| 11 ᠳ᠋ᠦ᠋ᠭᠡᠷ ᠰᠠᠷ᠎ᠠ ᠶᠢᠨ 9 ᠤ ᠡᠳᠦᠷ᠂ ᠬᠤᠳᠠ ᠶᠢᠨ ᠨᠠᠮ ᠤᠨ ᠬᠤᠷᠢᠶᠠᠨ ᠤ ᠱᠦᠵᠢ ᠳ᠋ᠢᠩ ᠰᠢᠤ ᠹᠧᠩ ︽ | ᠳᠡᠯᠡᠬᠡᠢ ᠳ᠋ᠠᠬᠢᠨ ᠤ ᠬᠠᠳᠤᠨ ᠭᠤᠣᠯ ᠤᠨ ᠨᠢᠭᠡᠳᠦᠭᠡᠷ ᠲᠣᠰᠬᠤᠨ︾ ᠤ ᠲᠦᠷᠦᠯ ᠵᠦᠢᠯ ᠤᠨ ᠪᠦᠳᠦᠭᠡᠨ | ᠪᠠᠶᠢᠭᠤᠯᠤᠯᠲᠠ ᠶᠢᠨ ᠠᠬᠢᠴᠠ ᠶᠢᠨ ᠪᠠᠶᠢᠳᠠᠯ ᠢ ᠪᠠᠶᠢᠴᠠᠭᠠᠨ ᠰᠤᠳᠤᠯᠪᠠ᠃ ᠪᠠᠶᠢᠴᠠᠭᠠᠨ ᠰᠤᠳᠤᠯᠤᠯᠲᠠ ᠶᠢᠨ | ᠬᠤᠭᠤᠴᠠᠭᠠᠨ ᠳᠤ᠂ ᠳ᠋ᠢᠩ ᠰᠢᠤ ᠹᠧᠩ ᠬᠤᠪᠣᠷ ᠰᠢᠷᠣᠶ ᠶᠢᠨ ᠳᠡᠭᠡᠳᠦ ᠰᠢᠨ᠎ᠡ ᠮᠡᠷᠭᠡᠵᠢᠯ ᠤᠨ ᠲᠣᠭᠤᠷᠢᠭ ᠤᠨ ᠬᠤᠸᠠ | ᠵᠢᠶᠠᠩ ᠶᠢᠩ ᠽᠢ ︽ᠳᠡᠯᠡᠬᠡᠶ ᠳ᠋ᠠᠬᠢᠨ ᠤ ᠬᠠᠲᠤᠨ ᠭᠤᠤᠯ ᠤᠨ ᠨᠢᠭᠡᠳᠦᠭᠡᠷ ᠲᠣᠰᠬᠤᠨ︾ ᠤ ᠲᠥᠷᠥᠯ ᠵᠦᠢᠯ ᠤᠨ | ᠲᠤᠬᠠᠶ ᠶᠢᠨ ᠲᠠᠯᠠᠪᠠᠶ ᠳᠤ ᠬᠦᠷᠴᠦ᠂ ᠬᠤᠳᠠᠯᠳᠤᠭᠠᠨ ᠤ ᠵᠡᠭᠡᠯᠢ ᠲᠣᠭᠤᠷᠢᠭ᠂ ᠠᠷᠠᠳ ᠤᠨ ᠵᠠᠩ ᠦᠢᠯᠡ ᠶᠢᠨ | ᠰᠣᠶᠣᠯ ᠤᠨ ᠣᠷᠳᠣᠨ᠂ ᠢᠳᠡᠭᠡᠨ ᠤᠮᠳᠠᠭᠠᠨ ᠠᠷᠠᠳ ᠤᠨ ᠭᠡᠷ ᠪᠠᠭᠤᠳᠠᠯ᠂ ᠮᠥᠰᠥ ᠴᠠᠰᠤᠨ ᠤ ᠲᠥᠷᠥᠯ ᠵᠦᠢᠯ | ᠵᠡᠷᠭᠡ ᠶᠢ ᠲᠤᠬᠠᠶ ᠶᠢᠨ ᠭᠠᠵᠠᠷ ᠲᠤᠨᠢ ᠪᠠᠶᠢᠴᠠᠭᠠᠨ ᠦᠵᠡᠵᠦ᠂ ᠲᠥᠷᠥᠯ ᠵᠦᠢᠯ ᠤᠨ ᠵᠢᠷᠤᠭ ᠲᠥᠯᠥᠪᠯᠡᠭᠡ ᠶᠢᠨ | ᠲᠥᠯᠥᠪᠵᠢᠭᠦᠯᠭᠡ᠂ ᠲᠦᠭᠦᠷᠵᠢᠬᠦᠯᠬᠦ ᠲᠥᠬᠦᠭᠡᠷᠦᠮᠵᠢ ᠶᠢᠨ ᠥᠭᠡᠷᠡᠴᠢᠯᠡᠯᠲᠡ᠂ ᠡᠵᠡᠩᠨᠡᠯᠲᠡ ᠶᠢᠨ ᠬᠡᠯᠪᠡᠷᠢ | ᠪᠠᠶᠢᠳᠠᠯ ᠤᠨ ᠪᠠᠶᠢᠷᠢᠯᠠᠭᠤᠯᠤᠯᠲᠠ ᠪᠠ ᠡᠪᠦᠯ ᠤᠨ ᠤᠯᠠᠷᠢᠯ ᠤᠨ ᠬᠠᠲᠤᠨ ᠭᠤᠤᠯ ᠤᠨ ᠰᠦᠩ ᠬᠠᠯᠢᠶ᠎ᠠ ᠠᠵᠢᠭᠯᠠᠬᠤ | ᠭᠠᠷᠠᠭ ᠤᠨ ᠪᠡᠯᠡᠳᠬᠡᠯ ᠠᠵᠢᠯ ᠵᠡᠷᠭᠡ ᠪᠠᠶᠢᠳᠠᠯ ᠢ ᠨᠠᠷᠢᠨ ᠣᠶᠢᠯᠠᠭᠠᠵᠤ᠂ ᠲᠠᠷᠠᠭᠠᠴᠢ ᠶᠢᠨ ᠠᠯᠬᠤᠮ ᠤᠨ ᠠᠵᠢᠯ ᠳᠤ | ᠱᠠᠭᠠᠷᠳᠠᠯᠭ᠎ᠠ ᠳᠤᠷᠠᠳᠪᠠ᠃ ᠳ᠋ᠢᠩ ᠰᠢᠤ ᠹᠧᠩ᠂ ︽ᠳᠡᠯᠡᠬᠡᠢ ᠳ᠋ᠠᠬᠢᠨ ᠤ ᠬᠠᠳᠤᠨ ᠭᠤᠣᠯ ᠤᠨ ᠨᠢᠭᠡᠳᠦᠭᠡᠷ ᠲᠣᠰᠬᠤᠨ | ︾ ᠤ ᠲᠦᠷᠦᠯ ᠵᠦᠢᠯ ᠳᠤ ᠶᠤᠸᠠᠨ ᠵᠢᠶᠠ ᠼᠦᠨ ᠲᠣᠰᠬᠤᠨ ᠤ ᠰᠣᠶᠣᠯ ᠵᠢᠭᠤᠯᠴᠢᠯᠠᠯ ᠤᠨ ᠪᠦᠯᠦᠭᠯᠡᠯ ᠢ ᠤᠷᠢᠵᠤ | ᠠᠵᠢᠯᠯᠠᠭᠤᠯᠤᠭᠰᠠᠨ ᠪᠣᠯ ᠪᠢᠳᠡᠨ ᠤ ᠯᠤᠲᠤ ᠶᠡᠭᠡ ᠬᠦᠴᠦᠨ ᠮᠥᠨ᠂ ᠶᠤᠸᠠᠨ ᠵᠢᠶᠠ ᠼᠦᠨ ᠲᠣᠰᠬᠤᠨ ᠤ ᠰᠣᠶᠣᠯ | ᠵᠢᠭᠤᠯᠴᠢᠯᠠᠯ ᠤᠨ ᠪᠦᠯᠦᠭᠯᠡᠯ ᠯᠦᠭᠡ ᠶᠢᠨ ᠬᠠᠮᠵᠢᠯᠴᠠᠭ᠎ᠠ ᠪᠠᠨ ᠴᠢᠩᠭᠠᠳᠬᠠᠵᠤ᠂ ᠨᠥᠬᠦᠴᠡᠯ ᠪᠦᠷᠢᠳᠦᠭᠰᠡᠨ | ᠡᠵᠡᠩᠨᠡᠯᠲᠡ ᠶᠢᠨ ᠬᠡᠯᠪᠡᠷᠢ ᠪᠠᠶᠢᠳᠠᠯ ᠢ ᠤᠷᠢᠳᠠᠪᠠᠷ ᠠᠵᠢᠯᠯᠠᠭᠤᠯᠵᠤ᠂ ᠭᠤᠣᠯ ᠣᠷᠣᠨ ᠪᠦᠰᠡ ᠶᠢ ᠤᠷᠢᠳᠠᠪᠠᠷ ᠬᠢᠵᠦ᠂ | ︽ᠳᠡᠯᠡᠬᠡᠢ ᠳ᠋ᠠᠬᠢᠨ ᠤ ᠬᠠᠳᠤᠨ ᠭᠤᠣᠯ ᠤᠨ ᠨᠢᠭᠡᠳᠦᠭᠡᠷ ᠲᠣᠰᠬᠤᠨ︾ ᠢ ᠲᠦᠷᠭᠡᠨ ᠬᠥᠭᠵᠢᠶᠡᠨᠲᠡᠢ ᠪᠣᠯᠭᠠᠬᠤ | ᠬᠡᠷᠡᠭᠲᠡᠢ᠃ ︽ᠬᠠᠳᠤᠨ ᠭᠤᠣᠯ ᠤᠨ ᠶᠢᠰᠦᠨ ᠮᠤᠵᠢ︾ ᠶᠢᠨ ᠪᠠᠭ᠎ᠠ ᠬᠦᠷᠢᠶ᠎ᠡ ᠶᠢ ᠲᠤᠪᠤᠶᠢᠮ᠎ᠠ ᠰᠠᠶᠢᠲᠤᠷ ᠬᠡᠷᠡᠭᠯᠡᠵᠦ᠂ | ᠭᠠᠳᠠᠷ ᠣᠷᠣᠨ ᠤ ᠵᠤᠭᠠᠴᠠᠭᠰᠠᠳ ᠢ ᠲᠠᠲᠠᠬᠤ ᠪᠠᠷ ᠭᠤᠣᠯᠳᠠᠯᠭ᠎ᠠ ᠪᠣᠯᠭᠠᠵᠤ᠂ ᠵᠤᠭᠠᠴᠠᠭᠰᠠᠳ ᠤᠨ ᠬᠡᠷᠡᠭᠴᠡᠭᠡ ᠪᠠᠷ | ᠤᠳᠤᠷᠢᠳᠤᠮᠵᠢ ᠪᠣᠯᠭᠠᠵᠤ᠂ ᠢᠳᠡᠬᠦ᠂ ᠰᠠᠭᠤᠬᠤ᠂ ᠵᠤᠭᠠᠴᠠᠬᠤ᠂ ᠵᠤᠭ᠎ᠠ ᠴᠡᠩᠭᠡᠯ ᠤᠨ ᠲᠦᠭᠦᠷᠵᠢᠭᠰᠡᠨ | ᠲᠥᠬᠦᠭᠡᠷᠦᠮᠵᠢ ᠶᠢ ᠲᠦᠷᠭᠡᠨ ᠲᠡᠭᠦᠯᠳᠡᠷᠵᠢᠭᠦᠯᠵᠦ᠂ ᠬᠦᠷᠢᠶ᠎ᠡ ᠬᠠᠰᠢᠶ᠎ᠠ ᠨᠢᠭᠡᠪᠦᠷᠢ ᠶᠢ ᠴᠥᠮ ᠰᠣᠶᠣᠯ ᠤᠨ | ᠣᠨᠴᠠᠯᠢᠭ ᠲᠠᠢ ᠪᠣᠯᠭᠠᠵᠤ᠂ ᠰᠢᠷᠢᠰ ᠰᠣᠶᠣᠯ ᠵᠢᠭᠤᠯᠴᠢᠯᠠᠯ ᠤᠨ ᠠᠵᠢᠯᠯᠠᠭ᠎ᠠ ᠶᠢ ᠨᠠᠷᠢᠨ ᠨᠢᠮᠪᠠᠢ ᠲᠥᠰᠦᠪᠯᠡᠵᠦ᠂ | ᠵᠤᠭᠠᠴᠠᠭᠰᠠᠳ ᠢ ᠲᠠᠲᠠᠵᠤ ᠳᠡᠶᠢᠯᠬᠦ ᠮᠥᠷᠲᠡᠭᠡᠨ ᠨᠡᠩ ᠴᠤ ᠵᠤᠭᠠᠴᠠᠭᠰᠠᠳ ᠢ ᠦᠯᠡᠳᠡᠭᠡᠵᠦ ᠳᠡᠶᠢᠯᠬᠦ ᠶᠢ ᠴᠢᠷᠮᠠᠶᠢᠨ | ᠪᠡᠶᠡᠯᠡᠭᠦᠯᠬᠦ ᠬᠡᠷᠡᠭᠲᠡᠢ᠃ ᠠᠯᠤᠰ ᠬᠡᠲᠦ ᠶᠢ ᠪᠣᠳᠣᠯᠬᠢᠯᠠᠨ᠂ ︽ᠵᠠᠭᠤᠨ ᠵᠢᠯ ᠤᠨ ᠬᠠᠭᠤᠴᠢᠨ ᠳᠡᠯᠭᠡᠭᠦᠷ︾ ᠢ | ᠪᠠᠶᠢᠭᠤᠯᠬᠤ ᠲᠡᠦᠬᠡᠲᠦ ᠬᠠᠷᠢᠭᠤᠴᠠᠯᠭᠠᠲᠤ ᠰᠡᠳᠬᠢᠯᠭᠡ ᠪᠠᠷ ᠲᠡᠷᠢᠭᠦᠨ ᠤ ᠭᠠᠵᠠᠷ ᠣᠷᠣᠨ ᠤ ᠲᠤᠷᠰᠢᠯᠭ᠎ᠠ ᠠᠷᠭ᠎ᠠ | ᠬᠢᠳᠡᠯ ᠢ ᠰᠤᠷᠤᠯᠴᠠᠨ ᠲᠣᠯᠢᠯᠠᠵᠤ᠂ ᠵᠠᠬ᠎ᠠ ᠳᠡᠯᠭᠡᠭᠦᠷ ᠤᠨ ᠰᠡᠳᠬᠢᠬᠦᠶ ᠪᠠᠷ ᠲᠥᠷᠥᠯ ᠵᠦᠢᠯ ᠤᠨ ᠡᠵᠡᠩᠨᠡᠯᠲᠡ | ᠬᠠᠮᠢᠶᠠᠷᠤᠯᠲᠠ ᠶᠢ ᠴᠢᠩᠭᠠᠳᠬᠠᠵᠤ᠂ ᠰᠣᠶᠣᠯ ᠤᠷᠠᠯᠢᠭ ᠢ ᠬᠤᠳᠠᠯᠳᠤᠭᠠᠨ ᠤ ᠡᠵᠡᠩᠨᠡᠯᠲᠡ ᠶᠢᠨ ᠬᠡᠯᠪᠡᠷᠢ ᠪᠠᠶᠢᠳᠠᠯ ᠳᠤ | ᠨᠠᠩ ᠰᠠᠶᠢᠲᠤᠷ ᠠᠭᠤᠰᠤᠯᠴᠠᠭᠤᠯᠵᠤ᠂ ︽ᠳᠡᠯᠡᠬᠡᠶ ᠳ᠋ᠠᠬᠢᠨ ᠤ ᠬᠠᠲᠤᠨ ᠭᠤᠣᠯ ᠤᠨ ᠨᠢᠭᠡᠳᠦᠭᠡᠷ ᠲᠣᠰᠬᠤᠨ︾ ᠤ | ᠲᠥᠷᠥᠯ ᠵᠦᠢᠯ ᠤᠨ ᠰᠣᠶᠣᠯ ᠤᠨ ᠠᠭᠤᠷ ᠠᠮᠢᠰᠬᠤᠯ ᠢ ᠨᠡᠮᠡᠭᠳᠡᠭᠦᠯᠬᠦ ᠬᠡᠷᠡᠭᠲᠡᠶ᠃ ︽ᠭᠤᠣᠯ ᠤᠨ ᠬᠥᠪᠡᠭᠡᠨ ᠤ | ᠥᠩᠭᠡᠷᠡᠭᠰᠡᠨ ᠤ ᠶᠠᠪᠤᠳᠠᠯ︾ ᠤᠨ ᠲᠦᠷᠦᠯ ᠵᠦᠢᠯ ᠢ ᠰᠠᠶᠢᠲᠤᠷ ᠪᠠᠶᠢᠭᠤᠯᠵᠤ᠂ ᠥᠪᠡᠷᠮᠢᠴᠡ ᠪᠢᠨ ᠾᠧ ᠶᠢᠨ | ᠳᠠᠪᠠᠭᠤᠯᠢᠭ ᠲᠠᠭᠠᠨ ᠰᠠᠭᠤᠷᠢᠯᠠᠵᠤ᠂ ᠤᠤᠯ ᠤᠨ ᠪᠠᠶᠢᠭᠠᠯᠢ ᠶᠢᠨ ᠦᠵᠡᠮᠵᠢ ᠲᠠᠢ ᠵᠣᠬᠢᠴᠠᠩᠭᠤᠢ ᠨᠢᠭᠡᠳᠦᠯᠲᠡᠢ | ᠪᠠᠶᠢᠬᠤ ᠶᠢ ᠲᠤᠪᠤᠶᠢᠯᠭᠠᠵᠦ᠂ ᠬᠡᠪ ᠨᠠᠮᠪᠠ ᠲᠠᠢ᠂ ᠦᠷᠭᠦᠯᠵᠢᠯᠡᠬᠦ ᠬᠤᠳᠠᠯᠳᠤᠭᠠᠨ ᠤ ᠦᠢᠯᠡᠰ ᠤᠨ ᠡᠵᠡᠩᠨᠡᠯᠲᠡ ᠶᠢᠨ | ᠬᠡᠯᠪᠡᠷᠢ ᠶᠢ ᠪᠠᠶᠢᠭᠤᠯᠵᠤ᠂ ᠨᠡᠩ ᠤᠯᠠᠨ ᠵᠤᠭᠠᠴᠠᠭᠰᠠᠳ ᠲᠤ ᠣᠶᠢᠷ᠎ᠠ ᠵᠠᠢ ᠠᠴᠠ ᠬᠠᠳᠤᠨ ᠭᠤᠣᠯ ᠢ ᠰᠣᠨᠢᠷᠬᠠᠬᠤ᠂ | ᠬᠠᠳᠤᠨ ᠭᠤᠣᠯ ᠢ ᠪᠡᠶᠡᠴᠢᠯᠡᠨ ᠣᠶᠢᠯᠠᠭᠠᠬᠤ ᠥᠪᠡᠷᠮᠢᠴᠡ ᠣᠷᠣᠨ ᠵᠠᠢ ᠶᠢ ᠬᠠᠩᠭᠠᠬᠤ ᠬᠡᠷᠡᠭᠲᠡᠢ᠃ ᠬᠠᠳᠤᠨ | ᠭᠤᠣᠯ ᠤᠨ ᠰᠦᠩ ᠬᠠᠯᠢᠶ᠎ᠠ ᠶᠢ ᠰᠡᠷᠭᠡᠶᠢᠯᠡᠬᠦ ᠠᠮᠤᠷ ᠲᠦᠪᠰᠢᠨ ᠢ ᠦᠨᠡᠨ ᠬᠦ ᠪᠠᠲᠤᠯᠠᠭᠰᠠᠨ ᠤᠷᠢᠲᠠᠯ ᠳᠣᠣᠷ᠎ᠠ᠂ | ᠡᠪᠦᠯ ᠤᠨ ᠤᠯᠠᠷᠢᠯ ᠤᠨ ᠪᠤᠭᠤᠲᠤ ᠶᠢᠨ ᠬᠠᠳᠤᠨ ᠭᠤᠣᠯ ᠤᠨ ᠰᠦᠩ ᠬᠠᠯᠢᠶ᠎ᠠ ᠶᠢ ᠠᠵᠢᠭᠯᠠᠬᠤ ᠭᠠᠷᠠᠭ ᠤᠨ | ᠠᠵᠢᠯᠯᠠᠭ᠎ᠠ ᠶᠢ ᠴᠢᠨᠠᠷ ᠰᠠᠶᠢᠲᠠᠢ ᠪᠡᠯᠡᠳᠬᠡᠨ ᠰᠠᠶᠢᠲᠤᠷ ᠡᠷᠬᠢᠯᠡᠵᠦ᠂ ᠨᠡᠩ ᠤᠯᠠᠨ ᠬᠥᠮᠦᠰ ᠲᠤ ᠬᠠᠳᠤᠨ ᠭᠤᠣᠯ ᠤᠨ | ᠥᠪᠡᠷᠮᠢᠴᠡ ᠷᠢᠳᠢ ᠰᠢᠳᠢ ᠶᠢ ᠮᠡᠳᠡᠷᠡᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃ ᠶᠤᠸᠠᠨ ᠵᠢᠶᠠ ᠼᠦᠨ ᠰᠣᠶᠣᠯ | ᠵᠢᠭᠤᠯᠴᠢᠯᠠᠯ ᠤᠨ ᠪᠦᠯᠦᠭᠯᠡᠯ ᠤᠨ ᠬᠡᠷᠡᠭ ᠮᠡᠳᠡᠭᠴᠢᠳ ᠤᠨ ᠳᠠᠷᠤᠭ᠎ᠠ ᠭᠦᠸᠧ ᠵᠠᠨ ᠡᠤ᠂ ᠬᠤᠳᠠ ᠶᠢᠨ | ᠤᠳᠤᠷᠢᠳᠤᠯᠭ᠎ᠠ ᠯᠢᠶᠠᠨ ᠳ᠋ᠦᠩ᠂ ᠵᠠᠩ ᠪᠢᠨ᠂ ᠬᠤᠪᠣᠷ ᠰᠢᠷᠣᠢ ᠶᠢᠨ ᠳᠡᠭᠡᠳᠦ ᠰᠢᠨ᠎ᠡ ᠮᠡᠷᠭᠡᠵᠢᠯ ᠤᠨ ᠲᠣᠭᠤᠷᠢᠭ | ᠵᠢᠴᠢ ᠬᠤᠳᠠ ᠶᠢᠨ ᠰᠢᠭᠤᠳ ᠬᠠᠷᠢᠶ᠎ᠠ ᠬᠤᠯᠪᠣᠭᠳᠠᠯ ᠪᠦᠬᠦᠢ ᠰᠠᠯᠠᠭ᠎ᠠ ᠮᠥᠴᠢᠷ ᠨᠢᠭᠡᠴᠢ ᠶᠢᠨ ᠬᠠᠷᠢᠭᠤᠴᠠᠯᠭᠠᠲᠠᠨ | ᠪᠠᠶᠢᠴᠠᠭᠠᠨ ᠰᠤᠳᠤᠯᠤᠯᠲᠠ ᠳᠤ ᠣᠷᠣᠯᠴᠠᠪᠠ᠃ | | | | | | | | | | | | ᠁ |