ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠭᠡᠷ ᠪᠦᠯᠢ ᠵᠢᠨ ᠬᠦᠴᠦᠷᠬᠡᠭᠯᠡᠯ᠎ᠢ ᠡᠷᠡᠰ ᠲᠡᠪᠴᠢᠶ᠎ᠡ
ᠨᠡᠶ᠋ᠢᠲᠡᠯᠡᠭᠰᠡᠨ ᠴᠠᠭ᠄ 2025-12-11

·ᠭᠡᠷ ᠪᠦᠯᠢ ᠵᠢᠨ ᠬᠦᠴᠦᠷᠬᠡᠭᠯᠡᠯ ᠨᠢ ᠭᠠᠭᠴᠠᠬᠦ ᠭᠠᠷ ᠬᠥᠳᠡᠯᠬᠦ ᠶ᠋ᠢ ᠯᠡ ᠬᠡᠯᠡᠬᠦ ᠪᠢᠰᠢ᠂ ᠦᠷᠭᠦᠯᠵᠢ ᠳᠣᠷᠣᠮᠵᠢᠯᠠᠵᠤ ᠭᠤᠲᠤᠭᠠᠬᠤ᠂ ᠰᠦᠷᠳᠡᠭᠦᠯᠬᠦ᠂ ᠭᠡᠲᠡᠬᠦ᠂ ᠦᠢᠮᠡᠭᠦᠯᠬᠦ ᠵᠡᠷᠭᠡ ᠨᠢ ᠴᠥᠮ ᠭᠡᠷ ᠪᠦᠯᠢ ᠵᠢᠨ ᠬᠦᠴᠦᠷᠬᠡᠭᠯᠡᠯ ᠳ᠋ᠸ᠋ ᠲᠣᠭᠠᠴᠠᠭᠳᠠᠨ᠎ᠠ᠃ 

· ᠶᠠᠮᠠᠷᠪᠠ ᠤᠴᠢᠷ ᠰᠢᠯᠲᠠᠭᠠᠨ ᠨᠢ ᠴᠥᠮ ᠭᠡᠷ ᠪᠦᠯᠢ ᠵᠢᠨ ᠬᠦᠴᠦᠷᠬᠡᠭᠯᠡᠯ ᠶᠠᠪᠤᠭᠤᠯᠬᠤ ᠰᠢᠯᠲᠠᠭ ᠪᠢᠰᠢ᠂ ᠭᠡᠷ ᠪᠦᠯᠢ ᠵᠢᠨ ᠬᠦᠴᠦᠷᠬᠡᠭᠯᠡᠯ᠎ᠢ 《ᠠᠭᠤᠴᠢᠯᠠᠵᠤ ᠪᠣᠯᠣᠨ᠎ᠠ》 ᠭᠡᠳᠡᠭ ᠨᠢ ᠪᠤᠷᠤᠭᠤ ᠦᠵᠡᠯ ᠪᠤᠳᠤᠯ ᠶᠤᠮ᠃

·ᠭᠡᠷ ᠪᠦᠯᠢ ᠵᠢᠨ ᠬᠦᠴᠦᠷᠬᠡᠭᠯᠡᠯ ᠶᠠᠮᠠᠷᠪᠠ ᠭᠡᠷ ᠪᠦᠯᠢ᠎ᠳᠦ ᠪᠦᠷ ᠡᠭᠦᠰᠴᠦ  ᠪᠣᠯᠣᠮᠵᠢ ᠳᠠᠢ᠂ ᠰᠣᠶᠣᠯ᠎ᠤᠨ ᠬᠢᠷᠢ ᠲᠦᠪᠰᠢᠨ᠂ ᠤᠷᠤᠯᠭ᠎ᠠ ᠵᠢᠨ ᠬᠡᠮᠵᠢᠶ᠎ᠡ᠂ ᠠᠵᠢᠯ ᠮᠡᠷᠭᠡᠵᠢᠯ ᠵᠡᠷᠭᠡ ᠳᠠᠢ ᠬᠠᠮᠢᠶ᠎ᠠ ᠦᠭᠡᠢ᠃ 

ᠪᠦᠭᠦ ᠤᠯᠤᠰ᠎ᠤᠨ ᠡᠮᠡᠭᠲᠡᠢᠴᠦᠳ᠎ᠦᠨ ᠬᠣᠯᠪᠤᠭ᠎ᠠ ᠡᠴᠨ ᠨᠡᠢᠲᠡᠯᠡᠭᠰᠡᠨ 《ᠭᠡᠷ ᠪᠦᠯᠢ᠎ᠶᠢᠨ ᠬᠦᠴᠦᠷᠬᠡᠭᠯᠡᠯ᠎ᠦᠨ ᠬᠣᠬᠢᠷᠠᠯ ᠠᠮᠰᠠᠭ᠍ᠴᠢ᠎ᠶᠢᠨ ᠭᠡᠷᠡᠴᠢ ᠪᠠᠷᠢᠮᠲᠠ ᠴᠤᠭᠯᠠᠭᠤᠯᠬᠤ ᠵᠢᠯᠣᠭᠣᠳᠤᠮᠵᠢ》 ᠳ᠋ᠸ᠋ ᠭᠡᠷ ᠪᠦᠯᠢ᠎ᠶᠢᠨ ᠬᠦᠴᠦᠷᠬᠡᠭᠯᠡᠯ᠎ᠦᠨ ᠬᠣᠬᠢᠷᠠᠯ ᠠᠮᠰᠠᠭ᠍ᠴᠢ᠎ᠶᠢᠨ ᠭᠡᠷᠡᠴᠢ ᠪᠠᠷᠢᠮᠲᠠ ᠴᠤᠭᠯᠠᠭᠤᠯᠬᠤ ᠳᠤᠮᠳᠠᠬᠢ ᠭᠣᠣᠯᠳᠠᠯᠭ᠎ᠠ ᠲᠠᠢ ᠵᠦᠢᠯ᠎ᠢ ᠲᠣᠳᠣᠷᠬᠠᠢᠯᠠᠵᠠᠢ᠃ 

 

ᠨᠢᠭᠡ᠂ ᠭᠡᠷ ᠪᠦᠯᠢ᠎ᠶᠢᠨ ᠬᠦᠴᠦᠷᠬᠡᠭᠯᠡᠯ᠎ᠦᠨ ᠪᠣᠳᠠᠲᠤ ᠬᠡᠷᠡᠭ ᠡᠭᠦᠰᠦᠭᠰᠡᠨ᠎ᠢ ᠭᠡᠷᠡᠴᠢᠯᠡᠬᠦ ᠭᠡᠷᠡᠴᠢ ᠪᠠᠷᠢᠮᠲᠠ

 

 1. ᠳᠣᠲᠣᠭᠠᠳᠤ᠎ᠶᠢ ᠬᠠᠮᠠᠭᠠᠯᠠᠬᠤ ᠪᠠᠢᠭᠤᠯᠭ᠎ᠠ᠎ᠶᠢᠨ ᠴᠠᠭᠳᠠᠭ᠎ᠠ ᠭᠠᠷᠭᠠᠭᠰᠠᠨ ᠲᠡᠮᠳᠡᠭᠯᠡᠯ ᠂ ᠰᠡᠷᠡᠮᠵᠢᠯᠡᠭᠦᠯᠭᠦ ᠪᠢᠴᠢᠭ ᠂ ᠰᠢᠷᠬᠠᠲᠤᠭᠰᠠᠨ ᠪᠠᠢᠳᠠᠯ᠎ᠢ ᠰᠢᠯᠭᠠᠨ ᠲᠣᠭᠲᠠᠭᠠᠭᠰᠠᠨ ᠰᠠᠨᠠᠯ ᠵᠡᠷᠭᠡ;

 2. ᠲᠣᠰᠬᠣᠨ ᠪᠤᠶᠤ ᠰᠠᠭᠤᠭᠠᠯᠢ ᠠᠷᠠᠳ ᠤ᠋ᠨ ᠵᠥᠪᠯᠡᠯ᠂ ᠡᠮᠡᠭᠲᠡᠢᠴᠦᠳ᠎ᠦᠨ ᠬᠣᠯᠪᠤᠭ᠎ᠠ᠎ᠶᠢᠨ ᠵᠣᠬᠢᠶᠠᠨ ᠪᠠᠢᠭᠤᠯᠤᠯᠲᠠ ᠂ ᠭᠡᠷ ᠪᠦᠯᠢ᠎ᠶᠢᠨ ᠬᠦᠴᠦᠷᠬᠡᠭᠯᠡᠯ᠎ᠢ ᠡᠰᠡᠷᠭᠦᠴᠡᠬᠦ ᠨᠡᠢᠭᠡᠮ᠎ᠦᠨ ᠵᠣᠬᠢᠶᠠᠨ ᠪᠠᠢᠭᠤᠯᠤᠯᠲᠠ ᠂ ᠬᠣᠶᠠᠷ ᠲᠠᠯ᠎ᠠ᠎ᠶᠢᠨ ᠬᠥᠮᠥᠨ ᠬᠡᠷᠡᠭᠯᠡᠬᠦ ᠨᠢᠭᠡᠴᠢ ᠵᠡᠷᠭᠡ ᠪᠠᠢᠭᠤᠯᠤᠮᠵᠢ᠎ᠶᠢᠨ ᠲᠤᠰᠠᠯᠠᠮᠵᠢ ᠭᠤᠶᠤᠴᠢᠯᠠᠭᠰᠠᠨ ᠢ᠋ ᠬᠦᠯᠢᠶᠡᠵᠦ ᠠᠪᠤᠭᠰᠠᠨ ᠲᠡᠮᠳᠡᠭᠯᠡᠯ᠂ ᠡᠶᠡᠳᠡᠭᠦᠯᠦᠭᠰᠡᠨ ᠲᠡᠮᠳᠡᠭᠯᠡᠯ ᠵᠡᠷᠭᠡ;

 3. ᠡᠪᠡᠳᠴᠢᠨ᠎ᠦ ᠥᠩᠭᠡᠷᠡᠯᠲᠡ᠎ᠶᠢᠨ  ᠂ ᠣᠨᠣᠰᠢᠯᠠᠨ ᠡᠮᠨᠡᠬᠦ ᠵᠠᠷᠤᠳᠠᠯ ᠤ᠋ᠨ ᠪᠠᠷᠢᠮᠲᠠ;

 4. ᠬᠣᠣᠷᠯᠠᠭ᠍ᠴᠢ᠎ᠶᠢᠨ ᠭᠡᠷ ᠪᠦᠯᠢ᠎ᠶᠢᠨ ᠬᠦᠴᠦᠷᠬᠡᠭᠯᠡᠯ ᠶᠠᠪᠤᠭᠤᠯᠤᠭᠰᠠᠨ ᠳᠠᠭᠤ ᠰᠢᠩᠭᠡᠭᠡᠯᠲᠡ ᠂ ᠳᠦᠷᠰᠦ ᠰᠢᠩᠭᠡᠭᠡᠯᠲᠡ;

 5. ᠪᠡᠶ᠎ᠡ᠎ᠶᠢᠨ ᠰᠢᠷᠬ᠎ᠠ ᠰᠣᠷᠪᠢ ᠪᠠ ᠴᠣᠬᠢᠵᠤ ᠪᠠᠯᠪᠠᠴᠢᠭ᠍ᠰᠠᠨ ᠠᠬᠤᠢ ᠲᠠᠯᠠᠪᠠᠢ ᠵᠢᠨ ᠭᠡᠷᠡᠯ ᠵᠢᠷᠤᠭ᠂ ᠳᠦᠷᠰᠦ ᠰᠢᠩᠭᠡᠭᠡᠯᠲᠡ;

 6. ᠪᠠᠲᠤᠯᠠᠭ᠎ᠠ᠎ᠶᠢᠨ ᠪᠢᠴᠢᠭ ᠂ ᠠᠮᠠᠯᠠᠯᠲᠠ᠎ᠶᠢᠨ ᠪᠢᠴᠢᠭ᠂ ᠭᠡᠮᠰᠢᠯ᠎ᠦᠨ ᠪᠢᠴᠢᠭ;

 7. ᠭᠡᠷᠡᠴᠢᠯᠡᠭᠴᠢ᠎ᠶᠢᠨ ᠭᠡᠷᠡᠴᠢ ᠦᠭᠡ᠂ ᠨᠠᠰᠤᠨ᠎ᠳᠤ ᠭᠦᠷᠦᠭᠡᠳᠦᠶ ᠦᠷ᠎ᠡ ᠬᠡᠦᠬᠡᠳ᠎ᠦᠨ ᠭᠡᠷᠡᠴᠢ ᠦᠭᠡ;

 8. ᠬᠣᠬᠢᠷᠠᠯ ᠠᠮᠰᠠᠭ᠍ᠴᠢ᠎ᠶᠢᠨ ᠲᠤᠭᠠᠴᠢᠯᠲᠠ;

 

ᠬᠣᠶᠠᠷ᠂ ᠭᠡᠷ ᠪᠦᠯᠢ᠎ᠶᠢᠨ ᠬᠦᠴᠦᠷᠬᠡᠭᠯᠡᠯ᠎ᠦᠨ ᠪᠣᠳᠠᠲᠤ ᠠᠶᠤᠯ᠎ᠳᠤ ᠲᠤᠯᠭᠠᠷᠠᠭᠰᠠᠨ᠎ᠢ ᠭᠡᠷᠡᠴᠢᠯᠡᠬᠦ ᠭᠡᠷᠡᠴᠢ ᠪᠠᠷᠢᠮᠲᠠ

 

ᠬᠡᠷᠪᠡ ᠬᠣᠣᠷᠯᠠᠭ᠍ᠴᠢ ᠨᠢ ᠤᠲᠠᠰᠤ᠂ ᠣᠬᠣᠷ ᠮᠡᠳᠡᠭᠡ᠂ ᠵᠢᠷᠭᠢᠶ᠎ᠡ᠂ QQ ᠪᠡᠷ ᠶᠠᠷᠢᠯᠴᠠᠭᠰᠠᠨ ᠲᠡᠮᠳᠡᠭᠯᠡᠯ᠂  ᠢᠮᠧᠯ ᠵᠡᠷᠭᠡ ᠪᠡᠷ ᠲᠠᠮᠵᠢᠨ᠂ ᠠᠶᠤᠯᠭᠠᠨ ᠰᠦᠷᠳᠡᠭᠦᠯᠦᠭᠰᠡᠨ ᠪᠣᠯ ᠬᠣᠬᠢᠷᠠᠯ ᠠᠮᠰᠠᠭ᠍ᠴᠢ ᠲᠠᠭᠤ ᠳᠦᠷᠰᠦ ᠶ᠋ᠢ ᠨᠢ ᠰᠢᠩᠭᠡᠬᠡᠨ ᠦᠯᠡᠳᠡᠭᠡᠬᠦ ᠵᠡᠷᠭᠡ ᠠᠷᠭ᠎ᠠ ᠮᠠᠶᠢᠭ᠋᠎ᠢᠶᠠᠷ ᠭᠡᠷᠡᠴᠢ ᠪᠠᠷᠢᠮᠲᠠ᠎ᠶᠢ ᠬᠠᠳᠠᠭᠠᠯᠠᠵᠤ᠂ ᠨᠥᠬᠥᠴᠡᠯ ᠲᠠᠢ ᠪᠣᠯ ᠠᠯᠪᠠᠨ ᠭᠡᠷᠡᠴᠢᠯᠡᠭᠡ᠎ᠶᠢᠨ ᠭᠠᠵᠠᠷ᠎ᠢᠶᠠᠷ ᠲᠠᠮᠵᠢᠨ  ᠭᠡᠷᠡᠴᠢ ᠪᠠᠷᠢᠮᠲᠠ᠎ᠶᠢ ᠭᠠᠷᠭᠠᠨ ᠠᠪᠴᠤ ᠪᠣᠯᠣᠨ᠎ᠠ ᠃

ᠢᠷᠡᠯᠲᠡ᠄ ᠲᠤᠮᠳᠠᠳᠤ ᠤᠯᠤᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ᠎ᠶᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            