ᠳᠥᠷᠪᠡᠨ ᠰᠠᠯᠠᠭ᠎ᠠ ᠮᠥᠴᠢᠷ ᠬᠤᠶᠠᠳᠤᠭᠠᠷ ᠪᠦᠯᠦᠭ ᠤᠨ ᠬᠤᠪᠢᠰᠬᠠᠯᠲᠤ ᠲᠡᠤᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠵᠤ ᠠᠰᠢᠭᠯᠠᠬᠤ ᠬᠤᠪᠢᠶᠠᠷᠢ ᠲᠤᠭᠤᠷᠢᠭ ᠢ ᠰᠢᠶᠠᠨ ᠬᠤᠪᠢᠶᠠᠭᠰᠠᠨ ᠨᠡᠷᠡᠰ ᠢ ᠨᠡᠶᠢᠲᠡᠯᠡᠪᠡ
ᠨᠡᠶᠢᠲᠡᠯᠡᠭᠰᠡᠨ ᠴᠠᠭ᠄
2020/7/7
     ᠣᠶᠢᠷ᠎ᠠ ᠳᠤ᠂ ᠲᠥᠪ ᠬᠤᠷᠢᠶᠠᠨ ᠤ ᠤᠬᠠᠭᠤᠯᠬᠤ ᠬᠡᠯᠲᠡᠰ᠂ ᠡᠳ᠋ ᠤᠨ ᠵᠠᠰᠠᠭ ᠤᠨ ᠶᠠᠮᠤᠨ᠂ ᠰᠣᠶᠣᠯ ᠪᠠ ᠵᠢᠭᠤᠯᠴᠢᠯᠠᠯ ᠤᠨ ᠶᠠᠮᠤᠨ᠂ ᠤᠯᠤᠰ ᠤᠨ ᠲᠡᠤᠬᠡ ᠶᠢᠨ ᠳᠤᠷᠠᠰᠬᠠᠯᠲᠤ  ᠵᠦᠢᠯᠡᠰ ᠤᠨ ᠲᠣᠪᠴᠢᠶ᠎ᠠ ᠬᠤᠶᠠᠳᠤᠭᠠᠷ ᠪᠦᠯᠦᠭ ᠤᠨ ᠬᠤᠪᠢᠰᠬᠠᠯᠲᠤ ᠲᠡᠤᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠵᠤ ᠠᠰᠢᠭᠯᠠᠬᠤ ᠬᠤᠪᠢᠶᠠᠷᠢ ᠲᠤᠭᠤᠷᠢᠭ ᠢ ᠰᠢᠶᠠᠨ ᠬᠤᠪᠢᠶᠠᠭᠰᠠᠨ ᠨᠡᠷᠡᠰ ᠢ ᠨᠡᠶᠢᠲᠡᠯᠡᠪᠡ᠃ ᠬᠤᠶᠠᠳᠤᠭᠠᠷ ᠪᠦᠯᠦᠭ ᠤᠨ ᠬᠤᠪᠢᠰᠬᠠᠯᠲᠤ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠵᠤ ᠠᠰᠢᠭᠯᠠᠬᠤ ᠬᠤᠪᠢᠶᠠᠷᠢ ᠲᠤᠭᠤᠷᠢᠭ ᠢ ᠰᠢᠶᠠᠨ ᠬᠤᠪᠢᠶᠠᠭᠰᠠᠨ ᠨᠡᠷᠡᠰ ᠨᠢ ᠲᠥᠪᠯᠡᠷᠡᠭᠦᠯᠦᠨ ᠵᠠᠯᠭᠠᠯᠳᠤᠭᠤᠯᠬᠤ᠂ ᠭᠤᠤᠯᠳᠠᠯᠭ᠎ᠠ ᠶᠢ ᠳᠣᠪᠤᠶᠢᠯᠭᠠᠬᠤ᠂ ᠤᠯᠤᠰ ᠠᠴᠠ ᠨᠢᠭᠡᠳᠦᠯᠲᠡᠶ ᠲᠥᠯᠦᠪᠯᠡᠬᠦ᠂ ᠣᠷᠣᠨ ᠬᠤᠪᠢᠶᠠᠷᠢᠯᠠᠯ ᠨᠢ ᠪᠦᠷᠢᠨ ᠪᠦᠲᠦᠨ ᠪᠠᠶᠢᠬᠤ ᠵᠠᠷᠴᠢᠮ ᠢ ᠦᠨᠳᠦᠰᠦᠯᠡᠵᠦ᠂ ᠶᠠᠫᠣᠨ ᠢ ᠡᠰᠡᠷᠭᠦᠴᠡᠬᠦ ᠳᠠᠶᠢᠨ ᠤ ᠦᠶ᠎ᠡ ᠶᠢᠨ ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠢᠶᠠᠷ ᠭᠤᠣᠯ ᠴᠣᠭᠴᠠ ᠪᠣᠯᠭᠠᠵᠤ᠂ ᠤᠯᠠᠭᠠᠨ ᠴᠡᠷᠢᠭ ᠤᠨ ᠤᠷᠲᠤ ᠵᠠᠮ ᠤᠨ ᠠᠶᠠᠨ ᠳᠠᠶᠢᠨ᠂ ᠪᠠᠷᠠᠭᠤᠨ ᠵᠠᠮ ᠤᠨ ᠴᠡᠷᠢᠭ᠂ ᠵᠡᠭᠦᠨ ᠬᠤᠶᠢᠲᠤ ᠶᠢᠨ ᠶᠠᠫᠣᠨ ᠢ ᠡᠰᠡᠷᠭᠦᠴᠡᠬᠦ ᠬᠤᠯᠪᠣᠭᠠᠲᠤ ᠴᠡᠷᠢᠭ ᠤᠨ ᠬᠤᠪᠢᠰᠬᠠᠯ ᠤᠨ ᠲᠡᠦᠬᠡᠨ ᠪᠤᠳᠠᠲᠤ ᠪᠠᠶᠢᠳᠠᠯ ᠪᠣᠯᠤᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪᠡᠳ᠂ ᠰᠢᠨᠵᠢᠶᠠᠩ ᠤᠨ ᠠᠷᠠᠳ ᠲᠦᠮᠡᠨ ᠢ ᠤᠳᠤᠷᠢᠳᠤᠭᠰᠠᠨ ᠬᠤᠪᠢᠰᠬᠠᠯᠲᠤ ᠠᠵᠢᠯᠯᠠᠭ᠎ᠠ ᠶᠢ ᠨᠢᠭᠡᠳᠦᠯᠲᠡᠢ ᠲᠥᠯᠥᠪᠯᠡᠨ ᠪᠤᠳᠤᠯᠬᠢᠯᠠᠵᠤ᠂ ᠬᠤᠪᠢᠰᠬᠠᠯ ᠤᠨ ᠲᠡᠤᠬᠡᠨ ᠪᠣᠳᠠᠲᠤ ᠬᠡᠷᠡᠭ ᠢᠶᠠᠷ ᠰᠠᠭᠤᠷᠢ ᠪᠣᠯᠭᠠᠨ᠂ ᠨᠠᠮ ᠤᠨ ᠲᠡᠤᠬᠡ ᠶᠢᠨ ᠡᠷᠬᠡ ᠰᠦᠷᠲᠦ ᠰᠤᠷᠪᠤᠯᠵᠢ ᠪᠢᠴᠢᠭ ᠪᠣᠯᠤᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠡᠤᠬᠡ ᠶᠢᠨ ᠰᠤᠳᠤᠯᠭᠠᠨ ᠤ ᠬᠠᠮᠤᠭ ᠤᠨ ᠰᠢᠨ᠎ᠡ ᠦᠷ᠎ᠡ ᠪᠦᠲᠦᠭᠡᠯ ᠢᠶᠠᠷ ᠯᠠᠪᠯᠠᠯᠲᠠ ᠪᠣᠯᠭᠠᠨ᠂  ᠬᠤᠪᠢᠰᠬᠠᠯᠲᠤ ᠲᠡᠤᠬᠡ ᠶᠢᠨ ᠳᠤᠷᠠᠰᠬᠠᠯᠲᠤ  ᠵᠦᠢᠯ ᠢᠶᠠᠷ ᠦᠨᠳᠦᠰᠦᠯᠡᠯ  ᠪᠣᠯᠭᠠᠨ ᠨᠡᠶᠢᠲᠡ 22 ᠲᠣᠭᠤᠷᠢᠭ ᠢ ᠲᠤᠭᠲᠠᠭᠠᠭᠰᠠᠨ ᠶᠤᠮ  ᠃          ᠬᠤᠶᠠᠳᠤᠭᠠᠷ ᠪᠦᠯᠦᠭ ᠤᠨ ᠬᠤᠪᠢᠰᠬᠠᠯᠲᠤ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠵᠤ ᠠᠰᠢᠭᠯᠠᠬᠤ ᠬᠤᠪᠢᠶᠠᠷᠢ ᠲᠤᠭᠤᠷᠢᠭ ᠲᠤ ᠤᠷᠲᠤ ᠵᠠᠮ ᠤᠨ ᠠᠶᠠᠨ ᠳᠠᠶᠢᠨ᠂ ᠪᠠᠷᠠᠭᠤᠨ ᠵᠠᠮ ᠤᠨ ᠴᠡᠷᠢᠭ᠂ ᠵᠡᠭᠦᠨ ᠬᠤᠶᠢᠲᠤ ᠶᠢᠨ ᠶᠠᠫᠣᠨ ᠢ ᠡᠰᠡᠷᠭᠦᠴᠡᠬᠦ ᠬᠤᠯᠪᠣᠭᠠᠲᠤ ᠴᠡᠷᠢᠭ᠂ ᠱᠠᠨᠰᠢ —ᠭᠠᠨᠰᠦ —ᠨᠢᠩᠰᠢᠶᠠ᠂ ᠱᠠᠨ ᠰᠢ— ᠰᠦᠢᠶᠤᠸᠠᠨ᠂ ᠱᠠᠨ ᠰᠢ— ᠴᠠᠬᠠᠷ — ᠾᠧᠪᠧᠢ᠂ ᠾᠧᠪᠧᠶ— ᠷᠧ ᠾᠧ— ᠯᠢᠶᠣᠤᠨᠢᠩ᠂ ᠾᠧᠪᠧᠶ — ᠱᠠᠨᠳᠦ᠋ᠩ— ᠡᠾᠧᠨᠠᠨ᠂ ᠱᠠᠨᠳᠦ᠋ᠩ᠂ ᠵᠢᠶᠠᠩᠰᠦ ᠶᠢᠨ ᠳᠤᠮᠳᠠ ᠬᠡᠰᠡᠭ᠂ ᠵᠢᠶᠠᠩᠰᠦ ᠶᠢᠨ ᠡᠮᠦᠨᠡᠲᠦ ᠬᠡᠰᠡᠭ᠂ ᠬᠤᠸᠠᠶᠢᠾᠧ ᠭᠤᠣᠯ ᠤᠨ ᠬᠤᠶᠢᠲᠤ ᠬᠡᠰᠡᠭ᠂ ᠬᠤᠸᠠᠶᠢᠾᠧ ᠭᠤᠣᠯ ᠤᠨ ᠡᠮᠦᠨᠡᠲᠦ ᠬᠡᠰᠡᠭ᠂ ᠠᠨᠾᠦ᠋ᠢ ᠶᠢᠨ ᠳᠤᠮᠳᠠ ᠬᠡᠰᠡᠭ᠂ ᠵᠧᠵᠢᠶᠠᠩ ᠤᠨ ᠵᠡᠭᠦᠨ ᠬᠡᠰᠡᠭ᠂ ᠭᠤᠸᠠᠩᠳᠦ᠋ᠩ᠂ ᠴᠢᠶᠦ᠋ᠩ ᠶᠠ᠂ ᠬᠤᠨᠠᠨ — ᠬᠤᠪᠸᠢ — ᠵᠢᠶᠠᠩᠰᠢ᠂ ᠬᠤᠪᠸᠢ — ᠾᠧᠨᠠᠨ —ᠠᠨᠾᠦ᠋ᠢ᠂ ᠡᠾᠧᠨᠠᠨ᠂ ᠲᠥᠪᠡᠳ᠂ ᠰᠢᠨᠵᠢᠶᠠᠩ ᠤᠨ ᠬᠡᠰᠡᠭ ᠣᠷᠣᠨ ᠵᠡᠷᠭᠡ 31 ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ ᠶᠢᠨ 228 ᠬᠤᠳᠠ ᠂ 988 ᠰᠢᠶᠠᠨ ᠬᠠᠮᠤᠷᠤᠭᠳᠠᠨ᠎ᠠ᠃ ᠬᠤᠶᠠᠷ ᠪᠦᠯᠦᠭ ᠬᠤᠪᠢᠰᠬᠠᠯᠲᠤ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠵᠤ ᠠᠰᠢᠭᠯᠠᠬᠤ ᠬᠤᠪᠢᠶᠠᠷᠢ ᠲᠤᠭᠤᠷᠢᠭ ᠨᠢ 31 ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ ᠪᠣᠯᠤᠨ ᠰᠢᠨᠵᠢᠶᠠᠩ ᠤᠨ ᠦᠢᠯᠡᠳᠪᠦᠷᠢᠯᠡᠯ ᠪᠥᠲᠦᠭᠡᠨ ᠪᠠᠶᠢᠭᠤᠯᠤᠯᠲᠠ ᠶᠢᠨ ᠪᠢᠩᠲ᠋ᠤᠸᠠᠨ ᠤ 268 ᠬᠤᠳᠠ ᠂ 1433 ᠰᠢᠶᠠᠨ ᠳᠤ ᠬᠤᠯᠪᠤᠭᠳᠠᠨ᠎ᠠ᠃ ᠳᠥᠷᠪᠡᠨ ᠰᠠᠯᠠᠭ᠎ᠠ ᠮᠥᠴᠢᠷ ᠳᠠᠷᠠᠭ᠎ᠠ ᠪᠠᠷ ᠬᠤᠪᠢᠰᠬᠠᠯ ᠤᠨ ᠲᠡᠦᠬᠡᠨ ᠪᠣᠳᠠᠲᠤ ᠬᠡᠷᠡᠭ ᠪᠠ  ᠬᠤᠪᠢᠰᠬᠠᠯᠲᠤ ᠲᠡᠦᠬᠡ ᠶᠢᠨ ᠳᠤᠷᠠᠰᠬᠠᠯᠲᠤ ᠵᠦᠢᠯᠡᠰ ᠤᠨ ᠲᠥᠷᠥᠯ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ ᠶᠢᠨ ᠬᠤᠪᠢᠷᠠᠯᠲᠠ ᠶᠢᠨ ᠪᠠᠶᠢᠳᠠᠯ ᠢ ᠦᠨᠳᠦᠰᠦᠯᠡᠨ  ᠬᠤᠪᠢᠰᠬᠠᠯᠲᠤ ᠲᠡᠤᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠵᠤ ᠠᠰᠢᠭᠯᠠᠬᠤ ᠬᠤᠪᠢᠶᠠᠷᠢ ᠲᠤᠭᠤᠷᠢᠭ ᠢ ᠴᠠᠭ ᠲᠤᠬᠠᠶ ᠳᠤ ᠨᠢ ᠲᠡᠭᠦᠯᠳᠡᠷᠵᠢᠬᠦᠯᠦᠨ᠎ᠡ᠃
 
ᠢᠷᠡᠯᠲᠡ᠄ ᠰᠣᠶᠣᠯ ᠵᠢᠭᠤᠯᠴᠢᠯᠠᠯ ᠤᠨ ᠶᠠᠮᠤᠨ ᠤ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号