ᠦᠷᠡᠵᠢᠯ᠎ᠤᠨ ᠳᠠᠭᠠᠳᠭᠠᠯ᠎ᠨᠢ ᠨᠡᠢᠭᠡᠮ᠎ᠤᠨ ᠳᠠᠭᠠᠳᠭᠠᠯ᠎ᠤᠨ ᠲᠣᠭᠲᠠᠯᠴᠠᠭ᠎ᠠ ᠶᠢᠨ ᠴᠢᠬᠤᠯᠠ ᠪᠦᠷᠢᠯᠳᠦᠬᠦᠨ ᠬᠡᠰᠡᠭ ᠪᠣᠯᠤᠭ᠍ᠰᠠᠨ᠎ᠤ ᠬᠤᠪᠢ᠎ᠳᠤ᠂ ᠳᠠᠭᠠᠳᠭᠠᠯ᠎ᠳᠤ ᠣᠷᠣᠯᠴᠠᠭ᠍ᠰᠠᠳ᠎ᠤᠨ ᠬᠠᠤᠯᠢ ᠶᠣᠰᠣᠨ᠎ᠤ ᠡᠷᠬᠡ ᠠᠱᠢᠭ᠎ᠢ ᠬᠠᠮᠠᠭᠠᠯᠠᠬᠤ᠂ ᠠᠵᠢᠯ ᠣᠯᠭᠤᠯᠲᠠ᠎ᠶ᠋ᠢᠨ ᠲᠥᠪ ᠭᠤᠣᠯᠴᠢ᠎ᠶ᠋ᠢ ᠠᠬᠢᠭᠤᠯᠬᠤ᠂ ᠬᠥᠮᠦᠨ ᠬᠡᠷᠡᠭ᠌ᠯᠡᠬᠦ᠌ ᠨᠢᠭᠡᠴᠢ᠎ᠶ᠋ᠢᠨ ᠳᠠᠷᠤᠭᠠᠰᠤ᠎ᠶ᠋ᠢ ᠲᠡᠩᠴᠡᠭᠦᠷᠢᠲᠡᠶ ᠪᠠᠢᠯᠭᠠᠬᠤ᠎ᠳᠤ ᠴᠢᠬᠤᠯᠠ ᠦᠢᠯᠡᠳᠦᠯ᠎ᠲᠠᠢ ᠶᠤᠮ᠃ ᠭᠡᠪᠡᠴᠦ᠍ ᠣᠨᠴᠠ ᠵᠠᠷᠢᠮ ᠳᠠᠭᠠᠳᠭᠠᠯ᠎ᠳᠤ ᠣᠷᠣᠯᠴᠠᠭ᠍ᠰᠠᠨ ᠨᠢᠭᠡᠴᠢ ᠪᠠ ᠳᠠᠭᠠᠳᠭᠠᠯ᠎ᠳᠤ ᠣᠷᠣᠯᠴᠠᠭ᠍ᠰᠠᠳ᠎ᠤᠨ ᠬᠠᠤᠯᠢ ᠴᠠᠭᠠᠵᠠ᠎ᠶ᠋ᠢᠨ ᠦᠵᠡᠯ ᠤᠬᠠᠮᠰᠠᠷ ᠳᠤᠲᠠᠮᠠᠭ ᠪᠠᠢᠵᠤ᠂ ᠳᠠᠭᠠᠳᠭᠠᠯ᠎ᠳᠤ ᠣᠷᠣᠯᠴᠠᠭ᠍ᠰᠠᠳ᠎ᠤᠨ ᠮᠡᠳᠡᠭᠡ ᠵᠠᠩᠭᠢ᠎ᠶ᠋ᠢ ᠵᠣᠬᠢᠶᠠᠮᠠᠯ᠂ ᠨᠠᠢᠷᠠᠭᠤᠯᠤᠨ ᠵᠣᠬᠢᠶᠠᠬᠤ᠂ ᠬᠥᠳᠡᠯᠮᠦᠷᠢ᠎ᠶ᠋ᠢᠨ ᠬᠠᠷᠢᠴᠠᠭ᠎ᠠ᠎ᠶ᠋ᠢ ᠬᠠᠭᠤᠷᠮᠠᠭ᠎ᠢᠶᠠᠷ ᠵᠣᠬᠢᠶᠠᠬᠤ ᠵᠡᠷᠭᠡ᠎ᠪᠠᠷ ᠳᠠᠮᠵᠢᠭᠤᠯᠤᠨ ᠦᠷᠡᠵᠢᠯ᠎ᠤᠨ ᠳᠠᠭᠠᠳᠭᠠᠯ᠎ᠳᠤ ᠤᠷᠤᠯᠴᠠᠪᠠ; ᠦᠷᠡᠵᠢᠯ᠎ᠤᠨ ᠳᠠᠭᠠᠳᠭᠠᠯ᠎ᠤᠨ ᠰᠦᠢᠳᠭᠡᠯ ᠲᠤᠱᠢᠶᠠᠬᠤ ᠰᠠᠭᠤᠷᠢ ᠲᠤᠭ᠎ᠠ᠎ᠶ᠋ᠢ ᠬᠠᠤᠯᠢ ᠶᠣᠰᠣᠭᠠᠷ ᠦᠨᠡᠨ ᠪᠣᠳᠠᠲᠠᠶ᠎ᠪᠠᠷ ᠮᠡᠳᠡᠭᠦᠯᠦᠭ᠌ᠰᠡᠨ ᠥᠬᠡᠶ; ᠬᠠᠭᠤᠷᠮᠠᠭ᠎ᠢᠶᠠᠷ ᠵᠤᠬᠢᠶᠠᠬᠤ᠂ ᠡᠪᠡᠳᠴᠢᠨ᠎ᠤ ᠲᠡᠤᠬᠡ᠎ᠶᠢ ᠬᠤᠪᠢᠶᠠᠷᠠᠭᠤᠯᠤᠨ ᠵᠤᠬᠢᠶᠠᠬᠤ᠂ ᠫᠢᠶᠣᠣ ᠪᠠᠷᠢᠮᠲᠠ ᠵᠡᠷᠭᠡ ᠭᠤᠶᠤᠴᠢᠯᠠᠨ ᠠᠪᠬᠤ ᠮᠠᠲ᠋ᠧᠷᠢᠶᠠᠯ᠎ᠢᠶᠡᠷ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠴᠤ᠌᠂ ᠦᠷᠡᠵᠢᠯ᠎ᠤᠨ ᠪᠠᠲᠤᠯᠠᠭ᠎ᠠ᠎ᠶ᠋ᠢᠨ ᠬᠠᠮᠢᠶᠠᠷᠤᠯᠲᠠ᠎ᠶ᠋ᠢᠨ ᠡᠮᠬᠢ ᠵᠢᠷᠤᠮ᠎ᠢ ᠬᠦᠨᠳᠦ ᠨᠣᠴᠢᠲᠠᠶ ᠰᠠᠮᠠᠭᠤᠷᠠᠭᠤᠯᠵᠤ᠂ ᠣᠯᠠᠨ ᠨᠡᠢᠲᠡ᠎ᠶ᠋ᠢᠨ ᠠᠱᠢᠭ ᠲᠤᠰᠠ ᠪᠠ ᠰᠠᠭᠤᠷᠢ ᠮᠥᠩᠭᠦ᠎ᠶ᠋ᠢᠨ ᠠᠮᠤᠷ ᠲᠦᠪᠱᠢᠨ᠎ᠢ ᠬᠤᠬᠢᠷᠠᠭᠤᠯᠵᠤ᠂ ᠬᠠᠤᠯᠢ ᠲᠣᠭ᠍ᠲᠠᠭᠠᠯ ᠶᠣᠰᠣᠭᠠᠷ ᠴᠢᠩᠭ᠎ᠠ ᠱᠢᠢᠳᠪᠦᠷᠢᠯᠡᠬᠦ᠌ ᠬᠡᠷᠡᠭ᠌ᠲᠡᠶ᠃ ᠰᠡᠷᠡᠮᠵᠢᠯᠡᠭᠦᠯᠬᠦ᠌ ᠬᠥᠮᠦᠵᠢᠯ᠎ᠤᠨ ᠦᠢᠯᠡᠳᠦᠯ᠎ᠢ ᠪᠠᠳᠠᠷᠠᠭᠤᠯᠬᠤ᠎ᠶ᠋ᠢᠨ ᠲᠥᠯᠥᠭᠡ᠂ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ ᠲᠣᠪᠴᠢᠶ᠎ᠠ᠎ᠶᠢᠨ ᠢᠯᠡᠴᠢᠯᠡᠬᠦ ᠲᠠᠪᠴᠡᠩ ᠠᠴᠠ ᠲᠣᠰ ᠬᠤᠭᠤᠴᠠᠭᠠᠨ᠎ᠳᠤ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠤᠭ᠍ᠰᠠᠨ 5 ᠨᠡᠢᠲᠡᠯᠢᠭ ᠬᠡᠷᠡᠭ᠎ᠤᠨ ᠵᠢᠱ᠌ᠢᠶ᠎ᠡ᠎ᠶ᠋ᠢ ᠰᠣᠩᠭᠤᠨ ᠭᠠᠷᠭᠠᠵᠤ᠂ ᠥᠷᠭᠡᠨ ᠣᠯᠠᠨ ᠳᠠᠭᠠᠳᠭᠠᠯ᠎ᠳᠤ ᠣᠷᠣᠯᠴᠠᠭ᠍ᠰᠠᠨ ᠨᠢᠭᠡᠴᠢ ᠪᠣᠯᠤᠨ ᠳᠠᠭᠠᠳᠭᠠᠯ᠎ᠳᠤ ᠣᠷᠣᠯᠴᠠᠭᠰᠠᠳ᠎ᠳᠦ ᠰᠠᠨᠠᠭᠤᠯᠬᠤ ᠨᠢ᠂ ᠬᠠᠤᠯᠢ ᠶᠣᠰᠣᠨ᠎ᠤ ᠠᠷᠭ᠎ᠠ ᠵᠠᠮ᠎ᠢᠶᠠᠷ ᠦᠷᠡᠵᠢᠯ᠎ᠤᠨ ᠳᠠᠭᠠᠳᠭᠠᠯ᠎ᠳᠦ ᠣᠷᠣᠯᠴᠠᠵᠤ᠂ ᠦᠨᠡᠨ ᠪᠣᠳᠠᠲᠠᠶ᠂ ᠣᠨᠣᠪᠴᠢᠲᠠᠶ᠂ ᠪᠦᠷᠢᠨ ᠪᠦᠲᠦᠨ ᠭᠣᠶᠣᠴᠢᠯᠠᠨ ᠮᠡᠳᠡᠭᠦᠯᠬᠦ ᠮᠠᠲ᠋ᠧᠷᠢᠶᠠᠯ ᠬᠠᠩᠭᠠᠵᠤ ᠦᠷᠡᠵᠢᠯ᠎ᠤᠨ ᠨᠡᠮᠡᠭᠦᠷᠢ ᠪᠠ ᠦᠷᠡᠵᠢᠯ᠎ᠤᠨ ᠡᠮᠴᠢᠯᠡᠭᠡᠨ᠎ᠤ ᠵᠠᠷᠤᠳᠠᠯ ᠭᠤᠶᠤᠴᠢᠯᠠᠨ ᠠᠪᠴᠤ᠌᠂ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ᠎ᠶ᠋ᠢᠨ ᠠᠮᠤᠷ ᠲᠦᠪᠱᠢᠨ᠎ᠢ ᠬᠠᠮᠲᠤ᠎ᠪᠠᠷ ᠬᠠᠮᠠᠭ᠋ᠠᠯᠠᠨ᠎ᠠ᠃
ᠬᠡᠷᠡᠭ᠎ᠤᠨ ᠵᠢᠱ᠌ᠢᠶ᠎ᠡ ᠨᠢᠭᠡ ᠬᠤᠪᠧᠶ ᠮᠤᠵᠢ᠎ᠶ᠋ᠢᠨ ᠳ᠋ᠠ ᠶᠧ ᠬᠤᠲᠠ᠎ᠶ᠋ᠢᠨ ᠾᠧ ᠱᠦᠨ ᠬᠥᠮᠦᠨ᠎ᠤ ᠬᠦᠴᠦᠨ᠎ᠤ ᠡᠬᠢ ᠪᠠᠶᠠᠯᠢᠭ᠎ᠤᠨ ᠬᠢᠵᠠᠭᠠᠷᠲᠤ ᠺᠣᠮᠫᠠᠨᠢ᠎ᠶ᠋ᠢᠨ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠤᠭ᠍ᠰᠠᠨ ᠬᠡᠷᠡᠭ
ᠬᠤᠪᠸᠢ ᠮᠤᠵᠢ᠎ᠶ᠋ᠢᠨ ᠳ᠋ᠠ ᠶᠧ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ ᠶᠢᠨ ᠲᠣᠪᠴᠢᠶ᠎ᠠ ᠰᠦᠪᠡᠭ᠌ᠴᠢ᠎ᠶ᠋ᠢ ᠬᠢᠨᠠᠨ ᠪᠠᠢᠴᠠᠭᠠᠬᠤ ᠳᠦ᠎ᠪᠡᠨ᠂ ᠳ᠋ᠠ ᠶᠧ ᠬᠤᠲᠠ᠎ᠶ᠋ᠢᠨ ᠾᠧ ᠱᠦᠨ ᠬᠥᠮᠦᠨ᠎ᠤ ᠬᠦᠴᠦᠨ᠎ᠤ ᠡᠬᠢ ᠪᠠᠶᠠᠯᠢᠭ᠎ᠤᠨ ᠬᠢᠵᠠᠭᠠᠷᠲᠤ ᠺᠣᠮᠫᠠᠨᠢ 2020 ᠣᠨ᠎ᠤ 7 ᠳ᠋ᠤᠭ᠋ᠠᠷ ᠰᠠᠷ᠎ᠠ᠎ᠠᠴᠠ ᠡᠬᠢᠯᠡᠨ ᠠᠵᠢᠯᠲᠠᠨ ᠠᠵᠢᠯᠴᠢᠨ᠎ᠤ ᠦᠨᠳᠦᠰᠦᠨ ᠡᠮᠴᠢᠯᠡᠭᠡᠨ᠎ᠦ ᠳᠠᠭᠠᠳᠭᠠᠯ ( ᠦᠷᠡᠵᠢᠯ᠎ᠤᠨ ᠳᠠᠭᠠᠳᠭᠠᠯ᠎ᠢ ᠪᠠᠭ᠍ᠲᠠᠭᠠᠨ᠎ᠠ ) ᠳᠤ ᠣᠷᠣᠯᠴᠠᠵᠤ᠂ 2022 ᠣᠨ᠎ᠤ 11 ᠳ᠋ᠦ᠍ᠭᠡᠷ ᠰᠠᠷ᠎ᠠ ᠪᠣᠯᠲᠠᠯ᠎ᠠ ᠨᠡᠢᠲᠡ 189 ᠬᠥᠮᠥᠨ ᠳᠠᠭᠠᠳᠭᠠᠯ᠎ᠳᠤ ᠣᠷᠣᠯᠴᠠᠵᠤ᠂ ᠳᠠᠭᠠᠳᠭᠠᠯ᠎ᠳᠤ ᠣᠷᠣᠯᠴᠠᠭ᠍ᠰᠠᠳ᠎ᠤᠨ ᠳᠣᠲᠣᠷ᠎ᠠ ᠡᠮᠨᠡᠯᠭᠡ᠎ᠳᠤ ᠰᠠᠭᠤᠵᠤ ᠬᠥᠩᠭᠡᠵᠢᠬᠦ᠌᠎ᠳᠤ ᠦᠷᠡᠵᠢᠯ᠎ᠤᠨ ᠨᠡᠮᠡᠭᠦᠷᠢ᠎ᠶᠢ 127 ᠬᠥᠮᠥᠨ᠎ᠳᠦ ᠲᠠᠷᠬᠠᠭᠠᠭ᠍ᠰᠠᠨᠢ ᠣᠯᠵᠣ ᠮᠡᠳᠡᠪᠡ᠃ ᠪᠠᠢᠴᠠᠭᠠᠭ᠍ᠰᠠᠨ᠎ᠢᠶᠠᠷ᠂ ᠲᠣᠰ ᠺᠣᠮᠫᠠᠨᠢ ᠬᠥᠳᠡᠯᠮᠦᠷᠢ᠎ᠶ᠋ᠢᠨ ᠬᠠᠷᠢᠴᠠᠭ᠎ᠠ ᠵᠣᠬᠢᠶᠠᠭ᠍ᠰᠠᠨ᠎ᠢᠶᠠᠷ ᠰᠡᠵᠢᠭᠯᠡᠭᠳᠡᠵᠦ᠂ ᠨᠢᠭᠡᠨᠲᠡ ᠵᠢᠷᠮᠦᠰᠦᠯᠡᠭ᠌ᠰᠡᠨ ᠭᠡᠪᠡᠴᠦ ᠡᠮᠴᠢᠯᠡᠭᠡᠨ᠎ᠦ ᠳᠠᠭᠠᠳᠭᠠᠯ᠎ᠳᠤ ᠣᠷᠣᠯᠴᠠᠭ᠍ᠰᠠᠨ ᠥᠬᠡᠶ ᠬᠥᠮᠦᠰ᠎ᠲᠤ ᠡᠮᠴᠢᠯᠡᠭᠡᠨ᠎ᠦ ᠳᠠᠭᠠᠳᠭᠠᠯ ( ᠦᠷᠡᠵᠢᠯ᠎ᠤᠨ ᠳᠠᠭᠠᠳᠭᠠᠯ ᠪᠠᠭ᠍ᠲᠠᠨ᠎ᠠ )᠎ᠢ ᠣᠷᠣᠯᠠᠨ ᠲᠤᠱᠢᠶᠠᠵᠤ᠂ 249.16 ᠲᠦᠮᠡᠨ ᠲᠥᠭᠦᠷᠢᠭ᠎ᠤᠨ ᠦᠷᠡᠵᠢᠯ᠎ᠤᠨ ᠨᠡᠮᠡᠭᠦᠷᠢ ᠮᠡᠬᠡᠯᠡᠨ ᠠᠪᠴᠤ᠌᠂ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍ ᠬᠡᠷᠡᠭ ᠪᠣᠯᠭᠠᠨ ᠳᠡᠩᠰᠡᠯᠡᠵᠦ᠍ ᠲᠠᠩᠨᠠᠨ ᠪᠠᠢ᠌ᠴᠠᠭ᠋ᠠᠯᠭ᠋ᠠᠪᠠ᠃ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠨᠢ ᠬᠡᠷᠡᠭ᠎ᠲᠦ ᠬᠣᠯᠪᠣᠭ᠍ᠳᠠᠭ᠍ᠰᠠᠨ ᠺᠣᠮᠫᠠᠨᠢ᠎ᠶ᠋ᠢᠨ ᠪᠣᠳᠠᠲᠠᠶ ᠡᠵᠡᠮᠳᠡᠬᠦ᠌ ᠬᠥᠮᠦᠨ ᠪᠣᠯᠤᠨ ᠡᠳ᠋᠎ᠦᠨ ᠶᠠᠪᠤᠳᠠᠯ᠎ᠤᠨ ᠠᠵᠢᠯᠲᠠᠨ ᠵᠡᠷᠭᠡ 4 ᠬᠥᠮᠦᠨ᠎ᠢ ᠬᠠᠤᠯᠢ ᠶᠣᠰᠣᠭᠠᠷ ᠪᠠᠷᠢᠪᠴᠢᠯᠠᠵᠤ᠂ ᠵᠢᠷᠮᠦᠰᠦᠨ ᠡᠮᠡᠭ᠌ᠲᠡᠶ᠎ᠶ᠋ᠢ ᠲᠠᠨᠢᠯᠴᠠᠭᠤᠯᠵᠤ ᠪᠠᠢᠭ᠎ᠠ 16 ᠬᠥᠳᠡᠭᠡ ᠲᠣᠰᠭᠣᠨ᠎ᠤ ᠡᠮᠴᠢ ᠵᠢᠴᠢ ᠲᠣᠰᠭᠣᠨ᠎ᠤ ᠡᠮᠡᠭ᠌ᠲᠡᠢᠴᠦᠳ᠎ᠦᠨ ᠬᠣᠯᠪᠣᠭᠠᠨ᠎ᠤ ᠡᠷᠬᠢᠯᠡᠭ᠌ᠴᠢ᠎ᠳᠦ ᠡᠷᠡᠭᠦᠦ᠍ᠶᠢᠨ ᠬᠡᠷᠡᠭ᠎ᠢᠶᠡᠷ ᠬᠣᠷᠢᠬᠤ᠂ ᠰᠠᠭᠤᠭ᠎ᠠ ᠭᠠᠵᠠᠷ᠎ᠲᠤ ᠨᠢ ᠬᠢᠨᠠᠯᠲᠠ ᠲᠠᠯᠪᠢᠬᠤ ᠵᠡᠷᠭᠡ ᠠᠯᠪᠠᠳᠠᠯᠭ᠎ᠠ᠎ᠶ᠋ᠢᠨ ᠠᠷᠭ᠎ᠠ ᠬᠡᠮᠵᠢᠶ᠎ᠡ ᠠᠪᠤᠪᠠ᠃
2025 ᠣᠨ᠎ᠤ 4 ᠳ᠋ᠦ᠍ᠭᠡᠷ ᠰᠠᠷ᠎ᠠ᠎ᠳᠤ᠂ ᠳ᠋ᠠ ᠶᠧ ᠬᠤᠲᠠ᠎ᠶ᠋ᠢᠨ ᠠᠷᠠᠳ᠎ᠤᠨ ᠱᠢᠭᠦᠬᠦ᠌ ᠬᠤᠷᠢᠶ᠎ᠠ ᠭᠤᠣᠯ ᠶᠠᠯᠠᠲᠠᠨ ᠵᠠᠩ ᠣᠪᠣᠭ᠍ᠲᠤ᠎ᠶ᠋ᠢᠨ ᠮᠡᠬᠡᠯᠡᠭ᠌ᠰᠡᠨ ᠶᠠᠯ᠎ᠠ᠎ᠪᠠᠷ ᠠᠷᠪᠠᠨ ᠵᠢᠯ ᠬᠤᠭᠤᠴᠠᠭ᠎ᠠ᠎ᠲᠠᠢ ᠬᠤᠷᠢᠬᠤ᠎ᠪᠠᠷ ᠰᠢᠢ᠍ᠳᠬᠡᠬᠦ᠎ᠶᠢᠨ ᠬᠠᠮᠲᠤ ᠠᠷᠠᠳ᠎ᠤᠨ ᠵᠣᠭᠤᠰ ᠲᠠᠪᠤᠨ ᠲᠦᠮᠡᠨ ᠲᠥᠭᠦᠷᠢᠭ ᠵᠣᠭᠤᠰ᠎ᠢᠶᠠᠷ ᠲᠣᠷᠭ᠋ᠠᠨ᠎ᠠ; ᠳᠠᠭ᠋ᠠᠯᠲᠠ ᠶᠠᠯᠠᠲᠠᠨ ᠴᠧᠨ ᠣᠪᠣᠭ᠍ᠲᠤ ᠵᠡᠷᠭᠡ 5 ᠬᠥᠮᠦᠨ᠎ᠢ ᠮᠡᠬᠡᠯᠡᠭ᠌ᠰᠡᠨ ᠶᠠᠯ᠎ᠠ᠎ᠪᠠᠷ ᠲᠤᠰ ᠲᠤᠰ ᠬᠤᠶᠠᠷ᠎ᠠᠴᠠ ᠭᠤᠷᠪᠠᠨ ᠵᠢᠯ ᠬᠤᠭᠤᠴᠠᠭ᠎ᠠ᠎ᠲᠠᠢ ᠬᠤᠷᠢᠬᠤ᠎ᠪᠠᠷ ᠱᠢᠢᠳᠭᠡᠵᠦ᠍᠂ ᠡᠷᠡᠭᠦᠦ ᠰᠢᠢ᠍ᠳᠬᠡᠯ᠎ᠢ ᠬᠤᠢᠱᠢᠯᠠᠭᠤᠯᠤᠨ ᠬᠡᠷᠡᠭᠵᠢᠭᠦᠯᠬᠦ ᠪᠦᠭᠡᠳ ᠵᠣᠭᠣᠰ᠎ᠢᠶᠠᠷ ᠲᠣᠷᠭ᠋ᠠᠪᠠ᠃
ᠬᠡᠷᠡᠭ᠎ᠤᠨ ᠵᠢᠱ᠌ᠢᠶ᠎ᠡ ᠬᠣᠶᠠᠷ ᠬᠠᠷᠠᠮᠦ᠋ᠷᠡᠨ ᠮᠤᠵᠢ᠎ᠶ᠋ᠢᠨ ᠴᠢᠴᠢᠬᠠᠷ ᠬᠤᠲᠠ᠎ᠶ᠋ᠢᠨ ᠪᠠᠶ ᠰᠧ ᠲᠧ ᠠᠷᠠᠯᠵᠢᠶ᠎ᠠ ᠬᠤᠳᠠᠯᠳᠤᠭᠠᠨ᠎ᠤ ᠬᠢᠵᠠᠭᠠᠷᠲᠤ ᠺᠣᠮᠫᠠᠨᠢ ᠵᠡᠷᠭᠡ 3 ᠳᠠᠭᠠᠳᠭᠠᠯ᠎ᠳᠤ ᠣᠷᠣᠯᠴᠠᠭ᠍ᠰᠠᠨ ᠨᠢᠭᠡᠴᠢ᠎ᠶ᠋ᠢᠨ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ ᠮᠡᠬᠡᠯᠡᠨ ᠠᠪᠤᠭ᠍ᠰᠠᠨ ᠬᠡᠷᠡᠭ
ᠬᠠᠷᠠᠮᠥ᠋ᠷᠡᠨ ᠮᠤᠵᠢ᠎ᠶ᠋ᠢᠨ ᠴᠢᠴᠢᠬᠠᠷ ᠬᠤᠲᠠ᠎ᠶ᠋ᠢᠨ ᠡᠮᠴᠢᠯᠡᠭᠡᠨ᠎ᠤ ᠪᠠᠲᠣᠯᠠᠭ᠎ᠠ᠎ᠶᠢᠨ ᠲᠣᠪᠴᠢᠶ᠎ᠠ ᠲᠣᠮᠣ ᠳ᠋ᠠᠢᠲ᠋ᠠ᠎ᠶ᠋ᠢᠨ ᠬᠢᠨᠠᠨ ᠬᠡᠮᠵᠢᠯᠲᠡ᠎ᠶ᠋ᠢᠨ ᠵᠠᠳᠠᠯᠤᠯᠲᠠ ᠬᠢᠵᠦ᠍᠂ ᠴᠢᠴᠢᠬᠠᠷ ᠬᠤᠲᠠ᠎ᠶ᠋ᠢᠨ ᠪᠠᠢ ᠰᠢ ᠲᠧ ᠠᠷᠠᠯᠵᠢᠶ᠎ᠠ ᠬᠤᠳᠠᠯᠳᠤᠭᠠᠨ᠎ᠤ ᠬᠢᠵᠠᠭᠠᠷᠲᠤ ᠺᠣᠮᠫᠠᠨᠢ᠂ ᠯᠦᠩ ᠶᠤᠸᠠᠨ ᠰᠦᠯᠵᠢᠶᠡᠨ᠎ᠤ ᠨᠡᠷᠡᠲᠦ ᠢᠳᠡᠭᠡᠨ᠎ᠤ ᠬᠢᠵᠠᠭᠠᠷᠲᠤ ᠺᠣᠮᠫᠠᠨᠢ᠂ ᠶᠦᠨ ᠢ ᠬᠥᠮᠦᠨ᠎ᠤ ᠬᠦᠴᠦᠨ᠎ᠤ ᠡᠬᠢ ᠪᠠᠶᠠᠯᠢᠭ᠎ᠤᠨ ᠭᠠᠳᠠᠭ᠍ᠰᠢ ᠳᠠᠭᠠᠭᠠᠴᠢᠯᠠᠭᠤᠯᠬᠤ ᠦᠢᠯᠡᠴᠢᠯᠡᠭᠡᠨ᠎ᠤ ᠬᠢᠵᠠᠭᠠᠷᠲᠤ ᠺᠣᠮᠫᠠᠨᠢ ᠵᠡᠷᠭᠡ 3 ᠳᠠᠭᠠᠳᠭᠠᠯ᠎ᠳᠤ ᠣᠷᠣᠯᠴᠠᠭ᠍ᠰᠠᠨ ᠨᠢᠭᠡᠴᠢ ᠳᠦ ᠬᠡᠪ᠎ᠤᠨ ᠪᠤᠰᠤ ᠳ᠋ᠠᠢ᠌ᠲ᠋ᠠ ᠪᠠᠢᠬᠤ᠎ᠶ᠋ᠢ ᠣᠯᠵᠤ ᠮᠡᠳᠡᠪᠡ᠃ ᠴᠢᠴᠢᠬᠠᠷ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ᠎ᠶ᠋ᠢᠨ ᠬᠢᠨᠠᠨ ᠪᠠᠢᠴᠠᠭᠠᠯᠲᠠ᠎ᠳᠤ 3 ᠺᠣᠮᠫᠠᠨᠢ ᠴᠥᠮ ᠬᠥᠳᠡᠯᠮᠦᠷᠢ᠎ᠶ᠋ᠢᠨ ᠭᠡᠷ᠎ᠡ ᠪᠤᠶᠤ ᠬᠥᠳᠡᠯᠮᠦᠷᠢ ᠦᠢᠯᠡᠴᠢᠯᠡᠭᠡᠨ᠎ᠤ ᠬᠡᠯᠡᠯᠴᠡᠭᠡᠷ᠂ ᠴᠠᠯᠢᠩ᠎ᠤᠨ ᠬᠦᠰᠦᠨᠦᠭ᠌ᠲᠦ᠍᠎ᠶ᠋ᠢ ᠬᠠᠭᠤᠷᠮᠠᠭ᠍ᠯᠠᠨ ᠵᠣᠬᠢᠶᠠᠭ᠍ᠰᠠᠨ ᠵᠡᠷᠭᠡ ᠠᠵᠢᠯᠯᠠᠭ᠎ᠠ ᠣᠷᠣᠱᠢᠵᠤ ᠪᠠᠢᠬᠤ᠎ᠶ᠋ᠢ ᠣᠯᠵᠤ ᠮᠡᠳᠡᠭᠡᠳ᠂ ᠬᠠᠮᠢᠶ᠎ᠠ ᠪᠥᠬᠦᠶ ᠰᠦᠪᠡᠭ᠌ᠴᠢ᠎ᠶ᠋ᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠳᠠᠷᠦ᠋ᠢᠬᠠᠨ ᠱᠢᠯᠵᠢᠭᠦᠯᠦᠨ ᠬᠦᠷᠭᠡᠪᠡ᠃ ᠪᠠᠢᠴᠠᠭᠠᠭ᠍ᠰᠠᠨ᠎ᠢᠶᠠᠷ᠂ ᠴᠢᠴᠢᠬᠠᠷ ᠬᠤᠲᠠ᠎ᠶ᠋ᠢᠨ ᠪᠠᠢ ᠰᠧ ᠲᠧ ᠠᠷᠠᠯᠵᠢᠶ᠎ᠠ ᠬᠤᠳᠠᠯᠳᠤᠭᠠᠨ᠎ᠤ ᠬᠢᠵᠠᠭᠠᠷᠲᠤ ᠺᠣᠮᠫᠠᠨᠢ᠂ ᠯᠦᠩ ᠶᠤᠸᠠᠨ ᠰᠦᠯᠵᠢᠶᠡᠨ᠎ᠤ ᠨᠡᠷᠡᠲᠦ ᠢᠳᠡᠭᠡᠨ᠎ᠤ ᠬᠢᠵᠠᠭᠠᠷᠲᠤ ᠺᠣᠮᠫᠠᠨᠢ ᠪᠣᠳᠠᠲᠠᠢ ᠲᠤᠬᠠᠢᠯᠠᠭ᠍ᠰᠠᠨ ᠠᠵᠢᠯ ᠪᠠᠢᠬᠤ ᠦᠭᠡᠢ᠂ ᠬᠤᠭᠤᠰᠣᠨ ᠺᠣᠮᠫᠠᠨᠢ ᠪᠠᠢ᠌ᠪᠠ; ᠬᠡᠷᠡᠭ᠎ᠲᠤ ᠬᠤᠯᠪᠣᠭ᠍ᠳᠠᠭ᠍ᠰᠠᠨ 3 ᠺᠣᠮᠫᠠᠨᠢ ᠬᠥᠮᠦᠨ ᠪᠦᠷᠢ ᠳᠤᠮᠳᠠᠴᠢ᠎ᠪᠠᠷ ᠶᠠᠩ * ᠾᠧᠩ᠂ ᠶᠠᠩ * ᠾᠧᠩ ᠤᠨ ᠬᠠᠮᠰᠠᠭ᠋ᠠᠳᠠᠨ ᠴᠠᠩ ᠣᠪᠣᠭ᠍ᠲᠤ᠎ᠲᠠᠢ ᠬᠠᠮᠲᠤ ᠠᠵᠢᠯ ᠦᠭᠡᠢ ᠵᠢᠷᠮᠦᠰᠦᠨ ᠡᠮᠡᠭ᠌ᠲᠡᠢ᠎ᠶ᠋ᠢ ᠣᠷᠣᠭᠤᠯᠵᠤ ᠠᠪᠤᠭᠠᠳ ᠺᠣᠮᠫᠠᠨᠢ᠎ᠶ᠋ᠢᠨ ᠨᠡᠷ᠎ᠡ ᠳᠣᠣᠷ᠎ᠠ ᠡᠯᠭᠦᠭ᠌ᠰᠡᠨ ᠪᠥᠭᠡᠳ ᠲᠡᠭᠦᠨ᠎ᠳᠦ ᠡᠮᠴᠢᠯᠡᠭᠡᠨ᠎ᠦ ᠳᠠᠭᠠᠳᠭᠠᠯ ( ᠦᠷᠡᠵᠢᠯ᠎ᠤᠨ ᠳᠠᠭᠠᠳᠭᠠᠯ᠎ᠢ ᠪᠠᠭ᠍ᠲᠠᠭᠠᠨ᠎ᠠ ) ᠲᠤᠱᠢᠶᠠᠵᠤ᠂ ᠬᠦᠩᠭᠡᠵᠢᠭᠰᠡᠨᠤ ᠳᠠᠷᠠᠭ᠎ᠠ ᠴᠠᠩ ᠣᠪᠣᠭ᠍ᠲᠤ᠎ᠠᠴᠠ ᠬᠥᠩᠭᠡᠵᠢᠭ᠌ᠰᠡᠨ ᠡᠮᠡᠭ᠌ᠲᠡᠢ᠎ᠳᠤ ᠦᠷᠡᠵᠢᠯ᠎ᠦᠨ ᠨᠡᠮᠡᠭᠦᠷᠢ ᠣᠯᠭᠤᠵᠤ᠂ ᠴᠠᠩ ᠣᠪᠣᠭ᠍ᠲᠤ᠂ ᠶᠠᠩ * ᠾᠧᠩ᠂ ᠬᠥᠩᠭᠡᠵᠢᠭ᠌ᠰᠡᠨ ᠡᠮᠡᠭ᠌ᠲᠡᠢ ᠵᠢᠴᠢ ᠵᠠᠪᠰᠠᠷ᠎ᠤᠨ ᠬᠥᠮᠦᠨ ᠶᠠᠩ * ᠱᠣᠸᠠᠩ ( ᠡᠮᠨᠡᠯᠭᠡ᠎ᠶ᠋ᠢᠨ ᠬᠤᠷᠢᠶᠠᠨ᠎ᠤ ᠡᠮᠡᠭ᠌ᠲᠡᠢ᠎ᠶ᠋ᠢᠨ ᠰᠠᠯᠠᠭᠠᠨ᠎ᠤ ᠰᠤᠪᠢᠯᠠᠭ᠍ᠴᠢ ) ᠵᠡᠷᠭᠡ ᠬᠥᠮᠦᠰ᠎ᠲᠤ ᠪᠤᠵᠠᠷ ᠠᠱᠢᠭ ᠣᠯᠭᠤᠵᠠᠢ᠃
ᠣᠳᠣᠬᠠᠨ᠎ᠳᠤ᠂ ᠡᠵᠡᠯᠡᠭ᠌ᠳᠡᠭ᠌ᠰᠡᠨ 26.02 ᠲᠦᠮᠡᠨ ᠦᠷᠡᠵᠢᠯ᠎ᠤᠨ ᠨᠡᠮᠡᠭᠦᠷᠢ ᠶ᠋ᠢ ᠨᠢᠭᠡᠨᠲᠡ ᠨᠡᠬᠡᠮᠵᠢᠯᠡᠨ ᠠᠪᠴᠢᠷᠠᠵᠤ᠂ ᠪᠠᠢᠴᠠᠭᠠᠬᠤ ᠪᠠᠢᠭᠤᠯᠭ᠎ᠠ᠎ᠠᠴᠠ ᠶᠠᠩ * ᠾᠧᠩ᠂ ᠴᠠᠩ ᠣᠪᠣᠭ᠍ᠲᠤ᠎ᠶ᠋ᠢ ᠪᠠᠷᠢᠪᠴᠢᠯᠠᠵᠠᠢ᠃
ᠬᠡᠷᠡᠭ᠎ᠤᠨ ᠵᠢᠱ᠌ᠢᠶ᠎ᠡ ᠭᠤᠷᠪᠠ ᠭᠤᠸᠠᠩᠰᠢ᠎ᠶ᠋ᠢᠨ ᠵᠤᠸᠠᠩ ᠦᠨᠳᠦᠰᠦᠲᠡᠨ᠎ᠤ ᠥᠪᠡᠷᠲᠡᠭᠡᠨ ᠵᠠᠰᠠᠬᠤ ᠣᠷᠣᠨ᠎ᠤ ᠬᠦᠶ ᠭᠠᠩ ᠬᠤᠲᠠ᠎ᠶ᠋ᠢᠨ ᠭᠠᠩ ᠪᠸᠢ ᠲᠣᠭᠤᠷᠢᠭ᠎ᠤᠨ ᠹᠧᠩ ᠳ᠋ᠠ ᠢᠳᠡᠭᠡᠨ ᠲᠣᠬᠢᠷᠠᠭᠤᠯᠤᠨ ᠬᠦᠷᠭᠡᠬᠦ᠌ ᠲᠥᠪ ᠵᠡᠷᠭᠡ 2 ᠳᠠᠭᠠᠳᠭᠠᠯ᠎ᠳᠤ ᠣᠷᠣᠯᠴᠠᠭ᠍ᠰᠠᠨ ᠨᠢᠭᠡᠴᠢ᠎ᠶ᠋ᠢᠨ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ ᠮᠡᠬᠡᠯᠡᠨ ᠠᠪᠤᠭ᠍ᠰᠠᠨ ᠬᠡᠷᠡᠭ
ᠭᠤᠸᠠᠩᠰᠢ᠎ᠶᠢᠨ ᠵᠤᠸᠠᠩ ᠦᠨᠳᠦᠰᠦᠲᠡᠨ᠎ᠦ᠌ ᠥᠪᠡᠷᠲᠡᠭᠡᠨ ᠵᠠᠰᠠᠬᠤ ᠣᠷᠣᠨ᠎ᠤ᠋ ᠬᠦᠢ ᠭᠠᠩ ᠬᠣᠲᠠ᠎ᠶᠢᠨ ᠡᠮᠴᠢᠯᠡᠭᠡᠨ᠎ᠦ ᠪᠠᠲᠣᠯᠠᠭ᠎ᠠ᠎ᠶᠢᠨ ᠲᠣᠪᠴᠢᠶ᠎ᠠ ᠨᠢ ᠡᠳᠦᠷ ᠳᠣᠳᠣᠮ᠎ᠤ᠋ᠨ ᠪᠠᠢᠴᠠᠭᠠᠯᠲᠠᠠ᠋ᠴᠠ ᠣᠯᠵᠤ ᠮᠡᠳᠡᠭ᠌ᠰᠡᠨ᠎ᠢᠶᠠᠷ᠂ ᠬᠦᠢ ᠭᠠᠩ ᠬᠣᠲᠠ᠎ᠶᠢᠨ ᠭᠠᠩ ᠪᠧᠢ ᠲᠣᠭᠣᠷᠢᠭ᠎ᠤ᠋ᠨ ᠹᠧᠩ ᠳᠡ ᠢᠳᠡᠭᠡᠨ᠎ᠦ᠌ ᠲᠣᠬᠢᠷᠠᠭᠤᠯᠤᠨ ᠬᠦᠷᠭᠡᠬᠦ᠌ ᠲᠥᠪ᠂ ᠭᠠᠩ ᠪᠧᠢ ᠲᠣᠭᠣᠷᠢᠭ᠎ᠤ᠋ᠨ ᠵᠢᠶᠠᠨ ᠵᠶ᠋ᠢ ᠰᠣᠷᠭᠣᠭ ᠮᠢᠬ᠎ᠠ ᠲᠣᠬᠢᠷᠠᠭᠤᠯᠤᠨ ᠬᠦᠷᠭᠡᠬᠦ᠌ ᠲᠥᠪ ᠪᠠᠢᠭᠤᠯᠤᠭ᠍ᠳᠠᠭ᠍ᠰᠠᠨᠠ᠋ᠴᠠ ᠨᠠᠭ᠋ᠠᠰᠢ ᠂ 3 ᠬᠥᠯᠥᠰᠥᠨ ᠠᠵᠢᠯᠴᠢᠨᠳ᠋ᠤ ᠬᠥᠩᠭᠡᠵᠢᠬᠦ᠌᠎ᠶᠢᠨ ᠬᠡᠳᠦᠨ ᠰᠠᠷ᠎ᠠ᠎ᠶᠢᠨ ᠳᠣᠲᠣᠷ᠎ᠠ ᠡᠮᠴᠢᠯᠡᠭᠡᠨ᠎ᠦ ᠳᠠᠭᠠᠳᠭᠠᠯ ( ᠦᠷᠡᠵᠢᠯ᠎ᠦ᠋ᠨ ᠳᠠᠭᠠᠳᠭᠠᠯ ᠪᠠᠭ᠍ᠲᠠᠨ᠎ᠠ ) ᠲᠤᠰᠢᠶᠠᠵᠤ᠂ ᠭᠣᠶᠣᠴᠢᠯᠠᠨ ᠮᠡᠳᠡᠭᠦᠯᠬᠦ ᠰᠠᠭᠤᠷᠢ ᠲᠣᠭ᠎ᠠ ᠨᠢ ᠬᠠᠮᠤᠭ ᠥᠨᠳᠥᠷ᠎ᠲᠤ᠎ᠪᠠᠨ 18000 ᠲᠥᠭᠥᠷᠢᠭ᠎ᠲᠦ᠍ ᠬᠦᠷᠴᠦ᠍᠂ ᠲᠤᠬᠠᠢ᠎ᠶᠢᠨ ᠭᠠᠵᠠᠷ᠎ᠤ᠋ᠨ ᠠᠳᠠᠯᠢ ᠲᠥᠷᠥᠯ᠎ᠦ᠋ᠨ ᠠᠵᠢᠯ᠎ᠤ᠋ᠨ ᠪᠠᠢᠷᠢ᠎ᠶᠢᠨ ᠴᠠᠯᠢᠩ ᠨᠢ 5000 ᠲᠥᠭᠥᠷᠢᠭ᠎ᠦ᠋ᠨ ᠳᠤᠮᠳᠠᠴᠢ ᠬᠢᠷᠢ ᠲᠥᠪᠰᠢᠨ᠎ᠡᠴᠡ ᠢᠯᠡᠳᠲᠡ ᠥᠨᠳᠥᠷ ᠪᠣᠯᠤᠭ᠍ᠰᠠᠨ ᠪᠥᠭᠡᠳ ᠶᠠᠮᠠᠷᠪᠠ ᠬᠥᠮᠦᠨ᠎ᠦ᠌ ᠪᠤᠰᠤᠳ ᠨᠡᠢᠭᠡᠮ᠎ᠦ᠋ᠨ ᠳᠠᠭᠠᠳᠭᠠᠯ᠎ᠳ᠋ᠤ ᠲᠤᠰᠢᠶᠠᠭ᠋ᠠᠳᠤᠢ᠂ ᠦᠷᠡᠵᠢᠯ᠎ᠦ᠋ᠨ ᠨᠡᠮᠡᠭᠦᠷᠢ ᠮᠡᠬᠡᠯᠡᠨ ᠠᠪᠤᠭ᠍ᠰᠠᠨ ᠰᠡᠵᠢᠭ᠌ᠯᠡᠯᠲᠡᠢ ᠪᠠᠢ᠌ᠬᠤ᠎ᠶᠢ ᠣᠯᠵᠣ ᠮᠡᠳᠡᠪᠡ᠃ ᠪᠠᠢᠴᠠᠭᠠᠭ᠍ᠰᠠᠨ᠎ᠢᠶᠠᠷ᠂ 2 ᠺᠣᠮᠫᠠᠨᠢ ᠭᠡᠷᠡᠴᠢ ᠮᠠᠲ᠋ᠧᠷᠢᠶᠠᠯ ᠬᠠᠭᠤᠷᠮᠠᠭ᠍ᠯᠠᠨ ᠵᠣᠬᠢᠶᠠᠭ᠍ᠰᠠᠨ᠂ ᠬᠤᠳᠠᠯ᠎ᠢᠶᠠᠷ ᠴᠠᠯᠢᠩ ᠠᠪᠤᠭ᠍ᠰᠠᠨ᠂ ᠨᠡᠢᠭᠡᠮ᠎ᠤᠨ ᠳᠠᠭᠠᠳᠭᠠᠯ᠎ᠤᠨ ᠲᠤᠱᠢᠶᠠᠬᠤ ᠰᠠᠭᠤᠷᠢ ᠲᠤᠭ᠎ᠠ᠎ᠶ᠋ᠢ ᠬᠠᠭᠤᠷᠮᠠᠭ᠎ᠢᠶᠠᠷ ᠮᠡᠳᠡᠭᠦᠯᠦᠭ᠌ᠰᠡᠨ ᠵᠡᠷᠭᠡ ᠮᠡᠬᠡᠯᠡᠨ ᠠᠪᠤᠭ᠍ᠰᠠᠨ ᠰᠡᠵᠢᠭ᠌ᠯᠡᠯᠲᠡᠶ᠂ ᠬᠤᠯᠪᠣᠭ᠍ᠳᠠᠭ᠍ᠰᠠᠨ ᠵᠣᠭᠤᠰ᠎ᠤᠨ ᠲᠤᠭ᠎ᠠ᠎ᠨᠢ 70090.69 ᠲᠥᠭᠦᠷᠢᠭ ᠪᠣᠯᠣᠨ᠎ᠠ᠃ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠨᠢ ᠲᠤᠰ ᠬᠡᠷᠡᠭ᠎ᠢ ᠬᠡᠷᠡᠭ ᠪᠣᠯᠭᠠᠨ ᠲᠠᠩᠨᠠᠨ ᠪᠠᠢᠴᠠᠭᠠᠵᠤ᠂ ᠳᠡᠭᠡᠷᠡᠬᠢ ᠬᠦᠮᠦᠰ ᠬᠠᠤᠯᠢ᠎ᠠᠴᠠ ᠵᠥᠷᠢᠴᠡᠭ᠌ᠰᠡᠨ ᠦᠢᠯᠡ ᠠᠵᠢᠯᠯᠠᠭ᠎ᠠ ᠪᠠᠨ ᠨᠢᠭᠤᠯᠲᠠ ᠦᠭᠡᠢ ᠦᠴᠢᠭᠯᠡᠪᠡ᠃
ᠣᠳᠣᠬᠠᠨ᠎ᠳᠤ᠂ ᠡᠵᠡᠯᠡᠭᠳᠡᠭᠰᠡᠨ ᠦᠷᠡᠵᠢᠯ᠎ᠦᠨ ᠨᠡᠮᠡᠭᠦᠷᠢ ᠶᠢ ᠨᠢᠭᠡᠨᠲᠡ ᠨᠡᠭᠡᠮᠵᠢᠯᠡᠨ ᠠᠪᠴᠢᠷᠠᠵᠦ᠂ ᠬᠡᠷᠡᠭ᠎ᠲᠤ ᠬᠤᠯᠪᠣᠭ᠍ᠳᠠᠭ᠍ᠰᠠᠨ 4 ᠭᠤᠣᠯ ᠰᠡᠵᠢᠭ᠌ᠳᠡᠨ᠎ᠢ ᠨᠢᠭᠡᠨᠲᠡ ᠪᠠᠢᠴᠠᠭᠠᠬᠤ ᠪᠠᠢᠭᠤᠯᠭ᠎ᠠ᠎ᠳᠤ ᠱᠢᠯᠵᠢᠭᠦᠯᠦᠨ ᠵᠠᠭᠠᠯᠳᠤᠭᠤᠯᠬᠤ᠎ᠪᠠᠷ ᠱᠢᠯᠵᠢᠭᠦᠯᠦᠨ ᠬᠦᠷᠭᠡᠭ᠌ᠰᠡᠨ ᠪᠠᠢᠨ᠎ᠠ᠃
ᠬᠡᠷᠡᠭ᠎ᠦᠨ ᠵᠢᠱ᠌ᠢᠶ᠎ᠡ ᠳᠥᠷᠪᠡ ᠯᠢᠶᠣᠤᠨᠢᠩ ᠮᠤᠵᠢ᠎ᠶ᠋ᠢᠨ ᠠᠨᠱᠠᠨ ᠬᠤᠲᠠ᠎ᠶ᠋ᠢᠨ ᠬᠤᠤ * ᠨᠠᠨ᠂ ᠱᠢᠩ ᠣᠪᠣᠭ᠍ᠲᠤ ᠬᠥᠳᠡᠯᠮᠦᠷᠢ᠎ᠶ᠋ᠢᠨ ᠬᠠᠷᠢᠴᠠᠭ᠎ᠠ᠎ᠶ᠋ᠢ ᠬᠠᠭᠤᠷᠮᠠᠭ᠍ᠯᠠᠨ ᠵᠣᠬᠢᠶᠠᠵᠤ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ ᠮᠡᠬᠡᠯᠡᠨ ᠠᠪᠤᠭ᠍ᠰᠠᠨ ᠬᠡᠷᠡᠭ
ᠯᠢᠶᠣᠤᠨᠢᠩ ᠮᠣᠵᠢ᠎ᠶᠢᠨ ᠠᠨᠱᠠᠨ ᠬᠣᠲᠠ᠎ᠶᠢᠨ ᠡᠮᠴᠢᠯᠡᠭᠡᠨ᠎ᠦ ᠪᠠᠲᠣᠯᠠᠭ᠎ᠠ᠎ᠶᠢᠨ ᠲᠣᠪᠴᠢᠶ᠎ᠠ ᠨᠢ ᠳᠠᠭᠠᠳᠭᠠᠯ᠎ᠳ᠋ᠤ ᠣᠷᠣᠯᠴᠠᠭ᠍ᠴᠢ ᠬᠣᠣ * ᠨᠠᠨ ᠳ᠋ᠤ ᠦᠷᠡᠵᠢᠯ᠎ᠦᠨ ᠨᠡᠮᠡᠭᠦᠷᠢ ᠶᠢ ᠭᠤᠶᠤᠴᠢᠯᠠᠨ ᠠᠪᠬᠤ ᠲᠤᠬᠠᠢᠯᠠᠭ᠍ᠰᠠᠨ ᠠᠵᠢᠯ᠎ᠢ᠋ ᠭᠦᠢᠴᠡᠳᠭᠡᠬᠦ᠌ ᠦᠶ᠎ᠡ᠎ᠳ᠋ᠦ᠍ ᠰᠡᠵᠢᠭᠲᠡᠢ ᠵᠦᠢᠯ ᠣᠯᠣᠭᠰᠠᠨ ᠪᠥᠭᠡᠳ ᠬᠢᠨᠠᠨ ᠪᠠᠢᠴᠠᠭᠠᠯᠲᠠ ᠬᠢᠪᠡ᠃ ᠪᠠᠢᠴᠠᠭᠠᠭ᠍ᠰᠠᠨ᠎ᠢᠶᠠᠷ᠂ 2024 ᠣᠨ᠎ᠤ ᠡᠬᠢ᠎ᠪᠠᠷ᠂ ᠬᠤᠤ * ᠨᠠᠨ ᠪᠣᠯᠤᠨ ᠱᠧᠩ ᠵᠢᠶᠧ ( ᠠᠨᠱᠠᠨ ᠬᠤᠲᠠ ) ᠶ᠋ᠢᠨ ᠢᠨᠲ᠋ᠧᠷ ᠰᠦᠯᠵᠢᠶᠡᠨ᠎ᠤ ᠦᠢᠯᠡᠴᠢᠯᠡᠭᠡᠨ᠎ᠤ ᠬᠢᠵᠠᠭᠠᠷᠲᠤ ᠺᠣᠮᠫᠠᠨᠢ᠎ᠶ᠋ᠢᠨ ᠬᠠᠤᠯᠢ᠎ᠶ᠋ᠢᠨ ᠬᠥᠮᠦᠨ ᠱᠢᠩ ᠣᠪᠣᠭ᠍ᠲᠤ ᠲᠠᠢ ᠬᠠᠮᠲᠤᠷᠠᠨ᠂ ᠬᠤᠤ * ᠨᠠᠨ ᠲᠣᠰ ᠺᠣᠮᠫᠠᠨᠢ᠎ᠳᠤ ᠲᠤᠱᠢᠶᠠᠯ ᠡᠭᠦᠷᠭᠡᠯᠡᠬᠦ᠌ ᠮᠠᠲ᠋ᠧᠷᠢᠶᠠᠯ᠎ᠢ ᠨᠠᠢᠷᠠᠭᠤᠯᠤᠨ ᠵᠣᠬᠢᠶᠠᠵᠤ᠂ 18803.37 ᠲᠥᠭᠦᠷᠢᠭ᠎ᠤᠨ ᠦᠷᠡᠵᠢᠯ᠎ᠦᠨ ᠨᠡᠮᠡᠭᠦᠷᠢ ᠮᠡᠬᠡᠯᠡᠨ ᠠᠪᠴᠤ᠌᠂ ᠰᠡᠭᠦᠯᠡᠷ᠎ᠨᠢ ᠲᠤᠰ ᠨᠡᠮᠡᠭᠦᠷᠢ ᠱᠢᠩ ᠣᠪᠣᠭ᠍ᠲᠤ᠎ᠳᠤ ᠡᠵᠡᠯᠡᠭ᠌ᠳᠡᠪᠡ᠃ ᠳᠡᠭᠡᠷ᠎ᠡ ᠳᠤᠷᠠᠳᠤᠭ᠍ᠰᠠᠨ ᠬᠥᠮᠦᠰ᠎ᠤᠨ ᠦᠷᠡᠵᠢᠯ᠎ᠦᠨ ᠨᠡᠮᠡᠭᠦᠷᠢᠮᠡᠬᠡᠯᠡᠨ ᠠᠪᠤᠭ᠍ᠰᠠᠨ ᠰᠡᠵᠢᠭ᠌ᠯᠡᠯᠲᠡᠢ ᠪᠣᠯᠬᠤᠷ ᠠᠨᠱᠠᠨ ᠬᠤᠲᠠ᠎ᠶ᠋ᠢᠨ ᠡᠮᠴᠢᠯᠡᠭᠡᠨ᠎ᠦ ᠪᠠᠲᠣᠯᠠᠭ᠎ᠠ᠎ᠶᠢᠨ ᠲᠣᠪᠴᠢᠶ᠎ᠠ ᠲᠣᠰ ᠬᠡᠷᠡᠭ᠎ᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍᠂ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠠᠴᠠ ᠱᠢᠩ ᠣᠪᠣᠭ᠍ᠲᠤ᠂ ᠬᠤᠤ * ᠨᠠᠨ᠎ᠳᠤ ᠠᠯᠪᠠᠳᠠᠯᠭ᠎ᠠ᠎ᠶ᠋ᠢᠨ ᠠᠷᠭ᠎ᠠ ᠬᠡᠮᠵᠢᠶ᠎ᠡ ᠠᠪᠤᠭ᠍ᠰᠠᠨ ᠪᠠᠢᠨ᠎ᠠ᠃
ᠣᠳᠣᠬᠠᠨ᠎ᠳᠤ ᠡᠵᠡᠯᠡᠭ᠌ᠳᠡᠭ᠌ᠰᠡᠨ ᠦᠷᠡᠵᠢᠯ᠎ᠦᠨ ᠨᠡᠮᠡᠭᠦᠷᠢ ᠶ᠋ᠢ ᠨᠢᠭᠡᠨᠲᠡ ᠨᠡᠬᠡᠮᠵᠢᠯᠡᠨ ᠠᠪᠴᠢᠷᠠᠪᠠ᠂ ᠲᠤᠰ ᠬᠡᠷᠡᠭ᠎ᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠠᠴᠠ ᠪᠠᠢᠴᠠᠭᠠᠬᠤ ᠪᠠᠢᠭᠤᠯᠭ᠎ᠠ᠎ᠳᠤ ᠱᠢᠯᠵᠢᠭᠦᠯᠦᠨ ᠬᠢᠨᠠᠨ ᠪᠠᠢᠴᠠᠭᠠᠯᠭᠠᠬᠤ᠎ᠪᠠᠷ ᠨᠢᠭᠡᠨᠲᠡ ᠱᠢᠯᠵᠢᠭᠦᠯᠦᠨ ᠬᠦᠷᠭᠡᠪᠡ᠃
ᠬᠡᠷᠡᠭ ᠤᠨ ᠵᠢᠱ᠌ᠢᠶ᠎ᠡ ᠲᠠᠪᠣ ᠱᠠᠩᠬᠠᠢ ᠬᠤᠲᠠ᠎ᠶ᠋ᠢᠨ ᠳᠠᠭᠠᠳᠭᠠᠯ᠎ᠳᠤ ᠣᠷᠣᠯᠴᠠᠭ᠍ᠴᠢ ᠶᠠᠩ ᠣᠪᠣᠭ᠍ᠲᠤ ᠭᠡᠷᠡᠴᠢ ᠮᠠᠲ᠋ᠧᠷᠢᠶᠠᠯ᠎ᠢ ᠬᠠᠭᠤᠷᠮᠠᠭ᠍ᠯᠠᠨ ᠵᠣᠬᠢᠶᠠᠵᠤ ᠦᠷᠡᠵᠢᠯ᠎ᠤᠨ ᠳᠠᠭᠠᠳᠭᠠᠯ᠎ᠤᠨ ᠰᠠᠭᠤᠷᠢ ᠮᠥᠩᠭᠦ ᠮᠡᠬᠡᠯᠡᠨ ᠠᠪᠤᠭ᠍ᠰᠠᠨ ᠬᠡᠷᠡᠭ
ᠱᠠᠩᠬᠠᠶ ᠬᠤᠲᠠ᠎ᠶ᠋ᠢᠨ ᠡᠮᠴᠢᠯᠡᠭᠡᠨ᠎ᠦ ᠪᠠᠲᠣᠯᠠᠭ᠎ᠠ᠎ᠶᠢᠨ ᠲᠣᠪᠴᠢᠶ᠎ᠠ ᠰᠦᠯᠵᠢᠶᠡᠨ ᠳᠡᠭᠡᠷᠡᠬᠢ ᠳ᠋ᠠᠢ᠌ᠲ᠋ᠠ᠎ᠶ᠋ᠢ ᠱᠢᠭ᠌ᠰᠢᠨ ᠪᠠᠢᠴᠠᠭᠠᠬᠤ᠎ᠶ᠋ᠢ ᠥᠷᠨᠢᠭᠦᠯᠬᠦ᠌ ᠦᠶ᠎ᠡ᠎ᠳᠤ ᠳᠠᠭᠠᠳᠭᠠᠯ᠎ᠳᠤ ᠣᠷᠣᠯᠴᠠᠭᠴᠢ ᠶᠠᠩ ᠣᠪᠣᠭ᠍ᠲᠤ᠎ᠶ᠋ᠢᠨ ᠦᠷᠡᠵᠢᠯ᠎ᠦᠨ ᠨᠡᠮᠡᠭᠦᠷᠢ ᠠᠪᠬᠤ᠎ᠪᠠᠷ ᠭᠤᠶᠤᠴᠢᠯᠠᠬᠤ᠎ᠳᠤ ᠰᠡᠵᠢᠭ᠎ᠲᠠᠢ ᠪᠠᠢᠬᠤ᠎ᠶ᠋ᠢ ᠣᠯᠵᠤ ᠮᠡᠳᠡᠭᠡᠳ᠂ ᠬᠤᠶᠠᠷ ᠤᠳᠠᠭ᠎ᠠ ᠭᠤᠶᠤᠴᠢᠯᠠᠨ ᠠᠪᠬᠤ ᠴᠠᠭ᠎ᠨᠢ ᠵᠥᠪᠬᠡᠨ 217 ᠡᠳᠦᠷ ᠠᠯᠤᠰᠯᠠᠵᠤ᠂ ᠰᠦᠯᠵᠢᠶᠡᠨ ᠭᠠᠳᠠᠭᠤᠷᠬᠢ ᠡᠪᠡᠳᠴᠢᠨ᠎ᠤ ᠲᠡᠣᠬᠡ ᠮᠠᠲ᠋ᠧᠷᠢᠶᠠᠯ᠎ᠢ ᠱᠢᠯᠵᠢᠭᠦᠯᠦᠨ ᠠᠪᠬᠤ᠂ ᠠᠵᠢᠯᠯᠠᠵᠤ ᠪᠠᠢᠭ᠎ᠠ ᠨᠢᠭᠡᠴᠢ᠎ᠶ᠋ᠢ ᠰᠤᠷᠪᠤᠯᠵᠢᠯᠠᠨ ᠬᠢᠨᠠᠨ ᠬᠠᠷᠭᠤᠭᠤᠯᠬᠤ ᠵᠢᠴᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠶ᠋ᠢᠨ ᠳ᠋ᠠᠢ᠌ᠲ᠋ᠠ᠎ᠲᠠᠢ ᠬᠠᠷᠢᠴᠠᠭᠤᠯᠬᠤ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ ᠭᠦᠨᠵᠡᠭᠡᠶ ᠬᠢᠨᠠᠨ ᠪᠠᠢᠴᠠᠭᠠᠪᠠ᠃ ᠪᠠᠢᠴᠠᠭᠠᠭ᠍ᠰᠠᠨ᠎ᠢᠶᠠᠷ᠂ ᠶᠠᠩ ᠣᠪᠣᠭ᠍ᠲᠤ ᠬᠤᠶᠠᠳᠤᠭ᠋ᠠᠷ ᠤᠳᠠᠭ᠎ᠠ ᠦᠷᠡᠵᠢᠯ᠎ᠦᠨ ᠨᠡᠮᠡᠭᠦᠷᠢ ᠭᠤᠶᠤᠴᠢᠯᠠᠨ ᠠᠪᠬᠤ ᠡᠪᠡᠳᠴᠢᠨ᠎ᠤ ᠲᠡᠣᠬᠡ᠎ᠶᠢᠨ ᠮᠠᠲ᠋ᠧᠷᠢᠶᠠᠯ᠎ᠢ ᠬᠤᠪᠢ ᠬᠥᠮᠦᠨ ᠬᠠᠭᠤᠷᠮᠠᠭ᠍ᠯᠠᠨ ᠵᠣᠬᠢᠶᠠᠵᠤ᠂ 62725.9 ᠲᠥᠭᠦᠷᠢᠭ᠎ᠤᠨ ᠦᠷᠡᠵᠢᠯ᠎ᠦᠨ ᠨᠡᠮᠡᠭᠦᠷᠢ ᠮᠡᠬᠡᠯᠡᠨ ᠠᠪᠤᠪᠠ᠃ ᠶᠠᠩ ᠣᠪᠣᠭ᠍ᠲᠤ ᠦᠷᠡᠵᠢᠯ᠎ᠦᠨ ᠨᠡᠮᠡᠭᠦᠷᠢᠮᠡᠬᠡᠯᠡᠨ ᠠᠪᠤᠭ᠍ᠰᠠᠨ ᠬᠡᠷᠡᠭ᠎ᠲᠦ᠍ ᠬᠣᠯᠪᠣᠭᠳᠠᠭ᠋ᠠᠳ᠂ ᠱᠠᠩᠬᠠᠢ ᠬᠣᠲᠠ᠎ᠶᠢᠨ ᠡᠮᠴᠢᠯᠡᠭᠡᠨ᠎ᠦ ᠪᠠᠲᠣᠯᠠᠭ᠎ᠠ᠎ᠶᠢᠨ ᠲᠣᠪᠴᠢᠶ᠎ᠠ᠂ ᠲᠣᠰ ᠬᠡᠷᠡᠭ᠎ᠢ ᠳᠣᠲᠣᠭ᠋ᠠᠲᠣᠶᠢ ᠬᠠᠮᠠᠭ᠋ᠠᠯᠠᠬᠤ ᠪᠠᠢ᠌ᠭᠣᠯᠭ᠎ᠠ᠎ᠳᠤ ᠰᠢᠯᠵᠢᠭᠦᠯᠦᠨ ᠬᠦᠷᠭᠡᠵᠡᠢ᠃
ᠣᠳᠣᠬᠠᠨ᠎ᠳᠤ᠂ ᠲᠣᠰ ᠬᠡᠷᠡᠭ᠎ᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠠᠴᠠ ᠪᠠᠢᠴᠠᠭᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍ ᠬᠢᠨᠠᠨ ᠪᠠᠢᠴᠠᠭᠠᠯᠭᠠᠵᠤ ᠵᠠᠭ᠋ᠠᠯᠳᠣᠭᠣᠯᠵᠣ᠂ ᠱᠠᠩᠬᠠᠶ ᠬᠤᠲᠠ᠎ᠶ᠋ᠢᠨ ᠵᠢᠩ ᠠᠨ ᠲᠣᠭᠤᠷᠢᠭ᠎ᠤᠨ ᠪᠠᠢᠴᠠᠭᠠᠬᠤ ᠬᠤᠷᠢᠶ᠎ᠠ᠎ᠠᠴᠠ ᠮᠡᠬᠡᠯᠡᠭ᠌ᠰᠡᠨ ᠶᠠᠯ᠎ᠠ᠎ᠪᠠᠷ ᠮᠠᠭᠠᠳᠯᠠᠨ ᠲᠣᠭ᠍ᠲᠠᠭᠠᠵᠤ᠂ ᠬᠤᠷᠢᠶᠠᠨ ᠠᠪᠤᠭ᠍ᠰᠠᠨ ᠬᠠᠤᠯᠢ᠎ᠠᠴᠠ ᠵᠥᠷᠢᠴᠡᠭ᠌ᠰᠡᠨ ᠣᠯᠵᠠᠪᠤᠷᠢ᠎ᠶ᠋ᠢ ᠨᠢᠭᠡᠨᠲᠡ ᠡᠮᠴᠢᠯᠡᠭᠡᠨ᠎ᠤ ᠪᠠᠲᠤᠯᠠᠭ᠎ᠠ᠎ᠶᠢᠨ ᠰᠠᠭᠤᠷᠢ ᠮᠥᠩᠭᠦ᠎ᠳᠤ ᠪᠤᠴᠠᠭᠠᠭ᠍ᠰᠠᠨ ᠪᠥᠭᠡᠳ ᠡᠮᠴᠢᠯᠡᠭᠡᠨ᠎ᠤ ᠪᠠᠲᠣᠯᠠᠭ᠎ᠠ᠎ᠶᠢᠨ ᠰᠠᠯᠠᠭ᠎ᠠ ᠮᠥᠴᠢᠷ᠎ᠠᠴᠠ ᠵᠠᠰᠠᠭ ᠵᠠᠬᠢᠷᠭᠠᠨ᠎ᠤ ᠱᠢᠢᠳᠭᠡᠯ ᠥᠭ᠌ᠪᠡ᠃