠂ ᠲᠤᠬᠠᠶ᠋ᠢᠲᠠᠢ ᠬᠥᠮᠥᠨ ᠵᠠᠭᠤᠷᠠᠯᠳᠤᠭ᠋ᠠᠨ᠎ᠢ ᠲᠣᠭ᠋ᠠᠴᠢᠬᠤ ᠶᠠᠪᠤᠴᠠ᠎ᠳᠤ ᠵᠣᠷᠢᠭᠤᠳᠠ ᠪᠣᠳᠠᠲᠤ ᠬᠡᠷᠡᠭ᠎ᠢ ᠭᠠᠵᠢᠭᠤᠳᠠᠭᠤᠯᠵᠤ᠂ ᠶᠣᠰᠣ ᠪᠤᠰᠤ᠎ᠪᠠᠷ ᠠᠭ᠋ᠠᠰᠢᠯᠠᠭᠰᠠᠨ ᠪᠠᠶ᠋ᠢᠪᠠᠯ ᠡᠶᠡᠳᠡᠭᠦᠯᠦᠭᠴᠢ ᠴᠠᠭ ᠲᠤᠬᠠᠢ᠎ᠳᠤ᠎ᠨᠢ ᠬᠤᠷᠢᠭᠯᠠᠨ ᠵᠣᠭᠰᠤᠭ᠋ᠠᠬᠤ ᠪᠠ ᠵᠠᠯᠠᠷᠠᠭᠤᠯᠬᠤ ᠬᠡᠷᠡᠭᠲᠡᠢ᠃
   (ᠳᠣᠯᠤᠭ᠎ᠠ) ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠵᠠᠭᠤᠷᠠᠯᠳᠤᠭ᠋ᠠᠨ᠎ᠢ ᠡᠶᠡᠳᠡᠭᠦᠯᠬᠦ᠎ᠳᠤ᠎ᠪᠠᠨ᠂ ᠬᠡᠷᠡᠭᠴᠡᠭᠡ᠎ᠪᠠᠨ ᠦᠨᠳᠦᠰᠦᠯᠡᠨ ᠬᠠᠮᠢᠶ᠎ᠠ ᠪᠦᠬᠦᠢ ᠲᠣᠭᠲᠠᠭ᠋ᠠᠯ ᠶᠣᠰᠣᠭ᠋ᠠᠷ ᠲᠤᠰᠬᠠᠢ ᠮᠡᠷᠭᠡᠵᠢᠯᠲᠡᠨ᠎ᠤ ᠬᠥᠮᠥᠷᠭᠡ᠎ᠠᠴᠠ ᠲᠤᠰᠬᠠᠢ ᠮᠡᠷᠭᠡᠵᠢᠯᠲᠡᠨ ᠰᠣᠩᠭᠤᠨ ᠠᠰᠠᠭᠤᠨ ᠯᠠᠪᠯᠠᠵᠤ ᠪᠣᠯᠣᠨ᠎ᠠ᠃ ᠡᠮᠴᠢᠯᠡᠭᠡᠨ᠎ᠤ ᠬᠤᠬᠢᠷᠠᠯ᠎ᠳᠤ ᠬᠢᠨᠠᠨ ᠲᠣᠭᠲᠠᠭ᠋ᠠᠯᠲᠠ ᠬᠢᠵᠦ ᠬᠠᠷᠢᠭᠤᠴᠠᠯᠭ᠎ᠠ ᠲᠣᠳᠣᠷᠬᠠᠶ᠋ᠢᠯᠠᠬᠤ ᠴᠢᠬᠤᠯᠠᠲᠠᠢ ᠪᠣᠯ ᠲᠤᠬᠠᠶ᠋ᠢᠲᠠᠢ ᠬᠥᠮᠥᠨ ᠬᠠᠮᠲᠤ᠎ᠪᠠᠷ ᠠᠨᠠᠭ᠋ᠠᠬᠤ ᠤᠬᠠᠭ᠋ᠠᠨ᠎ᠤ ᠨᠡᠶ᠋ᠢᠭᠡᠮᠯᠢᠭ ᠪᠤᠶᠤ ᠬᠠᠤᠯᠢ ᠴᠠᠭ᠋ᠠᠵᠠ ᠵᠢᠨ ᠬᠢᠨᠠᠨ ᠲᠣᠭᠲᠠᠭ᠋ᠠᠯᠲᠠ ᠵᠢᠨ ᠪᠠᠶ᠋ᠢᠭᠤᠯᠤᠮᠵᠢ᠎ᠳᠤ ᠨᠠᠶ᠋ᠢᠳᠠᠨ ᠬᠢᠨᠠᠨ ᠲᠣᠭᠲᠠᠭ᠋ᠠᠯᠭ᠋ᠠᠵᠤ ᠪᠣᠯᠣᠨ᠎ᠠ᠂ ᠪᠠᠰᠠ ᠲᠤᠬᠠᠶ᠋ᠢᠲᠠᠢ ᠬᠥᠮᠥᠨ ᠵᠶ᠋ᠠᠷ ᠵᠥᠪᠰᠢᠶᠡᠷᠡᠭᠦᠯᠦᠭᠡᠳ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠲᠤ ᠨᠠᠶ᠋ᠢᠳᠠᠨ ᠬᠢᠨᠠᠨ ᠲᠣᠭᠲᠠᠭ᠋ᠠᠯᠭ᠋ᠠᠵᠤ ᠪᠣᠯᠣᠨ᠎ᠠ᠃ ᠲᠤᠰᠬᠠᠢ ᠮᠡᠷᠭᠡᠵᠢᠯᠲᠡᠨ᠎ᠠᠴᠠ ᠠᠰᠠᠭᠤᠨ ᠯᠠᠪᠯᠠᠬᠤ ᠪᠤᠶᠤ ᠬᠢᠨᠠᠨ ᠲᠣᠭᠲᠠᠭ᠋ᠠᠯᠲᠠ ᠬᠢᠯᠭᠡᠬᠦ ᠴᠢᠬᠤᠯᠠᠲᠠᠢ ᠪᠠᠶ᠋ᠢᠪᠠᠯ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠨᠢ ᠲᠤᠬᠠᠶ᠋ᠢᠲᠠᠢ ᠬᠥᠮᠥᠨ᠎ᠳᠤ ᠬᠠᠮᠢᠶ᠎ᠠ ᠪᠦᠬᠦᠢ ᠴᠤᠪᠤᠷᠠᠯ ᠪᠠ ᠱᠠᠭ᠋ᠠᠷᠳᠠᠯᠭ᠎ᠠ ᠵᠢ ᠮᠡᠳᠡᠭᠳᠡᠬᠦ ᠬᠡᠷᠡᠭᠲᠡᠢ᠃
   (ᠨᠠᠢ᠍ᠮᠠ) ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠨᠢ ᠬᠦᠯᠢᠶᠡᠨ ᠠᠪᠤᠭᠰᠠᠨ ᠡᠳᠦᠷ᠎ᠠᠴᠠ ᠡᠬᠢᠯᠡᠨ 30 ᠠᠵᠢᠯᠯᠠᠬᠤ ᠡᠳᠦᠷ᠎ᠤᠨ ᠳᠣᠲᠣᠷ᠎ᠠ ᠡᠶᠡᠳᠡᠭᠦᠯᠭᠡ ᠵᠢ ᠪᠡᠶᠡᠯᠡᠭᠦᠯᠵᠦ᠂ ᠬᠦᠯᠢᠶᠡᠨ ᠠᠪᠴᠤ ᠰᠢᠢ᠍ᠳᠪᠦᠷᠢᠯᠡᠬᠦ ᠴᠠᠭ ᠬᠤᠭᠤᠴᠠᠭ᠎ᠠ ᠵᠢ ᠡᠮᠴᠢ ᠪᠠ ᠡᠪᠡᠳᠴᠢᠲᠡᠨ ᠬᠤᠶᠠᠷ ᠲᠠᠯ᠎ᠠ ᠵᠢᠨ᠎ᠬᠢᠨ ᠮᠠᠲ᠋ᠧᠷᠢᠶᠡᠯ ᠵᠶ᠋ᠠᠨ ᠪᠦᠷᠢᠨ ᠭᠦᠢ᠍ᠴᠡᠳ ᠲᠤᠰᠢᠶᠠᠭᠰᠠᠨ ᠡᠳᠦᠷ᠎ᠠᠴᠠ ᠡᠬᠢᠯᠡᠵᠦ ᠪᠤᠳᠣᠨ᠎ᠠ᠃ ᠣᠨᠴᠠᠭ᠋ᠠᠢ ᠪᠠᠶ᠋ᠢᠳᠠᠯ᠎ᠠᠴᠠ ᠪᠣᠯᠵᠤ ᠡᠶᠡᠳᠡᠭᠦᠯᠬᠦ ᠬᠤᠭᠤᠴᠠᠭ᠎ᠠ ᠵᠢ ᠤᠷᠲᠤᠳᠬᠠᠬᠤ ᠴᠢᠬᠤᠯᠠᠲᠠᠢ ᠪᠠᠶ᠋ᠢᠪᠠᠯ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠬᠢᠭᠡᠳ ᠲᠤᠬᠠᠶ᠋ᠢᠲᠠᠢ ᠬᠥᠮᠥᠨ᠎ᠨᠢ ᠡᠶᠡᠳᠡᠭᠦᠯᠬᠦ ᠬᠤᠭᠤᠴᠠᠭ᠎ᠠ ᠵᠢ ᠤᠷᠲᠤᠳᠬᠠᠬᠤ᠎ᠪᠠᠷ ᠪᠣᠯᠵᠣᠨ ᠲᠣᠭᠲᠠᠵᠤ ᠪᠣᠯᠣᠨ᠎ᠠ᠃ ᠡᠶᠡᠳᠡᠭᠦᠯᠬᠦ ᠬᠤᠭᠤᠴᠠᠭ᠎ᠠ᠎ᠠᠴᠠ ᠬᠡᠲᠦᠷᠡᠭᠡᠳ ᠡᠶᠡᠳᠡᠭᠦᠯᠭᠡ ᠵᠢᠨ ᠵᠥᠪᠯᠡᠯᠴᠡᠭᠡᠷ᠎ᠲᠤ ᠰᠠᠨᠠᠯ ᠨᠢᠭᠡᠳᠦᠭᠰᠡᠨ ᠦᠭᠡᠢ ᠪᠣᠯ ᠡᠶᠡᠳᠡᠭᠦᠯᠦᠭᠡᠳ ᠪᠦᠲᠦᠭᠰᠡᠨ ᠦᠭᠡᠢ ᠭᠡᠵᠦ ᠦᠵᠡᠨ᠎ᠡ᠃ ᠦᠷᠭᠦᠯᠵᠢᠯᠡᠨ ᠡᠮᠨᠡᠨ ᠵᠠᠰᠠᠬᠤ ᠴᠢᠬᠤᠯᠠᠲᠠᠢ ᠪᠠᠶ᠋ᠢᠪᠠᠯ᠂ ᠡᠮᠨᠡᠨ ᠵᠠᠰᠠᠬᠤ ᠴᠠᠭ ᠬᠤᠭᠤᠴᠠᠭ᠎ᠠ ᠵᠢ ᠡᠶᠡᠳᠡᠭᠦᠯᠬᠦ ᠬᠤᠭᠤᠴᠠᠭ᠋ᠠᠨ᠎ᠳᠤ ᠪᠤᠳᠤᠬᠤ ᠦᠭᠡᠢ; ᠲᠤᠰᠬᠠᠢ ᠮᠡᠷᠭᠡᠵᠢᠯᠲᠡᠨ᠎ᠠᠴᠠ ᠠᠰᠠᠭᠤᠨ ᠯᠠᠪᠯᠠᠬᠤ᠂ ᠠᠨᠠᠭ᠋ᠠᠬᠤ ᠤᠬᠠᠭ᠋ᠠᠨ᠎ᠤ ᠰᠢᠯᠭ᠋ᠠᠨ ᠲᠣᠭᠲᠠᠭ᠋ᠠᠯᠲᠠ ᠪᠤᠶᠤ ᠬᠠᠤᠯᠢ ᠴᠠᠭ᠋ᠠᠵᠠ ᠵᠢᠨ ᠰᠢᠯᠭ᠋ᠠᠨ ᠲᠣᠭᠲᠠᠭ᠋ᠠᠯᠲᠠ ᠬᠢᠬᠦ ᠴᠢᠬᠤᠯᠠᠲᠠᠢ ᠪᠠᠶ᠋ᠢᠪᠠᠯ᠂ ᠠᠰᠠᠭᠤᠨ ᠯᠠᠪᠯᠠᠬᠤ ᠪᠤᠶᠤ ᠬᠢᠨᠠᠨ ᠲᠣᠭᠲᠠᠭ᠋ᠠᠬᠤ ᠴᠠᠭ ᠬᠤᠭᠤᠴᠠᠭ᠎ᠠ ᠵᠢ ᠡᠶᠡᠳᠡᠭᠦᠯᠬᠦ ᠬᠤᠭᠤᠴᠠᠭ᠋ᠠᠨ᠎ᠳᠤ ᠪᠤᠳᠤᠵᠤ ᠤᠷᠤᠭᠤᠯᠬᠤ ᠦᠭᠡᠢ᠃
   (ᠶᠢᠰᠦ) ᠲᠤᠬᠠᠶ᠋ᠢᠲᠠᠢ ᠬᠥᠮᠥᠨ᠎ᠨᠢ ᠡᠶᠡᠳᠡᠭᠦᠯᠬᠦ᠎ᠪᠠᠷ ᠳᠠᠮᠵᠢᠭ᠋ᠠᠳ ᠰᠠᠨᠠᠯ ᠨᠢᠭᠡᠳᠦᠭᠰᠡᠨ ᠪᠠᠶ᠋ᠢᠪᠠᠯ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠨᠢ ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ ᠵᠣᠬᠢᠶᠠᠬᠤ ᠬᠡᠷᠡᠭᠲᠡᠢ᠃ ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ᠎ᠲᠤ ᠲᠤᠬᠠᠶ᠋ᠢᠲᠠᠢ ᠬᠥᠮᠥᠨ ᠭᠠᠷ᠎ᠤᠨ ᠦᠰᠦᠭ ᠵᠢᠷᠤᠬᠤ ᠪᠤᠶᠤ ᠲᠠᠮᠠᠭ᠎ᠠ ᠳᠠᠷᠤᠵᠤ᠂ ᠠᠷᠠᠳ᠎ᠤᠨ ᠡᠶᠡᠳᠡᠭᠦᠯᠦᠭᠴᠢ ᠭᠠᠷ᠎ᠤᠨ ᠦᠰᠦᠭ ᠵᠢᠷᠤᠬᠤ ᠵᠢᠨ ᠬᠠᠮᠲᠤ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠺᠣᠮᠢᠰ᠎ᠤᠨ ᠲᠠᠮᠠᠭ᠎ᠠ ᠵᠢ ᠳᠠᠷᠤᠭᠰᠠᠨ᠎ᠤ ᠳᠠᠷᠠᠭ᠎ᠠ ᠬᠦᠴᠦᠨ᠎ᠲᠠᠢ ᠪᠣᠯᠣᠨ᠎ᠠ᠃ ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ᠎ᠢ ᠡᠮᠴᠢ ᠪᠠ ᠡᠪᠡᠳᠴᠢᠲᠡᠨ ᠬᠤᠶᠠᠷ ᠲᠠᠯ᠎ᠠ ᠵᠢᠨ ᠲᠤᠬᠠᠶ᠋ᠢᠲᠠᠢ ᠬᠥᠮᠥᠨ᠎ᠨᠢ ᠲᠣᠰ ᠪᠦᠷᠢ ᠨᠢᠭᠡ ᠬᠤᠪᠢ ᠠᠪᠴᠤ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠨᠢᠭᠡ ᠬᠤᠪᠢ ᠦᠯᠡᠳᠡᠭᠡᠵᠦ ᠬᠠᠳᠠᠭ᠋ᠠᠯᠠᠨ᠎ᠠ᠃
    ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ᠎ᠨᠢ ᠡᠮᠴᠢ ᠪᠠ ᠡᠪᠡᠳᠴᠢᠲᠡᠨ ᠬᠤᠶᠠᠷ ᠲᠠᠯ᠎ᠠ᠎ᠳᠤ ᠴᠥᠮ ᠬᠢᠵᠠᠭ᠋ᠠᠷᠯᠠᠬᠤ ᠬᠦᠴᠦᠨ᠎ᠲᠠᠢ ᠪᠠᠶ᠋ᠢᠵᠤ᠂ ᠪᠣᠯᠵᠣᠨ ᠲᠣᠭᠲᠠᠭᠰᠠᠨ ᠶᠣᠰᠣᠭ᠋ᠠᠷ ᠤᠬᠠᠮᠰᠠᠷ᠎ᠠᠴᠠ᠎ᠪᠠᠨ ᠭᠦᠢ᠍ᠴᠡᠳᠬᠡᠬᠦ ᠬᠡᠷᠡᠭᠲᠡᠢ᠃ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠤᠨ ᠭᠠᠷᠭ᠋ᠠᠵᠤ ᠥᠭᠭᠦᠭᠰᠡᠨ ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ᠎ᠲᠤ ᠡᠶᠡᠳᠡᠭᠦᠯᠭᠡ ᠵᠢᠨ ᠵᠥᠪᠯᠡᠯᠴᠡᠭᠡᠷ ᠬᠦᠴᠦᠨ᠎ᠲᠠᠢ ᠪᠣᠯᠤᠭᠰᠠᠨ ᠡᠳᠦᠷ᠎ᠠᠴᠠ ᠡᠬᠢᠯᠡᠨ 30 ᠡᠳᠦᠷ᠎ᠤᠨ ᠳᠣᠲᠣᠷ᠎ᠠ ᠲᠤᠬᠠᠶ᠋ᠢᠲᠠᠢ ᠬᠥᠮᠥᠨ᠎ᠳᠤ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠤᠨ ᠪᠠᠶ᠋ᠢᠭ᠎ᠠ ᠭᠠᠵᠠᠷ᠎ᠤᠨ ᠠᠷᠠᠳ᠎ᠤᠨ ᠰᠢᠭᠦᠬᠦ ᠬᠤᠷᠢᠶᠠᠨ᠎ᠳᠤ ᠬᠠᠤᠯᠢ ᠴᠠᠭ᠋ᠠᠵᠠ ᠵᠢᠨ ᠨᠤᠲᠠᠯᠠᠯᠲᠠ ᠬᠢᠯᠭᠡᠬᠦ᠎ᠪᠠᠷ ᠭᠤᠶᠤᠴᠢᠯᠠᠬᠤ ᠵᠢ ᠬᠠᠮᠲᠤ᠎ᠪᠠᠷ ᠮᠡᠳᠡᠭᠳᠡᠬᠦ ᠬᠡᠷᠡᠭᠲᠡᠢ᠃
   (ᠠᠷᠪᠠ) ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ ᠡᠶᠡᠳᠡᠭᠦᠯᠦᠭᠡᠳ ᠳᠠᠭᠤᠰᠤᠭᠰᠠᠨ ᠪᠠᠶ᠋ᠢᠪᠠᠯ᠂ ᠴᠠᠭ ᠲᠤᠬᠠᠢ᠎ᠳᠤ᠎ᠨᠢ ᠳᠠᠩᠰᠠᠨ᠎ᠳᠤ ᠣᠷᠣᠭᠤᠯᠵᠤ ᠡᠪᠬᠡᠮᠡᠯ ᠪᠣᠯᠭ᠋ᠠᠬᠤ ᠬᠡᠷᠡᠭᠲᠡᠢ᠃ ᠡᠶᠡᠳᠡᠭᠦᠯᠭᠡ ᠵᠢᠨ ᠳᠠᠩᠰᠠ ᠡᠪᠬᠡᠮᠡᠯ᠎ᠳᠤ ᠡᠶᠡᠳᠡᠭᠦᠯᠭᠡ ᠬᠢᠯᠭᠡᠬᠦ ᠭᠤᠶᠤᠴᠢᠯᠠᠯ᠎ᠤᠨ ᠪᠢᠴᠢᠭ᠂ ᠵᠠᠭᠤᠷᠠᠯᠳᠤᠭ᠋ᠠᠨ᠎ᠤ ᠳᠠᠩᠰᠠᠯᠠᠯᠲᠠ ᠵᠢᠨ ᠬᠦᠰᠦᠨᠦᠭᠲᠦ᠂ ᠡᠶᠡᠳᠡᠭᠦᠯᠭᠡ ᠵᠢᠨ ᠲᠡᠮᠳᠡᠭᠯᠡᠯ᠂ ᠪᠠᠶ᠋ᠢᠴᠠᠭ᠋ᠠᠯᠲᠠ ᠵᠢᠨ ᠲᠡᠮᠳᠡᠭᠯᠡᠯ᠂ ᠲᠤᠰᠬᠠᠢ ᠮᠡᠷᠭᠡᠵᠢᠯᠲᠡᠨ᠎ᠠᠴᠠ ᠠᠰᠠᠭᠤᠨ ᠯᠠᠪᠯᠠᠬᠤ ᠰᠠᠨᠠᠯ᠎ᠤᠨ ᠪᠢᠴᠢᠭ᠂ ᠰᠢᠯᠭ᠋ᠠᠨ ᠲᠣᠭᠲᠠᠭ᠋ᠠᠭᠰᠠᠨ ᠰᠠᠨᠠᠯ᠂ ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ᠂ ᠬᠠᠷᠢᠭᠤ ᠰᠤᠷᠪᠤᠯᠵᠢᠯᠠᠭᠰᠠᠨ ᠲᠡᠮᠳᠡᠭᠯᠡᠯ᠂ ᠳᠠᠭᠤ ᠳᠦᠷᠰᠦ ᠰᠢᠩᠭᠡᠭᠡᠯᠲᠡ ᠵᠢᠨ ᠮᠠᠲ᠋ᠧᠷᠢᠶᠠᠯ ᠵᠡᠷᠭᠡ ᠵᠢ ᠪᠠᠭᠲᠠᠭ᠋ᠠᠬᠤ ᠬᠡᠷᠡᠭᠲᠡᠢ᠃ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠳᠠᠩᠰᠠ ᠡᠪᠬᠡᠮᠡᠯ᠎ᠢ ᠲᠣᠭᠲᠠᠭᠰᠠᠨ ᠬᠤᠭᠤᠴᠠᠭ᠎ᠠ ᠶᠣᠰᠣᠭ᠋ᠠᠷ ᠬᠠᠳᠠᠭ᠋ᠠᠯᠠᠬᠤ ᠬᠡᠷᠡᠭᠲᠡᠢ᠃
   (ᠠᠷᠪᠠᠨ ᠨᠢᠭᠡ) ᠡᠶᠡᠳᠡᠭᠦᠯᠦᠭᠡᠳ ᠪᠦᠲᠦᠭᠰᠡᠨ ᠦᠭᠡᠢ ᠪᠠᠶ᠋ᠢᠪᠠᠯ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠨᠢ ᠡᠶᠡᠳᠡᠭᠦᠯᠭᠡ ᠵᠢ ᠵᠣᠭᠰᠣᠭ᠋ᠠᠵᠤ᠂ ᠡᠶᠡᠳᠡᠭᠦᠯᠭᠡ ᠵᠢ ᠵᠣᠭᠰᠣᠭ᠋ᠠᠭᠰᠠᠨ ᠮᠡᠳᠡᠭᠳᠡᠯ᠎ᠤᠨ ᠪᠢᠴᠢᠭ ᠭᠠᠷᠭ᠋ᠠᠵᠤ᠂ ᠲᠤᠬᠠᠶ᠋ᠢᠲᠠᠢ ᠬᠥᠮᠥᠨ᠎ᠳᠤ ᠬᠠᠮᠢᠶ᠎ᠠ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠲᠣᠭᠲᠠᠭ᠋ᠠᠯ᠎ᠢ ᠦᠨᠳᠦᠰᠦᠯᠡᠨ᠂ ᠵᠠᠷᠭᠤ ᠬᠢᠬᠦ ᠵᠡᠷᠭᠡ ᠬᠠᠤᠯᠢ ᠶᠣᠰᠣᠨ᠎ᠤ ᠪᠤᠰᠤᠳ ᠠᠷᠭ᠎ᠠ ᠵᠠᠮ ᠵᠶ᠋ᠠᠷ ᠳᠠᠮᠵᠢᠭᠤᠯᠤᠨ ᠥᠪᠡᠷ᠎ᠤᠨ ᠡᠷᠬᠡ ᠠᠰᠢᠭ ᠵᠶ᠋ᠠᠨ ᠬᠠᠮᠠᠭ᠋ᠠᠯᠠᠬᠤ ᠵᠢ ᠮᠡᠳᠡᠭᠳᠡᠬᠦ ᠬᠡᠷᠡᠭᠲᠡᠢ᠃ ᠵᠥᠷᠢᠴᠡᠯ ᠰᠢᠷᠦᠭᠦᠰᠬᠦ ᠲᠦᠭᠰᠢᠭᠦᠷᠢ ᠵᠢᠨ ᠭᠡᠮ ᠰᠣᠭᠤᠭ ᠪᠠᠶ᠋ᠢᠬᠤ ᠵᠢ ᠣᠯᠵᠤ ᠮᠡᠳᠡᠪᠡᠯ᠂ ᠬᠤᠯᠪᠣᠭᠳᠠᠯ ᠪᠦᠬᠦᠢ ᠰᠠᠯᠠᠭ᠎ᠠ ᠮᠥᠴᠢᠷ᠎ᠲᠤ ᠴᠠᠭ ᠲᠤᠬᠠᠢ᠎ᠳᠤ᠎ᠨᠢ ᠮᠡᠳᠡᠭᠦᠯᠬᠦ ᠬᠡᠷᠡᠭᠲᠡᠢ᠃
    ᠭᠤᠴᠢᠨ ᠬᠤᠶᠠᠳᠤᠭ᠋ᠠᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ ᠭᠠᠷᠤᠭᠰᠠᠨ᠎ᠤ ᠳᠠᠷᠠᠭ᠎ᠠ᠂ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠡᠮᠴᠢᠯᠡᠭᠡᠨ᠎ᠤ ᠵᠠᠭᠤᠷᠠᠯᠳᠤᠭ᠋ᠠᠨ ᠭᠠᠷᠤᠭᠰᠠᠨ ᠭᠠᠵᠠᠷ᠎ᠤᠨ ᠬᠤᠰᠢᠭᠤ ᠰᠢᠶᠠᠨ᠎ᠤ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠲᠤ ᠵᠠᠰᠠᠭ ᠵᠠᠬᠢᠷᠭ᠋ᠠᠨ᠎ᠤ ᠡᠶᠡᠳᠡᠭᠦᠯᠭᠡ ᠬᠢᠯᠭᠡᠬᠦ᠎ᠪᠠᠷ ᠬᠠᠮᠲᠤ᠎ᠪᠠᠷ ᠭᠤᠶᠤᠴᠢᠯᠠᠵᠤ ᠪᠣᠯᠣᠨ᠎ᠠ; ᠨᠢᠭᠡ ᠲᠠᠯ᠎ᠠ᠎ᠨᠢ ᠡᠶᠡᠳᠡᠭᠦᠯᠬᠦ᠎ᠪᠠᠷ ᠭᠤᠶᠤᠴᠢᠯᠠᠭᠰᠠᠨ ᠪᠠᠶ᠋ᠢᠪᠠᠯ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠨᠢ ᠨᠥᠭᠦᠭᠡ ᠲᠠᠯ᠎ᠠ ᠵᠢᠨ ᠵᠥᠪᠰᠢᠶᠡᠷᠡᠯ᠎ᠢ ᠣᠯᠣᠭᠰᠠᠨ᠎ᠤ ᠳᠠᠷᠠᠭ᠎ᠠ ᠬᠢᠨᠠᠨ ᠪᠠᠶ᠋ᠢᠴᠠᠭ᠋ᠠᠵᠤ ᠭᠥᠯᠢᠶᠡᠨ ᠠᠪᠴᠤ ᠰᠢᠢ᠍ᠳᠪᠦᠷᠢᠯᠡᠬᠦ ᠳᠡᠰ ᠳᠠᠷᠠᠭ᠋ᠠᠯᠠᠯ ᠵᠶ᠋ᠠᠨ ᠡᠬᠢᠯᠡᠭᠦᠯᠵᠦ᠂ ᠬᠤᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠰᠢᠢ᠍ᠳᠪᠦᠷᠢᠯᠡᠨ᠎ᠡ᠃
    ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠭᠤᠶᠤᠴᠢᠯᠠᠯ᠎ᠢ ᠣᠯᠣᠭᠰᠠᠨ ᠡᠳᠦᠷ᠎ᠠᠴᠠ ᠡᠬᠢᠯᠡᠨ 5 ᠠᠵᠢᠯᠯᠠᠬᠤ ᠡᠳᠦᠷ᠎ᠤᠨ ᠳᠣᠲᠣᠷ᠎ᠠ ᠭᠥᠯᠢᠶᠡᠨ ᠠᠪᠴᠤ ᠰᠢᠢ᠍ᠳᠪᠦᠷᠢᠯᠡᠬᠦ ᠡᠰᠡᠬᠦ ᠵᠢᠨ ᠲᠣᠭᠲᠠᠭ᠋ᠠᠯ ᠭᠠᠷᠭ᠋ᠠᠬᠤ ᠬᠡᠷᠡᠭᠲᠡᠢ᠃ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠨᠢᠭᠡᠨᠲᠡ ᠠᠷᠠᠳ᠎ᠤᠨ ᠰᠢᠭᠦᠬᠦ ᠬᠤᠷᠢᠶᠠᠨ᠎ᠳᠤ ᠵᠠᠭ᠋ᠠᠯᠳᠤᠯᠭ᠎ᠠ ᠭᠠᠷᠭ᠋ᠠᠭᠰᠠᠨ ᠮᠥᠷᠲᠡᠭᠡᠨ ᠨᠢᠭᠡᠨᠲᠡ ᠰᠢᠢ᠍ᠳᠪᠦᠷᠢᠯᠡᠬᠦ᠎ᠪᠠᠷ ᠬᠦᠯᠢᠶᠡᠨ ᠠᠪᠤᠭᠰᠠᠨ᠂ ᠡᠰᠡᠬᠦᠯ᠎ᠡ ᠨᠢᠭᠡᠨᠲᠡ ᠡᠮᠴᠢᠯᠡᠭᠡᠨ᠎ᠤ ᠵᠠᠭᠤᠷᠠᠯᠳᠤᠭ᠋ᠠᠨ᠎ᠤ ᠠᠷᠠᠳ᠎ᠤᠨ ᠡᠶᠡᠳᠡᠭᠦᠯᠭᠡ ᠵᠢᠨ ᠺᠣᠮᠢᠰ ᠵᠶ᠋ᠠᠷ ᠡᠶᠡᠳᠡᠭᠦᠯᠭᠡ ᠬᠢᠯᠭᠡᠬᠦ᠎ᠪᠠᠷ ᠭᠤᠶᠤᠴᠢᠯᠠᠭᠰᠠᠨ ᠮᠥᠷᠲᠡᠭᠡᠨ ᠨᠢᠭᠡᠨᠲᠡ ᠰᠢᠢ᠍ᠳᠪᠦᠷᠢᠯᠡᠬᠦ᠎ᠪᠠᠷ ᠬᠦᠯᠢᠶᠡᠨ ᠠᠪᠤᠭᠰᠠᠨ ᠪᠠᠶ᠋ᠢᠪᠠᠯ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ ᠬᠦᠯᠢᠶᠡᠨ ᠠᠪᠴᠤ ᠰᠢᠢ᠍ᠳᠪᠦᠷᠢᠯᠡᠬᠦ ᠦᠭᠡᠢ; ᠨᠢᠭᠡᠨᠲᠡ ᠰᠢᠢ᠍ᠳᠪᠦᠷᠢᠯᠡᠬᠦ᠎ᠪᠠᠷ ᠬᠦᠯᠢᠶᠡᠨ ᠠᠪᠤᠭᠰᠠᠨ ᠪᠠᠶ᠋ᠢᠪᠠᠯ ᠵᠠᠰᠠᠭ ᠵᠠᠬᠢᠷᠭ᠋ᠠᠨ᠎ᠤ ᠡᠶᠡᠳᠡᠭᠦᠯᠭᠡ ᠵᠢ ᠵᠣᠭᠰᠣᠭ᠋ᠠᠨ᠎ᠠ᠃
    ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠨᠢ ᠡᠶᠡᠳᠡᠭᠦᠯᠭᠡ ᠵᠢᠨ ᠭᠤᠶᠤᠴᠢᠯᠠᠯ᠎ᠢ ᠬᠦᠯᠢᠶᠡᠨ ᠠᠪᠤᠭᠰᠠᠨ ᠡᠳᠦᠷ᠎ᠠᠴᠠ ᠡᠬᠢᠯᠡᠨ 30 ᠠᠵᠢᠯᠯᠠᠬᠤ ᠡᠳᠦᠷ᠎ᠤᠨ ᠳᠣᠲᠣᠷ᠎ᠠ ᠡᠶᠡᠳᠡᠭᠦᠯᠭᠡ ᠵᠢ ᠪᠡᠶᠡᠯᠡᠭᠦᠯᠬᠦ ᠬᠡᠷᠡᠭᠲᠡᠢ᠃ ᠡᠮᠴᠢᠯᠡᠭᠡᠨ᠎ᠤ ᠬᠤᠬᠢᠷᠠᠯ᠎ᠤᠨ ᠬᠢᠨᠠᠨ ᠲᠣᠭᠲᠠᠭ᠋ᠠᠯᠲᠠ ᠬᠢᠬᠦ ᠴᠢᠬᠤᠯᠠᠲᠠᠢ ᠪᠣᠯ ᠬᠢᠨᠠᠨ ᠲᠣᠭᠲᠠᠭ᠋ᠠᠬᠤ ᠬᠤᠭᠤᠴᠠᠭ᠎ᠠ ᠵᠢ ᠡᠶᠡᠳᠡᠭᠦᠯᠬᠦ ᠬᠤᠭᠤᠴᠠᠭ᠋ᠠᠨ᠎ᠳᠤ ᠪᠣᠳᠣᠵᠤ ᠣᠷᠣᠭᠤᠯᠬᠤ ᠦᠭᠡᠢ᠃ ᠡᠶᠡᠳᠡᠭᠦᠯᠬᠦ ᠬᠤᠭᠤᠴᠠᠭ᠎ᠠ᠎ᠠᠴᠠ ᠬᠡᠲᠦᠷᠡᠭᠡᠳ ᠡᠶᠡᠳᠡᠭᠦᠯᠭᠡ ᠵᠢᠨ ᠵᠥᠪᠯᠡᠯᠴᠡᠭᠡᠷ᠎ᠲᠤ ᠰᠠᠨᠠᠯ ᠨᠢᠭᠡᠳᠦᠭᠰᠡᠨ ᠦᠭᠡᠢ ᠪᠣᠯ ᠡᠶᠡᠳᠡᠭᠦᠯᠦᠭᠡᠳ ᠪᠦᠲᠦᠭᠰᠡᠨ ᠦᠭᠡᠢ ᠭᠡᠵᠦ ᠦᠵᠡᠨ᠎ᠡ᠃
    ᠭᠤᠴᠢᠨ ᠭᠤᠷᠪᠠᠳᠤᠭ᠋ᠠᠷ ᠵᠦᠢ᠍ᠯ ᠡᠮᠴᠢ ᠪᠠ ᠡᠪᠡᠳᠴᠢᠲᠡᠨ ᠬᠤᠶᠠᠷ ᠲᠠᠯ᠎ᠠ᠎ᠪᠠᠷ ᠵᠶ᠋ᠠᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠨ ᠡᠶᠡᠳᠡᠭᠦᠯᠭᠡ᠎ᠪᠠᠷ ᠳᠠᠮᠵᠢᠨ ᠰᠠᠨᠠᠯ ᠨᠢᠭᠡᠳᠦᠭᠰᠡᠨ ᠪᠠᠶ᠋ᠢᠪᠠᠯ᠂ ᠡᠶᠡᠳᠡᠭᠦᠯᠭᠡ ᠵᠢᠨ ᠵᠥᠪᠯᠡᠯᠴᠡᠭᠡᠷ᠎ᠤᠨ ᠪᠢᠴᠢᠭ᠎ᠲᠤ ᠭᠠᠷ᠎ᠤᠨ ᠦᠰᠦᠭ ᠵᠢᠷᠤᠬᠤ ᠬᠡᠷᠡᠭᠲᠡᠢ᠃
    ᠭᠤᠴᠢᠨ ᠳᠥᠷᠪᠡᠳᠦᠭᠡᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ ᠭᠠᠷᠪᠠᠯ᠂ ᠲᠤᠬᠠᠶ᠋ᠢᠲᠠᠢ ᠬᠥᠮᠥᠨ᠎ᠢ ᠤᠷᠢᠳ ᠵᠶ᠋ᠠᠷ ᠰᠠᠶ᠋ᠢᠨ ᠳᠤᠷ᠎ᠠ᠎ᠠᠴᠠ᠎ᠪᠠᠨ ᠵᠥᠪᠳᠡᠯᠴᠡᠵᠦ ᠰᠢᠢ᠍ᠳᠪᠦᠷᠢᠯᠡᠭᠦᠯᠬᠦ᠎ᠪᠠᠷ ᠵᠣᠷᠢᠭᠵᠢᠭᠤᠯᠬᠤ ᠪᠠ ᠬᠥᠲᠥᠯᠥᠨ ᠵᠢᠯᠣᠭᠤᠳᠤᠨ᠎ᠠ᠃ ᠲᠤᠬᠠᠶ᠋ᠢᠲᠠᠢ ᠬᠥᠮᠥᠨ᠎ᠨᠢ ᠵᠥᠪᠳᠡᠯᠴᠡᠬᠦ ᠳᠤᠷ᠎ᠠ ᠦᠭᠡᠢ ᠪᠤᠶᠤ ᠵᠥᠪᠳᠡᠯᠴᠡᠭᠡᠳ ᠪᠦᠲᠦᠭᠰᠡᠨ ᠦᠭᠡᠢ ᠪᠠᠶ᠋ᠢᠪᠠᠯ ᠠᠷᠠᠳ᠎ᠤᠨ ᠡᠶᠡᠳᠡᠭᠦᠯᠭᠡ ᠵᠢ ᠭᠤᠶᠤᠴᠢᠯᠠᠬᠤ᠎ᠪᠠᠷ ᠬᠥᠲᠥᠯᠥᠨ ᠵᠢᠯᠤᠭᠤᠳᠬᠤ ᠬᠡᠷᠡᠭᠲᠡᠢ᠃ ᠲᠤᠬᠠᠶ᠋ᠢᠲᠠᠢ ᠬᠥᠮᠥᠨ᠎ᠨᠢ ᠠᠷᠠᠳ᠎ᠤᠨ ᠡᠶᠡᠳᠡᠭᠦᠯᠭᠡ ᠬᠢᠯᠭᠡᠬᠦ ᠳᠤᠷ᠎ᠠ ᠦᠭᠡᠢ ᠪᠤᠶᠤ ᠡᠶᠡᠳᠡᠭᠦᠯᠦᠭᠡᠳ ᠪᠦᠲᠦᠭᠰᠡᠨ ᠦᠭᠡᠢ ᠪᠠᠶ᠋ᠢᠪᠠᠯ ᠵᠠᠰᠠᠭ ᠵᠠᠬᠢᠷᠭ᠋ᠠᠨ᠎ᠤ ᠡᠶᠡᠳᠡᠭᠦᠯᠭᠡ ᠭᠤᠶᠤᠴᠢᠯᠠᠬᠤ᠎ᠪᠠᠷ ᠬᠥᠲᠥᠯᠥᠨ ᠵᠢᠯᠤᠭᠤᠳᠬᠤ ᠬᠡᠷᠡᠭᠲᠡᠢ᠃ ᠲᠤᠬᠠᠶ᠋ᠢᠲᠠᠢ ᠬᠥᠮᠥᠨ᠎ᠨᠢ ᠵᠠᠰᠠᠭ ᠵᠠᠬᠢᠷᠭ᠋ᠠᠨ᠎ᠤ ᠡᠶᠡᠳᠡᠭᠦᠯᠭᠡ ᠬᠢᠯᠭᠡᠬᠦ ᠳᠤᠷ᠎ᠠ ᠦᠭᠡᠢ ᠪᠤᠶᠤ ᠡᠶᠡᠳᠡᠭᠦᠯᠦᠭᠡᠳ ᠪᠦᠲᠦᠭᠰᠡᠨ ᠦᠭᠡᠢ ᠪᠠᠶ᠋ᠢᠪᠠᠯ ᠪᠣᠯ ᠲᠤᠬᠠᠶ᠋ᠢᠲᠠᠢ ᠬᠥᠮᠥᠨ᠎ᠳᠤ ᠪᠤᠰᠤᠳ ᠠᠷᠭ᠎ᠠ ᠵᠠᠮ ᠰᠣᠩᠭᠤᠵᠤ ᠰᠢᠢ᠍ᠳᠪᠦᠷᠢᠯᠡᠬᠦ ᠵᠢ ᠴᠠᠭ ᠲᠤᠬᠠᠢ᠎ᠳᠤ᠎ᠨᠢ ᠮᠡᠳᠡᠭᠳᠡᠬᠦ ᠬᠡᠷᠡᠭᠲᠡᠢ᠃
    ᠳᠥᠷᠪᠡᠳᠦᠭᠡᠷ ᠪᠦᠯᠦᠭ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ
    ᠭᠤᠴᠢᠨ ᠲᠠᠪᠤᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠳᠤ ᠣᠷᠤᠯᠴᠠᠬᠤ ᠬᠡᠷᠡᠭᠲᠡᠢ᠂ ᠡᠮᠨᠡᠯᠭᠡ ᠵᠢᠨ ᠠᠵᠢᠯᠲᠠᠨ᠎ᠤ ᠠᠵᠢᠯ ᠮᠡᠷᠭᠡᠵᠢᠯ᠎ᠤᠨ ᠬᠠᠷᠢᠭᠤᠴᠠᠯᠭ᠎ᠠ ᠵᠢᠨ ᠳᠠᠭ᠋ᠠᠳᠬᠠᠯ᠎ᠳᠤ ᠣᠷᠣᠯᠴᠠᠬᠤ ᠵᠢ ᠵᠣᠷᠢᠭᠵᠢᠭᠤᠯᠤᠨ᠂ ᠡᠪᠡᠳᠴᠢᠲᠡᠨ᠎ᠤ ᠡᠮᠴᠢᠯᠡᠭᠡᠨ᠎ᠤ ᠰᠠᠨᠠᠭ᠋ᠠᠨ᠎ᠳᠤ ᠦᠭᠡᠢ ᠭᠡᠮᠲᠦᠯ᠎ᠤᠨ ᠳᠠᠭ᠋ᠠᠳᠬᠠᠯ᠎ᠳᠤ ᠣᠷᠣᠯᠴᠠᠬᠤ ᠵᠢ ᠵᠣᠷᠢᠭᠵᠢᠭᠤᠯᠵᠤ᠂ ᠲᠦᠭᠰᠢᠭᠦᠷᠢ ᠵᠢ ᠰᠡᠷᠭᠡᠶ᠋ᠢᠯᠡᠬᠦ ᠲᠠᠯ᠎ᠠ᠎ᠳᠠᠬᠢ ᠳᠠᠭ᠋ᠠᠳᠬᠠᠯ᠎ᠤᠨ ᠴᠢᠳᠠᠮᠵᠢ ᠦᠢ᠍ᠯᠡᠳᠦᠯ᠎ᠢ ᠪᠠᠳᠠᠷᠠᠭᠤᠯᠤᠨ᠂ ᠡᠮᠴᠢ ᠪᠠ ᠡᠪᠡᠳᠴᠢᠲᠡᠨ ᠬᠤᠶᠠᠷ ᠲᠠᠯ᠎ᠠ ᠵᠢᠨ ᠬᠠᠤᠯᠢ ᠶᠣᠰᠣᠨ᠎ᠤ ᠡᠷᠬᠡ ᠠᠰᠢᠭ᠎ᠢ ᠬᠠᠤᠯᠢ ᠶᠣᠰᠣᠭ᠋ᠠᠷ ᠪᠠᠲᠤᠯᠠᠨ᠎ᠠ᠃
    ᠭᠤᠴᠢᠨ ᠵᠢᠷᠭᠤᠳᠤᠭ᠋ᠠᠷ ᠵᠦᠢ᠍ᠯ ᠬᠤᠰᠢᠭᠤ ᠰᠢᠶᠠᠨ᠎ᠤ ᠱᠠᠲᠤᠨ᠎ᠠᠴᠠ ᠳᠡᠭᠡᠭᠰᠢᠬᠢ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠳ ᠡᠮᠴᠢᠯᠡᠭᠡᠨ᠎ᠤ ᠲᠦᠭᠰᠢᠭᠦᠷᠢ ᠵᠢᠨ ᠬᠤᠪᠢᠳᠠᠨ ᠡᠭᠦᠷᠭᠡᠯᠡᠬᠦ ᠲᠣᠭᠲᠠᠴᠠ ᠵᠢ ᠪᠠᠶ᠋ᠢᠭᠤᠯᠤᠨ ᠲᠡᠭᠦᠯᠳᠡᠷᠵᠢᠭᠦᠯᠬᠦ ᠵᠢ ᠠᠬᠢᠭᠤᠯᠵᠤ᠂ ᠡᠮᠴᠢᠯᠡᠭᠡᠨ᠎ᠤ ᠪᠠᠶ᠋ᠢᠭᠤᠯᠤᠮᠵᠢ ᠵᠢᠨ ᠲᠦᠭᠰᠢᠭᠦᠷᠢ ᠵᠢ ᠰᠡᠷᠭᠡᠶ᠋ᠢᠯᠡᠬᠦ ᠳᠦᠷᠢᠮ ᠵᠶ᠋ᠠᠨ ᠲᠡᠭᠦᠯᠳᠡᠷᠵᠢᠭᠦᠯᠬᠦ᠎ᠳᠤ ᠵᠢᠭ᠋ᠠᠨ ᠵᠢᠯᠣᠭᠤᠳᠤᠯᠭ᠎ᠠ ᠬᠢᠬᠦ ᠪᠠ ᠬᠢᠨᠠᠯᠲᠠ ᠲᠠᠯᠪᠢᠵᠤ᠂ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠨᠢᠭᠡᠳᠦᠯᠲᠡᠢ ᠪᠠᠲᠤᠯᠠᠬᠤ ᠲᠣᠭᠲᠠᠴᠠ ᠵᠢ ᠪᠠᠶ᠋ᠢᠭᠤᠯᠵᠤ᠂ ᠳᠠᠭ᠋ᠠᠳᠬᠠᠯ᠎ᠤᠨ ᠺᠣᠮᠫᠠᠨᠢ᠎ᠯᠤᠭ᠎ᠠ ᠬᠠᠮᠲᠤᠷᠠᠯᠴᠠᠬᠤ ᠪᠤᠶᠤ ᠲᠤᠰᠬᠠᠢ ᠳᠠᠭ᠋ᠠᠳᠬᠠᠯ᠎ᠤᠨ ᠵᠠᠭᠤᠴᠢ ᠪᠠᠶ᠋ᠢᠭᠤᠯᠤᠮᠵᠢ᠎ᠳᠤ ᠨᠠᠶ᠋ᠢᠳᠠᠵᠤ ᠪᠠᠶ᠋ᠢᠭ᠋ᠠᠳ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠠᠵᠢᠯ᠎ᠢ ᠥᠷᠨᠢᠭᠦᠯᠵᠦ᠂ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠂ ᠡᠮᠨᠡᠯᠭᠡ ᠵᠢᠨ ᠠᠵᠢᠯᠲᠠᠨ᠎ᠤ ᠠᠵᠢᠯ ᠮᠡᠷᠭᠡᠵᠢᠯ᠎ᠤᠨ ᠬᠠᠷᠢᠭᠤᠴᠠᠯᠭ᠎ᠠ ᠵᠢᠨ ᠳᠠᠭ᠋ᠠᠳᠬᠠᠯ᠂ ᠡᠮᠴᠢᠯᠡᠭᠡᠨ᠎ᠤ ᠰᠠᠨᠠᠭ᠋ᠠᠨ᠎ᠳᠤ ᠦᠭᠡᠢ ᠭᠡᠮᠲᠦᠯ᠎ᠤᠨ ᠳᠠᠭ᠋ᠠᠳᠬᠠᠯ ᠵᠡᠷᠭᠡ ᠲᠦᠭᠰᠢᠭᠦᠷᠢ ᠵᠢ ᠬᠤᠪᠢᠳᠠᠨ ᠡᠭᠦᠷᠭᠡᠯᠡᠬᠦ ᠬᠡᠯᠪᠡᠷᠢ ᠵᠢ ᠪᠦᠲᠦᠮᠵᠢᠲᠡᠶ ᠠᠰᠢᠭᠯᠠᠨ᠂ ᠡᠮᠴᠢ ᠪᠠ ᠡᠪᠡᠳᠴᠢᠲᠡᠨ ᠬᠤᠶᠠᠷ ᠲᠠᠯ᠎ᠠ ᠵᠢᠨ ᠬᠠᠤᠯᠢ ᠶᠣᠰᠣᠨ᠎ᠤ ᠡᠷᠬᠡ ᠠᠰᠢᠭ᠎ᠢ ᠪᠠᠲᠤᠯᠠᠨ᠎ᠠ᠃
    ᠭᠤᠴᠢᠨ ᠳᠣᠯᠣᠳᠤᠭ᠋ᠠᠷ ᠵᠦᠢ᠍ᠯ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠳᠠᠭ᠋ᠠᠳᠬᠠᠯ ᠬᠦᠯᠢᠶᠡᠭᠰᠡᠨ ᠪᠠᠶ᠋ᠢᠭᠤᠯᠤᠮᠵᠢ ᠵᠢ ᠵᠣᠷᠢᠭᠵᠢᠭᠤᠯᠵᠤ ᠪᠠᠶ᠋ᠢᠭ᠋ᠠᠳ ᠣᠯᠠᠨ ᠶᠠᠩᠵᠤ ᠵᠢᠨ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠨᠡᠷᠡᠳᠬᠦᠨ᠎ᠢ ᠨᠡᠭᠡᠭᠡᠨ ᠰᠡᠳᠦᠬᠦ ᠵᠢᠨ ᠬᠠᠮᠲᠤ᠂ ᠣᠷᠣᠯᠭ᠎ᠠ ᠵᠠᠷᠤᠯᠭ᠎ᠠ ᠵᠢ ᠲᠡᠩᠴᠡᠭᠦᠷᠢᠰᠢᠭᠦᠯᠬᠦ᠂ ᠪᠡᠯᠡ᠎ᠪᠠᠨ ᠪᠠᠲᠤᠯᠠᠨ ᠪᠠᠭ᠎ᠠ ᠣᠯᠵᠠ ᠣᠯᠬᠤ ᠵᠠᠷᠴᠢᠮ ᠶᠣᠰᠣᠭ᠋ᠠᠷ᠂ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠵᠠᠷᠤᠳᠠᠯ᠎ᠤᠨ ᠨᠣᠷᠮ᠎ᠠ ᠵᠢ ᠰᠢᠨᠵᠢᠯᠡᠬᠦ ᠤᠬᠠᠭ᠋ᠠᠨᠴᠢ ᠵᠦᠢ ᠵᠣᠬᠢᠰᠲᠠᠢ᠎ᠪᠠᠷ ᠴᠡᠭᠴᠡᠯᠡᠨ ᠲᠣᠭᠲᠠᠭ᠋ᠠᠨ᠎ᠠ᠃
    ᠭᠤᠴᠢᠨ ᠨᠠᠢ᠍ᠮᠠᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ᠎ᠨᠢ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠳᠤ ᠣᠷᠣᠯᠴᠠᠭᠰᠠᠨ ᠪᠠᠶ᠋ᠢᠪᠠᠯ ᠳᠠᠭ᠋ᠠᠳᠬᠠᠯ᠎ᠤᠨ ᠵᠠᠷᠤᠳᠠᠯ᠎ᠢ ᠲᠣᠭᠲᠠᠭ᠋ᠠᠯ ᠶᠣᠰᠣᠭ᠋ᠠᠷ ᠡᠮᠴᠢᠯᠡᠭᠡᠨ᠎ᠤ ᠥᠪᠡᠷ᠎ᠤᠨ ᠥᠷᠲᠡᠭ᠎ᠲᠤ ᠪᠣᠳᠣᠵᠤ ᠣᠷᠣᠭᠤᠯᠵᠤ ᠪᠣᠯᠣᠨ᠎ᠠ᠃ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠳᠤ ᠣᠷᠣᠯᠴᠠᠭᠰᠠᠨ᠎ᠠᠴᠠ ᠪᠣᠯᠵᠤ ᠣᠳᠣ ᠵᠢᠨ ᠪᠠᠶ᠋ᠢᠭ᠎ᠠ ᠡᠮᠴᠢᠯᠡᠭᠡᠨ᠎ᠤ ᠰᠦᠢ᠍ᠳᠬᠡᠯ ᠬᠤᠷᠢᠶᠠᠬᠤ ᠪᠠᠷᠢᠮᠵᠢᠶ᠎ᠠ ᠵᠢ ᠳᠡᠭᠡᠭᠰᠢᠯᠡᠭᠦᠯᠬᠦ ᠪᠤᠶᠤ ᠬᠡᠯᠪᠡᠷᠢ ᠵᠢ᠎ᠨᠢ ᠥᠭᠡᠷᠡᠲᠦᠭᠦᠯᠦᠨ ᠡᠪᠡᠳᠴᠢᠲᠡᠨ᠎ᠤ ᠳᠠᠷᠤᠭ᠋ᠠᠰᠤ ᠵᠢ ᠨᠡᠮᠡᠭᠳᠡᠭᠦᠯᠵᠦ ᠪᠣᠯᠬᠤ ᠦᠭᠡᠢ᠃
    ᠭᠤᠴᠢ ᠶᠢᠰᠦᠳᠦᠭᠡᠷ ᠵᠦᠢ᠍ᠯ ᠡᠮᠴᠢᠯᠡᠭᠡᠨ᠎ᠤ ᠵᠠᠭᠤᠷᠠᠯᠳᠤᠭ᠋ᠠᠨ ᠭᠠᠷᠤᠭᠰᠠᠨ᠎ᠤ ᠳᠠᠷᠠᠭ᠎ᠠ᠂ ᠡᠮᠴᠢᠯᠡᠭᠡᠨ᠎ᠤ ᠪᠠᠶ᠋ᠢᠭᠤᠯᠤᠮᠵᠢ᠎ᠨᠢ 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠳᠠᠭ᠋ᠠᠳᠬᠠᠯ᠎ᠤᠨ ᠬᠠᠤᠯᠢ》 ᠵᠢᠨ ᠬᠠᠮᠢᠶ᠎ᠠ ᠪᠦᠬᠦᠢ ᠲᠣᠭᠲᠠᠭ᠋ᠠᠯ ᠵᠢᠴᠢ ᠳᠠᠭ᠋ᠠᠳᠬᠠᠯ᠎ᠤᠨ ᠭᠡᠷ᠎ᠡ᠎ᠳᠤ ᠪᠣᠯᠵᠣᠨ ᠲᠣᠭᠲᠠᠭᠰᠠᠨ ᠶᠣᠰᠣᠭ᠋ᠠᠷ᠂ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠳᠠᠭ᠋ᠠᠳᠬᠠᠯ ᠬᠦᠯᠢᠶᠡᠭᠰᠡᠨ ᠪᠠᠶ᠋ᠢᠭᠤᠯᠤᠮᠵᠢ᠎ᠳᠤ ᠴᠠᠭ ᠲᠤᠬᠠᠢ᠎ᠳᠤ᠎ᠨᠢ ᠬᠡᠷᠡᠭ ᠮᠡᠳᠡᠭᠦᠯᠬᠦ ᠵᠢᠨ ᠬᠠᠮᠲᠤ ᠬᠤᠯᠪᠣᠭᠳᠠᠯ ᠪᠦᠬᠦᠢ ᠪᠠᠶ᠋ᠢᠳᠠᠯ᠎ᠢ ᠦᠨᠡᠨ ᠪᠣᠳᠠᠲᠠᠢ ᠬᠠᠩᠭ᠋ᠠᠬᠤ ᠬᠡᠷᠡᠭᠲᠡᠢ᠃ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠳᠠᠭ᠋ᠠᠳᠬᠠᠯ ᠬᠦᠯᠢᠶᠡᠭᠰᠡᠨ ᠪᠠᠶ᠋ᠢᠭᠤᠯᠤᠮᠵᠢ᠎ᠨᠢ ᠡᠮᠴᠢᠯᠡᠭᠡᠨ᠎ᠤ ᠪᠠᠶ᠋ᠢᠭᠤᠯᠤᠮᠵᠢ᠂ ᠡᠮᠴᠢᠯᠡᠭᠡᠨ᠎ᠤ ᠡᠶᠡᠳᠡᠭᠦᠯᠭᠡ ᠵᠢᠨ ᠺᠣᠮᠢᠰ᠎ᠯᠤᠭ᠎ᠠ ᠵᠢᠨ ᠨᠡᠪᠲᠡᠷᠡᠯᠴᠡᠭᠡ ᠬᠠᠮᠵᠢᠯᠴᠠᠭ᠎ᠠ᠎ᠪᠠᠨ ᠴᠢᠩᠭ᠋ᠠᠳᠬᠠᠵᠤ᠂ ᠡᠮᠴᠢᠯᠡᠭᠡᠨ᠎ᠤ ᠵᠠᠭᠤᠷᠠᠯᠳᠤᠭ᠋ᠠᠨ᠎ᠢ ᠡᠶᠡᠳᠡᠭᠦᠯᠦᠨ ᠰᠢᠢ᠍ᠳᠪᠦᠷᠢᠯᠡᠬᠦ ᠪᠠ ᠲᠥᠯᠥᠬᠦ ᠲᠦᠷᠭᠡᠨ ᠮᠥᠷᠲᠡᠭᠡᠨ ᠪᠦᠲᠦᠮᠵᠢᠲᠡᠶ ᠲᠣᠭᠲᠠᠴᠠ ᠵᠢ ᠪᠠᠶ᠋ᠢᠭᠤᠯᠬᠤ ᠵᠢᠨ ᠬᠠᠮᠲᠤ ᠴᠠᠭ ᠲᠤᠬᠠᠢ᠎ᠳᠤ᠎ᠨᠢ ᠲᠥᠯᠥᠵᠦ ᠰᠢᠢ᠍ᠳᠪᠦᠷᠢᠯᠡᠬᠦ ᠬᠡᠷᠡᠭᠲᠡᠢ᠃
    ᠳᠥᠴᠢᠳᠦᠭᠡᠷ ᠵᠦᠢ᠍ᠯ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠳᠠᠭ᠋ᠠᠳᠬᠠᠯ ᠬᠦᠯᠢᠶᠡᠭᠰᠡᠨ ᠪᠠᠶ᠋ᠢᠭᠤᠯᠤᠮᠵᠢ᠎ᠨᠢ ᠳᠠᠭ᠋ᠠᠳᠬᠠᠯ᠎ᠤᠨ ᠭᠡᠷ᠎ᠡ᠎ᠳᠤ ᠪᠣᠯᠵᠣᠨ ᠲᠣᠭᠲᠠᠭᠰᠠᠨ ᠶᠣᠰᠣᠭ᠋ᠠᠷ᠂ ᠳᠠᠭ᠋ᠠᠳᠬᠠᠯ᠎ᠤᠨ ᠭᠡᠷ᠎ᠡ᠎ᠳᠤ ᠪᠣᠯᠵᠣᠨ ᠲᠣᠭᠲᠠᠭᠰᠠᠨ ᠬᠠᠷᠢᠭᠤᠴᠠᠯᠭ᠎ᠠ ᠵᠢᠨ ᠬᠡᠪᠴᠢᠶᠡᠨ᠎ᠳᠤ᠎ᠪᠠᠨ ᠴᠠᠭ ᠲᠤᠬᠠᠢ᠎ᠳᠤ᠎ᠨᠢ᠂ ᠪᠣᠳᠠᠲᠤ ᠪᠠᠶ᠋ᠢᠳᠠᠯ᠎ᠢ ᠦᠨᠳᠦᠰᠦᠯᠡᠨ᠂ ᠭᠦᠢ᠍ᠴᠡᠳ ᠲᠤᠭ᠎ᠠ᠎ᠪᠠᠷ ᠲᠥᠯᠥᠪᠦᠷᠢ ᠥᠭᠬᠦ ᠵᠢᠨ ᠬᠠᠮᠲᠤ ᠬᠠᠮᠢᠶ᠎ᠠ ᠪᠦᠬᠦᠢ ᠳᠠᠭ᠋ᠠᠳᠬᠠᠯ᠎ᠤᠨ ᠦᠢ᠍ᠯᠡᠴᠢᠯᠡᠭᠡ ᠬᠠᠩᠭ᠋ᠠᠬᠤ ᠬᠡᠷᠡᠭᠲᠡᠢ᠃ ᠳᠠᠭ᠋ᠠᠳᠬᠠᠯ ᠬᠦᠯᠢᠶᠡᠭᠰᠡᠨ ᠪᠠᠶ᠋ᠢᠭᠤᠯᠤᠮᠵᠢ᠎ᠨᠢ ᠦᠢ᠍ᠯᠡᠴᠢᠯᠡᠭᠡᠨ᠎ᠤ ᠤᠬᠠᠮᠰᠠᠷ ᠵᠶ᠋ᠠᠨ ᠨᠡᠮᠡᠭᠳᠡᠭᠦᠯᠵᠦ᠂ ᠳᠠᠭ᠋ᠠᠳᠬᠠᠯ᠎ᠳᠤ ᠣᠷᠤᠯᠴᠠᠬᠤ᠂ ᠲᠥᠯᠥᠪᠦᠷᠢ ᠥᠭᠬᠦ ᠴᠤᠪᠤᠷᠠᠯ ᠵᠶ᠋ᠠᠨ ᠰᠢᠯᠢᠳᠡᠭᠵᠢᠭᠦᠯᠦᠨ᠂ ᠭᠠᠷᠳᠠᠮ ᠵᠶ᠋ᠠᠨ ᠳᠥᠭᠦᠮᠴᠢᠯᠡᠵᠦ᠂ ᠳᠠᠭ᠋ᠠᠳᠬᠠᠯ᠎ᠳᠤ ᠣᠷᠤᠯᠴᠠᠬᠤ ᠨᠢᠭᠡᠴᠢ᠎ᠳᠤ ᠳᠥᠭᠦᠮ ᠦᠵᠡᠭᠦᠯᠵᠦ᠂ ᠲᠥᠯᠥᠪᠦᠷᠢ ᠥᠭᠬᠦ ᠵᠢ ᠶᠣᠰᠣ ᠪᠤᠰᠤ᠎ᠪᠠᠷ ᠲᠡᠪᠴᠢᠵᠦ ᠪᠣᠯᠬᠤ ᠦᠭᠡᠢ᠃
    ᠳᠥᠴᠢᠨ ᠨᠢᠭᠡᠳᠦᠭᠡᠷ ᠵᠦᠢ᠍ᠯ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠳ ᠳᠠᠭ᠋ᠠᠳᠬᠠᠯ᠎ᠤᠨ ᠡᠵᠡᠩᠨᠡᠯᠲᠡ ᠵᠢᠨ ᠲᠤᠬᠠᠶ᠋ᠢᠯᠠᠭᠰᠠᠨ ᠠᠵᠢᠯ᠎ᠢ ᠵᠢᠷᠤᠮᠵᠢᠭᠤᠯᠵᠤ᠂ ᠳᠠᠭ᠋ᠠᠳᠬᠠᠯ ᠬᠦᠯᠢᠶᠡᠭᠰᠡᠨ ᠪᠠᠶ᠋ᠢᠭᠤᠯᠤᠮᠵᠢ ᠵᠢ ᠵᠢᠭ᠋ᠠᠨ ᠵᠢᠯᠤᠭᠤᠳᠴᠤ ᠪᠠᠶ᠋ᠢᠭ᠋ᠠᠳ ᠳᠠᠭ᠋ᠠᠳᠬᠠᠯ᠎ᠤᠨ ᠲᠥᠯᠥᠪᠦᠷᠢ ᠥᠭᠬᠦ ᠪᠠ ᠠᠷᠠᠳ᠎ᠤᠨ ᠡᠶᠡᠳᠡᠭᠦᠯᠭᠡ ᠵᠢᠨ ᠠᠵᠢᠯ᠎ᠤᠨ ᠵᠣᠯᠭ᠋ᠠᠯᠴᠠᠭ᠎ᠠ ᠵᠢ ᠰᠠᠶ᠋ᠢᠲᠤᠷ ᠬᠢᠯᠭᠡᠵᠦ᠂ ᠳᠠᠭ᠋ᠠᠳᠬᠠᠯ ᠬᠦᠯᠢᠶᠡᠭᠰᠡᠨ ᠪᠠᠶ᠋ᠢᠭᠤᠯᠤᠮᠵᠢ ᠵᠢ ᠬᠥᠲᠥᠯᠥᠨ ᠵᠢᠯᠤᠭᠤᠳᠴᠤ ᠪᠠᠶ᠋ᠢᠭ᠋ᠠᠳ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠤᠨ ᠲᠤᠬᠠᠶ᠋ᠢᠯᠠᠭᠰᠠᠨ ᠠᠵᠢᠯ᠎ᠤᠨ ᠬᠠᠮᠢᠶᠠᠷᠤᠯᠲᠠ ᠪᠠ ᠲᠦᠭᠰᠢᠭᠦᠷᠢ ᠵᠢᠨ ᠬᠠᠮᠢᠶᠠᠷᠤᠯᠲᠠ ᠡᠵᠡᠮᠳᠡᠯ᠎ᠢ ᠴᠢᠩᠭ᠋ᠠᠳᠬᠠᠬᠤ ᠬᠡᠷᠡᠭᠲᠡᠢ᠃
    ᠲᠠᠪᠤᠳᠤᠭ᠋ᠠᠷ ᠪᠦᠯᠦᠭ ᠬᠢᠨᠠᠯᠲᠠ ᠲᠠᠯᠪᠢᠵᠤ ᠬᠠᠮᠢᠶᠠᠷᠬᠤ
    ᠳᠥᠴᠢᠨ ᠬᠤᠶᠠᠳᠤᠭ᠋ᠠᠷ ᠵᠦᠢ᠍ᠯ ᠡᠯ᠎ᠡ ᠱᠠᠲᠤᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠨᠢ ᠵᠠᠰᠠᠭ ᠵᠠᠬᠢᠷᠭ᠋ᠠᠨ᠎ᠤ ᠣᠷᠣᠨ᠎ᠤ ᠳᠣᠲᠣᠷᠠᠬᠢ ᠡᠮᠴᠢᠯᠡᠭᠡᠨ᠎ᠤ ᠵᠠᠭᠤᠷᠠᠯᠳᠤᠭ᠋ᠠᠨ᠎ᠢ ᠰᠡᠷᠭᠡᠶ᠋ᠢᠯᠡᠬᠦ ᠬᠢᠭᠡᠳ ᠰᠢᠢ᠍ᠳᠪᠦᠷᠢᠯᠡᠬᠦ ᠲᠠᠯ᠎ᠠ᠎ᠳᠠᠬᠢ ᠬᠢᠨᠠᠯᠲᠠ ᠬᠠᠮᠢᠶᠠᠷᠤᠯᠲᠠ ᠵᠢᠨ ᠠᠵᠢᠯ᠎ᠢ ᠬᠠᠷᠢᠭᠤᠴᠠᠨ᠎ᠠ᠃
    ᠳᠥᠴᠢᠨ ᠭᠤᠷᠪᠠᠳᠤᠭ᠋ᠠᠷ ᠵᠦᠢ᠍ᠯ ᠡᠯ᠎ᠡ ᠱᠠᠲᠤᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ᠂ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠨᠢ ᠡᠭᠦᠷᠭᠡ ᠬᠠᠷᠢᠭᠤᠴᠠᠯᠭ᠎ᠠ ᠵᠢᠨ ᠵᠶ᠋ᠠᠨ ᠶᠣᠰᠣᠭ᠋ᠠᠷ ᠡᠮᠴᠢᠯᠡᠭᠡᠨ᠎ᠤ ᠬᠤᠬᠢᠷᠠᠯ᠎ᠢ ᠰᠢᠯᠭ᠋ᠠᠨ ᠲᠣᠭᠲᠠᠭ᠋ᠠᠬᠤ ᠬᠢᠨᠠᠯᠲᠠ ᠬᠠᠮᠢᠶᠠᠷᠤᠯᠲᠠ ᠵᠢᠨ ᠡᠭᠦᠷᠭᠡ ᠴᠢᠳᠠᠪᠤᠷᠢ᠎ᠪᠠᠨ ᠭᠦᠢ᠍ᠴᠡᠳᠬᠡᠬᠦ ᠬᠡᠷᠡᠭᠲᠡᠢ᠃
    ᠳᠥᠴᠢᠨ ᠳᠥᠷᠪᠡᠳᠦᠭᠡᠷ ᠵᠦᠢ᠍ᠯ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠤᠳ ᠳᠠᠭ᠋ᠠᠳᠬᠠᠯ᠎ᠤᠨ ᠪᠠᠶ᠋ᠢᠭᠤᠯᠤᠮᠵᠢ ᠵᠢᠨ ᠡᠮᠴᠢᠯᠡᠭᠡᠨ᠎ᠤ ᠬᠠᠷᠢᠭᠤᠴᠠᠯᠭ᠎ᠠ ᠵᠢᠨ ᠳᠠᠭ᠋ᠠᠳᠬᠠᠯ ᠪᠠ ᠡᠮᠴᠢᠯᠡᠭᠡᠨ᠎ᠤ ᠰᠠᠨᠠᠭ᠋ᠠᠨ᠎ᠳᠤ ᠦᠭᠡᠢ ᠭᠡᠮᠲᠦᠯ᠎ᠤᠨ ᠳᠠᠭ᠋ᠠᠳᠬᠠᠯ ᠵᠡᠷᠭᠡ ᠲᠤᠬᠠᠶ᠋ᠢᠯᠠᠭᠰᠠᠨ ᠠᠵᠢᠯ ᠥᠷᠨᠢᠭᠦᠯᠬᠦ᠎ᠳᠤ᠎ᠨᠢ ᠬᠠᠤᠯᠢ ᠶᠣᠰᠣᠭ᠋ᠠᠷ ᠬᠢᠨᠠᠯᠲᠠ ᠬᠠᠮᠢᠶᠠᠷᠤᠯᠲᠠ ᠬᠢᠬᠦ᠎ᠪᠠᠨ ᠴᠢᠩᠭ᠋ᠠᠳᠬᠠᠵᠤ᠂ ᠳᠠᠭ᠋ᠠᠳᠬᠠᠯ ᠬᠦᠯᠢᠶᠡᠬᠦ ᠵᠢᠴᠢ ᠲᠥᠯᠥᠪᠦᠷᠢ ᠥᠭᠬᠦ ᠠᠵᠢᠯ᠎ᠳᠠᠬᠢ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠬᠤ ᠬᠡᠷᠡᠭᠲᠡᠢ᠃
    ᠳᠥᠴᠢᠨ ᠲᠠᠪᠤᠳᠤᠭ᠋ᠠᠷ ᠵᠦᠢ᠍ᠯ ᠬᠢᠨᠠᠯᠲᠠ ᠬᠠᠮᠢᠶᠠᠷᠤᠯᠲᠠ ᠵᠢᠨ ᠠᠵᠢᠯ᠎ᠳᠤ᠂ ᠡᠮᠨᠡᠯᠭᠡ ᠵᠢᠨ ᠬᠤᠷᠢᠶ᠎ᠠ᠎ᠨᠤᠭᠤᠳ᠎ᠤᠨ ᠨᠡᠶ᠋ᠢᠭᠡᠮᠯᠢᠭ᠂ ᠡᠮᠴᠢ ᠨᠠᠷ᠎ᠤᠨ ᠨᠡᠶ᠋ᠢᠭᠡᠮᠯᠢᠭ ᠵᠡᠷᠭᠡ ᠬᠤᠯᠪᠣᠭᠳᠠᠯ ᠪᠦᠬᠦᠢ ᠠᠵᠢᠯ ᠲᠥᠷᠥᠯ᠎ᠤᠨ ᠵᠣᠬᠢᠶᠠᠨ ᠪᠠᠶ᠋ᠢᠭᠤᠯᠤᠯᠲᠠ ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠬᠤ ᠬᠡᠷᠡᠭᠲᠡᠢ᠃
    ᠳᠥᠴᠢᠨ ᠵᠢᠷᠭᠤᠳᠤᠭ᠋ᠠᠷ ᠵᠦᠢ᠍ᠯ ᠡᠮᠴᠢᠯᠡᠭᠡᠨ᠎ᠤ ᠪᠠᠶ᠋ᠢᠭᠤᠯᠤᠮᠵᠢ᠎ᠨᠤᠭᠤᠳ ᠡᠮᠴᠢᠯᠡᠭᠡᠨ᠎ᠤ ᠶᠠᠰᠤ ᠴᠢᠨᠠᠷ᠎ᠤᠨ ᠠᠮᠤᠷ ᠲᠦᠪᠰᠢᠨ ᠪᠠ ᠡᠮᠴᠢᠯᠡᠭᠡᠨ᠎ᠤ ᠮᠡᠷᠭᠡᠵᠢᠯ᠎ᠤᠨ ᠡᠮᠴᠢᠯᠡᠭᠡ ᠵᠢᠨ ᠬᠡᠷᠡᠭᠯᠡᠭᠡᠨ᠎ᠳᠠᠬᠢ ᠡᠳᠦᠷ ᠲᠤᠲᠤᠮ᠎ᠤᠨ ᠬᠠᠮᠢᠶᠠᠷᠤᠯᠲᠠ᠎ᠪᠠᠨ ᠴᠢᠩᠭ᠋ᠠᠳᠬᠠᠬᠤ ᠬᠡᠷᠡᠭᠲᠡᠢ᠃
    ᠵᠢᠷᠭᠤᠳᠤᠭ᠋ᠠᠷ ᠪᠦᠯᠦᠭ ᠳᠠᠭ᠋ᠠᠯᠳᠤᠭᠤᠯᠤᠯ ᠳᠦᠷᠢᠮ
    ᠳᠥᠴᠢᠨ ᠳᠣᠯᠣᠳᠤᠭ᠋ᠠᠷ ᠵᠦᠢ᠍ᠯ ᠬᠠᠤᠯᠢ ᠪᠤᠰᠤ᠎ᠪᠠᠷ ᠡᠮᠴᠢᠯᠡᠭᠰᠡᠨ᠎ᠠᠴᠠ ᠪᠣᠯᠤᠭᠰᠠᠨ ᠵᠠᠭᠤᠷᠠᠯᠳᠤᠭ᠋ᠠᠨ᠎ᠨᠢ ᠲᠤᠰ ᠠᠷᠭ᠎ᠠ᠎ᠳᠤ ᠬᠡᠯᠡᠵᠦ ᠪᠠᠶ᠋ᠢᠭ᠎ᠠ ᠡᠮᠴᠢᠯᠡᠭᠡᠨ᠎ᠤ ᠵᠠᠭᠤᠷᠠᠯᠳᠤᠭ᠋ᠠᠨ᠎ᠳᠤ ᠪᠠᠭᠲᠠᠬᠤ ᠦᠭᠡᠢ᠂ ᠬᠤᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ ᠶᠣᠰᠣᠭ᠋ᠠᠷ ᠰᠢᠢ᠍ᠳᠪᠦᠷᠢᠯᠡᠬᠦ ᠬᠡᠷᠡᠭᠲᠡᠢ᠃
    ᠳᠥᠴᠢᠨ ᠨᠠᠢ᠍ᠮᠠᠳᠤᠭ᠋ᠠᠷ ᠵᠦᠢ᠍ᠯ ᠲᠣᠰ ᠠᠷᠭ᠎ᠠ ᠵᠢ ᠳᠠᠷᠤᠮᠠᠯᠯᠠᠨ ᠲᠠᠷᠬᠠᠭ᠋ᠠᠭᠰᠠᠨ ᠡᠳᠦᠷ᠎ᠠᠴᠠ ᠡᠬᠢᠯᠡᠨ ᠬᠡᠷᠡᠭᠵᠢᠭᠦᠯᠦᠨ᠎ᠡ᠃
    ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ
   2024 ᠣᠨ᠎ᠤ 10 ᠳ᠋ᠤᠭ᠋ᠠᠷ ᠰᠠᠷ᠎ᠠ ᠵᠢᠨ 16᠎ᠤ ᠡᠳᠦᠷ ᠳᠠᠷᠤᠮᠠᠯᠯᠠᠨ ᠲᠠᠷᠬᠠᠭ᠋ᠠᠪᠠ

ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠭᠠᠯ ᠲᠦᠢ᠍ᠮᠡᠷ᠎ᠤᠨ ᠠᠳᠡᠯ᠎ᠢ ᠪᠠᠶ᠋ᠢᠴᠠᠭ᠋ᠠᠨ ᠰᠢᠢ᠍ᠳᠪᠦᠷᠢᠯᠡᠬᠦ ᠲᠣᠭᠲᠠᠭ᠋ᠠᠯ》᠎ᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠡᠳᠡᠭᠳᠡᠯ
《ᠲᠦᠩᠯᠢᠶᠣᠣ ᠬᠤᠲᠠ ᠵᠢᠨ ᠬᠤᠷᠴᠢᠨ ᠲᠣᠭᠤᠷᠢᠭ᠎ᠤᠨ ᠭᠠᠵᠠᠷ ᠰᠢᠷᠣᠢ ᠵᠢ ᠲᠠᠲᠠᠪᠤᠷᠢᠯᠠᠨ ᠬᠤᠷᠢᠶᠠᠵᠤ ᠬᠡᠰᠡᠭ ᠵᠶ᠋ᠠᠷ ᠨᠡᠭᠡᠭᠡᠨ ᠬᠥᠭᠵᠢᠭᠦᠯᠬᠦ ᠲᠣᠬᠢᠷᠠᠭᠤᠯᠤᠯᠲᠠ ᠵᠢᠨ ᠲᠥᠰᠥᠯ (2022 – 2024 ᠣᠨ)》᠎ᠤᠨ ᠲᠤᠬᠠᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠴᠣᠬᠤᠯᠠᠪᠤᠷᠢ
《ᠲᠥᠯᠥᠪᠦᠷᠢ ᠦᠭᠡᠢ᠎ᠪᠠᠷ ᠴᠢᠰᠤ ᠬᠠᠨᠳᠢᠪᠯᠠᠭᠰᠠᠳ᠎ᠢ ᠤᠷᠮᠠᠰᠢᠭᠤᠯᠤᠨ ᠬᠥᠬᠢᠭᠦᠯᠬᠦ ᠠᠵᠢᠯ᠎ᠢ ᠤᠯᠠᠮ ᠰᠠᠶ᠋ᠢᠲᠤᠷ ᠬᠢᠬᠦ ᠲᠤᠬᠠᠢ ᠮᠡᠳᠡᠭᠳᠡᠯ》᠎ᠤᠨ ᠲᠠᠶ᠋ᠢᠯᠤᠮᠵᠢ
《2024 ᠣᠨ᠎ᠤ ᠤᠯᠤᠰ᠎ᠤᠨ ᠰᠤᠷᠤᠯᠭ᠎ᠠ ᠵᠢᠨ ᠲᠡᠳᠬᠦᠮᠵᠢ ᠵᠢᠨ ᠵᠢᠭᠡᠯᠡᠯᠭᠡ ᠵᠢᠨ ᠬᠦᠦ ᠮᠥᠩᠭᠦ ᠵᠢ ᠬᠡᠯᠲᠦᠷᠢᠭᠦᠯᠬᠦ ᠵᠢᠴᠢ ᠡᠬᠡ ᠮᠥᠩᠭᠦ ᠵᠢ ᠬᠤᠶ᠋ᠢᠰᠢᠯᠠᠭᠤᠯᠤᠨ ᠲᠥᠯᠥᠬᠦ ᠠᠵᠢᠯ᠎ᠢ ᠰᠠᠶ᠋ᠢᠲᠤᠷ ᠬᠢᠬᠦ ᠲᠤᠬᠠᠢ ᠮᠡᠳᠡᠭᠳᠡᠯ》᠎ᠤᠨ ᠠᠰᠠᠭᠤᠯᠲᠠ ᠬᠠᠷᠢᠭᠤᠯᠲᠠ
ᠠᠵᠢᠯ ᠣᠯᠭᠤᠯᠲᠠ ᠵᠢ ᠤᠷᠢᠳ ᠵᠶ᠋ᠠᠷ ᠪᠣᠳᠣᠯᠬᠢᠯᠠᠬᠤ ᠤᠳᠤᠷᠢᠳᠤᠮᠵᠢ ᠵᠢ ᠬᠡᠷᠬᠢᠨ ᠨᠠᠩ ᠳᠣᠪᠤᠶ᠋ᠢᠯᠭ᠋ᠠᠬᠤ ᠪᠣᠶ (ᠲᠥᠷᠥ ᠵᠢᠨ ᠪᠣᠳᠣᠯᠭ᠎ᠠ ᠵᠢᠨ ᠠᠰᠠᠭᠤᠯᠲᠠ ᠬᠠᠷᠢᠭᠤᠯᠲᠠ · 2024 ᠣᠨ᠎ᠳᠤ ᠳᠤᠮᠳᠠᠳᠤ ᠤᠯᠤᠰ᠎ᠤᠨ ᠠᠵᠤ ᠠᠬᠤᠢ ᠢᠩᠭᠢᠵᠦ ᠠᠵᠢᠯᠯᠠᠨ᠎ᠠ)
 
            