ᠮᠠᠨ᠎ᠤ ᠤᠯᠤᠰ᠎ᠲᠤ ᠴᠡᠴᠡᠭ᠎ᠤᠨ ᠳᠤᠭᠤᠰᠤᠨ᠎ᠳᠤ ᠬᠠᠷᠰᠢᠬᠤ ᠬᠦᠮᠤᠰ ᠶᠠᠪᠤᠬᠤ ᠳᠤᠰᠤᠮ ᠤᠯᠠᠰᠢᠷᠡᠵᠤ ᠂ 4 ᠰᠠᠷᠠ᠎ᠲᠠᠢ ᠨᠢᠯᠬ᠎ᠠ ᠬᠡᠤᠬᠡᠳ᠎ᠠᠴᠠ ᠠᠪᠤᠭᠠᠳ 60 ᠨᠠᠰᠤᠨ᠎ᠠᠴᠠ ᠲᠡᠬᠡᠭᠰᠢᠬᠢ ᠨᠠᠰᠤᠳᠠᠨ ᠬᠦᠷᠳᠡᠯ᠎ᠠ ᠪᠦᠷ ᠴᠡᠴᠡᠭ᠎ᠤᠨ ᠳᠤᠭᠤᠰᠤᠨ᠎ᠳᠤ ᠬᠠᠷᠰᠢᠬᠤ ᠪᠠᠶ᠋ᠢᠳᠠᠯ ᠢᠯᠡᠷᠡᠵᠤ ᠪᠠᠶ᠋ᠢᠨ᠎ᠠ ᠃ ᠲᠡᠬᠡᠪᠡᠯ ᠴᠡᠴᠡᠭ᠎ᠤᠨ ᠳᠤᠭᠤᠰᠤ᠎ᠶᠢ ᠬᠡᠷᠬᠢᠨ ᠰᠡᠷᠬᠡᠶ᠋ᠢᠯᠡᠪᠡᠯ ᠵᠤᠬᠢᠬᠤ ᠪᠤᠢ ? ᠡᠨᠡ ᠳᠤᠬᠠᠢ ᠪᠡᠬᠡᠵᠢᠩ ᠬᠤᠳᠠ᠎ᠶᠢᠨ ᠡᠪᠡᠳᠴᠢᠨ ᠬᠢᠵᠢᠭ᠎ᠢ ᠰᠡᠷᠬᠡᠶ᠋ᠢᠯᠡᠨ ᠵᠠᠰᠠᠬᠤ ᠲᠦᠪ᠎ᠤᠨ᠎ᠬᠢᠨ ᠬᠠᠮᠢᠶᠠᠳᠡᠢ ᠮᠡᠳᠡᠬᠡ ᠨᠡᠶ᠋ᠢᠳᠡᠯᠡᠵᠤ ᠤᠯᠠᠨ᠎ᠳᠤ ᠰᠠᠨᠠᠭᠤᠯᠤᠭᠰᠠᠠ ᠪᠠᠶ᠋ᠢᠨ᠎ᠠ ᠃
ᠨᠢᠬᠡ᠎ᠳᠤ ᠂ ᠬᠤᠸᠠᠷ ᠴᠡᠴᠡᠭ᠎ᠲᠠᠢ ᠰᠢᠭᠤᠳ ᠣᠢᠷᠠᠳᠬᠣ᠌ ᠦᠬᠡᠢ ᠃ ᠭᠠᠳᠠᠭ᠍ᠰᠢ ᠭᠠᠷᠬᠤ᠎ᠪᠠᠨ ᠴᠦᠬᠡᠳᠬᠡᠵᠤ ᠂ ᠤᠨᠴᠠᠭᠠᠶ᠋ᠢᠯᠠᠨ ᠴᠡᠴᠡᠭ᠎ᠤᠨ ᠳᠤᠭᠤᠰᠤ ᠶᠡᠬᠡᠳᠡᠢ ᠦᠶᠠᠰ ᠂ ᠡᠬᠦᠳᠠ ᠴᠤᠩᠬᠤ᠎ᠪᠠᠨ ᠪᠢᠳᠡᠬᠦᠮᠵᠢᠯᠡᠵᠤ ᠴᠢᠳᠠᠪᠠᠯ ᠬᠡᠷ ᠳᠤᠳᠤᠷ᠎ᠠ᠎ᠪᠠᠨ ᠠᠭᠠᠷ ᠴᠡᠪᠡᠷᠰᠢᠬᠦᠯᠬᠦ ᠮᠠᠰᠢᠨ᠎ᠢ ᠬᠡᠷᠡᠭᠯᠡᠬᠦ ᠬᠡᠷᠡᠭᠳᠡᠢ ᠃
ᠬᠤᠶᠠᠷ᠎ᠲᠤ ᠂ ᠭᠠᠳᠠᠭ᠍ᠰᠢ ᠭᠠᠷᠪᠠᠯ ᠰᠡᠷᠬᠡᠶ᠋ᠢᠯᠡᠯᠳᠠᠪᠠᠨ ᠰᠠᠶ᠋ᠢᠳᠤᠷ ᠬᠢᠬᠦ ᠬᠡᠷᠡᠭᠳᠡᠢ ᠃ ᠭᠠᠳᠠᠭ᠍ᠰᠢ ᠭᠠᠷᠬᠤ᠎ᠳᠠᠭᠠᠨ ᠤᠷᠳᠤ ᠬᠠᠨᠴᠤᠢ᠎ᠲᠠᠢ ᠬᠤᠪᠴᠠᠰᠤ ᠡᠮᠤᠰᠴᠤ ᠂ ᠠᠮᠠᠪᠴᠢ ᠂ ᠨᠢᠳᠤᠨ ᠰᠢᠯ ᠵᠡᠬᠦᠵᠤ ᠂ ᠮᠠᠰᠢᠨ ᠵᠢᠯᠤᠭᠤᠳᠬᠤ᠎ᠳᠠᠭᠠᠨ ᠴᠤᠩᠬᠤᠶᠢᠨᠢ ᠴᠢᠩᠭ᠎ᠠ ᠬᠠᠭᠠᠬᠤ ᠬᠡᠷᠡᠭᠳᠡᠢ ᠃ ᠬᠡᠷ᠎ᠲᠡᠬᠡᠨ ᠬᠠᠷᠢᠬ᠍ᠰᠠᠠᠤ ᠲᠠᠷᠠᠭ᠎ᠠ ᠭᠠᠳᠠᠷ ᠬᠤᠪᠴᠠᠰᠤ᠎ᠪᠠᠨ ᠲᠠᠷᠤᠶ᠋ᠢᠬᠠᠨ ᠰᠤᠯᠢᠵᠤ ᠂ ᠨᠢᠭᠤᠷ᠎ᠢᠶᠠᠨ ᠤᠬᠢᠶᠠᠵᠤ ᠂ ᠠᠮᠠ ᠬᠠᠮᠠᠷ᠎ᠢᠶᠠᠨ ᠵᠠᠶ᠋ᠢᠯᠠᠬᠤ ᠬᠡᠷᠡᠭᠳᠡᠢ ᠃
ᠭᠤᠷᠪᠠ᠎ᠳᠤ ᠂ ᠳᠠᠷᠬᠠᠯᠠᠭ᠎ᠠ᠎ᠪᠠᠨ ᠰᠠᠶ᠋ᠢᠵᠢᠷᠠᠭᠤᠯᠬᠤ ᠬᠡᠷᠡᠭᠳᠡᠢ ᠃ ᠡᠬᠦᠨ᠎ᠳᠤ ᠰᠠᠶ᠋ᠢᠨ ᠤᠨᠳᠠᠵᠤ ᠠᠮᠠᠷᠠᠨ ᠂ ᠢᠳᠡᠬᠡᠨ ᠤᠮᠳᠠᠭᠠᠨ᠎ᠢᠶᠠᠨ ᠵᠤᠬᠢᠴᠠᠭᠤᠯᠵᠤ ᠂ ᠰᠢᠨ᠎ᠠ ᠰᠤᠷᠭᠤᠭ ᠨᠤᠭᠤᠭ᠎ᠠ ᠵᠢᠮᠢᠰ ᠢᠯᠡᠬᠦᠬᠡᠨ ᠢᠳᠡᠵᠤ ᠂ ᠳᠤᠭᠳᠠᠭᠰᠠᠠ ᠬᠤᠭᠤᠴᠠᠭᠠᠨ᠎ᠳᠤ ᠪᠠᠶ᠎ᠠ᠎ᠪᠠᠨ ᠪᠤᠯᠪᠠᠰᠤᠷᠠᠭᠤᠯᠬᠤ ᠬᠡᠷᠡᠭᠳᠡᠢ ᠃
ᠲᠦᠷᠪᠡ᠎ᠳᠤ ᠂ ᠬᠠᠷᠰᠢᠬᠤ ᠪᠠᠶ᠋ᠢᠳᠠᠯ ᠬᠦᠨᠳᠤᠷᠠᠪᠠᠯ ᠲᠠᠷᠤᠶ᠋ᠢᠬᠠᠨ ᠡᠮᠨᠡᠬᠦᠯᠬᠦ ᠬᠡᠷᠡᠭᠳᠡᠢ ᠃ ᠠᠮᠠᠷᠬᠠᠨ ᠬᠠᠷᠰᠢᠳᠠᠭ ᠪᠠ ᠠᠭᠰᠠᠭ᠎ᠠ ᠡᠪᠡᠳᠴᠢᠨ᠎ᠲᠠᠢ ᠬᠦᠮᠤᠰ ᠬᠤᠪᠴᠠᠰᠤ ᠬᠤᠨᠠᠷ᠎ᠢᠶᠠᠨ ᠳᠤᠬᠢᠷᠠᠭᠤᠯᠵᠤ ᠂ ᠵᠢᠩᠬᠢᠨᠠᠵᠤ ᠲᠠᠭᠠᠷᠠᠭᠠᠳ ᠬᠢᠮᠤᠷᠠᠭ᠎ᠠ ᠲᠠᠭᠰᠢᠭᠤᠷ ᠤᠯᠬᠤ᠎ᠠᠴᠠ ᠪᠤᠯᠭᠤᠮᠵᠢᠯᠠᠬᠤ ᠬᠡᠷᠡᠭᠳᠡᠢ ᠃ ᠬᠠᠷᠰᠢᠬᠤ ᠪᠠᠶ᠋ᠢᠳᠠᠯ ᠬᠦᠨᠳᠤᠷᠠᠪᠠᠯ ᠲᠠᠷᠤᠶ᠋ᠢᠬᠠᠨ ᠡᠮᠨᠡᠬᠦᠯᠬᠦ ᠬᠡᠷᠡᠭᠳᠡᠢ ᠃