ᠮᠣᠷᠢᠨ ᠸᠠᠩ᠎ᠤᠨ ᠨᠤᠲᠤᠭ ᠭᠡᠰᠡᠨ ᠰᠠᠢᠬᠠᠨ ᠠᠯᠳᠠᠷᠲᠠᠢ ᠬᠣᠷᠴᠢᠨ ᠵᠡᠭᠦᠨ ᠭᠠᠷᠤᠨ ᠬᠣᠢᠲᠤ ᠬᠤᠰᠢᠭᠤ ᠰᠣᠶᠣᠯ᠎ᠢ ᠤᠯᠠᠮᠵᠢᠯᠠᠬᠤ ᠂ ᠠᠵᠤ ᠦᠢᠯᠡᠰ᠎ᠦᠨ ᠰᠢᠨ᠎ᠡ᠎ᠶᠢ ᠡᠭᠦᠳᠬᠦ ᠪᠣᠯᠣᠨ ᠰᠣᠶᠣᠯ ᠵᠤᠭᠠᠴᠠᠯ᠎ᠢ ᠠᠭᠤᠰᠤᠯᠴᠠᠭᠤᠯᠤᠭᠰᠠᠨ ᠬᠦᠭᠵᠢᠯᠲᠡ᠎ᠪᠡᠷ ᠳᠠᠮᠵᠢᠨ ᠮᠣᠩᠭᠣᠯ ᠦᠨᠳᠦᠰᠦᠲᠡᠨ᠎ᠦ ᠮᠤᠷᠢᠨ᠎ᠤ ᠡᠳ᠋ᠯᠡᠯ ᠬᠡᠷᠡᠭᠰᠡᠯ ᠦᠢᠯᠡᠳᠬᠦ ᠤᠷ᠎ᠠ ᠮᠡᠷᠭᠡᠵᠢᠯ᠎ᠳᠤ ᠰᠢᠨ᠎ᠡ ᠠᠮᠢᠵᠢᠷᠠᠯ᠎ᠤᠨ ᠬᠦᠴᠦᠨ ᠣᠯᠭᠤᠵᠤ ᠂ 《 ᠡᠮᠡᠭᠡᠯ ᠤᠷᠠᠯᠠᠬᠤ ᠮᠡᠷᠭᠡᠵᠢᠯ 》 ᠨᠢ ᠲᠤᠬᠠᠢ᠎ᠶᠢᠨ ᠭᠠᠵᠠᠷ᠎ᠤᠨ ᠰᠣᠶᠣᠯ᠎ᠤᠨ ᠢᠲᠡᠭᠡᠯ ᠪᠣᠯᠣᠨ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠴᠢᠬᠤᠯᠠ ᠰᠣᠶᠣᠯ᠎ᠤᠨ ᠢᠮ ᠲᠡᠮᠳᠡᠭ ᠪᠣᠯᠵᠤ ᠪᠠᠢᠨ᠎ᠠ ᠃

ᠬᠣᠷᠴᠢᠨ ᠵᠡᠭᠦᠨ ᠭᠠᠷᠤᠨ ᠬᠣᠢᠲᠤ ᠬᠤᠰᠢᠭᠤᠨ᠎ᠤ ᠰᠣᠶᠣᠯ᠎ᠤᠨ ᠣᠷᠳᠣᠨ᠎ᠳᠤ ᠂ 2025 ᠣᠨ᠎ᠤ ᠤᠯᠤᠰ᠎ᠤᠨ ᠳᠡᠰ᠎ᠦᠨ ᠪᠤᠳᠠᠰ᠎ᠤᠨ ᠪᠤᠰᠤ ᠰᠣᠶᠣᠯ᠎ᠤᠨ ᠥᠪ᠎ᠦᠨ ᠲᠦᠷᠦᠯ ᠵᠦᠢᠯ 《 ᠮᠣᠩᠭᠣᠯ ᠦᠨᠳᠦᠰᠦᠲᠡᠨ᠎ᠦ ᠮᠤᠷᠢᠨ᠎ᠤ ᠡᠳ᠋ᠯᠡᠯ ᠬᠡᠷᠡᠭᠰᠡᠯ ᠦᠢᠯᠡᠳᠬᠦ ᠤᠷ᠎ᠠ ᠮᠡᠷᠭᠡᠵᠢᠯ 》᠎ᠤᠨ ᠥᠪᠯᠡᠨ ᠤᠯᠠᠮᠵᠢᠯᠠᠭ᠍ᠴᠢ᠎ᠶᠢᠨ ᠪᠣᠯᠪᠠᠰᠤᠷᠠᠯ ᠶᠠᠪᠤᠭᠳᠠᠵᠤ ᠂ ᠤᠯᠤᠰ᠎ᠤᠨ ᠳᠡᠰ᠎ᠦᠨ ᠪᠤᠳᠠᠰ᠎ᠤᠨ ᠪᠤᠰᠤ ᠰᠣᠶᠣᠯ᠎ᠤᠨ ᠥᠪ᠎ᠤᠨ ᠮᠣᠩᠭᠣᠯ ᠦᠨᠳᠦᠰᠦᠲᠡᠨ᠎ᠦ ᠮᠣᠷᠢᠨ᠎ᠤ ᠡᠳ᠋ᠯᠡᠯ ᠬᠡᠷᠡᠭᠰᠡᠯ ᠦᠢᠯᠡᠳᠬᠦ ᠤᠷ᠎ᠠ ᠮᠡᠷᠭᠡᠵᠢᠯ᠎ᠦᠨ ᠲᠥᠯᠥᠭᠡᠯᠡᠭᠴᠢ ᠴᠢᠨᠠᠷᠲᠠᠢ ᠥᠪᠯᠡᠨ ᠤᠯᠠᠮᠵᠢᠯᠠᠭ᠍ᠴᠢ ᠲᠣᠭᠲᠠᠨᠪᠠᠶᠠᠷᠠᠴᠠ ᠬᠠᠩᠬᠠᠢ ᠡᠮᠡᠭᠡᠯ᠎ᠦᠨ ᠭᠣᠣᠯ ᠤᠨ ᠮᠣᠳᠣ᠌᠎ᠶᠢᠨ ᠥ ᠰᠡᠪ᠎ᠢ ᠬᠡᠷᠬᠢᠨ ᠠᠷᠢᠯᠭᠠᠬᠤ ᠲᠤᠬᠠᠢ ᠨᠠᠷᠢᠯᠢᠭ᠋ ᠲᠠᠢᠯᠪᠤᠷᠢᠯᠠᠯᠲᠠ ᠬᠢᠵᠦ ᠪᠠᠢᠯ᠎ᠠ ᠃

ᠲᠣᠭᠲᠠᠨᠪᠠᠶᠠᠷᠠᠴᠠ 《 ᠮᠠᠨ᠎ᠤ ᠡᠨᠡ ᠬᠣᠷᠴᠢᠨ᠎ᠤ ᠬᠠᠩᠬᠠᠢ ᠡᠮᠡᠭᠡᠯ᠎ᠢ ᠬᠢᠬᠦ᠎ᠳᠦ ᠤᠷᠢᠳ᠎ᠢᠶᠠᠷ ᠤᠳᠠ ᠮᠣᠳᠣ᠌ ᠂ ᠬᠠᠢᠯᠠᠰᠤᠨ ᠮᠣᠳᠣ᠌᠎ᠶᠢ ᠰᠤᠩᠭᠤᠵᠤ ᠠᠷᠪᠠᠭᠠᠳ ᠡᠳᠦᠷ ᠬᠠᠲᠠᠭᠠᠭᠠᠳ ᠬᠠᠩᠬᠠᠢ ᠡᠮᠡᠭᠡᠯ᠎ᠢ ᠬᠢᠳᠡᠭ ᠃ ᠬᠠᠩᠬᠠᠢ ᠡᠮᠡᠭᠡᠯ ᠨᠢ ᠲᠠᠪᠤᠨ ᠬᠡᠰᠡᠭ ᠬᠠᠪᠲᠠᠰᠤ᠎ᠪᠠᠷ ᠪᠦᠷᠢᠯᠳᠦᠵᠦ ᠂ ᠬᠣᠶᠠᠷ ᠪᠦᠭᠦᠷᠬᠡ ᠂ ᠬᠣᠶᠠᠷ ᠬᠠᠪᠲᠠᠭᠠᠯ ᠂ ᠡᠮᠡᠭᠡᠯ᠎ᠦᠨ ᠭᠣᠣᠯ᠎ᠢ ᠬᠤᠭᠤᠷᠤᠨᠳᠤ ᠨᠢ ᠴᠠᠪᠠᠤ᠎ᠪᠠᠷ ᠴᠠᠪᠠᠤᠳᠠᠵᠤ ᠨᠡᠢᠯᠡᠭᠦᠯᠳᠡᠭ ᠃ ᠥ ᠰᠡᠪ᠎ᠢ ᠰᠠᠢᠲᠤᠷ ᠠᠷᠢᠯᠭᠠᠭᠰᠠᠨᠤ ᠰᠡᠭᠦᠯᠡᠷ ᠰᠢᠷᠳᠡᠵᠦ ᠂ ᠬᠦᠪᠡᠭᠡ ᠵᠠᠬ᠎ᠠ᠎ᠶᠢ ᠨᠢ ᠴᠠᠭᠠᠨ ᠭᠠᠤᠯᠢ ᠪᠣᠶᠣ᠌ ᠰᠢᠷ᠎ᠠ ᠭᠠᠤᠯᠢ᠎ᠪᠠᠷ ᠬᠦᠪᠡᠭᠡ ᠳᠠᠷᠤᠳᠠᠭ 》 ᠭᠡᠵᠦ ᠲᠠᠨᠢᠯᠴᠠᠭᠤᠯᠵᠤ ᠪᠠᠢᠯ᠎ᠠ ᠃ᠮᠣᠷᠢᠨ᠎ᠤ ᠡᠳ᠋ᠯᠡᠯ ᠬᠡᠷᠡᠭᠰᠡᠯ᠎ᠢ ᠤᠷᠠᠯᠠᠬᠤ᠎ᠳᠤ ᠮᠣᠳᠣᠴᠢᠨᠤ ᠠᠵᠢᠯ ᠂ ᠬᠠᠳᠬᠤᠮᠠᠯ ᠤᠶᠤᠬᠤ ᠂ ᠠᠷᠠᠰᠤ ᠰᠢᠷᠢ ᠡᠯᠳᠡᠬᠦ ᠂ ᠲᠡᠮᠦᠷᠯᠢᠭ᠎ᠢ ᠳᠠᠪᠲᠠᠬᠤ ᠵᠡᠷᠭᠡ ᠣᠯᠠᠨ ᠵᠦᠢᠯ᠎ᠦᠨ ᠤᠷ᠎ᠠ ᠮᠡᠷᠭᠡᠵᠢᠯ᠎ᠢ ᠨᠢᠭᠡ ᠴᠣᠭᠴᠠᠵᠢᠭᠤᠯᠤᠭᠰᠠᠨ ᠪᠠᠢᠳᠠᠭ ᠃