ᠰᠢᠨ᠎ᠡ ᠴᠠᠭ ᠦᠶ᠎ᠡ ᠰᠢᠨ᠎ᠡ ᠠᠶᠠᠨ ᠵᠠᠮ ᠳᠤ ᠰᠢᠨ᠎ᠡ ᠰᠣᠶᠣᠯ ᠤᠨ ᠡᠭᠦᠷᠭᠡ ᠶᠢ ᠨᠠᠩ ᠰᠠᠶᠢᠲᠤᠷ ᠡᠭᠦᠷᠭᠡᠯᠡᠨ᠎ᠡ ︵ᠬᠤᠶᠠᠷ︶
ᠨᠡᠶᠢᠲᠡᠯᠡᠭᠰᠡᠨ ᠴᠠᠭ᠄
2024/1/24
      ᠭᠤᠷᠪᠠ ᠳᠤ᠂ ᠰᠣᠶᠣᠯ ᠤᠨ ᠦᠨᠳᠦᠰᠦ ᠰᠤᠷᠪᠤᠯᠵᠢ ᠶᠢ ᠭᠦᠨ ᠦᠨᠳᠦᠰᠦᠯᠡᠭᠦᠯᠵᠦ᠂ ᠲᠥᠪ ᠶᠣᠰᠣ ᠶᠢ ᠰᠠᠬᠢᠵᠤ ᠰᠢᠨ᠎ᠡ ᠶᠢ ᠡᠭᠦᠳᠬᠦ ᠶᠢ ᠴᠢᠩᠭᠠᠳᠬᠠᠨ᠎ᠠ᠃ ᠥᠯᠥ ᠮᠡᠳᠡᠬᠦ ᠪᠠᠶᠢᠳᠠᠯ ᠢ ᠬᠠᠶᠢᠨ ᠰᠦᠪᠡᠭᠴᠢᠯᠡᠬᠦ ᠳᠤ ᠰᠠᠭᠤᠷᠢᠯᠠᠨ᠂ ᠤᠭ ᠦᠨᠳᠦᠰᠦ ᠶᠢ ᠨᠢ ᠢᠯᠡᠷᠡᠭᠦᠯᠵᠦ᠂ ᠳᠤᠮᠳᠠᠳᠤ ᠶᠢᠨ ᠪᠣᠯᠪᠠᠰᠤᠨ ᠤ ᠡᠬᠢ ᠰᠤᠷᠪᠤᠯᠵᠢ ᠶᠢ ᠬᠠᠶᠢᠬᠤ ᠢᠨᠵᠧᠨᠧᠷᠢᠩ᠂ ︽ᠬᠠᠭᠤᠴᠢ ᠰᠤᠳᠤᠯᠤᠯ ᠤᠨ ᠳᠤᠮᠳᠠᠳᠤ ᠤᠯᠤᠰ︾  ᠴᠢᠬᠤᠯᠠ ᠶᠡᠭᠡ ᠲᠥᠷᠥᠯ ᠵᠦᠢᠯ ᠢ ᠭᠦᠨᠵᠡᠭᠡᠶᠢᠷᠡᠭᠦᠯᠵᠦ᠂ ︽ᠪᠣᠷᠣᠳᠣᠬᠤᠢ ᠣᠷᠣᠨ ᠤ ᠰᠠᠭᠤᠷᠢᠰᠢᠯ ᠬᠢᠭᠡᠳ ᠨᠡᠶᠢᠭᠡᠮ ᠤᠨ ᠰᠤᠳᠤᠯᠤᠯ︾ ︽ᠪᠠᠷᠠᠭᠤᠨ ᠯᠢᠶᠤᠤ ᠡᠾᠧ ᠭᠤᠣᠯ ᠤᠨ ᠪᠣᠯᠪᠠᠰᠤᠨ ᠤ ᠰᠤᠳᠤᠯᠤᠯ︾ ᠵᠡᠷᠭᠡ ᠭᠤᠣᠯᠳᠠᠯᠭ᠎ᠠ ᠲᠠᠢ ᠲᠥᠷᠥᠯ ᠵᠦᠢᠯ ᠢ ᠢᠳᠡᠪᠬᠢᠲᠡᠢ ᠪᠠᠷ ᠠᠬᠢᠭᠤᠯᠤᠨ᠂ ᠲᠡᠦᠬᠡ ᠶᠢᠨ ᠳᠤᠷᠠᠰᠬᠠᠯᠲᠤ ᠵᠦᠢᠯ᠂ ᠰᠤᠳᠤᠷ ᠪᠢᠴᠢᠭ᠂ ᠪᠣᠳᠠᠰ ᠤᠨ ᠪᠤᠰᠤ ᠰᠣᠶᠣᠯ ᠤᠨ ᠥᠪ ᠵᠡᠷᠭᠡ ᠰᠤᠳᠤᠯᠭᠠᠨ ᠢ ᠴᠢᠩᠭᠠᠳᠬᠠᠵᠤ᠂ ᠳᠤᠮᠳᠠᠳᠤ ᠶᠢᠨ ᠪᠣᠯᠪᠠᠰᠤᠨ ᠤ ᠡᠭᠦᠰᠦᠯ ᠬᠢᠭᠡᠳ ᠣᠯᠠᠨ ᠡᠰᠢᠲᠦ ᠨᠢᠭᠡ ᠴᠣᠭᠴᠠᠵᠢᠭᠰᠠᠨ ᠪᠠᠶᠢᠷᠢᠰᠢᠯ ᠤᠨ ᠪᠦᠷᠢᠯᠳᠦᠬᠦ ᠶᠠᠪᠤᠴᠠ ᠳᠤ ᠬᠢ ᠥᠪᠥᠷ ᠮᠣᠩᠭᠤᠯ ᠤᠨ ᠴᠢᠬᠤᠯᠠ ᠦᠢᠯᠡᠳᠦᠯ ᠢ ᠭᠡᠷᠡᠴᠢᠯᠡᠨ᠎ᠡ᠃ ᠬᠤᠪᠢᠰᠬᠠᠯ ᠤᠨ ᠡᠬᠢ ᠪᠠᠶᠠᠯᠢᠭ ᠢ ᠪᠦᠬᠦ ᠬᠦᠴᠦ ᠪᠠᠷ ᠰᠠᠶᠢᠲᠤᠷ ᠬᠠᠮᠠᠭᠠᠯᠠᠵᠤ᠂ ᠰᠠᠶᠢᠲᠤᠷ ᠬᠠᠮᠢᠶᠠᠷᠴᠤ᠂ ᠰᠠᠶᠢᠲᠤᠷ ᠬᠡᠷᠡᠭᠯᠡᠵᠦ᠂ ᠬᠤᠪᠢᠰᠬᠠᠯ ᠤᠨ ᠰᠣᠶᠣᠯ ᠤᠨ ᠠᠭᠤᠯᠭ᠎ᠠ ᠶᠢᠨ ᠤᠬᠠᠭᠤᠯᠭ᠎ᠠ ᠶᠢᠨ ᠲᠣᠭᠲᠠᠴᠠ ᠶᠢ ᠪᠠᠶᠢᠭᠤᠯᠵᠤ᠂ ᠭᠤᠣᠯ ᠰᠡᠳᠦᠪ ᠲᠣᠪᠣᠶᠢᠮ᠎ᠠ᠂ ᠤᠳᠤᠷᠢᠳᠤᠮᠵᠢ ᠢᠯᠡ ᠲᠣᠳᠣ᠂ ᠠᠭᠤᠯᠤᠭᠳᠠᠬᠤᠨ ᠢᠶᠠᠷ ᠡᠯᠪᠡᠭ ᠪᠠᠶᠠᠯᠢᠭ ᠳᠡᠯᠭᠡᠨ ᠦᠵᠡᠭᠦᠯᠬᠦ ᠰᠣᠳᠣᠨ ᠪᠦᠲᠦᠭᠡᠯ ᠢ ᠬᠦᠴᠦᠯᠡᠨ ᠤᠬᠠᠭᠠᠯᠠᠨ ᠡᠭᠦᠳᠴᠦ᠂ ᠬᠥᠮᠥᠨ ᠪᠣᠳᠠᠰ ᠢ ᠦᠵᠡᠮᠡᠭᠴᠡ ᠵᠣᠷᠢᠭ ᠰᠠᠨᠠᠭ᠎ᠠ ᠶᠢ ᠤᠶᠢᠯᠠᠭᠠᠬᠤ ᠲᠥᠪᠰᠢᠨ ᠳᠤ ᠬᠦᠷᠴᠦ᠂ ᠪᠦᠬᠦ ᠠᠷᠠᠳ ᠢᠶᠠᠷ ᠢᠶᠠᠨ ᠬᠤᠪᠢᠰᠬᠠᠯ ᠤᠨ ᠲᠡᠦᠬᠡ ᠶᠢᠨ ᠳᠤᠷᠠᠰᠬᠠᠯᠲᠤ ᠵᠦᠢᠯ ᠢ ᠬᠠᠮᠲᠤ ᠪᠠᠷ ᠬᠠᠮᠠᠭᠠᠯᠠᠬᠤ᠂ ᠬᠤᠪᠢᠰᠬᠠᠯ ᠤᠨ ᠭᠧᠨ ᠢ ᠤᠯᠠᠮᠵᠢᠯᠠᠬᠤ᠂ ᠬᠤᠪᠢᠰᠬᠠᠯ ᠤᠨ ᠴᠢᠰᠤᠨ ᠰᠤᠳᠠᠰᠤ ᠶᠢ ᠦᠷᠭᠦᠯᠵᠢᠯᠡᠭᠦᠯᠬᠦ ᠰᠠᠶᠢᠨ ᠰᠠᠶᠢᠬᠠᠨ ᠨᠡᠶᠢᠭᠡᠮ ᠤᠨ ᠠᠭᠤᠷ ᠠᠮᠢᠰᠬᠤᠯ ᠢ ᠪᠤᠢ ᠪᠣᠯᠭᠠᠬᠤ ᠬᠡᠷᠡᠭᠲᠡᠢ᠃ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠶ ᠪᠤᠯᠭᠠᠬᠤ ᠶᠢ ᠡᠯ᠎ᠡ ᠲᠥᠷᠥᠯ ᠤᠨ ᠣᠯᠠᠨ ᠲᠦᠮᠡᠨ ᠤ ᠰᠣᠶᠣᠯ ᠤᠨ ᠠᠵᠢᠯᠯᠠᠭᠠᠨ  ᠳᠤ ᠠᠭᠤᠰᠬᠠᠨ ︽ ᠤᠷᠠᠨ ᠪᠦᠵᠢᠭᠲᠦ ᠤᠮᠠᠷᠠᠲᠤ ᠬᠢᠯᠢ︾ ︽ᠤᠮᠠᠷᠠᠲᠤ ᠬᠢᠯᠢ ᠶᠢᠨ ᠮᠠᠭᠲᠠᠭᠠᠯ︾ ︽ ᠤᠷᠠᠨ ᠤᠩᠰᠢᠯᠭᠠᠲᠤ ᠬᠢᠯᠢ ᠨᠤᠲᠤᠭ︾ ᠵᠡᠷᠭᠡ ᠣᠯᠠᠨ ᠨᠡᠶᠢᠲᠡ   ᠶᠢᠨ ᠰᠣᠶᠣᠯ ᠤᠨ ᠨᠡᠷᠡᠲᠦ ᠲᠡᠮᠳᠡᠭ   ᠢ ᠴᠤᠯᠭᠤᠷᠠᠭᠤᠯᠵᠤ᠂ ︽ᠠᠷᠠᠳ ᠤᠨ ᠲᠢᠶᠠᠲᠷ︾ ︽ᠰᠢᠯᠢᠳᠡᠭ ᠵᠦᠴᠦᠭᠡ ᠶᠢᠨ ᠦᠵᠡᠭᠦᠯᠭᠡ ᠶᠢᠨ ᠲᠣᠭᠯᠠᠯᠲᠠ ᠶᠢᠨ ᠰᠠᠷ᠎ᠠ︾ ︽ᠤᠯᠠᠭᠠᠨᠮᠥ᠋ᠴᠢᠷ ᠤᠨ ᠲᠣᠭᠯᠠᠯᠲᠠ ᠲᠦᠮᠡᠨ ᠲᠣᠰᠬᠤᠨ ᠳᠤ ᠬᠦᠷᠬᠦ︾ ᠵᠡᠷᠭᠡ ᠣᠯᠠᠨ ᠲᠦᠮᠡᠨᠴᠢ ᠴᠢᠨᠠᠷᠲᠠᠢ ᠰᠣᠶᠣᠯ ᠤᠨ ᠠᠵᠢᠯᠯᠠᠭ᠎ᠠ ᠶᠢ ᠥᠷᠨᠢᠭᠦᠯᠵᠦ᠂ ᠳᠤᠮᠳᠠᠳᠤ ᠤᠯᠤᠰ ᠤᠨ ᠵᠢᠷᠤᠭ ᠤᠨ ᠬᠦᠷᠢᠶᠡᠯᠡᠩ ᠲᠠᠢ ᠬᠠᠮᠲᠤᠷᠠᠨ ︽ᠬᠢᠲᠠᠳ ᠵᠢᠷᠤᠭ · ᠳᠤᠮᠳᠠᠳᠤ ᠤᠯᠤᠰ ᠤᠨ ᠲᠡᠦᠬᠡ ᠶᠢᠨ ᠳᠤᠷᠠᠰᠬᠠᠯᠲᠤ ᠵᠦᠢᠯ  ᠢ ᠵᠢᠷᠤᠶ᠎ᠠ︾ ᠠᠵᠢᠯᠯᠠᠭ᠎ᠠ ᠶᠢ ᠰᠠᠶᠢᠲᠤᠷ ᠡᠷᠭᠢᠯᠡᠵᠦ᠂ ︽ᠰᠢᠨ᠎ᠡ ᠴᠠᠭ ᠦᠶ᠎ᠡ ᠶᠢᠨ ᠥᠪᠥᠷ ᠮᠣᠩᠭᠤᠯ ᠤᠨ ᠬᠠᠭᠤᠴᠢ ᠰᠤᠳᠤᠯᠤᠯ ᠤᠨ ᠠᠮᠵᠢᠯᠲᠠ ᠪᠦᠲᠦᠮᠵᠢ ᠶᠢᠨ ᠦᠵᠡᠭᠦᠯᠭᠡ︾ ᠵᠡᠷᠭᠡ ᠣᠨᠴᠠᠯᠢᠭᠲᠤ ᠦᠵᠡᠭᠦᠯᠭᠡ ᠶᠢ ᠤᠬᠠᠭᠠᠯᠠᠨ ᠡᠷᠭᠢᠯᠡᠵᠦ᠂ ᠣᠯᠠᠨ ᠲᠦᠮᠡᠨ ᠤ ᠰᠣᠶᠣᠯ ᠳᠤ ᠣᠷᠣᠯᠴᠠᠬᠤ ᠰᠡᠳᠬᠢᠯᠭᠡ᠂ ᠬᠦᠷᠲᠡᠮᠵᠢ ᠶᠢᠨ ᠰᠡᠳᠬᠢᠯᠭᠡ ᠪᠠ ᠮᠡᠳᠡᠷᠡᠬᠦ ᠰᠡᠳᠬᠢᠯᠭᠡ ᠶᠢ ᠲᠠᠰᠤᠷᠠᠯᠲᠠ ᠦᠭᠡᠢ ᠨᠡᠮᠡᠭᠳᠡᠭᠦᠯᠦᠨ᠎ᠡ᠃      ᠳᠥᠷᠪᠡ ᠳᠤ᠂ ᠡᠵᠡᠩᠨᠡᠯᠲᠡ ᠶᠢᠨ ᠬᠡᠯᠪᠡᠷᠢ ᠪᠠᠶᠢᠳᠠᠯ ᠤᠨ ᠠᠭᠤᠰᠤᠯᠴᠠᠯ ᠢ ᠴᠢᠩᠭ᠎ᠠ ᠠᠩᠬᠠᠷᠴᠤ᠂ ᠠᠵᠤ ᠦᠢᠯᠡᠰ ᠤᠨ ᠬᠥᠭᠵᠢᠯᠲᠡ ᠶᠢ ᠠᠬᠢᠭᠤᠯᠤᠨ᠎ᠠ᠃ ᠰᠣᠶᠣᠯ ᠤᠨ ᠠᠵᠤ ᠦᠢᠯᠡᠰ ᠪᠠ ᠵᠢᠭᠤᠯᠴᠢᠯᠠᠯ ᠤᠨ ᠠᠵᠤ ᠦᠢᠯᠡᠰ ᠢ ᠠᠭᠤᠰᠤᠯᠴᠠᠭᠤᠯᠤᠨ ᠬᠥᠭᠵᠢᠭᠦᠯᠬᠦ ᠵᠢᠱᠢᠶ᠎ᠡ ᠦᠵᠡᠭᠦᠯᠬᠦ ᠣᠷᠣᠨ᠂ ᠰᠥᠨᠢ ᠶᠢᠨ ᠰᠣᠶᠣᠯ ᠪᠠ ᠵᠢᠭᠤᠯᠴᠢᠯᠠᠯ ᠤᠨ ᠬᠡᠷᠡᠭᠯᠡᠭᠡ ᠲᠥᠪᠯᠡᠷᠡᠭᠰᠡᠨ ᠣᠷᠣᠨ᠂ ᠵᠢᠭᠤᠯᠴᠢᠯᠠᠯ ᠰᠡᠯᠡᠭᠦᠴᠡᠯ ᠤᠨ ᠵᠡᠭᠡᠯᠢ ᠲᠣᠭᠤᠷᠢᠭ ᠢ ᠡᠭᠦᠳᠦᠨ ᠪᠠᠶᠢᠭᠤᠯᠬᠤ ᠪᠠᠷ ᠭᠠᠷᠳᠠᠴᠠ ᠪᠣᠯᠭᠠᠵᠤ᠂ ᠰᠣᠶᠣᠯ ᠵᠢᠭᠤᠯᠴᠢᠯᠠᠯ ᠤᠨ ᠠᠵᠤ ᠦᠢᠯᠡᠰ ᠢ ᠣᠲᠣ ᠦᠶ᠎ᠡ ᠶᠢᠨ ᠲᠠᠷᠢᠶᠠᠯᠠᠩ᠂ ᠠᠵᠤ ᠦᠢᠯᠡᠳᠪᠦᠷᠢ᠂ ᠦᠢᠯᠡᠴᠢᠯᠡᠭᠡᠨ ᠤ ᠦᠢᠯᠡᠰ ᠯᠦᠭᠡ ᠭᠦᠨᠵᠡᠭᠡᠢ ᠠᠭᠤᠰᠤᠯᠴᠠᠭᠤᠯᠤᠨ᠂ ᠬᠢᠯᠢ ᠠᠯᠤᠰᠯᠠᠨ ᠬᠥᠭᠵᠢᠭᠦᠯᠬᠦ ᠶᠢ ᠠᠬᠢᠭᠤᠯᠵᠤ᠂ ︽ᠬᠤᠪᠢ ᠶᠢᠨ ᠮᠠᠰᠢᠨ ᠢᠶᠠᠷ ᠵᠢᠭᠤᠯᠴᠢᠯᠠᠬᠤ ᠲᠡᠷᠢᠭᠦᠨ   ᠤ ᠰᠤᠩᠭᠤᠯᠲᠠ ᠶᠢᠨ ᠭᠠᠵᠠᠷ᠂ ᠬᠡᠭᠡᠷ᠎ᠡ ᠪᠠᠭᠤᠳᠠᠯᠯᠠᠵᠤ ᠵᠢᠭᠤᠯᠴᠢᠯᠠᠬᠤ ᠰᠢᠯᠢᠳᠡᠭ ᠰᠤᠩᠭᠤᠯᠲᠠ ᠶᠢᠨ ᠭᠠᠵᠠᠷ᠂  ᠠᠮᠠᠷᠠᠵᠤ ᠵᠢᠭᠤᠯᠴᠢᠯᠠᠬᠤ ᠵᠠᠪᠠᠯ ᠰᠣᠩᠭᠤᠬᠤ ᠭᠠᠵᠠᠷ᠂ ᠡᠷᠡᠭᠦᠯᠵᠢᠯ ᠰᠤᠪᠢᠯᠠᠯᠲᠠ ᠶᠢᠨ ᠵᠢᠭᠤᠯᠴᠢᠯᠠᠯ ᠤᠨ ᠰᠢᠯᠢᠳᠡᠭ ᠰᠤᠩᠭᠤᠯᠲᠠ  ᠶᠢᠨ ᠭᠠᠵᠠᠷ ︾ ᠤᠨ ᠪᠠᠶᠢᠷᠢᠰᠢᠭᠤᠯᠤᠯᠲᠠ ᠪᠠ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠰᠣᠶᠣᠯ ᠢᠶᠠᠷ ᠵᠢᠭᠤᠯᠴᠢᠯᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ᠂ ᠵᠢᠭᠤᠯᠴᠢᠯᠠᠯ ᠢᠶᠠᠷ ᠰᠣᠶᠣᠯ ᠤᠨ ᠤᠯᠠᠮᠵᠢᠯᠠᠭᠳᠠᠬᠤ ᠶᠢ ᠠᠬᠢᠭᠤᠯᠤᠨ᠎ᠠ᠃ ᠡᠯ᠎ᠡ ᠭᠠᠵᠠᠷ ᠤᠨ ᠬᠢᠨ ᠤ ᠰᠠᠭᠤᠷᠢ ᠴᠢᠨᠠᠷᠲᠠᠢ ᠦᠢᠯᠡᠳᠬᠦᠨ ᠤ ᠬᠠᠩᠭᠠᠯᠭ᠎ᠠ ᠪᠠᠨ ᠪᠠᠬᠢᠵᠢᠭᠦᠯᠦᠨ ᠰᠢᠯᠢᠳᠡᠭᠵᠢᠭᠦᠯᠬᠦ ᠶᠢ ᠬᠥᠲᠥᠯᠥᠨ ᠵᠢᠯᠤᠭᠤᠳᠴᠤ ᠶᠢᠨ ᠬᠠᠮᠲᠤ᠂ ᠵᠠᠬ᠎ᠠ ᠳᠡᠯᠭᠡᠭᠦᠷ ᠤᠨ ᠰᠢᠨ᠎ᠡ ᠬᠡᠷᠡᠭᠴᠡᠭᠡ ᠱᠠᠭᠠᠷᠳᠠᠯᠭ᠎ᠠ ᠳᠤ ᠨᠡᠶᠢᠴᠡᠬᠦ ᠬᠤᠶᠠᠳᠤᠭᠠᠷ ᠤᠳᠠᠭᠠᠨ ᠤ ᠬᠡᠷᠡᠭᠯᠡᠭᠡᠨ ᠤ ᠬᠡᠯᠬᠢᠶ᠎ᠡ ᠪᠠ ᠥᠪᠡᠷᠮᠢᠴᠡ IP ᠬᠤᠳᠠᠯᠳᠤᠭᠠᠨ ᠤ ᠴᠡᠭ ᠢ ᠰᠦᠪᠡᠭᠴᠢᠯᠡᠨ ᠪᠠᠶᠢᠭᠤᠯᠵᠤ᠂ ︽ᠥᠪᠥᠷ ᠮᠣᠩᠭᠤᠯ ᠤᠨ ᠦᠨᠦᠷ ᠠᠮᠲᠠ︾ ᠵᠡᠷᠭᠡ  ᠰᠣᠶᠣᠯ ᠪᠠ ᠵᠢᠭᠤᠯᠴᠢᠯᠠᠯ ᠤᠨ ᠰᠢᠷᠢᠰ ᠲᠠᠸᠠᠷ ᠢ ᠰᠢᠨ᠎ᠡ ᠪᠠᠷ ᠡᠭᠦᠳᠦᠨ ᠨᠡᠭᠡᠭᠡᠵᠦ᠂ ︽ᠪᠢ ᠲᠠᠯ᠎ᠠ ᠨᠤᠲᠤᠭ ᠲᠠᠢ ᠪᠣᠯᠵᠤᠭ᠎ᠠ ᠲᠠᠢ︾ ᠪᠠᠷ ᠶᠡᠷᠦᠩᠬᠡᠶᠢᠯᠡᠨ ᠵᠢᠯᠣᠭᠤᠳᠤᠭᠤᠯᠤᠭᠰᠠᠨ ︽1+N︾ ᠰᠣᠶᠣᠯ ᠵᠢᠭᠤᠯᠴᠢᠯᠠᠯ ᠤᠨ ᠣᠨᠴᠠᠯᠢᠭᠲᠤ ᠨᠠᠷᠠᠲᠤ ᠲᠡᠮᠳᠡᠭᠲᠦ ᠶᠢᠨ ᠰᠢᠰᠲ᠋ᠧᠮ ᠢ ᠪᠠᠶᠢᠭᠤᠯᠵᠤ᠂ ︽ᠲᠠᠯ᠎ᠠ ᠨᠤᠲᠤᠭ ᠲᠠᠢ ᠪᠤᠯᠵᠤᠶ᠎ᠠ︾  ᠭᠤᠣᠯ ᠰᠡᠳᠦᠪᠲᠦ ᠨᠠᠭᠠᠳᠤᠮ ᠵᠡᠷᠭᠡ ᠭᠠᠵᠠᠷ ᠣᠷᠣᠨ ᠤ ᠣᠨᠴᠠᠯᠢᠭ ᠢᠶᠠᠷ ᠲᠣᠪᠣᠶᠢᠮ᠎ᠠ ᠰᠣᠶᠣᠯ ᠵᠢᠭᠤᠯᠴᠢᠯᠠᠯ ᠤᠨ ᠠᠵᠢᠯᠯᠠᠭ᠎ᠠ ᠶᠢ ᠬᠥᠷ ᠬᠥᠭᠵᠢᠶᠡᠨ ᠲᠠᠢ ᠰᠠᠶᠢᠲᠤᠷ ᠵᠣᠬᠢᠶᠠᠨ ᠪᠠᠶᠢᠭᠤᠯᠵᠤ᠂ ᠥᠪᠥᠷ ᠮᠣᠩᠭᠤᠯ ᠤᠨ ᠭᠠᠵᠠᠷ ᠣᠷᠣᠨ ᠤ ᠲᠠᠲᠠᠬᠤ ᠬᠦᠴᠦᠨ ᠢ ᠳᠡᠭᠡᠭᠰᠢᠯᠡᠭᠦᠯᠦᠨ᠂ ᠵᠢᠭᠤᠯᠴᠢᠯᠠᠭᠴᠢᠳ ᠢ ᠨᠠᠩ ᠣᠯᠠᠨ᠂ ᠨᠠᠩ ᠣᠷᠳᠣ ᠬᠤᠭᠤᠴᠠᠭ᠎ᠠ ᠪᠠᠷ ᠦᠯᠡᠳᠡᠭᠡᠨ᠎ᠡ᠃      ᠲᠠᠪᠤ ᠳᠤ᠂ ᠨᠡᠭᠡᠭᠡᠯᠲᠡᠲᠡᠢ ᠪᠠᠭᠲᠠᠭᠠᠮᠵᠢᠲᠠᠢ ᠪᠠᠶᠢᠬᠤ ᠶᠢ ᠪᠠᠷᠢᠮᠲᠠᠯᠠᠵᠤ᠂ ᠰᠣᠯᠢᠯᠴᠠᠭ᠎ᠠ ᠬᠢᠵᠦ ᠬᠠᠷᠢᠯᠴᠠᠨ ᠲᠤᠯᠢᠯᠠᠬᠤ ᠶᠢ ᠠᠬᠢᠭᠤᠯᠤᠨ᠎ᠠ᠃ ᠤᠯᠤᠰ ᠤᠨ ᠤᠮᠠᠷᠠᠰᠢ ᠨᠡᠭᠡᠭᠡᠯᠲᠡ ᠬᠢᠬᠦ ᠴᠢᠬᠤᠯᠠ ᠬᠥᠬᠦᠷᠭᠡ ᠪᠠᠬᠢᠯᠡᠯᠲᠡ ᠶᠢᠨ ᠪᠦᠲᠦᠭᠡᠨ ᠪᠠᠶᠢᠭᠤᠯᠤᠯᠲᠠ ᠳᠤ ᠢᠳᠡᠪᠬᠢᠲᠡᠢ ᠦᠢᠯᠡᠴᠢᠯᠡᠵᠦ᠂ ᠮᠠᠨᠵᠤᠤᠷ ᠤᠨ ᠬᠢᠯᠢ ᠶᠢᠨ ᠵᠢᠭᠤᠯᠴᠢᠯᠠᠯ ᠤᠨ ᠲᠤᠷᠰᠢᠯᠲᠠ ᠶᠢᠨ ᠣᠷᠣᠨ ᠤ ᠪᠦᠲᠦᠭᠡᠨ ᠪᠠᠶᠢᠭᠤᠯᠤᠯᠲᠠ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠵᠦ᠂ ᠵᠡᠭᠦᠨ ᠬᠠᠲᠠᠪᠴᠢ᠂ ᠷᠠᠰᠢᠶᠠᠨ ᠤ ᠬᠢᠯᠢ ᠶᠢᠨ ᠵᠢᠭᠤᠯᠴᠢᠯᠠᠯ ᠤᠨ ᠲᠤᠷᠰᠢᠯᠲᠠ ᠶᠢᠨ ᠣᠷᠣᠨ᠂ ᠳᠤᠮᠳᠠᠳᠤ ᠮᠣᠩᠭᠤᠯ ᠤᠨ ᠡᠷᠢᠶᠡᠨ ᠬᠤᠲᠠ ︱ ᠵᠠᠮ ᠤᠨ ᠡᠭᠦᠳᠡ ᠶᠢᠨ ᠬᠢᠯᠢ ᠠᠯᠤᠰᠯᠠᠭᠰᠠᠨ ᠵᠢᠭᠤᠯᠴᠢᠯᠠᠯ ᠤᠨ ᠬᠠᠮᠲᠤᠷᠠᠯᠴᠠᠭᠠᠨ ᠤ ᠣᠷᠣᠨ ᠢ ᠡᠭᠦᠳᠦᠨ ᠪᠠᠶᠢᠭᠤᠯᠬᠤ ᠶᠢ ᠠᠬᠢᠭᠤᠯᠵᠤ᠂ ᠡᠷᠭᠦᠨ᠎ᠡ ᠭᠤᠣᠯ ᠤᠨ ᠵᠢᠭᠤᠯᠴᠢᠯᠠᠯ ᠢ ᠦᠷᠭᠦᠯᠵᠢᠯᠡᠨ ᠰᠢᠯᠢᠳᠡᠭᠵᠢᠭᠦᠯᠵᠦ᠂ ᠬᠢᠯᠢ ᠶᠢᠨ ᠵᠢᠭᠤᠯᠴᠢᠯᠠᠯ᠂ ᠢᠳᠡᠭᠡᠨ ᠤᠮᠳᠠᠭᠠᠨ ᠠᠮᠲᠠᠯᠠᠬᠤ᠂ ᠪᠦᠲᠦᠭᠡᠭᠳᠡᠬᠦᠨ ᠢ ᠳᠡᠯᠭᠡᠨ ᠪᠣᠷᠣᠯᠠᠭᠤᠯᠬᠤ ᠵᠡᠷᠭᠡ ᠣᠨᠴᠠᠯᠢᠭᠲᠤ ᠵᠢᠭᠤᠯᠴᠢᠯᠠᠯ ᠤᠨ ᠦᠢᠯᠡᠰ ᠤᠨ ᠬᠡᠯᠪᠡᠷᠢ ᠪᠠᠶᠢᠳᠠᠯ ᠢ ᠪᠣᠶᠢᠵᠢᠭᠤᠯᠤᠨ᠂ ᠬᠢᠯᠢ ᠶᠢᠨ ᠵᠢᠭᠤᠯᠴᠢᠯᠠᠯ ᠤᠨ ᠪᠦᠲᠦᠭᠡᠭᠳᠡᠬᠦᠨ ᠤ ᠡᠵᠡᠩᠨᠡᠯᠲᠡ ᠶᠢᠨ ᠬᠡᠯᠪᠡᠷᠢ ᠪᠠᠶᠢᠳᠠᠯ ᠢ ᠪᠠᠶᠠᠯᠢᠭᠵᠢᠭᠤᠯᠤᠨ᠎ᠠ᠃ ︽ᠲᠦᠮᠡᠨ ᠭᠠᠵᠠᠷ ᠤᠨ ᠴᠠᠢ ᠶᠢᠨ ᠵᠠᠮ︾  ᠣᠯᠠᠨ ᠤᠯᠤᠰ ᠤᠨ ᠵᠢᠭᠤᠯᠴᠢᠯᠠᠯ ᠤᠨ ᠬᠤᠯᠪᠣᠭᠠᠨ ᠤ ᠲᠠᠪᠴᠠᠩ ᠳᠤ ᠲᠦᠰᠢᠭᠯᠡᠨ᠂ ︽ᠲᠦᠮᠡᠨ ᠭᠠᠵᠠᠷ ᠤᠨ ᠴᠠᠢ ᠶᠢᠨ ᠵᠠᠮ︾ ᠰᠣᠶᠣᠯ ᠪᠠ ᠵᠢᠭᠤᠯᠴᠢᠯᠠᠯ ᠤᠨ ᠬᠥᠭᠵᠢᠯᠲᠡ ᠶᠢ ᠴᠢᠨᠠᠷ ᠰᠠᠶᠢᠲᠠᠢ ᠠᠬᠢᠭᠤᠯᠵᠤ᠂ ᠵᠠᠮ ᠱᠤᠭᠤᠮ ᠢ ᠨᠡᠭᠡᠭᠡᠨ ᠬᠥᠭᠵᠢᠭᠦᠯᠵᠦ᠂ ᠳᠤᠮᠳᠠᠳᠤ ᠣᠷᠣᠰ ᠮᠣᠩᠭᠤᠯ ᠤᠨ ᠵᠠᠯᠠᠭᠤᠴᠤᠳ ᠪᠠᠭᠠᠴᠤᠳ ᠤᠨ ᠰᠣᠯᠢᠯᠴᠠᠨ ᠬᠠᠷᠢᠯᠴᠠᠨ ᠰᠤᠷᠪᠤᠯᠵᠢᠯᠠᠬᠤ ᠠᠵᠢᠯᠯᠠᠭ᠎ᠠ᠂ ︽ᠲᠦᠮᠡᠨ ᠭᠠᠵᠠᠷ ᠤᠨ ᠴᠠᠢ ᠶᠢᠨ ᠵᠠᠮ︾  ᠣᠯᠠᠨ ᠤᠯᠤᠰ ᠤᠨ ᠵᠢᠭᠤᠯᠴᠢᠯᠠᠯ ᠤᠨ ᠬᠢᠯᠢ ᠠᠯᠤᠰᠯᠠᠨ ᠥᠪᠡᠷ ᠢᠶᠠᠨ ᠲᠡᠷᠭᠡ ᠵᠢᠯᠤᠭᠤᠳᠴᠤ ᠵᠢᠭᠤᠯᠴᠢᠯᠠᠬᠤ  ᠠᠵᠢᠯᠯᠠᠭ᠎ᠠ ᠶᠢ ᠥᠷᠨᠢᠭᠦᠯᠵᠦ᠂ ᠮᠠᠨᠵᠤᠤᠷ᠂ ᠡᠷᠢᠶᠡᠨ ᠬᠤᠲᠠ ᠶᠢᠨ ᠪᠣᠭᠤᠮᠲᠠ ᠳᠤ ᠲᠦᠰᠢᠭᠯᠡᠨ ᠳᠤᠮᠳᠠᠳᠤ ᠮᠣᠩᠭᠤᠯ᠂ ᠳᠤᠮᠳᠠᠳᠤ ᠣᠷᠣᠰ ᠤᠨ ᠬᠢᠯᠢ ᠠᠯᠤᠰᠯᠠᠭᠰᠠᠨ ᠵᠢᠭᠤᠯᠴᠢᠯᠠᠯ ᠤᠨ ᠲᠤᠰᠬᠠᠢ ᠭᠠᠯᠲᠤ ᠲᠡᠷᠭᠡ   ᠶᠢ ᠨᠡᠪᠲᠡᠷᠡᠭᠦᠯᠬᠦ ᠶᠢ ᠳᠡᠮᠵᠢᠵᠦ᠂ ᠬᠢᠯᠢ ᠠᠯᠤᠰᠯᠠᠭᠰᠠᠨ ᠵᠢᠭᠤᠯᠴᠢᠯᠠᠯ ᠤᠨ ᠦᠷᠭᠦᠯᠵᠢᠯᠡᠨ ᠬᠥᠭᠵᠢᠬᠦ ᠶᠢ ᠠᠬᠢᠭᠤᠯᠤᠨ᠎ᠠ᠃
 
ᠢᠷᠡᠯᠲᠡ᠄ ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠰᠤᠶᠤᠯ ᠪᠠ ᠵᠢᠭᠤᠯᠴᠢᠯᠠᠯ ᠤᠨ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号