ᠣᠷᠳᠣᠰ ᠬᠤᠲᠠ ᠶᠢᠨ ᠡᠵᠡᠨ ᠬᠤᠷᠤᠭ᠎ᠠ ᠬᠤᠰᠢᠭᠤᠨ ᠤ ᠰᠢᠷᠠᠳᠠᠯ᠎ᠠ ᠶᠢᠨ ᠪᠠᠭᠤᠷᠢ 2021 ᠣᠨ ᠤ ᠲᠦᠷᠭᠡᠨ ᠠᠪᠤᠷᠠᠯᠳᠠ ᠶᠢᠨ ᠴᠢᠨᠠᠷᠲᠠᠶ ᠬᠠᠭᠤᠴᠢ ᠰᠤᠳᠤᠯᠤᠯ ᠤᠨ ᠨᠡᠭᠡᠭᠡᠨ ᠮᠠᠯᠲᠠᠬᠤ ᠠᠵᠢᠯ ᠲᠤᠰᠬᠠᠶ ᠮᠡᠷᠭᠡᠵᠢᠯᠲᠡᠨ ᠤ ᠰᠢᠯᠭᠠᠨ ᠪᠠᠶᠢᠴᠠᠭᠠᠯᠲᠠ ᠳᠤ ᠬᠢᠷᠢ ᠲᠡᠩᠴᠡᠪᠡ
ᠨᠡᠶᠢᠲᠡᠯᠡᠭᠰᠡᠨ ᠴᠠᠭ᠄
2021/12/31
   12 ᠳ᠋ᠤᠭᠠᠷ ᠰᠠᠷ᠎ᠠ ᠶᠢᠨ 19 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ  ᠶᠢᠨ ᠳᠤᠷᠠᠰᠬᠠᠯᠲᠤ ᠵᠦᠶᠯᠡᠰ ᠬᠠᠭᠤᠴᠢ ᠰᠤᠳᠤᠯᠤᠯ ᠤᠨ ᠬᠦᠷᠢᠶᠡᠯᠡᠩ᠂ ᠣᠷᠳᠣᠰ ᠬᠤᠲᠠ ᠶᠢᠨ ᠮᠦᠽᠧᠶ ᠲᠤᠰᠬᠠᠶ ᠮᠡᠷᠭᠡᠵᠢᠯᠲᠡᠨ ᠢ ᠵᠣᠬᠢᠶᠠᠨ ᠪᠠᠶᠢᠭᠤᠯᠵᠤ ᠰᠢᠷᠠᠲᠠᠯ᠎ᠠ ᠶᠢᠨ ᠪᠠᠭᠤᠷᠢ ᠶᠢ ᠨᠡᠭᠡᠭᠡᠨ ᠮᠠᠯᠲᠠᠬᠤ ᠠᠵᠢᠯ ᠢ ᠰᠢᠯᠭᠠᠨ ᠠᠪᠤᠪᠠ᠃     ᠰᠢᠯᠭᠠᠨ ᠠᠪᠬᠤ ᠲᠤᠰᠬᠠᠢ ᠮᠡᠷᠭᠡᠵᠢᠯᠲᠡᠨ ᠤ ᠳᠤᠭᠤᠶᠢᠯᠠᠩ ᠤᠨ ᠪᠦᠷᠢᠯᠳᠦᠬᠦᠨ ᠪᠠᠭᠤᠷᠢ ᠶᠢ ᠮᠠᠯᠲᠠᠨ ᠭᠠᠷᠭᠠᠬᠤ ᠲᠤᠬᠠᠢ ᠶᠢᠨ ᠲᠠᠯᠠᠪᠠᠢ ᠶᠢᠨ ᠸᠢᠳᠢᠣ᠋᠂ ᠪᠦᠬᠦ ᠦᠵᠡᠮᠵᠢ ᠶᠢᠨ ᠵᠢᠷᠤᠭ ᠳᠦᠷᠰᠦ ᠶᠢ ᠪᠠᠶᠢᠴᠠᠭᠠᠭᠰᠠᠨ ᠪᠥᠭᠡᠳ ᠮᠠᠯᠲᠠᠵᠤ ᠭᠠᠷᠭᠠᠭᠰᠠᠨ ᠪᠠᠭᠠᠵᠢ ᠬᠡᠷᠡᠭᠰᠡᠯ ᠪᠠ ᠲᠡᠮᠳᠡᠭᠯᠡᠯ ᠤᠨ ᠮᠠᠲ᠋ᠧᠷᠢᠶᠠᠯ ᠢ ᠰᠣᠩᠭᠤᠨ ᠪᠠᠶᠢᠴᠠᠭᠠᠵᠤ ᠦᠵᠡᠪᠡ᠃ ᠰᠢᠷᠠᠲᠠᠯ᠎ᠠ  ᠶᠢᠨ ᠪᠠᠭᠤᠷᠢ ᠶᠢᠨ ᠬᠠᠭᠤᠴᠢ ᠰᠤᠳᠤᠯᠤᠯ ᠤᠨ ᠨᠡᠭᠡᠭᠡᠨ ᠮᠠᠯᠲᠠᠬᠤ ᠠᠵᠢᠯ ᠢ ᠭᠦᠶᠴᠡᠳ ᠨᠤᠲᠠᠯᠠᠵᠤ᠂ ᠰᠢᠷᠠᠲᠠᠯ᠎ᠠ ᠶᠢᠨ ᠪᠠᠭᠤᠷᠢ ᠶᠢᠨ ᠬᠠᠭᠤᠴᠢ ᠰᠤᠳᠤᠯᠤᠯ ᠤᠨ ᠨᠡᠭᠡᠭᠡᠨ ᠮᠠᠯᠲᠠᠬᠤ ᠠᠵᠢᠯ ᠢ ᠤᠯᠤᠰ ᠤᠨ ᠲᠡᠦᠬᠡ ᠶᠢᠨ ᠳᠤᠷᠠᠰᠬᠠᠯᠲᠤ ᠵᠦᠶᠯᠡᠰ ᠤᠨ ᠲᠣᠪᠴᠢᠶ᠎ᠠ ᠶᠢᠨ ᠬᠤᠯᠪᠣᠭᠳᠠᠯ ᠪᠥᠬᠦᠶ ᠲᠣᠭᠲᠠᠭᠠᠯ ᠶᠣᠰᠣᠭᠠᠷ ᠬᠢᠵᠦ᠂ ᠬᠡᠭᠡᠷ᠎ᠡ ᠶᠢᠨ ᠠᠵᠢᠯᠯᠠᠭᠠᠨ ᠤ ᠵᠢᠷᠤᠮᠵᠢᠯ ᠳᠤ ᠨᠡᠶᠢᠴᠡᠵᠦ᠂ ᠵᠣᠬᠢᠶᠠᠨ ᠪᠠᠶᠢᠭᠤᠯᠤᠯᠲᠠ ᠨᠢ ᠬᠦᠴᠦᠲᠡᠶ᠂ ᠦᠷ᠎ᠡ ᠪᠦᠲᠦᠭᠡᠯ ᠨᠢ ᠢᠯᠡᠳᠲᠡ ᠪᠠᠶᠢᠨ᠎ᠠ ᠭᠡᠵᠦ ᠰᠠᠨᠠᠯ ᠨᠢᠭᠡᠲᠡᠶ ᠦᠵᠡᠪᠡ᠃ ᠰᠠᠨᠠᠯ ᠨᠢᠭᠡᠲᠡᠶ ᠢᠯᠡᠷᠬᠡᠶᠢᠯᠡᠭᠰᠡᠨ ᠨᠢ᠂ ᠲᠣᠰ ᠤᠳᠠᠭᠠᠨ ᠤ ᠪᠠᠭᠤᠷᠢ ᠶᠢᠨ ᠬᠠᠭᠤᠴᠢ ᠰᠤᠳᠤᠯᠤᠯ ᠤᠨ ᠠᠵᠢᠯ ᠴᠢᠬᠤᠯᠠ ᠦᠷ᠎ᠡ ᠪᠦᠲᠦᠭᠡᠯ ᠣᠯᠤᠭᠰᠠᠨ ᠶᠠᠪᠤᠳᠠᠯ ᠪᠣᠯ ᠮᠠᠰᠢ ᠴᠢᠬᠤᠯᠠ ᠡᠷᠳᠡᠮ ᠰᠢᠨᠵᠢᠯᠡᠭᠡᠨ ᠤ ᠰᠢᠪᠲᠤᠯᠤᠯᠲᠠ ᠶᠢᠨ ᠴᠡᠭ ᠮᠥᠨ᠂ ᠡᠨᠡ ᠨᠢ ᠣᠷᠳᠣᠰ ᠣᠷᠣᠨ ᠤ ᠯᠦᠩᠱᠠᠨ ᠤ ᠰᠡᠭᠦᠯᠴᠢ ᠶᠢᠨ ᠦᠶ᠎ᠡ ᠠᠴᠠ ᠰᠢᠶᠠ ᠱᠠᠩ ᠬᠦᠷᠲᠡᠯᠡᠬᠢ ᠬᠤᠭᠤᠴᠠᠭᠠᠨ ᠤ ᠰᠠᠭᠤᠷᠢᠰᠢᠯ ᠤᠨ ᠬᠡᠯᠪᠡᠷᠢ ᠳᠤ ᠤᠯᠠᠮ ᠨᠢᠭᠡ ᠠᠯᠬᠤᠮ ᠰᠢᠨ᠎ᠡ ᠰᠢᠪᠲᠤᠯᠤᠯᠲᠠ ᠶᠢᠨ ᠴᠢᠨᠠᠷᠲᠠᠶ ᠮᠠᠲ᠋ᠧᠷᠢᠶᠠᠯ ᠨᠡᠮᠡᠭᠰᠡᠨ ᠪᠠᠶᠢᠨ᠎ᠠ᠃     ᠰᠢᠷᠠᠳᠠᠯ᠎ᠠ ᠶᠢᠨ ᠪᠠᠭᠤᠷᠢ ᠪᠣᠯ ᠣᠷᠳᠣᠰ ᠣᠷᠣᠨ ᠤ ᠣᠶᠢᠷ᠎ᠠ ᠶᠢᠨ ᠵᠢᠯ ᠳᠤ ᠴᠥᠭᠡᠨ ᠬᠡᠳᠦᠨ ᠤᠳᠠᠭᠠᠨ ᠤ ᠰᠠᠨᠠᠭᠠᠴᠢᠯᠠᠭᠠᠲᠤ ᠴᠢᠨᠠᠷᠲᠠᠶ ᠬᠠᠭᠤᠴᠢ ᠰᠤᠳᠤᠯᠤᠯ ᠤᠨ ᠨᠡᠭᠡᠭᠡᠨ ᠮᠠᠯᠲᠠᠬᠤ ᠲᠥᠷᠥᠯ ᠵᠦᠶᠯ ᠤᠨ ᠨᠢᠭᠡ ᠪᠣᠯᠤᠨ᠎ᠠ᠃ 2018 ᠣᠨ ᠠᠴᠠ ᠨᠠᠭᠠᠰᠢ᠂ ᠪᠠᠭᠤᠷᠢ ᠳᠤ ᠬᠡᠭᠡᠷ᠎ᠡ ᠶᠢᠨ ᠪᠠᠶᠢᠴᠠᠭᠠᠯᠲᠠ᠂ ᠬᠠᠭᠤᠴᠢ ᠰᠤᠳᠤᠯᠤᠯ ᠤᠨ ᠥᠷᠥᠮᠳᠡᠨ ᠬᠠᠶᠢᠬᠤ ᠵᠡᠷᠭᠡ ᠡᠮᠦᠨᠡᠬᠢ ᠬᠤᠭᠤᠴᠠᠭᠠᠨ ᠤ ᠠᠵᠢᠯ ᠢ ᠵᠠᠯᠭᠠᠭ᠎ᠠ ᠪᠠᠷ ᠥᠷᠨᠢᠭᠦᠯᠪᠡ᠃ 2021 ᠣᠨ ᠳᠤ᠂ ᠪᠠᠭᠤᠷᠢ  ᠨᠢ ᠤᠯᠤᠰ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ ᠲᠣᠪᠴᠢᠶ᠎ᠠ ᠶᠢᠨ ᠨᠡᠭᠡᠭᠡᠨ ᠮᠠᠯᠲᠠᠬᠤ ᠵᠥᠪᠰᠢᠶᠡᠷᠡᠯ ᠢ ᠣᠯᠵᠤ᠂ ᠬᠤᠯᠪᠣᠭᠳᠠᠯ ᠪᠦᠬᠦᠢ ᠨᠢᠭᠡᠴᠢ ᠲᠦᠷᠭᠡᠨ ᠠᠪᠤᠷᠠᠯᠳᠠ ᠶᠢᠨ ᠴᠢᠨᠠᠷᠲᠠᠢ ᠬᠠᠭᠤᠴᠢ ᠰᠤᠳᠤᠯᠤᠯ ᠤᠨ ᠨᠡᠭᠡᠭᠡᠨ ᠮᠠᠯᠲᠠᠯᠲᠠ ᠬᠢᠪᠡ᠃ ᠪᠠᠭᠤᠷᠢ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠬᠤᠲᠠ ᠶᠢᠨ ᠡᠵᠡᠨ ᠬᠤᠷᠤᠭ᠎ᠠ ᠬᠤᠰᠢᠭᠤᠨ ᠤ ᠡᠵᠡᠨ ᠬᠤᠷᠤᠭ᠎ᠠ ᠪᠠᠯᠭᠠᠰᠤᠨ ᠤ ᠰᠢᠷᠠᠲᠠᠯ᠎ᠠ ᠲᠣᠰᠬᠤᠨ ᠤ ᠬᠢᠯᠢ ᠳᠤ ᠪᠣᠶ᠃ ᠴᠢᠩᠭᠢᠰ ᠬᠠᠭᠠᠨ ᠤ ᠣᠩᠭᠤᠨ ᠠᠴᠠ ᠪᠠᠷᠤᠭ 15 ᠺᠢᠯᠣᠮᠧᠲᠷ᠂ ᠤᠯᠠᠭᠠᠨᠮᠦ᠋ᠷᠡᠨ ᠪᠠᠯᠭᠠᠰᠤ ᠠᠴᠠ ᠪᠠᠷᠤᠭ 10 ᠺᠢᠯᠣᠮᠧᠲᠷ ᠵᠠᠶᠢᠲᠠᠶ᠃ ᠪᠠᠭᠤᠷᠢ ᠶᠢᠨ ᠲᠠᠯᠠᠪᠠᠶ ᠨᠢ ᠪᠠᠷᠤᠭ 50 ᠲᠦᠮᠡᠨ ᠲᠡᠭᠰᠢ ᠳᠥᠷᠪᠡᠯᠵᠢᠨ ᠮᠧᠲᠷ ᠪᠠᠶᠢᠨ᠎ᠠ᠃ ᠤᠳᠤ ᠡᠵᠡᠨ ᠬᠤᠷᠤᠭ᠎ᠠ ᠬᠤᠰᠢᠭᠤᠨ ᠤ ᠲᠡᠦᠬᠡ ᠶᠢᠨ ᠳᠤᠷᠠᠰᠬᠠᠯᠲᠤ ᠵᠦᠶᠯᠡᠰ ᠤᠨ ᠬᠠᠮᠠᠭᠠᠯᠠᠯᠲᠠ ᠶᠢᠨ ᠨᠢᠭᠡᠴᠢ ᠪᠤᠯᠤᠨ᠎ᠠ᠃ ᠶᠡᠭᠡ ᠬᠡᠮᠵᠢᠶᠡᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ ᠦᠯᠢᠭᠡᠷ ᠬᠡᠪ ᠪᠣᠯᠤᠨ ᠰᠣᠶᠣᠯ ᠤᠨ ᠦᠯᠡᠳᠡᠭᠳᠡᠯ ᠢ ᠮᠠᠯᠲᠠᠨ ᠭᠠᠷᠭᠠᠵᠤ᠂ ᠪᠣᠷᠣᠲᠣᠬᠤᠢ ᠶᠢᠨ ᠭᠠᠵᠠᠷ ᠣᠷᠣᠨ ᠤ ᠰᠠᠭᠤᠷᠢᠰᠢᠯ ᠪᠣᠯᠤᠨ ᠨᠡᠶᠢᠭᠡᠮ ᠤᠨ ᠬᠡᠯᠪᠡᠷᠢ ᠪᠠᠶᠢᠳᠠᠯ ᠢ ᠤᠯᠠᠮ ᠨᠢᠭᠡ ᠠᠯᠬᠤᠮ ᠰᠤᠳᠤᠯᠬᠤ ᠳᠤ ᠰᠢᠨ᠎ᠡ ᠪᠣᠳᠠᠲᠤ ᠪᠤᠳᠠᠰ ᠤᠨ ᠮᠠᠲ᠋ᠧᠷᠢᠶᠠᠯ ᠨᠡᠮᠡᠷᠢᠯᠡᠭᠰᠡᠨ  ᠤ ᠬᠠᠮᠲᠤ ᠪᠠᠰᠠ ᠡᠷᠲᠡ ᠦᠶ᠎ᠡ ᠶᠢᠨ ᠬᠠᠳᠤᠨ ᠭᠤᠣᠯ ᠤᠨ ᠰᠠᠪᠠ ᠭᠠᠵᠠᠷ ᠢ ᠨᠡᠭᠡᠭᠡᠨ ᠠᠰᠢᠭᠯᠠᠬᠤ ᠪᠠ ᠬᠠᠳᠤᠨ ᠭᠤᠣᠯ ᠤᠨ ᠰᠣᠶᠣᠯ ᠢ ᠡᠭᠦᠳᠦᠨ ᠪᠦᠲᠦᠭᠡᠬᠦ ᠳᠤ ᠲᠡᠦᠬᠡ ᠶᠢᠨ ᠪᠣᠳᠠᠰ ᠤᠨ ᠭᠡᠷᠡᠴᠢ ᠶᠢ ᠬᠠᠩᠭᠠᠭᠰᠠᠨ ᠪᠠᠶᠢᠨ᠎ᠠ᠃      ᠡᠨᠡ ᠤᠳᠠᠭ᠎ᠠ ᠶᠢᠨ ᠢᠯᠡᠷᠡᠭᠦᠯᠦᠭᠰᠡᠨ ᠬᠠᠮᠤᠭ ᠤᠨ ᠶᠡᠭᠡ ᠣᠯᠤᠯᠲᠠ ᠪᠣᠯ ᠡᠯᠪᠡᠭ ᠪᠠᠶᠠᠯᠢᠭ ᠬᠠᠰ ᠡᠳ᠋ᠯᠡᠯ ᠢ ᠢᠯᠡᠷᠡᠭᠦᠯᠵᠦ᠂ ᠥᠪᠥᠷ ᠮᠣᠩᠭᠤᠯ ᠤᠨ ᠳᠤᠮᠳᠠ ᠡᠮᠦᠨᠡᠲᠦ ᠬᠡᠰᠡᠭ ᠤᠨ ᠣᠷᠣᠨ ᠤ ᠡᠷᠲᠡ ᠦᠶ᠎ᠡ ᠶᠢᠨ ᠬᠠᠰ ᠡᠳ᠋ᠯᠡᠯ  ᠤᠨ ᠬᠡᠷᠡᠭᠯᠡᠯᠲᠡ᠂ ᠬᠠᠰ ᠡᠳ᠋ᠯᠡᠯ ᠤᠨ ᠡᠷᠭᠢᠯᠲᠡ ᠪᠣᠯᠤᠨ ᠰᠣᠶᠣᠯ ᠵᠢᠴᠢ ᠬᠥᠮᠦᠰ ᠤᠨ ᠰᠢᠯᠵᠢᠯᠲᠡ ᠶᠢ ᠢᠯᠡᠷᠡᠭᠦᠯᠬᠦ  ᠳᠤ ᠬᠤᠪᠣᠷ ᠨᠠᠨᠳᠢᠨ ᠪᠥᠭᠡᠳ ᠴᠢᠬᠤᠯᠠ ᠰᠢᠪᠲᠤᠯᠤᠯᠲᠠ ᠶᠢᠨ ᠴᠢᠨᠠᠷᠲᠠᠢ ᠮᠠᠲ᠋ᠧᠷᠢᠶᠠᠯ ᠬᠠᠩᠭᠠᠭᠰᠠᠨ ᠪᠠᠶᠢᠨ᠎ᠠ᠃
 
ᠢᠷᠡᠯᠲᠡ᠄ ᠣᠷᠳᠣᠰ ᠬᠤᠲᠠ ᠶᠢᠨ ᠰᠣᠶᠣᠯ ᠪᠠ ᠵᠢᠭᠤᠯᠴᠢᠯᠠᠯ ᠤᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号