| 12 ᠳ᠋ᠤᠭᠠᠷ ᠰᠠᠷ᠎ᠠ ᠶᠢᠨ 21 ᠤ ᠡᠳᠦᠷ᠂ ᠬᠥᠬᠡᠬᠤᠲᠠ ᠶᠢᠨ ᠬᠢᠨ ᠱᠣᠣᠮᠠᠢ ᠶᠢᠨ ᠠᠮᠲᠠᠲᠤ ᠢᠳᠡᠭᠡᠨ ᠤ ᠶᠡᠭᠡ | ᠬᠤᠷᠠᠯ ᠢ ᠠᠮᠵᠢᠯᠲᠠ ᠲᠠᠢ ᠡᠷᠬᠢᠯᠡᠵᠦ᠂ ᠲᠤᠬᠠᠢ ᠶᠢᠨ ᠲᠠᠯᠠᠪᠠᠢ ᠳᠠᠬᠢ ᠵᠢᠭᠤᠯᠴᠢᠯᠠᠭᠰᠠᠳ ᠤᠨ ᠲᠤᠭ᠎ᠠ 3.17 | ᠲᠦᠮᠡᠨ ᠬᠥᠮᠦᠨ ᠤᠳᠠᠭ᠎ᠠ ᠳᠤ ᠬᠦᠷᠪᠡ᠃ ᠠᠵᠢᠯᠯᠠᠭ᠎ᠠ ᠶᠢᠨ ᠬᠤᠭᠤᠴᠠᠭᠠᠨ ᠳᠤ᠂ ᠣᠯᠠᠨ ᠬᠥᠮᠦᠨ ᠳᠤ ᠱᠣᠣᠮᠠᠢ ᠶᠢ | ᠵᠣᠭᠤᠰ ᠬᠤᠷᠢᠶᠠᠬᠤ ᠥᠬᠡᠶ ᠪᠠᠷ ᠠᠮᠲᠠᠯᠠᠭᠤᠯᠬᠤ᠂ ᠱᠣᠤᠮᠠᠶ ᠪᠠᠷ ᠭᠤᠤᠯ ᠰᠡᠳᠦᠪ ᠢᠶᠠᠨ ᠪᠣᠯᠭᠠᠭᠰᠠᠨ ᠲᠣᠮᠣ | ᠬᠡᠯᠪᠡᠷᠢ ᠶᠢᠨ ᠲᠣᠨᠣᠭᠯᠠᠯ ᠤᠷᠠᠯᠢᠭ ᠤᠨ ᠦᠵᠡᠭᠦᠯᠭᠡ ᠵᠡᠷᠭᠡ ᠠᠵᠢᠯᠯᠠᠭ᠎ᠠ ᠨᠢ ᠵᠢᠭᠤᠯᠴᠢᠯᠠᠭᠰᠠᠳ ᠢ ᠲᠠᠲᠠᠵᠤ᠂ | ᠤᠤᠭᠠᠯ ᠡᠭᠦᠳᠦᠯᠲᠡ ᠶᠢᠨ ᠭᠤᠴᠤᠯᠠᠯ ᠠᠶᠠᠯᠭᠤ ︽ᠬᠤᠨᠢᠨ ᠤ ᠮᠢᠬ᠎ᠠ ᠰᠣᠩᠭᠢᠨ᠎ᠠ ᠶᠢᠨ ᠢᠳᠡᠭᠡ︾᠂ ︽ᠱᠣᠤᠮᠠᠢ ᠶᠢ | ᠶᠠᠷᠢᠬᠤᠢ︾ ᠵᠡᠷᠭᠡ ᠭᠤᠶᠢᠳᠠ ᠰᠠᠶᠢᠬᠠᠨ ᠲᠣᠭᠯᠠᠯᠲᠠ ᠶᠢ ᠵᠠᠯᠭᠠᠭ᠎ᠠ ᠪᠠᠷ ᠲᠣᠭᠯᠠᠪᠠ᠃ ︽ᠬᠥᠬᠡᠬᠤᠲᠠ ᠳᠤ ᠱᠣᠣᠮᠠᠢ | ᠠᠮᠲᠠᠯᠠᠬᠤᠢ︾ ᠨᠢ ᠨᠢᠭᠡᠨᠲᠡ ᠨᠢᠭᠡ ᠵᠦᠢᠯ ᠤᠨ ᠬᠠᠯᠠᠮᠰᠢᠯᠲᠤ ᠦᠵᠡᠭᠳᠡᠯ ᠪᠣᠯᠵᠤ᠂ ᠵᠢᠭᠤᠯᠴᠢᠯᠠᠭᠰᠠᠳ ᠲᠤᠷᠠᠲᠠᠶ᠎ᠠ | ᠮᠥᠩᠭᠦ ᠭᠠᠷᠭᠠᠨ ᠬᠤᠳᠠᠯᠳᠤᠵᠤ ᠠᠪᠬᠤ ᠢᠳᠡᠭᠡᠨ ᠪᠣᠯᠵᠠᠢ᠂ 12 ᠳ᠋ᠤᠭᠠᠷ ᠰᠠᠷ᠎ᠠ ᠶᠢᠨ 23 ᠤ ᠡᠳᠦᠷ ᠪᠣᠯᠲᠠᠯ᠎ᠠ᠂ | ᠪᠦᠬᠦ ᠰᠦᠯᠵᠢᠶᠡᠨ ᠤ ᠬᠠᠮᠢᠶ᠎ᠠ ᠪᠦᠬᠦᠢ ᠮᠡᠳᠡᠭᠡ ᠵᠠᠩᠭᠢ 2009 ᠵᠤᠷᠪᠤᠰ ᠪᠠᠶᠢᠵᠤ᠂ ᠤᠩᠰᠢᠯᠭ᠎ᠠ ᠶᠢᠨ ᠬᠡᠮᠵᠢᠶ᠎ᠡ ᠨᠢ | 5746 ᠲᠦᠮᠡᠨ ᠬᠥᠮᠦᠨ ᠤᠳᠠᠭ᠎ᠠ ᠳᠤ ᠬᠦᠷᠴᠦ᠂ ᠰᠣᠨᠢᠷᠬᠠᠭᠰᠠᠨ ᠬᠡᠮᠵᠢᠶ᠎ᠡ ᠨᠢ 8385 ᠲᠦᠮᠡᠨ ᠤᠳᠠᠭ᠎ᠠ ᠳᠤ | ᠬᠦᠷᠦᠭᠰᠡᠨ ᠪᠠᠶᠢᠨ᠎ᠠ᠂ ᠱᠣᠣᠮᠠᠢ ᠶᠢᠨ ᠠᠮᠲᠠᠲᠤ ᠢᠳᠡᠭᠡᠨ ᠤ ᠶᠡᠭᠡ ᠨᠠᠶᠢᠷ ᠤᠨ ᠲᠤᠰ ᠡᠳᠦᠷ ᠲᠠᠬᠢ ᠲᠥᠪ | ᠲᠧᠯᠸᠢᠰ ᠤᠨ ᠸᠢᠳᠢᠣ᠋᠂ ᠳᠡᠭᠦᠯᠢᠯᠲᠡ ᠬᠠᠮ ᠵᠠᠭᠤᠴᠢᠯᠠᠭᠤᠷ ᠵᠡᠷᠭᠡ ᠠᠬᠤᠢ ᠲᠠᠯᠠᠪᠤᠷ ᠤᠨ ᠰᠢᠭᠤᠳ | ᠨᠡᠪᠲᠡᠷᠡᠭᠦᠯᠭᠡ ᠶᠢᠨ ᠦᠵᠡᠭᠴᠢ ᠶᠢᠨ ᠲᠤᠭ᠎ᠠ ᠮᠢᠩᠭᠠᠨ ᠲᠦᠮᠡᠨ ᠬᠥᠮᠦᠨ ᠤᠳᠠᠭ᠎ᠠ ᠶᠢ ᠳᠠᠪᠠᠵᠤ᠂ ᠰᠢᠨᠬᠤᠸᠠ ᠬᠤᠷᠢᠶ᠎ᠠ | ᠂ ᠠᠷᠠᠳ ᠤᠨ ᠡᠳᠦᠷ ᠤᠨ ᠰᠣᠨᠢᠨ ᠵᠡᠷᠭᠡ ᠲᠥᠪ ᠤᠨ ᠱᠠᠲᠤᠨ ᠤ ᠵᠠᠭᠤᠴᠢᠯᠠᠭᠤᠷ ᠤᠨ ᠮᠡᠳᠡᠭᠡᠯᠡᠭᠰᠡᠨ ᠮᠡᠳᠡᠭᠡᠯᠡᠯ | 200 ᠰᠢᠬᠠᠮ ᠤᠳᠠᠭ᠎ᠠ ᠪᠠᠶᠢᠵᠤ᠂ ᠪᠢᠴᠢᠯ ᠪᠥᠷᠬᠡ᠂ ᠲᠢᠺ ᠲᠣᠺ᠂ ᠬᠤᠷᠳᠤᠨ ᠭᠠᠷ ᠲᠤ ᠪᠣᠢ ᠪᠣᠯᠣᠭᠰᠠᠨ | ᠬᠠᠯᠠᠮᠰᠢᠯ ᠴᠡᠭ 20 ᠰᠢᠬᠠᠮ ᠪᠣᠯᠪᠠ᠃ ︵ᠬᠥᠬᠡᠬᠤᠲᠠ ᠶᠢᠨ ᠵᠠᠰᠠᠭ ᠤᠨ ᠣᠷᠳᠣᠨ︶ | | | | | | | | | | | | | ᠁ |