ᠦᠨᠡᠨ ᠪᠠᠢᠳᠠᠯ᠎ᠤᠨ ᠲᠠᠢᠯᠤᠮᠵᠢ᠄
ᠠᠶᠤᠯ ᠲᠦᠭᠰᠢᠭᠦᠷᠢ ᠶ᠋ᠢ ᠡᠵᠡᠮᠳᠡᠵᠦ ᠳᠡᠶ᠋ᠢᠯᠭᠦ ᠦᠭᠡᠢ ᠮᠥᠷᠲᠡᠭᠡᠨ ᠲᠤᠢᠯ ᠠᠶᠤᠯᠲᠠᠢ ᠃ ᠴᠠᠭᠢᠯᠭᠠᠨ ᠱᠠᠲᠤ ᠵᠢᠨ ᠰᠠᠭᠤᠳᠠᠯ᠎ᠤᠨ ᠸᠠᠭᠣᠨ ᠪᠣᠯ ᠨᠢᠭᠡᠨ ᠨᠢᠭ᠍ᠲᠠ ᠪᠢᠲᠡᠭᠦᠮᠵᠢᠯᠡᠭᠰᠡᠨ ᠢᠪᠴᠤᠤ ᠵᠢᠵᠢᠭ ᠲᠡᠮᠦᠷᠯᠢᠭ ᠣᠷᠣᠨ ᠵᠠᠢ ᠪᠣᠯᠣᠨ᠎ᠠ᠃ ᠴᠠᠬᠢᠯᠭᠠᠨ ᠬᠥᠳᠡᠯᠭᠡᠭᠦᠷᠲᠦ ᠲᠡᠷᠭᠡ ( ᠭᠣᠣᠯᠳᠠᠭᠤ ᠬᠡᠯᠬᠢᠶ᠎ᠡ ᠳ᠋ᠢᠶᠠᠨ ᡂᠢ ) ᠴᠠᠬᠢᠯᠭᠠᠨ ᠱᠠᠲᠤᠨ᠎ᠳᠤ ᠭᠡᠮᠲᠦᠯ ᠭᠠᠷᠴᠤ ᠭᠠᠯ ᠭᠠᠷᠪᠠᠯ ᠂ ᠭᠠᠯ᠎ᠤᠨ ᠳᠥᠯᠥ ᠪᠠ ᠭᠱᠠᠨ ᠵᠠᠭᠤᠷ᠎ᠠ ᠳᠦᠭᠦᠷᠦᠭᠰᠡᠨ ᠥᠨᠳᠥᠷ ᠳᠤᠯᠠᠭᠠᠨ ᠪᠠ ᠬᠣᠣᠷᠲᠤ ᠣᠲᠣᠭ᠎ᠠ ᠭᠠᠵᠠᠷ ᠰᠠᠢ ᠦᠭᠡᠢ ᠲᠠᠷᠬᠠᠵᠤ ᠂ ᠬᠡᠳᠦᠨ ᠠᠷᠪᠠᠨ ᠰᠧᠺᠦ᠋ᠨ᠋ᠳ᠋᠎ᠦᠨ ᠳᠣᠲᠣᠷ᠎ᠠ ᠴᠠᠬᠢᠯᠭᠠᠨ ᠱᠠᠲᠤ᠎ᠶᠢ ᠨᠢᠭᠡᠨ ᠠᠮᠢᠨ᠎ᠳᠤ ᠬᠦᠷᠬᠦ 《 ᠬᠣᠣᠷᠲᠤ ᠬᠡᠢ᠎ᠶᠢᠨ ᠲᠠᠰᠤᠭ 》 ᠪᠠ 〈 ᠰᠢᠲᠠᠭᠠᠬᠤ ᠵᠤᠤᠬ᠎ᠠ 〉 ᠪᠣᠯᠭᠠᠵᠤ ᠂ ᠬᠥᠮᠥᠨ ᠠᠮᠢᠲᠠᠨ ᠠᠮᠢ ᠭᠠᠷᠬᠤ᠎ᠳᠤ ᠮᠠᠰᠢ ᠪᠡᠷᠬᠡ ᠪᠣᠯᠵᠤ ᠂ ᠦᠷ᠎ᠡ ᠳ᠋ᠦᠩ ᠨᠢ ᠰᠥᠨᠥᠭᠡᠬᠦ ᠴᠢᠨᠠᠷᠲᠠᠢ ᠶᠤᠮ᠃
ᠵᠥᠪ ᠠᠷᠭ᠎ᠠ ᠬᠡᠮᠵᠢᠶ᠎ᠡ᠄
1᠂ ᠴᠠᠬᠢᠯᠭᠠᠨ ᠬᠥᠳᠡᠯᠭᠡᠭᠦᠷᠲᠦ ᠲᠡᠷᠭᠡ᠎ᠶᠢ ᠱᠠᠲᠤ᠎ᠳᠤ ᠣᠷᠣᠭᠤᠯᠬᠤ᠎ᠶᠢ ᠴᠢᠩᠭ᠎ᠠ ᠴᠠᠭᠠᠵᠠᠯᠠᠨ᠎ᠠ ᠄ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡ ᠪᠤᠶᠤ ᠲᠡᠭᠦᠨ᠎ᠦ ᠬᠡᠯᠬᠢᠶ᠎ᠡ ᠳ᠋ᠢᠶᠠᠨ ᡂᠢᠶᠢ ᠴᠠᠬᠢᠯᠭᠠᠨ ᠱᠠᠲᠤᠨ᠎ᠳᠤ ᠠᠪᠴᠤ ᠣᠷᠣᠬᠤ᠎ᠶᠢ ᠡᠷᠡᠰ ᠴᠠᠭᠠᠵᠠᠯᠠᠨ᠎ᠠ᠃
2᠂ ᠣᠯᠠᠨ ᠨᠡᠶ᠋ᠢᠲᠡ᠎ᠶᠢᠨ ᠠᠮᠤᠷ ᠲᠦᠪᠰᠢᠨ᠎ᠢ ᠵᠢᠷᠤᠮᠯᠠᠨ ᠰᠠᠬᠢᠬᠤ ᠄ ᠲᠣᠰ ᠠᠵᠢᠯᠯᠠᠭ᠎ᠠ ᠨᠢ ᠥᠪᠡᠷ᠎ᠦᠨ ᠪᠡᠶ᠎ᠡ᠎ᠳᠡᠭᠡᠨ ᠠᠶᠤᠯ ᠲᠦᠭᠰᠢᠭᠦᠷᠢ ᠤᠴᠠᠷᠠᠭᠤᠯᠬᠤ᠎ᠪᠠᠷ ᠪᠠᠷᠠᠬᠤ ᠦᠭᠡᠢ ᠂ ᠨᠠᠩ ᠴᠤ᠌ ᠬᠠᠮᠲᠤ ᠰᠠᠭᠤᠭᠰᠠᠳ᠎ᠤᠨ ᠠᠮᠤᠷ ᠲᠦᠪᠰᠢᠨ᠎ᠢ ᠬᠦᠨᠳᠦ ᠨᠣᠴᠢᠲᠠᠢ ᠰᠦᠷᠳᠡᠭᠦᠯᠬᠦ ᠪᠣᠯᠬᠣᠷ ᠬᠠᠤᠯᠢ᠎ᠶᠢ ᠵᠥᠷᠢᠴᠡᠭᠰᠡᠨ ᠦᠶ᠋ᠯᠡ ᠠᠵᠢᠯᠯᠠᠭ᠎ᠠ᠎ᠳᠤ ᠲᠣᠭᠠᠴᠠᠭᠳᠠᠨ᠎ᠠ᠃ ᠤᠬᠠᠮᠰᠠᠷ᠎ᠠᠴᠠ᠎ᠪᠠᠨ ᠵᠢᠷᠤᠮᠯᠠᠬᠤ ᠵᠢᠨ ᠬᠠᠮᠲᠤ ᠬᠠᠷᠢᠯᠴᠠᠨ ᠬᠢᠨᠠᠯᠲᠠ ᠲᠠᠯᠪᠢᠬᠤ ᠬᠡᠷᠡᠭᠲᠡᠢ᠃
3᠂ ᠭᠡᠷ᠎ᠦᠨ ᠭᠠᠳᠠᠨᠠᠬᠢ ᠴᠠᠬᠢᠯᠭᠠᠨ ᠴᠡᠨᠡᠭᠯᠡᠬᠦ ᠪᠡᠯᠡᠳᠬᠡᠮᠵᠢ᠎ᠶᠢ ᠬᠡᠷᠡᠭᠯᠡᠬᠦ ᠄ ᠡᠷᠬᠡᠪᠰᠢ ᠲᠡᠷᠭᠡ ᠬᠥᠰᠬᠡ᠎ᠶᠢ ᠭᠡᠷ᠎ᠦᠨ ᠭᠠᠳᠠᠨᠠᠬᠢ ᠵᠢᠭᠠᠨ ᠲᠣᠭᠲᠠᠭᠠᠭᠰᠠᠨ ᠣᠷᠣᠨ ᠪᠦᠰᠡ᠎ᠳᠦ ᠵᠣᠭᠰᠤᠭᠠᠬᠤ᠎ᠶᠢᠨ ᠬᠠᠮᠲᠤ ᠠᠮᠤᠷ ᠲᠦᠪᠰᠢᠨ ᠲᠥᠪᠯᠡᠷᠡᠭᠦᠯᠦᠨ ᠴᠠᠬᠢᠯᠭᠠᠨ ᠴᠡᠨᠡᠭᠯᠡᠬᠦ ᠪᠡᠯᠡᠳᠬᠡᠮᠵᠢ᠎ᠶᠢ ᠬᠡᠷᠡᠭᠯᠡᠬᠦ ᠬᠡᠷᠡᠭᠲᠡᠢ᠃