ᠠᠯᠠᠱᠠ ᠠᠶᠢᠮᠠᠭ ᠤᠨ ︽ᠮᠠᠨ ᠤ ᠳᠤᠮᠳᠠᠳᠤ ᠶᠢᠨ ᠵᠡᠭᠦᠳᠦ︾ — ᠰᠣᠶᠣᠯ ᠢ ᠡᠷᠦᠬᠡ ᠪᠥᠬᠦᠨ ᠳᠤ ᠬᠦᠷᠭᠡᠬᠦ ᠰᠢᠷᠢᠰ ᠪᠤᠯᠪᠠᠰᠤᠷᠠᠭᠤᠯᠤᠯ ᠤᠨ ᠠᠩᠭᠢ ᠵᠠᠯᠭᠠᠭ᠎ᠠ ᠪᠠᠷ ᠬᠢᠴᠢᠶᠡᠯ ᠡᠬᠢᠯᠡᠪᠡ
ᠨᠡᠶᠢᠲᠡᠯᠡᠭᠰᠡᠨ ᠴᠠᠭ᠄
2021/3/26
     ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠵᠦ᠂ ᠨᠠᠮ  ᠤᠨ ᠠᠷᠪᠠ ᠶᠢᠰᠦᠳᠦᠭᠡᠷ ᠶᠡᠭᠡ ᠬᠤᠷᠠᠯ ᠪᠣᠯᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ᠂ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ ᠪᠦᠬᠦᠳᠠ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠢᠨᠵᠧᠨᠧᠷᠢᠩ  ᠢ ᠯᠠᠪᠳᠠᠭᠤᠨ ᠪᠠᠲᠤᠲᠠᠢ ᠠᠬᠢᠭᠤᠯᠵᠤ᠂ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠲᠦᠪᠰᠢᠨ ᠢ ᠳᠡᠭᠡᠭᠰᠢᠯᠡᠭᠦᠯᠬᠦ ᠶᠢᠨ ᠲᠥᠯᠥᠭᠡ᠂ 3 ᠳ᠋ᠤᠭᠠᠷ ᠰᠠᠷ᠎ᠠ ᠶᠢᠨ 9 ᠤ ᠡᠳᠦᠷ ᠠᠴᠠ ᠡᠬᠢᠯᠡᠨ᠂ ᠠᠯᠠᠱᠠ ᠠᠶᠢᠮᠠᠭ ᠤᠨ ᠰᠣᠶᠣᠯ ᠤᠨ ᠣᠷᠳᠣᠨ ᠠᠴᠠ ᠡᠷᠬᠢᠯᠡᠭᠰᠡᠨ ︽ᠮᠠᠨ ᠤ ᠳᠤᠮᠳᠠᠳᠤ ᠶᠢᠨ ᠵᠡᠭᠦᠳᠦ︾ — ᠰᠣᠶᠣᠯ ᠢ ᠡᠷᠦᠬᠡ  ᠪᠦᠬᠦᠨ ᠳᠤ ᠬᠦᠷᠭᠡᠬᠦ ᠰᠢᠷᠢᠰ ᠪᠣᠯᠪᠠᠰᠤᠷᠠᠭᠤᠯᠤᠯ ᠤᠨ ᠠᠩᠬᠢ ᠵᠠᠯᠭᠠᠭ᠎ᠠ ᠪᠠᠷ ᠬᠢᠴᠢᠶᠡᠯ ᠡᠬᠢᠯᠡᠪᠡ᠃      ᠪᠤᠯᠪᠠᠰᠤᠷᠠᠭᠤᠯᠤᠯ ᠤᠨ ᠠᠩᠭᠢ ᠨᠢ ᠨᠠᠰᠤᠨ ᠳᠤ ᠬᠦᠷᠦᠭᠰᠡᠳ ᠤᠨ ᠲᠡᠭᠦᠯᠳᠡᠷ ᠬᠤᠭᠤᠷ᠂ ᠪᠥᠵᠢᠭ᠂ ᠤᠷᠠᠨ ᠪᠢᠴᠢᠯᠭᠡ᠂ ᠮᠣᠩᠭᠤᠯ ᠤᠷᠠᠨ ᠪᠢᠴᠢᠯᠭᠡ᠂ ᠬᠢᠲᠠᠳ ᠵᠢᠷᠤᠭ᠂ ᠳᠠᠭᠤᠯᠠᠬᠤᠶ᠂ ᠰᠠᠺᠰ᠂ ᠬᠤᠯᠤᠨ ᠪᠢᠰᠬᠢᠬᠦᠷ᠂ ᠮᠣᠷᠢᠨ ᠬᠤᠭᠤᠷ᠂ ᠨᠠᠶᠢᠷᠠᠯ ᠳᠠᠭᠤᠤ ᠵᠡᠷᠭᠡ 10 ᠲᠥᠷᠥᠯ ᠢ ᠬᠠᠮᠤᠷᠴᠤ᠂ ᠪᠤᠯᠪᠠᠰᠤᠷᠠᠭᠤᠯᠤᠯ ᠭᠥᠷᠳᠡᠭᠰᠡᠨ ᠬᠥᠮᠦᠨ ᠤ ᠲᠤᠭ᠎ᠠ 600 ᠭᠠᠷᠤᠶ ᠬᠥᠮᠦᠨ ᠤᠳᠠᠭ᠎ᠠ ᠳᠤ ᠬᠦᠷᠴᠡᠶ᠃ ᠡᠭᠦᠨ ᠳᠤ᠂ ᠰᠢᠨ᠎ᠡ ᠡᠷᠡᠨ ᠠᠭᠤᠳᠠᠮ ᠲᠠᠯᠠᠪᠠᠶ ᠳᠤ ᠬᠢ ᠲᠠᠯᠠᠪᠠᠶ ᠶᠢᠨ ᠪᠥᠵᠢᠭ ᠤᠨ ᠪᠤᠯᠪᠠᠰᠤᠷᠠᠭᠤᠯᠤᠯ ᠤᠨ ᠴᠠᠭ ᠨᠢ 3 ᠳ᠋ᠤᠭᠠᠷ ᠰᠠᠷ᠎ᠠ ᠶᠢᠨ 16 ᠤ ᠡᠳᠦᠷ ᠠᠴᠠ 26 ᠤ ᠡᠳᠦᠷ ᠤᠨ ᠬᠤᠭᠤᠷᠤᠨᠳᠤ ᠪᠠᠶᠢᠵᠤ᠂ ᠨᠡᠶᠢᠲᠡ 10 ᠡᠳᠦᠷ ᠤᠨ ᠬᠤᠭᠤᠴᠠᠭ᠎ᠠ ᠲᠠᠢ ᠶᠠᠪᠤᠭᠳᠠᠵᠤ᠂ ᠪᠠᠶᠠᠨᠬᠤᠲᠠ ᠣᠷᠣᠨ ᠤ ᠥᠷᠯᠥᠭᠡ ᠦᠳᠡᠰᠢ ᠶᠢᠨ  ᠪᠤᠯᠪᠠᠰᠤᠷᠠᠭᠤᠯᠤᠯ   ᠤᠨ ᠴᠡᠭ ᠨᠢ ᠣᠯᠠᠨ ᠲᠦᠮᠡᠨ ᠳᠤ ᠬᠠᠨᠳᠤᠭᠤᠯᠤᠨ ᠠᠨᠳᠠᠶ ᠪᠥᠵᠢᠭ᠂ ᠦᠨᠳᠦᠰᠦᠲᠡᠨ ᠤ ᠠᠷᠠᠳ ᠤᠨ ᠪᠥᠵᠢᠭ ᠵᠢᠴᠢ ᠣᠲᠣ ᠦᠶ᠎ᠡ ᠶᠢᠨ ᠲᠠᠯᠠᠪᠠᠶ ᠶᠢᠨ ᠪᠥᠵᠢᠭ ᠢ ᠪᠣᠯᠪᠠᠰᠤᠷᠠᠭᠤᠯᠪᠠ᠃ ᠵᠢᠭᠠᠨ ᠰᠤᠷᠭᠠᠯᠲᠠ ᠶᠢᠨ ᠠᠬᠤᠶ ᠲᠠᠯᠠᠪᠠᠶ ᠳᠤ ᠬᠥᠷ ᠬᠥᠭᠵᠢᠶᠡᠨ ᠢᠶᠠᠷ ᠪᠢᠯᠬᠠᠵᠤ᠂ ᠣᠯᠠᠨ ᠲᠦᠮᠡᠨ ᠢᠳᠡᠪᠬᠢᠲᠡᠶ ᠣᠷᠣᠯᠴᠠᠵᠤ᠂ 400 ᠭᠠᠷᠤᠶ ᠬᠥᠮᠦᠨ ᠢ ᠪᠣᠯᠪᠠᠰᠤᠷᠠᠭᠤᠯᠪᠠ᠃ ᠪᠤᠰᠤᠳ 9 ᠬᠢᠴᠢᠶᠡᠯ ᠲᠥᠷᠥᠯ ᠤᠨ ᠪᠣᠯᠪᠠᠰᠤᠷᠠᠭᠤᠯᠤᠯ ᠤᠨ ᠠᠩᠭᠢ ᠶᠢᠨ ᠭᠠᠵᠠᠷ ᠢ ᠪᠦᠬᠦᠨ ᠢ ᠠᠶᠢᠮᠠᠭ ᠤᠨ ᠰᠣᠶᠣᠯ ᠤᠨ ᠣᠷᠳᠣᠨ ᠳᠤ ᠲᠣᠬᠢᠷᠠᠭᠤᠯᠵᠤ᠂ ᠪᠣᠯᠪᠠᠰᠤᠷᠠᠭᠤᠯᠤᠯ ᠤᠨ ᠬᠤᠭᠤᠴᠠᠭ᠎ᠠ ᠨᠢ ᠨᠠᠶᠮᠠᠨ ᠰᠠᠷ᠎ᠠ᠂ ᠨᠡᠶᠢᠲᠡ 214 ᠬᠥᠮᠦᠨ ᠤᠷᠤᠯᠴᠠᠪᠠ᠃      ︽ᠪᠢᠳᠡᠨ ᠤ ᠳᠤᠮᠳᠠᠳᠤ ᠶᠢᠨ ᠵᠡᠭᠦᠳᠦ︾ ᠰᠣᠶᠣᠯ ᠢ ᠡᠷᠦᠬᠡ ᠪᠦᠬᠦᠨ ᠳᠤ ᠬᠦᠷᠭᠡᠬᠦ ᠰᠢᠷᠢᠰ ᠪᠣᠯᠪᠠᠰᠤᠷᠠᠭᠤᠯᠤᠯ ᠤᠨ ᠠᠵᠢᠯᠯᠠᠭ᠎ᠠ ᠶᠢ ᠡᠷᠭᠢᠯᠡᠬᠦ ᠪᠠᠷ ᠳᠠᠮᠵᠢᠭᠤᠯᠤᠨ᠂ ᠪᠠᠶᠠᠨᠬᠤᠲᠠ ᠣᠷᠣᠨ ᠤ ᠣᠯᠠᠨ ᠲᠦᠮᠡᠨ ᠤ ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠣᠶ ᠶᠢ ᠬᠠᠮᠲᠤ ᠪᠠᠷ ᠪᠡᠯᠭᠡᠯᠡᠬᠦ ᠥᠳᠬᠡᠨ ᠵᠤᠵᠠᠭᠠᠨ ᠠᠭᠤᠷ ᠠᠮᠢᠰᠬᠤᠯ ᠢ ᠪᠣᠶ ᠪᠣᠯᠭᠠᠵᠤ᠂ ᠠᠷᠠᠳ ᠣᠯᠠᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢ ᠬᠠᠩᠭᠠᠵᠤ᠂ ᠠᠷᠠᠳ ᠣᠯᠠᠨ ᠤ ᠰᠣᠶᠣᠯ ᠤᠨ ᠠᠵᠢᠯ ᠳᠤ ᠬᠢ ᠬᠠᠨᠤᠮᠵᠢ ᠶᠢᠨ ᠬᠡᠮᠵᠢᠶ᠎ᠡ ᠶᠢ ᠳᠡᠭᠡᠭᠰᠢᠯᠡᠭᠦᠯᠦᠨ᠂ ᠠᠷᠠᠳ ᠣᠯᠠᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ ᠠᠷᠠᠳ ᠣᠯᠠᠨ ᠤ ᠵᠣᠯ ᠵᠢᠷᠭᠠᠯᠲᠤ ᠰᠡᠳᠬᠢᠯᠭᠡ ᠶᠢ ᠳᠡᠭᠡᠭᠰᠢᠯᠡᠭᠦᠯᠬᠦ ᠪᠠᠷ ᠵᠣᠷᠢᠯᠭ᠎ᠠ ᠪᠠᠨ ᠪᠣᠯᠭᠠᠵᠠᠶ᠃
 
ᠢᠷᠡᠯᠲᠡ᠄ ᠠᠯᠠᠱᠠ ᠠᠶᠢᠮᠠᠭ ᠤᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号