2021 ᠣᠨ ᠤ ᠨᠢᠭᠡᠳᠦᠭᠡᠷ ᠤᠯᠠᠷᠢᠯ ᠳᠤ ᠪᠥᠬᠦ ᠤᠯᠤᠰ ᠤᠨ ᠵᠢᠭᠤᠯᠴᠢᠯᠠᠯ ᠤᠨ ᠬᠤᠷᠢᠶ᠎ᠠ 1187 . 27 ᠲᠦᠮᠡᠨ ᠬᠥᠮᠦᠨ ᠤᠳᠠᠭᠠᠨ ᠤ ᠤᠯᠤᠰ ᠤᠨ ᠳᠣᠲᠣᠭᠠᠳᠤ ᠶᠢᠨ ᠵᠢᠭᠤᠯᠴᠢᠯᠠᠯ  ᠢ ᠵᠤᠬᠢᠶᠠᠨ ᠪᠠᠶᠢᠭᠤᠯᠵᠠᠢ
ᠨᠡᠶᠢᠲᠡᠯᠡᠭᠰᠡᠨ ᠴᠠᠭ᠄
2021/5/25
     5 ᠳ᠋ᠤᠭᠠᠷ ᠰᠠᠷ᠎ᠠ ᠶᠢᠨ 18 ᠤ ᠡᠳᠦᠷ᠂ ᠰᠣᠶᠣᠯ ᠵᠢᠭᠤᠯᠴᠢᠯᠠᠯ ᠤᠨ ᠶᠠᠮᠤᠨ 《 2021 ᠣᠨ ᠤ ᠨᠢᠭᠡᠳᠦᠭᠡᠷ ᠤᠯᠠᠷᠢᠯ ᠤᠨ ᠪᠥᠬᠦ ᠤᠯᠤᠰ ᠤᠨ ᠵᠢᠭᠤᠯᠴᠢᠯᠠᠯ ᠤᠨ ᠬᠤᠷᠢᠶᠠᠨ ᠤ ᠲᠤᠭ᠎ᠠ ᠪᠦᠷᠢᠳᠬᠡᠯ ᠤᠨ ᠪᠠᠶᠢᠴᠠᠭᠠᠯᠲᠠ  ᠶᠢᠨ ᠮᠡᠳᠡᠭᠦᠯᠦᠯᠲᠡ 》 ( ᠳᠣᠷᠣᠭᠰᠢ 《 ᠮᠡᠳᠡᠭᠦᠯᠦᠯᠲᠡ 》 ᠭᠡᠵᠦ ᠲᠣᠪᠴᠢᠯᠠᠨ᠎ᠠ ) ᠶᠢ ᠨᠡᠶᠢᠲᠡᠯᠡᠪᠡ  ᠃ 《 ᠮᠡᠳᠡᠭᠦᠯᠦᠯᠲᠡ 》 ᠳᠤ ᠢᠯᠡᠷᠡᠭᠦᠯᠦᠭᠰᠡᠨ ᠢᠶᠠᠷ  3  ᠳ᠋ᠤᠭᠠᠷ ᠰᠠᠷ᠎ᠠ ᠶᠢᠨ 31 ᠤ ᠡᠳᠦᠷ ᠪᠣᠯᠲᠠᠯ᠎ᠠ 2021 ᠣᠨ  ᠤ ᠨᠢᠭᠡᠳᠦᠭᠡᠷ ᠤᠯᠠᠷᠢᠯ ᠳᠤ ᠪᠥᠬᠦ ᠤᠯᠤᠰ ᠤᠨ ᠵᠢᠭᠤᠯᠴᠢᠯᠠᠯ ᠤᠨ  ᠬᠤᠷᠢᠶᠠᠨ  ᠤ ᠤᠯᠤᠰ ᠤᠨ ᠳᠣᠲᠣᠭᠠᠳᠤ ᠶᠢᠨ ᠵᠢᠭᠤᠯᠴᠢᠯᠠᠯ ᠤᠨ ᠵᠣᠬᠢᠶᠠᠨ ᠪᠠᠶᠢᠭᠤᠯᠤᠯᠲᠠ 1187 . 27 ᠲᠦᠮᠡᠨ ᠬᠥᠮᠦᠨ ᠤᠳᠠᠭ᠎ᠠ᠂ 2863 . 11 ᠲᠦᠮᠡᠨ ᠬᠥᠮᠦᠨ ᠡᠳᠦᠷ  ᠲᠤ  ᠬᠦᠷᠴᠦ᠂ ᠠᠳᠠᠯᠢ ᠬᠤᠭᠤᠴᠠᠭᠠᠨ ᠤ ᠬᠢ ᠠᠴᠠ 138 . 50 %᠂ 85 . 83 % ᠪᠠᠷ ᠨᠡᠮᠡᠭᠳᠡᠪᠡ︔  ᠡᠳᠦᠷ ᠲᠤ1489 . 04 ᠲᠦᠮᠡᠨ ᠬᠥᠮᠦᠨ ᠤᠳᠠᠭ᠎ᠠ᠂ 3059 . 22 ᠲᠦᠮᠡᠨ ᠬᠦᠮᠦᠨ ᠡᠳᠦᠷ ᠭᠥᠯᠢᠶᠡᠨ ᠵᠣᠴᠢᠯᠠᠵᠤ᠂ ᠠᠳᠠᠯᠢ ᠬᠤᠭᠤᠴᠠᠭᠠᠨ ᠤ ᠬᠢ ᠠᠴᠠ 163 . 04 %᠂ 122 . 89 % ᠪᠠᠷ ᠨᠡᠮᠡᠭᠳᠡᠪᠡ  ᠃    《 ᠮᠡᠳᠡᠭᠦᠯᠦᠯᠲᠡ 》 ᠠᠴᠠ ᠦᠵᠡᠪᠡᠯ᠂ ᠨᠢᠭᠡᠳᠦᠭᠡᠷ ᠤᠯᠠᠷᠢᠯ ᠤᠨ ᠵᠢᠭᠤᠯᠴᠢᠯᠠᠯ ᠤᠨ ᠬᠤᠷᠢᠶᠠᠨ ᠤ ᠵᠤᠬᠢᠶᠠᠨ ᠪᠠᠶᠢᠭᠤᠯᠤᠭᠰᠠᠨ ᠤᠯᠤᠰ ᠤᠨ ᠳᠣᠲᠣᠭᠠᠳᠤ ᠶᠢᠨ ᠵᠢᠭᠤᠯᠴᠢᠯᠠᠯ ᠤᠨ ᠬᠦᠮᠦᠨ ᠤᠳᠠᠭᠠᠨ ᠤ ᠨᠡᠷᠡᠰ ᠤᠨ ᠵᠢᠭᠰᠠᠭᠠᠯᠲᠠ  ᠶᠢᠨ ᠡᠮᠦᠨ᠎ᠡ 10 ᠳᠤ ᠵᠢᠭᠰᠠᠭᠠᠭᠳᠠᠭᠰᠠᠨ ᠭᠠᠵᠠᠷ ᠣᠷᠣᠨ ᠤ ᠥᠨᠳᠥᠷ ᠠᠴᠠ ᠳᠣᠤᠷ᠎ᠠ ᠬᠦᠷᠲᠡᠯᠡᠬᠢ ᠨᠢ ᠭᠤᠸᠠᠩᠳᠦ᠋ᠩ᠂ ᠵᠧᠵᠢᠶᠠᠩ᠂ ᠵᠢᠶᠠᠩᠰᠦ᠂ ᠴᠦᠩᠴᠢᠩ᠂ ᠬᠤᠨᠠᠨ᠂ ᠬᠤᠪᠸᠢ᠂ ᠹᠦᠵᠢᠶᠠᠨ᠂ ᠱᠠᠩᠬᠠᠶ᠂ ᠰᠧᠴᠤᠸᠠᠨ᠂ ᠱᠠᠨᠳᠦ᠋ᠩ ᠪᠣᠯᠤᠨ᠎ᠠ︔ ᠵᠢᠭᠤᠯᠴᠢᠯᠠᠯ ᠤᠨ ᠬᠤᠷᠢᠶᠠᠨ  ᠤ ᠤᠯᠤᠰ ᠤᠨ ᠳᠣᠲᠣᠭᠠᠳᠤ ᠶᠢᠨ ᠵᠢᠭᠤᠯᠴᠢᠯᠠᠯ  ᠢ ᠭᠥᠯᠢᠶᠡᠨ ᠠᠪᠤᠭᠰᠠᠨ ᠬᠥᠮᠦᠨ ᠤ ᠲᠤᠭ᠎ᠠ ᠶᠢᠨ ᠨᠡᠷᠡᠰ ᠤᠨ ᠵᠢᠭᠰᠠᠭᠠᠯᠲᠠ ᠶᠢᠨ ᠡᠮᠦᠨ᠎ᠡ 10 ᠳᠤ ᠵᠢᠭᠰᠠᠭᠠᠭᠳᠠᠭᠰᠠᠨ ᠭᠠᠵᠠᠷ ᠣᠷᠣᠨ ᠤ ᠥᠨᠳᠥᠷ ᠠᠴᠠ ᠳᠣᠤᠷ᠎ᠠ ᠬᠦᠷᠲᠡᠯᠡᠬᠢ ᠨᠢ ᠵᠢᠶᠠᠩᠰᠦ᠂ ᠬᠠᠶᠢᠨᠠᠨ᠂ ᠵᠧᠵᠢᠶᠠᠩ᠂ ᠬᠤᠨᠠᠨ᠂ ᠭᠤᠸᠠᠩᠳᠦ᠋ᠩ᠂ ᠬᠤᠪᠸᠢ᠂ ᠶᠦᠨᠨᠠᠨ᠂ ᠴᠦᠩᠴᠢᠩ᠂ ᠠᠨᠾᠦ᠋ᠢ᠂ ᠹᠦᠵᠢᠶᠠᠨ ᠪᠣᠯᠤᠨ᠎ᠠ︔ ᠵᠢᠭᠤᠯᠴᠢᠯᠠᠯ ᠤᠨ  ᠬᠤᠷᠢᠶᠠᠨ ᠤ ᠤᠯᠤᠰ ᠤᠨ ᠳᠣᠲᠣᠭᠠᠳᠤ ᠶᠢᠨ ᠵᠢᠭᠤᠯᠴᠢᠯᠠᠯ  ᠢ ᠭᠥᠯᠢᠶᠡᠨ ᠬᠥᠮᠦᠨ ᠤᠳᠠᠭ᠎ᠠ ( ᠬᠥᠮᠦᠨ  ᠡᠳᠦᠷ)  ᠶᠢ ᠵᠤᠬᠢᠶᠠᠨ ᠪᠠᠶᠢᠭᠤᠯᠤᠭᠰᠠᠨ  ᠨᠡᠷᠡᠰ ᠤᠨ ᠵᠢᠭᠰᠠᠭᠠᠯᠲᠠ ᠶᠢᠨ ᠡᠮᠦᠨ᠎ᠡ 10 ᠳᠤ ᠵᠢᠭᠰᠠᠭᠠᠭᠳᠠᠭᠰᠠᠨ ᠭᠠᠵᠠᠷ ᠣᠷᠣᠨ ᠤ ᠥᠨᠳᠥᠷ ᠠᠴᠠ ᠳᠣᠤᠷ᠎ᠠ ᠬᠦᠷᠲᠡᠯᠡᠬᠢ ᠨᠢ ᠵᠢᠶᠠᠩᠰᠦ᠂ ᠵᠧᠵᠢᠶᠠᠩ᠂ ᠭᠤᠸᠠᠩᠳᠦ᠋ᠩ᠂ ᠬᠤᠨᠠᠨ᠂ ᠴᠦᠩᠴᠢᠩ᠂ ᠬᠤᠪᠸᠢ᠂ ᠹᠦᠵᠢᠶᠠᠨ᠂ ᠶᠦᠨᠨᠠᠨ᠂ ᠬᠠᠶᠢᠨᠠᠨ᠂ ᠱᠠᠩᠬᠠᠶ ᠪᠣᠯᠤᠨ᠎ᠠ  ᠃ ᠨᠢᠭᠡᠳᠦᠭᠡᠷ ᠤᠯᠠᠷᠢᠯ ᠳᠤ ᠤᠯᠤᠰ ᠤᠨ ᠳᠣᠲᠣᠭᠠᠳᠤ ᠶᠢᠨ ᠵᠢᠭᠤᠯᠴᠢᠯᠠᠯ ᠤᠨ ᠲᠠᠩ ᠵᠦᠶᠯ ᠤᠨ ᠦᠶᠯᠡᠴᠢᠯᠡᠭᠡ 8291 . 24 ᠲᠦᠮᠡᠨ ᠬᠥᠮᠦᠨ ᠤᠳᠠᠭ᠎ᠠ ᠳᠤ ᠬᠥᠷᠪᠡ  ᠃    《 ᠮᠡᠳᠡᠭᠦᠯᠦᠯᠲᠡ 》 ᠠᠴᠠ ᠦᠵᠡᠪᠡᠯ᠂ ᠨᠢᠭᠡᠳᠦᠭᠡᠷ ᠤᠯᠠᠷᠢᠯ ᠳᠤ ᠪᠥᠬᠦ ᠤᠯᠤᠰ ᠤᠨ ᠵᠢᠭᠤᠯᠴᠢᠯᠠᠯ ᠤᠨ  ᠬᠤᠷᠢᠶᠠᠨ  ᠤ ᠪᠥᠬᠦ ᠲᠤᠭ᠎ᠠ ᠨᠢ 41033᠃ 30970  ᠵᠢᠭᠤᠯᠴᠢᠯᠠᠯ  ᠤᠨ ᠬᠤᠷᠢᠶ᠎ᠠ ᠨᠢᠭᠡᠳᠦᠭᠡᠷ ᠤᠯᠠᠷᠢᠯ ᠤᠨ ᠮᠡᠳᠡᠬᠦᠯᠦᠯᠲᠡ ᠶᠢᠨ ᠬᠦᠰᠦᠨᠦᠭᠲᠦ ᠶᠢ  ᠲᠠᠭᠯᠠᠵᠤ᠂ ᠪᠥᠬᠦ ᠲᠣᠭᠠᠨ ᠤ 75 . 48 % ᠶᠢ ᠡᠵᠡᠯᠡᠵᠡᠢ᠃ ᠪᠥᠬᠦ ᠤᠯᠤᠰ ᠤᠨ 26 ᠭᠠᠵᠠᠷ ᠣᠷᠣᠨ ᠤ ᠬᠢᠨᠠᠨ ᠬᠠᠷᠭᠤᠭᠤᠯᠤᠯᠲᠠ ᠶᠢ ᠪᠡᠶᠡᠯᠡᠭᠦᠯᠦᠭᠰᠡᠨ ᠨᠣᠷᠮ᠎ᠠ 90 % ᠶᠢ ᠳᠠᠪᠠᠪᠠ᠂ ᠡᠭᠦᠨ ᠳᠤ ᠾᠧᠪᠸᠢ᠂ ᠯᠢᠶᠣᠤᠨᠢᠩ᠂ ᠬᠠᠷᠠᠮᠥ᠋ᠷᠡᠨ᠂ ᠬᠤᠨᠠᠨ᠂ ᠴᠦᠩᠴᠢᠩ ᠤᠨ ᠬᠢᠨᠠᠨ ᠬᠠᠷᠭᠤᠭᠤᠯᠤᠯᠲᠠ   ᠶᠢ ᠪᠡᠶᠡᠯᠡᠭᠦᠯᠦᠭᠰᠡᠨ ᠨᠣᠷᠮ᠎ᠠ 100 % ᠳᠤ ᠬᠦᠷᠴᠡᠶ  ᠃ ( ᠬᠤᠸᠠᠩ ᠭᠤᠤ ᠶᠤᠸᠠᠨ )  
 
ᠢᠷᠡᠯᠲᠡ᠄ ᠳᠤᠮᠳᠠᠳᠤ ᠤᠯᠤᠰ ᠤᠨ ᠵᠢᠭᠤᠯᠴᠢᠯᠠᠯ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号