ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠌ ᠪᠣᠯ ᠠᠷᠠᠳ ᠣᠯᠠᠨ᠎ᠤ 《 ᠡᠪᠡᠳᠴᠢᠨ ᠦᠵᠡᠭᠦᠯᠬᠦ᠌ ᠵᠣᠭᠤᠰ 》᠂ 《 ᠠᠮᠢ ᠠᠪᠤᠷᠠᠬᠤ ᠵᠣᠭᠤᠰ 》 ᠮᠥᠨ᠂ ᠲᠡᠭᠦᠨ᠎ᠢ ᠵᠢᠷᠤᠮᠵᠢᠭᠤᠨ ᠪᠥᠭᠡᠳ ᠵᠦᠢ ᠵᠣᠬᠢᠰᠲᠠᠶ᠎ᠪᠠᠷ ᠬᠡᠷᠡᠭ᠌ᠯᠡᠬᠦ᠌᠎ᠨᠢ ᠥᠷᠭᠡᠨ ᠣᠯᠠᠨ ᠳᠠᠭᠠᠳᠭᠠᠯ᠎ᠳᠤ ᠣᠷᠣᠯᠴᠠᠭ᠍ᠰᠠᠨ ᠣᠯᠠᠨ ᠲᠦᠮᠡᠨ᠎ᠤ ᠠᠮᠢ ᠪᠡᠶ᠎ᠡ᠎ᠶ᠋ᠢᠨ ᠠᠱᠢᠭ ᠲᠤᠰᠠ᠎ᠳᠤ ᠬᠤᠯᠪᠣᠭ᠍ᠳᠠᠵᠤ ᠪᠠᠢᠳᠠᠭ᠃ ᠡᠮᠦᠨ᠎ᠡ ᠬᠤᠭᠤᠴᠠᠭ᠋ᠠᠨ᠎ᠳᠤ᠂ ᠤᠯᠤᠰ᠎ᠤ᠋ᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠲᠦᠷᠦᠭᠦᠦ ᠬᠤᠭᠤᠴᠠᠭᠠᠨ᠎ᠤ᠋ 7 ᠬᠤᠪᠢ ᠬᠥᠮᠦᠨ᠎ᠦ᠌ ᠡᠮᠴᠢᠯᠡᠭᠡᠨ᠎ᠦ ᠳᠠᠭᠠᠳᠭᠠᠯ᠎ᠤ᠋ᠨ ᠰᠠᠭᠤᠷᠢ ᠮᠥᠩᠭᠥ᠎ᠶᠢ ᠮᠡᠬᠡᠯᠡᠨ ᠠᠪᠤᠭ᠍ᠰᠠᠨ ᠨᠡᠢᠲᠡᠯᠢᠭ ᠬᠡᠷᠡᠭᠢ᠋ ᠨᠡᠢᠲᠡᠯᠡᠪᠡ᠃ ᠳᠠᠭᠠᠳᠭᠠᠯ᠎ᠢ ᠮᠡᠬᠡᠯᠡᠭ᠌ᠰᠡᠨ ᠠᠵᠢᠯᠯᠠᠭ᠎ᠠ᠎ᠳᠤ 《 ᠣᠭᠲᠣ ᠠᠭᠤᠴᠢᠯᠠᠬᠤ ᠦᠭᠡᠢ 》 ᠣᠪᠣᠷ᠎ᠢ ᠤᠯᠠᠮ ᠨᠢᠭᠡ ᠠᠯᠬᠤᠮ ᠢᠯᠡᠷᠡᠭᠦᠯᠵᠦ᠍᠂ ᠬᠠᠤᠯᠢ᠎ᠪᠠᠷ ᠵᠠᠰᠠᠬᠤ ᠤᠬᠠᠭᠤᠯᠭ᠎ᠠ ᠪᠠ ᠰᠡᠷᠡᠮᠵᠢᠯᠡᠭᠦᠯᠬᠦ᠌ ᠬᠥᠮᠦᠵᠢᠯ᠎ᠢ ᠴᠢᠩᠭᠠᠷᠠᠭᠤᠯᠤᠨ᠂ ᠪᠥᠬᠦ᠌ ᠨᠡᠢᠭᠡᠮ᠎ᠢᠶᠠᠷ᠎ᠢᠶᠠᠨ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ᠎ᠶ᠋ᠢᠨ ᠠᠮᠤᠷ ᠲᠦᠪᠱᠢᠨ᠎ᠢ ᠬᠠᠮᠲᠤ᠎ᠪᠠᠷ ᠬᠠᠮᠠᠭᠠᠯᠠᠬᠤ᠎ᠶ᠋ᠢ ᠬᠥᠲᠥᠯᠦᠨ ᠵᠢᠯᠣᠭᠤᠳᠭᠤ᠎ᠶ᠋ᠢᠨ ᠲᠤᠰᠠᠳᠠ᠂ ᠡᠳᠦᠭᠡ ᠬᠤᠶᠠᠳᠤᠭᠠᠷ ᠬᠤᠭᠤᠴᠠᠭᠠᠨ᠎ᠤ 11 ᠬᠤᠪᠢ ᠬᠥᠮᠦᠨ᠎ᠤ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠤᠭ᠍ᠰᠠᠨ ᠨᠡᠢᠲᠡᠯᠢᠭ ᠬᠡᠷᠡᠭ᠎ᠤᠨ ᠵᠢᠱ᠌ᠢᠶ᠎ᠡ᠎ᠶ᠋ᠢ ᠨᠡᠢᠲᠡᠯᠡᠪᠡ᠃
ᠬᠡᠷᠡᠭ᠎ᠦᠨ ᠵᠢᠱ᠌ᠢᠶ᠎ᠡ ᠨᠢᠭᠡ ᠵᠢᠶᠠᠩᠰᠦ ᠮᠤᠵᠢᠶ᠋ᠢᠨᠲᠠᠢᠵᠧᠦ ᠬᠣᠲᠠ᠎ᠶ᠋ᠢᠨ ᠳᠠᠭᠠᠳᠭᠠᠯ᠎ᠳᠤ ᠣᠷᠣᠯᠴᠠᠭᠴᠢ ᠵᠢᠩ ᠣᠪᠣᠭ᠍ᠲᠤ ᠵᠡᠷᠭᠡ ᠡᠮᠴᠢᠯᠡᠭᠡᠨ᠎ᠦ ᠳᠠᠭᠠᠳᠭᠠᠯ᠎ᠤᠨ ᠡᠮ᠎ᠤᠨ ᠵᠦᠢᠯ᠎ᠢ ᠫᠠᠨᠽᠠᠯᠠᠵᠤ ᠳᠠᠭᠠᠳᠭᠠᠯ ᠮᠡᠬᠡᠯᠡᠭ᠌ᠰᠡᠨ ᠬᠡᠷᠡᠭ
2023 ᠣᠨ᠎ᠤ 3 ᠳ᠋ᠤᠭ᠋ᠠᠷ ᠰᠠᠷ᠎ᠠ᠎ᠳᠤ᠂ ᠵᠢᠶᠠᠩᠰᠦ ᠮᠤᠵᠢ᠎ᠶ᠋ᠢᠨ ᠲᠠᠢᠵᠸᠤ ᠬᠤᠲᠠ᠎ᠶ᠋ᠢᠨ ᠡᠮᠴᠢᠯᠡᠭᠡᠨ᠎ᠤ ᠪᠠᠲᠤᠯᠠᠭ᠎ᠠ᠎ᠶᠢᠨ ᠰᠠᠯᠠᠭ᠎ᠠ ᠮᠥᠴᠢᠷ ᠴᠡᠭ ᠳᠣᠭᠲᠠᠭ᠋ᠠᠭᠰᠠᠨ ᠡᠮᠴᠢᠯᠡᠭᠡᠨ᠎ᠤ ᠪᠠᠢᠭᠤᠯᠤᠮᠵᠢ᠎ᠶ᠋ᠢᠨ ᠮᠡᠳᠡᠭᠦᠯᠦᠭ᠌ᠰᠡᠨ ᠡᠮᠴᠢᠯᠡᠭᠡᠨ᠎ᠦ ᠵᠠᠷᠤᠳᠠᠯ᠎ᠢ ᠬᠢᠨᠠᠨ ᠬᠠᠷᠭᠤᠭᠤᠯᠬᠤ ᠦᠶ᠎ᠡ᠎ᠳᠤ᠂ ᠲᠣᠰ ᠬᠤᠲᠠ᠎ᠶ᠋ᠢᠨ ᠳᠠᠭᠠᠳᠭᠠᠯ᠎ᠳᠤ ᠣᠷᠣᠯᠴᠠᠭ᠍ᠴᠢ ᠵᠢᠩ ᠣᠪᠣᠭ᠍ᠲᠤ ᠣᠯᠠᠨᠲᠠ ᠡᠮᠨᠡᠯᠭᠡ ᠠᠯᠤᠰᠯᠠᠨ ᠳ᠋ᠤᠭᠠᠷᠯᠠᠭ᠍ᠰᠠᠨ ᠪᠥᠭᠡᠳ ᠲᠠ ᠺᠧ ᠮᠥᠸᠸ ᠰᠧ ᠵᠡᠷᠭᠡ ᠥᠨᠳᠥᠷ ᠦᠨ᠎ᠡ᠎ᠲᠠᠢ ᠡᠮ᠎ᠤᠨ ᠵᠦᠢ᠍ᠯ᠎ᠢ ᠬᠤᠳᠠᠯᠳᠤᠭᠰᠠᠨ ᠬᠡᠪ᠎ᠤᠨ ᠪᠤᠰᠤ ᠦᠢᠯᠡ ᠠᠵᠢᠯᠯᠠᠭ᠎ᠠ ᠣᠷᠣᠱᠢᠵᠤ ᠪᠠᠢᠬᠤ᠎ᠶ᠋ᠢ ᠣᠯᠵᠤ ᠮᠡᠳᠡᠵᠦ᠂ ᠲᠡᠷᠡ ᠳᠠᠷᠤᠶ᠎ᠳᠤ ᠨᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠲᠠᠢ ᠬᠠᠮᠲᠤᠷᠠᠨ ᠪᠠᠢᠴᠠᠭᠠᠨ ᠱᠢᠢᠳᠪᠦᠷᠢᠯᠡᠬᠦ᠌ ᠠᠵᠢᠯ᠎ᠢ ᠥᠷᠨᠢᠭᠦᠯᠪᠡ᠃ ᠪᠠᠢᠴᠠᠭᠠᠭ᠍ᠰᠠᠨ᠎ᠢᠶᠠᠷ᠂ ᠵᠢᠩ ᠣᠪᠣᠭ᠍ᠲᠤ ᠣᠨᠴᠠᠭᠠᠶ ᠡᠪᠡᠳᠴᠢᠨ ᠡᠮᠭᠡᠭ᠎ᠤᠨ ᠡᠮᠴᠢᠯᠡᠭᠡᠨ᠎ᠦ ᠳᠠᠭᠠᠳᠭᠠᠯ᠎ᠤᠨ ᠬᠠᠷᠠᠭ᠋ᠠᠯᠵᠠᠯ ᠭᠥᠷᠳᠡᠬᠦ᠌ ᠲᠥᠬᠦᠮ ᠨᠥᠬᠦᠴᠡᠯ᠎ᠢ ᠠᠱᠢᠭ᠍ᠯᠠᠨ᠂ ᠬᠠᠭᠤᠷᠮᠠᠭ᠎ᠢᠶᠠᠷ ᠡᠮ ᠬᠡᠷᠡᠭ᠌ᠯᠡᠬᠦ᠌ ᠬᠡᠷᠡᠭ᠌ᠴᠡᠭᠡ ᠱᠠᠭᠠᠷᠳᠠᠯᠭ᠎ᠠ᠂ ᠳᠠᠬᠢᠨ ᠳᠠᠪᠲᠠᠨ ᠳ᠋ᠤᠭᠠᠷᠯᠠᠵᠤ ᠡᠮᠨᠡᠭᠦᠯᠬᠦ᠌ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ᠂ ᠣᠯᠠᠨ ᠡᠮᠨᠡᠯᠭᠡ᠎ᠶ᠋ᠢᠨ ᠬᠤᠷᠢᠶ᠎ᠠ᠎ᠠᠴᠠ ᠡᠮᠴᠢᠯᠡᠭᠡᠨ᠎ᠦ ᠳᠠᠭᠠᠳᠭᠠᠯ᠎ᠤᠨ ᠡᠮ᠎ᠤᠨ ᠵᠦᠢᠯ᠎ᠢ ᠬᠡᠮᠵᠢᠶ᠎ᠡ᠎ᠠᠴᠠ ᠬᠡᠲᠦᠷᠡᠭᠦᠯᠦᠨ ᠬᠤᠳᠠᠯᠳᠤᠨ ᠠᠪᠴᠤ᠌᠂ ᠳᠠᠷᠠᠭ᠎ᠠ᠎ᠨᠢ ᠳᠣᠤᠷ᠎ᠠ ᠦᠨ᠎ᠡ᠎ᠪᠠᠷ ᠡᠮ ᠬᠤᠷᠢᠶᠠᠭ᠍ᠴᠢ ᠯᠢᠦ ᠣᠪᠣᠭ᠍ᠲᠤ᠎ᠳᠤ ᠬᠤᠳᠠᠯᠳᠤᠵᠠᠢ᠃ ᠯᠢᠦ ᠣᠪᠣᠭ᠍ᠲᠤ ᠡᠮ᠎ᠤᠨ ᠵᠦᠢᠯ᠎ᠤᠨ ᠳᠠᠭᠠᠳᠭᠠᠯ᠎ᠤᠨ ᠠᠰᠢ᠎ᠶᠢ ᠲᠣᠳᠣᠷᠬᠠᠶ ᠮᠡᠳᠡᠵᠦ᠍᠂ ᠮᠥᠨ ᠬᠦ᠌ ᠣᠷᠳᠣ ᠬᠤᠭᠤᠴᠠᠭ᠎ᠠ᠎ᠪᠠᠷ ᠬᠤᠳᠠᠯᠳᠤᠨ ᠠᠪᠬᠤ᠎ᠶ᠋ᠢᠨ ᠬᠠᠮᠲᠤ ᠲᠠᠩ ᠣᠪᠣᠭ᠍ᠲᠤ ᠵᠡᠷᠭᠡ ᠬᠥᠮᠦᠨ᠎ᠢᠶᠠᠷ ᠳᠠᠮᠵᠢᠨ ᠮᠤᠵᠢ ᠠᠯᠤᠰᠯᠠᠨ ᠪᠣᠷᠣᠯᠠᠭᠤᠯᠬᠤ ᠠᠷᠭ᠎ᠠ ᠵᠠᠮ᠎ᠢ ᠪᠠᠢᠭᠤᠯᠵᠤ᠂ 《 ᠡᠮ ᠮᠡᠬᠡᠯᠡᠬᠦ ᠬᠤᠳᠠᠯᠳᠤᠨ ᠠᠪᠬᠤ ᠮᠤᠵᠢ ᠠᠯᠤᠰᠯᠠᠨ ᠫᠠᠨᠽᠠᠯᠠᠬᠤ 》 ᠪᠦᠷᠢᠨ ᠪᠦᠲᠦᠨ ᠶᠠᠯᠠᠲᠤ ᠠᠵᠢᠯᠯᠠᠭ᠎ᠠ᠎ᠶ᠋ᠢᠨ ᠬᠡᠯᠬᠢᠶ᠎ᠡ᠎ᠶ᠋ᠢ ᠪᠣᠶ ᠪᠣᠯᠭ᠋ᠠᠵᠠᠢ᠃ ᠲᠣᠰ ᠬᠡᠷᠡᠭ᠎ᠲᠤ ᠨᠡᠢᠲᠡ 28 ᠲᠦᠮᠡ ᠭᠠᠷᠤᠶ ᠲᠥᠭᠦᠷᠢᠭ᠎ᠤᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢᠨ ᠬᠤᠬᠢᠷᠠᠯ ᠭᠠᠷᠭᠠᠵᠤ᠂ ᠡᠭᠦᠨ᠎ᠳᠤ ᠵᠢᠩ ᠣᠪᠣᠭ᠍ᠲᠤ ᠬᠠᠤᠯᠢ ᠪᠤᠰᠤ᠎ᠪᠠᠷ 4 ᠲᠦᠮᠡᠨ ᠲᠥᠭᠦᠷᠢᠭ᠎ᠤᠨ ᠠᠱᠢᠭ ᠣᠯᠵᠤ᠂ ᠯᠢᠦ ᠣᠪᠣᠭ᠍ᠲᠤ᠂ ᠲᠠᠩ ᠣᠪᠣᠭ᠍ᠲᠤ ᠬᠠᠮᠲᠤ᠎ᠪᠠᠷ 3.5 ᠲᠦᠮᠡᠨ ᠲᠥᠭᠦᠷᠢᠭ᠎ᠤᠨ ᠠᠱᠢᠭ ᠣᠯᠵᠠᠢ᠃
2025 ᠣᠨ᠎ᠤ 7 ᠳ᠋ᠤᠭ᠋ᠠᠷ ᠰᠠᠷ᠎ᠠ᠎ᠳᠤ᠂ ᠲᠠᠢᠵᠧᠦ᠍ᠶ᠋ᠢᠨ ᠡᠮ ᠡᠮᠨᠡᠯᠭᠡ᠎ᠶᠢᠨ ᠳᠡᠭᠡᠳᠦ ᠱᠢᠨ᠎ᠡ ᠮᠡᠷᠭᠡᠵᠢᠯ᠎ᠤᠨ ᠠᠵᠤ ᠦᠢᠯᠡᠰ᠎ᠤᠨ ᠨᠡᠭᠡᠭᠡᠯᠲᠡ᠎ᠶ᠋ᠢᠨ ᠲᠣᠭᠤᠷᠢᠭ᠎ᠤᠨ ᠠᠷᠠᠳ᠎ᠤᠨ ᠱᠢᠭᠦᠬᠦ᠌ ᠬᠤᠷᠢᠶ᠎ᠠ ᠮᠡᠬᠡᠯᠡᠭ᠌ᠰᠡᠨ ᠶᠠᠯ᠎ᠠ᠎ᠪᠠᠷ ᠵᠢᠩ ᠣᠪᠣᠭᠲᠤ᠎ᠶᠢ 3 ᠵᠢᠯ ᠬᠤᠭᠤᠴᠠᠭ᠎ᠠ᠎ᠲᠠᠢ ᠬᠣᠷᠢᠵᠤ᠂ 3 ᠵᠢᠯ 6 ᠰᠠᠷ᠎ᠠ ᠡᠷᠡᠭᠦᠦ ᠰᠢᠢ᠍ᠳᠬᠡᠯ᠎ᠢ ᠬᠣᠢ᠌ᠰᠢᠯᠠᠭᠤᠯᠬᠤ᠎ᠶᠢᠨ ᠬᠠᠮᠲᠤ 3 ᠲᠦᠮᠡᠨ ᠲᠥᠭᠦᠷᠢᠭ᠎ᠤᠨ ᠵᠣᠭᠤᠰ᠎ᠢᠶᠠᠷ ᠲᠣᠷᠭ᠋ᠠᠨ᠎ᠠ; ᠯᠢᠦ ᠣᠪᠣᠭ᠍ᠲᠤ᠂ ᠲᠠᠩ ᠣᠪᠣᠭ᠍ᠲᠤ ᠴᠥᠮ ᠨᠢᠭᠤᠵᠤ ᠳᠠᠯᠳᠠᠯᠠᠬᠤ ᠶᠠᠯ᠎ᠠ᠎ᠪᠠᠷ 3 ᠵᠢᠯ ᠬᠤᠭᠤᠴᠠᠭ᠎ᠠ᠎ᠲᠠᠢ ᠬᠣᠷᠢᠵᠤ᠂ 3 ᠵᠢᠯ ᠡᠷᠡᠭᠦᠦ ᠰᠢᠢ᠍ᠳᠬᠡᠯ ᠬᠣᠢ᠌ᠰᠢᠯᠠᠭᠤᠯᠬᠤ᠎ᠶᠢᠨ ᠬᠠᠮᠲᠤ 1 ᠲᠦᠮᠡᠨ ᠲᠥᠭᠦᠷᠢᠭ ᠵᠣᠭᠤᠰ᠎ᠢᠶᠠᠷ ᠲᠣᠷᠭ᠋ᠠᠪᠠ᠃ ᠡᠭᠦᠨ᠎ᠤ ᠬᠠᠮᠲᠤ ᠵᠢᠩ ᠣᠪᠣᠭ᠍ᠲᠤ᠎ᠶ᠋ᠢ ᠵᠠᠷᠯᠢᠭ᠍ᠳᠠᠵᠤ ᠪᠠᠢᠭᠠᠳ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ 28 ᠲᠦᠮᠡᠨ ᠲᠥᠭᠦᠷᠢᠭ᠎ᠢ ᠪᠤᠴᠠᠭᠠᠯᠭᠠᠵᠤ᠂ ᠠᠯᠢᠪᠠ ᠬᠠᠤᠯᠢ᠎ᠠᠴᠠ ᠵᠥᠷᠢᠴᠡᠭ᠌ᠰᠡᠨ ᠠᠰᠢᠭ᠎ᠢ ᠴᠥᠮ ᠬᠤᠷᠢᠶᠠᠨ ᠠᠪᠤᠪᠠ᠃
ᠬᠡᠷᠡᠭ ᠵᠢᠱ᠌ᠢᠶ᠎ᠡ ᠬᠣᠶᠠᠷ ᠬᠦᠢᠵᠧᠦ ᠮᠣᠵᠢ᠎ᠶᠢᠨ ᠽᠦᠨ ᠢ ᠬᠣᠲᠠ᠎ᠶᠢᠨ ᠵᠣᠣ ᠣᠪᠣᠭ᠍ᠲᠤ ᠵᠡᠷᠭᠡ 3 ᠬᠥᠮᠦᠨ ᠡᠮᠴᠢᠯᠡᠭᠡᠨ᠎ᠦ ᠳᠠᠭᠠᠳᠭᠠᠯ᠎ᠤ᠋ᠨ ᠡᠮ᠎ᠤᠨ ᠵᠦᠢᠯ᠎ᠢ ᠫᠠᠨᠽᠠᠯᠠᠵᠤ ᠳᠠᠭᠠᠳᠭᠠᠯ ᠮᠡᠬᠡᠯᠡᠭ᠌ᠰᠡᠨ ᠬᠡᠷᠡᠭ
2023 ᠣᠨ᠎ᠳ᠋ᠤ᠂ ᠭᠦᠢᠵᠧᠦ ᠮᠣᠵᠢ᠎ᠶᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠤᠳᠠᠭᠠᠨ ᠴᠢᠨᠠᠷᠲᠠᠢ ᠣᠨᠴᠠ ᠡᠪᠡᠳᠴᠢᠨ᠎ᠦ᠌ ᠡᠮ᠎ᠦ᠋ᠨ ᠵᠦᠢ᠍ᠯ᠎ᠦᠨ ᠳ᠋ᠠᠢ᠌ᠲ᠋ᠠ᠎ᠪᠠᠷ ᠳᠠᠮᠵᠢᠨ ᠰᠡᠵᠢᠭᠲᠡᠢ ᠰᠦᠪᠡᠭ᠌ᠴᠢ᠎ᠶᠢ ᠵᠠᠳᠠᠯᠵᠤ ᠬᠢᠨᠠᠨ ᠬᠡᠮᠵᠢᠵᠦ᠍᠂ ᠰᠢᠭᠡᠰᠦᠨ ᠬᠣᠣᠷᠳᠠᠯ᠎ᠲᠤ ᠡᠪᠡᠳᠴᠢᠨ ᠲᠠᠢ ᠡᠪᠡᠳᠴᠢᠲᠡᠨ ᠯᠦ᠍ ᠣᠪᠣᠭ᠍ᠲᠤ ᠡᠮᠴᠢᠯᠡᠭᠡᠨ᠎ᠦ ᠳᠠᠭᠠᠳᠭᠠᠯ᠎ᠤ᠋ᠨ ᠡᠮ᠎ᠦ᠋ᠨ ᠵᠦᠢᠯ᠎ᠢ᠋ ᠬᠡᠳᠦ ᠶᠡᠬᠡ ᠬᠤᠳᠠᠯᠳᠤᠨ ᠠᠪᠤᠭᠰᠠᠨ ᠬᠡᠪ᠎ᠦ᠋ᠨ ᠪᠤᠰᠤ ᠠᠵᠢᠯᠯᠠᠭ᠎ᠠ ᠣᠷᠣᠰᠢᠵᠤ ᠪᠣᠢ᠃ ᠲᠤᠬᠠᠶ᠎ᠶ᠋ᠢᠨ ᠭᠠᠵᠠᠷ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠲᠡᠷᠡ ᠳᠠᠷᠤᠶ᠎ᠳᠤ ᠨᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠲᠠᠢ ᠬᠠᠮᠲᠤᠷᠠᠨ ᠲᠤᠰᠭᠠᠶ ᠪᠠᠢᠴᠠᠭᠠᠯᠲᠠ ᠥᠷᠨᠢᠭᠦᠯᠪᠡ᠃ ᠪᠠᠢᠴᠠᠭᠠᠭ᠍ᠰᠠᠨ᠎ᠢᠶᠠᠷ᠂ ᠵᠣᠣ ᠣᠪᠣᠭ᠍ᠲᠤ ᠲᠣᠰ ᠬᠡᠷᠡᠭ᠎ᠤᠨ ᠭᠤᠤᠯ ᠵᠣᠬᠢᠶᠠᠨ ᠪᠠᠢᠭᠤᠯᠤᠭ᠍ᠴᠢ ᠪᠠᠢ᠌ᠵᠤ᠂ ᠲᠢᠺ ᠲᠣᠺ᠂ ᠸᠢᠴᠠᠲ᠎ᠤᠨ ᠴᠤᠭᠯᠠᠷᠠᠯ᠎ᠢᠶᠠᠷ ᠳᠠᠮᠵᠢᠭᠤᠯᠤᠨ ᠡᠮ ᠬᠤᠷᠢᠶᠠᠬᠤ ᠮᠡᠳᠡᠭᠡ ᠵᠠᠩᠭᠢ ᠨᠡᠢᠲᠡᠯᠡᠵᠦ᠍᠂ ᠡᠯ᠎ᠡ ᠭᠠᠵᠠᠷ᠎ᠤᠨ ᠡᠪᠡᠳᠴᠢᠲᠡᠨ᠎ᠳᠤ ᠬᠡᠮᠵᠢᠶ᠎ᠡ᠎ᠠᠴᠠ ᠬᠡᠲᠦᠷᠡᠲᠡᠯ᠎ᠡ ᠡᠮ ᠬᠤᠳᠠᠯᠳᠤᠬᠤ᠎ᠶ᠋ᠢᠨ ᠬᠠᠮᠲᠤ ᠪᠠᠢᠴᠠᠭᠠᠬᠤ ᠡᠴᠡ ᠵᠠᠢ᠌ᠯᠠᠬᠤ ᠤᠷ᠎ᠠ ᠮᠡᠷᠭᠡᠵᠢᠯ ᠤᠯᠠᠮᠵᠢᠯᠠᠵᠤ᠂ ᠡᠪᠡᠳᠴᠢᠲᠡᠨ ᠨᠠᠢᠵᠠ ᠵᠢᠴᠢ ᠡᠮ᠎ᠤᠨ ᠳᠡᠯᠭᠡᠭᠦᠷ᠎ᠠᠴᠠ ᠡᠮ᠎ᠤᠨ ᠵᠦᠢᠯ᠎ᠢ ᠬᠤᠷᠢᠶᠠᠨ ᠠᠪᠤᠭ᠍ᠰᠠᠨ᠎ᠤ ᠳᠠᠷᠠᠭ᠎ᠠ᠂ ᠳᠠᠬᠢᠨᠲᠠ ᠦᠨ᠎ᠡ ᠨᠡᠮᠡᠨ ᠬᠤᠳᠠᠯᠳᠤᠵᠤ᠂ ᠪᠥᠬᠦ᠌ ᠶᠠᠪᠤᠴᠠ᠎ᠳᠤ ᠪᠠᠷᠠᠭᠠᠨ᠎ᠤ ᠭᠦᠢᠯᠭᠡᠭᠡ᠎ᠪᠠᠷ ᠡᠮ᠎ᠤᠨ ᠵᠦᠢᠯ ᠳᠠᠮᠵᠢᠭᠤᠯᠵᠤ᠂ ᠸᠢᠴᠠᠲ᠎ᠢᠶᠠᠷ ᠵᠣᠭᠣᠰ ᠮᠥᠩᠭᠦ᠎ᠶᠢ ᠳ᠋ᠦᠩᠨᠡᠨ ᠪᠣᠳᠣᠬᠣ᠎ᠪᠡᠷ ᠳᠠᠮᠵᠢᠭᠤᠯᠤᠨ᠂ ᠬᠠᠤᠯᠢ ᠪᠤᠰᠤ ᠠᠷᠠᠯᠵᠢᠶᠠᠨ᠎ᠤ ᠬᠡᠯᠬᠢᠶ᠎ᠡ᠎ᠶ᠋ᠢ ᠪᠣᠶ ᠪᠣᠯᠭ᠋ᠠᠵᠠᠢ᠃ 2023 ᠣᠨ᠎ᠠᠴᠠ ᠨᠠᠭ᠋ᠠᠰᠢ᠂ ᠵᠤᠤ ᠣᠪᠣᠭ᠍ᠲᠤ ᠯᠦ᠍ ᠣᠪᠣᠭ᠍ᠲᠤ᠂ ᠱᠠᠩ ᠣᠪᠣᠭ᠍ᠲᠤ ᠨᠡᠷ ᠡᠮᠴᠢᠯᠡᠭᠡᠨ᠎ᠦ ᠳᠠᠭᠠᠳᠭᠠᠯ᠎ᠤᠨ ᠡᠮ᠎ᠤᠨ ᠵᠦᠢ᠍ᠯ᠎ᠢ ᠫᠠᠨᠽᠠᠯᠠᠬᠤ᠎ᠳᠤ ᠣᠷᠣᠯᠴᠠᠵᠤ᠂ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 282392.52 ᠲᠥᠭᠦᠷᠢᠭ ᠬᠤᠯᠪᠣᠭ᠍ᠳᠠᠵᠤ᠂ ᠬᠠᠤᠯᠢ ᠪᠤᠰᠤ᠎ᠪᠠᠷ 20000 ᠲᠥᠭᠦᠷᠢᠭ᠎ᠤᠨ ᠠᠱᠢᠭ ᠬᠦᠷᠲᠡᠵᠡᠢ᠃ ᠯᠦ᠍ ᠣᠪᠣᠭ᠍ᠲᠤ 2023 ᠣᠨ᠎ᠤ 5 ᠳ᠋ᠤᠭ᠋ᠠᠷ ᠰᠠᠷ᠎ᠠ᠎ᠠᠴᠠ 2024 ᠣᠨ᠎ᠤ 4 ᠳ᠋ᠤᠭᠡᠷ ᠰᠠᠷ᠎ᠠ ᠪᠣᠯᠲᠠᠯ᠎ᠠ 4 ᠡᠮᠴᠢᠯᠡᠭᠡᠨ᠎ᠤ ᠪᠠᠢᠭᠤᠯᠤᠮᠵᠢ᠎ᠳᠤ ᠡᠭᠡᠯᠵᠢᠯᠡᠨ ᠡᠮᠨᠡᠭᠦᠯᠦᠭ᠌ᠰᠡᠨ ᠪᠥᠭᠡᠳ 《 ᠲᠠ ᠺᠧ ᠮᠥᠸᠸ ᠰᠧ 》 ᠡᠮ᠎ᠢ ᠬᠡᠮᠵᠢᠶ᠎ᠡ᠎ᠡᠴᠡ ᠬᠡᠲᠦᠷᠡᠭᠦᠯᠦᠨ 19187.5mg ᠬᠤᠳᠠᠯᠳᠤᠵᠤ᠂ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 169746.04 ᠲᠥᠭᠦᠷᠢᠭ ᠬᠣᠯᠪᠣᠭᠳᠠᠵᠤ᠂ ᠬᠠᠤᠯᠢ ᠪᠤᠰᠤ᠎ᠪᠠᠷ 86922 ᠲᠥᠭᠦᠷᠢᠭ ᠠᠰᠢᠭ ᠣᠯᠵᠠᠢ; ᠱᠠᠩ ᠣᠪᠣᠭ᠍ᠲᠤ᠎ᠶ᠋ᠢᠨ 2023 ᠣᠨ᠎ᠤ 10 ᠳ᠋ᠤᠭ᠋ᠠᠷ ᠰᠠᠷ᠎ᠠ᠎ᠠᠴᠠ 2024 ᠣᠨ᠎ᠤ 8 ᠳ᠋ᠤᠭ᠋ᠠᠷ ᠰᠠᠷ᠎ᠠ ᠪᠣᠯᠲᠠᠯ᠎ᠠ 《 ᠪᠥᠸᠧ ᠱᠠ ᠺᠠᠩ ᠽᠦᠸ ᠤᠤᠭᠤᠬᠤ ᠰᠢᠩᠭᠡᠨ 》᠎ᠢ 31 ᠯᠣᠩᠬᠤ᠂ 《 ᠯᠦ᠍ ᠺᠧ ᠲᠢ ᠨᠢ ᠬᠠᠪᠲᠠᠭ᠋ᠠᠢ ᠡᠮ 》 1 ᠬᠠᠢᠷᠴᠠᠭ᠎ᠢ ᠱᠢᠯᠵᠢᠭᠦᠯᠦᠨ ᠬᠤᠳᠠᠯᠳᠤᠵᠤ᠂ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 68854.16 ᠲᠥᠭᠦᠷᠢᠭ ᠬᠤᠯᠪᠣᠭ᠍ᠳᠠᠵᠤ᠂ ᠬᠠᠤᠯᠢ ᠪᠤᠰᠤ᠎ᠪᠠᠷ 10100 ᠲᠥᠭᠦᠷᠢᠭ ᠠᠱᠢᠭ ᠣᠯᠵᠠᠢ᠃
ᠬᠡᠷᠡᠭ ᠭᠠᠷᠤᠭ᠍ᠰᠠᠨ᠎ᠤ ᠳᠠᠷᠠᠭ᠎ᠠ᠂ ᠯᠦ᠍ ᠣᠪᠣᠭ᠍ᠲᠤ ᠬᠡᠷᠡᠭ᠎ᠲᠤ ᠬᠤᠯᠪᠣᠭ᠍ᠳᠠᠭ᠍ᠰᠠᠨ ᠵᠣᠭᠤᠰ᠎ᠢ ᠰᠠᠨᠠᠭᠠᠴᠢᠯᠠᠭ᠎ᠠ᠎ᠠᠴᠠ᠎ᠪᠠᠨ 30000 ᠲᠥᠭᠦᠷᠢᠭ ᠪᠤᠴᠠᠭᠠᠵᠤ᠂ ᠬᠠᠤᠯᠢ᠎ᠶ᠋ᠢ ᠵᠥᠷᠢᠴᠡᠭ᠌ᠰᠡᠨ ᠠᠰᠢᠭ᠎ᠢ 10000 ᠲᠥᠭᠦᠷᠢᠭ ᠪᠤᠴᠠᠭᠠᠵᠤ᠂ ᠰᠠᠨᠠᠭᠠᠴᠢᠯᠠᠭ᠎ᠠ᠎ᠠᠴᠠ᠎ᠪᠠᠨ 5000 ᠲᠥᠭᠦᠷᠢᠭ᠎ᠤᠨ ᠲᠣᠷᠭ᠋ᠠᠭᠰᠠᠨ ᠵᠣᠭᠣᠰ᠎ᠢ ᠲᠤᠰᠢᠶᠠᠪᠠ; ᠱᠠᠩ ᠣᠪᠣᠭ᠍ᠲᠤ ᠬᠠᠤᠯᠢ᠎ᠶ᠋ᠢ ᠵᠥᠷᠢᠴᠡᠭ᠌ᠰᠡᠨ ᠠᠰᠢᠭ᠎ᠢ 5000 ᠲᠥᠭᠦᠷᠢᠭ ᠪᠤᠴᠠᠭ᠋ᠠᠪᠠ᠃ 2025 ᠣᠨ᠎ᠤ 6 ᠳ᠋ᠤᠭ᠋ᠠᠷ ᠰᠠᠷ᠎ᠠ᠎ᠳᠤ᠂ ᠽᠦᠨ ᠢ ᠬᠤᠲᠠ᠎ᠶ᠋ᠢᠨ ᠾᠦᠢ ᠴᠤᠸᠠᠨ ᠲᠣᠭᠤᠷᠢᠭ᠎ᠤᠨ ᠠᠷᠠᠳ᠎ᠤᠨ ᠱᠢᠭᠦᠬᠦ᠌ ᠬᠤᠷᠢᠶ᠎ᠠ ᠬᠠᠤᠯᠢ ᠶᠣᠰᠣᠭᠠᠷ ᠲᠠᠰᠤᠯᠤᠯᠲᠠ ᠭᠠᠷᠭ᠋ᠠᠵᠤ᠄ ᠵᠣᠣ ᠣᠪᠣᠭ᠍ᠲᠤ ᠮᠡᠬᠡᠯᠡᠭᠰᠡᠨ ᠶᠠᠯ᠎ᠠ ᠬᠢᠵᠦ᠍᠂ 3 ᠵᠢᠯ ᠬᠤᠭᠤᠴᠠᠭ᠎ᠠ᠎ᠲᠠᠢ ᠬᠣᠷᠢᠵᠤ᠂ 5 ᠲᠦᠮᠡᠨ ᠲᠥᠭᠦᠷᠢᠭ ᠵᠣᠭᠤᠰ᠎ᠢᠶᠠᠷ ᠲᠣᠷᠭᠠᠨ᠎ᠠ; ᠯᠦ᠍ ᠣᠪᠣᠭ᠍ᠲᠤ ᠮᠡᠬᠡᠯᠡᠭᠰᠡᠨ ᠶᠠᠯ᠎ᠠ ᠬᠢᠵᠦ᠍᠂ 2 ᠵᠢᠯ 6 ᠰᠠᠷ᠎ᠠ ᠬᠤᠭᠤᠴᠠᠭ᠎ᠠ᠎ᠲᠠᠢ ᠬᠣᠷᠢᠵᠤ᠂ 3 ᠵᠢᠯ ᠡᠷᠡᠭᠦᠦ ᠰᠢᠢ᠍ᠳᠬᠡᠯ ᠬᠤᠢᠱᠢᠯᠠᠭᠤᠯᠵᠤ᠂ 2 ᠲᠦᠮᠡᠨ ᠲᠥᠭᠦᠷᠢᠭ ᠵᠣᠭᠤᠰ᠎ᠢᠶᠠᠷ ᠲᠣᠷᠭᠠᠨ᠎ᠠ; ᠱᠠᠩ ᠣᠪᠣᠭ᠍ᠲᠤ ᠮᠡᠬᠡᠯᠡᠭᠰᠡᠨ ᠶᠠᠯ᠎ᠠ ᠬᠢᠵᠦ᠍᠂ 3 ᠵᠢᠯ ᠬᠤᠭᠤᠴᠠᠭ᠎ᠠ᠎ᠲᠠᠢ ᠬᠣᠷᠢᠵᠤ᠂ 3 ᠲᠦᠮᠡᠨ ᠲᠥᠭᠦᠷᠢᠭ ᠵᠣᠭᠤᠰ᠎ᠢᠶᠠᠷ ᠲᠣᠷᠭᠠᠨ᠎ᠠ; ᠭᠤᠷᠪᠠᠨ ᠬᠥᠮᠦᠨ᠎ᠢ ᠵᠠᠷᠯᠢᠭ᠍ᠳᠠᠵᠤ ᠪᠠᠢᠭᠠᠳ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 282392.52 ᠲᠥᠭᠦᠷᠢᠭ᠎ᠢ ᠲᠥᠯᠦᠭᠦᠯᠪᠡ᠃
ᠬᠡᠷᠡᠭ᠎ᠤᠨ ᠵᠢᠱ᠌ᠢᠶ᠎ᠡ᠎ᠨᠢ ᠭᠤᠷᠪᠠ ᠵᠢᠶᠠᠩᠰᠢ ᠮᠣᠵᠢ᠎ᠶ᠋ᠢᠨ ᠵᠢᠦᠵᠢᠶᠠᠩ ᠬᠣᠲᠠ᠎ᠶ᠋ᠢᠨ ᠳᠠᠭᠠᠳᠭᠠᠯ᠎ᠳᠤ ᠣᠷᠣᠯᠴᠠᠭᠴᠢ ᠰᠢᠶᠤᠤ ᠣᠪᠤᠭ᠍ᠲᠤ ᠪᠤᠰᠤᠳ᠎ᠤᠨ ᠨᠡᠷ᠎ᠡ᠎ᠪᠡᠷ ᠡᠮᠨᠡᠭᠦᠯᠬᠦ᠌ ᠪᠣᠶᠤ ᠡᠮᠴᠢᠯᠡᠭᠡᠨ᠎ᠦ ᠳᠠᠭᠠᠳᠭᠠᠯ᠎ᠤᠨ ᠡᠮ᠎ᠤᠨ ᠵᠦᠢ᠍ᠯ᠎ᠢ ᠫᠠᠨᠽᠠᠯᠠᠵᠤ ᠳᠠᠭ᠋ᠠᠳᠬᠠᠯ ᠮᠡᠬᠡᠯᠡᠭᠰᠡᠨ ᠬᠡᠷᠡᠭ
2024 ᠣᠨ᠎ᠤ 5 ᠳ᠋ᠤᠭ᠋ᠠᠷ ᠰᠠᠷ᠎ᠠ᠎ᠳᠤ᠂ ᠵᠢᠶᠠᠩᠰᠢ ᠮᠤᠵᠢ᠎ᠶ᠋ᠢᠨ ᠵᠢᠤᠵᠢᠶᠠᠩ ᠬᠤᠲᠠ᠎ᠶ᠋ᠢᠨ ᠯᠦᠱ᠌ᠠᠨ ᠬᠤᠲᠠ᠎ᠶ᠋ᠢᠨ ᠡᠮᠴᠢᠯᠡᠭᠡᠨ᠎ᠤ ᠪᠠᠲᠤᠯᠠᠭ᠎ᠠ᠎ᠶᠢᠨ ᠰᠠᠯᠠᠭ᠎ᠠ ᠮᠥᠴᠢᠷ ᠡᠳᠦᠷ ᠲᠤᠲᠤᠮ᠎ᠤᠨ ᠪᠠᠢᠴᠠᠭᠠᠯᠲᠠ ᠳᠤᠮᠳᠠ᠂ ᠲᠣᠰ ᠬᠤᠲᠠ᠎ᠶ᠋ᠢᠨ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠡᠪᠡᠳᠴᠢᠨ᠎ᠤ ᠬᠠᠷᠠᠭᠠᠯᠵᠠᠯᠳᠤ ᠣᠷᠣᠯᠴᠠᠭ᠍ᠴᠢ ᠯᠢᠦ ᠣᠪᠣᠭ᠍ᠲᠤ᠂ 2022 ᠣᠨ᠎ᠤ 11 ᠳ᠋ᠤᠭᠡᠷ ᠰᠠᠷ᠎ᠠ᠎ᠠᠴᠠ 2024 ᠣᠨ᠎ᠤ 4 ᠳ᠋ᠤᠭᠡᠷ ᠰᠠᠷ᠎ᠠ᠎ᠶ᠋ᠢᠨ ᠬᠤᠭᠤᠴᠠᠭᠠᠨ᠎ᠳᠤ᠂ ᠰᠠᠷ᠎ᠠ ᠪᠦᠷᠢ ᠨᠡᠢᠭᠡᠮ᠎ᠤᠨ ᠪᠠᠲᠤᠯᠠᠭ᠎ᠠ᠎ᠶ᠋ᠢᠨ ᠺᠠᠷᠲ᠎ᠢ ᠱᠢᠶᠤᠤ ᠣᠪᠣᠭ᠍ᠲᠤ᠎ᠳᠤ ᠢᠯᠡᠭᠡᠵᠦ᠍᠂ ᠱᠢᠶᠤᠤ ᠣᠪᠣᠭ᠍ᠲᠤ᠎ᠳᠤ ᠨᠠᠢᠳᠠᠵᠤ ᠨᠠᠨᠴᠠᠩ ᠬᠤᠲᠠ᠎ᠶ᠋ᠢᠨ ᠨᠢᠭᠡᠨ ᠡᠮᠨᠡᠯᠭᠡ᠎ᠶ᠋ᠢᠨ ᠬᠤᠷᠢᠶ᠎ᠠ᠎ᠠᠴᠠ ᠲᠡᠭᠦᠨ᠎ᠳᠤ ᠡᠸᠨ ᠵᠠ ᠯᠦ ᠠᠨ ᠵᠥᠭᠡᠯᠡᠨ ᠬᠣᠮᠵᠢᠶᠠ ᠡᠮ ( 7795.2 ᠲᠥᠭᠦᠷᠢᠭ / ᠬᠠᠢᠷᠴᠠᠭ ) ᠬᠤᠳᠠᠯᠳᠤᠨ ᠠᠪᠴᠤ᠌ ᠥᠭ᠌ᠭᠦᠭ᠌ᠰᠡᠨ ᠪᠥᠭᠡᠳ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠡᠪᠡᠳᠴᠢᠨ᠎ᠤ ᠬᠠᠷᠠᠭᠠᠯᠵᠠᠯ᠎ᠢᠶᠠᠷ ᠳᠠᠮᠵᠢᠭᠤᠯᠤᠨ ᠡᠮᠴᠢᠯᠡᠭᠡᠨ᠎ᠤ ᠳᠠᠭᠠᠳᠭᠠᠯ᠎ᠤᠨ ᠲᠠᠩᠰᠠ ᠲᠠᠢ᠌ᠯᠵᠠᠢ᠃ ᠡᠨᠡ ᠬᠤᠭᠤᠴᠠᠭᠠᠨ᠎ᠳᠤ ᠂ ᠰᠢᠶᠤᠤ ᠣᠪᠣᠭ᠍ᠲᠤ ᠯᠢᠦ ᠣᠪᠣᠭ᠍ᠲᠤ᠎ᠶᠢᠨ ᠪᠠᠢᠳᠠᠯ᠎ᠢ᠋ ᠮᠡᠳᠡᠬᠦ᠌ ᠦᠭᠡᠢ ᠪᠠᠢᠳᠠᠯ ᠳᠣᠣᠷ᠎ᠠ᠂ ᠯᠢᠦ ᠣᠪᠣᠭ᠍ᠲᠤ᠎ᠶᠢᠨ ᠨᠡᠢᠭᠡᠮ᠎ᠦ᠋ᠨ ᠪᠠᠲᠤᠯᠠᠭ᠎ᠠ᠎ᠶᠢᠨ ᠺᠠᠷᠲ᠎ᠢ᠋ ᠬᠠᠭᠤᠷᠮᠠᠭ᠍ᠯᠠᠨ ᠬᠡᠷᠡᠭ᠌ᠯᠡᠵᠦ᠍ 10 ᠬᠠᠢᠷᠴᠠᠭ ᠧᠨ ᠵᠠ ᠯᠦ᠍ ᠠᠨ ᠵᠥᠭᠡᠯᠡᠨ ᠬᠣᠮᠵᠢᠶᠠ ᠡᠮ᠎ᠢ ᠠᠪᠴᠤ ᠫᠠᠨᠽᠠᠯᠠᠵᠤ ᠠᠰᠢᠭ ᠣᠯᠵᠤ᠂ ᠡᠮᠴᠢᠯᠡᠭᠡᠨ᠎ᠦ ᠳᠠᠭᠠᠳᠭᠠᠯ᠎ᠤ᠋ᠨ ᠰᠠᠭᠤᠷᠢ ᠮᠥᠩᠭᠥ᠎ᠶᠢ 75613.44 ᠲᠥᠭᠥᠷᠢᠭ ᠬᠣᠬᠢᠷᠠᠭᠤᠯᠪᠠ᠃
2024 ᠣᠨ᠎ᠤ 5 ᠳ᠋ᠤᠭ᠋ᠠᠷ ᠰᠠᠷ᠎ᠠ᠎ᠳᠤ᠂ ᠵᠢᠦᠵᠢᠶᠠᠩ ᠬᠤᠲᠠ᠎ᠶ᠋ᠢᠨ ᠯᠦᠱ᠌ᠠᠨ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ 《 ᠡᠮᠴᠢᠯᠡᠭᠡᠨ᠎ᠦ ᠳᠠᠭ᠋ᠠᠳᠬᠠᠯ᠎ᠤᠨ ᠰᠠᠭᠤᠷᠢ ᠮᠥᠩᠭᠦ᠎ᠶ᠋ᠢᠨ ᠬᠡᠷᠡᠭ᠌ᠯᠡᠯᠲᠡ᠎ᠶᠢᠨ ᠬᠢᠨᠠᠯᠲᠠ ᠬᠠᠮᠢᠶᠠᠷᠤᠯᠲᠠ᠎ᠶᠢᠨ ᠳᠦᠷᠢᠮ 》᠎ᠢ ᠦᠨᠳᠦᠰᠦᠯᠡᠨ᠂ ᠱᠢᠶᠤᠤ ᠣᠪᠣᠭ᠍ᠲᠤ᠎ᠲᠠᠢ ᠪᠣᠯᠵᠣᠨ ᠶᠠᠷᠢᠯᠴᠠᠵᠤ᠂ ᠬᠠᠤᠯᠢ ᠲᠣᠭ᠍ᠲᠠᠭᠠᠯ᠎ᠠᠴᠠ ᠵᠥᠷᠢᠴᠡᠨ ᠬᠡᠷᠡᠭ᠌ᠯᠡᠭ᠌ᠰᠡᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 75613.44 ᠲᠥᠭᠦᠷᠢᠭ᠎ᠢ ᠪᠤᠴᠠᠭ᠋ᠠᠯᠭ᠋ᠠᠵᠤ᠂ ᠲᠡᠭᠦᠨ᠎ᠤ ᠳᠠᠭᠠᠳᠭᠠᠯ ᠮᠡᠬᠡᠯᠡᠨ ᠠᠪᠬᠤ᠎ᠳᠤ ᠬᠤᠯᠪᠣᠭ᠍ᠳᠠᠭ᠍ᠰᠠᠨ ᠠᠰᠠᠭᠤᠳᠠᠯ᠎ᠢ ᠬᠠᠤᠯᠢ ᠴᠠᠭᠠᠵᠠ᠎ᠶ᠋ᠢᠨ ᠪᠠᠢᠭᠤᠯᠭ᠎ᠠ᠎ᠳᠤ ᠱᠢᠯᠵᠢᠭᠦᠯᠦᠨ ᠬᠦᠷᠭᠡᠪᠡ᠃ 2025 ᠣᠨ᠎ᠤ 2 ᠳ᠋ᠤᠭ᠋ᠠᠷ ᠰᠠᠷ᠎ᠠ᠎ᠳᠤ᠂ ᠵᠢᠦᠵᠢᠶᠠᠩ ᠬᠤᠲᠠ᠎ᠶ᠋ᠢᠨ ᠯᠦᠱ᠌ᠠᠨ ᠬᠤᠲᠠ᠎ᠶ᠋ᠢᠨ ᠠᠷᠠᠳ᠎ᠤᠨ ᠱᠢᠭᠦᠬᠦ᠌ ᠬᠤᠷᠢᠶ᠎ᠠ ᠮᠡᠬᠡᠯᠡᠭ᠌ᠰᠡᠨ ᠶᠠᠯ᠎ᠠ᠎ᠪᠠᠷ ᠱᠢᠶᠤᠤ ᠣᠪᠣᠭ᠍ᠲᠤ᠎ᠶ᠋ᠢ ᠨᠢᠭᠡ ᠵᠢᠯ 8 ᠰᠠᠷ᠎ᠠ ᠬᠤᠭᠤᠴᠠᠭ᠎ᠠ᠎ᠲᠠᠢ ᠬᠣᠷᠢᠵᠤ᠂ 2 ᠵᠢᠯ ᠡᠷᠡᠭᠦᠦ ᠰᠢᠢ᠍ᠳᠬᠡᠯ ᠬᠤᠢᠱᠢᠯᠠᠭᠤᠯᠵᠤ᠂ 3 ᠲᠦᠮᠡᠨ ᠲᠥᠭᠦᠷᠢᠭ ᠵᠣᠭᠤᠰ᠎ᠢᠶᠠᠷ ᠲᠣᠷᠭ᠋ᠠᠪᠠ᠃
ᠬᠡᠷᠡᠭ᠎ᠦᠨ ᠵᠢᠱ᠌ᠢᠶ᠎ᠡ ᠳᠥᠷᠪᠡ ᠱᠠᠨᠰᠢ ᠮᠤᠵᠢ᠎ᠶ᠋ᠢᠨ ᠠᠨᠺᠠᠩ ᠬᠣᠲᠠ᠎ᠶ᠋ᠢᠨ ᠳᠠᠭᠠᠳᠭᠠᠯ᠎ᠳᠤ ᠣᠷᠣᠯᠴᠠᠭᠴᠢ ᠫᠧᠩ ᠣᠪᠣᠭ᠍ᠲᠤ ᠪᠤᠰᠤᠳ᠎ᠤᠨ ᠨᠡᠷ᠎ᠡ᠎ᠪᠡᠷ ᠡᠪᠡᠳᠴᠢᠨ ᠦᠵᠡᠭᠦᠯᠦᠭ᠌ᠰᠡᠨ ᠪᠠ ᠡᠮᠴᠢᠯᠡᠭᠡᠨ᠎ᠦ ᠳᠠᠭᠠᠳᠭᠠᠯ᠎ᠤᠨ ᠡᠮᠶᠢᠨ ᠵᠦᠢ᠍ᠯ᠎ᠢ ᠫᠠᠨᠽᠠᠯᠠᠵᠤ ᠳᠠᠭ᠋ᠠᠳᠬᠠᠯ ᠮᠡᠬᠡᠯᠡᠭᠰᠡᠨ ᠬᠡᠷᠡᠭ
2024 ᠣᠨ᠎ᠤ 1 ᠳ᠋ᠤᠭᠡᠷ ᠰᠠᠷ᠎ᠠ᠎ᠳᠤ᠂ ᠱᠠᠨᠰᠢ ᠮᠤᠵᠢ᠎ᠶ᠋ᠢᠨ ᠠᠨᠺᠠᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠡᠳᠦᠷ ᠲᠤᠲᠤᠮ᠎ᠤᠨ ᠬᠢᠨᠠᠯᠲᠠ ᠬᠠᠮᠢᠶᠠᠷᠤᠯᠲᠠ᠎ᠶ᠋ᠢᠨ ᠳᠤᠮᠳᠠ᠎ᠪᠠᠨ᠂ ᠳᠠᠭᠠᠳᠭᠠᠯ᠎ᠳᠤ ᠣᠷᠣᠯᠴᠠᠭᠴᠢ ᠫᠧᠩ ᠣᠪᠣᠭ᠍ᠲᠤ ᠨᠠᠰᠤ ᠪᠠᠷᠠᠭᠰᠠᠨ ᠬᠥᠮᠦᠰ᠎ᠤᠨ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠣᠨᠴᠠ ᠡᠪᠡᠳᠴᠢᠨ᠎ᠤ ᠡᠮᠴᠢᠯᠡᠭᠡᠨ᠎ᠦ ᠳᠠᠭᠠᠳᠭᠠᠯ᠎ᠤᠨ ᠬᠠᠷᠠᠭᠠᠯᠵᠠᠯ᠎ᠤᠨ ᠬᠢᠷᠢ ᠬᠡᠮ᠎ᠢ ᠠᠱᠢᠭ᠍ᠯᠠᠨ ᠡᠮ᠎ᠤᠨ ᠵᠦᠢ᠍ᠯ ᠫᠠᠨᠽᠠᠯᠠᠵᠠᠢ᠃ ᠲᠤᠬᠠᠶ᠎ᠶ᠋ᠢᠨ ᠭᠠᠵᠠᠷ᠎ᠤᠨ ᠡᠮᠴᠢᠯᠡᠭᠡᠨ᠎ᠤ ᠪᠠᠲᠤᠯᠠᠭ᠎ᠠ᠎ᠶᠢᠨ ᠰᠠᠯᠠᠭ᠎ᠠ ᠮᠥᠴᠢᠷ ᠭᠦᠨᠵᠡᠭᠡᠶ ᠪᠠᠢᠴᠠᠭᠠᠨ ᠬᠠᠷᠭᠤᠭᠤᠯᠤᠭ᠍ᠰᠠᠨ᠎ᠤ ᠳᠠᠷᠠᠭ᠎ᠠ ᠵᠠᠰᠠᠭ ᠵᠠᠬᠢᠷᠭᠠᠨ᠎ᠤ ᠬᠡᠷᠡᠭ ᠪᠣᠯᠭᠠᠨ ᠳᠠᠩᠰᠠᠯᠠᠬᠤ᠎ᠶ᠋ᠢᠨ ᠬᠠᠮᠲᠤ ᠬᠠᠮᠢᠶ᠎ᠠ ᠪᠦᠬᠦᠢ ᠰᠦᠪᠡᠭ᠌ᠴᠢ᠎ᠶ᠋ᠢ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠵᠦ᠍ ᠳᠡᠩᠨᠡᠨ ᠰᠢᠢ᠍ᠳᠪᠦᠷᠢᠯᠡᠭᠦᠯᠪᠡ᠃ ᠪᠠᠢᠴᠠᠭᠠᠭ᠍ᠰᠠᠨ᠎ᠢᠶᠠᠷ᠂ ᠫᠧᠩ ᠣᠪᠣᠭ᠍ᠲᠤ 2023 ᠣᠨ᠎ᠤ 11 ᠳ᠋ᠤᠭᠡᠷ ᠰᠠᠷ᠎ᠠ ᠠᠴᠠ 12 ᠳ᠋ᠤᠭ᠋ᠠᠷ ᠰᠠᠷ᠎ᠠ᠎ᠶ᠋ᠢᠨ ᠬᠤᠭᠤᠴᠠᠭᠠᠨ᠎ᠳᠤ᠂ ᠬᠠᠤᠯᠢ ᠪᠤᠰᠤ᠎ᠪᠠᠷ ᠡᠵᠡᠮᠱᠢᠬᠦ᠌᠎ᠪᠠᠷ ᠵᠣᠷᠢᠯᠭ᠎ᠠ ᠪᠣᠯᠭᠠᠵᠤ᠂ ᠠᠨᠠᠭᠠᠬᠤ ᠤᠬᠠᠭᠠᠨ᠎ᠤ ᠪᠢᠴᠢᠭ ᠬᠠᠷ᠎ᠠ᠎ᠶ᠋ᠢ ᠬᠠᠭᠤᠷᠮᠠᠭ᠍ᠯᠠᠨ ᠵᠣᠬᠢᠶᠠᠬᠤ᠎ᠪᠠᠷ ᠳᠠᠮᠵᠢᠭᠤᠯᠤᠨ᠂ ᠣᠯᠠᠨ ᠤᠳᠠᠭ᠎ᠠ ᠪᠤᠰᠤᠳ᠎ᠤᠨ ᠪᠡᠶ᠎ᠡ ᠠᠬᠤᠢ᠎ᠶ᠋ᠢᠨ ᠮᠡᠳᠡᠭᠡ ᠵᠠᠩᠭᠢ᠎ᠶ᠋ᠢ ᠠᠱᠢᠭ᠍ᠯᠠᠨ ᠪᠥᠬᠦ᠌ ᠬᠤᠲᠠ᠎ᠶ᠋ᠢᠨ ᠣᠯᠠᠨ ᠡᠮᠴᠢᠯᠡᠭᠡᠨ᠎ᠦ ᠪᠠᠢᠭᠤᠯᠤᠮᠵᠢ᠎ᠳᠤ ᠬᠤᠳᠠᠯ ᠬᠠᠭᠤᠷᠮᠠᠭ᠎ᠢᠶᠠᠷ ᠡᠪᠡᠳᠴᠢᠨ ᠦᠵᠡᠭᠦᠯᠵᠦ᠍ ᠡᠮ ᠬᠤᠳᠠᠯᠳᠤᠨ ᠠᠪᠤᠭ᠍ᠰᠠᠨ ᠪᠥᠭᠡᠳ ᠡᠮ᠎ᠤᠨ ᠵᠦᠢᠯ᠎ᠢ ᠫᠠᠨᠽᠠᠯᠠᠵᠤ᠂ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢ ᠨᠡᠢᠲᠡ 60769.96 ᠲᠥᠭᠦᠷᠢᠭ ᠮᠡᠬᠡᠯᠡᠵᠡᠢ᠃ ᠠᠨᠺᠠᠩ ᠬᠣᠲᠠ᠎ᠶᠢᠨ ᠳᠣᠲᠣᠭᠠᠳᠤ᠎ᠶᠢ ᠬᠠᠮᠠᠭᠠᠯᠠᠬᠤ ᠲᠣᠪᠴᠢᠶᠠᠨ᠎ᠤ᠋ ᠬᠠᠨᠪᠢᠨ ᠬᠤᠪᠢᠶᠠᠷᠢ ᠲᠣᠪᠴᠢᠶ᠎ᠠ ᠡᠴᠦᠰ᠎ᠲᠤ᠎ᠪᠠᠨ ᠮᠡᠬᠡᠯᠡᠭ᠌ᠰᠡᠨ ᠶᠠᠯ᠎ᠠ᠎ᠪᠠᠷ ᠫᠧᠩ ᠣᠪᠣᠭ᠍ᠲᠤ᠎ᠶᠢ ᠬᠠᠨᠪᠢᠨ ᠲᠣᠭᠣᠷᠢᠭ᠎ᠤ᠋ᠨ ᠠᠷᠠᠳ᠎ᠤ᠋ᠨ ᠪᠠᠢᠴᠠᠭᠠᠬᠤ ᠬᠣᠷᠢᠶᠠᠨᠳ᠋ᠤ ᠰᠢᠯᠵᠢᠭᠦᠯᠦᠨ ᠬᠦᠷᠭᠡᠵᠦ᠍ ᠬᠢᠨᠠᠨ ᠪᠠᠢᠴᠠᠭᠠᠯᠭᠠᠵᠤ ᠵᠠᠭᠠᠯᠳᠤᠪᠠ᠃
2025 ᠣᠨ᠎ᠤ 3 ᠳ᠋ᠤᠭ᠋ᠠᠷ ᠰᠠᠷ᠎ᠠ᠎ᠳᠤ᠂ ᠠᠨᠺᠠᠩ ᠬᠤᠲᠠ᠎ᠶ᠋ᠢᠨ ᠬᠠᠨᠪᠢᠨ ᠲᠣᠭᠤᠷᠢᠭ᠎ᠤᠨ ᠠᠷᠠᠳ᠎ᠤᠨ ᠪᠠᠢᠴᠠᠭᠠᠬᠤ ᠬᠤᠷᠢᠶ᠎ᠠ ᠬᠠᠤᠯᠢ ᠶᠣᠰᠣᠭᠠᠷ ᠠᠯᠪᠠᠨ ᠵᠠᠭᠠᠯᠳᠤᠯᠭ᠎ᠠ ᠭᠠᠷᠭᠠᠪᠠ᠃ ᠬᠠᠨᠪᠢᠨ ᠲᠣᠭᠤᠷᠢᠭ᠎ᠤᠨ ᠠᠷᠠᠳ᠎ᠤᠨ ᠱᠢᠭᠦᠬᠦ᠌ ᠬᠤᠷᠢᠶ᠎ᠠ ᠫᠧᠩ ᠣᠪᠣᠭ᠍ᠲᠤ᠎ᠶᠢ ᠮᠡᠬᠡᠯᠡᠭ᠌ᠰᠡᠨ ᠶᠠᠯ᠎ᠠ ᠬᠢᠭ᠌ᠰᠡᠨ᠎ᠢᠶᠠᠷ ᠮᠠᠭᠠᠳᠯᠠᠨ ᠲᠣᠭ᠍ᠲᠠᠭᠠᠵᠤ᠂ 1 ᠵᠢᠯ 2 ᠰᠠᠷ᠎ᠠ ᠬᠤᠭᠤᠴᠠᠭ᠎ᠠ᠎ᠲᠠᠢ ᠬᠣᠷᠢᠵᠤ᠂ ᠪᠦᠬᠦ᠌ ᠮᠡᠬᠡᠯᠡᠭᠰᠡᠨ ᠪᠡᠯᠡ ᠮᠥᠩᠭᠦ 60769.96 ᠲᠥᠭᠦᠷᠢᠭ᠎ᠢ ᠪᠤᠴᠠᠭ᠋ᠠᠯᠭ᠋ᠠᠭᠰᠠᠨ ᠪᠥᠭᠡᠳ 5000 ᠲᠥᠭᠦᠷᠢᠭ ᠵᠣᠭᠤᠰ᠎ᠢᠶᠠᠷ ᠲᠣᠷᠭ᠋ᠠᠪᠠ᠃ ᠡᠭᠦᠨ᠎ᠠᠴᠠ ᠭᠠᠳᠠᠨ᠎ᠠ᠂ ᠬᠡᠷᠡᠭ᠎ᠲᠤ ᠬᠤᠯᠪᠣᠭ᠍ᠳᠠᠭ᠍ᠰᠠᠨ ᠡᠮᠴᠢ ᠳ᠋ᠦ᠋ ᠣᠪᠣᠭ᠍ᠲᠤ᠎ᠶ᠋ᠢᠨ ᠡᠪᠡᠳᠴᠢᠲᠡᠨ᠎ᠤ ᠮᠡᠳᠡᠭᠡ ᠵᠠᠩᠭᠢ᠎ᠶ᠋ᠢ ᠲᠣᠭ᠍ᠲᠠᠭᠠᠯ ᠶᠣᠰᠣᠭᠠᠷ ᠬᠢᠨᠠᠨ ᠬᠠᠷᠭᠤᠭᠤᠯᠤᠭ᠍ᠰᠠᠨ ᠥᠬᠡᠶ᠂ ᠠᠨᠺᠠᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠲᠡᠭᠦᠨ᠎ᠤ ᠡᠮᠴᠢᠯᠡᠭᠡᠨ᠎ᠦ ᠳᠠᠭᠠᠳᠭᠠᠯ᠎ᠤᠨ ᠲᠣᠭᠠᠴᠠᠭ᠎ᠠ ᠬᠢᠬᠦ᠌ ᠬᠢᠷᠢ ᠬᠡᠮ᠎ᠢ ᠬᠠᠤᠯᠢ ᠶᠣᠰᠣᠭᠠᠷ 6 ᠰᠠᠷ᠎ᠠ ᠲᠦᠷ ᠵᠣᠭ᠍ᠰᠣᠭᠠᠪᠠ᠃
ᠬᠡᠷᠡᠭ᠎ᠤᠨ ᠵᠢᠱ᠌ᠢᠶ᠎ᠡ ᠲᠠᠪᠤ ᠭᠠᠨᠰᠦ ᠮᠤᠵᠢ᠎ᠶᠢᠨ ᠫᠢᠩ ᠯᠢᠶᠠᠩ ᠬᠣᠲᠠ᠎ᠶᠢᠨ ᠳᠠᠭᠠᠳᠭᠠᠯ᠎ᠳ᠋ᠤ ᠣᠷᠣᠯᠴᠠᠭ᠍ᠴᠢ ᠾᠧᠩ ᠣᠪᠣᠭ᠍ᠲᠤ᠎ᠶᠢᠨ ᠪᠤᠰᠤᠳ᠎ᠤᠨ ᠨᠡᠷ᠎ᠡ᠎ᠪᠡᠷ ᠡᠮ᠎ᠦᠨ ᠵᠦᠢ᠍ᠯ᠎ᠢ ᠫᠠᠨᠽᠠᠯᠠᠵᠤ ᠳᠠᠭ᠋ᠠᠳᠬᠠᠯ ᠮᠡᠬᠡᠯᠡᠭᠰᠡᠨ ᠬᠡᠷᠡᠭ
2022 ᠣᠨ᠎ᠤ᠋ 4 ᠳ᠋ᠤᠭᠡᠷ ᠰᠠᠷᠠᠠ᠋ᠴᠠ 6 ᠳ᠋ᠤᠭ᠋ᠠᠷ ᠰᠠᠷ᠎ᠠ ᠪᠣᠯᠲᠠᠯ᠎ᠠ᠂ ᠭᠠᠨᠰᠦ ᠮᠣᠵᠢ᠎ᠶᠢᠨ ᠫᠢᠩ ᠯᠢᠶᠠᠩ ᠬᠣᠲᠠ᠎ᠶᠢᠨ ᠳᠠᠭᠠᠳᠭᠠᠯ᠎ᠳ᠋ᠤ ᠣᠷᠣᠯᠴᠠᠭᠴᠢ ᠾᠧᠩ ᠣᠪᠣᠭ᠍ᠲᠤ ᠬᠠᠤᠯᠢ ᠪᠤᠰᠤ᠎ᠪᠠᠷ ᠠᠰᠢᠭ ᠣᠯᠵᠤ᠂ ᠡᠮ ᠬᠤᠷᠢᠶᠠᠵᠤ ᠪᠠᠢᠭ᠎ᠠ ᠬᠥᠮᠦᠨ ᠴᠢᠦ ᠣᠪᠣᠭ᠍ᠲᠤ ᠲᠠᠢ ᠰᠦᠯᠪᠡᠭᠡᠯᠡᠨ᠂ ᠡᠮᠴᠢᠯᠡᠭᠡᠨ᠎ᠦ ᠳᠠᠭᠠᠳᠭᠠᠯ᠎ᠢ᠋ ᠮᠡᠬᠡᠯᠡᠵᠦ᠍ ᠠᠪᠬᠤ ᠬᠡᠯᠬᠢᠶᠡᠰᠦ᠎ᠶᠢ ᠪᠠᠢ᠌ᠭᠤᠯᠵᠠᠢ᠃ ᠾᠧᠩ ᠣᠪᠣᠭ᠍ᠲᠤ ᠸᠢᠴᠠᠲ ᠲᠠᠪᠴᠠᠩ᠎ᠢᠶᠠᠷ ᠳᠠᠮᠵᠢᠭᠤᠯᠤᠨ ᠡᠮᠴᠢᠯᠡᠭᠡᠨ᠎ᠦ ᠳᠠᠭᠠᠳᠭᠠᠯ᠎ᠢᠶᠠᠷ ᠵᠣᠭᠣᠰ ᠮᠡᠬᠡᠯᠡᠨ ᠰᠣᠯᠢᠬᠤ ᠵᠠᠷ ᠮᠡᠳᠡᠭᠡ ᠨᠡᠢᠲᠡᠯᠡᠵᠦ᠍᠂ 7 ᠰᠦᠯᠵᠢᠶᠡᠨ ᠭᠠᠳᠠᠭᠤᠷᠬᠢ ᠳᠠᠮᠵᠢᠭᠤᠯᠬᠤ ᠬᠦᠷᠢᠶ᠎ᠡ ᠬᠡᠪᠴᠢᠶ᠎ᠡ᠎ᠶᠢ ᠥᠷᠭᠡᠳᠬᠡᠵᠦ᠂ ᠯᠢ ᠣᠪᠣᠭ᠍ᠲᠤ ᠵᠡᠷᠭᠡ 75 ᠬᠥᠮᠦᠨ᠎ᠢ ᠲᠠᠲᠠᠵᠤ ᠡᠮᠴᠢᠯᠡᠭᠡᠨ᠎ᠦ ᠳᠠᠭᠠᠳᠭᠠᠯ᠎ᠤᠨ ᠺᠣᠳ᠋ ᠵᠢᠴᠢ ᠪᠡᠶ᠎ᠡ᠎ᠶ᠋ᠢᠨ ᠦᠨᠡᠮᠯᠡᠯ᠎ᠤᠨ ᠭᠡᠷᠡᠯ ᠵᠢᠷᠤᠭ ᠬᠠᠩᠭ᠋ᠠᠯᠭ᠋ᠠᠵᠠᠢ᠃ ᠾᠧᠩ ᠣᠪᠣᠭ᠍ᠲᠤ ᠬᠤᠯᠪᠣᠭ᠍ᠳᠠᠯ ᠪᠦᠬᠦᠢ ᠭᠡᠷᠡᠴᠢ ᠪᠠᠷᠢᠮᠲᠠ᠎ᠪᠠᠨ ᠲᠣᠭ᠍ᠲᠠᠭ᠍ᠰᠠᠨ ᠡᠮ᠎ᠤᠨ ᠳᠡᠯᠭᠡᠭᠦᠷ᠎ᠤᠨ ᠪᠣᠷᠣᠯᠠᠭᠤᠯᠤᠭ᠍ᠴᠢ᠎ᠳᠤ ᠳᠠᠮᠵᠢᠭᠤᠯᠤᠨ ᠥᠭ᠌ᠴᠦ᠂ ᠡᠮᠴᠢᠯᠡᠭᠡᠨ᠎ᠦ ᠳᠠᠭᠠᠳᠭᠠᠯ᠎ᠤᠨ ᠺᠣᠳ᠋᠎ᠢᠶᠠᠷ ᠠᠨ ᠬᠦᠩ ᠬᠢᠸᠠᠩ ᠦᠷᠢᠯ ᠡᠮ ( ᠮᠥᠬᠦᠯᠢᠭ ᠪᠦᠷᠢ᠎ᠶ᠋ᠢᠨ ᠥᠷᠲᠡᠭ᠎ᠨᠢ 720 ᠲᠥᠭᠦᠷᠢᠭ - 780 ᠲᠥᠭᠦᠷᠢᠭ᠎ᠲᠤ ᠬᠦᠷᠬᠦ᠌ ᠦᠭᠡᠢ ) ᠬᠤᠳᠠᠯᠳᠤᠨ ᠠᠪᠤᠭ᠍ᠰᠠᠨ᠎ᠤ ᠳᠠᠷᠠᠭ᠎ᠠ ᠬᠤᠳᠠᠯᠳᠤᠵᠤ ᠭᠠᠷᠭᠠᠬᠤ᠎ᠶ᠋ᠢᠨ ᠬᠠᠮᠲᠤ ᠱᠢᠤᠳᠠᠨ᠎ᠢᠶᠠᠷ ᠢᠯᠡᠭᠡᠬᠦ᠌ ᠠᠷᠭ᠎ᠠ ᠮᠠᠶᠢᠭ᠎ᠢᠶᠠᠷ ᠲᠣᠭ᠍ᠲᠠᠭ᠍ᠰᠠᠨ ᠭᠠᠵᠠᠷ᠎ᠲᠤ ᠢᠯᠡᠭᠡᠪᠡ᠃ ᠾᠧᠩ ᠣᠪᠣᠭ᠍ᠲᠤ ᠳᠠᠭᠠᠳᠭᠠᠯ᠎ᠳᠤ ᠣᠷᠣᠯᠴᠠᠭ᠍ᠰᠠᠳ᠎ᠲᠤ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠤᠭ᠍ᠰᠠᠨ 65% - 70% ᠡᠴᠡ ᠥᠪᠡᠷ᠎ᠢᠶᠠᠨ 30% ᠪᠠᠷ 《 ᠭᠠᠷᠳᠠᠮ᠎ᠤᠨ ᠵᠠᠷᠤᠳᠠᠯ 》 ᠪᠣᠯᠭᠠᠵᠤ᠂ ᠵᠠᠭᠤᠴᠢ᠎ᠲᠠᠢ ᠪᠠᠢᠪᠠᠯ ᠠᠰ᠎ᠲᠤ ᠨᠢ ᠵᠠᠭᠤᠴᠢᠯᠠᠬᠤ ᠵᠠᠷᠤᠳᠠᠯ ᠥᠭ᠌ᠴᠦ᠂ ᠾᠧᠩ ᠣᠪᠣᠭ᠍ᠲᠤ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢ ᠨᠡᠢᠲᠡ 369772.72 ᠲᠥᠭᠦᠷᠢᠭ ᠮᠡᠬᠡᠯᠡᠵᠡᠢ᠃
ᠾᠧᠩ ᠣᠪᠣᠭ᠍ᠲᠤ ᠬᠠᠤᠯᠢ ᠪᠤᠰᠤ᠎ᠪᠠᠷ ᠡᠵᠡᠮᠰᠢᠬᠦ᠎ᠪᠠᠷ ᠵᠣᠷᠢᠯᠭ᠎ᠠ ᠪᠣᠯᠭᠠᠵᠤ᠂ ᠪᠤᠰᠤᠳ᠎ᠤᠨ ᠡᠮᠴᠢᠯᠡᠭᠡᠨ᠎ᠤ ᠪᠠᠲᠤᠯᠠᠭ᠎ᠠ᠎ᠶ᠋ᠢᠨ ᠭᠡᠷᠡᠴᠢ ᠪᠠᠷᠢᠮᠲᠠ᠎ᠶ᠋ᠢ ᠬᠡᠷᠡᠭ᠌ᠯᠡᠨ ᠳᠤᠷ᠎ᠠ᠎ᠪᠠᠷ᠎ᠢᠶᠠᠨ ᠡᠮ ᠬᠤᠳᠠᠯᠳᠤᠨ ᠠᠪᠴᠤ᠌᠂ ᠤᠯᠤᠰ᠎ᠤᠨ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠤᠭ᠍ᠰᠠᠨ ᠲᠤᠭ᠎ᠠ ᠬᠡᠮᠵᠢᠶ᠎ᠡ᠎ᠨᠢ ᠯᠤᠲᠤ ᠶᠡᠭᠡ᠂ ᠲᠡᠭᠦᠨ᠎ᠤ ᠦᠢᠯᠡ ᠠᠵᠢᠯᠯᠠᠭ᠎ᠠ᠎ᠨᠢ ᠮᠡᠬᠡᠯᠡᠭ᠌ᠰᠡᠨ ᠶᠠᠯᠠᠳᠦ ᠬᠦᠷᠴᠡᠢ᠃ 2025 ᠣᠨ᠎ᠤ 1 ᠳ᠋ᠤᠭᠡᠷ ᠰᠠᠷ᠎ᠠ᠎ᠶ᠋ᠢᠨ 22 ᠤᠨ ᠡᠳᠦᠷ᠂ ᠾᠧᠩ ᠣᠪᠣᠭ᠍ᠲᠤ ᠠᠯᠪᠠᠨ ᠵᠠᠭᠠᠯᠳᠤᠯᠭ᠎ᠠ᠎ᠶ᠋ᠢᠨ ᠪᠠᠢᠭᠤᠯᠭ᠎ᠠ᠎ᠳᠤ 84000 ᠲᠥᠭᠦᠷᠢᠭ᠎ᠤᠨ ᠬᠠᠤᠯᠢ᠎ᠠᠴᠠ ᠵᠥᠷᠢᠴᠡᠭ᠌ᠰᠡᠨ ᠠᠰᠢᠭ᠎ᠢ ᠳᠡᠭᠡᠭ᠌ᠰᠢ ᠲᠤᠱᠢᠶᠠᠪᠠ᠃ 2 ᠳ᠋ᠤᠭ᠋ᠠᠷ ᠰᠠᠷ᠎ᠠ᠎ᠶ᠋ᠢᠨ 26 ᠤ ᠡᠳᠦᠷ ᠂ ᠭᠠᠨᠰᠤ ᠮᠣᠵᠢ᠎ᠶ᠋ᠢᠨ ᠵᠢᠩ ᠨᠢᠩ ᠱᠢᠶᠠᠨ᠎ᠤ ᠠᠷᠠᠳ᠎ᠤᠨ ᠱᠢᠭᠦᠬᠦ᠌ ᠬᠣᠷᠢᠶ᠎ᠠ ᠾᠧᠩ ᠣᠪᠣᠭ᠍ᠲᠤ᠎ᠶᠢ ᠭᠤᠷᠪᠠᠨ ᠵᠢᠯ ᠬᠣᠷᠢᠬᠤ᠎ᠪᠠᠷ ᠲᠠᠰᠤᠯᠤᠨ ᠲᠣᠭ᠍ᠲᠠᠭᠠᠵᠤ᠂ ᠭᠤᠷᠪᠠᠨ ᠵᠢᠯ ᠡᠷᠡᠭᠦᠦ ᠰᠢᠢ᠍ᠳᠬᠡᠯ ᠬᠣᠢ᠌ᠰᠢᠯᠠᠭᠤᠯᠵᠤ 10000 ᠲᠥᠭᠥᠷᠢᠭ ᠵᠣᠭᠣᠰ᠎ᠢᠶᠠᠷ ᠲᠣᠷᠭ᠋ᠠᠪᠠ᠃
ᠬᠡᠷᠡᠭ᠎ᠦ᠋ᠨ ᠵᠢᠱ᠌ᠢᠶ᠎ᠡ ᠵᠢᠷᠭᠤᠭ᠎ᠠ ᠰᠧᠴᠤᠸᠠᠨ ᠮᠣᠵᠢ᠎ᠶᠢᠨ ᠶᠠ ᠠᠨ ᠬᠣᠲᠠ᠎ᠶᠢᠨ ᠴᠢᠶᠠᠨ ᠣᠪᠣᠭ᠍ᠲᠤ ᠨᠠᠰᠤ ᠪᠠᠷᠠᠭᠰᠠᠨ ᠬᠥᠮᠦᠨ᠎ᠦ᠌ ᠳᠠᠭᠠᠳᠭᠠᠯ᠎ᠳ᠋ᠤ ᠣᠷᠣᠯᠴᠠᠭ᠍ᠰᠠᠨ ᠮᠡᠳᠡᠭᠡ ᠵᠠᠩᠭᠢ᠎ᠶᠢ ᠬᠠᠭᠤᠷᠮᠠᠭ᠍ᠯᠠᠨ ᠬᠡᠷᠡᠭ᠌ᠯᠡᠵᠦ᠍ ᠡᠮ ᠬᠤᠳᠠᠯᠳᠤᠵᠤ ᠫᠠᠨᠽᠠᠯᠠᠵᠤ ᠳᠠᠭ᠋ᠠᠳᠬᠠᠯ ᠮᠡᠬᠡᠯᠡᠭᠰᠡᠨ ᠬᠡᠷᠡᠭ
2024 ᠣᠨ᠎ᠤ ᠡᠬᠢ᠎ᠪᠠᠷ᠂ ᠰᠧᠴᠤᠸᠠᠨ ᠮᠤᠵᠢ᠎ᠶ᠋ᠢᠨ ᠶᠠ ᠠᠨ ᠬᠤᠲᠠ᠎ᠶ᠋ᠢᠨ ᠬᠠᠨᠶᠤᠸᠠᠨ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠨᠠᠰᠤ ᠪᠠᠷᠠᠭᠰᠠᠨ ᠬᠥᠮᠦᠰ᠎ᠤᠨ ᠬᠤᠯᠪᠣᠭᠠᠯᠠᠨ ᠬᠥᠳᠡᠯᠦᠯᠴᠡᠵᠦ᠍ ᠬᠢᠨᠠᠨ ᠬᠠᠮᠢᠶᠠᠷᠬᠤ ᠲᠣᠭ᠍ᠲᠠᠴᠠ᠎ᠳᠤ ᠲᠦᠱᠢᠭ᠌ᠯᠡᠨ᠂ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠲᠠᠢ ᠳ᠋ᠠᠢ᠌ᠲ᠋ᠠ᠎ᠶ᠋ᠢ ᠱᠢᠭ᠌ᠰᠢᠨ ᠪᠠᠢᠴᠠᠭᠠᠵᠤ ᠬᠠᠷᠢᠴᠠᠭᠤᠯᠬᠤ᠎ᠶ᠋ᠢ ᠥᠷᠨᠢᠭᠦᠯᠵᠦ᠍᠂ ᠨᠢᠭᠡᠨᠲᠡ ᠭᠠᠯ᠎ᠢᠶᠠᠷ ᠳᠡᠭᠳᠡᠭᠡᠭᠰᠡᠨ ᠬᠥᠮᠦᠰ᠎ᠤᠨ ᠡᠮᠴᠢᠯᠡᠭᠡᠨ᠎ᠦ ᠳᠠᠭᠠᠳᠭᠠᠯ᠎ᠤᠨ ᠲᠠᠩᠰᠠ ᠲᠠᠢᠯᠬᠤ ᠲᠡᠮᠳᠡᠭ᠌ᠯᠡᠯ᠎ᠳᠤ ᠬᠡᠪ᠎ᠤᠨ ᠪᠤᠰᠤ ᠪᠠᠢᠳᠠᠯ ᠣᠷᠣᠱᠢᠵᠤ ᠪᠠᠢᠬᠤ᠎ᠶ᠋ᠢ ᠣᠯᠵᠤ ᠮᠡᠳᠡᠵᠡᠢ᠃ ᠳᠠᠭᠠᠳᠭᠠᠯ᠎ᠳᠤ ᠣᠷᠣᠯᠴᠠᠭᠴᠢ ᠬᠤ᠌ ᠣᠪᠣᠭ᠍ᠲᠤ ᠨᠢᠭᠡᠨᠲᠡ 2023 ᠣᠨ᠎ᠤ 12 ᠳ᠋ᠤᠭ᠋ᠠᠷ ᠰᠠᠷ᠎ᠠ᠎ᠶ᠋ᠢᠨ 15 ᠤ ᠡᠳᠦᠷ ᠨᠠᠰᠤ ᠪᠠᠷᠠᠭ᠍ᠰᠠᠨ ᠪᠣᠯᠪᠠᠴᠤ᠌ ᠲᠣᠰ ᠵᠢᠯ᠎ᠤᠨ 12 ᠳ᠋ᠤᠭ᠋ᠠᠷ ᠰᠠᠷ᠎ᠠ᠎ᠶ᠋ᠢᠨ 22 ᠤᠨ ᠡᠳᠦᠷ ᠡᠮᠴᠢᠯᠡᠭᠡᠨ᠎ᠦ ᠳᠠᠭᠠᠳᠭᠠᠯ᠎ᠤᠨ ᠲᠠᠩᠰᠠ ᠲᠠᠢᠯᠬᠤ ᠲᠡᠮᠳᠡᠭ᠌ᠯᠡᠯ ᠭᠠᠷᠴᠤ᠂ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠲᠡᠷᠡ ᠳᠠᠷᠤᠶ᠎ᠳᠤ ᠨᠢ ᠪᠠᠢᠴᠠᠭᠠᠯᠲᠠ ᠥᠷᠨᠢᠭᠦᠯᠪᠡ᠃ ᠪᠠᠢᠴᠠᠭᠠᠭ᠍ᠰᠠᠨ᠎ᠢᠶᠠᠷ᠂ ᠶᠠᠯ᠎ᠠ ᠬᠢᠭ᠌ᠰᠡᠨ ᠰᠡᠵᠢᠭ᠌ᠯᠡᠯᠲᠡᠶ ᠬᠥᠮᠦᠨ ᠴᠢᠶᠠᠨ ᠣᠪᠣᠭ᠍ᠲᠤ ᠳᠠᠪᠤᠰᠤᠨ ᠬᠦᠴᠢᠯ᠎ᠤᠨ ᠠᠨ ᠯᠦᠸᠧ ᠲᠢᠨᠢ ᠬᠤᠮᠵᠢᠶ᠎ᠠ ᠡᠮ ᠦᠢᠯᠡᠳᠪᠦᠷᠢᠯᠡᠬᠦ᠌ ᠠᠵᠤ ᠠᠬᠤᠢᠯᠠᠯ᠎ᠤᠨ ᠠᠵᠢᠯᠲᠠᠨ ᠠᠵᠢᠯᠴᠢᠨ ᠪᠠᠢᠵᠤ᠂ ᠭᠤᠤᠯᠳᠠᠭᠤ ᠡᠪᠡᠳᠴᠢᠲᠡᠨ᠎ᠤ ᠡᠮ ᠬᠡᠷᠡᠭ᠌ᠯᠡᠬᠦ᠌ ᠡᠷᠡᠭᠦᠯ ᠪᠤᠰᠤ ᠲᠤᠰᠭᠠᠯ᠎ᠢ ᠳᠠᠭᠠᠵᠤ ᠰᠤᠷᠪᠤᠯᠵᠢᠯᠠᠬᠤ ᠠᠵᠢᠯ᠎ᠢ ᠡᠭᠦᠷᠭᠡᠯᠡᠨ᠎ᠡ᠃ 2023 ᠣᠨ᠎ᠤ 12 ᠳ᠋ᠤᠭ᠋ᠠᠷ ᠰᠠᠷ᠎ᠠ᠎ᠶ᠋ᠢᠨ 20 ᠤ ᠡᠳᠦᠷ᠂ ᠴᠢᠶᠠᠨ ᠣᠪᠣᠭ᠍ᠲᠤ ᠬᠤ᠌ ᠣᠪᠣᠭ᠍ᠲᠤ᠎ᠶ᠋ᠢᠨ ᠡᠮ ᠬᠡᠷᠡᠭ᠌ᠯᠡᠭ᠌ᠰᠡᠨ ᠦᠷ᠎ᠡ ᠪᠦᠲᠦᠮᠵᠢ᠎ᠶ᠋ᠢ ᠬᠠᠷᠢᠭᠤ ᠰᠤᠷᠪᠤᠯᠵᠢᠯᠠᠬᠤ ᠦᠶ᠎ᠡ᠎ᠳᠤ ᠨᠢᠭᠡᠨᠲᠡ ᠨᠠᠰᠤ ᠪᠠᠷᠠᠭ᠍ᠰᠠᠨᠢ ᠣᠯᠵᠤ ᠮᠡᠳᠡᠭᠡᠳ᠂ ᠲᠡᠷᠡ ᠳᠠᠷᠤᠶ᠎ᠳᠤ ᠨᠢ ᠳᠠᠭ᠋ᠠᠭᠳᠬᠠᠯ ᠮᠡᠬᠡᠯᠡᠬᠦ ᠪᠣᠳᠣᠯ ᠣᠷᠣᠵᠠᠢ᠃ ᠴᠢᠶᠠᠨ ᠣᠪᠣᠭ᠍ᠲᠤ ᠬᠤ᠌ ᠣᠪᠣᠭᠲᠤ᠎ᠶᠢᠨ ᠨᠢᠭᠡᠨᠲᠡ ᠨᠠᠰᠤ ᠪᠠᠷᠠᠭᠰᠠᠨ ᠮᠡᠳᠡᠭᠡ ᠵᠠᠩᠭᠢ᠎ᠶᠢ ᠨᠢᠭᠤᠨ ᠳᠠᠯᠳᠠᠯᠠᠵᠤ᠂ ᠡᠮᠨᠡᠯᠭᠡ᠎ᠶᠢᠨ ᠬᠣᠷᠢᠶ᠎ᠠ᠎ᠶᠢ ᠮᠡᠬᠡᠯᠡᠨ 9 ᠬᠠᠢᠷᠴᠠᠭ ᠳᠠᠪᠤᠰᠤᠨ ᠬᠦᠴᠢᠯᠦ᠋ᠨ ᠠᠨ ᠯᠦᠸᠸ ᠲᠢ ᠨᠢ ᠬᠤᠮᠵᠢᠶ᠎ᠠ ᠡᠮ ᠬᠤᠳᠠᠯᠳᠤᠵᠤ᠂ ᠳᠠᠷᠠᠭ᠎ᠠ ᠨᠢ ᠭᠠᠷ ᠳᠠᠮᠵᠢᠭᠤᠯᠤᠨ ᠪᠦᠬᠦᠨ᠎ᠢ᠋ ᠫᠠᠨᠽᠠᠯᠠᠨ ᠠᠰᠢᠭ ᠣᠯᠵᠤ᠂ ᠡᠮᠴᠢᠯᠡᠭᠡᠨ᠎ᠦ ᠳᠠᠭᠠᠳᠭᠠᠯ᠎ᠤ᠋ᠨ ᠰᠠᠭᠤᠷᠢ ᠮᠥᠩᠭᠥ 13815.90 ᠲᠥᠭᠥᠷᠢᠭ ᠬᠣᠬᠢᠷᠠᠭᠤᠯᠪᠠ᠃
ᠣᠳᠣᠬᠠᠨ᠎ᠳᠤ᠂ ᠴᠢᠶᠠᠨ ᠣᠪᠣᠭ᠍ᠲᠤ ᠮᠡᠬᠡᠯᠡᠭ᠌ᠰᠡᠨ ᠶᠠᠯ᠎ᠠ᠎ᠪᠠᠷ ᠪᠠᠷᠢᠪᠴᠢᠯᠠᠭ᠍ᠳᠠᠪᠠ᠂ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠨᠢᠭᠡᠨᠲᠡ ᠲᠤᠷᠱᠢᠨ ᠪᠠᠢᠴᠠᠭᠠᠵᠤ ᠳᠠᠭᠤᠰᠴᠤ᠌᠂ ᠬᠡᠷᠡᠭ᠎ᠢ ᠨᠢᠭᠡᠨᠲᠡ ᠪᠠᠢᠴᠠᠭᠠᠬᠤ ᠪᠠᠢᠭᠤᠯᠭ᠎ᠠ᠎ᠳᠤ ᠬᠠᠤᠯᠢ ᠶᠣᠰᠣᠭᠠᠷ ᠱᠢᠯᠵᠢᠭᠦᠯᠦᠨ ᠬᠢᠨᠠᠨ ᠪᠠᠢᠴᠠᠭᠠᠯᠭᠠᠵᠤ ᠵᠠᠭᠠᠯᠳᠤᠪᠠ᠃
ᠬᠡᠷᠡᠭ᠎ᠦ᠋ᠨ ᠵᠢᠱ᠌ᠢᠶ᠎ᠡ ᠳᠣᠯᠣᠭ᠎ᠠ ᠹᠦᠵᠢᠶᠠᠨ ᠮᠣᠵᠢ᠎ᠶᠢᠨ ᠰᠠᠨᠮᠢᠩ ᠬᠣᠲᠠ᠎ᠶᠢᠨ ᠴᠧᠨ ᠣᠪᠣᠭ᠍ᠲᠤ ᠵᠡᠷᠭᠡ 6 ᠬᠥᠮᠦᠨ ᠡᠮᠴᠢᠯᠡᠭᠡᠨ᠎ᠦ ᠳᠠᠭᠠᠳᠭᠠᠯ᠎ᠤ᠋ᠨ ᠡᠮ᠎ᠦ᠋ᠨ ᠵᠦᠢᠯ᠎ᠢ᠋ ᠫᠠᠨᠽᠠᠯᠠᠵᠤ ᠳᠠᠭ᠋ᠠᠳᠬᠠᠯ ᠮᠡᠬᠡᠯᠡᠭᠰᠡᠨ ᠬᠡᠷᠡᠭ
2021 ᠣᠨ᠎ᠤ 11 ᠳ᠋ᠤᠭᠡᠷ ᠰᠠᠷ᠎ᠠ᠎ᠳᠤ᠂ ᠹᠦᠵᠢᠶᠠᠨ ᠮᠤᠵᠢ᠎ᠶ᠋ᠢᠨ ᠰᠠᠨᠮᠢᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠢᠯᠡᠴᠢᠯᠡᠨ ᠮᠡᠳᠡᠭᠦᠯᠦᠭ᠌ᠰᠡᠨ ᠰᠦᠪᠡᠭ᠌ᠴᠢ᠎ᠶ᠋ᠢ ᠬᠦᠯᠢᠶᠡᠨ ᠠᠪᠴᠤ᠌᠂ ᠳᠠᠭᠠᠳᠭᠠᠯ᠎ᠳᠤ ᠣᠷᠣᠯᠴᠠᠭ᠍ᠴᠢ ᠨᠢᠭᠡᠨ ᠡᠮᠨᠡᠯᠭᠡ᠎ᠶ᠋ᠢᠨ ᠬᠤᠷᠢᠶ᠎ᠠ᠎ᠳᠤ ᠲᠣᠭ᠍ᠲᠠᠭᠠᠯ᠎ᠠᠴᠠ ᠵᠥᠷᠢᠴᠡᠨ ᠡᠭᠦᠳᠡᠨ ᠡᠮᠨᠡᠯᠭᠡ᠎ᠶ᠋ᠢᠨ ᠣᠨᠴᠠ ᠡᠪᠡᠳᠴᠢᠨ᠎ᠤ ᠲᠥᠷᠥᠯ᠎ᠤᠨ ᠡᠮ ᠬᠤᠳᠠᠯᠳᠤᠭᠰᠠᠨ᠎ᠢ ᠲᠤᠰᠭᠠᠪᠠ᠃ ᠰᠠᠨᠮᠢᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠳᠠᠷᠤᠢ᠎ᠳᠤ ᠨᠢ ᠲᠤᠰᠭᠠᠶ ᠬᠢᠨᠠᠨ ᠪᠠᠢᠴᠠᠭᠠᠯᠲᠠ ᠥᠷᠨᠢᠭᠦᠯᠵᠦ᠂ ᠭᠤᠣᠯᠳᠠᠭᠤ ᠲᠤᠰ ᠡᠮᠨᠡᠯᠭᠡ᠎ᠶ᠋ᠢᠨ ᠬᠤᠷᠢᠶᠠᠨ᠎ᠤ ᠴᠢᠰᠤ ᠨᠡᠪᠴᠢᠭᠦᠯᠦᠨ ᠢᠯᠭ᠋ᠠᠷᠠᠭᠤᠯᠬᠤ ᠰᠠᠯᠠᠭᠠᠨ᠎ᠤ ᠡᠮᠴᠢ ᠯᠢᠨ ᠣᠪᠣᠭ᠍ᠲᠤ ᠬᠡᠳᠦ ᠤᠳᠠᠭ᠎ᠠ᠂ ᠬᠡᠮᠵᠢᠶ᠎ᠡ᠎ᠠᠴᠠ ᠬᠡᠲᠦᠷᠡᠭᠦᠯᠦᠨ ᠡᠮ ᠬᠤᠳᠠᠯᠳᠤᠭᠰᠠᠨ ᠡᠪᠡᠳᠴᠢᠲᠡᠨ᠎ᠳᠤ ᠠᠩᠬᠠᠷᠤᠯ᠎ᠢᠶᠠᠨ ᠲᠥᠪᠯᠡᠷᠡᠭᠦᠯᠬᠦ᠌᠎ᠶ᠋ᠢᠨ ᠬᠠᠮᠲᠤ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠲᠠᠢ ᠡᠷᠡᠭᠦᠦ ᠱᠢᠢᠳᠭᠡᠯ᠎ᠢ ᠵᠣᠯᠭᠠᠭᠤᠯᠬᠤ᠎ᠶ᠋ᠢ ᠴᠢᠩᠭᠠᠳᠭᠠᠪᠠ᠃ ᠪᠠᠢᠴᠠᠭᠠᠭ᠍ᠰᠠᠨ᠎ᠢᠶᠠᠷ᠂ ᠳᠠᠭᠠᠳᠭᠠᠯ᠎ᠳᠤ ᠣᠷᠣᠯᠴᠠᠭ᠍ᠴᠢ ᠴᠧᠨ ᠣᠪᠣᠭ᠍ᠲᠤ᠂ ᡂᠢ ᠣᠪᠣᠭ᠍ᠲᠤ᠂ ᠴᠢᠦ ᠣᠪᠣᠭᠲᠣ᠂ ᠬᠤ᠌ ᠣᠪᠣᠭ᠍ᠲᠤ᠂ ᠯᠢᠦ ᠣᠪᠣᠭ᠍ᠲᠤ᠂ ᠺᠧ ᠣᠪᠣᠭ᠍ᠲᠤ ᠵᠡᠷᠭᠡ 6 ᠬᠥᠮᠦᠨ ᠴᠥᠮ ᠴᠢᠰᠤ ᠨᠡᠪᠴᠢᠭᠦᠯᠦᠨ ᠢᠯᠭ᠋ᠠᠷᠠᠭᠤᠯᠬᠤ ᠡᠪᠡᠳᠴᠢᠲᠡᠨ ᠪᠠᠢ᠌ᠵᠤ᠂ ᠴᠧᠨ ᠣᠪᠣᠭ᠍ᠲᠤ᠎ᠶ᠋ᠢ ᠵᠢᠭᠠᠨ ᠳᠣᠬᠢᠵᠤ ᠪᠠᠢᠭᠠᠳ ᠪᠤᠰᠤᠳ ᠡᠪᠡᠳᠴᠢᠲᠡᠨ᠎ᠳᠤ ᠥᠪᠡᠷ᠎ᠤᠨ ᠡᠪᠡᠳᠴᠢᠨ᠎ᠤ ᠪᠠᠢᠳᠠᠯ᠎ᠢᠶᠠᠨ ᠠᠱᠢᠭ᠍ᠯᠠᠨ ᠡᠮᠴᠢ᠎ᠶ᠋ᠢ ᠥᠳᠥᠭᠡᠵᠦ᠍ ᠪᠠᠢᠭᠠᠳ ᠬᠡᠮᠵᠢᠶ᠎ᠡ᠎ᠠᠴᠠ ᠬᠡᠲᠦᠷᠡᠭᠦᠯᠦᠨ ᠡᠮ ᠬᠤᠳᠠᠯᠳᠤᠵᠤ᠂ ᠣᠯᠠᠨ ᠱᠢᠭᠡᠰᠦᠨᠬᠣᠣᠷᠳᠠᠯᠢ ᠴᠡᠪᠡᠷᠰᠢᠭᠦᠯᠬᠦ ᠮᠥᠬᠥᠯᠢᠭ ᠡᠮ᠂ ᠪᠸᠢ ᠲᠦᠷᠦᠭᠦᠦ ᠪᠤᠯᠴᠢᠷᠬᠠᠢ᠎ᠶᠢᠨ ᠡᠳ᠋ ᠨᠠᠲᠷᠢ᠎ᠦᠨ ᠬᠠᠪᠲᠠᠬ᠍ᠭ᠋ᠠᠢ ᠡᠮ ᠵᠡᠷᠭᠡ ᠴᠢᠰᠤ ᠨᠡᠪᠴᠢᠭᠦᠯᠦᠨ ᠢᠯᠭ᠋ᠠᠷᠠᠭᠤᠯᠬᠤ ᠡᠮ᠎ᠤᠨ ᠵᠦᠢ᠍ᠯ᠎ᠢ ᠴᠧᠨ ᠣᠪᠣᠭ᠍ᠲᠤ᠎ᠠᠴᠠ ᠵᠠᠨ ᠣᠪᠣᠭ᠍ᠲᠤ᠎ᠳᠤ ᠫᠠᠨᠽᠠᠯᠠᠵᠤ᠂ ᠳᠠᠬᠢᠨ ᠵᠠᠨ ᠣᠪᠣᠭ᠍ᠲᠤ᠎ᠠᠴᠠ ᠠᠵᠢᠯ ᠮᠡᠷᠭᠡᠵᠢᠯ᠎ᠤᠨ ᠳᠠᠭ᠋ᠠᠳᠬᠠᠯ ᠮᠡᠬᠡᠯᠡᠭᠴᠢ ᠺᠧ ᠣᠪᠣᠭ᠍ᠲᠤ ᠬᠥᠬᠡᠭ᠌ᠴᠢᠨ᠎ᠳᠤ ᠫᠠᠨᠽᠠᠯᠠᠵᠤ ᠠᠰᠢᠭ ᠣᠯᠵᠠᠢ᠃
2024 ᠣᠨ᠎ᠤ 2 ᠳ᠋ᠤᠭ᠋ᠠᠷ ᠰᠠᠷ᠎ᠠ᠎ᠳᠤ᠂ ᠰᠠᠨᠮᠢᠩ ᠬᠤᠳᠠ᠎ᠶ᠋ᠢᠨ ᠰᠠᠨᠶᠤᠸᠠᠨ ᠲᠣᠭᠤᠷᠢᠭ᠎ᠤᠨ ᠠᠷᠠᠳ᠎ᠤᠨ ᠱᠢᠭᠦᠬᠦ᠌ ᠬᠤᠷᠢᠶ᠎ᠠ ᠬᠠᠤᠯᠢ ᠶᠣᠰᠣᠭᠠᠷ ᠱᠢᠭᠦᠨ ᠲᠠᠰᠤᠯᠤᠯᠲᠠ ᠭᠠᠷᠭ᠋ᠠᠵᠤ᠄ ᠴᠧᠨ ᠣᠪᠣᠭ᠍ᠲᠤ ᠮᠡᠬᠡᠯᠡᠭ᠌ᠰᠡᠨ ᠶᠠᠯ᠎ᠠ ᠬᠢᠵᠦ᠍᠂ 1 ᠵᠢᠯ 7 ᠰᠠᠷ᠎ᠠ ᠬᠤᠭᠤᠴᠠᠭ᠎ᠠ ᠲᠠᠢ ᠬᠣᠷᠢᠵᠤ᠂ 2 ᠵᠢᠯ ᠡᠷᠡᠭᠦᠦ ᠰᠢᠢ᠍ᠳᠬᠡᠯ ᠬᠤᠢᠱᠢᠯᠠᠭᠤᠯᠬᠤ᠎ᠶ᠋ᠢᠨ ᠬᠠᠮᠲᠤ ᠠᠷᠠᠳ᠎ᠤᠨ ᠵᠣᠭᠤᠰ 2000 ᠲᠥᠭᠦᠷᠢᠭ ᠵᠣᠭᠤᠰ᠎ᠢᠶᠠᠷ ᠲᠣᠷᠭᠠᠨ᠎ᠠ; ᡂᠢ ᠣᠪᠣᠭ᠍ᠲᠤ ᠮᠡᠬᠡᠯᠡᠭ᠌ᠰᠡᠨ ᠶᠠᠯ᠎ᠠ ᠬᠢᠵᠦ᠍᠂ 7 ᠰᠠᠷ᠎ᠠ ᠬᠤᠭᠤᠴᠠᠭ᠎ᠠ᠎ᠲᠠᠢ ᠬᠣᠷᠢᠵᠤ᠂ 1 ᠵᠢᠯ ᠡᠷᠡᠭᠦᠦ ᠰᠢᠢ᠍ᠳᠬᠡᠯ ᠬᠤᠢᠱᠢᠯᠠᠭᠤᠯᠬᠤ᠎ᠶ᠋ᠢᠨ ᠬᠠᠮᠲᠤ ᠠᠷᠠᠳ᠎ᠤᠨ ᠵᠣᠭᠤᠰ᠎ᠢᠶᠠᠷ 2000 ᠲᠥᠭᠦᠷᠢᠭ ᠵᠣᠭᠤᠰ᠎ᠢᠶᠠᠷ ᠲᠣᠷᠭ᠋ᠠᠨ᠎ᠠ; ᠵᠠᠨ ᠣᠪᠣᠭ᠍ᠲᠤ ᠮᠡᠬᠡᠯᠡᠭ᠌ᠰᠡᠨ ᠶᠠᠯ᠎ᠠ ᠬᠢᠵᠦ᠍᠂ 1 ᠵᠢᠯ 5 ᠰᠠᠷ᠎ᠠ ᠬᠤᠭᠤᠴᠠᠭ᠎ᠠ᠎ᠲᠠᠢ ᠬᠣᠷᠢᠬᠤ᠎ᠶᠢᠨ ᠬᠠᠮᠲᠤ ᠠᠷᠠᠳ᠎ᠤᠨ ᠵᠣᠭᠤᠰ᠎ᠢᠶᠠᠷ 10000 ᠲᠥᠭᠦᠷᠢᠭ ᠵᠣᠭᠤᠰ᠎ᠢᠶᠠᠷ ᠲᠣᠷᠭᠠᠵᠤ᠂ ᠨᠢᠭᠤᠨ ᠳᠠᠯᠳᠠᠯᠠᠬᠤ ᠶᠠᠯ᠎ᠠ᠎ᠪᠠᠷ ᠰᠢᠢ᠍ᠳᠬᠡᠵᠦ᠂ 10 ᠰᠠᠷ᠎ᠠ ᠬᠤᠭᠤᠴᠠᠭ᠎ᠠ᠎ᠲᠠᠢ ᠬᠣᠷᠢᠵᠤ᠂ ᠠᠷᠠᠳ᠎ᠤᠨ ᠵᠣᠭᠤᠰ᠎ᠢᠶᠠᠷ 10000 ᠲᠥᠭᠦᠷᠢᠭ ᠵᠣᠭᠤᠰ᠎ᠢᠶᠠᠷ ᠲᠣᠷᠭᠠᠨ᠎ᠠ; ᠺᠧ ᠣᠪᠣᠭ᠍ᠲᠤ ᠬᠥᠬᠡᠭ᠌ᠴᠢᠨ ᠨᠢᠭᠤᠨ ᠳᠠᠯᠳᠠᠯᠠᠬᠤ ᠶᠠᠯ᠎ᠠ᠎ᠪᠠᠷ ᠰᠢᠢ᠍ᠳᠬᠡᠵᠦ᠂ 3 ᠵᠢᠯ ᠬᠤᠭᠤᠴᠠᠭ᠎ᠠ᠎ᠲᠠᠢ ᠬᠣᠷᠢᠵᠤ᠂ 4 ᠵᠢᠯ ᠡᠷᠡᠭᠦᠦ ᠱᠢᠢᠳᠭᠡᠯ ᠬᠤᠢᠱᠢᠯᠠᠭᠤᠯᠬᠤ᠎ᠶ᠋ᠢᠨ ᠬᠠᠮᠲᠤ ᠠᠷᠠᠳ᠎ᠤᠨ ᠵᠣᠭᠤᠰ᠎ᠢᠶᠠᠷ 10000 ᠲᠥᠭᠦᠷᠢᠭ ᠵᠣᠭᠤᠰ᠎ᠢᠶᠠᠷ ᠲᠣᠷᠭ᠋ᠠᠨ᠎ᠠ; ᠴᠧᠨ ᠣᠪᠣᠭ᠍ᠲᠤ᠂ ᠴᠢᠦ ᠣᠪᠣᠭ᠍ᠲᠤ᠂ ᠬᠤ᠌ ᠣᠪᠣᠭ᠍ᠲᠤ᠂ ᠯᠢᠦ ᠣᠪᠣᠭ᠍ᠲᠤ᠂ ᠺᠧ ᠣᠪᠣᠭ᠍ᠲᠤ ᠵᠡᠷᠭᠡ 5 ᠬᠥᠮᠦᠨ᠎ᠤ ᠪᠤᠴᠠᠭᠠᠨ ᠭᠠᠷᠭᠠᠭ᠍ᠰᠠᠨ ᠪᠤᠵᠠᠷ ᠵᠣᠭᠤᠰ ᠨᠡᠢᠲᠡ 42295.87 ᠲᠥᠭᠦᠷᠢᠭ ᠪᠠᠢᠵᠤ᠂ ᠪᠦᠬᠦᠨ᠎ᠢ ᠰᠠᠨᠮᠢᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠲᠥᠪ᠎ᠲᠤ ᠪᠤᠴᠠᠭᠠᠨ ᠥᠭ᠌ᠪᠡ; ᠴᠧᠨ ᠣᠪᠣᠭ᠍ᠲᠤ᠂ ᡂᠢ ᠣᠪᠣᠭ᠍ᠲᠤ ᠬᠠᠮᠲᠤ ᠪᠤᠵᠠᠷ ᠵᠣᠭᠤᠰ 12565.6 ᠲᠥᠭᠦᠷᠢᠭ ᠪᠤᠴᠠᠭᠠᠵᠤ ᠰᠠᠨᠮᠢᠩ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠲᠥᠪ᠎ᠲᠤ ᠪᠤᠴᠠᠭ᠋ᠠᠯᠭ᠋ᠠᠬᠤ᠎ᠪᠠᠷ ᠵᠠᠷᠯᠢᠭ᠍ᠳᠠᠪᠠ᠃ 2024 ᠣᠨ᠎ᠤ 3 ᠳ᠋ᠤᠭ᠋ᠠᠷ ᠰᠠᠷ᠎ᠠ᠎ᠳᠤ᠂ ᠰᠠᠨᠮᠢᠩ ᠬᠤᠲᠠ᠎ᠶ᠋ᠢᠨ ᠡᠮᠴᠢᠯᠡᠭᠡᠨ᠎ᠤ ᠪᠠᠳᠤᠯᠠᠭ᠎ᠠ᠎ᠶ᠋ᠢᠨ ᠰᠠᠯᠠᠭ᠎ᠠ ᠮᠥᠴᠢᠷ ᠢᠯᠡᠴᠢᠯᠡᠨ ᠮᠡᠳᠡᠭᠦᠯᠦᠭ᠌ᠴᠢ᠎ᠳᠤ 5252 ᠲᠥᠭᠦᠷᠢᠭ᠎ᠤᠨ ᠱᠠᠩᠨᠠᠯ ᠣᠯᠭᠤᠪᠠ᠃ ᠡᠮᠴᠢᠯᠡᠭᠡᠨ᠎ᠦ ᠳᠠᠭᠠᠳᠭᠠᠯ᠎ᠤ᠋ᠨ ᠦᠢᠯᠡᠴᠢᠯᠡᠭᠡᠨ᠎ᠦ᠌ ᠬᠡᠯᠡᠯᠴᠡᠭᠡᠷᠢ᠋ ᠦᠨᠳᠦᠰᠦᠯᠡᠨ ᠲᠤᠰ ᠡᠮᠨᠡᠯᠭᠡ᠎ᠶᠢᠨ ᠬᠣᠷᠢᠶ᠎ᠠ᠎ᠶᠢᠨ ᠬᠡᠮᠵᠢᠶ᠎ᠡ ᠡᠴᠡ ᠬᠡᠲᠦᠷᠡᠲᠡᠯ᠎ᠡ ᠡᠮ ᠬᠤᠳᠠᠯᠳᠤᠭᠰᠠᠨ ᠵᠣᠭᠣᠰ᠎ᠤ᠋ᠨ ᠲᠣᠭ᠎ᠠ 331962.42 ᠲᠥᠭᠥᠷᠢᠭ ᠪᠠᠢᠵᠤ᠂ ᠬᠡᠷᠡᠭ᠎ᠲᠦ᠍ ᠬᠣᠯᠪᠣᠭ᠍ᠳᠠᠭ᠍ᠰᠠᠨ ᠡᠮᠴᠢ ᠯᠢᠨ ᠣᠪᠣᠭ᠍ᠲᠤ᠎ᠶᠢᠨ ᠡᠮᠴᠢᠯᠡᠭᠡᠨ᠎ᠦ ᠳᠠᠭᠠᠳᠭᠠᠯ᠎ᠤ᠋ᠨ ᠲᠣᠭ᠋ᠠᠴᠠᠭ᠎ᠠ ᠬᠢᠬᠦ ᠬᠢᠷᠢ ᠭᠡᠮᠢ᠋ 3 ᠰᠠᠷ᠎ᠠ ᠲᠦᠷ ᠵᠣᠭᠰᠣᠭ᠋ᠠᠪᠠ᠃
ᠬᠡᠷᠡᠭ᠎ᠤᠨ ᠵᠢᠱ᠌ᠢᠶ᠎ᠡ ᠨᠠᠢ᠍ᠮᠠ ᠬᠥᠬᠡᠨᠠᠭᠤᠷ ᠮᠤᠵᠢ᠎ᠶ᠋ᠢᠨ ᠬᠠᠢ᠌ᠳᠦ᠋ᠩ ᠬᠤᠲᠠ᠎ᠶ᠋ᠢᠨ ᠳᠠᠭᠠᠳᠭᠠᠯ᠎ᠳᠤ ᠣᠷᠣᠯᠴᠠᠭᠴᠢ ᠪᠠᠶ ᠣᠪᠣᠭ᠍ᠲᠤ ᠶᠠᠳᠠᠭᠤ᠎ᠠᠴᠠ ᠠᠩᠭᠢᠵᠢᠷᠠᠭ᠍ᠰᠠᠳᠤᠨ ᠪᠡᠶ᠎ᠡ ᠠᠬᠤᠢ᠎ᠶᠢ ᠬᠠᠭᠤᠷᠮᠠᠭ᠍ᠯᠠᠨ ᠬᠡᠷᠡᠭᠯᠡᠵᠦ ᠡᠪᠡᠳᠴᠢᠨ ᠦᠵᠡᠭᠦᠯᠵᠦ᠍ ᠳᠠᠭᠠᠳᠭᠠᠯ ᠮᠡᠬᠡᠯᠡᠭ᠌ᠰᠡᠨ ᠬᠡᠷᠡᠭ
2023 ᠣᠨ᠎ᠤ 12 ᠳ᠋ᠤᠭ᠋ᠠᠷ ᠰᠠᠷ᠎ᠠ᠎ᠳᠤ᠂ ᠬᠥᠬᠡᠨᠠᠭᠤᠷ ᠮᠤᠵᠢ᠎ᠶ᠋ᠢᠨ ᠬᠠᠢ᠌ᠳᠦ᠋ᠩ ᠬᠤᠳᠠ᠎ᠶ᠋ᠢᠨ ᠮᠢᠨ ᠾᠧ ᠬᠤᠲᠣᠩ ᠦᠨᠳᠦᠰᠦᠲᠡᠨ ᠮᠣᠩᠭᠣᠷ ᠦᠨᠳᠦᠰᠦᠲᠡᠨ᠎ᠦ ᠥᠪᠡᠷᠲᠡᠭᠡᠨ ᠵᠠᠰᠠᠬᠤ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠬᠠᠢ ᠳ᠋ᠦᠩ ᠬᠤᠳᠠ᠎ᠶ᠋ᠢᠨ 12345 ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠤ ᠬᠠᠯᠠᠮᠱᠢᠯ ᠤᠲᠠᠰᠤ᠎ᠶ᠋ᠢ ᠲᠤᠱᠢᠶᠠᠨ ᠥᠭ᠌ᠴᠦ ᠱᠢᠢᠳᠪᠦᠷᠢᠯᠡᠭᠦᠯᠦᠭ᠌ᠰᠡᠨ ᠬᠠᠭᠤᠳᠠᠰᠤ᠎ᠶ᠋ᠢ ᠲᠤᠰᠴᠤ᠌᠂ ᠪᠠᠢ * ᠷᠸᠨ ᠶᠠᠳᠠᠭᠤ᠎ᠠᠴᠠ ᠠᠩᠭᠢᠵᠢᠷᠠᠭ᠍ᠰᠠᠨ ᠪᠠᠢ * ᠶᠢᠩ᠎ᠦᠨ ᠨᠡᠷ᠎ᠡ᠎ᠪᠠᠷ ᠡᠪᠡᠳᠴᠢᠨ ᠦᠵᠡᠭᠦᠯᠵᠦ ᠪᠠᠢᠬᠤ᠎ᠶ᠋ᠢ ᠲᠤᠰᠭᠠᠵᠤ᠂ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠲᠡᠷᠡ ᠳᠠᠷᠤᠢ᠎ᠳᠤ ᠨᠢ ᠪᠠᠢᠴᠠᠭᠠᠬᠤ ᠳᠤᠭᠤᠢᠯᠠᠩ ᠲᠣᠮᠢᠯᠠᠨ ᠲᠤᠰ ᠶᠠᠪᠤᠳᠠᠯ᠎ᠢ ᠬᠢᠨᠠᠨ ᠪᠠᠢᠴᠠᠭᠠᠪᠠ᠃ ᠲᠤᠬᠠᠶ᠎ᠶ᠋ᠢᠨ ᠬᠥᠮᠦᠨ ᠵᠢᠴᠢ ᠲᠡᠭᠦᠨ᠎ᠤ ᠣᠢᠷ᠎ᠠ ᠲᠥᠷᠥᠯ ᠰᠠᠳᠤᠨ᠂ ᠡᠷᠬᠢᠨ ᠲᠣᠭᠤᠷᠢᠨ᠎ᠤ ᠣᠯᠠᠨ ᠲᠦᠮᠡᠨ᠎ᠢ ᠰᠤᠷᠪᠤᠯᠵᠢᠯᠠᠵᠤ᠂ ᠬᠠᠮᠢᠶ᠎ᠠ ᠪᠥᠬᠦᠶ ᠴᠡᠭ ᠲᠣᠭᠲᠠᠭ᠋ᠠᠭᠰᠠᠨ ᠡᠮᠴᠢᠯᠡᠭᠡᠨ᠎ᠤ ᠪᠠᠢᠭᠤᠯᠤᠮᠵᠢ᠎ᠳᠤ ᠬᠦᠷᠴᠦ᠍ ᠡᠮᠨᠡᠯᠭᠡ᠎ᠳᠤ ᠰᠠᠭᠤᠭ᠍ᠰᠠᠨ ᠡᠪᠡᠳᠴᠢᠨ᠎ᠤ ᠥᠩᠭᠡᠷᠡᠯᠲᠡ᠎ᠶ᠋ᠢ ᠱᠢᠯᠵᠢᠭᠦᠯᠦᠨ ᠠᠪᠴᠤ᠌᠂ ᠡᠪᠡᠳᠴᠢᠨ ᠦᠵᠡᠭᠰᠡᠨ ᠡᠮᠴᠢ ᠵᠢᠴᠢ ᠰᠤᠪᠢᠯᠠᠭ᠍ᠴᠢ ᠵᠡᠷᠭᠡ᠎ᠶ᠋ᠢ ᠯᠠᠪᠯᠠᠨ ᠠᠰᠠᠭᠤᠵᠤ᠂ ᠪᠠᠶ * ᠷᠸᠨ ᠪᠠᠶ * ᠶᠢᠩ᠎ᠦᠨ ᠨᠡᠢᠭᠡᠮ᠎ᠤᠨ ᠪᠠᠲᠤᠯᠠᠭ᠎ᠠ᠎ᠶ᠋ᠢᠨ ᠺᠠᠷᠲ᠎ᠢᠶᠠᠷ ᠡᠮᠨᠡᠯᠭᠡ᠎ᠳᠤ ᠣᠷᠣᠵᠤ ᠡᠮᠨᠡᠭᠦᠯᠦᠭ᠌ᠰᠡᠨᠤ ᠬᠠᠮᠲᠤ ᠡᠮᠴᠢᠯᠡᠭᠡᠨ᠎ᠤ ᠳᠠᠭᠠᠳᠭᠠᠯ᠎ᠤᠨ ᠵᠠᠷᠤᠳᠠᠯ᠎ᠢ ᠬᠤᠶᠠᠷ ᠤᠳᠠᠭ᠎ᠠ ᠲᠠᠩᠰᠠ ᠲᠠᠢ᠌ᠯᠵᠤ᠂ ᠶᠡᠷᠦᠩᠬᠡᠶ ᠵᠠᠷᠤᠳᠠᠯ 37879.4 ᠲᠥᠭᠦᠷᠢᠭ ᠪᠠᠢ᠌ᠵᠤ᠂ ᠪᠡᠯᠡᠨ ᠵᠣᠭᠣᠰ 7575.87 ᠲᠥᠭᠦᠷᠢᠭ ᠥᠭ᠌ᠴᠦ᠂ ᠦᠨᠳᠦᠰᠦᠨ ᠡᠮᠴᠢᠯᠡᠭᠡᠨ᠎ᠤ ᠳᠠᠭᠠᠳᠭᠠᠯ᠎ᠤᠨ ᠨᠢᠭᠡᠳᠦᠯᠲᠡᠶ ᠲᠥᠯᠥᠪᠯᠡᠬᠦ᠌ ᠰᠠᠭᠤᠷᠢ ᠮᠥᠩᠭᠦ 14178.44 ᠲᠥᠭᠦᠷᠢᠭ ᠥᠭ᠌ᠴᠦ᠂ ᠡᠮᠴᠢᠯᠡᠭᠡᠨ᠎ᠤ ᠠᠪᠤᠷᠠᠨ ᠲᠤᠰᠠᠯᠠᠬᠤ ᠰᠠᠭᠤᠷᠢ ᠮᠥᠩᠭᠦ 16125.09 ᠲᠥᠭᠦᠷᠢᠭ ᠥᠭᠴᠡᠢ᠃
2024 ᠣᠨ᠎ᠤ 6 ᠳ᠋ᠤᠭ᠋ᠠᠷ ᠰᠠᠷ᠎ᠠ᠎ᠳᠤ᠂ ᠮᠢᠨ ᠾᠧ ᠬᠤᠲᠣᠩ ᠦᠨᠳᠦᠰᠦᠲᠡᠨ ᠮᠣᠩᠭᠣᠷ ᠦᠨᠳᠦᠰᠦᠲᠡᠨ᠎ᠤ ᠥᠪᠡᠷᠲᠡᠭᠡᠨ ᠵᠠᠰᠠᠬᠤ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ᠎ᠠᠴᠠ ᠲᠤᠰ ᠬᠡᠷᠡᠭ᠎ᠢ ᠮᠢᠨ ᠾᠧ ᠬᠤᠲᠣᠩ ᠦᠨᠳᠦᠰᠦᠲᠡᠨ ᠮᠣᠩᠭᠣᠷ ᠦᠨᠳᠦᠰᠦᠲᠡᠨ᠎ᠦ ᠦᠨᠳᠦᠰᠦᠲᠡᠨ᠎ᠤ ᠥᠪᠡᠷᠲᠡᠭᠡᠨ ᠵᠠᠰᠠᠬᠤ ᠱᠢᠶᠠᠨ᠎ᠤ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠳᠤ ᠱᠢᠯᠵᠢᠭᠦᠯᠦᠨ ᠲᠤᠱᠢᠶᠠᠪᠠ᠃ 2025 ᠣᠨ᠎ᠤ 6 ᠳ᠋ᠤᠭ᠋ᠠᠷ ᠰᠠᠷ᠎ᠠ᠎ᠳᠤ᠂ ᠱᠢᠶᠠᠨ᠎ᠤ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠪᠠᠢᠴᠠᠭᠠᠬᠤ ᠬᠤᠷᠢᠶ᠎ᠠ᠎ᠳᠤ ᠱᠢᠯᠵᠢᠭᠦᠯᠦᠨ ᠬᠢᠨᠠᠨ ᠪᠠᠢᠴᠠᠭᠠᠯᠭᠠᠵᠤ ᠵᠠᠭᠠᠯᠳᠤᠪᠠ᠃ ᠲᠤᠬᠠᠢ᠎ᠶ᠋ᠢᠨ ᠭᠠᠵᠠᠷ᠎ᠤᠨ ᠪᠠᠢᠴᠠᠭᠠᠬᠤ ᠬᠤᠷᠢᠶ᠎ᠠ ᠨᠢᠭᠡᠨᠲᠡ 2025 ᠣᠨ᠎ᠤ 7 ᠳ᠋ᠤᠭ᠋ᠠᠷ ᠰᠠᠷ᠎ᠠ᠎ᠳᠤ ᠱᠢᠭᠦᠬᠦ᠌ ᠬᠤᠷᠢᠶ᠎ᠠ᠎ᠳᠤ ᠠᠯᠪᠠᠨ ᠵᠠᠭᠠᠯᠳᠤᠯᠭ᠎ᠠ ᠬᠢᠪᠡ᠃
ᠬᠡᠷᠡᠭ᠎ᠦᠨ ᠵᠢᠱ᠌ᠢᠶ᠎ᠡ ᠶᠢᠰᠦ ᠨᠢᠩᠱᠢᠶᠠ᠎ᠶ᠋ᠢᠨ ᠬᠣᠲᠣᠩ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠶᠢᠨᠴᠤᠸᠠᠨ ᠬᠣᠲᠠ᠎ᠶ᠋ᠢᠨ ᠳᠠᠭᠠᠳᠭᠠᠯ᠎ᠳᠤ ᠣᠷᠣᠯᠴᠠᠭ᠍ᠴᠢ ᠧᠦ ᠣᠪᠣᠭ᠍ᠲᠤ ᠲᠤᠰ ᠬᠥᠮᠦᠨ᠎ᠦ ᠨᠡᠢᠭᠡᠮ᠎ᠦᠨ ᠪᠠᠲᠤᠯᠠᠭ᠎ᠠ᠎ᠶ᠋ᠢᠨ ᠺᠠᠷᠲ᠎ᠢᠶᠠᠨ ᠪᠤᠰᠤᠳ᠎ᠳᠤ ᠥᠭ᠌ᠴᠦ ᠡᠪᠡᠳᠴᠢᠨ ᠦᠵᠡᠭᠦᠯᠵᠦ᠍ ᠳᠠᠭᠠᠳᠭᠠᠯ ᠮᠡᠬᠡᠯᠡᠭ᠌ᠰᠡᠨ ᠬᠡᠷᠡᠭ
2025 ᠣᠨ᠎ᠤ 8 ᠳ᠋ᠤᠭ᠋ᠠᠷ ᠰᠠᠷ᠎ᠠ᠎ᠳᠤ᠂ ᠨᠢᠩᠱᠢᠶᠠ᠎ᠶ᠋ᠢᠨ ᠬᠤᠲᠣᠩ ᠦᠨᠳᠦᠰᠦᠲᠡᠨ᠎ᠤ ᠥᠪᠡᠷᠲᠡᠭᠡᠨ ᠵᠠᠰᠠᠬᠤ ᠣᠷᠣᠨ᠎ᠤ ᠶᠢᠨᠴᠤᠸᠠᠨ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠲᠣᠮᠣ ᠳ᠋ᠠᠢᠲ᠋ᠠ᠎ᠶ᠋ᠢᠨ ᠱᠢᠭ᠌ᠰᠢᠨ ᠪᠠᠢᠴᠠᠭᠠᠯᠲᠠ᠎ᠶ᠋ᠢᠨ ᠰᠦᠪᠡᠭ᠌ᠴᠢ᠎ᠶ᠋ᠢ ᠬᠠᠷᠭᠤᠭᠤᠯᠤᠨ ᠪᠠᠢᠴᠠᠭᠠᠬᠤᠳᠦᠪᠡᠨ᠂ ᠳᠠᠭ᠋ᠠᠳᠬᠠᠯ᠎ᠳᠤ ᠣᠷᠣᠯᠴᠠᠭ᠍ᠴᠢ ᠡᠸᠤ ᠣᠪᠣᠭ᠍ᠲᠤ ᠲᠣᠰ ᠬᠥᠮᠦᠨ᠎ᠤ ᠨᠡᠢᠭᠡᠮ᠎ᠤᠨ ᠪᠠᠲᠤᠯᠠᠭ᠎ᠠ᠎ᠶ᠋ᠢᠨ ᠺᠠᠷᠲ᠎ᠢᠶᠠᠨ ᠪᠤᠰᠤᠳ᠎ᠲᠤ ᠥᠭᠴᠦ ᠬᠤᠳᠠᠯ ᠬᠠᠭᠤᠷᠮᠠᠭ᠎ᠢᠶᠠᠷ ᠬᠡᠷᠡᠭ᠌ᠯᠡᠭᠦᠯᠬᠦ᠌ᠶ᠋ᠢᠨ ᠬᠠᠮᠲᠤ ᠳᠤᠮᠳᠠ᠎ᠠᠴᠠ᠎ᠨᠢ ᠬᠠᠤᠯᠢ ᠪᠤᠰᠤ᠎ᠪᠠᠷ ᠠᠱᠢᠭ ᠬᠦᠷᠲᠡᠵᠦ᠂ ᠡᠮᠴᠢᠯᠡᠭᠡᠨ᠎ᠤ ᠳᠠᠭ᠋ᠠᠳᠬᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠤᠭ᠍ᠰᠠᠨ ᠰᠡᠵᠢᠭ᠌ᠯᠡᠯᠲᠡᠶᠢ ᠣᠯᠵᠤ ᠮᠡᠳᠡᠵᠡᠢ᠃ ᠪᠠᠢᠴᠠᠭᠠᠨ ᠬᠠᠷᠭᠤᠭᠤᠯᠬᠤ᠎ᠪᠠᠷ ᠳᠠᠮᠵᠢᠨ᠂ 2024 ᠣᠨ᠎ᠤ 1 ᠳ᠋ᠤᠭᠡᠷ ᠰᠠᠷ᠎ᠠ᠎ᠠᠴᠠ 2025 ᠣᠨ᠎ᠤ 3 ᠳ᠋ᠤᠭ᠋ᠠᠷ ᠰᠠᠷ᠎ᠠ᠎ᠶ᠋ᠢᠨ ᠬᠤᠭᠤᠴᠠᠭᠠᠨ᠎ᠳᠤ᠂ ᠳᠠᠭᠠᠳᠭᠠᠯ᠎ᠳᠤ ᠣᠷᠣᠯᠴᠠᠭᠴᠢ ᠡᠸᠤ ᠣᠪᠣᠭ᠍ᠲᠤ ᠣᠯᠠᠨ ᠤᠳᠠᠭ᠎ᠠ ᠲᠣᠰ ᠬᠥᠮᠦᠨ᠎ᠤ ᠨᠡᠢᠭᠡᠮ᠎ᠤᠨ ᠪᠠᠲᠤᠯᠠᠭ᠎ᠠ᠎ᠶ᠋ᠢᠨ ᠺᠠᠷᠲ᠎ᠢᠶᠠᠨ ᠪᠤᠰᠤᠳ ᠬᠥᠮᠦᠨ᠎ᠢᠶᠠᠷ ᠶᠢᠨᠴᠤᠸᠠᠨ᠂ ᠱ᠌ᠢ ᠽᠦᠶ ᠱᠠᠨ ᠵᠡᠷᠭᠡ ᠭᠠᠵᠠᠷ᠎ᠤᠨ ᠴᠡᠭ ᠲᠣᠭᠲᠠᠭ᠋ᠠᠭᠰᠠᠨ ᠡᠮᠴᠢᠯᠡᠭᠡᠨ᠎ᠦ ᠪᠠᠢᠭᠤᠯᠤᠮᠵᠢ᠎ᠳᠤ ᠰᠧ ᠮᠧᠶ ᠭᠧ ᠯᠦ᠍ ᠲᠠᠢ ᠫᠸᠫᠲ᠋ᠢᠳ᠋ ᠲᠠᠷᠢᠯᠭ᠎ᠠ᠎ᠶ᠋ᠢᠨ ᠱᠢᠩᠭᠡᠨ᠎ᠢ ᠬᠤᠳᠠᠯᠳᠤᠭᠤᠯᠵᠤ᠂ ᠪᠤᠰᠤᠳ᠎ᠤᠨ ᠨᠡᠷ᠎ᠡ᠎ᠪᠡᠷ ᠡᠪᠡᠳᠴᠢᠨ ᠦᠵᠡᠭᠦᠯᠦᠭᠰᠡᠨ ᠸᠸᠨ ᠣᠪᠣᠭᠲᠤ ᠨᠢᠭᠡ ᠰᠠᠯᠠᠭ᠎ᠠ ᠰᠧ ᠮᠧᠶ ᠭᠧ ᠯᠦ᠍ ᠲᠠᠢ ᠫᠸᠫᠲ᠋ᠢᠳ᠋ ᠲᠠᠷᠢᠯᠭ᠎ᠠ᠎ᠶ᠋ᠢᠨ ᠱᠢᠩᠭᠡᠨ᠎ᠢ ᠬᠤᠳᠠᠯᠳᠤᠬᠤ ᠪᠦᠷᠢᠳᠦ 50 ᠲᠥᠭᠦᠷᠢᠭ᠎ᠤᠨ ᠵᠠᠷᠤᠳᠠᠯ ᠥᠭ᠌ᠴᠦ᠂ ᠲᠣᠭ᠍ᠲᠠᠭᠠᠯ᠎ᠠᠴᠠ ᠵᠥᠷᠢᠴᠡᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢ 11984.66 ᠲᠥᠭᠦᠷᠢᠭ ᠬᠡᠷᠡᠭ᠌ᠯᠡᠪᠡ᠃ ᠣᠳᠣᠬᠠᠨ᠎ᠳᠤ᠂ ᠬᠡᠷᠡᠭ᠎ᠢ ᠪᠠᠰᠠ ᠤᠯᠠᠮ ᠨᠢᠭᠡ ᠠᠯᠬᠤᠮ ᠱᠢᠢᠳᠪᠦᠷᠢᠯᠡᠬᠦ᠌ ᠶᠠᠪᠤᠴᠠ᠎ᠳᠤ ᠪᠠᠢ᠌ᠵᠤ᠂ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠵᠡᠷᠭᠡ᠎ᠪᠠᠷ ᠱᠢᠯᠵᠢᠭᠦᠯᠦᠨ ᠬᠦᠷᠭᠡᠵᠦ᠍ ᠳᠡᠩᠨᠡᠨ ᠰᠢᠢ᠍ᠳᠪᠦᠷᠢᠯᠡᠭᠦᠯᠪᠡ᠃
ᠬᠡᠷᠡᠭ᠎ᠤᠨ ᠵᠢᠱ᠌ᠢᠶ᠎ᠡ ᠠᠷᠪᠠ ᠬᠤᠨᠠᠨ ᠮᠤᠵᠢ᠎ᠶ᠋ᠢᠨ ᠴᠠᠩᠳ᠋ᠧ ᠬᠤᠲᠠ᠎ᠶ᠋ᠢᠨ ᠯᠢ ᠣᠪᠣᠭ᠍ᠲᠤ ᠫᠢᠶᠣᠣ ᠪᠠᠷᠢᠮᠲᠠ᠎ᠶ᠋ᠢ ᠬᠠᠭᠤᠷᠮᠠᠭ᠍ᠯᠠᠨ ᠵᠣᠬᠢᠶᠠᠵᠤ ᠳᠠᠭᠠᠳᠭᠠᠯ ᠮᠡᠬᠡᠯᠡᠭ᠌ᠰᠡᠨ ᠬᠡᠷᠡᠭ
2024 ᠣᠨ᠎ᠤ 9 ᠳ᠋ᠤᠭᠡᠷ ᠰᠠᠷ᠎ᠠ᠎ᠳᠤ᠂ ᠬᠤᠨᠠᠨ ᠮᠤᠵᠢ᠎ᠶ᠋ᠢᠨ ᠴᠠᠩᠳ᠋ᠧ ᠬᠤᠲᠠ᠎ᠶ᠋ᠢᠨ ᠬᠠᠨᠱᠸᠦ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠱᠢᠶᠠᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠠ ᠨᠡᠢᠭᠡᠮ᠎ᠤᠨ ᠪᠠᠲᠤᠯᠠᠭ᠎ᠠ᠎ᠶ᠋ᠢᠨ ᠲᠣᠪᠴᠢᠶ᠎ᠠ᠎ᠶ᠋ᠢᠨ ᠨᠡᠢᠭᠡᠮ᠎ᠤᠨ ᠪᠠᠲᠤᠯᠠᠭ᠎ᠠ᠎ᠶ᠋ᠢᠨ ᠳ᠋ᠠᠢ᠌ᠲ᠋ᠠ᠎ᠲᠠᠢ ᠬᠠᠷᠭᠤᠭᠤᠯᠬᠤ ᠦᠶ᠎ᠡ᠎ᠳᠤ ᠂ ᠶᠤᠸᠠᠨ ᠣᠪᠣᠭ᠍ᠲᠤ 2023 ᠣᠨ᠎ᠤ 10 ᠰᠠᠷ᠎ᠠ᠎ᠳᠤ ᠨᠠᠰᠤ ᠪᠠᠷᠠᠭ᠍ᠰᠠᠨ᠎ᠤ ᠳᠠᠷᠠᠭ᠎ᠠ ᠮᠥᠨ ᠯᠡ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠣᠨᠴᠠ ᠡᠪᠡᠳᠴᠢᠨ᠎ᠤ ᠬᠠᠷᠠᠭᠠᠯᠵᠠᠯ ᠬᠦᠷᠲᠡᠵᠡᠢ᠃ ᠬᠠᠨᠱᠸᠦ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠳᠠᠷᠤᠶ ᠲᠦᠷᠭᠡᠨ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠲᠠᠢ ᠬᠠᠮᠲᠤᠷᠠᠨ ᠬᠠᠮᠲᠤᠷᠠᠭ᠍ᠰᠠᠨ ᠪᠠᠢᠴᠠᠭᠠᠯᠲᠠ ᠥᠷᠨᠢᠭᠦᠯᠪᠡ᠃ ᠪᠠᠢᠴᠠᠭᠠᠭ᠍ᠰᠠᠨ᠎ᠢᠶᠠᠷ᠂ ᠶᠤᠸᠠᠨ ᠣᠪᠣᠭ᠍ᠲᠤ ᠪᠣᠯ ᠪᠥᠭᠡᠷ᠎ᠡ ᠱᠢᠯᠵᠢᠭᠦᠯᠦᠨ ᠤᠷᠭᠤᠭᠤᠯᠬᠤ ᠡᠪᠡᠳᠴᠢᠲᠡᠨ ᠪᠠᠢ᠌ᠵᠤ᠂ ᠡᠷᠬᠡᠲᠡᠨ ᠱᠢᠯᠵᠢᠭᠦᠯᠦᠨ ᠤᠷᠭᠤᠭᠤᠯᠬᠤ ᠮᠡᠰᠡ ᠵᠠᠰᠠᠯ ᠬᠢᠯᠭᠡᠭ᠌ᠰᠡᠨᠤ ᠳᠠᠷᠠᠭ᠎ᠠ ᠭᠠᠳᠠᠭᠰᠢᠯᠠᠭᠤᠯᠬᠤ᠎ᠶᠢ ᠡᠰᠡᠷᠭᠦᠴᠡᠬᠦ ᠡᠭᠦᠳᠡᠨ ᠡᠮᠨᠡᠯᠭᠡ᠎ᠶ᠋ᠢᠨ ᠤᠳᠠᠭᠠᠨ ᠴᠢᠨᠠᠷᠲᠠᠶ ᠣᠨᠴᠠ ᠡᠪᠡᠳᠴᠢᠨ᠎ᠤ ᠬᠠᠷᠠᠭ᠋ᠠᠯᠵᠠᠯ᠎ᠢ ᠭᠤᠶᠤᠴᠢᠯᠠᠵᠠᠶ᠃ ᠶᠤᠸᠠᠨ ᠣᠪᠣᠭ᠍ᠲᠤ ᠨᠠᠰᠤ ᠪᠠᠷᠠᠭ᠍ᠰᠠᠨ᠎ᠤ ᠳᠠᠷᠠᠭ᠎ᠠ᠂ ᠲᠡᠭᠦᠨ᠎ᠤ ᠡᠷ᠎ᠡ ᠨᠥᠬᠦᠷ ᠯᠢ ᠣᠪᠣᠭ᠍ᠲᠤ ᠬᠠᠨᠱᠸᠦ ᠱᠢᠶᠠᠨ᠎ᠤ ᠷᠧᠨ ᠢ ᠲᠠᠩ ᠡᠮ᠎ᠤᠨ ᠳᠡᠯᠭᠡᠭᠦᠷ᠎ᠲᠠᠢ ᠰᠥᠯᠪᠡᠭᠡᠯᠳᠦᠵᠦ᠂ ᠡᠮ ᠬᠤᠳᠠᠯᠳᠤᠨ ᠠᠪᠬᠤ ᠬᠠᠭᠤᠳᠠᠰᠤ᠎ᠶ᠋ᠢ ᠬᠠᠭᠤᠷᠮᠠᠭ᠎ᠢᠶᠠᠷ ᠵᠣᠬᠢᠶᠠᠬᠤ᠂ ᠪᠠᠷᠢᠮᠲᠠ ᠵᠡᠷᠭᠡ᠎ᠪᠠᠷ ᠳᠠᠮᠵᠢᠭᠤᠯᠤᠨ ᠬᠣᠯᠪᠣᠭ᠋ᠠᠯᠳᠤᠵᠤ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢ 35000 ᠲᠥᠭᠦᠷᠢᠭ ᠮᠡᠬᠡᠯᠡᠨ ᠠᠪᠴᠤ᠌᠂ ᠬᠠᠤᠯᠢ᠎ᠠᠴᠠ ᠵᠥᠷᠢᠴᠡᠭ᠌ᠰᠡᠨ ᠠᠰᠢᠭ᠎ᠢ ᠬᠤᠶᠠᠷ ᠲᠠᠯ᠎ᠠ᠎ᠪᠠᠷ᠎ᠢᠶᠠᠨ ᠲᠡᠩᠴᠡᠭᠦᠦ ᠬᠣᠪᠢᠶᠠᠵᠠᠢ᠃
2024 ᠣᠨ᠎ᠤ 11 ᠳ᠋ᠤᠭᠡᠷ ᠰᠠᠷ᠎ᠠ᠎ᠳᠤ᠂ ᠬᠠᠨᠱᠸᠤ ᠱᠢᠶᠠᠨ᠎ᠤ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠮᠡᠬᠡᠯᠡᠨ ᠠᠪᠤᠭ᠍ᠰᠠᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ 35000 ᠲᠥᠭᠥᠷᠢᠭ᠎ᠢ ᠬᠠᠤᠯᠢ ᠶᠣᠰᠣᠭᠠᠷ ᠨᠡᠬᠡᠨ ᠠᠪᠴᠢᠷᠠᠵᠤ᠂ ᠬᠠᠨᠱᠸᠦ ᠱᠢᠶᠠᠨ᠎ᠤ ᠷᠧᠨ ᠢ ᠲᠠᠩ ᠡᠮ᠎ᠤᠨ ᠳᠡᠯᠭᠡᠭᠦᠷ᠎ᠯᠦᠭᠡ᠎ᠶ᠋ᠢᠨ ᠡᠮᠴᠢᠯᠡᠭᠡᠨ᠎ᠦ ᠳᠠᠭᠠᠳᠭᠠᠯ᠎ᠤᠨ ᠦᠢᠯᠡᠴᠢᠯᠡᠭᠡᠨ᠎ᠤ ᠬᠡᠯᠡᠯᠴᠡᠭᠡᠷ᠎ᠢ ᠬᠦᠴᠦᠨ ᠥᠬᠡᠶ ᠪᠣᠯᠭᠠᠬᠤ᠎ᠶ᠋ᠢᠨ ᠬᠠᠮᠲᠤ ᠬᠤᠯᠪᠣᠭ᠍ᠳᠠᠯ ᠪᠥᠬᠦᠶ ᠰᠦᠪᠡᠭ᠌ᠴᠢ᠎ᠶ᠋ᠢ ᠬᠠᠨᠱᠸᠦ ᠱᠢᠶᠠᠨ᠎ᠤ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠳᠤ ᠱᠢᠯᠵᠢᠭᠦᠯᠦᠨ ᠬᠦᠷᠭᠡᠪᠡ᠃ ᠬᠠᠨᠱᠸᠦ ᠱᠢᠶᠠᠨ᠎ᠤ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠮᠡᠬᠡᠯᠡᠭ᠌ᠰᠡᠨ ᠶᠠᠯ᠎ᠠ ᠬᠢᠭ᠌ᠰᠡᠨ ᠰᠡᠵᠢᠭ᠌ᠯᠡᠯᠲᠡᠶ ᠯᠢ ᠣᠪᠣᠭ᠍ᠲᠤ᠂ ᠬᠠᠨᠱᠸᠦ ᠱᠢᠶᠠᠨ᠎ᠤ ᠷᠧᠨ ᠢ ᠲᠠᠩ ᠡᠮ᠎ᠤᠨ ᠳᠡᠯᠭᠡᠭᠦᠷ᠎ᠤᠨ ᠬᠠᠷᠢᠭᠤᠴᠠᠯᠭᠠᠲᠠᠨ ᠺᠤᠸᠠᠩ ᠣᠪᠣᠭ᠍ᠲᠤ᠎ᠳᠤ ᠬᠠᠤᠯᠢ ᠶᠣᠰᠣᠭᠠᠷ ᠡᠷᠡᠭᠦᠦ᠍᠎ᠶ᠋ᠢᠨ ᠬᠡᠷᠡᠭ᠎ᠤᠨ ᠠᠯᠪᠠᠳᠠᠯᠭ᠎ᠠ᠎ᠶ᠋ᠢᠨ ᠠᠷᠭ᠎ᠠ ᠬᠡᠮᠵᠢᠶ᠎ᠡ ᠠᠪᠴᠠᠶ᠃ 2025 ᠣᠨ᠎ᠤ 6 ᠳ᠋ᠤᠭ᠋ᠠᠷ ᠰᠠᠷ᠎ᠠ᠎ᠳᠤ᠂ ᠬᠠᠨᠱᠧᠦ ᠱᠢᠶᠠᠨ᠎ᠤ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ ᠮᠥᠷᠳᠡᠨ ᠪᠠᠢᠴᠠᠭᠠᠵᠤ ᠳᠠᠭᠤᠰᠤᠭ᠍ᠰᠠᠨ᠎ᠤ ᠳᠠᠷᠠᠭ᠎ᠠ᠂ ᠰᠡᠵᠢᠭ᠌ᠳᠡᠨ ᠯᠢ ᠣᠪᠣᠭ᠍ᠲᠤ᠂ ᠺᠤᠸᠠᠩ ᠣᠪᠣᠭ᠍ᠲᠤ᠎ᠶ᠋ᠢᠨ ᠬᠡᠷᠡᠭ᠎ᠢ ᠬᠠᠨᠱᠸᠦ ᠱᠢᠶᠠᠨ᠎ᠤ ᠪᠠᠢᠴᠠᠭᠠᠬᠤ ᠪᠠᠢᠭᠤᠯᠭ᠎ᠠ᠎ᠳᠤ ᠱᠢᠯᠵᠢᠭᠦᠯᠦᠨ ᠬᠢᠨᠠᠨ ᠪᠠᠢᠴᠠᠭᠠᠯᠭᠠᠵᠤ ᠵᠠᠭᠠᠯᠳᠤᠪᠠ᠃ ᠬᠠᠨᠱᠸᠤ ᠱᠢᠶᠠᠨ᠎ᠤ ᠠᠷᠠᠳ᠎ᠤᠨ ᠪᠠᠢᠴᠠᠭᠠᠬᠤ ᠬᠤᠷᠢᠶ᠎ᠠ 2025 ᠣᠨ᠎ᠤ 9 ᠳ᠋ᠤᠭᠡᠷ ᠰᠠᠷ᠎ᠠ᠎ᠳᠤ ᠬᠠᠨᠱᠸᠤ ᠱᠢᠶᠠᠨ᠎ᠤ ᠠᠷᠠᠳ᠎ᠤᠨ ᠱᠢᠭᠦᠬᠦ᠌ ᠬᠤᠷᠢᠶ᠎ᠠ᠎ᠳᠤ ᠠᠯᠪᠠᠨ ᠵᠠᠭᠠᠯᠳᠤᠯᠭ᠎ᠠ ᠬᠢᠪᠠ᠃
ᠬᠡᠷᠡᠭ᠎ᠤᠨ ᠵᠢᠱ᠌ᠢᠶ᠎ᠡ ᠠᠷᠪᠠᠨ ᠨᠢᠭᠡ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠪᠤᠭᠤᠲᠤ ᠬᠤᠲᠠ᠎ᠶ᠋ᠢᠨ ᠳᠠᠭᠠᠳᠭᠠᠯ᠎ᠳᠤ ᠣᠷᠣᠯᠴᠠᠭᠴᠢ ᠮᠠ ᠣᠪᠣᠭ᠍ᠲᠤ ᠡᠪᠡᠳᠴᠢᠨ᠎ᠤ ᠲᠡᠦᠬᠡ᠎ᠶᠢᠨ ᠮᠠᠲ᠋ᠧᠷᠢᠶᠠᠯ᠎ᠢ ᠬᠠᠭᠤᠷᠮᠠᠭ᠍ᠯᠠᠨ ᠵᠣᠬᠢᠶᠠᠵᠤ ᠤᠳᠠᠭᠠᠨ ᠴᠢᠨᠠᠷᠲᠠᠶ ᠡᠪᠡᠳᠴᠢᠨ᠎ᠤ ᠬᠠᠷᠠᠭ᠋ᠠᠯᠵᠠᠯ᠎ᠢ ᠮᠡᠬᠡᠯᠡᠨ ᠠᠪᠤᠭ᠍ᠰᠠᠨ ᠰᠡᠵᠢᠭ᠌ᠲᠡᠶ ᠬᠡᠷᠡᠭ
2024 ᠣᠨ᠎ᠳᠤ᠂ ᠪᠤᠭᠤᠲᠤ ᠬᠤᠲᠠ᠎ᠶ᠋ᠢᠨ ᠡᠮᠴᠢᠯᠡᠭᠡᠨ᠎ᠦ ᠪᠠᠲᠤᠯᠠᠭ᠎ᠠ᠎ᠶ᠋ᠢᠨ ᠰᠠᠯᠠᠭ᠎ᠠ ᠮᠥᠴᠢᠷ ᠡᠳᠦᠷ ᠲᠤᠲᠤᠮ᠎ᠤᠨ ᠬᠢᠨᠠᠯᠲᠠ ᠲᠠᠯᠪᠢᠵᠤ ᠪᠠᠢᠴᠠᠭᠠᠬᠤ ᠳᠤᠮᠳᠠ᠎ᠪᠠᠨ᠂ ᠳᠠᠭᠠᠳᠭᠠᠯ᠎ᠳᠤ ᠣᠷᠣᠯᠴᠠᠭᠴᠢ ᠮᠠ ᠣᠪᠣᠭ᠍ᠲᠤ᠎ᠶ᠋ᠢᠨ ᠲᠠᠷᠢᠬᠢᠨ᠎ᠤ ᠲᠦᠭ᠌ᠵᠢᠷᠡᠯ᠎ᠤᠨ ᠤᠳᠠᠭᠠᠨ ᠴᠢᠨᠠᠷᠲᠠᠶ ᠡᠪᠡᠳᠴᠢᠨ᠎ᠤ ᠡᠮ ᠬᠤᠳᠠᠯᠳᠤᠨ ᠠᠪᠤᠭ᠍ᠰᠠᠨ ᠲᠡᠮᠳᠡᠭ᠌ᠯᠡᠯ᠎ᠨᠢ ᠡᠮᠴᠢᠯᠡᠭᠡᠨ᠎ᠤ ᠣᠨᠣᠱᠢᠯᠠᠨ ᠡᠮᠨᠡᠬᠦ᠌ ᠬᠡᠪ᠎ᠤᠨ ᠪᠠᠢᠳᠠᠯ᠎ᠲᠠᠢ ᠢᠯᠡᠳᠲᠡ ᠨᠡᠢᠴᠡᠬᠦ᠌ ᠥᠬᠡᠶ᠎ᠶᠢ ᠣᠯᠵᠤ ᠮᠡᠳᠡᠵᠦ᠂ ᠬᠠᠭᠤᠷᠮᠠᠭ ᠮᠠᠲ᠋ᠧᠷᠢᠶᠠᠯ᠎ᠢᠶᠠᠷ ᠤᠳᠠᠭ᠋ᠠᠨ ᠴᠢᠨᠠᠷᠲᠠᠢ ᠡᠪᠡᠳᠴᠢᠨ᠎ᠤ ᠬᠠᠷᠠᠭᠠᠯᠵᠠᠯ᠎ᠢ ᠮᠡᠬᠡᠯᠡᠨ ᠠᠪᠤᠭ᠍ᠰᠠᠨ᠎ᠢᠶᠠᠷ ᠰᠡᠵᠢᠭ᠌ᠯᠡᠭ᠌ᠳᠡᠵᠦ᠍᠂ ᠬᠢᠨᠠᠨ ᠪᠠᠢ᠌ᠴᠠᠭ᠋ᠠᠯᠲᠠ ᠥᠷᠨᠢᠭᠦᠯᠪᠡ᠃ ᠪᠠᠢᠴᠠᠭᠠᠭ᠍ᠰᠠᠨ᠎ᠢᠶᠠᠷ᠂ ᠮᠠ ᠣᠪᠣᠭ᠍ᠲᠤ 2017 ᠣᠨ᠎ᠤ 6 ᠳ᠋ᠤᠭ᠋ᠠᠷ ᠰᠠᠷ᠎ᠠ᠎ᠳᠤ ᠲᠠᠷᠢᠬᠢᠨ᠎ᠤ ᠲᠦᠭ᠌ᠵᠢᠷᠡᠯ᠎ᠤᠨ ᠤᠳᠠᠭ᠋ᠠᠨ ᠴᠢᠨᠠᠷᠲᠠᠢ ᠡᠪᠡᠳᠴᠢᠨ᠎ᠤ ᠬᠢᠷᠢ ᠬᠡᠮ᠎ᠢ ᠮᠡᠳᠡᠭᠦᠯᠬᠦ᠌ ᠦᠶ᠎ᠡ᠎ᠳᠤ᠂ ᠲᠤᠱᠢᠶᠠᠭ᠍ᠰᠠᠨ ᠡᠪᠡᠳᠴᠢᠨ᠎ᠤ ᠲᠡᠦᠬᠡ᠎ᠶᠢᠨ ᠮᠠᠲ᠋ᠧᠷᠢᠶᠠᠯ᠎ᠳᠤ ᠬᠠᠭᠤᠷᠮᠠᠭ ᠪᠠᠢᠳᠠᠯ ᠣᠷᠣᠱᠢᠵᠤ ᠪᠤᠢ᠃ ᠬᠢᠨᠠᠨ ᠪᠠᠢᠴᠠᠭᠠᠬᠤ ᠠᠵᠢᠯᠲᠠᠨ ᠭᠤᠶᠤᠴᠢᠯᠠᠨ ᠮᠡᠳᠡᠭᠦᠯᠬᠦ᠌ ᠦᠶ᠎ᠡ᠎ᠶ᠋ᠢᠨ ᠣᠨᠣᠱᠢᠯᠠᠨ ᠡᠮᠨᠡᠭ᠌ᠰᠡᠨ ᠲᠡᠮᠳᠡᠭ᠌ᠯᠡᠯ᠂ ᠭᠠᠪᠠᠯᠠ᠎ᠶᠢᠨ CT ᠮᠡᠳᠡᠭᠦᠯᠦᠯᠲᠡ ᠵᠡᠷᠭᠡ ᠮᠠᠲ᠋ᠧᠷᠢᠶᠠᠯ᠎ᠢ ᠱᠢᠯᠵᠢᠭᠦᠯᠦᠨ ᠠᠪᠬᠤ᠎ᠶ᠋ᠢᠨ ᠬᠠᠮᠲᠤ ᠡᠮᠴᠢᠯᠡᠭᠡᠨ᠎ᠤ ᠪᠠᠢᠭᠤᠯᠤᠮᠵᠢ᠎ᠶ᠋ᠢᠨ ᠠᠩᠬᠠᠨ᠎ᠤ ᠡᠪᠡᠳᠴᠢᠨ᠎ᠤ ᠵᠢᠱ᠌ᠢᠶ᠎ᠡ᠎ᠲᠠᠢ ᠬᠠᠷᠭᠤᠭᠤᠯᠵᠤ᠂ ᠭᠤᠶᠤᠴᠢᠯᠠᠨ ᠮᠡᠳᠡᠭᠦᠯᠦᠭ᠌ᠰᠡᠨ ᠮᠠᠲ᠋ᠧᠷᠢᠶᠠᠯ᠎ᠳᠠᠬᠢ ᠡᠪᠡᠳᠴᠢᠨ᠎ᠤ ᠶᠠᠪᠤᠴᠠ᠎ᠶ᠋ᠢᠨ ᠲᠡᠮᠳᠡᠭ᠌ᠯᠡᠯ᠎ᠳᠤ ᠣᠷᠣᠱᠢᠵᠤ ᠪᠠᠢᠭ᠎ᠠ ᠴᠠᠭ᠎ᠢ ᠥᠭᠡᠷᠡᠲᠦᠭᠦᠯᠦᠭ᠌ᠰᠡᠨ᠂ ᠡᠪᠡᠳᠴᠢᠨ᠎ᠤ ᠪᠠᠢᠳᠠᠯ᠎ᠢ ᠬᠠᠭᠤᠷᠮᠠᠭ᠎ᠢᠶᠠᠷ ᠵᠣᠬᠢᠶᠠᠭ᠍ᠰᠠᠨ ᠵᠡᠷᠭᠡ ᠠᠰᠠᠭᠤᠳᠠᠯ᠎ᠢ ᠢᠯᠡᠷᠡᠭᠦᠯᠵᠦ᠍᠂ ᠲᠠᠷᠢᠬᠢᠨ᠎ᠤ ᠲᠦᠭ᠌ᠵᠢᠷᠡᠯ᠎ᠤᠨ ᠤᠳᠠᠭᠠᠨ ᠴᠢᠨᠠᠷᠲᠠᠶ ᠡᠮᠴᠢᠯᠡᠭᠡᠨ᠎ᠤ ᠣᠨᠣᠱᠢᠯᠠᠯᠲᠠ᠎ᠶ᠋ᠢᠨ ᠪᠠᠷᠢᠮᠵᠢᠶ᠎ᠠ ᠪᠠ ᠡᠮᠴᠢᠯᠡᠭᠡᠨ᠎ᠤ ᠳᠠᠭᠠᠳᠭᠠᠯ᠎ᠤᠨ ᠭᠤᠶᠤᠴᠢᠯᠠᠨ ᠮᠡᠳᠡᠭᠦᠯᠬᠦ᠌ ᠨᠥᠬᠦᠴᠡᠯ᠎ᠳᠤ ᠨᠡᠢᠴᠡᠬᠦ᠌ ᠥᠬᠡᠶ ᠪᠠᠢᠬᠤ᠎ᠶ᠋ᠢ ᠣᠯᠵᠤ ᠮᠡᠳᠡᠪᠡ᠃ 2017 ᠣᠨ᠎ᠤ᠋ 7 ᠳ᠋ᠤᠭ᠋ᠠᠷ ᠰᠠᠷᠠᠠ᠋ᠴᠠ 2021 ᠣᠨ᠎ᠤ᠋ 4 ᠳ᠋ᠤᠭᠡᠷ ᠰᠠᠷ᠎ᠠ᠎ᠶᠢᠨ ᠬᠤᠭᠤᠴᠠᠭᠠᠨ᠎ᠳ᠋ᠤ᠂ ᠮᠠ ᠣᠪᠣᠭ᠍ᠲᠤ ᠲᠣᠭ᠍ᠲᠠᠭᠠᠯ᠎ᠠ᠋ᠴᠠ ᠵᠥᠷᠢᠴᠡᠨ ᠣᠯᠤᠭ᠍ᠰᠠᠨ ᠤᠳᠠᠭᠠᠨ ᠴᠢᠨᠠᠷᠲᠠᠢ ᠡᠪᠡᠳᠴᠢᠨ᠎ᠦ᠌ ᠬᠠᠷᠠᠭ᠋ᠠᠯᠵᠠᠯ᠎ᠢ ᠠᠰᠢᠭᠯᠠᠵᠤ᠂ ᠪᠤᠭᠤᠲᠤ ᠬᠣᠲᠠ᠎ᠶᠢᠨ ᠨᠢᠭᠡᠨ ᠡᠮ᠎ᠦ᠋ᠨ ᠳᠡᠯᠭᠡᠭᠦᠷ᠎ᠡᠴᠡ ᠡᠮ ᠬᠤᠳᠠᠯᠳᠤᠨ ᠠᠪᠴᠤ᠌᠂ ᠡᠮᠴᠢᠯᠡᠭᠡᠨ᠎ᠦ ᠳᠠᠭᠠᠳᠭᠠᠯ᠎ᠤ᠋ᠨ ᠳ᠋ᠦᠩᠨᠡᠨ ᠪᠣᠳᠣᠯᠲᠠ ᠬᠢᠵᠦ᠍᠂ ᠨᠡᠢᠲᠡ 7953 ᠲᠥᠭᠥᠷᠢᠭ᠎ᠦ᠋ᠨ ᠡᠮᠴᠢᠯᠡᠭᠡᠨ᠎ᠦ ᠳᠠᠭᠠᠳᠭᠠᠯ᠎ᠤ᠋ᠨ ᠰᠠᠭᠤᠷᠢ ᠮᠥᠩᠭᠥ᠎ᠶᠢ ᠮᠡᠬᠡᠯᠡᠨ ᠠᠪᠴᠠᠢ᠃
2025 ᠣᠨ᠎ᠤ 7 ᠳ᠋ᠤᠭ᠋ᠠᠷ ᠰᠠᠷ᠎ᠠ᠎ᠳᠤ᠂ ᠪᠤᠭᠤᠲᠤ ᠬᠤᠲᠠ᠎ᠶ᠋ᠢᠨ ᠡᠮᠴᠢᠯᠡᠭᠡᠨ᠎ᠤ ᠪᠠᠲᠤᠯᠠᠭ᠎ᠠ᠎ᠶᠢᠨ ᠲᠣᠪᠴᠢᠶ᠎ᠠ ᠬᠠᠤᠯᠢ ᠶᠣᠰᠣᠭᠠᠷ ᠰᠢᠢ᠍ᠳᠪᠦᠷᠢᠯᠡᠵᠦ᠄ ᠮᠠ ᠣᠪᠣᠭ᠍ᠲᠤ᠎ᠶ᠋ᠢᠨ ᠮᠡᠬᠡᠯᠡᠨ ᠠᠪᠤᠭ᠍ᠰᠠᠨ ᠡᠮᠴᠢᠯᠡᠭᠡᠨ᠎ᠤ ᠳᠠᠭᠠᠳᠭᠠᠯ᠎ᠤᠨ ᠰᠠᠭᠤᠷᠢ ᠮᠥᠩᠭᠦ᠎ᠶ᠋ᠢ ᠪᠥᠬᠦ᠌ ᠲᠤᠭ᠎ᠠ᠎ᠪᠠᠷ᠎ᠨᠢ ᠨᠡᠬᠡᠮᠵᠢᠯᠡᠨ ᠠᠪᠴᠢᠷᠠᠪᠠ; ᠡᠮ ᠬᠤᠳᠠᠯᠳᠤᠨ ᠠᠪᠬᠤ᠎ᠶ᠋ᠢ ᠬᠢᠨᠠᠨ ᠬᠠᠷᠭᠤᠭᠤᠯᠬᠤ ᠲᠦᠷᠢᠮ᠎ᠢ ᠴᠢᠩᠭ᠎ᠠ ᠬᠡᠷᠡᠭ᠌ᠵᠢᠭᠦᠯᠦᠭ᠌ᠰᠡᠨ ᠦᠭᠡᠢ ᠬᠡᠷᠡᠭ᠎ᠲᠤ ᠬᠤᠯᠪᠣᠭ᠍ᠳᠠᠭ᠍ᠰᠠᠨ ᠡᠮ᠎ᠤᠨ ᠳᠡᠯᠭᠡᠭᠦᠷ᠎ᠢ ᠵᠠᠰᠠᠭ ᠵᠠᠬᠢᠷᠭᠠᠨ᠎ᠤ ᠬᠡᠷᠡᠭ ᠪᠣᠯᠭᠠᠨ ᠳᠠᠩᠰᠠᠯᠠᠪᠠ᠃ ᠣᠳᠣᠬᠠᠨ᠎ᠳᠤ᠂ ᠮᠠ ᠣᠪᠣᠭ᠍ᠲᠤ᠎ᠳᠦ ᠨᠢᠭᠡᠨᠲᠡ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠎ᠠᠴᠠ ᠡᠷᠡᠭᠦᠦ᠍᠎ᠶ᠋ᠢᠨ ᠬᠡᠷᠡᠭ᠎ᠤᠨ ᠠᠯᠪᠠᠳᠠᠯᠭ᠎ᠠ᠎ᠶ᠋ᠢᠨ ᠠᠷᠭ᠎ᠠ ᠬᠡᠮᠵᠢᠶ᠎ᠡ ᠠᠪᠴᠤ᠌᠂ ᠬᠡᠷᠡᠭ᠎ᠢ ᠤᠯᠠᠮ ᠨᠢᠭᠡ ᠠᠯᠬᠤᠮ ᠳᠡᠩᠨᠡᠨ ᠱᠢᠶ᠋ᠳᠪᠦᠷᠢᠯᠡᠵᠦ᠍ ᠪᠠᠢᠨ᠎ᠠ᠃
ᠲᠣᠰ ᠬᠤᠭᠤᠴᠠᠭᠠᠨ᠎ᠤ 11 ᠬᠡᠷᠡᠭ᠎ᠤᠨ ᠵᠢᠱ᠌ᠢᠶ᠎ᠡ᠎ᠨᠢ ᠳᠠᠭᠠᠳᠭᠠᠯ᠎ᠢ ᠮᠡᠬᠡᠯᠡᠭ᠌ᠰᠡᠨ ᠠᠵᠢᠯᠯᠠᠭ᠎ᠠ᠎ᠶ᠋ᠢᠨ ᠣᠯᠠᠨ ᠶᠠᠩᠵᠤᠲᠤ ᠴᠢᠨᠠᠷ ᠬᠢᠭᠡᠳ ᠬᠤᠤᠷ ᠬᠥᠨᠥᠭᠡᠯᠲᠦ ᠴᠢᠨᠠᠷ᠎ᠢ ᠭᠦᠨᠵᠡᠭᠡᠶ ᠢᠯᠡᠷᠡᠭᠦᠯᠵᠦ᠍᠂ ᠳᠠᠭᠠᠳᠭᠠᠯ᠎ᠳᠤ ᠣᠷᠣᠯᠴᠠᠭ᠍ᠰᠠᠨ ᠬᠤᠪᠢ ᠬᠥᠮᠦᠨ ᠳᠠᠭᠠᠳᠭᠠᠯ᠎ᠢ ᠮᠡᠬᠡᠯᠡᠭ᠌ᠰᠡᠨ ᠴᠤ᠌ ᠲᠡᠷᠡ᠂ ᠡᠮ᠎ᠤᠨ ᠵᠦᠢᠯ᠎ᠢ ᠪᠣᠷᠣᠯᠠᠭᠤᠯᠬᠤ ᠠᠵᠢᠯᠲᠠᠨ᠂ ᠡᠮᠴᠢᠯᠡᠭᠡᠨ᠎ᠦ ᠪᠠᠢᠭᠤᠯᠤᠮᠵᠢ᠎ᠶ᠋ᠢᠨ ᠬᠥᠮᠦᠰ᠎ᠤᠨ ᠣᠷᠣᠯᠴᠠᠭ᠍ᠰᠠᠨ ᠪᠦᠯᠬᠦᠮ ᠨᠡᠢᠲᠡ᠎ᠪᠠᠷ ᠬᠡᠷᠡᠭ ᠬᠢᠭ᠌ᠰᠡᠨ ᠴᠦ᠍ ᠲᠡᠷᠡ᠂ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢᠨ ᠠᠮᠤᠷ ᠲᠦᠪᠱᠢᠨ᠎ᠤ ᠬᠤᠷᠢᠭ᠎ᠠ ᠱᠤᠭᠤᠮ᠎ᠢ ᠬᠥᠨᠳᠡᠭ᠌ᠰᠡᠨᠠᠴᠠ ᠪᠣᠯᠵᠣ ᠴᠥᠮ ᠴᠢᠩᠭ᠎ᠠ ᠰᠢᠢ᠍ᠳᠬᠡᠭᠳᠡᠵᠦ᠂ ᠡᠷᠡᠭᠦᠦ᠍᠎ᠶ᠋ᠢᠨ ᠬᠡᠷᠡᠭ᠎ᠤᠨ ᠬᠠᠷᠢᠭᠤᠴᠠᠯᠭ᠎ᠠ ᠨᠡᠬᠡᠮᠵᠢᠯᠡᠬᠦ᠂ ᠪᠥᠬᠦ᠌ ᠲᠤᠭ᠎ᠠ᠎ᠪᠠᠷ ᠪᠤᠴᠠᠭᠠᠨ ᠥᠭ᠌ᠬᠦ᠂ ᠬᠢᠷᠢ ᠬᠡᠮ᠎ᠢ ᠲᠦᠷ ᠵᠣᠭ᠍ᠰᠣᠭᠠᠬᠤ ᠵᠡᠷᠭᠡ ᠱᠢᠶ᠋ᠳᠪᠦᠷᠢᠯᠡᠯᠲᠡᠨᠢ ᠬᠢᠨᠠᠯᠲᠠ ᠬᠠᠮᠢᠶᠠᠷᠤᠯᠲᠠ᠎ᠶ᠋ᠢᠨ ᠬᠠᠤᠯᠢ ᠬᠡᠷᠡᠭ᠌ᠵᠢᠭᠦᠯᠬᠦ᠌ ᠬᠠᠲᠠᠭᠤ ᠬᠢᠵᠠᠭᠠᠷᠯᠠᠯ᠎ᠢ ᠢᠯᠡᠷᠡᠭᠦᠯᠪᠡ᠃ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠲᠣᠪᠴᠢᠶ᠎ᠠ ᠳᠠᠭᠠᠳᠭᠠᠯ᠎ᠳᠤ ᠣᠷᠣᠯᠴᠠᠭ᠍ᠰᠠᠳ᠎ᠢ ᠬᠠᠤᠯᠢ᠎ᠪᠠᠷ ᠵᠠᠰᠠᠬᠤ ᠤᠬᠠᠮᠰᠠᠷ᠎ᠢ ᠪᠣᠶ ᠪᠣᠯᠭᠠᠵᠤ᠂ ᠳᠠᠭᠠᠳᠭᠠᠯ᠎ᠢ ᠮᠡᠬᠡᠯᠡᠬᠦ᠌᠎ᠶ᠋ᠢ ᠤᠬᠠᠮᠰᠠᠷ᠎ᠠᠴᠠ᠎ᠪᠠᠨ ᠬᠤᠷᠢᠭ᠍ᠯᠠᠵᠤ᠂ ᠡᠮᠴᠢᠯᠡᠭᠡᠨ᠎ᠦ ᠪᠠᠢᠭᠤᠯᠤᠮᠵᠢ ᠵᠢᠴᠢ ᠠᠵᠢᠯ ᠡᠷᠭᠢᠯᠡᠭ᠌ᠰᠡᠳ᠎ᠤᠨ ᠠᠵᠢᠯ ᠡᠷᠭᠢᠯᠡᠬᠦ᠌ ᠵᠢᠷᠤᠮᠵᠢᠯ᠎ᠢ ᠴᠢᠩᠭ᠎ᠠ ᠰᠠᠬᠢᠵᠤ᠂ ᠬᠢᠨᠠᠨ ᠬᠠᠷᠭᠤᠭᠤᠯᠬᠤ ᠬᠠᠷᠢᠭᠤᠴᠠᠯᠭ᠎ᠠ᠎ᠶ᠋ᠢ ᠭᠦᠢᠴᠡᠳᠭᠡᠵᠦ᠍᠂ ᠨᠡᠢᠭᠡᠮ ᠨᠡᠢᠲᠡ᠎ᠶ᠋ᠢ ᠤᠷᠢᠶᠠᠯᠠᠨ ᠬᠢᠨᠠᠯᠲᠠ ᠲᠠᠯᠪᠢᠬᠤ᠎ᠳᠤ ᠢᠳᠡᠪᠬᠢᠲᠡᠶ ᠣᠷᠣᠯᠴᠠᠭᠤᠯᠵᠤ᠂ ᠰᠠᠢᠨ ᠰᠠᠢᠬᠠᠨ ᠨᠡᠢᠭᠡᠮ᠎ᠤᠨ ᠠᠭᠤᠷ ᠠᠮᠢᠰᠭᠤᠯ᠎ᠢ ᠪᠣᠶ ᠪᠣᠯᠭᠠᠬᠤ᠎ᠶ᠋ᠢ ᠤᠷᠢᠶᠠᠯᠠᠪᠠ᠃
ᠲᠣᠮᠣ ᠳ᠋ᠠᠢᠲ᠋ᠠ᠎ᠶᠢᠨ ᠡᠮᠦᠨ᠎ᠡ᠂ ᠬᠠᠤᠯᠢ ᠪᠤᠰᠤ ᠦᠢᠯᠡ ᠠᠵᠢᠯᠯᠠᠭ᠎ᠠ ᠨᠢ ᠡᠭᠦᠷᠢᠳᠡ᠎ᠶᠢᠨ ᠣᠷᠣᠮ ᠮᠥᠷ ᠦᠯᠡᠳᠡᠭᠡᠨ᠎ᠡ᠂ ᠬᠠᠭᠤᠷᠴᠤ᠌ ᠮᠡᠬᠡᠯᠡᠬᠦ᠌ ᠨᠢ ᠳᠠᠯᠳᠠᠯᠠᠬᠤ ᠠᠷᠭ᠎ᠠ ᠦᠭᠡᠢ᠃ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ ᠬᠠᠮᠢᠶ᠎ᠠ ᠪᠥᠬᠦᠶ ᠰᠠᠯᠠᠭ᠎ᠠ ᠮᠥᠴᠢᠷ᠎ᠲᠠᠢ ᠬᠠᠮᠲᠤᠷᠠᠨ ᠬᠠᠮᠵᠢᠯᠴᠠᠨ ᠬᠤᠯᠪᠣᠭᠠᠯᠠᠨ ᠬᠥᠳᠡᠯᠦᠯᠴᠡᠬᠦ᠌ ᠪᠠ ᠶᠡᠷᠦᠩᠬᠡᠢᠯᠡᠭ᠌ᠰᠡᠨ ᠬᠢᠨᠠᠯᠲᠠ ᠬᠠᠮᠢᠶᠠᠷᠤᠯᠲᠠ᠎ᠶ᠋ᠢ ᠦᠷᠭᠦᠯᠵᠢᠯᠡᠨ ᠭᠦᠨᠵᠡᠭᠡᠢᠷᠡᠭᠦᠯᠵᠦ᠍᠂ ᠳᠠᠭᠠᠳᠭᠠᠯ᠎ᠢ ᠮᠡᠬᠡᠯᠡᠨ ᠠᠪᠬᠤ ᠠᠵᠢᠯᠯᠠᠭ᠎ᠠ᠎ᠶ᠋ᠢ ᠡᠴᠦᠰ᠎ᠲᠤ ᠨᠢ ᠲᠤᠯᠲᠠᠯ᠎ᠠ ᠪᠠᠢᠴᠠᠭᠠᠵᠤ᠂ ᠠᠷᠠᠳ ᠣᠯᠠᠨ᠎ᠤ 《 ᠡᠪᠡᠳᠴᠢᠨ ᠦᠵᠡᠭᠦᠯᠬᠦ᠌ ᠵᠣᠭᠤᠰ 》᠂ 《ᠠᠮᠢ ᠠᠪᠤᠷᠠᠬᠤ ᠵᠣᠭᠤᠰ 》᠎ᠢ ᠡᠷᠡᠰ ᠰᠠᠬᠢᠨ ᠬᠠᠮᠠᠭᠠᠯᠠᠨ᠎ᠠ᠃