| ︵ᠰᠤᠷᠪᠤᠯᠵᠢᠯᠠᠭᠴᠢ ᠶᠦᠨ ᠶᠠᠨ ᠹᠠᠩ︶ ᠣᠶᠢᠷ᠎ᠠ ᠳᠤ᠂ ᠳᠤᠮᠳᠠᠳᠤ ᠤᠯᠤᠰ ᠤᠨ ᠬᠤᠪᠢᠰᠬᠠᠯ ᠤᠨ ᠰᠠᠭᠤᠷᠢᠨ | ᠭᠠᠵᠠᠷ ᠤᠨ ᠪᠦᠲᠦᠭᠡᠨ ᠪᠠᠶᠢᠭᠤᠯᠣᠯᠲᠠ ᠶᠢᠨ ᠠᠬᠢᠭᠤᠯᠬᠤ ᠬᠤᠷᠠᠯ ᠠᠴᠠ ︽ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠬᠤᠪᠢᠰᠬᠠᠯ ᠤᠨ ᠰᠠᠭᠤᠷᠢᠨ ᠭᠠᠵᠠᠷ ᠤᠨ 13 ᠬᠤᠪᠢᠰᠬᠠᠯ ᠤᠨ ᠣᠷᠳᠣᠨ ᠳᠤ ︿ᠬᠤᠪᠢᠰᠬᠠᠯ ᠤᠨ | ᠵᠣᠷᠢᠭ ᠰᠠᠨᠠᠭᠠᠨ ᠤ ᠬᠥᠮᠦᠵᠢᠯ ᠤᠨ ᠰᠠᠭᠤᠷᠢᠨ ᠭᠠᠵᠠᠷ﹀ ᠤᠨ ᠫᠠᠶᠢᠰᠠ ᠣᠯᠭᠤᠬᠤ ᠲᠤᠬᠠᠢ ᠲᠣᠭᠲᠠᠭᠠᠯ︾ ᠭᠠᠷᠭᠠᠵᠤ | ᠂ ᠡᠭᠦᠨ ᠳᠤ ᠦᠴᠤᠸᠠᠨ ᠰᠢᠶᠠᠨ ᠤ ︽ᠳᠠᠯᠠᠨ ᠬᠠᠷ᠎ᠠ ᠠᠭᠤᠯᠠ ᠶᠢᠨ ᠶᠠᠫᠣᠨ ᠢ ᠡᠰᠡᠷᠭᠦᠴᠡᠬᠦ ᠫᠠᠷᠲ᠋ᠢᠽᠠᠨ ᠲᠠᠶᠢᠨ ᠤ | ᠰᠠᠭᠤᠷᠢᠨ ᠭᠠᠵᠠᠷ ᠤᠨ ᠦᠵᠡᠭᠦᠯᠦᠯᠭᠡ ᠶᠢᠨ ᠣᠷᠳᠣᠨ︾᠂ ᠲᠦᠮᠡᠳ ᠵᠡᠭᠦᠨ ᠬᠤᠰᠢᠭᠤᠨ ᠤ ︽ᠤᠯᠠᠭᠠᠨᠬᠦᠦ ᠶᠢᠨ | ᠬᠠᠭᠤᠴᠢᠨ ᠰᠠᠭᠤᠴᠠ︾᠂ ᠰᠢᠨ᠎ᠡ ᠬᠤᠲᠠ ᠲᠣᠭᠤᠷᠢᠭ ᠤᠨ ︽ᠳᠠᠯᠠᠨ ᠬᠠᠷ᠎ᠠ ᠠᠭᠤᠯᠠ ᠶᠢᠨ ᠬᠤᠪᠢᠰᠬᠠᠯ ᠤᠨ | ᠰᠣᠶᠣᠯ ᠤᠨ ᠴᠡᠴᠡᠷᠯᠢᠭ︾᠂ ᠴᠢᠩ ᠱᠦᠢ ᠾᠧ ᠰᠢᠶᠠᠨ ᠤ ︽ᠯᠤᠤ ᠨᠢᠦ ᠫᠦᠸᠧ ᠨᠠᠮ ᠤᠨ ᠡᠭᠦᠷ ᠤᠨ ᠬᠠᠭᠤᠴᠢᠨ | ᠪᠠᠭᠤᠷᠢ︾ ᠵᠡᠷᠭᠡ 4 ᠬᠤᠪᠢᠰᠬᠠᠯ ᠤᠨ ᠣᠷᠳᠣᠨ ᠵᠢᠭᠰᠠᠭᠠᠭᠳᠠᠪᠠ᠃ 11 ᠳ᠋ᠦ᠋ᠭᠡᠷ ᠰᠠᠷ᠎ᠠ ᠶᠢᠨ 14 ᠤ ᠡᠳᠦᠷ᠂ | ᠥᠪᠥᠷ ᠮᠣᠩᠭᠤᠯ᠂ ᠬᠥᠬᠡᠬᠤᠲᠠ ᠬᠤᠶᠠᠷ ᠱᠠᠲᠤᠨ ᠤ ᠬᠤᠪᠢᠰᠬᠠᠯ ᠤᠨ ᠰᠠᠭᠤᠷᠢᠨ ᠭᠠᠵᠠᠷ ᠤᠨ ᠪᠦᠲᠦᠭᠡᠨ | ᠪᠠᠶᠢᠭᠤᠯᠤᠯᠲᠠ ᠶᠢ ᠠᠬᠢᠭᠤᠯᠬᠤ ᠨᠡᠶᠢᠭᠡᠮᠯᠢᠭ ᠳᠠᠯᠠᠨ ᠬᠠᠷ᠎ᠠ ᠠᠭᠤᠯᠠ ᠶᠢᠨ ᠬᠤᠪᠢᠰᠬᠠᠯ ᠤᠨ ᠰᠣᠶᠣᠯ ᠤᠨ | ᠴᠡᠴᠡᠷᠯᠢᠭ ᠲᠤ ᠫᠠᠶᠢᠰᠠ ᠣᠯᠭᠤᠬᠤ ᠶᠣᠰᠣᠯᠠᠯ ᠶᠠᠪᠤᠭᠤᠯᠪᠠ᠃ ᠣᠶᠢᠯᠠᠭᠠᠭᠰᠠᠨ ᠢᠶᠠᠷ᠂ ᠮᠠᠨ ᠤ ᠬᠤᠲᠠ ᠶᠢᠨ ᠡᠨᠡ 4 | ︽ᠬᠤᠪᠢᠰᠬᠠᠯ ᠤᠨ ᠵᠣᠷᠢᠭ ᠰᠠᠨᠠᠭᠠᠨ ᠤ ᠬᠥᠮᠦᠵᠢᠯ ᠤᠨ ᠰᠠᠭᠤᠷᠢᠨ ᠭᠠᠵᠠᠷ︾ ᠤᠨ ᠠᠭᠤᠯᠭ᠎ᠠ ᠨᠢ ᠢᠯᠡ ᠲᠣᠳᠣ᠂ | ᠬᠤᠪᠢᠰᠬᠠᠯ ᠤᠨ ᠰᠠᠭᠤᠷᠢᠨ ᠭᠠᠵᠠᠷ ᠤᠨ ᠪᠠᠶᠢᠭᠤᠯᠤᠭᠰᠠᠨ ᠲᠡᠦᠬᠡ ᠪᠠ ᠲᠡᠦᠬᠡᠲᠦ ᠬᠤᠪᠢ ᠨᠡᠮᠡᠷᠢ ᠶᠢ ᠬᠦᠢᠴᠡᠳ | ᠳᠡᠯᠭᠡᠨ ᠦᠵᠡᠭᠦᠯᠵᠦ᠂ ᠬᠤᠪᠢᠰᠬᠠᠯ ᠤᠨ ᠰᠠᠭᠤᠷᠢᠨ ᠭᠠᠵᠠᠷ ᠤᠨ ᠵᠣᠷᠢᠭ ᠰᠠᠨᠠᠭᠠᠨ ᠤ ᠭᠦᠨᠵᠡᠭᠡᠶ ᠠᠭᠤᠯᠤᠭᠳᠠᠬᠤᠨ ᠢ | ᠣᠯᠠᠨ ᠳᠤ ᠤᠬᠠᠭᠤᠯᠪᠠ᠃ ᠰᠠᠭᠤᠷᠢ ᠠᠵᠢᠯ ᠨᠢ ᠯᠠᠪᠳᠠᠭᠤᠨ ᠪᠠᠲᠤᠲᠠᠶ᠂ ᠣᠷᠳᠣᠨ ᠤ ᠲᠥᠬᠦᠭᠡᠷᠦᠮᠵᠢ ᠪᠦᠷᠢᠨ | ᠲᠥᠬᠦᠷ᠂ ᠤᠬᠠᠭᠤᠯᠤᠨ ᠲᠠᠶᠢᠯᠪᠤᠷᠢᠯᠠᠬᠤ ᠮᠠᠲ᠋ᠧᠷᠢᠶᠠᠯ ᠨᠢ ᠨᠠᠷᠢᠨ ᠪᠣᠳᠠᠲᠠᠶ ᠪᠥᠭᠡᠳ ᠠᠮᠢᠳᠤᠯᠢᠭ᠃ | ᠬᠠᠮᠢᠶᠠᠷᠤᠯᠲᠠ ᠨᠢ ᠵᠢᠷᠤᠮᠵᠢᠯ ᠲᠠᠢ᠂ ᠪᠠᠶᠢᠭᠤᠯᠤᠮᠵᠢ ᠪᠦᠷᠢᠨ᠂ ᠳᠦᠷᠢᠮ ᠲᠣᠭᠲᠠᠭᠠᠯ ᠪᠠ ᠵᠠᠷᠤᠳᠠᠯ ᠨᠢ ᠨᠠᠶᠢᠳᠠᠪᠤᠷᠢᠲᠠᠢ | ᠃ ᠴᠢᠳᠠᠮᠵᠢ ᠦᠢᠯᠡᠳᠦᠯ ᠨᠢ ᠢᠯᠡᠷᠬᠡᠶ᠂ ᠨᠡᠯᠢᠶᠡᠳ ᠥᠨᠳᠥᠷ ᠠᠯᠳᠠᠷᠰᠢᠯ ᠪᠠ ᠦᠵᠡᠭᠴᠢᠳ ᠤᠨ ᠤᠷᠤᠰᠬᠠᠯ ᠤᠨ | ᠬᠡᠮᠵᠢᠶ᠎ᠡ ᠲᠠᠢ᠂ ᠨᠡᠶᠢᠭᠡᠮ ᠤᠨ ᠨᠥᠯᠥᠭᠡ ᠨᠢ ᠥᠷᠭᠡᠨ ᠳᠡᠯᠭᠡᠷ ᠪᠠᠶᠢᠳᠠᠭ᠃ ᠳᠠᠷᠠᠭᠠᠴᠢ ᠶᠢᠨ ᠠᠯᠬᠤᠮ ᠳᠤ᠂ | ᠬᠥᠬᠡᠬᠤᠲᠠ ᠶᠢᠨ ᠬᠤᠪᠢᠰᠬᠠᠯ ᠤᠨ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠣᠯᠲᠠ ᠶᠢᠨ ᠠᠬᠢᠭᠤᠯᠬᠤ ᠬᠤᠷᠠᠯ ᠨᠢ | ᠠᠮᠵᠢᠯᠲᠠ ᠪᠠᠨ ᠪᠠᠳᠠᠷᠠᠭᠤᠯᠵᠤ᠂ ᠦᠷᠭᠦᠯᠵᠢᠯᠡ ᠴᠢᠷᠮᠠᠶᠢᠵᠤ᠂ ᠬᠤᠪᠢᠰᠬᠠᠯ ᠤᠨ ᠰᠠᠭᠤᠷᠢᠨ ᠭᠠᠵᠠᠷ ᠤᠨ ᠦᠯᠡᠳᠡᠭᠳᠡᠯ | ᠣᠷᠳᠣᠨ ᠢ ᠬᠠᠮᠠᠭᠠᠯᠠᠵᠤ ᠰᠡᠯᠪᠢᠨ ᠵᠠᠰᠠᠬᠤ ᠠᠵᠢᠯ ᠢ ᠯᠠᠪᠳᠠᠭᠤᠨ ᠪᠠᠲᠤᠲᠠᠢ ᠥᠷᠨᠢᠭᠦᠯᠵᠦ᠂ ᠨᠠᠮ ᠪᠠ ᠤᠯᠤᠰ ᠤᠨ | ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤᠨ ᠠᠵᠢᠯ ᠢ ᠴᠢᠩᠭᠠᠳᠬᠠᠬᠤ ᠲᠤᠬᠠᠢ ᠪᠠᠶᠢᠷᠢᠯᠠᠭᠤᠯᠤᠯᠲᠠ | ᠱᠠᠭᠠᠷᠳᠠᠯᠭ᠎ᠠ ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠡᠳᠡᠭᠡᠷ ᠬᠤᠪᠢᠰᠬᠠᠯ ᠤᠨ ᠣᠷᠳᠣᠨ ᠢ | ᠲᠤᠰ ᠪᠡᠶ᠎ᠡ ᠶᠢᠨ ᠳᠠᠪᠠᠭᠤᠯᠢᠭ ᠢᠶᠠᠨ ᠨᠡᠩ ᠰᠠᠶᠢᠲᠤᠷ ᠪᠠᠳᠠᠷᠠᠭᠤᠯᠵᠤ᠂ ᠬᠤᠪᠢᠰᠬᠠᠯ ᠤᠨ ᠤᠯᠠᠮᠵᠢᠯᠠᠯ ᠪᠠ ᠵᠣᠷᠢᠭ | ᠰᠠᠨᠠᠭ᠎ᠠ ᠶᠢ ᠤᠬᠠᠭᠤᠯᠤᠨ ᠪᠠᠳᠠᠷᠠᠭᠤᠯᠵᠤ᠂ ᠬᠥᠮᠦᠨ ᠢ ᠬᠦᠮᠦᠵᠢᠭᠦᠯᠦᠨ ᠵᠣᠷᠢᠭ ᠢ ᠨᠢᠭᠲᠠᠷᠠᠭᠤᠯᠬᠤ ᠴᠢᠬᠤᠯᠠ | ᠵᠢᠭᠰᠠᠭᠠᠯ ᠤᠨ ᠭᠠᠵᠠᠷ ᠪᠣᠯᠭᠠᠨ᠎ᠠ᠃ ᠡᠭᠦᠨ ᠤ ᠬᠠᠮᠲᠤ᠂ ᠳᠡᠯᠭᠡᠨ ᠦᠵᠡᠭᠦᠯᠬᠦ ᠠᠭᠤᠯᠭ᠎ᠠ ᠶᠢ ᠤᠯᠠᠮ ᠨᠢᠭᠡ ᠠᠯᠬᠤᠮ | ᠪᠠᠶᠠᠯᠢᠭᠵᠢᠭᠤᠯᠵᠤ᠂ ᠢᠵᠢ ᠪᠦᠷᠢᠳᠦᠭᠦᠯᠦᠭᠰᠡᠨ ᠲᠥᠬᠦᠭᠡᠷᠦᠮᠵᠢ ᠶᠢ ᠲᠡᠭᠦᠯᠳᠡᠷᠵᠢᠭᠦᠯᠦᠨ᠂ ᠬᠤᠪᠢᠰᠬᠠᠯ ᠤᠨ ᠣᠷᠣᠨ ᠤ | ᠵᠣᠷᠢᠭ ᠰᠠᠨᠠᠭ᠎ᠠ ᠶᠢ ᠤᠬᠠᠭᠤᠯᠤᠨ ᠪᠠᠳᠠᠷᠠᠭᠤᠯᠬᠤ᠂ ᠬᠤᠪᠢᠰᠬᠠᠯ ᠤᠨ ᠤᠳᠤᠮᠰᠢᠯ ᠢ ᠦᠷᠭᠦᠯᠵᠢᠯᠡᠨ ᠤᠯᠠᠮᠵᠢᠯᠠᠬᠤ ᠳᠤ | ᠨᠠᠩ ᠶᠡᠭᠡ ᠬᠤᠪᠢ ᠨᠡᠮᠡᠷᠢ ᠦᠵᠡᠭᠦᠯᠬᠦ ᠪᠣᠯᠣᠨ᠎ᠠ᠃ | | | | | | | | | | | | ᠁ |