ᠦᠬᠠᠶ ᠬᠤᠲᠠ ᠶᠢᠨ ᠰᠣᠶᠣᠯ ᠤᠨ ᠵᠠᠬ᠎ᠠ ᠳᠡᠯᠭᠡᠭᠦᠷ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠶᠡᠷᠦᠩᠬᠡᠢ ᠲᠣᠪᠴᠢᠶ᠎ᠠ 2022 ᠣᠨ ᠤ ᠰᠢᠨ᠎ᠡ ᠵᠢᠯ᠂ ᠴᠠᠭᠠᠨ ᠰᠠᠷ᠎ᠠ ᠶᠢᠨ ᠬᠤᠭᠤᠴᠠᠭᠠᠨ  ᠳᠤ ᠬᠢ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠤᠰᠬᠠᠶ ᠪᠠᠶᠢᠴᠠᠭᠠᠯᠲᠠ ᠥᠷᠨᠢᠭᠦᠯᠪᠡ
ᠨᠡᠶᠢᠲᠡᠯᠡᠭᠰᠡᠨ ᠴᠠᠭ᠄
2021/12/30
      2022 ᠣᠨ ᠤ ᠰᠢᠨ᠎ᠡ ᠵᠢᠯ᠂ ᠴᠠᠭᠠᠨ ᠰᠠᠷ᠎ᠠ ᠤᠳᠠᠯ ᠥᠬᠡᠶ ᠬᠦᠷᠴᠦ ᠢᠷᠡᠬᠦ ᠪᠣᠯᠤᠯ᠎ᠠ᠂ ᠰᠢᠨ᠎ᠡ ᠵᠢᠯ᠂ ᠴᠠᠭᠠᠨ ᠰᠠᠷ᠎ᠠ ᠶᠢᠨ ᠬᠤᠭᠤᠴᠠᠭᠠᠨ ᠳᠤ ᠬᠢ ᠰᠣᠶᠣᠯ ᠵᠢᠭᠤᠯᠴᠢᠯᠠᠯ ᠤᠨ ᠦᠶᠯᠡᠰ ᠤᠨ ᠠᠶᠤᠯ ᠦᠭᠡᠢ ᠦᠶᠯᠡᠳᠪᠦᠷᠢᠯᠡᠯ ᠵᠢᠴᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠵᠦ᠂ ᠪᠥᠬᠦ ᠬᠤᠲᠠ ᠶᠢᠨ ᠰᠣᠶᠣᠯ ᠵᠢᠭᠤᠯᠴᠢᠯᠠᠯ ᠤᠨ ᠲᠠᠯᠠᠪᠤᠷ ᠭᠠᠵᠠᠷ ᠤᠨ ᠠᠮᠤᠷ ᠲᠦᠪᠰᠢᠨ᠂ ᠵᠢᠷᠤᠮᠵᠢᠭᠤᠨ᠂ ᠡᠮᠬᠢ ᠵᠢᠷᠤᠮ ᠲᠠᠢ ᠡᠵᠡᠩᠨᠡᠬᠦ ᠶᠢ ᠦᠨᠡᠨ ᠬᠦ ᠪᠠᠲᠤᠯᠠᠬᠤ ᠶᠢᠨ ᠲᠥᠯᠥᠭᠡ᠂ 12 ᠳ᠋ᠤᠭᠠᠷ ᠰᠠᠷ᠎ᠠ ᠶᠢᠨ 24 ᠤ ᠡᠳᠦᠷ  ᠠᠴᠠ 26 ᠤ ᠡᠳᠦᠷ ᠪᠣᠯᠲᠠᠯ᠎ᠠ᠂ ᠦᠬᠠᠶ ᠬᠤᠲᠠ ᠶᠢᠨ ᠰᠣᠶᠣᠯ ᠤᠨ ᠵᠠᠬ᠎ᠠ ᠳᠡᠯᠭᠡᠭᠦᠷ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ  ᠶᠡᠷᠦᠩᠬᠡᠢ ᠲᠣᠪᠴᠢᠶ᠎ᠠ  2022 ᠣᠨ ᠤ ᠰᠢᠨ᠎ᠡ ᠵᠢᠯ᠂ ᠴᠠᠭᠠᠨ ᠰᠠᠷ᠎ᠠ ᠶᠢᠨ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠤᠰᠬᠠᠶ ᠪᠠᠶᠢᠴᠠᠭᠠᠯᠲᠠ ᠥᠷᠨᠢᠭᠦᠯᠪᠡ  ᠃       12  ᠳ᠋ᠤᠭᠠᠷ ᠰᠠᠷ᠎ᠠ ᠶᠢᠨ 24  ᠂ 25 ᠤ ᠡᠳᠦᠷ᠂ ᠦᠬᠠᠶ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ ᠰᠥᠩ ᠶᠤᠸᠠᠢ ᠰᠢᠶᠠ ᠪᠦᠯᠬᠦᠮ ᠳᠠᠭᠠᠭᠤᠯᠤᠨ ᠰᠦᠯᠵᠢᠶᠡᠨ ᠤ ᠪᠠᠭᠠᠷ᠂ ᠺᠢᠨᠣ᠋ ᠶᠢᠨ ᠣᠷᠳᠣᠨ ᠵᠡᠷᠭᠡ ᠲᠠᠯᠠᠪᠤᠷ ᠭᠠᠵᠠᠷ ᠲᠤ ᠬᠦᠷᠴᠦ᠂ ᠰᠣᠶᠣᠯ ᠵᠢᠭᠤᠯᠴᠢᠯᠠᠯ ᠤᠨ ᠠᠵᠤ ᠠᠬᠤᠶᠢᠯᠠᠯ ᠤᠨ ᠠᠶᠤᠯ ᠦᠭᠡᠢ ᠦᠶᠯᠡᠳᠪᠦᠷᠢᠯᠡᠯ ᠪᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠰᠢᠪᠠᠳᠠᠨ ᠪᠠᠶᠢᠴᠠᠭᠠᠪᠠ  ᠃ ᠡᠯ᠎ᠡ ᠭᠠᠵᠠᠷ ᠤᠨ ᠬᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠶᠣᠰᠣᠭᠠᠷ 《 ᠬᠡᠮᠵᠢᠶ᠎ᠡ ᠶᠢ ᠬᠢᠵᠠᠭᠠᠷᠯᠠᠬᠤ᠂ ᠤᠷᠢᠳᠴᠢᠯᠠᠨ ᠪᠣᠯᠵᠣᠬᠤ᠂ ᠣᠷᠭᠢᠯ ᠤᠨ ᠬᠤᠭᠤᠴᠠᠭ᠎ᠠ  ᠶᠢ ᠵᠥᠷᠢᠭᠦᠯᠬᠦ 》 ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠭᠥᠯᠢᠶᠡᠨ ᠠᠪᠬᠤ ᠳᠡᠭᠡᠳᠦ ᠬᠢᠵᠠᠭᠠᠷ ᠢ ᠡᠵᠡᠮᠳᠡᠵᠦ᠂ ᠬᠥᠮᠦᠰ ᠬᠤᠷᠣᠮᠬᠠᠨ ᠵᠠᠭᠤᠷ᠎ᠠ ᠴᠤᠭᠯᠠᠷᠠᠬᠤ ᠶᠢ ᠰᠡᠷᠭᠡᠶᠢᠯᠡᠬᠦ ᠬᠡᠷᠡᠭᠲᠡᠶ︔ ᠵᠢᠩᠬᠢᠨᠢ ᠨᠡᠷ᠎ᠡ ᠪᠠᠷ ᠳᠠᠩᠰᠠᠯᠠᠨ ᠲᠡᠮᠳᠡᠭᠯᠡᠬᠦ ᠠᠵᠢᠯ ᠢ ᠰᠠᠶᠢᠲᠤᠷ ᠬᠢᠵᠦ᠂ ᠲᠠᠯᠠᠪᠤᠷ ᠲᠤ ᠣᠷᠣᠬᠤ ᠬᠥᠮᠦᠰ ᠤᠨ ᠮᠡᠳᠡᠭᠡ ᠵᠠᠩᠭᠢ ᠶᠢ ᠮᠥᠷᠳᠡᠵᠦ ᠪᠣᠯᠬᠤ ᠶᠢ ᠦᠨᠡᠨ ᠬᠦ ᠪᠠᠲᠤᠯᠠᠬᠤ ᠬᠡᠷᠡᠭᠲᠡᠶ︔ ᠪᠡᠶ᠎ᠡ ᠶᠢᠨ ᠳᠤᠯᠠᠭᠠᠨ ᠢ ᠬᠡᠮᠵᠢᠬᠦ᠂ ᠠᠮᠠᠪᠴᠢ ᠵᠡᠭᠦᠬᠦ᠂ ᠬᠤᠤᠰ ᠺᠣᠳ᠋ ᠢ ᠪᠠᠶᠢᠴᠠᠭᠠᠨ ᠰᠢᠯᠭᠠᠬᠤ ᠵᠡᠷᠭᠡ ᠠᠷᠭ᠎ᠠ ᠬᠡᠮᠵᠢᠶ᠎ᠡ ᠶᠢ ᠰᠠᠶᠢᠲᠤᠷ ᠬᠡᠷᠡᠭᠵᠢᠭᠦᠯᠬᠦ ᠬᠡᠷᠡᠭᠲᠡᠶ︔ ᠰᠠᠯᠬᠢ ᠨᠡᠪᠲᠡᠷᠡᠭᠦᠯᠦᠨ ᠠᠷᠢᠭᠤᠳᠬᠠᠬᠤ ᠠᠵᠢᠯ ᠢ ᠴᠢᠩᠭᠠᠳᠬᠠᠵᠤ᠂ ᠬᠡᠰᠡᠭ ᠭᠠᠵᠠᠷ ᠤᠨ ᠡᠷᠡᠭᠦᠯ ᠬᠠᠮᠠᠭᠠᠯᠠᠯ ᠤᠨ ᠬᠠᠮᠢᠶᠠᠷᠤᠯᠲᠠ ᠪᠣᠯᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ  ᠴᠢᠩᠭᠠᠳᠬᠠᠬᠤ ᠬᠡᠷᠡᠭᠲᠡᠢ ᠭᠡᠵᠦ ᠱᠠᠭᠠᠷᠳᠠᠪᠠ︔ ᠲᠡᠷᠡᠴᠢᠯᠡᠨ ᠲᠠᠯᠠᠪᠤᠷ ᠤᠨ ᠬᠠᠷᠢᠭᠤᠴᠠᠯᠭᠠᠲᠠᠨ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠴᠠᠭ ᠢᠮᠠᠭᠲᠠ ᠰᠣᠨᠣᠷ ᠰᠡᠷᠡᠮᠵᠢ ᠲᠠᠢ ᠪᠠᠶᠢᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠠᠶᠤᠯ ᠦᠭᠡᠢ ᠦᠶᠯᠡᠳᠪᠦᠷᠢᠯᠡᠯ ᠤᠨ ᠭᠤᠤᠯ ᠴᠣᠭᠴᠠ ᠶᠢᠨ ᠬᠠᠷᠢᠭᠤᠴᠠᠯᠭ᠎ᠠ ᠶᠢ ᠰᠠᠶᠢᠲᠤᠷ ᠨᠠᠶᠢᠳᠠᠪᠤᠷᠢᠵᠢᠭᠤᠯᠵᠤ᠂ ᠡᠯ᠎ᠡ ᠵᠦᠶᠯ ᠤᠨ ᠠᠷᠭ᠎ᠠ ᠬᠡᠮᠵᠢᠶ᠎ᠡ ᠶᠢ ᠪᠣᠳᠠᠲᠠᠶ ᠠᠳᠬᠤᠨ ᠨᠠᠷᠢᠯᠢᠭ ᠠᠳᠬᠤᠵᠤ᠂ ᠴᠤᠭᠯᠠᠷᠠᠯ ᠤᠨ ᠴᠢᠨᠠᠷᠲᠠᠶ ᠬᠢᠵᠢᠭ ᠤᠨ ᠪᠠᠶᠢᠳᠠᠯ ᠪᠠ ᠠᠶᠤᠯ ᠦᠭᠡᠢ ᠦᠶᠯᠡᠳᠪᠦᠷᠢᠯᠡᠯ ᠤᠨ ᠠᠳᠡᠯ ᠭᠠᠷᠬᠤ ᠶᠢ ᠡᠷᠡᠰ ᠰᠡᠷᠭᠡᠶᠢᠯᠡᠬᠦ ᠬᠡᠷᠡᠭᠲᠡᠶ ᠭᠡᠵᠦ ᠵᠠᠬᠢᠪᠠ  ᠃       ᠲᠤᠰᠬᠠᠶ  ᠠᠵᠢᠯᠯᠠᠭᠠᠨ  ᠤ ᠬᠤᠭᠤᠴᠠᠭᠠᠨ  ᠳᠤ᠂ ᠬᠠᠤᠯᠢ ᠬᠡᠷᠡᠭᠵᠢᠭᠦᠯᠬᠦ ᠠᠵᠢᠯᠲᠠᠨ ᠨᠣᠮ ᠤᠨ ᠳᠡᠯᠭᠡᠭᠦᠷ᠂ ᠺᠢᠨᠣ᠋  ᠶᠢᠨ ᠤᠷᠳᠤᠨ᠂ ᠰᠦᠯᠵᠢᠶᠡᠨ ᠤ ᠪᠠᠭᠠᠷ᠂ ᠵᠤᠭ᠎ᠠ ᠴᠡᠩᠭᠡᠯ ᠤᠨ ᠲᠠᠯᠠᠪᠤᠷ ᠵᠡᠷᠭᠡ ᠬᠥᠮᠦᠨ ᠣᠯᠠᠨ ᠴᠤᠭᠯᠠᠷᠠᠬᠤ ᠲᠠᠯᠠᠪᠤᠷ ᠲᠤ ᠬᠦᠨᠵᠡᠭᠡᠶᠢᠷᠡᠵᠦ᠂ ᠦᠷᠬᠦᠯᠵᠢᠯᠡᠭᠰᠡᠨ ᠰᠢᠯᠭᠠᠨ ᠪᠠᠶᠢᠴᠠᠭᠠᠯᠲᠠ ᠶᠢ ᠥᠷᠨᠢᠬᠦᠯᠵᠦ᠂ ᠡᠯ᠎ᠡ ᠡᠵᠡᠩᠨᠡᠯᠲᠡ  ᠶᠢᠨ ᠲᠠᠯᠠᠪᠤᠷ ᠭᠠᠵᠠᠷ ᠢ ᠪᠦᠬᠦ ᠲᠠᠯ᠎ᠠ ᠪᠠᠷ ᠨᠠᠷᠢᠨ ᠬᠢᠨᠠᠮᠠᠭᠠᠶ  ᠰᠢᠯᠭᠠᠨ ᠪᠠᠶᠢᠴᠠᠭᠠᠵᠤ᠂ ᠳᠤᠲᠠᠭᠳᠠᠯ  ᠢ ᠨᠦᠬᠦᠪᠦᠷᠢᠯᠡᠵᠦ᠂ ᠡᠯ᠎ᠡ ᠲᠠᠯᠠᠪᠤᠷ ᠭᠠᠵᠠᠷ ᠤᠨ ᠲᠤᠰᠬᠠᠶ ᠬᠥᠮᠦᠨ ᠰᠠᠬᠢᠬᠤ  ᠂ ᠲᠠᠯᠠᠪᠠᠢ ᠳᠤ ᠣᠷᠣᠬᠤ   ᠳᠤ ᠬᠤᠣᠰ ᠺᠣᠳ᠋ ᠢ ᠰᠢᠷᠪᠢᠬᠦ᠂  ᠠᠮᠠᠪᠴᠢ ᠵᠡᠭᠦᠬᠦ ᠶᠢ ᠵᠢᠷᠤᠮᠵᠢᠭᠤᠯᠬᠤ᠂ ᠪᠡᠶ᠎ᠡ ᠶᠢᠨ ᠳᠤᠯᠠᠭᠠᠨ ᠢ ᠬᠡᠮᠵᠢᠬᠦ᠂ ᠪᠡᠶ᠎ᠡ ᠶᠢᠨ ᠭᠠᠷᠤᠯ  ᠤᠨ ᠮᠡᠳᠡᠭᠡ ᠵᠠᠩᠭᠢ ᠶᠢᠨ ᠳᠠᠩᠰᠠᠯᠠᠯᠲᠠ᠂ ᠠᠵᠢᠯᠴᠢᠳ ᠸᠠᠺᠼᠢᠨ ᠲᠠᠷᠢᠬᠤ᠂ ᠨᠢᠭᠡ ᠮᠧᠲᠷ ᠤᠨ ᠱᠤᠭᠤᠮ᠂ ᠲᠠᠯᠠᠪᠤᠷ  ᠤᠨ ᠠᠷᠢᠭᠤᠳᠬᠠᠭᠰᠠᠨ ᠲᠡᠮᠳᠡᠭᠯᠡᠯ᠂  ᠰᠢᠷ᠎ᠠ ᠤᠯᠠᠭᠠᠨ ᠺᠣᠳ᠋ ᠲᠠᠢ ᠬᠥᠮᠦᠰ ᠢ ᠰᠢᠶᠳᠪᠦᠷᠢᠯᠡᠭᠰᠡᠨ ᠵᠡᠷᠭᠡ ᠬᠢᠵᠢᠭ ᠢ ᠰᠡᠷᠭᠡᠶᠢᠯᠡᠬᠦ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠰᠠᠨ ᠪᠠᠶᠢᠳᠠᠯ  ᠢ ᠭᠤᠤᠯᠳᠠᠯᠭ᠎ᠠ ᠲᠠᠢ ᠰᠢᠮᠳᠠᠭᠤᠯᠤᠨ ᠪᠠᠶᠢᠴᠠᠭᠠᠪᠠ᠃ 12 ᠳ᠋ᠤᠭᠠᠷ ᠰᠠᠷ᠎ᠠ ᠶᠢᠨ 24 ᠤ ᠡᠳᠦᠷ ᠠᠴᠠ 26 ᠤ ᠡᠳᠦᠷ ᠪᠣᠯᠲᠠᠯ᠎ᠠ᠂ ᠨᠡᠶᠢᠲᠡ 130 ᠭᠠᠷᠤᠶ ᠡᠷᠦᠬᠡ ᠡᠯ᠎ᠡ ᠲᠥᠷᠥᠯ ᠤᠨ ᠰᠣᠶᠣᠯ ᠵᠢᠭᠤᠯᠴᠢᠯᠠᠯ ᠤᠨ ᠡᠵᠡᠩᠨᠡᠯᠲᠡ ᠶᠢᠨ ᠨᠢᠭᠡᠴᠢ ᠶᠢ ᠰᠢᠪᠠᠳᠠᠨ ᠪᠠᠶᠢᠴᠠᠭᠠᠪᠠ᠃ ᠲᠣᠭᠲᠠᠭᠠᠯ ᠶᠣᠰᠣᠭᠠᠷ ᠣᠷᠣ ᠠᠯᠤᠰᠯᠠᠨ ᠰᠠᠭᠤᠯᠭᠠᠭᠰᠠᠨ ᠦᠭᠡᠶ᠂ ᠦᠨᠡᠨ ᠨᠡᠷ᠎ᠡ ᠪᠠᠷ ᠳᠠᠩᠰᠠᠯᠠᠭᠰᠠᠨ ᠨᠢ ᠬᠢᠨᠠᠮᠠᠭᠠᠶ ᠪᠤᠰᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠵᠦ ᠰᠢᠢᠳᠪᠦᠷᠢᠯᠡᠬᠦ ᠲᠥᠰᠦᠯ ᠢ ᠲᠣᠭᠲᠠᠭᠠᠭᠰᠠᠨ ᠨᠢ ᠲᠡᠭᠦᠯᠳᠡᠷ ᠪᠤᠰᠤ᠂ ᠲᠤᠰᠬᠠᠶ ᠠᠵᠢᠯᠲᠠᠨ ᠰᠠᠬᠢᠬᠤ ᠠᠵᠢᠯ ᠤᠨ ᠪᠠᠶᠢᠷᠢ  ᠶᠢᠨ ᠠᠵᠢᠯᠲᠠᠨ ᠠᠵᠢᠯ ᠤᠨ ᠪᠠᠶᠢᠷᠢ ᠠᠴᠠ ᠪᠠᠨ ᠰᠠᠯᠬᠤ ᠵᠡᠷᠭᠡ ᠠᠰᠠᠭᠤᠳᠠᠯ ᠢ ᠪᠦᠬᠦᠨ ᠢ ᠲᠤᠬᠠᠶ ᠶᠢᠨ ᠲᠠᠯᠠᠪᠠᠶ ᠳᠤ ᠨᠢ ᠵᠠᠯᠠᠷᠠᠭᠤᠯᠬᠤ ᠪᠠᠷ ᠱᠠᠭᠠᠷᠳᠠᠪᠠ᠃ ᠲᠡᠷᠡᠴᠢᠯᠡᠨ 《 ᠰᠣᠶᠣᠯ ᠤᠨ ᠲᠠᠯᠠᠪᠤᠷ ᠭᠠᠵᠠᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠬᠡᠯ ᠲᠥᠰᠦᠯ 》 ᠢ ᠵᠣᠬᠢᠶᠠᠵᠤ ᠡᠯ᠎ᠡ ᠲᠠᠯᠠᠪᠤᠷ ᠲᠤ ᠲᠠᠷᠬᠠᠭᠠᠪᠠ  ᠃       ᠦᠬᠠᠶ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ   ᠨᠢ 2022 ᠣᠨ ᠤ ᠰᠢᠨ᠎ᠡ ᠵᠢᠯ᠂ ᠴᠠᠭᠠᠨ ᠰᠠᠷ᠎ᠠ ᠶᠢᠨ ᠬᠤᠭᠤᠴᠠᠭᠠᠨ  ᠳᠤ ᠬᠢ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠪᠠᠶᠢᠴᠠᠭᠠᠯᠲᠠ ᠶᠢᠨ ᠡᠷᠴᠢᠮ ᠪᠠ ᠳᠠᠪᠲᠠᠮᠵᠢ ᠪᠠᠨ ᠦᠷᠭᠦᠯᠵᠢᠯᠡᠨ ᠨᠡᠮᠡᠭᠳᠡᠭᠦᠯᠵᠦ᠂ ᠥᠷᠭᠡᠨ ᠣᠯᠠᠨ ᠠᠷᠠᠳ ᠲᠦᠮᠡᠨ ᠤ ᠴᠠᠭᠠᠨ ᠰᠠᠷ᠎ᠠ ᠪᠠᠨ ᠪᠠᠶᠠᠷ ᠬᠥᠷ ᠲᠠᠢ ᠥᠩᠭᠡᠷᠡᠭᠦᠯᠬᠦ ᠳᠤ ᠠᠮᠤᠷ ᠠᠮᠤᠭᠤᠯᠠᠩ᠂ ᠥᠯᠵᠡᠶ ᠪᠡᠯᠭᠡ  ᠲᠠᠢ ᠪᠠᠶᠠᠷ ᠤᠨ ᠡᠳᠦᠷ ᠤᠨ ᠰᠣᠶᠣᠯ ᠤᠨ ᠠᠭᠤᠷ ᠠᠮᠢᠰᠬᠤᠯ ᠢ ᠪᠣᠶ ᠪᠣᠯᠭᠠᠨ᠎ᠠ  ᠃
 
ᠢᠷᠡᠯᠲᠡ᠄ ᠦᠬᠠᠶ ᠬᠤᠲᠠ ᠶᠢᠨ ᠰᠣᠶᠣᠯ ᠪᠡᠶ᠎ᠡ  ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号