《 ᠤᠯᠤᠰ ᠤᠨ ᠢᠴᠢᠭᠦᠷᠢ ᠶᠢ ᠡᠭᠦᠷᠢᠳᠡ ᠴᠡᠭᠡᠵᠢᠯᠡᠵᠦ ᠳᠤᠮᠳᠠᠳᠤ ᠶᠢᠨ ᠵᠡᠭᠦᠳᠦ ᠶᠢ ᠪᠠᠲᠤ ᠲᠡᠷᠭᠡᠯᠰᠢᠭᠦᠯᠬᠦ》— ᠵᠣᠣ ᠵᠢᠶᠦ᠋ᠨ ᠮᠦᠽᠧᠶ ᠤᠯᠤᠰ ᠤᠨ ᠨᠡᠶᠢᠲᠡ ᠶᠢᠨ ᠲᠠᠬᠢᠯᠭ᠎ᠠ ᠶᠢᠨ ᠡᠳᠦᠷ ᠤᠨ ᠭᠤᠤᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠥᠷᠨᠢᠭᠦᠯᠪᠡ
ᠨᠡᠶᠢᠲᠡᠯᠡᠭᠰᠡᠨ ᠴᠠᠭ᠄
2021/12/21
    ᠨᠠᠶᠮᠠᠳᠤᠭᠠᠷ ᠨᠠᠨᠵᠢᠩ ᠤᠨ ᠶᠡᠭᠡ ᠬᠢᠳᠤᠯᠭ᠎ᠠ ᠳᠤ ᠬᠤᠤᠷᠯᠠᠭᠳᠠᠭᠰᠠᠳ ᠢ ᠭᠠᠰᠢᠭᠤᠳᠠᠬᠤ ᠤᠯᠤᠰ ᠤᠨ ᠨᠡᠶᠢᠲᠡ  ᠶᠢᠨ ᠲᠠᠬᠢᠯᠭ᠎ᠠ ᠶᠢᠨ ᠡᠳᠦᠷ ᠤᠨ ᠲᠠᠰᠢᠷᠠᠮ ᠢᠶᠠᠷ᠂ ᠨᠠᠨᠵᠢᠩ ᠤᠨ ᠶᠡᠭᠡ ᠬᠢᠳᠤᠯᠭ᠎ᠠ ᠳᠤ ᠬᠤᠤᠷᠯᠠᠭᠳᠠᠭᠰᠠᠨ ᠠᠬ᠎ᠠ ᠳᠡᠭᠦᠦ ᠨᠡᠷ ᠢᠶᠠᠨ ᠳᠤᠷᠠᠰᠤᠨ ᠰᠠᠨᠠᠭᠠᠯᠵᠠᠵᠤ᠂ ᠪᠥᠬᠦ ᠠᠵᠢᠯᠲᠠᠨ ᠠᠵᠢᠯᠴᠢᠨ ᠳᠤ ᠲᠡᠦᠬᠡ ᠶᠢ ᠪᠠᠲᠤ ᠴᠡᠭᠡᠵᠢᠯᠡᠭᠦᠯᠵᠦ᠂ ᠤᠯᠤᠰ ᠤᠨ ᠢᠴᠢᠭᠦᠷᠢ ᠶᠢ ᠥᠯᠥ ᠮᠠᠷᠲᠠᠭᠤᠯᠵᠤ᠂ ᠣᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠭᠦᠯᠵᠦ᠂ ᠤᠯᠤᠰ ᠢᠶᠠᠨ ᠬᠠᠶᠢᠷᠠᠯᠠᠬᠤ ᠬᠠᠯᠠᠭᠤᠨ ᠰᠡᠳᠬᠢᠯᠭᠡ ᠪᠠ ᠠᠵᠢᠯ ᠤᠨ ᠡᠷᠴᠢ ᠵᠣᠷᠢᠭ ᠢ ᠨᠢ ᠬᠥᠭᠵᠢᠭᠡᠬᠦ ᠶᠢᠨ ᠲᠥᠯᠥᠭᠡ᠂ 12 ᠳ᠋ᠤᠭᠠᠷ ᠰᠠᠷ᠎ᠠ ᠶᠢᠨ 13 ᠤ ᠦᠳᠡ ᠶᠢᠨ ᠡᠮᠦᠨ᠎ᠡ᠂ ᠵᠣᠣ ᠵᠢᠶᠦ᠋ᠨ ᠮᠦᠽᠧᠶ  ᠶᠢᠨ ᠬᠢᠨ ᠪᠥᠬᠦ ᠠᠵᠢᠯᠲᠠᠨ ᠠᠵᠢᠯᠴᠢᠨ ᠢᠶᠠᠨ ᠵᠣᠬᠢᠶᠠᠨ ᠪᠠᠶᠢᠭᠤᠯᠵᠤ 《 ᠤᠯᠤᠰ ᠤᠨ ᠢᠴᠢᠭᠦᠷᠢ ᠶᠢ ᠡᠭᠦᠷᠢᠳᠡ ᠴᠡᠭᠡᠵᠢᠯᠡᠵᠦ᠂ ᠳᠤᠮᠳᠠᠳᠤ ᠶᠢᠨ ᠵᠡᠭᠦᠳᠦ ᠶᠢ ᠪᠠᠲᠤ ᠲᠡᠷᠭᠡᠯᠰᠢᠭᠦᠯᠬᠦ 》ᠤᠯᠤᠰ ᠤᠨ ᠨᠡᠶᠢᠲᠡ ᠶᠢᠨ ᠲᠠᠬᠢᠯᠭ᠎ᠠ ᠶᠢᠨ ᠡᠳᠦᠷ ᠤᠨ ᠭᠤᠤᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ ᠬᠠᠮᠲᠤ ᠪᠠᠷ ᠥᠷᠨᠢᠭᠦᠯᠪᠡ᠃    ᠠᠵᠢᠯᠯᠠᠭ᠎ᠠ ᠡᠬᠢᠯᠡᠬᠦ ᠳᠤ ᠡᠩ ᠲᠡᠷᠢᠭᠦᠨ ᠳᠤ ᠤᠯᠤᠰ ᠤᠨ ᠲᠤᠭ ᠮᠠᠨᠳᠤᠭᠤᠯᠬᠤ᠂ ᠤᠯᠤᠰ ᠤᠨ ᠲᠤᠭ ᠢ ᠬᠠᠭᠠᠰ ᠪᠠᠭᠤᠯᠭᠠᠬᠤ ᠶᠣᠰᠣᠯᠠᠯ ᠶᠠᠪᠤᠭᠤᠯᠪᠠ᠃《 ᠵᠢᠷᠤᠮ ᠤᠨ ᠴᠡᠷᠢᠭ ᠤᠨ ᠤᠷᠤᠭᠰᠢᠯᠠᠯᠲᠠ ᠶᠢᠨ ᠳᠠᠭᠤᠤ 》ᠬᠠᠩᠭᠢᠨᠠᠮ᠎ᠠ ᠴᠤᠤᠷᠢᠶᠠᠲᠤᠬᠤ ᠶᠢ ᠳᠠᠭᠠᠯᠳᠤᠨ᠂ ᠲᠠᠯᠠᠪᠠᠶ ᠳᠠᠶᠠᠭᠠᠷ ᠢᠶᠠᠨ ᠤᠯᠤᠰ ᠤᠨ ᠰᠦᠯᠳᠡ ᠳᠠᠭᠤᠤ ᠶᠢ ᠬᠠᠩᠭᠢᠨᠠᠲᠠᠯ᠎ᠠ ᠳᠠᠭᠤᠯᠠᠵᠤ᠂ ᠤᠯᠤᠰ ᠤᠨ ᠲᠤᠭ ᠠᠯᠭᠤᠷᠬᠠᠨ ᠢᠶᠠᠷ ᠲᠤᠭ ᠤᠨ ᠡᠰᠢ ᠶᠢᠨ ᠣᠷᠣᠶ ᠳᠤ ᠭᠠᠷᠴᠤ᠂ ᠤᠯᠤᠰ ᠤᠨ ᠰᠦᠯᠳᠡ ᠳᠠᠭᠤᠤ ᠶᠢᠨ ᠲᠠᠭᠤᠨ ᠨᠠᠮᠬᠠᠨ ᠵᠣᠭᠰᠣᠵᠤ᠂ ᠳᠠᠬᠢᠨ ᠠᠯᠭᠤᠷᠬᠠᠨ ᠢᠶᠠᠷ ᠲᠤᠭ ᠤᠨ ᠳᠣᠤᠷ᠎ᠠ ᠬᠠᠭᠠᠰ ᠲᠤ ᠬᠦᠷᠴᠦ᠂ ᠪᠥᠬᠦ ᠬᠥᠮᠦᠰ ᠲᠣᠯᠣᠭᠠᠶ ᠪᠥᠬᠦᠶᠢᠨ ᠲᠥᠪ ᠵᠣᠭᠰᠣᠵᠤ᠂ ᠪᠡᠶ᠎ᠡ ᠦᠷᠡᠭᠳᠡᠭᠰᠡᠨ ᠠᠬ᠎ᠠ ᠳᠡᠭᠦᠦ ᠨᠡᠷ ᠢᠶᠠᠨ 1 ᠮᠢᠨᠦ᠋ᠲ ᠭᠠᠰᠢᠭᠤᠳᠠᠵᠤ᠂ ᠨᠠᠨᠵᠢᠩ ᠤᠨ ᠶᠡᠭᠡ ᠬᠢᠳᠤᠯᠭ᠎ᠠ ᠳᠤ ᠪᠡᠶ᠎ᠡ ᠦᠷᠡᠭᠳᠡᠭᠰᠡᠨ ᠡᠯᠢᠭᠡᠨ ᠰᠠᠳᠤᠨ ᠠᠬ᠎ᠠ ᠳᠡᠭᠦᠦ ᠨᠡᠷ ᠢᠶᠠᠨ ᠭᠠᠰᠢᠭᠤᠳᠠᠵᠤ᠂ ᠲᠠᠭᠤᠨ ᠥᠬᠡᠶ ᠦᠭᠡ ᠬᠡᠯᠡ ᠪᠠᠷ ᠬᠦᠨᠳᠦ ᠨᠦᠰᠡᠷ ᠭᠠᠰᠢᠭᠤᠳᠠᠯ ᠢᠶᠠᠨ ᠢᠯᠡᠳᠬᠡᠪᠡ᠃
      ᠳᠠᠷᠠᠭ᠎ᠠ ᠨᠢ᠂ ᠤᠬᠠᠭᠤᠯᠭ᠎ᠠ ᠬᠥᠮᠦᠵᠢᠯ ᠤᠨ ᠬᠡᠯᠲᠡᠰ ᠤᠨ ᠲᠠᠶᠢᠯᠪᠤᠷᠢᠯᠠᠭᠴᠢ《 ᠤᠯᠤᠰ ᠤᠨ ᠢᠴᠢᠭᠦᠷᠢ ᠶᠢ ᠦᠯᠦ ᠮᠠᠷᠲᠠᠨ ᠡᠩᠬᠡ ᠲᠠᠶᠢᠪᠤᠩ ᠢ ᠨᠠᠨᠳᠢᠩᠨᠠᠶ᠎ᠠ 》ᠭᠡᠬᠦ ᠰᠢᠯᠦᠭ ᠢ ᠤᠩᠰᠢᠵᠤ᠂ ᠢᠳᠡ ᠬᠦᠴᠦᠲᠡᠢ ᠤᠩᠰᠢᠯᠭ᠎ᠠ  ᠶᠢᠨ ᠳᠠᠭᠤᠨ ᠨᠢ ᠤᠯᠠᠨ ᠳᠤ ᠭᠦᠨ ᠪᠣᠳᠣᠯᠭᠠᠰᠢᠷᠠᠯ ᠤᠨ ᠳᠤᠮᠳᠠ ᠰᠡᠳᠬᠢᠯ ᠵᠢᠷᠦᠬᠡᠨ ᠳᠤ ᠬᠠᠳᠠᠩᠰᠢᠭᠰᠠᠨ ᠲᠡᠷᠡ ᠬᠡᠰᠡᠭ ᠲᠡᠦᠬᠡ ᠶᠢ ᠮᠡᠳᠡᠷᠡᠭᠦᠯᠵᠦ᠂ ᠭᠠᠰᠢᠭᠤᠳᠠᠯ ᠤᠨ ᠳᠤᠮᠳᠠ ᠠᠴᠠ ᠲᠡᠦᠬᠡ ᠶᠢᠨ ᠰᠡᠩᠬᠡᠷᠡᠭᠦᠯᠦᠯ ᠢ ᠣᠯᠭᠤᠪᠠ᠃ ᠡᠭᠦᠨ ᠤ ᠬᠠᠮᠲᠤ᠂ ᠵᠣᠣ ᠵᠢᠶᠦ᠋ᠨ ᠮᠦᠽᠧᠶ ᠶᠢᠨ ᠬᠢᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ  ᠲᠠᠢ ᠨᠡᠶᠢᠭᠡᠮ ᠵᠢᠷᠤᠮ ᠤᠨ ᠰᠣᠶᠣᠯ ᠤᠨ ᠪᠠᠶᠢᠭᠤᠯᠤᠯᠲᠠ ᠳᠤ ᠬᠢ ᠵᠢᠭᠰᠠᠭᠠᠯ ᠤᠨ ᠭᠠᠵᠠᠷ ᠤᠨ ᠦᠶᠯᠡᠳᠦᠯ ᠢ ᠭᠦᠶᠴᠡᠳ ᠪᠠᠳᠠᠷᠠᠭᠤᠯᠵᠤ᠂ LED ᠳᠡᠯᠭᠡᠴᠡ᠂ ᠤᠬᠠᠭᠤᠯᠭ᠎ᠠ ᠶᠢᠨ ᠰᠠᠮᠪᠠᠷ᠎ᠠ ᠶᠢ ᠠᠰᠢᠭᠯᠠᠨ ᠨᠡᠶᠢᠲᠡ ᠶᠢᠨ ᠲᠠᠬᠢᠯᠭ᠎ᠠ ᠶᠢᠨ ᠡᠳᠦᠷ ᠤᠨ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠵᠦ᠂ ᠥᠷᠭᠡᠨ ᠣᠯᠠᠨ ᠲᠦᠮᠡᠨ ᠢ ᠬᠥᠲᠥᠯᠥᠨ ᠵᠢᠯᠣᠭᠤᠳᠴᠤ ᠪᠠᠶᠢᠭᠠᠳ ᠪᠤᠳᠠᠲᠤ ᠲᠡᠦᠬᠡ ᠶᠢ ᠪᠠᠲᠤ ᠴᠡᠭᠡᠵᠢᠯᠡᠵᠦ᠂ ᠤᠯᠤᠰ ᠢᠶᠠᠨ ᠬᠠᠶᠢᠷᠠᠯᠠᠬᠤ ᠬᠠᠶᠢᠷ᠎ᠠ ᠰᠡᠳᠬᠢᠯᠭᠡ ᠶᠢ ᠨᠢ ᠨᠡᠮᠡᠭᠳᠡᠭᠦᠯᠵᠦ᠂ ᠠᠬᠠᠮᠠᠳ ᠨᠢᠭᠡ ᠦᠶ᠎ᠡ ᠶᠢᠨ ᠬᠢᠨ ᠤ ᠠᠮᠢ ᠨᠠᠰᠤ ᠪᠠᠷ ᠢᠶᠠᠨ ᠬᠠᠮᠠᠭᠠᠯᠠᠭᠰᠠᠨ ᠢᠮᠠᠬᠤ ᠶᠢᠨ ᠲᠡᠳᠦᠶ ᠴᠦ ᠭᠠᠵᠠᠷ ᠨᠤᠲᠤᠭ ᠢ ᠨᠠᠨᠳᠢᠩᠨᠠᠨ ᠬᠠᠶᠢᠷᠠᠯᠠᠬᠤ ᠪᠣᠯᠭᠠᠵᠠᠶ᠃
    ᠲᠡᠦᠬᠡ ᠪᠠᠨ ᠪᠠᠲᠤ ᠴᠡᠭᠡᠵᠢᠯᠡᠪᠡᠯ ᠰᠠᠶ᠋ᠢ ᠢᠷᠡᠭᠡᠳᠦᠢ ᠶᠢ ᠭᠡᠶᠢᠭᠦᠯᠵᠦ ᠴᠢᠳᠠᠨ᠎ᠠ᠃ ᠲᠣᠰ ᠤᠳᠠᠭᠠᠨ ᠤ ᠤᠯᠤᠰ  ᠤᠨ ᠨᠡᠶᠢᠲᠡ ᠶᠢᠨ ᠲᠠᠬᠢᠯᠭ᠎ᠠ ᠶᠢᠨ ᠡᠳᠦᠷ ᠤᠨ ᠠᠵᠢᠯᠯᠠᠭ᠎ᠠ ᠪᠣᠯ ᠲᠤᠶᠢᠯ ᠢᠶᠠᠷ ᠳᠤᠷᠠᠰᠤᠨ ᠰᠠᠨᠠᠭᠠᠯᠵᠠᠬᠤ ᠶᠣᠰᠣᠯᠠᠯ ᠮᠥᠨ᠂ ᠨᠠᠩ ᠴᠤ ᠬᠥᠮᠦᠰ ᠢ ᠰᠡᠬᠡᠭᠡᠷᠡᠭᠦᠯᠬᠦ ᠰᠡᠷᠡᠮᠵᠢ ᠶᠢᠨ ᠳᠣᠬᠢᠶ᠎ᠠ ᠮᠥᠨ᠂ ᠣᠯᠠᠨ ᠢᠶᠠᠷ ᠢᠶᠠᠨ ᠦᠨᠳᠦᠰᠦᠲᠡᠨ ᠤ ᠭᠠᠰᠠᠯᠠᠩ ᠵᠣᠪᠠᠯᠠᠩ ᠢ ᠳᠠᠬᠢᠨ ᠡᠷᠭᠢᠴᠡᠭᠦᠯᠦᠭᠰᠡᠨ ᠢᠶᠠᠷ ᠪᠠᠷᠠᠬᠤ ᠥᠬᠡᠶ ᠪᠠᠰᠠ ᠣᠯᠠᠨ ᠤ ᠤᠯᠤᠰ ᠢᠶᠠᠨ ᠬᠠᠶᠢᠷᠠᠯᠠᠬᠤ ᠬᠠᠯᠠᠭᠤᠨ ᠰᠡᠳᠬᠢᠯᠭᠡ ᠶᠢ ᠤᠯᠠᠮ ᠨᠢᠭᠡ ᠠᠯᠬᠤᠮ ᠬᠥᠭᠵᠢᠭᠡᠪᠡ᠂ ᠵᠣᠣ ᠵᠢᠶᠦ᠋ᠨ ᠮᠦᠽᠧᠶ ᠲᠣᠰ ᠤᠳᠠᠭᠠᠨ ᠤ ᠠᠵᠢᠯᠯᠠᠭ᠎ᠠ ᠪᠠᠷ ᠠᠵᠠ ᠲᠣᠬᠢᠶᠠᠯ ᠪᠣᠯᠭᠠᠵᠤ᠂ ᠴᠠᠭ ᠦᠶ᠎ᠡ ᠶᠢᠨ ᠬᠦᠨᠳᠦ ᠡᠭᠦᠷᠭᠡ ᠶᠢ ᠵᠣᠷᠢᠭᠲᠠᠶ ᠪᠠᠷ ᠡᠭᠦᠷᠭᠡᠯᠡᠵᠦ᠂ ᠰᠠᠬᠢᠨ ᠬᠠᠮᠠᠭᠠᠯᠠᠬᠤ ᠳᠤ ᠮᠠᠷᠲᠠᠭᠳᠠᠰᠢ ᠥᠬᠡᠶ ᠳᠤᠷᠠᠳᠬᠠᠯ ᠢ ᠪᠣᠶ ᠪᠣᠯᠭᠠᠵᠤ᠂ ᠪᠣᠳᠠᠲᠤ ᠠᠵᠢᠯᠯᠠᠭ᠎ᠠ ᠪᠠᠷ ᠢᠶᠠᠨ ᠣᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠦᠶᠯᠡᠳᠦᠯᠭᠡᠵᠢᠭᠦᠯᠬᠦ ᠪᠣᠯᠤᠨ᠎ᠠ᠃
 
ᠢᠷᠡᠯᠲᠡ᠄ ᠬᠥᠬᠡᠬᠤᠲᠠ ᠶᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号