ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠬᠢᠮ ᠤᠨ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠦᠨᠳᠦᠰᠦᠨ ᠱᠠᠳᠣᠨ ᠤ ᠶᠡᠷᠦᠩᠬᠡᠶᠢᠯᠡᠭᠰᠡᠨ ᠴᠢᠨᠠᠷᠲᠡᠢ ᠰᠣᠶᠣᠯ ᠤᠨ ᠦᠢᠯᠡᠴᠢᠯᠡᠭᠡᠨ ᠤ ᠲᠦᠪ ᠤᠨ ᠬᠠᠮᠢᠶᠠᠷᠣᠯᠲᠠ ᠶᠢᠨ ᠠᠷᠭ᠎ᠠ ︵  ᠲᠣᠷᠰᠢᠨ ᠬᠡᠷᠡᠭᠯᠡᠬᠦ︶︾   ᠶᠢ ᠳᠠᠷᠤᠮᠠᠯᠯᠠᠨ ᠲᠠᠷᠬᠠᠭᠠᠬᠤ ᠲᠣᠬᠠᠢ ᠮᠡᠳᠡᠭᠳᠡᠯ
ᠨᠡᠶᠢᠲᠡᠯᠡᠭᠰᠡᠨ ᠴᠠᠭ᠄
2019/10/17
     ᠡᠯ᠎ᠡ ᠠᠶᠢᠮᠠᠭ ᠬᠤᠲᠠ ᠶᠢᠨ ᠰᠣᠶᠣᠯ  ᠰᠣᠨᠢᠨ ᠮᠡᠳᠡᠭᠡ  ᠷᠠᠳᠢᠤ᠋  ᠲᠧᠯᠸᠢᠰ ︵ᠲᠠᠮᠢᠷ︶ ᠤᠨ ᠲᠣᠪᠴᠢᠶ᠎ᠠ᠂ ᠮᠠᠨᠵᠣᠤᠷ ᠬᠤᠳᠠ᠂ ᠡᠷᠢᠶᠡᠨ ᠬᠤᠳᠠ ᠶᠢᠨ ᠰᠣᠶᠣᠯ ᠰᠣᠨᠢᠨ ᠮᠡᠳᠡᠭᠡ ᠷᠠᠳᠢᠤ᠋ ᠲᠧᠯᠸᠢᠰ ᠲᠠᠮᠢᠷ ᠤᠨ ᠲᠣᠪᠴᠢᠶ᠎ᠠ᠄      ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠢ ᠰᠠᠶᠢᠳᠣᠷ ᠪᠠᠶᠢᠭᠤᠯᠬᠤ᠂ ᠰᠠᠶᠢᠳᠣᠷ ᠬᠠᠮᠢᠶᠠᠷᠬᠤ᠂ ᠰᠠᠶᠢᠳᠣᠷ ᠬᠡᠷᠡᠭᠯᠡᠬᠦ ᠶᠢᠨ ᠲᠦᠯᠦᠭᠡ᠂ ᠮᠠᠨ ᠤ ᠲᠢᠩᠬᠢᠮ ᠠᠴᠠ ︽ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠦᠢᠯᠡᠴᠢᠯᠡᠭᠡᠨ ᠤ ᠲᠦᠪ ᠢ ᠬᠠᠮᠢᠶᠠᠷᠬᠤ ᠠᠷᠭ᠎ᠠ ︵ ᠲᠣᠷᠰᠢᠨ  ᠬᠡᠷᠡᠭᠯᠡᠬᠦ︶ ᠶᠢ  ᠲᠣᠭᠲᠠᠭᠠᠪᠠ᠂ ᠣᠳᠣ ᠲᠠ ᠨᠠᠷ  ᠲᠤ ᠲᠠᠷᠬᠠᠭᠠᠯ᠎ᠠ᠂ ᠨᠠᠷᠢᠨ ᠬᠢᠨᠠᠮᠠᠭᠠᠢ ᠭᠡᠷᠡᠭᠵᠢᠭᠦᠯᠳᠦᠭᠡᠢ᠃       ᠣᠨᠴᠠᠭᠠᠶᠢᠯᠠᠨ ᠮᠡᠳᠡᠭᠳᠡᠪᠡ᠃                           ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠬᠢᠮ                                            2017 ᠣᠨ ᠤ7 ᠰᠠᠷ᠎ᠠ ᠶᠢᠨ25 ᠤ ᠡᠳᠦᠷ      ᠦᠪᠤᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠦᠨᠳᠦᠰᠦᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ   ᠤᠨ  ᠬᠠᠮᠢᠶᠠᠷᠣᠯᠲᠠ ᠶᠢᠨ ᠠᠷᠭ᠎ᠠ ︵ ᠳᠣᠷᠰᠢᠨ ᠬᠡᠷᠡᠭᠯᠡᠬᠦ︶ᠨᠢᠭᠡᠳᠦᠭᠡᠷ ᠪᠦᠯᠦᠭ     ᠶᠡᠷᠦᠩᠬᠡᠢ  ᠲᠦᠷᠢᠮ      ᠨᠢᠭᠡᠳᠦᠭᠡᠷ ᠵᠣᠷᠪᠣᠰ    ᠦᠨᠳᠦᠰᠤᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ  ᠤ ᠲᠦᠪ ᠤᠨ ᠬᠠᠮᠢᠶᠡᠷᠤᠯᠳᠡ ᠶᠢ ᠴᠢᠩᠭᠠᠳᠬᠠᠬᠤ᠂ ᠦᠨᠳᠦᠰᠦᠨ ᠱᠠᠳᠣᠨ ᠤ ᠣᠯᠠᠨ ᠨᠡᠶᠢᠳᠡ ᠶᠢᠨ ᠰᠣᠶᠣᠯ ᠤᠨ ᠦᠢᠯᠡᠴᠢᠯᠡᠭᠡᠨ ᠤ ᠰᠢᠰᠲ᠋ᠧᠮ ᠤᠨ ᠪᠦᠳᠦᠭᠡᠨ ᠪᠠᠶᠢᠭᠤᠯᠣᠯᠲᠡ ᠶᠢ ᠠᠬᠢᠭᠤᠯᠬᠤ ᠶᠢᠨ ᠲᠦᠯᠦᠭᠡ  ᠂ ︽ᠪᠦᠭᠦᠳᠡ ᠨᠠᠶᠢᠷᠠᠮᠳᠠᠬᠤ ᠳᠣᠮᠳᠠᠳᠣ ᠠᠷᠠᠳ ᠤᠯᠣᠰ ᠤᠨ ᠣᠯᠠᠨ ᠨᠡᠶᠢᠳᠡ ᠶᠢᠨ ᠰᠣᠶᠣᠯ ᠤᠨ ᠦᠢᠯᠡᠴᠢᠯᠡᠭᠡᠨ ᠢ ᠪᠠᠳᠣᠯᠠᠬᠤ ᠬᠠᠤᠯᠢ︾ ᠪᠣᠯᠣᠨ ᠣᠯᠣᠰ᠂ ᠦᠪᠡᠷᠳᠡᠭᠡᠨ ᠵᠠᠰᠠᠬᠤ ᠣᠷᠣᠨ ᠤ ᠬᠠᠮᠢᠶ᠎ᠠ ᠪᠦᠬᠦᠢ ᠳᠣᠭᠳᠠᠭᠠᠯ   ᠢ ᠦᠨᠳᠦᠰᠦᠯᠡᠨ ᠲᠣᠰ ᠠᠷᠭ᠎ᠠ ᠶᠢ ᠲᠣᠭᠳᠠᠭᠠᠪᠠ᠃      ᠬᠤᠶᠠᠳᠣᠭᠠᠷ ᠵᠤᠷᠪᠣᠰ   ᠦᠪᠡᠷᠳᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠬᠦᠷᠢᠶ᠎ᠡ ᠬᠡᠪᠴᠢᠶᠡᠨ ᠳᠤ ᠪᠠᠭᠳᠠᠬᠤ ᠦᠨᠳᠦᠰᠦᠨ ᠱᠠᠳᠣᠨ ᠤ ᠶᠡᠷᠦᠩᠬᠡᠶᠢᠯᠡᠭᠰᠡᠨ  ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ ᠤᠨ ︵ᠰᠣᠮᠤ ᠰᠢᠶᠠᠩ  ᠪᠠᠯᠭᠠᠰᠣ ︵ᠵᠡᠭᠡᠯᠢ ᠭᠤᠳᠣᠮᠵᠢ︶ ᠶᠡᠷᠦᠩᠬᠡᠶᠢᠯᠡᠭᠰᠡᠨ ᠰᠣᠶᠣᠯ ᠤᠨ ᠦᠷᠲᠡᠭᠡ᠂ ᠭᠠᠴᠠᠭ᠎ᠠ ᠳᠣᠰᠬᠤᠨ ︵ᠨᠡᠶᠢᠬᠡᠮ ᠳᠣᠭᠤᠷᠢᠭ︶ ᠤ ᠶᠡᠷᠦᠩᠬᠡᠶᠢᠯᠡᠭᠰᠡᠨ ᠴᠢᠨᠠᠷᠲᠠᠢ ᠰᠣᠶᠣᠯ ᠤᠨ ᠦᠢᠯᠡᠴᠢᠯᠡᠭᠡᠨ ᠤ ᠲᠦᠪ︶ ᠲᠣᠰ ᠠᠷᠭ᠎ᠠ ᠶᠢ ᠬᠡᠷᠡᠭᠯᠡᠨ᠎ᠡ᠃      ᠭᠤᠷᠪᠠᠳᠣᠭᠠᠷ ᠵᠣᠷᠪᠣᠰ    ᠦᠨᠳᠦᠰᠦᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡ ᠶᠢ ᠦᠷᠨᠢᠭᠦᠯᠬᠦ ᠳᠤ ᠪᠠᠨ ᠨᠡᠶᠢᠬᠡᠮ ᠵᠢᠷᠤᠮᠳᠤ ᠦᠵᠡᠯ ᠤᠨ  ᠳᠠᠪᠰᠢᠩᠭᠤᠢ ᠰᠣᠶᠣᠯ ᠤᠨ ᠣᠷᠣᠭᠰᠢᠯᠡᠯᠳᠡ ᠶᠢᠨ ᠴᠢᠭᠯᠡᠯ ᠢ  ᠪᠠᠷᠢᠮᠲᠡᠯᠠᠬᠤ ᠬᠡᠷᠡᠭᠲᠡᠢ᠂ ᠠᠷᠠᠳ ᠲᠦᠮᠡᠨ ᠢᠶᠠᠷ ᠲᠦᠪ  ᠪᠣᠯᠭᠠᠬᠤ ᠶᠢ ᠪᠠᠷᠢᠮᠳᠡᠯᠡᠬᠤ ᠬᠡᠷᠡᠭᠳᠡᠢ᠂ ᠨᠡᠶᠢᠬᠡᠮ ᠵᠢᠷᠤᠮ ᠤᠨ  ᠦᠵᠡᠯ ᠰᠠᠨᠠᠭ᠎ᠠ ᠪᠠᠷ ᠭᠤᠤᠯ ᠪᠣᠯᠭᠠᠭᠰᠠᠨ ᠦᠷᠳᠡᠭ ᠤᠨ ᠦᠵᠡᠯᠳᠡ   ᠪᠠᠷ ᠣᠳᠣᠷᠢᠳᠣᠮᠵᠢ ᠪᠣᠯᠭᠠᠬᠤ ᠶᠢ ᠪᠠᠷᠢᠮᠳᠡᠯᠡᠵᠤ᠂ ᠦᠨᠳᠦᠰᠦᠨ ᠱᠠᠳᠣᠨ ᠤ ᠰᠣᠶᠣᠯ ᠤᠨ ᠪᠦᠳᠦᠭᠡᠨ ᠪᠠᠶᠢᠭᠤᠯᠣᠯᠳᠡ ᠶᠢᠨ ᠭᠤᠤᠯ ᠲᠠᠯᠠᠪᠣᠷ ᠪᠠ ᠣᠯᠠᠨ ᠨᠡᠶᠢᠳᠡ ᠳᠤ ᠬᠠᠩᠭᠠᠬᠤ ᠦᠢᠯᠡᠴᠢᠯᠡᠭᠡᠨ  ᠤ ᠲᠠᠪᠴᠠᠩ ᠪᠣᠯᠭᠠᠬᠤ ᠬᠡᠷᠡᠭᠲᠡᠢ᠂ ᠨᠠᠮ ᠪᠠ ᠲᠦᠷᠦ ᠶᠢᠨ ᠣᠯᠠᠨ ᠲᠦᠮᠡᠨ ᠲᠠᠢ ᠬᠠᠷᠢᠴᠠᠬᠤ᠂ ᠣᠯᠠᠨ ᠲᠦᠮᠡᠨ ᠳᠤ ᠦᠢᠯᠡᠴᠢᠯᠡᠬᠦ᠂ ᠣᠯᠠᠨ ᠲᠦᠮᠡᠨ   ᠳᠤ ᠣᠬᠠᠭᠤᠯᠬᠤ ᠬᠤᠯᠪᠣᠭᠠᠰᠣ ᠪᠣᠯᠣᠨ ᠬᠦᠭᠦᠷᠭᠡ ᠪᠣᠯᠭᠠᠬᠤ ᠬᠡᠷᠡᠭᠳᠡᠢ᠃       ᠲᠦᠷᠪᠡᠳᠦᠭᠡᠷ ᠵᠣᠷᠪᠣᠰ    ᠦᠨᠳᠦᠰᠦᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠤᠨ ᠪᠦᠳᠦᠭᠡᠨ ᠪᠠᠶᠢᠭᠤᠯᠣᠯᠳᠠ ᠪᠠ ᠬᠠᠮᠢᠶᠠᠷᠣᠯᠲᠠ ᠨᠢ ᠵᠠᠰᠠᠭ ᠤᠨ ᠣᠷᠳᠣᠨ ᠢᠶᠠᠷ ᠭᠤᠤᠯ ᠵᠢᠯᠣᠭᠤᠳᠣᠯᠭ᠎ᠠ ᠪᠣᠯᠭᠠᠨ᠂ ᠨᠢᠭᠡᠳᠦᠯᠳᠡᠢ ᠲᠦᠯᠦᠪᠯᠡᠨ᠂ ᠠᠬᠤᠢ ᠭᠠᠵᠠᠷ ᠲᠤ ᠨᠢ ᠵᠣᠬᠢᠴᠠᠭᠤᠯᠣᠨ᠂ ᠦᠷ᠎ᠡ ᠠᠰᠢᠭ ᠢ  ᠨᠢ ᠳᠣᠪᠣᠶᠢᠯᠭᠠᠨ᠂ ᠦᠭᠡᠷᠡᠴᠢᠯᠠᠯᠳᠠ ᠬᠢᠵᠤ᠂ ᠰᠢᠨ᠎ᠡ ᠶᠢ ᠡᠭᠦᠳᠦᠨ᠂ ᠠᠮᠢᠳᠣᠯᠢᠭ ᠬᠦᠴᠤᠨ ᠢ ᠨᠡᠮᠡᠭᠳᠡᠭᠦᠯᠬᠦ ᠵᠠᠷᠴᠢᠮ  ᠢ ᠪᠠᠷᠢᠮᠳᠡᠯᠡᠬᠤ ᠬᠡᠷᠡᠭᠳᠡᠢ᠃       ᠲᠠᠪᠣᠳᠣᠭᠠᠷ ᠵᠣᠷᠪᠣᠰ     ᠬᠤᠰᠢᠭᠤ ᠰᠢᠶᠠᠨ ︵ᠬᠤᠳᠠ ᠲᠣᠭᠤᠷᠢᠭ︶ ᠰᠣᠶᠣᠯ ᠰᠣᠨᠢᠨ ᠮᠡᠳᠡᠭᠡ ᠬᠡᠪᠯᠡᠯ ᠷᠠᠲᠢᠤ᠋ ᠲᠧᠯᠸᠢᠰ ᠤᠨ ᠰᠠᠯᠠᠭ᠎ᠠ ᠮᠦᠴᠢᠷ ᠤᠨ ᠬᠢᠨ ᠲᠣᠰ ᠵᠠᠰᠠᠭ ᠵᠠᠬᠢᠷᠭᠠᠨ ᠤ ᠬᠦᠷᠢᠶ᠎ᠡ  ᠬᠡᠪᠴᠢᠶᠡᠨ ᠳᠤ ᠬᠢ  ︵ᠰᠣᠮᠣ ᠰᠢᠶᠠᠩ  ᠪᠠᠯᠭᠠᠰᠣ︶ ᠭᠠᠴᠠᠭ᠎ᠠ ᠲᠣᠰᠬᠤᠨ ︵ᠨᠡᠶᠢᠬᠡᠮ ᠲᠣᠭᠤᠷᠢᠭ︶ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ ᠤᠨ ᠪᠦᠳᠦᠭᠡᠨ ᠪᠠᠶᠢᠭᠤᠯᠣᠯᠲᠠ᠂ ᠬᠡᠷᠡᠭᠯᠡᠯᠲᠡ ᠪᠠ ᠬᠠᠮᠢᠶᠠᠷᠣᠯᠲᠡ ᠶᠢ ᠬᠠᠷᠢᠭᠤᠴᠠᠨ ᠵᠢᠭᠠᠨ ᠵᠢᠯᠣᠭᠤᠳᠴᠤ᠂ ᠬᠢᠨᠠᠨ ᠰᠢᠯᠭᠠᠵᠣ ᠵᠢᠩᠬᠢᠨᠢ   ᠪᠠᠷ ᠦᠢᠯᠡᠳᠦᠯ   ᠢᠶᠠᠨ  ᠪᠠᠳᠠᠷᠠᠭᠤᠯᠵᠤ ᠴᠢᠳᠠᠬᠤ  ᠶᠢ ᠪᠠᠳᠤᠯᠠᠬᠤ ᠬᠡᠷᠡᠭᠳᠡᠢ᠃      ᠰᠣᠮᠣ ᠰᠢᠶᠠᠩ ᠪᠠᠯᠭᠠᠰᠣᠨ ᠤ ᠠᠷᠠᠳ ᠤᠨ ᠵᠠᠰᠠᠭ ᠤᠨ ᠤᠷᠳᠣᠨ᠂ ᠵᠠᠮ  ᠵᠡᠭᠡᠯᠢ ᠶᠢᠨ ᠬᠡᠷᠡᠭ ᠡᠷᠬᠢᠯᠡᠬᠦ ᠭᠠᠵᠠᠷ ︵ᠬᠠᠮᠢᠶᠠᠷᠣᠯᠳᠠ ᠶᠢᠨ ᠵᠦᠪᠯᠡᠯ︶ ᠬᠠᠷᠢᠭᠤᠴᠠᠨ᠂ ᠲᠣᠰ ᠬᠠᠷᠢᠶ᠎ᠠ ᠣᠷᠣᠨ ᠤ ᠪᠠᠨ ᠰᠣᠮᠣ ᠰᠢᠶᠠᠩ ᠪᠠᠯᠭᠠᠰᠣ ︵ᠵᠠᠮ ᠵᠡᠭᠡᠯᠢ︶᠂ ᠭᠠᠴᠠᠭ᠎ᠠ ᠲᠣᠰᠬᠤᠨ ︵ᠨᠡᠶᠢᠬᠡᠮ ᠲᠣᠭᠤᠷᠢᠭ︶ ᠤᠨ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ ᠤᠨ ᠡᠳᠦᠷ ᠲᠣᠳᠣᠮ ᠤᠨ ᠠᠵᠢᠯ   ᠤᠨ ᠡᠷᠭᠢᠯᠲᠡ ᠶᠢ ᠬᠠᠮᠢᠶᠠᠷᠬᠤ ᠪᠠ ᠰᠢᠯᠭᠠᠨ ᠦᠨᠡᠯᠡᠬᠦ ᠬᠡᠷᠡᠭᠳᠡᠢ᠃      ᠵᠢᠷᠭᠤᠳᠣᠭᠠᠷ ᠵᠣᠷᠪᠣᠰ     ᠬᠤᠰᠢᠭᠤ ᠰᠢᠶᠠᠨ ︵ᠬᠤᠳᠠ ᠲᠣᠭᠤᠷᠢᠭ︶   ᠤ ᠰᠣᠶᠣᠯ ᠤᠨ ᠣᠷᠳᠣᠨ᠂ ᠨᠣᠮ  ᠤᠨ ᠰᠠᠩ ᠵᠡᠷᠭᠡ ᠬᠠᠮᠢᠶ᠎ᠠ ᠪᠦᠬᠦᠢ ᠰᠣᠶᠣᠯ ᠤᠨ ᠪᠠᠶᠢᠭᠤᠯᠭ᠎ᠠ ᠬᠠᠷᠢᠭᠤᠴᠠᠨ᠂ ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠲᠤ ᠬᠠᠷᠠᠭᠠᠯᠵᠠᠭᠰᠠᠨ ᠵᠢᠭᠠᠨ ᠰᠣᠷᠭᠠᠯᠲᠠ ᠪᠠ ᠵᠢᠯᠣᠭᠤᠳᠣᠯᠭ᠎ᠠ ᠪᠣᠯᠪᠠᠰᠣᠷᠠᠯ ᠢ ᠦᠷᠨᠢᠭᠦᠯᠬᠦ ᠬᠡᠷᠡᠭᠳᠡᠢ᠃ᠬᠤᠶᠠᠳᠣᠭᠠᠷ ᠪᠦᠯᠦᠭ     ᠲᠦᠯᠦᠪᠯᠡᠭᠡ ᠪᠣᠯᠣᠨ ᠪᠦᠳᠦᠭᠡᠨ ᠪᠠᠶᠢᠭᠤᠯᠣᠯᠲᠠ       ᠳᠣᠯᠣᠳᠣᠭᠠᠷ ᠵᠣᠷᠪᠣᠰ      ᠠᠶᠢᠮᠠᠭ ᠬᠤᠳᠠ᠂ ᠬᠤᠰᠢᠭᠤ ᠰᠢᠶᠠᠨ ᠤ ᠵᠠᠰᠠᠭ ᠤᠨ ᠣᠷᠳᠣᠨ ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠤᠨ ᠪᠦᠳᠦᠭᠡᠨ ᠪᠠᠶᠢᠭᠤᠯᠣᠯᠳᠠ ᠪᠣᠯᠣᠨ ᠬᠠᠮᠢᠶᠠᠷᠣᠯᠳᠠ   ᠶᠢ ᠳᠣᠬᠠᠢ ᠶᠢᠨ ᠭᠠᠵᠠᠷ ᠤᠨ ᠢᠶᠠᠨ ᠣᠯᠣᠰ ᠠᠷᠠᠳ ᠤᠨ ᠠᠵᠣ ᠠᠬᠤᠢ ᠪᠠ ᠨᠡᠶᠢᠬᠡᠮ ᠤᠨ ᠭᠦᠭᠵᠢᠭᠦᠯᠦᠯᠲᠡ ᠶᠢᠨ ᠲᠦᠯᠦᠪᠯᠡᠭᠡᠨ ᠳᠤ ᠣᠷᠣᠭᠤᠯᠵᠣ᠂ ᠪᠦᠳᠦᠭᠡᠨ ᠪᠠᠶᠢᠭᠤᠯᠣᠯᠳᠠ ᠪᠠ ᠬᠠᠮᠢᠶᠠᠷᠣᠯᠲᠠ ᠳᠤ ᠬᠡᠷᠡᠭᠯᠡᠬᠦ ᠵᠣᠬᠢᠰᠳᠡᠢ  ᠵᠠᠷᠣᠳᠠᠯ ᠢ ᠲᠣᠰ ᠣᠳᠠᠭᠠᠨ ᠤ ᠡᠳ᠋ ᠶᠢᠨ ᠵᠠᠰᠠᠭ ᠤᠨ ᠲᠦᠰᠦᠪ ᠲᠤ ᠪᠠᠨ ᠣᠷᠣᠭᠤᠯᠪᠠᠯ ᠵᠣᠬᠢᠨ᠎ᠠ᠄ ᠪᠦᠳᠦᠭᠡᠨ ᠪᠠᠶᠢᠭᠤᠯᠣᠲᠠ ᠶᠢᠨ  ᠬᠦᠷᠢᠶ᠎ᠡ ᠬᠡᠪᠴᠢᠶ᠎ᠡ ᠨᠢ ᠣᠯᠣᠰ ᠤᠨ ᠬᠠᠮᠢᠶ᠎ᠠ  ᠪᠦᠬᠦᠢ ᠲᠣᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠳᠡᠢ᠃      ᠡᠯ᠎ᠡ ᠱᠠᠳᠣᠨ ᠤ ᠠᠷᠠᠳ ᠤᠨ ᠵᠠᠰᠠᠭ ᠤᠨ ᠣᠷᠳᠣᠨ ᠬᠢᠯᠢ ᠭᠢᠵᠠᠭᠠᠷ᠂ ᠪᠣᠶᠢᠳᠡ ᠪᠦᠭᠯᠡᠭᠦᠤ ᠭᠠᠵᠠᠷ ᠣᠷᠣᠨ  ᠤ ᠦᠨᠳᠦᠰᠦᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ ᠤᠨ ᠪᠦᠳᠦᠭᠡᠨ ᠪᠠᠶᠢᠭᠤᠯᠣᠯᠳᠠ ᠳᠤ ᠭᠤᠤᠯᠳᠠᠯᠭ᠎ᠠ ᠲᠠᠢ  ᠳᠡᠮᠵᠢᠯᠭᠡ ᠦᠵᠡᠭᠦᠯᠪᠡᠯ ᠳᠠᠭᠠᠷᠠᠨ᠎ᠠ᠃     ᠨᠠᠢᠮᠠᠳᠣᠭᠠᠷ ᠵᠣᠷᠪᠣᠰ    ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠴᠢᠯᠡᠭᠡᠨ ᠤ ᠲᠦᠪ ᠢ ᠵᠠᠮ ᠬᠠᠷᠢᠯᠴᠠᠭ᠎ᠠ ᠲᠦᠭᠦᠮ᠂ ᠬᠦᠮᠦᠨ ᠠᠮᠠ ᠲᠦᠪᠯᠡᠷᠡᠩᠭᠦᠢ᠂ ᠤᠯᠠᠨ ᠲᠦᠮᠡᠨ ᠤ ᠣᠷᠣᠯᠴᠠᠬᠤ  ᠭᠢᠭᠡᠳ ᠠᠵᠢᠯᠯᠠᠭ᠎ᠠ ᠦᠷᠨᠢᠭᠦᠯᠬᠦ ᠳᠤ ᠳᠦᠭᠦᠮ ᠭᠠᠵᠠᠷ ᠣᠷᠣᠨ ᠳᠤ ᠪᠠᠶᠢᠷᠢᠯᠠᠭᠤᠯᠪᠠᠯ ᠳᠠᠭᠠᠷᠠᠨ᠎ᠠ᠂ ᠶᠡᠷᠤ ᠶᠢᠨ ᠪᠠᠶᠢᠳᠠᠯ ᠳᠣᠣᠷ᠎ᠠ ᠰᠣᠮᠣ ᠰᠢᠶᠠᠩ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠯᠠᠬᠤ ᠭᠠᠵᠠᠷ ᠤᠨ ᠳᠣᠳᠣᠷ᠎ᠠ ᠪᠠᠶᠢᠭᠤᠯᠵᠣ ᠪᠣᠯᠬᠤ ᠦᠭᠡᠢ᠃      ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ   ᠢ ᠪᠠᠶᠢᠷᠢᠯᠠᠭᠤᠯᠬᠤ ᠭᠠᠵᠠᠷ᠂ ᠴᠤᠭᠴᠠᠯᠠᠪᠣᠷᠢ ᠶᠢᠨ ᠵᠢᠷᠤᠭ ᠲᠦᠯᠦᠪᠯᠡᠭᠡ᠂ ᠦᠢᠯᠡᠳᠦᠯ ᠴᠢᠳᠠᠪᠬᠢ ᠵᠡᠷᠭᠡ ᠶᠢᠨ ᠲᠣᠬᠢᠷᠠᠭᠤᠯᠣᠯᠲᠠ   ᠨᠢ ᠬᠤᠰᠢᠭᠤ ᠰᠢᠶᠠᠨ ᠤ ᠲᠡᠰ ᠤᠨ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ  ᠬᠢᠨ   ᠤ ᠵᠦᠪᠰᠢᠶᠡᠷᠡᠯ ᠢ ᠣᠯᠣᠭᠰᠠᠨ ᠪᠠᠶᠢᠬᠤ ᠬᠡᠷᠡᠭᠳᠡᠢ᠃      ᠶᠢᠰᠣᠳᠦᠭᠡᠷ ᠵᠣᠷᠪᠣᠰ    ᠰᠣᠮᠣ ᠰᠢᠶᠠᠩ ᠪᠠᠯᠭᠠᠰᠣ ︵ᠵᠡᠭᠡᠯᠢ ᠭᠤᠳᠣᠮᠵᠢ︶ ᠶᠢᠨ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ   ᠲᠤ ᠰᠣᠶᠣᠯ ᠤᠨ ᠣᠬᠠᠭᠤᠯᠭ᠎ᠠ᠂ ᠷᠠᠲᠢᠤ᠋ ᠲᠧᠯᠸᠢᠰ ᠺᠢᠨᠤ᠋᠂ ᠨᠠᠮ  ᠤᠨ ᠭᠡᠰᠢᠭᠦᠳ ᠤᠨ ᠰᠣᠷᠭᠠᠨ ᠬᠦᠮᠦᠵᠢᠯ᠂ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ᠂ ᠬᠠᠤᠯᠢ ᠶᠢᠨ ᠰᠣᠷᠭᠠᠨ ᠬᠦᠮᠦᠵᠢᠯ ᠪᠣᠯᠣᠨ ᠲᠠᠮᠢᠷ ᠡᠷᠡᠭᠦᠯᠵᠢᠯ   ᠤᠨ ᠴᠢᠳᠠᠪᠬᠢ   ᠶᠢ  ᠪᠦᠷᠢᠨᠰᠢᠭᠦᠯᠦᠭᠰᠡᠨ ᠪᠠᠶᠢᠬᠤ ᠬᠡᠷᠡᠭᠳᠡᠢ᠃      ᠠᠷᠪᠠᠳᠣᠭᠠᠷ ᠵᠣᠷᠪᠣᠰ    ᠰᠣᠮᠣ ᠰᠢᠶᠠᠩ ᠪᠠᠯᠭᠠᠰᠣᠨ ︵ᠵᠡᠭᠡᠯᠢ ᠭᠤᠳᠣᠮᠵᠢ︶ ᠤ ᠶᠡᠷᠦᠩᠬᠡᠶᠢᠯᠡᠭᠰᠡᠨ ᠴᠢᠨᠠᠷᠲᠡᠢ ᠰᠣᠶᠣᠯ ᠤᠨ ᠦᠢᠯᠡᠴᠢᠯᠡᠭᠡᠨ ᠤ ᠲᠦᠪ ᠤᠨ ᠪᠠᠷᠢᠯᠭ᠎ᠠ ᠶᠢᠨ ᠬᠡᠮᠵᠢᠶ᠎ᠡ 300 ᠳᠡᠭᠰᠢ ᠲᠦᠷᠪᠡᠯᠵᠢᠨ ᠮᠧᠲᠷ  ᠠᠴᠠ ᠪᠠᠭ᠎ᠠ ᠪᠠᠶᠢᠵᠣ ᠪᠣᠯᠬᠤ ᠦᠭᠡᠢ᠂ ᠭᠠᠴᠠᠭ᠎ᠠ ᠳᠣᠰᠬᠤᠨ ︵ᠨᠡᠶᠢᠬᠡᠮ ᠳᠣᠭᠤᠷᠢᠭ︶ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ   ᠤᠨ ᠦᠢᠯᠡᠴᠢᠯᠡᠭᠡᠨ ᠤ ᠲᠦᠪ ᠤᠨ ᠪᠠᠷᠢᠯᠭ᠎ᠠ ᠶᠢᠨ ᠬᠡᠮᠵᠢᠶ᠎ᠡ 120 ᠳᠡᠭᠰᠢ ᠳᠦᠷᠪᠡᠯᠵᠢᠨ ᠮᠧᠲᠷ  ᠠᠴᠠ ᠪᠠᠭ᠎ᠠ ᠪᠠᠶᠢᠵᠣ ᠪᠣᠯᠬᠤ ᠦᠭᠡᠢ  ᠃      ᠠᠷᠪᠠᠨ ᠨᠢᠭᠡᠳᠦᠭᠡᠷ  ᠵᠣᠷᠪᠣᠰ    ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ ᠲᠤ ᠪᠠᠭ᠎ᠠ ᠬᠡᠮᠵᠢᠶᠡᠨ ᠤ ᠪᠦᠵᠢᠭ ᠤᠨ ᠲᠠᠪᠴᠠᠩ  ᠂ ᠪᠠᠭ᠎ᠠ  ᠬᠡᠮᠵᠢᠶᠡᠨ ᠤ ᠠᠭᠤᠳᠠᠮ ᠳᠠᠯᠠᠪᠠᠢ ᠲᠣᠬᠢᠷᠠᠭᠤᠯᠣᠭᠰᠠᠨ ᠪᠠᠶᠢᠬᠤ ᠬᠡᠷᠡᠭᠳᠡᠢ᠂  ᠪᠠᠭ᠎ᠠ ᠬᠡᠮᠵᠢᠶᠡᠨ ᠤ ᠪᠦᠵᠢᠭ ᠤᠨ ᠳᠠᠪᠴᠠᠩ ᠨᠢ140 ᠲᠡᠭᠰᠢ ᠲᠦᠷᠪᠡᠯᠵᠢᠨ ᠮᠧᠲᠷ᠂ ᠰᠣᠮᠣ ᠰᠢᠶᠠᠩ ᠪᠠᠯᠭᠠᠰᠣ᠂ ᠭᠠᠴᠠᠭ᠎ᠠ ᠳᠣᠰᠬᠤᠨ ᠤ  ᠪᠠᠭ᠎ᠠ ᠬᠡᠮᠵᠢᠶᠡᠨ ᠤ ᠠᠭᠤᠳᠠᠮ ᠳᠠᠯᠠᠪᠠᠢ ᠶᠢᠨ  ᠬᠠᠲᠠᠭᠤᠷᠠᠭᠤᠯᠣᠯᠳᠠ ᠶᠢᠨ ᠬᠡᠮᠵᠢᠶ᠎ᠡ ᠨᠢ 600 ᠲᠡᠭᠰᠢ ᠳᠦᠷᠪᠡᠯᠵᠢᠨ ᠮᠧᠲᠷ᠂  ᠵᠠᠮ ᠵᠡᠭᠡᠯᠢ ᠨᠡᠶᠢᠬᠡᠮ ᠳᠣᠭᠤᠷᠢᠭ ᠤᠨ ᠪᠠᠭ᠎ᠠ ᠬᠡᠮᠵᠢᠶᠡᠨ ᠤ ᠠᠭᠤᠳᠠᠮ ᠳᠠᠯᠠᠪᠠᠢ   ᠶᠢᠨ ᠬᠠᠲᠠᠭᠤᠷᠠᠭᠤᠯᠣᠯᠳᠠ ᠶᠢᠨ ᠬᠡᠮᠵᠢᠶ᠎ᠡ ᠨᠢ 400 ᠲᠡᠭᠰᠢ ᠲᠦᠷᠪᠡᠯᠵᠢᠨ ᠮᠧᠲᠷ ᠠᠴᠠ ᠪᠠᠭ᠎ᠠ ᠪᠠᠶᠢᠵᠣ ᠪᠣᠯᠬᠤ ᠦᠭᠡᠢ᠃     ᠠᠷᠪᠠᠨ ᠬᠤᠶᠠᠳᠣᠭᠠᠷ ᠵᠣᠷᠪᠣᠰ     ᠪᠠᠭ᠎ᠠ ᠬᠡᠮᠵᠢᠶᠡᠨ ᠤ ᠠᠭᠤᠳᠠᠮ ᠳᠠᠯᠠᠪᠠᠢ ᠳᠤ ᠰᠢᠨᠵᠢᠯᠡᠬᠦ ᠣᠬᠠᠭᠠᠨ ᠤ ᠲᠦᠭᠡᠮᠡᠯᠵᠢᠯ᠂ ᠰᠣᠶᠣᠯ  ᠣᠬᠠᠭᠤᠯᠭ᠎ᠠ ᠶᠢᠨ ᠰᠠᠮᠪᠠᠷ᠎ᠠ᠂ ᠰᠣᠨᠢᠨ  ᠣᠩᠰᠢᠯᠭ᠎ᠠ ᠶᠢᠨ ᠰᠠᠮᠪᠠᠷ᠎ᠠ ︵ᠡᠯᠧᠺᠡᠲᠷᠣᠨ ᠰᠣᠨᠢᠨ  ᠣᠩᠰᠢᠯᠭ᠎ᠠ ᠶᠢᠨ ᠳᠡᠯᠭᠡᠴᠡ︶᠂ ᠨᠡᠶᠢᠲᠡ ᠶᠢᠨ ᠦᠢᠯᠡᠴᠢᠯᠡᠭᠡᠨ ᠤ ᠵᠠᠷ ᠮᠡᠳᠡᠭᠡ ᠶᠢᠨ ᠰᠠᠮᠪᠠᠷ᠎ᠠ᠂ ᠲᠠᠮᠢᠷ ᠡᠷᠡᠭᠦᠯᠵᠢᠯ ᠤᠨ ᠲᠦᠬᠦᠭᠡᠷᠣᠮᠵᠢ ᠪᠣᠯᠣᠨ ᠭᠡᠷᠡᠯᠲᠦᠭᠦᠯᠭᠡ ᠶᠢᠨ ᠲᠦᠬᠦᠭᠡᠷᠤᠮᠵᠢ ᠵᠡᠷᠭᠡ ᠶᠢ ᠲᠣᠬᠢᠷᠠᠭᠤᠯᠬᠤ ᠬᠡᠷᠡᠭᠳᠡᠢ᠃     ᠠᠷᠪᠠᠨ ᠭᠤᠷᠪᠠᠳᠣᠭᠠᠷ ᠵᠣᠷᠪᠣᠰ     ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠲᠡᠢ ᠰᠣᠶᠣᠯ ᠤᠨ ᠦᠢᠯᠡᠴᠢᠯᠡᠭᠡᠨ ᠤ ᠲᠦᠪ   ᠲᠤ ᠨᠣᠮ ᠣᠩᠰᠢᠯᠭ᠎ᠠ ᠶᠢᠨ ᠲᠠᠰᠤᠭ ︵ᠳᠠᠯ᠎ᠠ ᠨᠣᠳᠤᠭ ᠤᠨ ᠨᠣᠮ ᠤᠨ ᠦᠷᠦᠭᠡ︶᠂ ᠴᠠᠬᠢᠯᠭᠠᠨᠴᠢᠯᠠᠭᠰᠠᠨ ᠣᠩᠰᠢᠯᠭ᠎ᠠ ᠶᠢᠨ ᠲᠠᠰᠤᠭ᠂ ᠰᠣᠶᠣᠯ ᠲᠠᠮᠢᠷ ᠤᠨ ᠬᠦᠳᠡᠯᠭᠡᠭᠡᠨ ᠤ ᠲᠠᠰᠤᠭ᠂ ᠺᠢᠨᠤ᠋  ᠭᠠᠷᠭᠠᠬᠤ ᠲᠣᠭᠲᠠᠭᠰᠠᠨ ᠲᠠᠯᠠᠪᠠᠢ ︵ ᠴᠡᠭ︶᠂ ᠷᠠᠳᠢᠤ᠋ ᠨᠡᠪᠲᠡᠷᠡᠭᠦᠯᠭᠡ ᠶᠢᠨ ᠲᠠᠰᠤᠭ᠂ ᠷᠠᠳᠢᠣ᠋  ᠲᠧᠯᠸᠢᠰ   ᠢ ᠡᠷᠦᠬᠡ ᠪᠣᠯᠭᠠᠨ  ᠳᠤ ᠨᠡᠪᠳᠡᠷᠡᠭᠦᠯᠬᠦ ᠦᠢᠯᠡᠴᠢᠯᠡᠭᠡᠨ ᠤ ᠲᠦᠪ ︵ᠬᠠᠷᠢᠯᠴᠠᠬᠤ ᠴᠡᠭ︶᠂ ᠣᠯᠠᠨ ᠴᠢᠳᠠᠪᠬᠢᠳᠦ ᠲᠢᠩᠬᠢᠮ ᠵᠡᠷᠭᠡ ᠳᠣᠨᠤᠭ ᠲᠦᠬᠦᠭᠡᠷᠤᠮᠵᠢ ᠶᠢ ᠳᠣᠬᠢᠷᠠᠭᠤᠯᠵᠤ᠂ ᠨᠣᠮ ᠪᠢᠴᠢᠭ᠂ ᠺᠣᠮᠫᠢᠦ᠋ᠲᠷ᠂ ᠷᠠᠳᠢᠤ᠋ ᠨᠡᠪᠳᠡᠷᠡᠭᠦᠯᠭᠡ ᠶᠢᠨ ᠮᠠᠰᠢᠨ ᠲᠣᠨᠣᠭᠯᠠᠯ᠂ ᠷᠠᠳᠢᠣ᠋ ᠲᠧᠯᠸᠢᠰ ᠤᠨ ᠲᠦᠬᠦᠭᠡᠷᠤᠮᠵᠢ   ᠶᠢ ᠰᠡᠯᠪᠢᠨ ᠵᠠᠰᠠᠬᠤ ᠪᠠᠭᠠᠵᠢ ᠬᠡᠷᠡᠭᠰᠡᠯ᠂ ᠳᠠᠭᠤ ᠲᠣᠮᠣᠷᠠᠭᠤᠯᠣᠭᠴᠢ᠂ ᠬᠦᠭᠵᠢᠮ ᠵᠡᠷᠭᠡ ᠬᠡᠷᠡᠭᠴᠡᠭᠡ ᠲᠠᠢ ᠵᠦᠢᠯᠡᠰ ᠢ ᠳᠣᠬᠢᠷᠠᠭᠤᠯᠬᠤ ᠬᠡᠷᠡᠭᠳᠡᠢ ᠮᠦᠷᠳᠡᠭᠡᠨ ᠳᠠᠭᠠᠤ ᠳᠤ ᠨᠢ ᠰᠢᠨᠡᠴᠢᠯᠡᠬᠦ᠂ ᠲᠡᠭᠦᠯᠳᠡᠷᠵᠢᠬᠦᠯᠬᠦ ᠠᠵᠢᠯ ᠢ ᠬᠢᠬᠦ ᠬᠡᠷᠡᠭᠳᠡᠢ᠃      ᠠᠷᠪᠠᠨ ᠲᠦᠷᠪᠡᠳᠦᠭᠡᠷ ᠵᠣᠷᠪᠣᠰ     ᠰᠣᠶᠣᠯ ᠤᠨ ᠣᠷᠳᠣᠨ ᠤ ᠪᠡᠯᠡᠳᠭᠡᠮᠵᠢ ᠲᠦᠬᠦᠭᠡᠷᠤᠮᠵᠢ  ᠪᠠ  ᠲᠣᠨᠤᠭ ᠲᠦᠬᠦᠭᠡᠷᠤᠮᠵᠢ ᠶᠢ ᠣᠯᠣᠰ ᠤᠨ ᠬᠠᠮᠢᠶᠠᠳᠠᠢ ᠲᠣᠭᠳᠠᠭᠠᠯ ᠢᠶᠠᠷ ᠬᠡᠷᠡᠭᠵᠢᠭᠦᠯᠵᠤ᠂  ᠡᠳ᠋ ᠬᠦᠷᠦᠩᠭᠡ ᠶᠢᠨ ᠳᠠᠩᠰᠠᠯᠠᠯ ᠵᠢᠴᠢ ᠬᠠᠮᠢᠶ᠎ᠡ ᠪᠦᠬᠦᠢ ᠭᠠᠷ ᠭᠦᠢᠴᠡᠳᠭᠡᠯ ᠬᠢᠵᠤ᠂ ᠬᠠᠤᠯᠢ ᠪᠠᠷ ᠬᠠᠮᠢᠶᠠᠷᠴᠤ᠂ ᠣᠯᠣᠰ ᠤᠨ ᠡᠳ᠋ ᠬᠦᠷᠦᠩᠭᠡ ᠶᠢᠨ ᠠᠮᠣᠷ ᠲᠦᠪᠰᠢᠨ ᠢ ᠪᠠᠳᠣᠯᠠᠨ᠂ ᠪᠦᠷᠢᠨ ᠳᠡᠭᠦᠯᠳᠡᠷ ᠪᠠ ᠦᠷ᠎ᠡ ᠠᠰᠢᠭ ᠲᠠᠢ ᠪᠠᠷ ᠬᠡᠷᠡᠭᠯᠡᠬᠦ ᠬᠡᠷᠡᠭᠳᠡᠢ᠃      ᠠᠷᠪᠠᠨ ᠳᠠᠪᠣᠳᠣᠭᠠᠷ ᠵᠣᠷᠪᠣᠰ      ᠬᠡᠷᠪᠡ  ᠪᠦᠳᠦᠭᠡᠨ ᠪᠠᠶᠢᠭᠤᠯᠣᠯᠲᠠ ᠶᠢᠨ ᠲᠦᠯᠦᠪᠯᠡᠭᠡ ᠪᠠᠷ ᠦᠨᠳᠦᠰᠤᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠢ ᠨᠣᠷᠠᠭᠠᠬᠤ ᠪᠣᠶᠣ ᠴᠢᠳᠠᠪᠬᠢ᠂ ᠬᠡᠷᠡᠭᠴᠡᠭᠡ ᠶᠢ ᠨᠢ ᠦᠭᠡᠷᠡᠴᠢᠯᠡᠬᠦ  ᠭᠡᠪᠡᠯ ᠣᠯᠣᠰ ᠤᠨ ᠬᠠᠮᠢᠶ᠎ᠡ ᠪᠦᠬᠦᠢ ᠬᠠᠤᠯᠢ ᠲᠦᠷᠢᠮ ᠤᠨ ᠲᠣᠭᠳᠠᠭᠠᠯ ᠢᠶᠠᠷ ᠭᠠᠵᠠᠷ ᠰᠣᠩᠭᠤᠨ ᠳᠠᠬᠢᠨ ᠪᠠᠶᠢᠭᠤᠯᠬᠤ ᠬᠡᠷᠡᠭᠳᠡᠢ᠃ ᠳᠣᠬᠠᠢ ᠶᠢᠨ ᠭᠠᠵᠠᠷ ᠤᠨ ᠠᠷᠠᠳ ᠤᠨ ᠵᠠᠰᠠᠭ  ᠤᠨ ᠣᠷᠳᠣᠨ ᠨᠢ ᠰᠢᠢᠳᠪᠣᠷᠢ ᠭᠠᠷᠭᠠᠬᠤ ᠠᠴᠠ ᠪᠠᠨ ᠡᠮᠦᠨ᠎ᠡ ᠵᠠᠪᠠᠯ ᠣᠯᠠᠨ ᠲᠦᠮᠡᠨ ᠤ ᠰᠠᠨᠠᠯ ᠢ ᠦᠷᠭᠡᠨ ᠢᠶᠠᠷ ᠰᠣᠨᠣᠰᠴᠤ᠂ ᠳᠡᠷᠡᠴᠢᠯᠡᠨ ᠬᠤᠰᠢᠭᠤ ᠰᠢᠶᠠᠨ ᠤ ᠲᠡᠰ ᠤᠨ ᠰᠣᠶᠣᠯ ᠤᠨ ᠵᠠᠰᠠᠭ ᠵᠠᠬᠢᠷᠭᠠᠨ ᠤ  ᠵᠦᠪᠰᠢᠶᠡᠷᠡᠯ ᠢ  ᠣᠯᠣᠭᠠᠳ᠂ ᠬᠤᠰᠢᠭᠤ ᠰᠢᠶᠠᠨ ᠤ ᠲᠡᠰ ᠤᠨ ᠵᠠᠰᠠᠭ ᠤᠨ ᠣᠷᠳᠣᠨ ᠳᠤ ᠮᠡᠳᠡᠭᠦᠯᠦᠨ ᠵᠦᠪᠰᠢᠶᠡᠷᠡᠭᠦᠯᠬᠦ ᠬᠡᠷᠡᠭᠳᠡᠢ᠃   ᠭᠤᠷᠪᠠᠳᠣᠭᠠᠷ ᠪᠦᠯᠦᠭ        ᠡᠭᠦᠷᠭᠡ ᠴᠢᠳᠠᠪᠬᠢ ᠪᠠ ᠦᠢᠯᠡᠴᠢᠯᠡᠭᠡ      ᠠᠷᠪᠠᠨ  ᠵᠢᠷᠭᠤᠳᠣᠭᠠᠷ ᠵᠣᠷᠪᠣᠰ    ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ ᠡᠬᠢ ᠪᠠᠶᠠᠯᠢᠭ ᠶᠢᠨ ᠳᠣᠬᠢᠷᠠᠭᠤᠯᠣᠯᠲᠡ ᠪᠠᠨ ᠴᠢᠩᠭᠠᠳᠬᠠᠵᠣ᠂  ᠪᠦᠷᠢᠨ ᠳᠡᠭᠦᠯᠳᠡᠷ ᠤᠯᠠᠨ ᠨᠡᠶᠢᠳᠡ ᠶᠢᠨ ᠰᠣᠶᠣᠯ ᠤᠨ ᠦᠢᠯᠡᠴᠢᠯᠡᠭᠡᠨ ᠤ ᠲᠣᠤᠷ ᠰᠦᠯᠵᠢᠶ᠎ᠡ ᠶᠢ ᠴᠤᠭᠴᠠᠯᠠᠨ᠂ ᠨᠢᠭᠡᠳᠦᠯᠳᠡᠢ ᠲᠦᠯᠦᠪᠵᠢᠭᠦᠯᠦᠨ ᠦᠢᠯᠡᠴᠢᠯᠡᠬᠦ ᠴᠢᠳᠠᠪᠣᠷᠢ ᠪᠠᠨ ᠭᠦᠢᠴᠡᠳ ᠪᠠᠳᠠᠷᠠᠭᠤᠯᠣᠨ᠂ ᠨᠡᠶᠢᠳᠡ ᠣᠯᠡᠨ ᠳᠤ ᠲᠦᠷᠦ ᠶᠢᠨ ᠪᠣᠳᠣᠯᠭ᠎ᠠ ᠶᠢᠨ ᠤᠬᠠᠭᠤᠯᠭ᠎ᠠ᠂ ᠨᠣᠮ ᠰᠣᠨᠢᠨ ᠤ ᠣᠩᠰᠢᠯᠭ᠎ᠠ᠂ ᠺᠢᠨᠤ᠋ ᠲᠧᠯᠸᠢᠰ ᠤᠨ ᠰᠣᠨᠢᠷᠬᠠᠯ᠂ ᠰᠢ ᠵᠦᠴᠣᠭᠡ ᠶᠢᠨ ᠲᠣᠭᠯᠠᠯᠲᠠ᠂ ᠬᠠᠤᠯᠢ ᠶᠢᠨ ᠲᠦᠭᠡᠮᠡᠯᠵᠢᠭᠦᠯᠦᠯᠲᠡ ᠶᠢᠨ ᠰᠣᠷᠭᠠᠨ ᠬᠦᠮᠦᠵᠢᠯ᠂ ᠣᠷᠠᠯᠢᠭ ᠤᠨ ᠲᠦᠭᠡᠮᠡᠯᠵᠢᠭᠦᠯᠣᠯ᠂ ᠷᠠᠳᠢᠤ᠋ ᠨᠡᠪᠳᠡᠷᠡᠭᠦᠯᠭᠡ᠂ ᠳᠣᠤᠷ ᠰᠦᠯᠵᠢᠶ᠎ᠡ ᠳᠤ ᠭᠠᠷᠬᠤ  ᠪᠠ  ᠤᠠᠯᠠᠨ ᠲᠦᠮᠡᠨᠴᠢ ᠴᠢᠨᠠᠷᠳᠡᠢ ᠰᠣᠶᠣᠯ ᠲᠠᠮᠢᠷ ᠤᠨ ᠬᠦᠳᠡᠯᠭᠡᠭᠡᠨ ᠵᠡᠷᠭᠡ ᠤᠯᠠᠨ ᠨᠡᠶᠢᠳᠡ ᠶᠢᠨ ᠰᠣᠶᠣᠯ ᠤᠨ ᠦᠢᠯᠡᠴᠢᠯᠡᠭᠡ ᠶᠢ ᠬᠠᠩᠭᠠᠨ᠂ ᠲᠡᠷᠡᠴᠢᠯᠡᠨ ᠴᠢᠳᠠᠪᠬᠢ ᠶᠢᠨ ᠣᠨᠴᠠᠯᠢᠭ ᠢᠶᠠᠨ ᠦᠨᠳᠦᠰᠦᠯᠡᠵᠤ᠂ ᠲᠣᠬᠠᠢ ᠶᠢᠨ ᠭᠠᠵᠠᠷ ᠲᠤ   ᠪᠠᠨ ᠵᠣᠬᠢᠴᠠᠭᠤᠯᠣᠨ᠂ ᠪᠣᠰᠣᠳ ᠲᠦᠷᠦᠯ ᠤᠨ ᠤᠯᠠᠨ ᠨᠡᠶᠢᠳᠡ ᠶᠢᠨ ᠰᠣᠶᠣᠯ ᠤᠨ ᠦᠢᠯᠡᠴᠢᠯᠡᠭᠡ ᠶᠢ ᠬᠠᠩᠭᠠᠵᠣ ᠪᠠᠶᠢᠬᠤ ᠬᠡᠷᠡᠭᠳᠡᠢ᠃      ᠠᠷᠪᠠᠨ ᠳᠣᠯᠣᠳᠣᠭᠠᠷ ᠵᠣᠷᠪᠣᠰ      ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ  ᠦᠢᠯᠡᠴᠢᠯᠡᠭᠡᠨ ᠤ ᠲᠦᠪ ᠤᠨ ᠦᠢᠯᠡᠴᠢᠯᠡᠭᠡᠨ ᠤ ᠠᠷᠭ᠎ᠠ  ᠪᠠ ᠠᠭᠤᠯᠭ᠎ᠠ   ᠨᠢ ᠭᠤᠤᠯᠳᠠᠭᠤ ᠳᠣᠤᠷᠠᠬᠢ ᠬᠡᠳᠣᠨ ᠲᠠᠯ᠎ᠠ ᠶᠢ ᠪᠠᠭᠲᠠᠭᠠᠨ᠎ᠠ᠄      ︵ᠨᠢᠭᠡ︶ ᠡᠯ᠎ᠡ ᠲᠦᠷᠦᠯ ᠤᠨ ᠦᠵᠡᠰᠭᠦᠯᠡᠩ ᠢ ᠭᠠᠷᠭᠠᠬᠤ᠂ ᠪᠣᠯᠪᠠᠰᠣᠷᠠᠯ ᠬᠢᠴᠢᠶᠡᠯᠡᠯᠭᠡ ᠬᠢᠬᠦ᠂ ᠰᠣᠶᠣᠯ ᠰᠢᠨᠵᠢᠯᠡᠬᠦ ᠣᠬᠠᠭᠠᠨ ᠢ ᠲᠦᠭᠡᠮᠡᠯᠵᠢᠬᠦᠯᠬᠦ᠂ ᠰᠣᠷᠠᠭ ᠵᠠᠩᠬᠢ ᠶᠢᠨ ᠦᠢᠯᠡᠴᠢᠯᠡᠭᠡ  ᠬᠠᠩᠭᠠᠬᠤ᠂ ᠣᠯᠠᠨ ᠲᠦᠮᠡᠨ ᠤ ᠭᠤᠸ᠎ᠠ ᠰᠠᠶᠢᠬᠠᠨ᠂ ᠪᠠᠶᠠᠷ ᠴᠡᠩᠭᠡᠯ᠂ ᠡᠷᠳᠡᠮ ᠮᠡᠳᠡᠯᠭᠡ᠂  ᠪᠠᠶᠠᠵᠢᠯ ᠴᠢᠨᠡᠭᠡᠯᠢᠭᠵᠢᠯ   ᠤᠨ ᠬᠦᠭᠡᠭᠡᠴᠡᠯᠳᠦᠯ ᠤᠨ ᠱᠠᠭᠠᠷᠳᠠᠯᠭ᠎ᠠ ᠶᠢ ᠬᠠᠩᠭᠠᠵᠣ᠂ ᠠᠵᠣ ᠠᠬᠤᠢ ᠶᠢᠨ ᠨᠡᠶᠢᠬᠡᠮ ᠪᠠ ᠡᠪ ᠨᠠᠶᠢᠷᠡᠮᠳᠡᠭᠤ ᠪᠠᠷ ᠬᠦᠭᠵᠢᠭᠦᠯᠬᠦ ᠶᠢ ᠠᠬᠢᠭᠤᠯᠬᠤ ᠬᠡᠷᠡᠭᠳᠡᠢ᠃     ︵ ᠬᠤᠶᠠᠷ︶ ᠲᠣᠬᠠᠢ ᠶᠢᠨ ᠭᠠᠵᠠᠷ ᠣᠷᠣᠨ ᠤ ᠱᠠᠭᠠᠷᠳᠠᠯᠭ᠎ᠠ ᠪᠣᠯᠣᠨ ᠪᠠᠷᠢᠯᠭ᠎ᠠ ᠲᠦᠬᠦᠭᠡᠷᠤᠮᠵᠢ᠂ ᠳᠠᠯᠠᠪᠣᠷ  ᠤᠨ ᠢᠶᠠᠨ ᠨᠦᠬᠦᠴᠡᠯ ᠪᠣᠯᠣᠮᠵᠢ ᠶᠢ ᠦᠨᠳᠣᠰᠣᠯᠡᠨ᠂ ᠦᠨᠢᠷ ᠪᠠᠶᠠᠯᠢᠭ ᠠᠭᠤᠯᠭ᠎ᠠ ᠬᠡᠯᠪᠡᠷᠢ ᠪᠦᠬᠦᠢ᠂ ᠣᠯᠠᠨ ᠳᠦᠮᠡᠨ  ᠤ ᠳᠣᠷ᠎ᠠ ᠰᠣᠨᠢᠷᠬᠠᠯ ᠢ ᠲᠠᠳᠠᠭᠰᠠᠨ ᠰᠣᠶᠣᠯ ᠲᠠᠮᠢᠷ ᠤᠨ ᠬᠦᠳᠡᠯᠭᠡᠭᠡᠨ ᠢ ᠵᠣᠬᠢᠶᠡᠨ ᠪᠠᠶᠢᠭᠤᠯᠣᠨ ᠦᠷᠨᠢᠭᠦᠯᠬᠦ ᠬᠡᠷᠡᠭᠳᠡᠢ᠃      ︵ᠭᠤᠷᠪᠠ︶ ᠮᠠᠯᠴᠢᠨ ᠲᠠᠷᠢᠶᠠᠴᠢᠳ ᠤᠨ ᠦᠪᠡᠷᠳᠡᠭᠡᠨ ᠴᠣᠭᠴᠠᠯᠠᠨ ᠪᠠᠶᠢᠭᠤᠯᠣᠭᠰᠠᠨ ᠰᠣᠶᠣᠯ ᠤᠨ ᠬᠦᠷᠢᠶᠡᠯᠡᠩ᠂ ᠰᠣᠶᠣᠯ ᠤᠨ ᠡᠷᠦᠭᠡ ᠵᠡᠷᠭᠡ ᠶᠢ  ᠵᠢᠭᠠᠨ ᠵᠢᠯᠣᠭᠤᠳᠴᠤ᠂ ᠤᠯᠠᠨ ᠲᠦᠮᠡᠨ ᠤ ᠰᠣᠶᠣᠯ ᠤᠨ ᠨᠢᠷᠤᠭᠤᠪᠴᠢ ᠬᠦᠴᠦᠨ ᠢ ᠵᠢᠭᠠᠨ ᠰᠣᠷᠭᠠᠵᠤ ᠪᠣᠯᠪᠠᠰᠣᠷᠠᠭᠤᠯᠬᠤ ᠬᠡᠷᠡᠭᠳᠡᠢ᠃      ︵ᠳᠦᠷᠪᠡ︶ ᠬᠤᠰᠢᠭᠤ ᠰᠢᠶᠡᠨ ᠤ ᠲᠡᠰ ᠤᠨ ᠨᠣᠮ ᠤᠨ ᠰᠠᠩ᠂ ᠰᠣᠶᠣᠯ ᠤᠨ ᠣᠷᠳᠣᠨ ᠤ ᠰᠠᠯᠪᠣᠷᠢ ᠣᠷᠳᠣᠨ ᠪᠣᠶᠣ ᠦᠨᠳᠣᠰᠣᠨ ᠱᠠᠳᠣᠨ ᠤ ᠦᠢᠯᠡᠴᠢᠯᠡᠭᠡᠨ ᠤ ᠴᠡᠭ ᠪᠣᠯᠵᠤ᠂ ᠬᠤᠰᠢᠭᠤ ᠰᠢᠶᠡᠨ ᠤ ᠲᠡᠰ ᠤᠨ ᠰᠣᠶᠣᠯ  ᠤᠨ ᠪᠠᠶᠢᠭᠤᠯᠭ᠎ᠠ ᠶᠢ ᠬᠠᠪᠰᠣᠷᠴᠤ ᠰᠣᠶᠣᠯ ᠤᠨ ᠡᠬᠢ ᠪᠠᠶᠠᠯᠢᠭ ᠢ ᠳᠣᠬᠢᠷᠡᠭᠤᠯᠣᠨ ᠬᠦᠷᠭᠡᠵᠣ᠂ ᠨᠡᠭᠦᠳᠡᠯ ᠰᠣᠶᠣᠯ  ᠤᠨ ᠦᠢᠯᠡᠴᠢᠯᠡᠭᠡ ᠶᠢ ᠦᠷᠨᠢᠭᠦᠯᠵᠤ᠂ ᠣᠯᠠᠨ ᠨᠡᠶᠢᠳᠡ ᠶᠢᠨ ᠰᠣᠶᠣᠯ ᠢ ᠭᠠᠴᠠᠭ᠎ᠠ ᠲᠣᠰᠬᠤᠨ ᠳᠤ ᠨᠡᠪᠳᠡᠷᠡᠭᠦᠯᠦᠨ᠂ ᠠᠶᠢᠯ ᠡᠷᠦᠬᠡ ᠳᠤ ᠣᠷᠣᠭᠤᠯᠬᠤ ᠶᠢ ᠪᠠᠳᠣᠯᠠᠬᠤ ᠬᠡᠷᠡᠭᠳᠡᠢ᠃      ︵ᠳᠠᠪᠤ︶ ᠬᠤᠰᠢᠭᠤ ᠰᠢᠶᠡᠨ ᠤ ᠨᠣᠮ ᠤᠨ ᠰᠠᠩ ᠤᠨ ᠵᠢᠭᠠᠨ ᠵᠢᠯᠤᠭᠤᠳᠣᠯᠭ᠎ᠠ ᠪᠠᠷ ᠨᠣᠮ ᠤᠨ ᠰᠠᠩ ᠤᠨ ᠣᠩᠰᠢᠯᠭ᠎ᠠ ᠶᠢᠨ ᠲᠠᠰᠤᠭ   ᠢ ᠡᠷᠬᠢᠯᠡᠵᠤ᠂ ᠣᠯᠠᠨ ᠲᠦᠮᠡᠨ ᠤ ᠨᠣᠮ ᠰᠣᠨᠢᠨ ᠤᠩᠰᠢᠬᠤ ᠠᠵᠢᠯᠯᠠᠭ᠎ᠠ ᠶᠢ ᠦᠷᠨᠢᠭᠦᠯᠵᠣ᠂ ᠲᠣᠬᠠᠢ ᠶᠢᠨ ᠭᠠᠵᠠᠷ ᠣᠷᠣᠨ ᠤ ᠣᠯᠠᠨ ᠲᠦᠮᠡᠨ   ᠳᠤ ᠨᠣᠮ ᠪᠢᠴᠢᠭ ᠰᠣᠨᠢᠨ ᠰᠡᠳᠭᠦᠯ ᠵᠢᠭᠡᠯᠡᠭᠦᠯᠦᠨ ᠣᠩᠰᠢᠭᠤᠯᠬᠤ ᠦᠢᠯᠡᠴᠢᠯᠡᠭᠡ ᠶᠢ ᠬᠠᠩᠭᠠᠬᠤ ᠬᠡᠷᠡᠭᠲᠡᠢ᠃      ︵ᠵᠢᠷᠭᠤᠭ᠎ᠠ︶ ᠪᠦᠬᠦ ᠣᠯᠣᠰ ᠤᠨ ᠰᠣᠶᠣᠯ ᠤᠨ ᠰᠣᠷᠠᠭ ᠵᠠᠩᠭᠢ   ᠶᠢᠨ ᠡᠬᠢ ᠪᠠᠶᠠᠯᠢᠭ ᠢ ᠬᠠᠮᠳᠣ ᠪᠠᠷ ᠬᠦᠷᠳᠡᠬᠦ ᠢᠨᠵᠧᠨᠧᠷᠢᠩ ᠤᠨ ᠦᠨᠳᠣᠰᠣᠨ ᠱᠠᠳᠣᠨ ᠤ ᠦᠢᠯᠡᠴᠢᠯᠡᠭᠡᠨ ᠤ ᠴᠡᠭ ᠪᠠᠶᠢᠭᠤᠯᠵᠣ᠂  ᠰᠣᠶᠣᠯ ᠤᠨ ᠲᠣᠭᠠᠴᠠᠭᠠᠯᠠᠭᠰᠠᠨ ᠰᠣᠷᠠᠭ ᠵᠠᠩᠭᠢ ᠶᠢᠨ ᠦᠢᠯᠡᠴᠢᠯᠡᠭᠡᠨ ᠢ ᠦᠷᠨᠢᠭᠦᠯᠬᠦ ᠬᠡᠷᠡᠭᠳᠡᠢ᠃      ︵ᠳᠣᠯᠤᠭ᠎ᠠ︶ ᠲᠠᠷᠢᠶᠠᠯᠠᠬᠤ ᠮᠠᠯᠵᠢᠬᠤ ᠣᠷᠣᠨ ᠤ ᠺᠢᠨᠤ᠋ ᠭᠠᠷᠭᠠᠬᠤ ᠠᠵᠢᠯᠳᠠᠨ ᠢ ᠬᠠᠪᠰᠣᠷᠴᠤ  ᠂ ᠳᠠᠷᠢᠶᠡᠴᠢᠳ ᠮᠠᠯᠴᠢᠳ ᠢ ᠲᠦᠪᠯᠡᠷᠡᠭᠦᠯᠦᠨ ᠺᠢᠨᠤ᠋ ᠰᠣᠨᠢᠷᠬᠠᠬᠤ ᠠᠵᠢᠯᠯᠠᠭ᠎ᠠ ᠶᠢ ᠵᠣᠬᠢᠶᠠᠨ ᠪᠠᠶᠢᠭᠤᠯᠬᠤ ᠬᠡᠷᠡᠭᠳᠡᠢ᠃ ᠬᠤᠰᠢᠭᠤ ᠰᠢᠶᠡᠨ ᠤ ᠷᠠᠳᠢᠤ᠋ ᠲᠧᠯᠸᠢᠰ ᠤᠨ ᠰᠠᠯᠠᠭ᠎ᠠ ᠮᠦᠴᠢᠷ ᠢ ᠬᠠᠪᠰᠣᠷᠴᠤ  ᠂ ᠷᠠᠳᠢᠤ᠋ ᠲᠧᠯᠸᠢᠰ ᠤᠨ ᠪᠠᠭᠠᠵᠢ ᠲᠦᠬᠦᠭᠡᠷᠤᠮᠵᠢ ᠶᠢ ᠰᠠᠯᠪᠢᠨ ᠵᠠᠰᠠᠬᠤ᠂ ᠠᠷᠠᠴᠢᠯᠠᠨ ᠬᠠᠮᠠᠭᠠᠯᠠᠬᠤ ᠠᠵᠢᠯ ᠢ ᠬᠢᠬᠦ ᠬᠡᠷᠡᠭᠳᠡᠢ᠃      ︵ᠨᠠᠢᠮᠠ︶ ᠬᠤᠰᠢᠭᠤ ᠰᠢᠶᠡᠨ ᠤ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨ ᠤ ᠵᠢᠯᠣᠭᠤᠳᠣᠯᠭ᠎ᠠ ᠳᠣᠤᠷ᠎ᠠ᠂ ᠪᠣᠳᠡᠰ ᠤᠨ ᠪᠣᠰᠣ ᠰᠣᠶᠣᠯ ᠤᠨ ᠦᠪ ᠢ ᠬᠤᠷᠢᠶᠡᠨ ᠴᠤᠭᠯᠠᠭᠤᠯᠬᠤ᠂ ᠡᠮᠬᠢᠳᠭᠡᠨ ᠲᠢᠭᠯᠡᠬᠦ ᠠᠵᠢᠯ ᠢ ᠬᠢᠵᠣ᠂ ᠪᠣᠳᠡᠰ ᠤᠨ ᠪᠣᠰᠣ ᠰᠣᠶᠣᠯ ᠤᠨ ᠦᠪ   ᠢ ᠨᠡᠶᠢᠳᠡᠮ ᠪᠠᠶᠢᠴᠠᠭᠠᠬᠤ᠂ ᠳᠡᠯᠭᠡᠨ ᠦᠵᠡᠭᠦᠯᠬᠦ ᠂ ᠤᠬᠠᠭᠤᠯᠬᠤ  ᠠᠵᠢᠯᠯᠠᠭ᠎ᠠ ᠶᠢ ᠦᠷᠨᠢᠬᠦᠯᠦᠨ᠂ ᠦᠪᠯᠡᠨ ᠣᠯᠠᠮᠵᠢᠯᠠᠭᠴᠢᠳ ᠤᠨ ᠣᠯᠠᠮᠵᠢᠯᠠᠯᠳᠠ ᠶᠢᠨ ᠰᠣᠷᠭᠠᠯᠳᠠ ᠬᠢᠴᠢᠶᠡᠯᠯᠡᠭᠡ ᠶᠢ ᠵᠢᠭᠠᠨ ᠵᠢᠯᠣᠭᠤᠳᠬᠤ ᠬᠡᠷᠡᠭᠳᠡᠢ᠃      ︵ᠶᠢᠰᠦ︶ ᠬᠤᠰᠢᠭᠤ ᠰᠢᠶᠡᠨ ᠤ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨ ᠢ ᠬᠠᠪᠰᠣᠷᠴᠤ᠂ ᠲᠡᠤᠬᠡ ᠶᠢᠨ ᠳᠣᠷᠠᠰᠬᠠᠯᠳᠣ ᠵᠦᠢᠯᠡᠰ ᠤᠨ ᠬᠠᠮᠠᠭᠠᠯᠠᠯᠳᠠ ᠶᠢᠨ ᠠᠵᠢᠯ ᠢ ᠡᠷᠬᠢᠯᠡᠬᠦ ᠬᠡᠷᠡᠭᠳᠡᠢ᠃      ︵ᠠᠷᠪᠠ︶ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨ ᠢ ᠬᠠᠪᠰᠣᠷᠣᠨ ᠲᠠᠷᠢᠶᠠᠯᠠᠬᠤ ᠣᠷᠣᠨ ᠤ ᠰᠣᠶᠣᠯ ᠤᠨ ᠵᠠᠬ᠎ᠠ ᠵᠡᠭᠡᠯᠢ ᠶᠢᠨ ᠬᠠᠮᠢᠶᠠᠷᠣᠯᠳᠠ ᠵᠢᠴᠢ ᠬᠢᠨᠠᠯᠳᠠ ᠶᠢ ᠰᠠᠶᠢᠳᠣᠷ ᠬᠢᠨ᠎ᠡ  ᠃ ᠬᠦᠨᠳᠦ ᠶᠡᠭᠡ ᠠᠰᠠᠭᠤᠳᠠᠯ ᠭᠠᠷᠪᠠᠯ ᠬᠠᠤᠯᠢ ᠪᠠᠷ ᠲᠦᠷᠭᠡᠨ ᠠᠷᠭ᠎ᠠ ᠬᠡᠮᠵᠢᠶ᠎ᠡ ᠠᠪᠴᠣ᠂ ᠲᠡᠷᠡᠴᠢᠯᠡᠨ ᠴᠠᠭ ᠳᠡᠷᠤᠢ ᠳᠤ ᠨᠢ ᠳᠡᠭᠡᠭᠰᠢ ᠮᠡᠳᠡᠭᠦᠯᠬᠦ ᠬᠡᠷᠡᠭᠳᠡᠢ᠃       ᠠᠷᠪᠠᠨ ᠨᠠᠢᠮᠠᠳᠣᠭᠠᠷ ᠵᠣᠷᠪᠣᠰ     ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠲᠦᠪ ᠨᠢ ᠳᠣᠳᠣᠭᠠᠳᠣ ᠶᠢᠨ ᠬᠠᠮᠢᠶᠠᠷᠤᠯᠳᠠ ᠶᠢᠨ ᠳᠦᠷᠢᠮ ᠳᠣᠭᠳᠠᠭᠠᠯ ᠢᠶᠠᠨ ᠳᠡᠭᠦᠯᠳᠡᠷᠵᠢᠬᠦᠯᠣᠨ᠂ ᠦᠢᠯᠡᠴᠢᠯᠡᠭᠡᠨ  ᠤ ᠪᠠᠷᠢᠮᠵᠢᠶ᠎ᠠ ᠪᠠᠨ ᠪᠦᠷᠢᠨᠰᠢᠭᠦᠯᠦᠨ᠂  ᠡᠷᠡᠭᠦᠯ ᠪᠣᠯᠪᠠᠰᠣᠨ ᠰᠣᠶᠣᠯ ᠲᠠᠮᠢᠷ ᠰᠣᠷᠭᠠᠨ ᠬᠦᠮᠦᠵᠢᠯ ᠤᠨ ᠬᠦᠳᠡᠯᠭᠡᠭᠡᠨ  ᠢ ᠦᠷᠨᠢᠬᠦᠯᠬᠦ  ᠬᠡᠷᠡᠭᠳᠡᠢ᠃       ᠦᠢᠯᠡᠴᠢᠯᠡᠭᠡᠨ ᠤ ᠠᠭᠤᠯᠭ᠎ᠠ  ᠂ ᠠᠵᠢᠯᠯᠠᠬᠤ ᠴᠠᠭ ᠪᠠ ᠠᠩᠬᠠᠷᠠᠭᠤᠯᠬᠤ ᠵᠦᠢᠯ ᠢᠶᠠᠨ ᠢᠯᠡ ᠳᠣᠳᠣᠷᠬᠠᠢ ᠭᠠᠵᠠᠷ ᠲᠤ ᠨᠡᠶᠢᠳᠡᠯᠡᠬᠦ ᠬᠡᠷᠡᠭᠳᠡᠢ᠃       ᠠᠷᠪᠠᠨ ᠶᠢᠰᠦᠳᠦᠭᠡᠷ ᠵᠣᠷᠪᠣᠰ    ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠤᠨ ᠠᠵᠢᠯᠯᠠᠬᠤ ᠴᠠᠭ ᠢ ᠵᠢᠯ ᠳᠤ 10 ᠰᠠᠷ᠎ᠠ ᠠᠴᠠ ᠳᠣᠤᠷ᠎ᠠ ᠪᠠᠶᠢᠯᠭᠠᠵᠣ ᠪᠣᠯᠬᠤ ᠦᠭᠡᠢ᠂ ᠭᠠᠷᠠᠭ ᠤᠨ ᠠᠵᠢᠯᠯᠠᠬᠤ ᠴᠠᠭ ᠢ 42  ᠴᠠᠭ ᠠᠴᠠ ᠳᠣᠣᠷ᠎ᠠ ᠪᠠᠶᠢᠯᠭᠠᠵᠣ ᠪᠣᠯᠬᠤ ᠦᠭᠡᠢ᠂ ᠡᠭᠦᠨ ᠳᠤ ᠰᠤᠯᠪᠢᠴᠠᠭᠤᠯᠤᠨ ᠠᠵᠢᠯᠯᠠᠬᠤ ᠴᠠᠭ ᠢ ᠭᠤᠷᠪᠠᠨ ᠤ ᠨᠢᠭᠡ ᠬᠤᠪᠢ ᠠᠴᠠ ᠳᠣᠤᠷ᠎ᠠ ᠪᠠᠶᠢᠯᠭᠠᠵᠣ ᠪᠣᠯᠬᠤ ᠦᠭᠡᠢ᠃       ᠬᠤᠷᠢᠳᠣᠭᠠᠷ ᠵᠣᠷᠪᠣᠰ      ᠰᠣᠮᠣ ᠰᠢᠶᠡᠩ ᠪᠠᠯᠭᠠᠰᠣ ︵ᠵᠡᠭᠡᠯᠢ ᠭᠤᠳᠣᠮᠵᠢ︶ ᠶᠡᠷᠦᠩᠬᠡᠶᠢᠯᠡᠭᠰᠡᠨ ᠰᠣᠶᠣᠯ  ᠤᠨ ᠦᠷᠲᠡᠭᠡ ᠦᠵᠡᠭᠦᠯᠦᠯᠭᠡ ᠡᠷᠬᠢᠯᠡᠬᠦ ᠠᠵᠢᠯ   ᠢᠶᠠᠨ ᠵᠢᠯ ᠪᠦᠷᠢ 2 ᠣᠳᠠᠭ᠎ᠠ ᠠᠴᠠ ᠳᠣᠣᠷ᠎ᠠ  ᠪᠠᠶᠢᠯᠭᠠᠵᠣ ᠪᠣᠯᠬᠤ ᠦᠭᠡᠢ᠂ ᠣᠯᠠᠨ ᠨᠡᠶᠢᠳᠡ   ᠶᠢᠨ ᠴᠢᠨᠠᠷᠲᠡᠢ ᠲᠠᠢ ᠬᠢᠴᠢᠶᠡᠯ ᠲᠡᠶᠢᠯᠦᠨ ᠪᠠ ᠪᠣᠯᠪᠠᠰᠣᠷᠠᠯ ᠰᠣᠷᠭᠠᠯᠳᠠ ᠡᠷᠬᠢᠯᠡᠬᠦ ᠠᠵᠢᠯ   ᠢᠶᠠᠨ  ᠵᠢᠯ ᠪᠦᠷᠢ 4 ᠣᠳᠠᠭ᠎ᠠ ᠠᠴᠠ ᠳᠣᠤᠷ᠎ᠠ  ᠪᠠᠶᠢᠯᠭᠠᠵᠣ ᠪᠣᠯᠬᠤ ᠦᠭᠡᠢ᠂ ᠣᠯᠠᠨ ᠲᠦᠮᠡᠨ ᠤ ᠰᠣᠶᠣᠯ ᠲᠠᠮᠢᠷ  ᠤᠨ ᠬᠦᠳᠡᠯᠭᠡᠭᠡᠨ ᠢ ᠡᠷᠬᠢᠯᠡᠬᠦ ᠠᠵᠢᠯ   ᠢᠶᠠᠨ ᠵᠢᠯ ᠪᠦᠷᠢ 20 ᠣᠳᠠᠭ᠎ᠠ ᠠᠴᠠ ᠳᠣᠤᠷ᠎ᠠ ᠪᠠᠶᠢᠯᠭᠠᠵᠣ ᠪᠣᠯᠬᠤ ᠦᠭᠡᠢ᠃ ᠭᠠᠴᠠᠭ᠎ᠠ ᠲᠣᠰᠬᠤᠨ ︵ᠨᠡᠶᠢᠬᠡᠮ ᠳᠣᠭᠤᠷᠢᠭ︶ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ  ᠤᠯᠠᠨ ᠲᠦᠮᠡᠨ ᠤ ᠰᠣᠶᠣᠯ ᠲᠠᠮᠢᠷ ᠤᠨ ᠬᠦᠳᠡᠯᠭᠡᠭᠡᠨ ᠢ ᠵᠣᠬᠢᠶᠡᠨ ᠪᠠᠶᠢᠭᠤᠯᠵᠣ ᠡᠷᠬᠢᠯᠡᠬᠦ ᠠᠵᠢᠯ   ᠢᠶᠠᠨ ᠵᠢᠯ ᠪᠦᠷᠢ 4 ᠣᠳᠠᠭ᠎ᠠ ᠠᠴᠠ ᠳᠣᠤᠷ᠎ᠠ ᠪᠠᠶᠢᠯᠭᠠᠵᠣ ᠪᠣᠯᠬᠤ ᠦᠭᠡᠢ᠃       ᠬᠤᠷᠢᠨ ᠨᠢᠭᠡᠳᠦᠭᠡᠷ ᠵᠣᠷᠪᠣᠰ    ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠬᠤᠳᠠ ᠬᠦᠳᠡᠭᠡ ᠶᠢᠨ ᠰᠠᠭᠤᠭᠠᠯᠢ ᠠᠷᠠᠳ ᠲᠤ ᠤᠶᠢᠷ᠎ᠡ ᠬᠠᠪᠢ ᠳᠤ ᠪᠠᠨ ᠡᠯ᠎ᠡ ᠲᠦᠷᠦᠯ  ᠤᠨ ᠰᠣᠶᠣᠯ ᠳᠠᠮᠢᠷ ᠤᠨ ᠬᠦᠳᠡᠯᠭᠡᠭᠡᠨ ᠳᠤ ᠤᠷᠤᠯᠴᠠᠬᠤ ᠲᠦᠭᠦᠮ ᠨᠦᠬᠦᠴᠡᠯ ᠢ ᠬᠠᠩᠭᠠᠬᠤ ᠬᠡᠷᠡᠭᠳᠡᠢ᠃  ᠵᠡᠮᠳᠡᠭᠴᠤᠣᠯ᠂ ᠨᠠᠰᠣᠨ ᠳᠤ ᠦᠯᠦ ᠬᠦᠷᠦᠭᠴᠢᠳ᠂ ᠨᠠᠰᠣᠲᠠᠶᠢᠴᠣᠤᠯ ᠪᠣᠯᠣᠨ ᠬᠦᠯᠦᠰᠣᠨ ᠠᠵᠢᠯᠳᠠᠳ ᠵᠡᠷᠭᠡ ᠣᠨᠴᠠᠭᠠᠢ ᠬᠦᠮᠦᠰ ᠲᠤ ᠵᠣᠷᠢᠭᠤᠯᠣᠭᠰᠠᠨ ᠰᠣᠶᠣᠯ ᠲᠡᠮᠢᠷ ᠤᠨ ᠬᠦᠳᠡᠯᠭᠡᠭᠡᠨ ᠢ ᠵᠢᠯ ᠪᠦᠷᠢ ᠵᠣᠬᠢᠶᠡᠨ ᠪᠠᠶᠢᠭᠤᠯᠣᠨ ᠡᠷᠬᠢᠯᠡᠬᠦ  ᠬᠡᠷᠡᠭᠳᠡᠢ᠃ᠳᠦᠷᠪᠡᠳᠦᠭᠡᠷ ᠪᠦᠯᠦᠭ       ᠠᠵᠢᠯᠳᠠᠳ ᠪᠠ ᠵᠠᠷᠣᠳᠠᠯ ᠮᠦᠩᠭᠦ       ᠬᠤᠷᠢᠨ ᠬᠤᠶᠡᠳᠣᠭᠠᠷ ᠵᠤᠷᠪᠣᠰ      ᠰᠣᠮᠣ ᠰᠢᠶᠡᠩ ᠪᠠᠯᠭᠠᠰᠣ ︵ᠵᠡᠭᠡᠯᠢ ᠭᠤᠳᠣᠮᠵᠢ︶ ᠶᠢᠨ ᠶᠡᠷᠦᠩᠬᠡᠶᠢᠯᠡᠭᠰᠡᠨ ᠰᠣᠶᠣᠯ ᠤᠨ ᠦᠷᠳᠡᠭᠡ ᠳᠤ 1 —2 ᠠᠴᠠ ᠳᠡᠭᠡᠭᠰᠢ ᠨᠡᠷ᠎ᠡ ᠠᠯᠪᠠᠨ ᠤ ᠣᠷᠣᠨ ᠲᠤᠭ᠎ᠠ ᠲᠠᠢ ᠲᠣᠰᠬᠠᠢ ᠠᠵᠢᠯᠳᠠᠨ ᠢ ᠳᠣᠬᠢᠷᠡᠭᠤᠯᠣᠭᠰᠡᠨ ᠪᠠᠶᠢᠬᠤ ᠬᠡᠷᠡᠭᠳᠡᠢ᠃ ᠭᠠᠴᠠᠭ᠎ᠠ ᠲᠣᠰᠬᠤᠨ ︵ᠨᠡᠶᠢᠬᠡᠮ ᠳᠣᠭᠤᠷᠢᠭ︶ ᠤ ᠶᠡᠷᠦᠩᠬᠡᠶᠢᠯᠡᠭᠰᠡᠨ ᠰᠣᠶᠣᠯ ᠤᠨ ᠦᠢᠯᠡᠴᠢᠯᠡᠭᠡᠨ ᠤ ᠲᠦᠪ   ᠲᠤ ᠵᠠᠰᠠᠭ ᠤᠨ ᠣᠷᠳᠣᠨ ᠤ ᠬᠤᠳᠠᠯᠳᠣᠨ ᠠᠪᠣᠭᠰᠠᠨ ᠣᠯᠠᠨ ᠨᠡᠶᠢᠳᠡ ᠶᠢᠨ  ᠦᠢᠯᠡᠴᠢᠯᠡᠭᠡᠨ ᠤ ᠠᠵᠢᠯ ᠤᠨ ᠪᠠᠶᠢᠷᠢ ᠶᠢ  1 ᠠᠴᠠ  ᠳᠡᠭᠡᠭᠰᠢ  ᠪᠠᠶᠢᠯᠭᠠᠬᠤ ᠬᠡᠷᠡᠭᠳᠡᠢ᠃       ᠬᠤᠷᠢᠨ ᠭᠤᠷᠪᠠᠳᠣᠭᠠᠷ ᠵᠣᠷᠪᠣᠰ     ᠰᠣᠮᠣ ᠰᠢᠶᠡᠩ ᠪᠠᠯᠭᠠᠰᠣ ︵ᠵᠡᠭᠡᠯᠢ ᠭᠤᠳᠣᠮᠵᠢ︶ ᠶᠢᠨ ᠶᠡᠷᠦᠩᠬᠡᠶᠢᠯᠡᠭᠰᠡᠨ ᠰᠣᠶᠣᠯ ᠤᠨ ᠦᠷᠳᠡᠭᠡ ᠶᠢᠨ ᠳᠠᠷᠤᠭ᠎ᠠ ᠨᠢ ᠳᠡᠭᠡᠳᠦ ᠵᠡᠷᠭᠡ ᠶᠢᠨ ᠳᠣᠰᠬᠠᠢ ᠮᠡᠷᠭᠡᠵᠢᠯ ᠤᠨ ᠰᠣᠷᠣᠯᠭ᠎ᠠ ᠶᠢᠨ ᠨᠠᠮᠳᠠᠷ ︵ᠪᠣᠶᠣ ᠡᠭᠦᠨ ᠲᠠᠢ ᠲᠡᠩᠴᠡᠭᠰᠡᠨ︶ ᠠᠴᠠ ᠳᠡᠭᠡᠭᠰᠢ ᠰᠣᠶᠣᠯ ᠤᠨ ᠬᠡᠮᠵᠢᠶ᠎ᠡ ᠲᠠᠢ᠂ ᠰᠣᠶᠣᠯ ᠤᠨ ᠠᠵᠢᠯ ᠦᠢᠯᠡᠰ ᠲᠤ ᠪᠠᠨ ᠬᠠᠶᠢᠷᠠᠳᠠᠢ᠂ ᠣᠯᠠᠨ ᠲᠦᠮᠡᠨ ᠢ ᠵᠤᠬᠢᠶᠡᠨ ᠪᠠᠶᠢᠭᠤᠯᠣᠨ ᠰᠣᠶᠣᠯ ᠤᠨ ᠬᠦᠳᠡᠯᠭᠡᠭᠡᠨ ᠢ ᠦᠷᠨᠢᠭᠦᠯᠬᠦ ᠳᠤ ᠪᠠᠨ ᠴᠢᠳᠠᠮᠠᠭᠠᠢ᠂ ᠰᠣᠶᠣᠯ ᠤᠨ ᠦᠷᠳᠡᠭᠡᠨ ᠤ ᠠᠵᠢᠯ ᠤᠨ ᠲᠣᠰᠬᠠᠢ ᠮᠡᠷᠭᠡᠵᠢᠯ ᠤᠨ ᠴᠢᠳᠠᠪᠣᠷᠢ ᠪᠣᠯᠣᠨ ᠬᠠᠮᠢᠶᠠᠷᠣᠯᠳᠠ ᠶᠢᠨ ᠬᠢᠷᠢ ᠬᠡᠮ ᠢ ᠪᠦᠷᠢᠳᠦᠭᠦᠯᠦᠭᠰᠡᠨ ᠪᠠᠶᠢᠬᠤ ᠬᠡᠷᠡᠭᠳᠡᠢ᠃ ᠰᠣᠶᠣᠯ ᠤᠨ ᠦᠷᠳᠡᠭᠡᠨ ᠤ ᠳᠠᠷᠤᠭ᠎ᠠ ᠶᠢ ᠶᠠᠭᠤᠨ ᠤ ᠡᠮᠦᠨ᠎ᠡ ᠬᠤᠰᠢᠭᠤ ᠰᠢᠶᠡᠨ ᠤ ᠲᠡᠰ ᠤᠨ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨ ᠤ ᠰᠠᠨᠠᠯ ᠢ ᠠᠪᠣᠭᠰᠠᠨ ᠤ ᠳᠠᠷᠠᠭ᠎ᠠ ᠰᠣᠮᠣ ᠰᠢᠶᠡᠩ ᠪᠠᠯᠭᠠᠰᠣᠨ ᠤ ᠵᠠᠰᠭ ᠤᠨ ᠣᠷᠳᠣᠨ ︵︵ᠵᠠᠮ ᠵᠡᠭᠡᠯᠢ ᠶᠢᠨ ᠬᠡᠷᠡᠭ ᠡᠷᠬᠢᠯᠡᠬᠦ ᠭᠠᠵᠠᠷ︶ ᠠᠴᠠ ᠳᠣᠮᠢᠯᠠᠬᠤ ᠪᠣᠶᠣ ᠣᠷᠢᠨ ᠬᠡᠷᠡᠭᠯᠡᠬᠦ ᠬᠡᠷᠡᠭᠳᠡᠢ᠃       ᠬᠤᠷᠢᠨ ᠲᠦᠷᠪᠡᠳᠦᠭᠡᠷ ᠵᠣᠷᠪᠣᠰ      ᠰᠣᠮᠣ ᠰᠢᠶᠡᠩ ᠪᠠᠯᠭᠠᠰᠣᠨ ︵ᠵᠡᠭᠡᠯᠢ ᠭᠤᠳᠣᠮᠵᠢ︶ ᠤ ᠶᠡᠷᠦᠩᠬᠡᠶᠢᠯᠡᠭᠰᠡᠨ ᠰᠣᠶᠣᠯ ᠤᠨ ᠦᠷᠳᠡᠭᠡ ᠲᠣᠰᠬᠠᠢ ᠮᠡᠷᠭᠡᠵᠢᠯ ᠤᠨ ᠬᠢᠷᠢ ᠬᠡᠮ ᠤᠨ ᠲᠦᠷᠢᠮ ᠢ ᠬᠡᠷᠡᠭᠵᠢᠬᠦᠯᠦᠨ᠎ᠡ᠂ ᠲᠣᠰ ᠠᠵᠢᠯ ᠢ ᠡᠷᠬᠢᠯᠡᠭᠴᠢᠳ ᠡᠷᠬᠡᠪᠰᠢ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨ ᠪᠣᠶᠣ ᠲᠣᠰᠢᠶᠡᠨ ᠨᠠᠶᠢᠳᠠᠭᠰᠠᠨ ᠰᠠᠯᠠᠭ᠎ᠠ ᠮᠦᠴᠢᠷ ᠤᠨ ᠰᠢᠯᠭᠠᠯᠲᠠ᠂ ᠰᠢᠯᠭᠠᠨ ᠬᠢᠨᠠᠯᠳᠠ ᠪᠠᠷ ᠳᠠᠮᠵᠢᠵᠣ ᠲᠣᠰᠬᠠᠢ ᠮᠡᠷᠭᠡᠵᠢᠯ  ᠤᠨ ᠬᠢᠷᠢ ᠬᠡᠮ ᠪᠣᠶᠣ ᠠᠵᠢᠯ ᠤᠨ ᠪᠠᠶᠢᠷᠢ ᠶᠢᠨ ᠪᠣᠯᠪᠠᠰᠣᠷᠠᠯ ᠤᠨ ᠦᠨᠠᠮᠯᠠᠯ ᠠᠪᠣᠭᠰᠠᠨ ᠪᠠᠶᠢᠬᠤ ᠬᠡᠷᠡᠭᠳᠡᠢ᠃       ᠰᠣᠮᠣ ᠰᠢᠶᠡᠩ ᠪᠠᠯᠭᠠᠰᠣᠨ ᠤ ︵ᠵᠡᠭᠡᠯᠢ  ᠭᠤᠳᠣᠮᠵᠢ︶ ᠶᠡᠷᠦᠩᠬᠡᠶᠢᠯᠡᠭᠰᠡᠨ ᠦᠷᠳᠡᠭᠡᠨ ᠤ ᠠᠵᠢᠯᠳᠠᠨ ᠦᠪᠡᠷ  ᠤᠨ ᠰᠣᠷᠣᠯᠭ᠎ᠠ ᠶᠢᠨ ᠨᠠᠮᠳᠠᠷ ᠤᠨ ᠨᠦᠬᠦᠴᠡᠯ᠂ ᠠᠵᠢᠯ ᠡᠭᠦᠷᠭᠡᠯᠡᠭᠰᠡᠨ ᠵᠢᠯ ᠬᠤᠭᠤᠴᠠᠭ᠎ᠠ᠂ ᠠᠵᠢᠯ ᠤᠨ ᠦᠷ᠎ᠡ ᠪᠦᠳᠦᠭᠡᠯ ᠪᠠ ᠲᠣᠰᠬᠠᠢ ᠮᠡᠷᠭᠡᠵᠢᠯ ᠤᠨ ᠠᠵᠢᠯ   ᠤᠨ ᠬᠢᠷᠢ ᠲᠦᠪᠰᠢᠨ ᠢᠶᠠᠨ ᠦᠨᠳᠦᠰᠦᠯᠡᠨ ᠡᠭᠦᠨ ᠲᠠᠢ ᠠᠳᠠᠯᠢ ᠲᠡᠩᠴᠡᠭᠦᠤ ᠲᠣᠰᠬᠠᠢ ᠮᠡᠷᠭᠡᠵᠢᠯ ᠤᠨ ᠬᠢᠷᠢ ᠬᠡᠮ ᠢ ᠡᠷᠡᠮᠡᠯᠵᠡᠯᠡᠵᠤ ᠪᠣᠯᠣᠨ᠎ᠠ᠃       ᠬᠤᠷᠢᠨ ᠲᠠᠪᠣᠳᠣᠭᠠᠷ ᠵᠣᠷᠪᠣᠰ       ᠰᠣᠮᠣ ᠰᠢᠶᠡᠩ ᠪᠠᠯᠭᠠᠰᠣᠨ ︵ᠵᠡᠭᠡᠯᠢ ᠭᠤᠳᠣᠮᠵᠢ︶ ᠤ ᠶᠡᠷᠦᠩᠬᠡᠶᠢᠯᠡᠭᠰᠡᠨ ᠰᠣᠶᠣᠯ ᠤᠨ ᠦᠷᠳᠡᠭᠡ ᠣᠷᠢᠵᠣ ᠬᠡᠷᠡᠭᠯᠡᠬᠦ ᠳᠦᠷᠢᠮ ᠪᠣᠯᠣᠨ ᠠᠵᠢᠯ ᠤᠨ ᠪᠠᠶᠢᠷᠢ ᠶᠢᠨ ᠬᠠᠷᠠᠯᠲᠠ  ᠶᠢᠨ ᠬᠠᠮᠢᠶᠠᠷᠤᠯᠳᠠ ᠶᠢᠨ ᠬᠠᠷᠢᠭᠤᠴᠠᠯᠭ᠎ᠠ ᠶᠢᠨ ᠳᠦᠷᠢᠮ ᠢ ᠬᠡᠷᠡᠭᠵᠢᠭᠦᠯᠦᠨ᠎ᠡ᠃ ᠠᠵᠢᠯ ᠤᠨ ᠪᠠᠶᠢᠷᠢ ᠶᠢᠨ ᠠᠵᠢᠯᠳᠠ ᠠᠵᠢᠯ ᠤᠨ ᠠᠮᠠᠷᠠᠯᠳᠠ ᠪᠠᠨ ᠠᠪᠬᠤ ᠪᠣᠶᠣ ᠠᠵᠢᠯ ᠰᠢᠯᠵᠢᠬᠦ᠂ ᠠᠵᠢᠯ ᠢᠶᠠᠨ ᠣᠷᠬᠢᠪᠠᠯ ᠴᠠᠭ ᠲᠠᠷᠣᠢ ᠳᠤ ᠨᠢ ᠲᠡᠭᠦᠨ  ᠲᠠᠢ ᠠᠳᠠᠯᠢ ᠬᠢᠷᠢ ᠬᠡᠮ   ᠲᠠᠢ ᠠᠵᠢᠯᠳᠠᠨ ᠢ ᠳᠣᠬᠢᠷᠠᠭᠤᠯᠬᠤ ᠬᠡᠷᠡᠭᠳᠡᠢ᠃       ᠬᠤᠷᠢᠨ ᠵᠢᠷᠭᠤᠳᠣᠭᠠᠷ ᠵᠣᠷᠪᠣᠰ      ᠭᠠᠴᠠᠭ᠎ᠠ ᠲᠣᠰᠬᠤᠨ ︵ᠨᠡᠶᠢᠬᠡᠮ ᠲᠣᠭᠤᠷᠢᠭ︶ ᠤ ᠶᠡᠷᠦᠩᠬᠡᠶᠢᠯᠡᠭᠰᠡᠨ ᠰᠣᠶᠣᠯ ᠤᠨ ᠦᠢᠯᠡᠴᠢᠯᠡᠭᠡᠨ ᠤ ᠲᠦᠪ ᠤᠨ ᠰᠣᠶᠣᠯ ᠤᠨ ᠬᠠᠮᠢᠶᠡᠷᠤᠯᠲᠡ ᠶᠢᠨ ᠲᠣᠰᠬᠠᠢ ᠲᠣᠰᠢᠶᠡᠯᠳᠡᠨ ᠢ ᠵᠠᠰᠠᠭ ᠤᠨ ᠣᠷᠳᠣᠨ ᠤ ᠬᠤᠳᠠᠯᠳᠣᠨ ᠠᠪᠣᠭᠰᠠᠨ ᠣᠯᠠᠨ ᠨᠡᠶᠢᠳᠡ ᠶᠢᠨ ᠦᠢᠯᠡᠴᠢᠯᠡᠭᠡᠨ ᠤ ᠠᠵᠢᠯ ᠤᠨ ᠪᠠᠶᠢᠷᠢ ᠶᠢᠨ ᠠᠷᠭ᠎ᠠ ᠪᠠᠷ ᠭᠠᠷᠭᠠᠨ᠎ᠠ᠃ ︽ᠬᠤᠰᠢᠭᠤ ᠰᠢᠶᠡᠨ ᠤ ᠣᠷᠢᠬᠤ︾᠂  ︽ᠰᠢᠶᠡᠩ  ᠪᠠᠯᠭᠠᠰᠣᠨ ᠠᠴᠠ ᠬᠠᠮᠢᠶᠡᠷᠬᠤ︾  ᠂  ︽ᠭᠠᠴᠠᠭ᠎ᠠ ᠲᠣᠰᠬᠤᠨ ᠳᠤ ᠬᠡᠷᠡᠭᠯᠡᠬᠦ︾ ᠠᠷᠭ᠎ᠠ ᠪᠠᠷ ᠭᠠᠴᠠᠭ᠎ᠠ ᠲᠣᠰᠬᠤᠨ ᠤ ᠶᠡᠷᠦᠩᠬᠡᠶᠢᠯᠡᠭᠰᠡᠨ ᠰᠣᠶᠣᠯ ᠤᠨ ᠦᠢᠯᠡᠴᠢᠯᠡᠭᠡᠨ ᠤ ᠲᠦᠪ ᠲᠤ ᠰᠣᠶᠣᠯ ᠤᠨ ᠲᠣᠰᠬᠠᠢ ᠠᠵᠢᠯ ᠤᠨ ᠬᠠᠮᠢᠶᠠᠷᠤᠯᠳᠡ ᠶᠢᠨ ᠠᠵᠢᠯᠳᠠᠨ ᠢ ᠳᠣᠬᠢᠷᠡᠭᠤᠯᠣᠨ᠎ᠠ᠃       ᠬᠤᠷᠢᠨ ᠳᠣᠯᠣᠳᠣᠭᠠᠷ ᠵᠤᠷᠪᠣᠰ      ᠬᠤᠰᠢᠭᠤ ᠰᠢᠶᠡᠨ ᠤ ᠲᠡᠰ ᠤᠨ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨ ᠦᠪᠡᠷᠳᠡᠭᠡᠨ ᠵᠠᠰᠠᠬᠤ ᠣᠷᠣᠨ ᠤ ᠬᠠᠮᠢᠶ᠎ᠡ ᠪᠦᠬᠦᠢ ᠱᠠᠭᠠᠷᠳᠠᠯᠭ᠎ᠠ ᠶᠢ ᠦᠨᠳᠣᠰᠣᠯᠡᠨ ᠰᠣᠶᠣᠯ ᠤᠨ ᠬᠠᠮᠢᠶᠠᠷᠣᠯᠳᠡ ᠶᠢᠨ ᠠᠵᠢᠯᠳᠠᠨ ᠢ ᠡᠯᠰᠡᠬᠦ ᠪᠠ ᠬᠠᠮᠢᠶᠠᠷᠬᠤ ᠠᠷᠭ᠎ᠠ ᠶᠢ ᠳᠣᠭᠳᠠᠭᠠᠨ᠂ ᠡᠯᠰᠡᠬᠦ ᠪᠡ ᠬᠠᠮᠢᠶᠠᠷᠬᠤ ᠶᠠᠪᠣᠴᠡ ᠳᠤ ᠪᠠᠨ ᠢᠯᠡ ᠳᠣᠳᠣ᠂ ᠡᠷᠬᠡ ᠳᠡᠭᠰᠢ᠂  ᠭᠤᠤᠯᠴᠢ ᠰᠢᠳᠣᠷᠭᠤ  ᠪᠠᠶᠢᠬᠤ ᠬᠡᠷᠡᠭᠳᠡᠢ᠃ ᠰᠣᠶᠣᠯ ᠤᠨ ᠬᠠᠮᠢᠶᠠᠷᠣᠯᠳᠠ ᠶᠢᠨ ᠠᠵᠢᠯᠳᠠᠨ ᠨᠢ ᠨᠠᠮ ᠤᠨ ᠱᠣᠭᠤᠮ ᠴᠢᠭᠯᠡᠯᠳᠡ ᠪᠠ ᠲᠦᠷᠦ ᠶᠢᠨ ᠪᠣᠳᠣᠯᠭ᠎ᠠ ᠶᠢ ᠬᠦᠷᠢᠶᠡᠯᠡᠳᠡᠭ᠂ ᠬᠠᠤᠯᠢ ᠲᠦᠷᠢᠮ ᠢ ᠰᠠᠬᠢᠳᠠᠭ᠂ ᠣᠪᠣᠷ ᠰᠣᠷᠳᠠᠯ ᠰᠠᠶᠢᠨ᠂ ᠣᠯᠠᠨ ᠨᠡᠶᠢᠳᠡ ᠶᠢᠨ ᠦᠢᠯᠡᠴᠢᠯᠡᠭᠡᠨ ᠤ ᠠᠵᠢᠯ ᠳᠤ ᠬᠠᠯᠠᠭᠤᠨ ᠰᠡᠳᠭᠢᠯᠭᠡ ᠲᠠᠢ᠂ ᠵᠣᠬᠢᠬᠤ ᠬᠡᠮᠵᠢᠶᠡᠨ ᠤ ᠰᠣᠶᠣᠯ ᠤᠷᠠᠯᠢᠭ ᠤᠨ ᠮᠡᠳᠡᠯᠭᠡ ᠴᠢᠳᠠᠪᠣᠷᠢ ᠲᠠᠢ ᠪᠠᠶᠢᠬᠤ ᠬᠡᠷᠡᠭᠳᠡᠢ᠃       ᠬᠤᠷᠢᠨ ᠨᠠᠢᠮᠠᠳᠣᠭᠠᠷ ᠵᠣᠷᠪᠣᠰ      ᠭᠠᠴᠠᠭ᠎ᠠ ᠳᠣᠰᠬᠤᠨ ︵ᠨᠡᠶᠢᠬᠡᠮ ᠳᠣᠭᠤᠷᠢᠭ︶ ᠤ ᠰᠣᠶᠣᠯ ᠤᠨ ᠶᠡᠷᠦᠩᠬᠡᠶᠢᠯᠡᠭᠰᠡᠨ ᠦᠢᠯᠡᠴᠢᠯᠡᠭᠡᠨ ᠤ ᠲᠦᠪ ᠤᠨ ᠲᠣᠰᠬᠠᠢ ᠠᠵᠢᠯ ᠤᠨ  ᠬᠠᠮᠢᠶᠠᠷᠣᠯᠲᠡ ᠶᠢᠨ ᠠᠵᠢᠯᠳᠡᠨ ᠳᠣᠬᠠᠢ  ᠶᠢᠨ ᠭᠠᠵᠠᠷ ᠤᠨ ᠣᠯᠠᠨ ᠲᠦᠮᠡᠨ ᠤ ᠪᠠᠨ ᠪᠣᠳᠠᠳᠠᠢ ᠱᠠᠭᠠᠷᠳᠠᠯᠭ᠎ᠠ ᠶᠢ ᠦᠨᠳᠣᠰᠣᠯᠡᠨ᠂ ᠦᠨᠢᠷ ᠪᠠᠶᠠᠯᠢᠭ ᠠᠭᠤᠯᠭ᠎ᠠ  ᠲᠠᠢ᠂ ᠲᠣᠷ᠎ᠠ ᠰᠣᠨᠢᠷᠬᠠᠯ ᠢ ᠨᠢ ᠲᠠᠲᠠᠭᠰᠠᠨ ᠰᠣᠶᠣᠯ ᠲᠠᠮᠢᠷ ᠤᠨ ᠬᠦᠳᠡᠯᠭᠡᠭᠡᠨ ᠢ ᠵᠣᠬᠢᠶᠠᠨ ᠪᠠᠶᠢᠭᠤᠯᠵᠣ᠂ ᠰᠠᠭᠤᠭᠠᠯᠢ ︵ᠲᠣᠰᠬᠤᠨ︶ ᠠᠷᠠᠳ ᠤᠨ ᠦᠪᠡᠷᠳᠡᠭᠡᠨ ᠡᠷᠬᠢᠯᠡᠭᠰᠡᠨ ᠤᠯᠠᠨ ᠲᠦᠮᠡᠨ ᠤ ᠰᠣᠶᠣᠯ ᠲᠡᠮᠢᠷ ᠤᠨ ᠬᠦᠳᠡᠯᠭᠡᠭᠡᠨ ᠳᠤ ᠬᠦᠴᠤ ᠨᠡᠮᠡᠭᠦᠷᠢ ᠦᠵᠡᠭᠦᠯᠦᠨ ᠵᠢᠭᠠᠨ ᠵᠢᠯᠤᠭᠤᠳᠬᠤ ᠬᠡᠷᠡᠭᠳᠡᠢ᠃        ᠬᠤᠷᠢᠨ ᠶᠢᠰᠦᠳᠦᠭᠡᠷ ᠵᠣᠷᠪᠣᠰ     ᠡᠯ᠎ᠡ ᠱᠠᠳᠣᠨ ᠤ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ  ᠤᠨ ᠬᠢᠨ ᠠᠴᠠ ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠤᠨ ᠠᠵᠢᠯᠳᠠᠳ ᠢ ᠲᠣᠭᠳᠠᠭᠰᠠᠨ ᠬᠤᠭᠤᠴᠠᠭ᠎ᠠ ᠲᠠᠢ ᠪᠣᠯᠪᠠᠰᠣᠷᠠᠯ ᠬᠢᠯᠭᠡᠬᠦ ᠬᠡᠷᠡᠭᠳᠡᠢ᠃ ᠡᠯ᠎ᠡ ᠱᠠᠳᠣᠨ ᠤ ᠰᠣᠶᠣᠯ ᠤᠨ ᠪᠣᠯᠪᠠᠰᠣᠷᠠᠭᠤᠯᠣᠯᠲᠠ ᠶᠢᠨ ᠪᠠᠶᠢᠭᠤᠯᠦᠮᠵᠢ᠂ ᠰᠣᠶᠣᠯ ᠤᠨ ᠣᠷᠳᠣᠨ᠂ ᠨᠣᠮ ᠤᠨ ᠰᠠᠩ᠂ ᠣᠷᠠᠯᠢᠭ ᠤᠨ ᠰᠣᠷᠭᠠᠭᠤᠯᠢ ᠂ ᠣᠷᠠᠯᠢᠭ ᠤᠨ ᠪᠦᠯᠭᠦᠮ ᠵᠡᠷᠭᠡ ᠠᠴᠠ ᠪᠣᠯᠪᠠᠰᠣᠷᠠᠭᠤᠯᠣᠯ ᠤᠨ ᠪᠣᠳᠠᠳᠡᠢ ᠡᠭᠦᠷᠭᠡ ᠶᠢ ᠳᠠᠭᠠᠭᠠᠴᠢᠯᠠᠨ ᠠᠪᠴᠣ ᠪᠣᠯᠣᠨ᠎ᠠ᠃ ᠦᠨᠳᠣᠰᠣᠨ ᠱᠠᠳᠣᠨ ᠤ ᠰᠣᠶᠣᠯ ᠤᠨ ᠦᠢᠯᠡᠴᠢᠯᠡᠭᠡᠨ ᠤ ᠲᠦᠪ ᠤᠨ ᠲᠣᠰᠬᠠᠢ ᠠᠵᠢᠯ ᠢ ᠲᠣᠰᠬᠠᠢ ᠪᠣᠶᠣ ᠳᠠᠭᠠᠯᠳᠣᠭᠤᠯᠣᠨ ᠡᠭᠦᠷᠭᠡᠯᠡᠭᠴᠢᠳ ᠪᠣᠯᠪᠠᠰᠣᠷᠠᠯ ᠳᠤ ᠣᠷᠣᠯᠴᠠᠭᠰᠠᠨ ᠴᠠᠭ ᠵᠢᠯ ᠪᠦᠷᠢ 5 ᠣᠳᠠᠭ᠎ᠠ ᠠᠴᠠ ᠳᠣᠭᠤᠭᠰᠢ ᠪᠠᠶᠢᠵᠣ ᠪᠣᠯᠬᠤ ᠦᠭᠡᠢ᠃       ᠭᠤᠴᠢᠳᠣᠭᠠᠷ ᠵᠣᠷᠪᠣᠰ      ᠭᠠᠴᠠᠭ᠎ᠠ ᠲᠣᠰᠬᠤᠨ ︵ᠨᠡᠶᠢᠬᠡᠮ ᠲᠣᠭᠤᠷᠢᠭ︶ ᠶᠡᠷᠦᠩᠬᠡᠶᠢᠯᠡᠭᠰᠡᠨ ᠰᠣᠶᠣᠯ  ᠤᠨ ᠦᠢᠯᠡᠴᠢᠯᠡᠭᠡᠨ ᠤ ᠲᠦᠪ ᠤᠨ ᠰᠣᠶᠣᠯ ᠤᠨ ᠬᠠᠮᠢᠶᠡᠷᠤᠯᠳᠡ ᠶᠢᠨ ᠠᠵᠢᠯᠳᠡᠨ ᠳᠣᠣᠷᠠᠬᠢ ᠬᠡᠳᠣᠨ ᠳᠠᠯ᠎ᠠ ᠶᠢᠨ ᠠᠰᠠᠭᠤᠳᠠᠯ ᠤᠨ ᠠᠯᠢ ᠨᠢᠭᠡᠨ ᠳᠤ ᠬᠤᠯᠪᠣᠭᠳᠠᠭᠰᠠᠨ ᠪᠠᠶᠢᠪᠠᠯ᠂ ᠬᠤᠰᠢᠭᠤ ᠰᠢᠶᠡᠨ ᠤ ᠲᠡᠰ ᠤᠨ ᠰᠣᠶᠣᠯ ᠢ ᠭᠤᠤᠯᠯᠠᠨ ᠬᠠᠮᠢᠶᠡᠷᠬᠤ ᠰᠠᠯᠠᠭ᠎ᠠ ᠮᠦᠴᠢᠷ ᠤᠨ ᠬᠢᠨ ᠠᠴᠠ ᠰᠣᠶᠣᠯ ᠤᠨ ᠬᠠᠮᠢᠶᠠᠷᠣᠯᠳᠡ ᠶᠢᠨ ᠠᠵᠢᠯᠳᠡᠨ ᠤ ᠬᠢᠷᠢ ᠬᠡᠮ ᠤᠨ ᠡᠷᠬᠡ ᠶᠢ ᠨᠢ  ᠬᠤᠰᠣᠵᠣ᠂ ᠪᠣᠰᠣᠳ ᠠᠵᠢᠯᠳᠠᠨ ᠢ ᠣᠷᠣᠨ ᠳᠤ ᠨᠢ ᠣᠷᠢᠵᠣ ᠬᠡᠷᠡᠭᠯᠡᠬᠦ ᠬᠡᠷᠡᠭᠳᠡᠢ᠃       ︵ᠨᠢᠭᠡ︶ ᠲᠣᠰ ᠠᠷᠭ᠎ᠠ ᠶᠢᠨ ᠭᠤᠷᠪᠠᠳᠣᠭᠠᠷ ᠵᠣᠷᠪᠣᠰ ᠤᠨ ᠬᠠᠮᠢᠶ᠎ᠠ ᠪᠦᠬᠦᠢ ᠲᠣᠭᠳᠠᠭᠠᠯ︔       ︵ᠬᠤᠶᠡᠷ︶  ᠲᠣᠰᠬᠤᠨ ︵ᠰᠠᠭᠤᠭᠠᠯᠢ︶ ᠠᠷᠠᠳ ᠤᠨ ᠣᠯᠠᠨ ᠲᠦᠮᠡᠨ ᠤ ᠲᠠᠭᠠᠰᠢᠶᠠᠯ ᠢ  60%   ᠠᠴᠠ ᠳᠣᠭᠤᠭᠰᠢ  ᠣᠯᠣᠭᠰᠠᠨ︔       ︵ᠭᠤᠷᠪᠠ︶ ᠵᠢᠯ ᠤᠨ ᠠᠵᠢᠯ ᠤᠨ ᠡᠭᠦᠷᠭᠡ ᠪᠠᠨ ᠪᠡᠶᠡᠯᠡᠭᠦᠯᠦᠭᠰᠡᠨ ᠨᠣᠷᠮ᠎ᠠ ᠨᠢ  ᠵᠠᠭᠤᠨ ᠤ 90% ᠠᠴᠠ ᠳᠣᠭᠤᠭᠰᠢ ᠪᠣᠯᠣᠭᠰᠠᠨ︔       ︵ᠲᠦᠷᠪᠡ︶ ᠪᠣᠯᠬᠢ ᠪᠦᠳᠦᠭᠦᠯᠢᠭ᠂ ᠡᠷᠡᠭᠦᠯ ᠪᠣᠰᠣ ᠠᠵᠢᠯᠠᠯᠠᠭᠠᠨ ᠳᠤ ᠤᠷᠤᠯᠴᠠᠭᠰᠠᠳ ᠪᠣᠶᠣ ᠵᠣᠬᠢᠶᠡᠨ ᠪᠠᠶᠢᠭᠤᠯᠣᠭᠰᠠᠨ᠂ ᠮᠠᠭᠤ ᠮᠠᠭᠤᠬᠠᠢ ᠨᠦᠯᠦᠭᠡ ᠲᠣᠰᠬᠠᠯ ᠭᠠᠷᠭᠠᠭᠰᠠᠨ︔       ︵ᠳᠠᠪᠤ︶ ᠦᠢᠯᠡᠴᠢᠯᠡᠭᠡᠨ ᠤ ᠴᠢᠨᠠᠷᠳᠡᠢ ᠬᠦᠳᠡᠯᠭᠡᠭᠡᠨ ᠡᠷᠬᠢᠯᠡᠵᠣ ᠪᠠᠶᠢᠬᠤ ᠳᠣᠮᠳᠠ ᠪᠠᠨ ᠬᠠᠣᠯᠢ ᠴᠠᠭᠠᠵᠠ ᠲᠦᠷᠢᠮ ᠲᠣᠭᠳᠠᠭᠠᠯ ᠢ ᠵᠦᠷᠢᠴᠡᠭᠰᠡᠨ᠃        ᠭᠤᠴᠢᠨ ᠨᠢᠭᠡᠳᠦᠭᠡᠷ ᠵᠣᠷᠪᠣᠰ    ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠤᠨ ᠪᠦᠳᠦᠭᠡᠨ ᠪᠠᠶᠢᠭᠤᠯᠣᠯᠳᠠ᠂ ᠰᠡᠯᠪᠢᠨ ᠵᠠᠰᠠᠯᠲᠠ᠂ ᠡᠳᠣᠷ ᠲᠣᠳᠣᠮ ᠤᠨ ᠠᠵᠢᠯ ᠤᠨ ᠡᠷᠭᠢᠯᠲᠡ ᠪᠣᠯᠣᠨ ᠦᠢᠯᠡ ᠠᠵᠢᠯᠯᠠᠭᠠᠨ ᠳᠤ ᠬᠡᠷᠡᠭᠴᠡᠭᠡ ᠲᠠᠢ ᠵᠠᠷᠣᠳᠠᠯ ᠮᠦᠩᠬᠦ ᠢ ᠳᠣᠬᠠᠢ ᠶᠢᠨ ᠭᠠᠵᠠᠷ ᠤᠨ ᠢᠶᠠᠨ ᠦᠨᠳᠦᠰᠣᠨ ᠪᠦᠳᠦᠭᠡᠨ ᠪᠠᠶᠢᠭᠤᠯᠣᠯᠲᠡ ᠶᠢᠨ ᠪᠠᠯᠡ ᠣᠷᠣᠭᠤᠯᠣᠯᠳᠡ ᠶᠢᠨ ᠲᠦᠯᠦᠪᠯᠡᠭᠡ ᠪᠠ ᠡᠳ᠋ ᠤᠨ ᠵᠠᠰᠠᠭ ᠤᠨ ᠲᠦᠯᠦᠪᠯᠡᠭᠡ ᠳᠤ ᠪᠠᠨ ᠣᠷᠣᠭᠤᠯᠬᠤ ᠬᠡᠷᠡᠭᠳᠡᠢ᠂ ᠲᠣᠷ᠎ᠠ ᠪᠠᠷ ᠪᠠᠨ ᠬᠠᠰᠣᠬᠤ  ᠪᠠ ᠨᠡᠭᠦᠯᠭᠡᠨ ᠰᠢᠯᠵᠢᠭᠦᠯᠵᠤ ᠪᠣᠯᠬᠤ ᠦᠭᠡᠢ᠃ ᠦᠪᠡᠷᠳᠡᠭᠡᠨ ᠵᠠᠰᠠᠬᠤ ᠣᠷᠣᠨ᠂ ᠠᠶᠢᠮᠠᠭ ᠬᠤᠳᠠ ᠶᠢᠨ ᠲᠡᠰ ᠤᠨ ᠡᠳ᠋ ᠤᠨ ᠵᠠᠰᠠᠭ ᠠᠴᠠ ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ   ᠤᠨ ᠦᠢᠯᠡᠴᠢᠯᠡᠭᠡᠨ ᠤ ᠲᠦᠪ ᠤᠨ ᠪᠡᠯᠡᠳᠭᠡᠯ ᠲᠦᠬᠦᠭᠡᠷᠦᠮᠵᠢ ᠪᠠ ᠠᠭᠤᠯᠭ᠎ᠠ ᠶᠢᠨ ᠪᠦᠳᠦᠭᠡᠨ ᠪᠠᠶᠢᠭᠤᠯᠣᠯᠳᠠ᠂ ᠲᠣᠨᠤᠭ ᠲᠦᠬᠦᠭᠡᠷᠦᠮᠵᠢ ᠶᠢᠨ ᠰᠢᠨᠡᠴᠢᠯᠡᠯ ᠳᠤ ᠵᠠᠷᠣᠳᠠᠯ ᠮᠦᠩᠭᠦᠨ ᠤ ᠨᠦᠬᠦᠪᠦᠷᠢ ᠣᠯᠭᠤᠪᠠᠯ ᠳᠠᠭᠠᠷᠠᠨ᠎ᠠ᠃        ᠭᠤᠴᠢᠨ ᠬᠤᠶᠡᠳᠣᠭᠠᠷ  ᠵᠣᠷᠪᠣᠰ     ᠠᠷᠠᠳ ᠢᠷᠭᠡᠳ᠂ ᠬᠠᠤᠯᠢ ᠶᠢᠨ ᠬᠠᠷᠢᠭᠤᠴᠠᠯᠭᠠᠳᠣ ᠬᠦᠮᠦᠰ  ᠪᠣᠯᠣᠨ ᠪᠣᠰᠣᠳ ᠵᠣᠬᠢᠶᠡᠨ ᠪᠠᠶᠢᠭᠤᠯᠣᠯᠳᠡ ᠠᠯᠪᠠᠨ ᠵᠢᠷᠦᠮ ᠤᠨ ᠴᠢᠨᠠᠷᠳᠡᠢ ᠨᠡᠶᠢᠬᠡᠮ ᠤᠨ ᠪᠦᠯᠭᠦᠮ ᠪᠣᠶᠣ ᠬᠤᠰᠢᠭᠤ ᠰᠢᠶᠡᠨ ᠤ ᠲᠡᠰ ᠠᠴᠠ ᠳᠡᠭᠡᠭᠰᠢᠬᠢ ᠠᠷᠳ ᠤᠨ ᠵᠠᠰᠠᠭ ᠤᠨ ᠣᠷᠳᠣᠨ ᠵᠢᠴᠢ ᠰᠠᠯᠠᠭ᠎ᠠ ᠮᠦᠴᠢᠷ ᠬᠢᠨ ᠢᠶᠠᠷ ᠳᠠᠮᠵᠢᠭᠤᠯᠣᠨ᠂ ᠦᠨᠳᠦᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠲᠤ ᠬᠠᠨᠳᠢᠪ ᠡᠷᠭᠦᠬᠦ ᠪᠣᠶᠣ ᠡᠳ᠋ ᠮᠦᠩᠭᠦ ᠪᠠᠷ ᠢᠪᠡᠭᠡᠨ ᠳᠡᠳᠭᠦᠬᠦ ᠶᠢ ᠵᠣᠷᠢᠭᠵᠢᠭᠤᠯᠣᠨ᠎ᠠ᠃ ᠦᠨᠳᠣᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠠᠢ ᠰᠣᠶᠣᠯ ᠤᠨ ᠦᠢᠯᠡᠴᠢᠯᠡᠭᠡᠨ ᠤ ᠲᠦᠪ ᠲᠤ ᠬᠠᠤᠯᠢ ᠶᠣᠰᠣ ᠪᠠᠷ ᠬᠦᠷᠦᠩᠭᠡ ᠮᠦᠩᠭᠦ ᠬᠦᠷᠭᠡᠭᠰᠡᠨ ᠠᠷᠠᠳ ᠢᠷᠭᠡᠳ᠂ ᠬᠠᠤᠯᠢ ᠶᠢᠨ ᠬᠠᠷᠢᠭᠤᠴᠠᠯᠭᠠᠳᠣ ᠬᠦᠮᠦᠰ ᠪᠣᠯᠣᠨ ᠪᠣᠰᠣᠳ ᠵᠣᠬᠢᠶᠡᠨ ᠪᠠᠶᠢᠭᠤᠯᠣᠯᠳᠡ  ᠳᠤ ᠬᠠᠮᠢᠶ᠎ᠠ ᠪᠦᠬᠦᠢ  ᠬᠠᠣᠯᠢ ᠶᠢᠨ  ᠳᠦᠷᠢᠮ ᠳᠣᠭᠳᠠᠭᠠᠯ ᠢ ᠦᠨᠳᠣᠰᠣᠯᠠᠨ ᠬᠠᠮᠢᠶᠠᠲᠠᠢ ᠬᠠᠷᠠᠭᠠᠯᠵᠠᠯ ᠢ ᠬᠦᠷᠲᠡᠭᠡᠵᠦ ᠪᠣᠯᠣᠨ᠎ᠠ᠃ ᠳᠠᠪᠣᠳᠣᠭᠠᠷ ᠪᠦᠯᠦᠭ     ᠬᠢᠨᠠᠨ ᠪᠠᠶᠢᠴᠠᠭᠠᠯᠲᠠ ᠪᠠ ᠬᠢᠨᠠᠨ ᠰᠢᠯᠭᠠᠯᠲᠠ        ᠭᠤᠴᠢᠨ ᠭᠤᠷᠪᠠᠳᠣᠭᠠᠷ ᠵᠣᠷᠪᠣᠰ    ᠬᠤᠰᠢᠭᠤ ᠰᠢᠶᠡᠨ ᠤ ᠲᠡᠰ ᠤᠨ ᠠᠷᠠᠳ ᠤᠨ ᠵᠠᠰᠠᠭ ᠤᠨ ᠣᠷᠳᠣᠨ᠂ ᠰᠣᠶᠣᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨ ᠠᠴᠠ ᠬᠠᠷᠢᠭᠤᠴᠠᠨ᠂ ᠦᠨᠳᠦᠨᠰᠣᠨ ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ ᠦᠢᠯᠡᠴᠢᠯᠡᠭᠡᠨ ᠤ ᠲᠦᠪ ᠤᠨ  ᠪᠠᠷᠢᠯᠭ᠎ᠠ ᠲᠦᠬᠦᠭᠡᠷᠦᠮᠵᠢ᠂ ᠵᠠᠷᠤᠳᠠᠯ ᠮᠦᠩᠭᠦᠨ ᠤ  ᠪᠡᠯᠡ ᠣᠷᠣᠭᠤᠯᠣᠯᠳᠡ᠂ ᠠᠵᠢᠯ ᠤᠨ ᠴᠢᠳᠡᠪᠬᠢ ᠶᠢᠨ ᠪᠠᠶᠢᠳᠠᠯ ᠳᠤ ᠳᠣᠭᠳᠠᠭᠰᠠᠨ ᠬᠤᠭᠤᠴᠠᠭ᠎ᠠ ᠲᠠᠢ ᠬᠢᠨᠠᠨ ᠪᠠᠶᠢᠴᠠᠭᠠᠯᠳᠠ᠂ ᠬᠢᠨᠠᠨ ᠳᠣᠭᠳᠠᠭᠠᠯ ᠬᠢᠬᠦ ᠬᠡᠷᠡᠭᠳᠡᠢ᠃  ᠦᠨᠳᠦᠰᠦᠨ  ᠱᠠᠳᠣᠨ ᠤ ᠶᠡᠷᠦᠩᠬᠡᠶᠢᠯᠡᠭᠰᠡᠨ ᠴᠢᠨᠠᠷᠳᠡᠢ ᠰᠣᠶᠣᠯ ᠤᠨ  ᠦᠢᠯᠡᠴᠢᠯᠡᠭᠡᠨ ᠤ ᠲᠦᠪ ᠤᠨ ᠪᠦᠳᠦᠭᠡᠨ ᠪᠠᠶᠢᠭᠤᠯᠣᠯᠳᠡ ᠶᠢᠨ ᠪᠠᠶᠢᠳᠠᠯ ᠢ ᠦᠪᠡᠷᠳᠡᠭᠡᠨ ᠵᠠᠰᠠᠬᠤ ᠣᠷᠣᠨ  ᠪᠠ ᠭᠠᠵᠠᠷ ᠣᠷᠣᠨ ᠤ ᠴᠢᠨᠠᠷᠳᠡᠢ ᠰᠣᠶᠣᠯ ᠤᠨ ᠲᠡᠷᠢᠭᠦᠨ ᠢ ᠡᠭᠦᠳᠴᠤ ᠰᠢᠯᠢᠳᠡᠭ ᠢ ᠦᠨᠡᠯᠡᠬᠦ ᠬᠢᠨᠠᠨ ᠰᠢᠯᠭᠠᠬᠤ ᠭᠦᠢᠴᠡᠳᠭᠡᠯ ᠲᠤᠭ᠎ᠠ ᠶᠢᠨ ᠰᠢᠰᠲ᠋ᠧᠮ ᠲᠤ  ᠣᠷᠣᠭᠤᠯᠬᠤ ᠬᠡᠷᠡᠭᠳᠡᠢ᠃       ᠭᠤᠴᠢᠨ ᠳᠦᠷᠪᠡᠳᠦᠭᠡᠷ ᠵᠣᠷᠪᠣᠰ    ᠲᠠᠷᠢᠶᠡᠯᠡᠬᠤ ᠮᠠᠯᠵᠢᠬᠤ ᠣᠷᠣᠨ ᠤ ᠰᠣᠶᠣᠯ ᠤᠨ ᠪᠦᠳᠦᠭᠡᠨ ᠪᠠᠶᠢᠭᠤᠯᠣᠯᠳᠡ ᠶᠢᠨ ᠳᠣᠮᠳᠠ ᠳᠣᠪᠣᠶᠢᠮ᠎ᠡ ᠬᠤᠪᠢ ᠨᠡᠮᠡᠭᠦᠷᠢ ᠪᠠᠨ ᠦᠵᠡᠭᠦᠯᠦᠭᠰᠡᠨ ᠦᠨᠳᠦᠰᠣᠨ ᠱᠠᠳᠣᠨ ᠤ  ᠶᠡᠷᠦᠩᠬᠡᠶᠢᠯᠡᠭᠰᠡᠨ ᠴᠢᠨᠠᠷᠳᠡᠢ ᠰᠣᠶᠣᠯ ᠶᠢᠨ ᠦᠢᠯᠡᠴᠢᠯᠡᠭᠡᠨ ᠤ ᠲᠦᠪ ᠪᠠ ᠳᠣᠰᠬᠠᠢ ᠠᠵᠢᠯᠳᠠᠨ ᠳᠤ ᠬᠤᠰᠢᠭᠤ ᠰᠢᠶᠡᠨ ᠤ ᠲᠡᠰ ᠠᠴᠠ ᠳᠠᠭᠡᠭᠰᠢᠬᠢ ᠠᠷᠠᠳ ᠤᠨ ᠵᠠᠰᠠᠭ ᠤᠨ ᠣᠷᠳᠣᠨ ᠪᠣᠶᠣ ᠬᠠᠮᠢᠶ᠎ᠠ ᠪᠦᠬᠦᠢ ᠰᠠᠯᠠᠭ᠎ᠠ ᠮᠦᠴᠢᠷ ᠤᠨ  ᠬᠢᠨ ᠠᠴᠠ ᠱᠠᠩᠨᠠᠯ ᠬᠦᠬᠢᠭᠦᠯᠦᠯ ᠬᠦᠷᠳᠡᠭᠡᠪᠠᠯ ᠳᠠᠭᠠᠷᠠᠨ᠎ᠠ᠃ᠵᠢᠷᠭᠤᠳᠣᠭᠠᠷ ᠪᠦᠯᠦᠭ     ᠳᠠᠭᠠᠯᠳᠣᠭᠤᠯᠣᠯ  ᠲᠦᠷᠢᠮ       ᠭᠤᠴᠢᠨ ᠳᠠᠪᠣᠳᠣᠭᠠᠷ ᠵᠣᠷᠪᠣᠰ      ᠡᠯ᠎ᠡ ᠠᠶᠢᠮᠠᠭ ᠬᠤᠳᠠ᠂ ᠬᠤᠰᠢᠭᠤ ᠰᠢᠶᠡᠨ ︵ᠬᠤᠳᠠ ᠳᠣᠭᠤᠷᠢᠭ︶ ᠲᠣᠰ ᠠᠷᠭ᠎ᠠ ᠶᠢ ᠦᠨᠳᠣᠰᠣᠯᠡᠨ ᠪᠣᠳᠠᠳᠠᠢ ᠬᠡᠷᠡᠭᠵᠢᠬᠦᠯᠬᠦ ᠨᠠᠷᠢᠨ ᠳᠦᠷᠢᠮ ᠢ ᠳᠣᠭᠳᠠᠭᠠᠬᠤ ᠬᠡᠷᠡᠭᠳᠡᠢ᠃       ᠭᠤᠴᠢᠨ ᠵᠢᠷᠭᠤᠳᠣᠭᠠᠷ ᠵᠣᠷᠪᠣᠰ       ᠲᠣᠰ ᠠᠷᠭ᠎ᠠ ᠶᠢ  ᠲᠠᠷᠬᠠᠭᠠᠭᠰᠠᠨ ᠡᠳᠦᠷ ᠠᠴᠠ ᠡᠬᠢᠯᠡᠨ  ᠳᠣᠷᠰᠢᠨ ᠬᠡᠷᠡᠭᠵᠢᠭᠦᠯᠦᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号