ᠦᠨᠡᠨ ᠪᠠᠢᠳᠠᠯ᠎ᠤᠨ ᠲᠠᠢᠯᠤᠮᠵᠢ ᠄ ᠲᠣᠰ ᠮᠠᠭᠠᠳᠯᠠᠬᠤ ᠠᠷᠭ᠎ᠠ ᠨᠢ ᠨᠠᠢᠳᠠᠪᠤᠷᠢ ᠦᠭᠡᠢ᠃ ᠰᠢᠩᠭᠡᠨᠵᠢᠮᠡᠯ ᠬᠡᠢ ( ᠫᠷᠣᠫᠠᠨ ᠂ ᠪᠦᠲ᠋ᠠᠨ ) ᠶᠢᠨ ᠲᠤᠰ ᠪᠡᠶ᠎ᠡ ᠨᠢ ᠥᠩᠭᠡ ᠦᠭᠡᠢ ᠦᠨᠦᠷ ᠦᠭᠡᠢ ᠂ ᠯᠡᠪᠡᠷᠡᠬᠦ᠎ᠡᠴᠡ ᠰᠡᠷᠭᠡᠢᠯᠡᠬᠦ᠎ᠶᠢᠨ ᠲᠥᠯᠥᠭᠡ ᠂ ᠣᠨᠴᠠᠭᠠᠢᠯᠠᠨ ᠣᠨᠴᠠᠭᠠᠢ ᠦᠨᠦᠷ᠎ᠲᠠᠢ 《 ᠦᠮᠡᠬᠡᠢᠷᠡᠭᠦᠯᠬᠦ ᠡᠳ᠋ 》 ᠢ ᠨᠡᠮᠡᠵᠡᠢ᠃ ᠭᠡᠪᠡᠴᠦ ᠠᠯᠢᠪᠠ ᠯᠡᠪᠡᠷᠡᠯ ᠨᠢ ᠪᠦᠷ ᠦᠨᠦᠷᠲᠦᠭᠳᠡᠬᠦ ᠪᠢᠰᠢ ( ᠵᠢᠱ᠌ᠢᠶᠡᠯᠡᠪᠡᠯ ᠰᠠᠯᠬᠢ ᠨᠡᠪᠲᠡᠷᠡᠬᠦ ᠭᠠᠵᠠᠷ ᠡᠭᠦᠰᠬᠦ ᠂ ᠦᠨᠦᠷᠯᠡᠬᠦ ᠰᠡᠷᠡᠯ ᠶᠠᠳᠠᠷᠠᠬᠤ ᠂ ᠦᠮᠡᠬᠡᠢᠷᠡᠬᠦ ᠡᠳ᠋ ᠬᠦᠴᠦᠨ ᠦᠭᠡᠢ ᠪᠣᠯᠬᠤ ᠵᠡᠷᠭᠡ ᠪᠠᠢᠳᠠᠯ )᠃
ᠵᠥᠪ ᠠᠷᠭ᠎ᠠ
1᠂ ᠰᠠᠪᠤᠩ᠎ᠤᠨ ᠤᠰᠤ᠎ᠪᠠᠷ ᠭᠣᠭᠣᠵᠢᠭ᠍ᠰᠠᠨᠢ ᠪᠠᠢᠴᠠᠭᠠᠬᠤ᠄ ᠲᠣᠭᠲᠠᠭᠰᠠᠨ ᠬᠤᠭᠤᠴᠠᠭ᠎ᠠ᠎ᠲᠠᠢ ᠵᠥᠭᠡᠯᠡᠨ ᠨᠣᠣᠰᠣᠨ ᠱᠤᠸᠠᠰᠠ ᠰᠠᠪᠤᠩ᠎ᠤᠨ ᠤᠰᠤᠨ᠎ᠳᠤ ᠳᠦᠷᠦᠭᠡᠳ ᠨᠡᠭᠡᠯᠡᠭᠡᠢ᠂ ᠵᠥᠭᠡᠯᠡᠨ ᠬᠣᠭᠣᠯᠠᠢ᠂ ᠵᠠᠯᠭᠠᠰᠤ ᠵᠢᠨ ᠬᠡᠰᠡᠭ᠎ᠲᠤ ᠲᠦᠷᠭᠢᠳᠡᠭ᠃
2 . ᠲᠦᠭᠰᠢᠭᠦᠷᠢ ᠮᠡᠳᠡᠭᠡᠯᠡᠬᠦ ᠮᠠᠰᠢᠨ ᠤᠭᠰᠠᠷᠠᠬᠤ ᠄ ᠲᠣᠭᠣᠭᠠᠨ ᠭᠡᠷ᠎ᠲᠦ ᠰᠢᠲᠠᠮᠠᠬᠠᠢ ᠬᠡᠢ ᠪᠡᠶᠡᠲᠦ᠎ᠶᠢᠨ ᠥᠳᠬᠡᠴᠡ᠎ᠶᠢᠨ ᠲᠦᠭᠰᠢᠭᠦᠷᠢ ᠮᠡᠳᠡᠭᠡᠯᠡᠬᠦ ᠮᠠᠰᠢᠨ ᠤᠭᠰᠠᠷᠠᠬᠤ᠎ᠶᠢ ᠰᠠᠨᠠᠭᠤᠯᠤᠶ᠎ᠠ ᠂ ᠡᠨᠡ ᠪᠣᠯ ᠬᠠᠮᠤᠭ᠎ᠤᠨ ᠨᠠᠢᠳᠠᠪᠤᠷᠢᠲᠠᠢ ᠮᠡᠷᠭᠡᠵᠢᠯ᠎ᠦᠨ ᠰᠡᠷᠭᠡᠢᠯᠡᠯᠲᠡ᠎ᠶᠢᠨ ᠠᠷᠭ᠎ᠠ ᠪᠠᠷᠢᠯ ᠪᠣᠯᠣᠨ᠎ᠠ᠃
3. ᠳᠦᠷᠢᠮᠵᠢᠭᠦᠯᠦᠨ ᠬᠡᠷᠡᠭᠯᠡᠬᠦ᠄ ᠬᠡᠷᠡᠭᠯᠡᠭᠰᠡᠨ᠎ᠤ ᠳᠠᠷᠠᠭ᠎ᠠ ᠪᠣᠯᠣᠳ ᠯᠣᠩᠬᠣᠨ᠎ᠤ ᠥᠨᠴᠥᠭᠲᠦ ᠨᠡᠭᠡᠯᠡᠭᠡᠢ ᠶ᠋ᠢ ᠬᠠᠭᠠᠵᠤ᠂ ᠵᠥᠭᠡᠯᠡᠨ ᠬᠣᠭᠣᠯᠠᠢ ᠶ᠋ᠢ ᠲᠣᠭᠲᠠᠮᠠᠯ ᠬᠤᠭᠤᠴᠠᠭ᠎ᠠ᠎ᠲᠠᠢ ᠰᠣᠯᠢᠨ᠎ᠠ (18 ᠰᠠᠷ᠎ᠠ᠎ᠠᠴᠠ ᠬᠡᠲᠦᠷᠡᠭᠦᠯᠵᠦ ᠪᠤᠯᠬᠤ ᠦᠭᠡᠢ)᠂ ᠪᠣᠯᠣᠳ ᠯᠣᠩᠬᠣ᠌ᠶᠢ ᠳᠤᠷ᠎ᠠ᠎ᠪᠠᠷ᠎ᠢᠶᠠᠨ ᠲᠣᠩᠭᠣᠷᠤᠭᠤᠯᠵᠤ ᠂ ᠬᠠᠯᠠᠭᠠᠵᠤ ᠪᠣᠯᠬᠤ ᠦᠭᠡᠢ᠃
4. ᠪᠠᠴᠢᠮ ᠪᠠᠢᠳᠠᠯ᠎ᠢ ᠠᠷᠭᠠᠴᠠᠨ ᠰᠢᠢᠳᠪᠦᠷᠢᠯᠡᠬᠦ᠄ ᠯᠡᠪᠡᠷᠡᠬᠦ ᠶ᠋ᠢ ᠣᠯᠵᠤ ᠮᠡᠳᠡᠪᠡᠯ᠂ ᠴᠠᠭᠢᠯᠭᠠᠨ ᠨᠡᠭᠡᠭᠡᠯᠭᠡ᠂ ᠭᠠᠷ ᠤᠲᠠᠰᠤ ᠬᠡᠷᠡᠭᠯᠡᠬᠦ ᠶ᠋ᠢ ᠴᠢᠩᠭ᠎ᠠ ᠴᠠᠭᠠᠵᠠᠯᠠᠨ᠎ᠠ᠃ ᠡᠭᠦᠳᠡ ᠴᠣᠩᠬᠣ᠌᠎ᠪᠠᠨ ᠨᠡᠭᠡᠭᠡᠵᠦ ᠰᠠᠯᠬᠢ ᠨᠡᠪᠲᠡᠷᠡᠭᠦᠯᠬᠦ᠎ᠶᠢᠨ ᠬᠠᠮᠲᠤ ᠭᠡᠷ᠎ᠦᠨ ᠭᠠᠳᠠᠨᠠᠬᠢ ᠠᠮᠤᠷ ᠲᠦᠪᠰᠢᠨ᠎ᠦ ᠭᠠᠵᠠᠷ᠎ᠲᠤ ᠣᠴᠢᠵᠤ ᠠᠪᠤᠷᠠᠯᠲᠠ ᠭᠤᠶᠤᠬᠤ ᠤᠲᠠᠰᠤ ᠠᠪᠤᠨ᠎ᠠ᠃