ᠬᠥᠬᠡᠬᠤᠲᠠ ᠶᠢᠨ ᠮᠦᠽᠧᠢ ᠬᠤᠳᠠᠯᠳᠤᠭᠠᠨ ᠤ ᠲᠠᠯᠠᠪᠠᠢ ᠳᠤ ᠣᠷᠣᠪᠠ
ᠨᠡᠶᠢᠲᠡᠯᠡᠭᠰᠡᠨ ᠴᠠᠭ᠄
2024/1/6
                       2023 ᠣᠨ ᠤ 12 ᠳ᠋ᠤᠭᠠᠷ ᠰᠠᠷ᠎ᠠ ᠶᠢᠨ 30 ᠤ ᠡᠳᠦᠷ ᠠᠴᠠ 2024 ᠣᠨ ᠤ 1 ᠳ᠋ᠤᠭᠡᠷ ᠰᠠᠷ᠎ᠠ ᠶᠢᠨ 1  ᠤ ᠡᠳᠦᠷ ᠪᠣᠯᠲᠠᠯ᠎ᠠ᠂ ᠬᠥᠬᠡᠬᠤᠲᠠ ᠶᠢᠨ ᠮᠦᠽᠧᠢ ᠶᠢᠨ ᠬᠢᠨ ᠰᠢᠨᠬᠤᠸᠠ Mall ᠬᠤᠳᠠᠯᠳᠤᠭᠠᠨ ᠤ ᠶᠡᠷᠦᠩᠬᠡᠶᠢᠯᠡᠭᠰᠡᠨ ᠴᠣᠭᠴᠠ ᠶᠢᠨ ᠬᠥᠮᠥᠭᠡᠷ ᠣᠷᠣᠢ ᠶᠢᠨ ᠳᠣᠣᠷ᠎ᠠ ᠭᠤᠷᠪᠠᠨ ᠡᠳᠦᠷ ᠤᠨ ᠬᠤᠭᠤᠴᠠᠭ᠎ᠠ ᠲᠠᠢ ᠰᠣᠶᠣᠯ ᠮᠦᠽᠧᠢ ᠶᠢᠨ ᠦᠵᠡᠰᠬᠦᠯᠡᠩ ᠢ ᠬᠤᠳᠠᠯᠳᠤᠭᠠᠨ ᠤ ᠲᠠᠯᠠᠪᠤᠷ ᠲᠤ ᠣᠷᠣᠭᠤᠯᠬᠤ ᠰᠢᠷᠢᠰ ᠠᠵᠢᠯᠯᠠᠭ᠎ᠠ ᠶᠢ ᠶᠠᠪᠤᠭᠳᠠᠭᠤᠯᠵᠠᠢ᠃ ᠠᠵᠢᠯᠯᠠᠭᠠᠨ ᠤ ᠬᠤᠭᠤᠴᠠᠭᠠᠨ ᠳᠤ ᠰᠣᠶᠣᠯ ᠮᠦᠽᠧᠢ ᠶᠢᠨ ᠦᠵᠡᠰᠬᠦᠯᠡᠩ ᠤᠨ ᠣᠷᠳᠣᠨ ᠢ ᠬᠤᠳᠠᠯᠳᠤᠭᠠᠨ ᠤ ᠲᠥᠪ ᠲᠤ ᠨᠡᠭᠦᠯᠭᠡᠵᠦ᠂ ᠠᠷᠠᠳ ᠤᠯᠠᠨ ᠲᠠᠢ ᠣᠶᠢᠷᠠᠳᠬᠤ ᠠᠮᠢᠳᠤᠷᠠᠯ ᠤᠨ ᠠᠷᠭ᠎ᠠ ᠬᠡᠯᠪᠡᠷᠢ ᠪᠠᠷ ᠲᠡᠦᠬᠡ ᠶᠢᠨ ᠳᠤᠷᠠᠰᠬᠠᠯᠲᠤ ᠵᠦᠢᠯᠡᠰ ᠢ ᠠᠮᠢᠯᠠᠭᠤᠯᠵᠠᠢ᠃
     ᠮᠦᠽᠧᠢ ᠪᠣᠯ ᠬᠥᠮᠥᠨ ᠲᠥᠷᠥᠯᠬᠢᠲᠡᠨ ᠤ ᠪᠣᠯᠪᠠᠰᠤᠨ ᠢ ᠬᠠᠮᠠᠭᠠᠯᠠᠬᠤ ᠪᠠ ᠤᠯᠠᠮᠵᠢᠯᠠᠬᠤ ᠴᠢᠬᠤᠯᠠ ᠤᠷᠤᠨ᠂ ᠥᠩᠭᠡᠷᠡᠭᠰᠡᠨ᠂ ᠣᠲᠣ᠂ ᠢᠷᠡᠭᠡᠳᠦᠢ ᠶᠢ ᠬᠤᠯᠪᠣᠬᠤ ᠬᠥᠭᠦᠷᠭᠡ᠂ ᠮᠥᠨ ᠴᠤ ᠬᠤᠲᠠ ᠶᠢᠨ ᠰᠦᠭ ᠰᠦᠨᠡᠰᠦ ᠶᠤᠮ᠃ ᠬᠥᠬᠡᠬᠤᠲᠠ ᠶᠢᠨ ᠰᠣᠶᠣᠯ ᠮᠦᠽᠧᠢ ᠶᠢᠨ ᠦᠵᠡᠰᠬᠦᠯᠡᠩ ᠢ ᠬᠤᠳᠠᠯᠳᠤᠭᠠᠨ ᠤ ᠲᠠᠯᠠᠪᠤᠷ ᠲᠤ ᠣᠷᠣᠭᠤᠯᠬᠤ ᠰᠢᠷᠢᠰ ᠠᠵᠢᠯᠯᠠᠭ᠎ᠠ ᠪᠣᠯ ᠨᠢᠭᠡ ᠵᠦᠢᠯ ᠤᠨ ᠴᠤ᠋ ᠰᠢᠨ᠎ᠡ ᠠᠷᠭ᠎ᠠ ᠬᠡᠯᠪᠡᠷᠢ ᠪᠣᠯᠣᠨ᠎ᠠ᠂  ᠮᠥᠨ ᠴᠤ ᠨᠢᠭᠡ ᠤᠳᠠᠭᠠᠨ ᠤ ᠰᠣᠶᠣᠯ ᠵᠢᠭᠤᠯᠴᠢᠯᠠᠯ ᠬᠤᠳᠠᠯᠳᠤᠭᠠᠨ ᠤ ᠠᠭᠤᠰᠤᠯᠴᠠᠯ ᠤᠨ ᠰᠢᠨ᠎ᠡ ᠰᠦᠪᠡᠭᠴᠢᠯᠡᠯ ᠪᠣᠯᠣᠨ᠎ᠠ᠃
     ᠲᠣᠰ ᠤᠳᠠᠭᠠᠨ ᠤ ᠮᠦᠽᠧᠢ ᠶᠢᠨ ᠬᠤᠳᠠᠯᠳᠤᠭᠠᠨ ᠤ ᠲᠠᠯᠠᠪᠤᠷ ᠲᠤ ᠣᠷᠣᠬᠤ ᠰᠢᠷᠢᠰ ᠠᠵᠢᠯᠯᠠᠭᠠᠨ  ᠤ ᠭᠢᠯᠠᠰ ᠴᠡᠭ ᠤᠨ ᠨᠢᠭᠡ ᠨᠢ ᠪᠣᠯ ᠲᠡᠦᠬᠡ ᠶᠢᠨ ᠳᠤᠷᠠᠰᠬᠠᠯᠲᠤ ᠵᠦᠢᠯᠡᠰ ᠤᠨ ᠴᠠᠭ ᠦᠶ᠎ᠡ ᠶᠢᠨ ᠬᠡᠷᠡᠮ ᠤᠨ ᠬᠡᠯᠪᠡᠷᠢ ᠪᠠᠷ ᠦᠵᠡᠭᠴᠢᠳ ᠲᠤ ᠮᠦᠽᠧᠢ ᠶᠢ ᠤᠬᠠᠭᠤᠯᠤᠨ ᠦᠵᠡᠭᠦᠯᠬᠦ ᠶᠠᠪᠤᠳᠠᠯ ᠪᠣᠯᠣᠨ᠎ᠠ᠃ ᠠᠵᠢᠯᠯᠠᠭᠠᠨ ᠤ ᠲᠤᠬᠠᠢ ᠶᠢᠨ ᠲᠠᠯᠠᠪᠠᠢ ᠳᠤ ᠪᠠᠰᠠ ᠭᠡᠷᠡᠯ ᠵᠢᠷᠤᠭ ᠠᠪᠬᠤ ᠲᠣᠭᠤᠷᠢᠭ ᠭᠠᠷᠭᠠᠵᠤ᠂ ᠬᠥᠬᠡᠬᠤᠲᠠ ᠶᠢᠨ ᠮᠦᠽᠧᠢ᠂ ᠵᠤᠤ ᠵᠢᠶᠦ᠋ᠨ ᠤ ᠮᠦᠽᠧᠢ᠂ ᠵᠠᠩᠵᠤᠨ ᠤ ᠶᠠᠮᠤᠨ ᠤ ᠮᠦᠽᠧᠢ᠂ ᠭᠦᠩᠵᠦ ᠶᠢᠨ ᠣᠷᠳᠣᠨ ᠤ ᠮᠦᠽᠧᠢ᠂ ᠲᠠᠪᠤᠨ ᠰᠤᠪᠤᠷᠭᠠᠲᠤ ᠰᠦᠮ᠎ᠡ ᠶᠢᠨ ᠮᠦᠽᠧᠢ ᠵᠢᠴᠢ ᠹᠧᠩᠵᠸᠤ ᠶᠢᠨ ᠬᠠᠭᠤᠴᠢᠨ ᠬᠤᠳᠠ ᠶᠢᠨ ᠮᠦᠽᠧᠢ ᠶᠢᠨ ᠵᠢᠷᠭᠤᠭᠠᠨ ᠲᠣᠮᠣ ᠰᠣᠶᠣᠯ ᠦᠵᠡᠰᠬᠦᠯᠡᠩ ᠤᠨ ᠲᠠᠯᠠᠪᠠᠢ ᠶᠢᠨ ᠲᠥᠯᠥᠭᠡᠯᠡᠬᠦ ᠴᠢᠨᠠᠷᠲᠠᠢ ᠲᠡᠦᠬᠡ ᠶᠢᠨ ᠳᠤᠷᠠᠰᠬᠠᠯᠲᠤ ᠵᠦᠢᠯᠡᠰ ᠢᠶᠠᠷ ᠠᠷᠤ ᠦᠵᠡᠭᠳᠡᠯ ᠪᠣᠯᠭᠠᠵᠤ᠂ ᠵᠢᠭᠤᠯᠴᠢᠯᠠᠭᠴᠢᠳ ᠤᠨ ᠬᠡᠷᠡᠯ ᠵᠢᠷᠤᠭ ᠠᠪᠬᠤ ᠳᠤ ᠵᠣᠷᠢᠭᠤᠯᠤᠭᠰᠠᠨ ᠪᠠᠶᠢᠨ᠎ᠠ᠃  
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号