ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠤᠮᠠᠷᠠᠲᠤ᠎ᠶᠢᠨ ᠰᠣᠶᠣᠯ
ᠪᠦᠭᠦ ᠣᠷᠣᠨ᠎ᠤ ᠮᠠᠩᠯᠠᠢ ᠤᠶᠠᠭᠠᠴᠢᠳ ᠴᠤᠭᠯᠠᠭᠰᠠᠨ ᠪᠣᠲᠣᠭᠣᠨ ᠲᠡᠮᠡᠭᠡᠨ᠎ᠦ ᠨᠠᠭᠠᠳᠤᠮ ᠠᠯᠠᠱᠠ᠎ᠳᠤ ᠶᠠᠪᠤᠭᠳᠠᠪᠠ
ᠨᠡᠶ᠋ᠢᠲᠡᠯᠡᠭᠰᠡᠨ ᠴᠠᠭ᠄ 2025-11-14

ᠥᠩ ᠥᠷᠭᠡᠨ ᠠᠯᠠᠱᠠ᠎ᠳᠤ ᠡᠪᠦᠯ ᠰᠠᠭᠠᠲᠠᠵᠤ ᠥᠷᠭᠡᠨ ᠶᠡᠬᠡ ᠭᠣᠪᠢ ᠳ᠋ᠤ᠌ ᠲᠡᠮᠡᠭᠡᠳ ᠬᠣᠲᠣᠯᠵᠠᠨ ᠨᠠᠯᠠᠢᠨ᠎ᠠ᠃ 11 ᠰᠠᠷ᠎ᠠ ᠶ᠋ᠢᠨ 11᠎ᠤ ᠡᠳᠦᠷ᠂ ᠠᠯᠠᠱᠠ ᠪᠠᠷᠠᠭᠤᠨ ᠬᠣᠰᠢᠭᠤᠨ ᠤ᠋ ᠠᠯᠳᠠᠠᠠᠤᠪᠤᠭ᠎ᠠ ᠪᠠᠯᠭᠠᠰᠤᠨ ᠤ᠋ ᠴᠠᠭᠠᠨᠨᠢᠷᠤᠭᠤ ᠭᠠᠴᠭᠠᠠᠨ᠎ᠳᠤ ᠠᠯᠠᠱᠠ ᠵᠡᠭᠦᠨ ᠬᠣᠰᠢᠭᠤᠨ᠎ᠤ ᠪᠠᠶᠠᠠᠨᠢᠷᠤᠭᠤᠨ ᠰᠤᠮᠤᠨ᠎ᠤ ᠲᠡᠮᠡᠭᠡᠴᠢᠨ᠂ ᠥᠪᠥᠷ ᠮᠣᠩᠭᠣᠯ᠎ᠤᠨ ᠬᠤᠷᠳᠤᠨ ᠲᠡᠮᠡᠭᠡᠨ᠎ᠤ ᠮᠠᠩᠯᠠᠢ ᠤᠶᠠᠭᠠᠴᠢ ᠲᠣᠷᠭᠣᠳ ᠢᠯᠠᠯᠲᠠ᠂ ᠭᠡᠷᠡᠯ ᠬᠣᠶᠠᠭᠤᠯᠠ ᠶ᠋ᠢᠨ ᠡᠷᠭᠢᠯᠡᠭᠰᠡᠨ ᠪᠣᠲᠣᠭᠣᠨ ᠲᠡᠮᠡᠭᠡᠨ᠎ᠦ ᠨᠠᠭᠠᠳᠤᠮ ᠨᠢᠵᠢᠭᠢᠷ ᠰᠠᠢᠬᠠᠨ ᠶᠠᠪᠤᠭᠳᠠᠵᠤ᠂ ᠬᠤᠯᠠ ᠣᠢᠷ᠎ᠠ ᠶ᠋ᠢᠨ ᠨᠠᠭᠠᠳᠤᠮᠴᠢᠨ᠂ ᠪᠦᠭᠦ ᠣᠷᠣᠨ᠎ᠤ ᠡᠯ᠎ᠡ ᠠᠢᠮᠠᠭ ᠬᠤᠳᠠ᠎ᠠᠴᠠ ᠢᠷᠡᠭᠰᠡᠨ ᠰᠣᠳᠣᠨ ᠤᠶᠠᠭᠠᠴᠢ᠂ ᠠᠯᠳᠠᠷᠲᠤ ᠤᠶᠠᠭᠠᠴᠢ᠂ ᠮᠠᠩᠯᠠᠢ ᠤᠶᠠᠭᠠᠴᠢ ᠨᠠᠷ ᠬᠤᠷᠠᠨ ᠴᠤᠭᠯᠠᠷᠠᠵᠤ᠂ ᠨᠠᠢᠷ ᠲᠤ᠌ ᠭᠦᠭ ᠨᠡᠮᠡᠷᠢᠯᠡᠭᠰᠡᠨ ᠪᠠᠢᠨ᠎ᠠ᠃

ᠦᠳᠡ᠎ᠶᠢᠨ ᠡᠮᠦᠨ᠎ᠡ᠎ᠶᠢᠨ ᠨᠠᠢ᠍ᠮᠠᠨ ᠴᠠᠭ ᠲᠦ᠍ ᠲᠣᠷᠤᠮ᠎ᠤᠨ ᠤᠷᠤᠯᠳᠤᠭᠠᠨ ᠡᠬᠢᠯᠡᠵᠦ ᠨᠠᠭᠠᠳᠤᠮ ᠤ᠋ᠨ ᠰᠠᠯᠬᠢ ᠶ᠋ᠢ ᠬᠠᠭᠠᠯᠤᠯ᠎ᠠ᠃ ᠡᠨᠡ ᠤᠳᠠᠭᠠᠨ ᠤ᠋ ᠲᠡᠮᠡᠭᠡᠨ ᠰᠣᠶᠣᠯ ᠤ᠋ᠨ ᠨᠠᠭᠠᠳᠤᠮ ᠳ᠋ᠤ᠌ 22 ᠭᠠᠵᠠᠷ ᠤ᠋ᠨ ᠠᠳᠠᠨ ᠲᠡᠮᠡᠭᠡᠨ ᠤ᠋ ᠤᠷᠤᠯᠳᠤᠭᠠᠨ᠂ 18 ᠭᠠᠵᠠᠷ ᠤ᠋ᠨ ᠬᠣᠶᠠᠷ ᠰᠢᠳᠦᠲᠦ ᠪᠤᠶᠤ ᠰᠢᠳᠤ ᠰᠣᠯᠢᠵᠤ ᠪᠠᠢᠬᠤ ᠲᠡᠮᠡᠭᠡᠨ ᠤ᠋ ᠤᠷᠤᠯᠳᠤᠭᠠᠨ᠂ 15 ᠭᠠᠵᠠᠷ ᠤ᠋ᠨ ᠪᠢᠲᠡᠭᠦᠦ ᠰᠢᠳᠦᠲᠦ ᠲᠡᠮᠡᠭᠡᠨ ᠤ᠋ ᠤᠷᠤᠯᠳᠤᠭᠠᠨ᠂ 12 ᠭᠠᠵᠠᠷ ᠤ᠋ᠨ ᠲᠣᠷᠤᠮ ᠤ᠋ᠨ ᠤᠷᠤᠯᠳᠤᠭᠠᠨ ᠵᠡᠷᠭᠡ ᠲᠦᠷᠪᠡᠨ ᠲᠦᠷᠦᠯ ᠤ᠋ᠨ ᠤᠷᠤᠯᠳᠤᠭᠠᠨ ᠲᠣᠬᠢᠷᠠᠭᠤᠯᠵᠤ᠂ ᠰᠢᠯᠢ ᠶ᠋ᠢᠨ ᠭᠣᠣᠯ᠂ ᠪᠤᠭᠤᠲᠤ᠂ ᠣᠷᠳᠣᠰ᠂  ᠪᠠᠶᠠᠨᠨᠠᠭᠤᠷ᠂ ᠭᠠᠨᠰᠤ ᠮᠤᠵᠢ ᠶ᠋ᠢᠨ ᠰᠦᠪᠧᠢ ᠰᠢᠶᠠᠨ ᠵᠢᠴᠢ ᠠᠯᠠᠱᠠ ᠠᠢᠮᠠᠭ᠎ᠶᠢᠨ ᠡᠯ᠎ᠡ ᠬᠣᠰᠢᠭᠤ ᠣᠷᠣᠨ ᠠ᠋ᠴᠠ ᠬᠦᠷᠦᠯᠴᠡᠨ ᠢᠷᠡᠭᠰᠡᠨ ᠲᠠᠯᠠᠭᠠᠳ ᠤᠶᠠᠭᠠᠴᠢᠨ᠎ᠤ 300 ᠭᠠᠷᠤᠢ ᠲᠡᠮᠡᠭᠡ ᠬᠦᠴᠦ ᠰᠢᠨᠳᠠᠰᠤ ᠪᠠᠨ ᠰᠤᠷᠢᠵᠠᠭᠠᠬ᠍ᠰᠠᠨ ᠪᠠᠢᠨ᠎ᠠ᠃

ᠲᠣᠷᠭᠣᠳ ᠢᠯᠠᠯᠲᠠ ᠪᠣᠯ ᠲᠡᠮᠡᠭᠡᠴᠢᠨ ᠤᠳᠤᠮ᠎ᠤᠨ᠎ᠢᠶᠠᠨ ᠥᠪ ᠰᠣᠶᠣᠯ᠎ᠢᠶᠠᠨ ᠤᠯᠠᠮᠵᠢᠯᠠᠨ ᠥᠪᠯᠡᠵᠦ᠂ ᠬᠠᠷᠠᠬᠠᠨ ᠪᠠᠭ᠎ᠠ ᠠ᠋ᠴᠠ ᠪᠠᠨ ᠪᠣᠲᠣᠭᠣ᠌ ᠲᠣᠷᠤᠮ ᠤ᠋ᠨ ᠪᠡᠯᠴᠢᠭᠡᠷ ᠲᠤ᠌ ᠥᠰᠴᠦ᠂ 2005 ᠣᠨ᠎ᠠᠴᠠ ᠲᠡᠮᠡᠭᠡ ᠮᠠᠯᠵᠢᠵᠤ᠂ 2012 ᠣᠨ᠎ᠳᠤ ᠭᠠᠴᠠᠭᠠᠨ᠎ᠳᠠᠭᠠᠨ ᠬᠤᠪᠢ ᠠᠢᠯ᠎ᠤᠨ ᠲᠡᠮᠡᠭᠡᠨ ᠰᠣᠶᠣᠯ᠎ᠤᠨ ᠨᠠᠢᠷ᠎ᠢ ᠠᠩᠬ᠎ᠠ ᠤᠳᠠᠭ᠎ᠠ ᠵᠣᠬᠢᠶᠠᠨ ᠪᠠᠢᠭᠤᠯᠤᠭᠰᠠᠨ᠎ᠠᠴᠠ ᠬᠣᠢᠰᠢ ᠤᠷᠤᠯᠳᠤᠭᠠᠨ᠎ᠤ ᠲᠡᠮᠡᠭᠡ ᠤᠶᠠᠵᠤ ᠰᠣᠢᠬᠤ ᠠᠵᠢᠯ᠎ᠢᠶᠠᠨ ᠡᠬᠢᠯᠡᠭᠦᠯᠵᠡᠢ᠃ 2018 ᠣᠨ᠎ᠠᠴᠠ ᠰᠠᠢᠨ ᠡᠭᠦᠯᠳᠡᠷ᠎ᠤᠨ ᠢᠩᠭᠡᠨ᠎ᠳᠦ ᠬᠠᠪᠲᠠᠭᠠᠢ᠎ᠶᠢᠨ ᠤᠳᠤᠮ᠎ᠤᠨ ᠪᠤᠤᠷ᠎ᠠ ᠠᠪᠴᠢᠷᠠᠵᠤ ᠲᠠᠯᠪᠢᠭᠠᠳ᠂ ᠬᠤᠷᠳᠤᠨ ᠲᠡᠮᠡᠭᠡ᠎ᠶᠢ ᠥᠰᠬᠡᠨ ᠦᠷᠡᠵᠢᠭᠦᠯᠬᠦ ᠰᠢᠨ᠎ᠡ ᠰᠦᠪᠡᠭᠴᠢᠯᠡᠯ ᠬᠢᠵᠦ᠂ ᠲᠡᠮᠡᠭᠡᠨ᠎ᠤ ᠴᠢᠨᠠᠷ ᠪᠣᠯᠣᠨ ᠲᠡᠮᠡᠭᠡᠨ᠎ᠦ ᠬᠤᠷᠳᠤ ᠪᠠᠨ ᠰᠠᠢᠵᠢᠷᠠᠭᠤᠯᠤᠨ ᠳᠡᠭᠡᠭᠰᠢᠯᠡᠭᠦᠯᠵᠦ ᠂ ᠨᠢᠳᠤᠨᠤᠨ ᠵᠢᠯ 38 ᠪᠣᠲᠣᠭᠣ᠌ ᠪᠠᠨ ᠰᠢᠯᠢ᠎ᠶᠢᠨ ᠭᠣᠣᠯ᠂ ᠣᠷᠳᠣᠰ᠂ ᠪᠠᠶᠠᠨᠨᠠᠭᠤᠷ᠂ ᠪᠤᠭᠤᠲᠤ᠂ ᠠᠯᠠᠱᠠ ᠵᠡᠷᠭᠡ ᠠᠢᠮᠠᠭ ᠬᠤᠳᠠ᠎ᠶᠢᠨ ᠲᠡᠮᠡᠭᠡᠴᠢᠳ ᠲᠦ᠍ ᠬᠤᠳᠠᠯᠳᠤᠨ ᠥᠭᠴᠦ ᠲᠡᠮᠡᠭᠡᠨ᠎ᠤ ᠬᠤᠷᠳᠤ᠎ᠶᠢ ᠳᠡᠭᠡᠭᠰᠢᠯᠡᠭᠦᠯᠦᠨ ᠬᠥᠭᠵᠢᠭᠦᠯᠬᠦ ᠲᠠᠯ᠎ᠠ ᠪᠡᠷ ᠭᠢ ᠠᠮᠵᠢᠯᠲᠠ ᠪᠠᠨ ᠡᠯ᠎ᠡ ᠭᠠᠵᠠᠷ᠎ᠤᠨ ᠲᠡᠮᠡᠭᠡᠴᠢᠳ ᠲᠠᠢ ᠬᠤᠪᠢᠶᠠᠯᠴᠠᠵᠤ᠂ ᠡᠨᠡ ᠵᠢᠯ ᠲᠣᠷᠤᠮ᠎ᠤᠨ ᠤᠷᠤᠯᠳᠤᠭᠠᠨ᠎ᠢᠶᠠᠷ ᠭᠣᠣᠯ ᠪᠤᠯᠭᠠᠬ᠍ᠰᠠᠨ ᠲᠡᠮᠡᠭᠡᠨ ᠰᠣᠶᠣᠯ᠎ᠤᠨ ᠨᠠᠭᠠᠳᠤᠮ ᠡᠷᠭᠢᠯᠡᠭᠦ᠎ᠪᠡᠷ ᠳᠠᠮᠵᠢᠭᠤᠯᠤᠨ ᠬᠠᠪᠲᠠᠭᠠᠢ᠎ᠶᠢᠨ ᠤᠳᠤᠮ ᠲᠠᠢ ᠲᠣᠷᠤᠮ᠎ᠤᠨ ᠰᠢᠨᠳᠠᠰᠤ ᠬᠤᠷᠳᠤ᠎ᠶᠢ ᠰᠢᠯᠭᠠᠬᠤ᠎ᠶᠢ ᠵᠣᠷᠢᠭ᠍ᠰᠠᠨ ᠪᠠᠢᠨ᠎ᠠ᠃

ᠤᠯᠠᠨ ᠵᠢᠯ ᠤ᠋ᠨ ᠲᠤᠷᠰᠢ᠂ ᠲᠣᠷᠭᠣᠳ ᠢᠯᠠᠯᠲᠠ ᠬᠣᠰᠢᠭᠤ᠂ ᠠᠢᠮᠠᠭ᠂ ᠣᠷᠣᠨ ᠤ᠋ ᠲᠡᠰ ᠤ᠋ᠨ ᠨᠠᠭᠠᠳᠤᠮ᠂ ᠬᠥᠷᠰᠢ ᠵᠡᠷᠭᠡᠯᠡᠳᠡᠭᠡ ᠭᠠᠵᠠᠷ ᠣᠷᠣᠨ ᠤ᠋ ᠨᠠᠢᠷ ᠨᠠᠭᠠᠳᠤᠮ᠂ ᠪᠦᠭᠦ ᠣᠷᠣᠨ᠂ ᠪᠦᠭᠦ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠤ᠋ ᠤᠯᠠᠮᠵᠢᠯᠠᠯᠲᠤ ᠪᠡᠶ᠎ᠡ ᠶ᠋ᠢᠨ ᠲᠠᠮᠢᠷ ᠤ᠋ᠨ ᠴᠤᠭᠯᠠᠭᠠᠨ ᠳ᠋ᠤ᠌ ᠣᠷᠣᠯᠴᠠᠨ ᠬᠤᠷᠳᠤᠨ ᠠᠳᠠ ᠪᠡᠷ ᠢ᠋ᠶ᠋ᠠᠨ ᠣᠯᠠᠨᠲᠠ ᠰᠢᠯᠭᠠᠷᠠᠨ ᠠᠯᠳᠠ ᠮᠥᠩᠭᠥᠨ ᠮᠸᠳᠠᠯ ᠢ᠋ᠶ᠋ᠠᠷ ᠡᠩᠭᠡᠷ ᠢ᠋ᠶ᠋ᠠᠨ ᠮᠢᠯᠢᠶᠠᠯᠭᠠᠵᠤ᠂ ᠠᠯᠠᠱᠠ ᠨᠤᠲᠤᠭ ᠤ᠋ᠨ ᠲᠡᠮᠡᠭᠡᠨ ᠰᠣᠶᠣᠯ ᠬᠢᠭᠡᠳ ᠠᠯᠳᠠᠷ ᠨᠡᠷ᠎ᠡ ᠶ᠋ᠢ ᠬᠣᠲᠠᠯᠠ ᠲᠦᠮᠡᠨ ᠳ᠋ᠤ᠌ ᠠᠯᠳᠠᠷᠰᠢᠭᠤᠯᠵᠤ᠂ ᠤᠯᠠᠨ ᠵᠢᠯ ᠤ᠋ᠨ ᠲᠤᠷᠰᠢᠬᠢ ᠰᠢᠷᠭᠠᠭᠤ ᠴᠢᠷᠮᠠᠢᠯᠭ᠎ᠠ᠂ ᠰᠢᠨᠲᠠᠷᠠᠰᠢ ᠦᠭᠡᠢ ᠵᠣᠷᠢᠭ᠋ ᠰᠥᠰᠥ᠂ ᠰᠢᠯᠭᠠᠷᠠᠭᠰᠠᠨ ᠠᠷᠭ᠎ᠠ ᠲᠤᠷᠰᠢᠯᠭ᠎ᠠ ᠪᠡᠷ ᠢ᠋ᠶ᠋ᠠᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠡᠰ ᠤ᠋ᠨ ᠮᠠᠩᠯᠠᠢ ᠤᠶᠠᠭᠠᠴᠢ ᠪᠣᠯᠤᠭᠰᠠᠨ ᠪᠠᠢᠨ᠎ᠠ᠃ ᠲᠡᠷᠡᠪᠡᠷ ᠰᠡᠭᠡᠷ᠎ᠦᠨ ᠰᠢᠷ᠎ᠠ᠂ ᠴᠠᠭᠠᠨ ᠲᠣᠷᠤᠮ᠂ ᠰᠠᠯᠬᠢᠨ ᠰᠢᠷ᠎ᠠ ᠵᠡᠷᠭᠡ 12 ᠤᠷᠤᠯᠳᠣᠭᠠᠨ᠎ᠤ ᠲᠡᠮᠡᠭᠡ ᠰᠣᠢᠵᠤ᠂ ᠤᠷᠣᠯᠳᠤᠭᠠᠨ᠎ᠤ ᠲᠡᠮᠡᠭᠡᠳ ᠨᠢ ᠤᠯᠠᠨ ᠭᠠᠵᠠᠷ ᠣᠷᠣᠨ᠎ᠤ ᠲᠡᠮᠡᠭᠡᠨ ᠰᠣᠶᠣᠯ᠎ᠤᠨ ᠨᠠᠭᠠᠳᠤᠮ᠎ᠳᠤ ᠲᠦᠷᠦᠭᠦᠯᠡᠨ᠂ ᠡᠵᠡᠨ᠎ᠳᠡᠭᠡᠨ ᠢᠷᠠᠭᠤ ᠠᠯᠳᠠᠷ ᠠᠪᠴᠢᠷᠠᠵᠤ᠂ ᠵᠦᠪᠭᠢᠨ ᠰᠠᠯᠬᠢᠨ ᠰᠢᠷ᠎ᠠ ᠨᠢ ᠪᠠᠷᠤᠭ ᠭᠤᠴᠢᠭᠠᠳ ᠲᠦᠮᠡᠨ ᠲᠥᠭᠥᠷᠢᠭ᠎ᠤᠨ ᠱᠠᠩᠨᠠᠯ ᠠᠪᠴᠢᠷᠠᠵᠤ᠂ ᠲᠡᠮᠡᠭᠡᠨ ᠪᠤᠶᠠᠨ᠎ᠢᠶᠠᠷ ᠰᠠᠢᠬᠠᠨ ᠠᠮᠢᠳᠤᠷᠠᠵᠤ ᠪᠠᠢᠨ᠎ᠠ᠃ 《ᠪᠢ ᠠᠷᠪᠠᠭᠠᠳ ᠵᠢᠯ ᠤᠯᠤᠰ᠂ ᠣᠷᠣᠨ᠂ ᠠᠢᠮᠠᠭ ᠬᠣᠰᠢᠭᠤᠨ᠎ᠤ ᠶᠡᠬᠡ ᠪᠠᠭ᠎ᠠ ᠣᠷᠤᠯᠳᠤᠭᠠᠨ᠎ᠳᠤ ᠣᠷᠤᠯᠴᠠᠵᠤ ᠲᠡᠮᠡᠭᠡᠨ ᠰᠣᠶᠣᠯ᠎ᠤᠨ ᠦᠢᠯᠡᠰ ᠲᠤ᠌ ᠬᠦᠴᠦᠨ ᠴᠢᠳᠠᠯ᠎ᠢᠶᠠᠨ ᠨᠡᠮᠡᠷᠢᠯᠡᠵᠦ ᠶᠠᠪᠤᠯ᠎ᠠ᠃ ᠥᠨᠥᠳᠥᠷ ᠬᠤᠪᠢ᠎ᠪᠠᠷ᠎ᠢᠶᠠᠨ ᠲᠡᠮᠡᠭᠡᠨ ᠰᠣᠶᠣᠯ᠎ᠤᠨ ᠨᠠᠭᠠᠳᠤᠮ ᠡᠷᠭᠢᠯᠡᠵᠦ᠂ 9 ᠲᠡᠮᠡᠭᠡ᠂ 16 ᠲᠦᠮᠡᠨ ᠲᠥᠭᠥᠷᠢᠭ᠎ᠦᠨ ᠮᠥᠩᠭᠥ ᠵᠣᠭᠣᠰ᠎ᠢᠶᠠᠷ ᠣᠷᠤᠯᠳᠤᠭᠠᠨ᠎ᠤ ᠲᠡᠰ᠎ᠲᠤ ᠲᠣᠳᠣᠷᠠᠭᠰᠠᠨ ᠤᠶᠠᠭᠠᠴᠢᠳ ᠵᠢᠡᠨ ᠱᠠᠩᠨᠠᠨ ᠤᠷᠮᠠᠰᠢᠭᠤᠯᠵᠤ᠂ ᠲᠡᠳᠡᠨ᠎ᠦ ᠲᠡᠮᠡᠭᠡᠨ ᠰᠣᠶᠣᠯ᠎ᠤᠨ ᠦᠢᠯᠡᠰ᠎ᠢᠶᠠᠨ ᠦᠷᠭᠦᠯᠵᠢᠯᠠᠨ ᠤᠯᠠᠮᠵᠢᠯᠠᠨ ᠪᠠᠳᠠᠷᠠᠭᠤᠯᠵᠤ ᠶᠠᠪᠤᠬᠤ᠎ᠶᠢ ᠵᠣᠷᠢᠭ᠍ᠵᠢᠭᠤᠯᠤᠯ᠎ᠠ》 ᠭᠡᠵᠦ ᠲᠣᠷᠭᠣᠳ ᠢᠯᠠᠯᠲᠠ ᠶᠠᠷᠢᠵᠤ ᠪᠠᠢᠯ᠎ᠠ᠃

ᠲᠣᠷᠭᠣᠳ ᠢᠯᠠᠯᠲᠠ᠂ ᠭᠡᠷᠡᠯ᠎ᠤᠨ ᠪᠣᠲᠣᠭᠣᠨ ᠲᠡᠮᠡᠭᠡᠨ᠎ᠤ ᠨᠠᠭᠠᠳᠤᠮ᠎ᠳᠤ ᠥᠪᠥᠷ ᠮᠣᠩᠭᠣᠯ᠎ᠤᠨ ᠡᠯ᠎ᠡ ᠠᠢᠮᠠᠭ ᠬᠤᠳᠠ᠎ᠶᠢᠨ ᠰᠣᠳᠣᠨ ᠤᠶᠠᠭᠠᠴᠢ᠂ ᠠᠯᠳᠠᠷᠲᠤ ᠤᠶᠠᠭᠠᠴᠢ ᠢᠷᠡᠵᠡᠭᠡᠵᠦ᠂ ᠣᠨᠴᠠᠭᠠᠢᠯᠠᠨ ᠣᠷᠣᠨ᠎ᠤ ᠲᠡᠰ᠎ᠦᠨ ᠭᠠᠪᠢᠶᠠᠲᠤ ᠤᠶᠠᠭᠠᠴᠢ᠂ ᠮᠠᠩᠯᠠᠢ ᠤᠶᠠᠭᠠᠴᠢ ᠬᠣᠷᠢᠭᠠᠳ ᠬᠥᠮᠥᠨ ᠬᠦᠷᠦᠯᠴᠡᠨ ᠢᠷᠡᠵᠤ ᠭᠦᠭ ᠨᠡᠮᠡᠷᠢᠯᠡᠭᠰᠡᠨ ᠨᠢ ᠬᠥᠮᠥᠰ᠎ᠤᠨ ᠠᠩᠬᠠᠷᠤᠯ᠎ᠢ ᠲᠠᠲᠠᠵᠤ᠂ ᠨᠠᠭᠠᠳᠤᠮᠴᠢᠨ ᠤᠯᠠᠨ᠎ᠢ ᠪᠠᠶᠠᠰᠬᠠᠵᠠᠢ᠃ ᠪᠤᠭᠤᠲᠤ ᠬᠤᠳᠠ᠎ᠶᠢᠨ ᠲᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠪᠠᠶᠠᠨᠬᠤᠸᠠ ᠪᠠᠯᠭᠠᠰᠤᠨ᠎ᠤ ᠲᠡᠮᠡᠭᠡᠴᠢᠨ᠂ ᠣᠷᠣᠨ᠎ᠤ ᠮᠠᠩᠯᠠᠢ ᠤᠶᠠᠭᠠᠴᠢ ᠣᠳᠬᠤᠨᠰᠡᠩᠭᠡ 600 ᠭᠠᠷᠤᠢ ᠺᠢᠯᠣᠮᠧᠲᠷ ᠠᠶᠠᠯᠠᠵᠤ ᠨᠠᠢᠷ ᠲᠦ᠍ ᠭᠤᠷᠪᠠᠨ ᠲᠡᠮᠡᠭᠡ ᠲᠠᠢ ᠬᠦᠷᠦᠯᠴᠡᠨ ᠢᠷᠡᠵᠤ᠂ ᠲᠣᠷᠤᠮ᠎ᠤᠨ ᠤᠷᠤᠯᠳᠤᠭᠠᠨ ᠳ᠋ᠤ᠌ ᠲᠦᠷᠦᠭᠦᠯᠡᠨ 2 ᠲᠦᠮᠡᠨ ᠲᠥᠭᠥᠷᠢᠭ᠎ᠤᠨ ᠱᠠᠩᠨᠠᠯ ᠬᠦᠷᠲᠡᠵᠦ᠂ ᠠᠳᠠᠨ ᠲᠡᠮᠡᠭᠡᠨ᠎ᠤᠨ ᠤᠷᠤᠯᠳᠤᠭᠠᠨ᠎ᠳᠤ ᠭᠤᠲᠠᠭᠠᠷ ᠲᠦ᠍ ᠣᠷᠣᠵᠤ ᠠᠳᠠᠨ ᠲᠡᠮᠡᠭᠡ ᠪᠡᠷ ᠱᠠᠩᠨᠠᠭᠤᠯᠵᠤ᠂ ᠨᠠᠭᠠᠳᠤᠮ᠎ᠠᠴᠠ ᠭᠠᠨᠵᠤᠭ᠎ᠠ ᠳᠦᠭᠦᠷᠡᠩ ᠪᠤᠴᠠᠯ᠎ᠠ᠃ 《ᠣᠷᠤᠯᠳᠤᠭᠠᠨ᠎ᠳᠤ ᠣᠷᠣᠯᠴᠠᠨ᠎ᠠ ᠭᠡᠬᠦᠯᠡᠷ ᠵᠠᠮ ᠬᠡᠳᠦᠢ ᠬᠣᠯᠠ ᠪᠠᠢᠭᠰᠠᠨ ᠴᠤ᠌ ᠶᠠᠳᠠᠷᠠᠯ ᠵᠦᠳᠡᠷᠡᠯ᠎ᠢᠶᠠᠨ ᠮᠠᠷᠳᠠᠴᠢᠬᠠᠬ᠍ᠳᠠᠭ᠃ ᠶᠡᠷᠦᠨᠢ ᠲᠡᠮᠡᠭᠡᠨ ᠰᠣᠶᠣᠯ᠎ᠤᠨ ᠨᠠᠢᠷ ᠴᠤᠭᠯᠠᠭᠠᠨ ᠢ᠋ᠶ᠋ᠠᠷ ᠲᠠᠮᠵᠢᠵᠤ ᠨᠤᠲᠤᠭ ᠨᠤᠲᠤᠭ᠎ᠤᠨ ᠲᠡᠮᠡᠭᠡᠴᠢᠨ ᠤᠶᠠᠭᠠᠴᠢᠨ ᠲᠠᠢ ᠲᠠᠨᠢᠯᠴᠠᠨ ᠵᠣᠭᠣᠭᠳᠠᠵᠤ ᠲᠤᠷᠰᠢᠯᠭ᠎ᠠ ᠰᠤᠷᠭᠠᠮᠵᠢ᠎ᠪᠠᠨ ᠰᠣᠯᠢᠯᠴᠠᠳᠠᠭ᠃ ᠡᠨᠡ ᠪᠣᠯ ᠪᠢᠳᠡᠨ᠎ᠦ ᠶᠡᠬᠡ ᠣᠯᠵᠠᠷᠬᠠᠯ᠂ ᠢᠩᠭᠢᠵᠦ ᠯᠡ ᠲᠡᠮᠡᠭᠡᠨ ᠰᠣᠶᠣᠯ ᠢ᠋ᠶ᠋ᠠᠨ ᠬᠥᠭᠵᠢᠭᠦᠯᠵᠦ ᠤᠯᠠᠮᠵᠢᠯᠠᠵᠤ ᠶᠠᠪᠤᠬᠤ ᠨᠢ ᠶᠡᠬᠡ ᠰᠠᠢᠬᠠᠨ ᠤᠴᠢᠷ ᠮᠥᠨ᠂ ᠬᠣᠷᠢᠭᠠᠳ ᠡᠳᠦᠷ᠎ᠦᠨ ᠳᠣᠲᠣᠷ᠎ᠠ ᠠᠯᠠᠱᠠ᠎ᠳᠤ ᠢᠷᠡᠵᠤ ᠲᠣᠷᠤᠮ᠎ᠤᠨ ᠤᠷᠤᠯᠳᠤᠭᠠᠨ ᠳ᠋ᠤ᠌ ᠬᠣᠶᠠᠷ ᠤᠳᠠᠭ᠎ᠠ ᠲᠦᠷᠦᠭᠦᠯᠡᠵᠡᠢ᠂ ᠲᠡᠮᠡᠭᠡᠨ ᠪᠤᠶᠠᠨ᠂ ᠨᠠᠭᠠᠳᠤᠮ ᠤ᠋ᠨ ᠬᠡᠰᠢᠭ᠂ ᠨᠠᠢᠷ ᠤ᠋ᠨ ᠡᠵᠡᠨ᠎ᠳᠦ ᠪᠠᠶᠠᠷᠯᠠᠵᠤ ᠪᠠᠢᠨ᠎ᠠ》 ᠬᠡᠮᠡᠨ ᠣᠳᠬᠤᠨᠰᠡᠩᠭᠡ ᠶᠠᠷᠢᠵᠤ ᠪᠠᠢᠯ᠎ᠠ᠃

ᠨᠠᠭᠠᠳᠤᠮ᠎ᠤᠨ 22 ᠭᠠᠵᠠᠷ ᠤ᠋ᠨ ᠠᠳᠠᠨ ᠲᠡᠮᠡᠭᠡᠨ ᠤ᠋ ᠤᠷᠤᠯᠳᠤᠭᠠᠨ᠎ᠳᠦ 81 ᠲᠡᠮᠡᠭᠡ ᠤᠷᠤᠯᠳᠤᠵᠤ᠂ ᠠᠯᠠᠱᠠ ᠪᠠᠷᠠᠭᠤᠨ ᠬᠣᠰᠢᠭᠤᠨ᠎ᠤ ᠢᠷᠦᠭᠡᠯᠲᠦ᠎ᠶᠢᠨ ᠱᠥᠮᠪᠥᠭᠡᠷ ᠲᠦᠷᠦᠭᠦᠯᠡᠵᠦ᠂ ᠠᠯᠠᠱᠠ ᠪᠠᠷᠠᠭᠤᠨ ᠬᠣᠰᠢᠭᠤᠨ᠎ᠤ ᠢᠯᠠᠯᠲᠠ᠎ᠶᠢᠨ ᠬᠤᠯᠠᠨ ᠳᠡᠳ᠋ᠯᠡᠨ᠂ ᠪᠤᠭᠤᠲᠤ ᠬᠤᠳᠠ᠎ᠶᠢᠨ ᠣᠳᠬᠤᠨᠰᠡᠩᠭᠡ᠎ᠶᠢᠨ ᠲᠠᠢᠭ᠎ᠠ ᠭᠤᠲᠠᠭᠠᠷ ᠲᠦ᠍ ᠣᠷᠣᠵᠠᠢ᠃ 18 ᠭᠠᠵᠠᠷ ᠤ᠋ᠨ ᠬᠣᠶᠠᠷ ᠰᠢᠳᠦᠲᠦ᠎ᠶᠢᠨ ᠤᠷᠤᠯᠳᠤᠭᠠᠨ᠎ᠳᠤ 48 ᠲᠡᠮᠡᠭᠡ ᠤᠷᠤᠯᠳᠤᠵᠤ᠂ ᠡᠵᠡᠨ᠎ᠡ ᠬᠣᠰᠢᠭᠤᠨ᠎ᠤ ᠶᠠᠩ ᠵᠢᠶᠠᠨ ᠭᠦᠸᠸ ᠶ᠋ᠢᠨ ᠢᠨᠵᠠᠭ᠎ᠠ ᠲᠦᠷᠦᠭᠦᠯᠡᠵᠦ᠂ ᠣᠷᠳᠣᠰ ᠬᠤᠳᠠ᠎ᠶᠢᠨ ᠰᠡᠴᠡᠨᠳᠠᠯᠠᠢ᠎ᠶᠢᠨ ᠢᠨᠵᠠᠭ᠎ᠠ ᠰᠢᠷ᠎ᠠ ᠳᠡᠳ᠋ᠯᠡᠨ ᠂ ᠪᠠᠶᠠᠨᠨᠠᠭᠤᠷ ᠬᠤᠳᠠ᠎ᠶᠢᠨ ᠪᠠᠳᠠᠷᠠᠬᠤ᠎ᠶᠢᠨ ᠰᠤᠮᠤᠨ ᠴᠠᠭᠠᠨ ᠭᠤᠲᠠᠭᠠᠷ ᠲᠦ᠍ ᠣᠷᠣᠵᠠᠢ᠃ 15 ᠭᠠᠵᠠᠷ ᠤ᠋ᠨ ᠪᠢᠲᠡᠭᠦᠦ ᠰᠢᠳᠦᠲᠦ᠎ᠶᠢᠨ ᠤᠷᠤᠯᠳᠤᠭᠠᠨ᠎ᠳᠦ 32 ᠲᠡᠮᠡᠭᠡ ᠤᠷᠤᠯᠳᠤᠵᠤ᠂ ᠠᠯᠠᠱᠠ ᠪᠠᠷᠠᠭᠤᠨ ᠬᠣᠰᠢᠭᠤᠨ᠎ᠤ ᠠᠷᠢᠭᠤᠨ᠎ᠤ ᠢᠮᠵᠢ ᠲᠦᠷᠦᠭᠦᠯᠡᠨ᠂ ᠣᠷᠳᠣᠰ ᠬᠤᠳᠠ᠎ᠶᠢᠨ ᠰᠡᠴᠡᠨᠳᠠᠯᠠᠢ᠎ᠶᠢᠨ ᠮᠠᠩᠯᠠᠢ ᠰᠢᠷ᠎ᠠ ᠳᠡᠳ᠋ᠯᠡᠵᠦ᠂ ᠠᠯᠠᠱᠠ ᠵᠡᠭᠦᠨ ᠬᠣᠰᠢᠭᠤᠨ᠎ᠤ ᠬᠤ᠌ ᠪᠦᠭᠡ᠎ᠶᠢᠨ ᠴᠠᠭᠠᠨ ᠲᠠᠤᠯᠠᠢ ᠭᠤᠲᠠᠭᠠᠷ ᠲᠦ᠍ ᠲᠣᠳᠣᠷᠠᠵᠠᠢ᠃ 12 ᠭᠠᠵᠠᠷ ᠤ᠋ᠨ ᠲᠣᠷᠤᠮ ᠤ᠋ᠨ ᠤᠷᠤᠯᠳᠤᠭᠠᠨ᠎ᠳᠦ 34 ᠲᠣᠷᠤᠮ ᠤᠷᠤᠯᠳᠤᠵᠤ᠂ ᠪᠤᠭᠤᠲᠤ ᠬᠤᠳᠠ᠎ᠶᠢᠨ ᠣᠳᠬᠤᠨᠰᠡᠩᠭᠡ᠎ᠶᠢᠨ ᠤᠷᠤᠯᠳᠤᠭᠠᠨ ᠬᠦᠷᠡᠩ ᠲᠦᠷᠦᠭᠦᠯᠡᠨ᠂ ᠪᠠᠶᠠᠨᠨᠠᠭᠤᠷ ᠬᠤᠳᠠ᠎ᠶᠢᠨ ᠦᠨᠳᠦᠰᠦ᠎ᠶᠢᠨ ᠪᠤᠳᠤᠩ ᠰᠢᠷ᠎ᠠ ᠳᠡᠳ᠋ᠯᠡᠵᠦ᠂ ᠪᠠᠶᠠᠨᠨᠠᠭᠤᠷ ᠬᠤᠳᠠ᠎ᠶᠢᠨ ᠰᠠᠷᠠᠨ᠎ᠠ᠎ᠶᠢᠨ ᠰᠤᠮᠤᠨ ᠤᠯᠠᠭᠠᠨ ᠭᠤᠲᠠᠭᠠᠷ ᠲᠦ᠍ ᠣᠷᠣᠭᠰᠠᠨ ᠪᠠᠢᠨ᠎ᠠ᠃

 

ᠢᠷᠡᠯᠲᠡ᠄ ᠲᠤᠮᠳᠠᠳᠤ ᠤᠯᠤᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ᠎ᠶᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            