ᠴᠤᠤᠷᠬᠠᠯ᠎ᠢ ᠨᠢᠴᠤᠭᠠᠬᠤ (ᠲᠤᠯᠤᠭ᠎ᠠ )᠄ ᠰᠢᠲᠠᠮᠠᠬᠠᠢ ᠬᠡᠢ ᠯᠡᠪᠡᠷᠡᠭᠰᠡᠨᠢ ᠣᠯᠵᠤ ᠦᠨᠦᠷᠲᠦᠪᠡᠯ ᠂ ᠬᠠᠮᠤᠭ᠎ᠤᠨ ᠲᠡᠷᠢᠭᠦᠨ᠎ᠳᠦ ᠳ᠋ᠧᠩ ᠠᠰᠠᠭᠠᠬᠤ ᠪᠤᠶᠤ ᠤᠲᠠᠰᠤ ᠪᠠᠢᠴᠠᠭᠠᠨ ᠦᠵᠡᠪᠡᠯ ᠵᠣᠬᠢᠨ᠎ᠠ ᠦᠦ?
ᠦᠨᠡᠨ ᠪᠠᠢᠳᠠᠯ᠎ᠤᠨ ᠲᠠᠢᠯᠤᠮᠵᠢ ᠄
ᠡᠷᠡᠰ ᠴᠠᠭᠠᠵᠠᠯᠠᠨ᠎ᠠ! ᠨᠡᠭᠡᠭᠡᠯᠭᠡ ᠴᠠᠬᠢᠯᠭᠠᠨ ᠬᠡᠷᠡᠭᠰᠡᠯ ( ᠵᠢᠱ᠌ᠢᠶᠡᠯᠡᠪᠡᠯ ᠳ᠋ᠧᠩ ᠠᠰᠠᠭᠠᠬᠤ ᠂ ᠳ᠋ᠧᠩ ᠤᠨᠲᠠᠷᠠᠭᠠᠬᠤ ) ᠡᠴᠡ ᠡᠭᠦᠰᠦᠭᠰᠡᠨ ᠪᠢᠴᠢᠯ ᠵᠢᠵᠢᠭ ᠴᠠᠬᠢᠯᠭᠠᠨ ᠣᠴᠢ ᠂ ᠡᠰᠡᠬᠦᠯ᠎ᠡ ᠭᠠᠷ ᠤᠲᠠᠰᠤ᠎ᠶᠢ ᠵᠠᠯᠭᠠᠵᠤ ᠴᠣᠬᠢᠬᠤ᠎ᠳᠤ ᠡᠭᠦᠰᠦᠭᠰᠡᠨ ᠲᠠᠢᠪᠤᠩ ᠴᠠᠬᠢᠯᠭᠠᠨ ᠯᠤᠭᠰᠢᠯᠲᠠ ᠨᠢ ᠴᠥᠮ ᠮᠠᠰᠢ ᠬᠢᠯᠪᠠᠷᠬᠠᠨ᠎ᠢᠶᠠᠷ ᠯᠡᠪᠡᠷᠡᠭᠰᠡᠨ ᠰᠢᠲᠠᠮᠠᠬᠠᠢ ᠬᠡᠢ᠎ᠶᠢ ᠨᠣᠴᠣᠭᠠᠵᠤ ᠂ ᠳᠡᠯᠪᠡᠷᠡᠯᠲᠡ᠎ᠶᠢᠨ ᠡᠨᠳᠡᠯ᠎ᠢ ᠡᠭᠦᠰᠬᠡᠳᠡᠭ᠃
ᠵᠥᠪ ᠠᠷᠭ᠎ᠠ ᠄
1᠂ ᠭᠠᠯ᠎ᠤᠨ ᠡᠬᠢ᠎ᠶᠢ ᠲᠠᠰᠤ ᠄ ᠶᠠᠮᠠᠷᠪᠠ ᠴᠠᠬᠢᠯᠭᠠᠨ ᠬᠡᠷᠡᠭᠰᠡᠯ᠎ᠦᠨ ᠨᠡᠭᠡᠭᠡᠯᠭᠡ᠎ᠶᠢ ᠬᠥᠨᠳᠡᠬᠦ᠎ᠶᠢ ᠴᠢᠩᠭ᠎ᠠ ᠴᠠᠭᠠᠵᠠᠯᠠᠵᠤ ᠂ ᠢᠯᠡ ᠭᠠᠯ ᠬᠡᠷᠡᠭᠯᠡᠬᠦ᠎ᠶᠢ ᠴᠢᠩᠭ᠎ᠠ ᠴᠠᠭᠠᠵᠠᠯᠠᠵᠤ ᠂ ᠭᠡᠷ ᠳᠣᠲᠣᠷ᠎ᠠ ᠬᠢᠮᠢ᠎ᠶᠢᠨ ᠰᠢᠷᠬᠡᠭᠯᠢᠭ ᠬᠤᠪᠴᠠᠰᠤ᠎ᠪᠠᠨ ᠲᠠᠶ᠋ᠢᠯᠵᠤ ᠲᠠᠢᠪᠤᠩ ᠴᠠᠬᠢᠯᠭᠠᠨ ᠭᠠᠷᠭᠠᠬᠤ᠎ᠶᠢ ᠴᠢᠩᠭ᠎ᠠ ᠴᠠᠭᠠᠵᠠᠯᠠᠬᠤ ᠬᠡᠷᠡᠭᠲᠡᠢ᠃
2᠂ ᠨᠡᠭᠡᠯᠡᠭᠡᠢ᠎ᠪᠡᠨ ᠬᠠᠭᠠᠬᠤ ᠄ ᠰᠢᠲᠠᠮᠠᠬᠠᠢ ᠬᠡᠢ᠎ᠶᠢᠨ ᠶᠡᠷᠦᠩᠬᠡᠢ ᠨᠡᠭᠡᠯᠡᠭᠡᠢ ᠪᠡᠨ ᠲᠦᠷᠭᠡᠨ ᠬᠠᠭᠠᠵᠤ ᠂ ᠬᠡᠢ᠎ᠶᠢᠨ ᠡᠬᠢ ᠰᠤᠷᠪᠤᠯᠵᠢ᠎ᠶᠢ ᠡᠬᠢ ᠡᠭᠦᠰᠦᠯ᠎ᠡᠴᠡ ᠨᠢ ᠲᠠᠰᠤᠯᠬᠤ ᠬᠡᠷᠡᠭᠲᠡᠢ᠃
3᠂ ᠰᠠᠯᠬᠢ ᠨᠡᠪᠲᠡᠷᠡᠭᠦᠯᠬᠦ ᠄ ᠡᠭᠦᠳᠡ ᠴᠣᠩᠬᠣ᠌ ᠪᠦᠬᠦᠨ᠎ᠢ ᠳᠠᠷᠤᠢᠬᠠᠨ ᠬᠥᠩᠭᠡᠬᠡᠨ ᠨᠡᠭᠡᠭᠡᠵᠦ ᠂ ᠭᠡᠷ ᠳᠣᠲᠣᠷᠠᠬᠢ ᠠᠭᠠᠷ ᠨᠡᠪᠲᠡᠷᠡᠬᠦ᠎ᠶᠢ ᠴᠢᠩᠭᠠᠳᠬᠠᠨ ᠂ ᠭᠠᠳᠠᠭᠰᠢᠯᠠᠵᠤ ᠪᠠᠢᠭ᠎ᠠ ᠰᠢᠲᠠᠮᠠᠬᠠᠢ ᠬᠡᠢ᠎ᠶᠢ ᠰᠢᠩᠭᠡᠷᠡᠭᠦᠯᠬᠦ ᠬᠡᠷᠡᠭᠲᠡᠢ᠃
4᠂ ᠰᠡᠷᠡᠮᠵᠢ᠎ᠶᠢᠨ ᠳᠣᠬᠢᠶ᠎ᠠ ᠄ ᠭᠡᠷ᠎ᠦᠨ ᠭᠠᠳᠠᠨᠠᠬᠢ ᠠᠮᠤᠷ ᠲᠦᠪᠰᠢᠨᠭᠠᠵᠠᠷᠲᠤ ᠲᠦᠷᠭᠡᠨ ᠤᠬᠤᠷᠢᠵᠤ ᠣᠴᠢᠨ᠎ᠠ ᠂ ᠳᠠᠬᠢᠨ ᠰᠢᠲᠠᠮᠠᠬᠠᠢ ᠬᠡᠢ᠎ᠶᠢᠨ ᠺᠣᠮᠫᠠᠨᠢ᠎ᠶᠢᠨ ᠵᠠᠪᠳᠤᠨ ᠵᠠᠰᠠᠬᠤ ᠤᠲᠠᠰᠤ ᠪᠤᠶᠤ 119 ᠭᠠᠯ᠎ᠤᠨ ᠳᠣᠬᠢᠶᠠᠨ᠎ᠤ ᠤᠲᠠᠰᠤ᠎ᠶᠢ ᠤᠲᠠᠰᠤᠳᠠᠨ᠎ᠠ᠃