ᠡᠮᠨᠡᠯᠭᠡ᠎ᠶ᠋ᠢᠨ ᠭᠠᠵᠠᠷ᠂ ᠡᠮ᠎ᠤᠨ ᠳᠡᠯᠭᠡᠭᠦᠷ᠂ ᠬᠢᠲᠠᠳ ᠡᠮᠨᠡᠯᠭᠡ᠎ᠶ᠋ᠢᠨ ᠬᠤᠷᠢᠶ᠎ᠠ᠂ ᠨᠡᠢᠭᠡᠮ ᠲᠣᠭᠤᠷᠢᠭ᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ ᠵᠡᠷᠭᠡ ᠡᠮᠴᠢᠯᠡᠭᠡᠨ᠎ᠦ ᠳᠠᠭ᠋ᠠᠳᠬᠠᠯ᠎ᠤᠨ ᠴᠡᠭ ᠲᠣᠭ᠍ᠲᠠᠭᠠᠭ᠍ᠰᠠᠨ ᠡᠮᠴᠢᠯᠡᠭᠡᠨ᠎ᠦ ᠪᠠᠢᠭᠤᠯᠤᠮᠵᠢ ᠣᠯᠠᠨ᠎ᠢᠶᠠᠷ᠎ᠢᠶᠠᠨ ᠮᠡᠳᠡᠵᠦ᠂ ᠠᠷᠠᠳ ᠢᠷᠭᠡᠳ ᠲᠣᠯᠣᠭᠠᠢ ᠡᠪᠡᠳᠴᠦ᠍ ᠪᠡᠶ᠎ᠡ ᠬᠠᠯᠠᠭᠤᠷᠠᠬᠤ᠎ᠳᠤ ᠡᠲᠡᠭᠡᠷ ᠭᠠᠵᠠᠷ᠎ᠲᠤ ᠣᠴᠢᠵᠤ ᠡᠪᠡᠳᠴᠢᠨ ᠦᠵᠡᠭᠦᠯᠬᠦ᠌ ᠪᠤᠶᠤ ᠡᠮ ᠠᠪᠤᠨ᠎ᠠ᠂ ᠡᠮᠴᠢᠯᠡᠭᠡᠨ᠎ᠦ ᠳᠠᠭᠠᠳᠭᠠᠯ᠎ᠢᠶᠠᠷ ᠳᠠᠮᠵᠢᠭᠤᠯᠤᠨ ᠲᠠᠩᠰᠠ ᠲᠠᠢᠯᠵᠤ ᠪᠣᠯᠤᠨ᠎ᠠ᠂ ᠭᠡᠪᠡᠴᠦ᠍ ᠵᠠᠷᠢᠮ ᠬᠥᠮᠦᠨ ᠬᠠᠷᠢᠨ ᠡᠳᠡᠭᠡᠷ ᠲᠠᠯᠠᠪᠤᠷ᠎ᠢ 《 ᠵᠣᠭᠤᠰ ᠭᠠᠷᠭᠠᠵᠤ ᠠᠪᠬᠤ ᠮᠠᠱᠢᠨ 》ᠪᠣᠯᠭᠠᠵᠤ᠂ ᠡᠪᠡᠳᠴᠢᠨ ᠡᠮᠨᠡᠵᠦ ᠬᠦᠮᠦᠨ ᠠᠪᠤᠷᠠᠬᠤ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠦ᠎ᠶ᠋ᠢ 《 ᠲᠠᠩᠰᠤᠭ ᠯᠠᠮᠠ᠎ᠶᠢᠨ ᠮᠢᠬ᠎ᠠ 》 ᠭᠡᠵᠦ᠍ ᠦᠵᠡᠵᠦ᠍᠂ ᠭᠠᠵᠢᠭᠤ ᠪᠣᠳᠣᠯ ᠣᠷᠣᠵᠠᠢ᠃ ᠰᠤᠷᠪᠤᠯᠵᠢᠯᠠᠭ᠍ᠴᠢ ᠪᠠᠢ᠌ᠴᠠᠭ᠋ᠠᠯᠲᠠ᠎ᠪᠠᠷ᠂ ᠵᠠᠷᠢᠮ ᠦᠵᠡᠬᠦ᠌᠎ᠳᠦ ᠡᠩ᠎ᠦᠨ᠂ ᠣᠢ᠌ᠷ᠎ᠠ ᠬᠠᠵᠠᠭᠤ᠎ᠳᠠᠬᠢ ᠵᠢᠵᠢᠭ ᠡᠮᠨᠡᠯᠭᠡ᠎ᠶᠢᠨ ᠭᠠᠵᠠᠷ᠎ᠲᠤ ᠲᠣᠮᠣ ᠵᠠᠯᠢ ᠮᠡᠬᠡ ᠨᠢᠭᠤᠭ᠍ᠳᠠᠵᠤ ᠪᠠᠢᠨ᠎ᠠ᠃

ᠱᠠᠩᠬᠠᠢ᠎ᠶᠢᠨ ᠴᠠᠭ᠍ᠳᠠᠭᠠᠨᠤ᠋ ᠲᠠᠯ᠎ᠠ᠎ᠶᠢᠨ ᠬᠢᠨ ᠣᠢᠷ᠎ᠠ᠎ᠶᠢᠨ ᠬᠤᠭᠤᠴᠠᠭᠠᠨ᠎ᠳ᠋ᠤ ᠨᠢᠭᠡ ᠬᠡᠷᠡᠭ᠎ᠦ᠋ᠨ ᠵᠢᠱ᠌ᠢᠶ᠎ᠡ᠎ᠶᠢ ᠨᠡᠢᠲᠡᠯᠡᠪᠡ᠂ ᠱᠠᠩᠬᠠᠢ ᠬᠣᠲᠠ᠎ᠶᠢᠨ ᠴᠠᠩ ᠨᠢᠩ ᠲᠣᠭᠣᠷᠢᠭ᠎ᠤ᠋ᠨ ᠰᠠᠨ ᠵᠧᠨ ᠳᠠᠩ ᠬᠢᠲᠠᠳ ᠡᠮᠨᠡᠯᠭᠡ᠎ᠶᠢᠨ ᠡᠭᠦᠳᠡᠨ ᠡᠮᠨᠡᠯᠭᠡ᠎ᠶᠢᠨ ᠭᠠᠵᠠᠷ ᠪᠣᠯ ᠨᠢᠭᠡᠨ ᠠᠷᠠᠳᠠ᠋ᠴᠠ ᠡᠵᠡᠩᠨᠡᠭ᠌ᠰᠡᠨ ᠬᠢᠲᠠᠳ ᠡᠮᠨᠡᠯᠭᠡ᠎ᠶᠢᠨ ᠬᠣᠷᠢᠶ᠎ᠠ ᠪᠣᠯᠤᠨ᠎ᠠ᠂ ᠪᠠᠷᠤᠭ ᠭᠠᠷᠠᠭ ᠪᠦᠷᠢ ᠠᠳᠠᠯᠢ ᠪᠤᠰᠤ ᠨᠠᠰᠤᠲᠠᠨ ᠡᠨᠳᠡ ᠢᠷᠡᠵᠦ᠍ 《 ᠡᠮᠨᠡᠭᠦᠯᠦᠨ᠎ᠡ 》 ᠃ ᠡᠳᠡᠭᠡᠷ ᠨᠠᠰᠤᠲᠠᠨ ᠬᠢᠲᠠᠳ ᠡᠮᠨᠡᠯᠭᠡ᠎ᠶ᠋ᠢᠨ ᠬᠣᠷᠢᠶᠠᠨ᠎ᠳᠤ ᠬᠠᠭᠠᠰ ᠴᠠᠭ ᠢᠯᠡᠭᠦᠦ ᠵᠣᠭ᠍ᠰᠣᠪᠠᠯ ᠰᠡᠩᠳᠡ ᠮᠡᠩᠳᠡ ᠲᠡᠷᠭᠡᠨ᠎ᠳᠦ ᠰᠠᠭᠤᠵᠤ ᠶᠠᠪᠤᠨ᠎ᠠ᠃ ᠰᠠᠨ ᠵᠧᠨ ᠳᠠᠩ ᠬᠢᠲᠠᠳ ᠡᠮᠨᠡᠯᠭᠡ᠎ᠶᠢᠨ ᠡᠭᠦᠳᠡᠨ ᠡᠮᠨᠡᠯᠭᠡ᠎ᠶᠢᠨ ᠭᠠᠵᠠᠷ ᠪᠣᠯ ᠡᠮᠴᠢᠯᠡᠭᠡᠨ᠎ᠦ ᠳᠠᠭ᠋ᠠᠳᠬᠠᠯ᠎ᠤᠨ ᠴᠡᠭ ᠲᠣᠭᠲᠠᠭ᠋ᠠᠭᠰᠠᠨ ᠡᠮᠴᠢᠯᠡᠭᠡᠨ᠎ᠦ ᠪᠠᠢᠭᠤᠯᠤᠮᠵᠢ ᠪᠠᠢ᠌ᠵᠤ᠂ ᠬᠡᠪᠴᠢᠶ᠎ᠡ ᠶᠡᠬᠡ ᠪᠢᠰᠢ᠃ ᠭᠡᠪᠡᠴᠦ᠍᠂ ᠡᠮᠴᠢᠯᠡᠭᠡᠨ᠎ᠦ ᠳᠠᠭᠠᠳᠭᠠᠯ᠎ᠤᠨ ᠡᠮᠴᠢᠯᠡᠭᠡᠨ᠎ᠦ ᠳ᠋ᠠᠢ᠌ᠲ᠋ᠠ᠎ᠶ᠋ᠢᠨ ᠲᠠᠯ᠎ᠠ᠎ᠠᠴᠠ ᠦᠵᠡᠪᠡᠯ᠂ ᠣᠯᠠᠨ ᠰᠡᠵᠢᠭ᠌ᠯᠡᠯ ᠲᠠᠢ ᠲᠠᠯ᠎ᠠ ᠣᠷᠣᠱᠢᠵᠤ ᠪᠠᠢᠨ᠎ᠠ᠃
ᠱᠠᠩᠬᠠᠶ ᠬᠤᠲᠠ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠶ᠋ᠢᠨ ᠬᠤᠩ ᠺᠸᠤ᠎ᠶ᠋ᠢᠨ ᠬᠤᠪᠢᠶᠠᠷᠢ ᠲᠣᠪᠴᠢᠶ᠎ᠠ᠎ᠶ᠋ᠢᠨ ᠡᠷᠡᠭᠦᠤ᠎ᠶ᠋ᠢᠨ ᠬᠡᠷᠡᠭ᠎ᠢ ᠲᠤᠷᠱᠢᠨ ᠪᠠᠢᠴᠠᠭᠠᠬᠤ ᠰᠠᠯᠪᠤᠷᠢ ᠠᠩᠭᠢ᠎ᠶ᠋ᠢᠨ ᠵᠢᠷᠭᠤᠳᠤᠭᠠᠷ ᠠᠩᠭᠢ᠎ᠶ᠋ᠢᠨ ᠳᠠᠷᠤᠭ᠎ᠠ ᠸᠠᠩ ᠵᠧᠨ᠄ 《 ᠥᠷᠯᠥᠭᠡ᠎ᠶ᠋ᠢᠨ ᠨᠠᠢ᠍ᠮᠠᠨ ᠴᠠᠭ ᠬᠠᠭᠠᠰ᠎ᠠᠴᠠ ᠡᠬᠢᠯᠡᠨ ᠡᠵᠡᠩᠨᠡᠵᠦ᠂ ᠠᠷᠪᠠᠨ ᠴᠠᠭ ᠪᠣᠯᠲᠠᠯᠠᠬᠢ ᠬᠤᠭᠤᠴᠠᠭ᠋ᠠᠨ᠎ᠳᠤ ᠨᠢᠭᠡ ᠬᠥᠮᠦᠨ ᠴᠤ᠌ ᠪᠠᠢᠬᠤ ᠦᠭᠡᠢ᠂ ᠠᠷᠪᠠᠨ ᠴᠠᠭ᠎ᠠᠴᠠ ᠠᠷᠪᠠᠨ ᠴᠠᠭ ᠬᠠᠭᠠᠰ᠎ᠤᠨ ᠬᠤᠭᠤᠷᠣᠨᠳᠣ ᠨᠢᠳᠬᠡ ᠯᠠ ᠳᠣᠣᠷ᠎ᠠ20 ᠬᠦᠮᠦᠨ ᠡᠪᠡᠳᠴᠢᠨ ᠦᠵᠡᠭᠦᠯᠦᠭᠰᠡᠨ ᠲᠡᠮᠳᠡᠭᠯᠡᠯ ᠭᠠᠷᠴᠤ᠌᠂ ᠠᠷᠪᠠᠨ ᠴᠠᠭ ᠬᠠᠭᠠᠰ᠎ᠤᠨ ᠳᠠᠷᠠᠭ᠎ᠠ ᠦᠳᠡ᠎ᠶ᠋ᠢᠨ ᠠᠷᠪᠠᠨ ᠬᠤᠶᠠᠷ ᠴᠠᠭ ᠪᠣᠯᠲᠠᠯ᠎ᠠ ᠪᠠᠰᠠ ᠬᠥᠮᠦᠨ ᠪᠠᠢᠬᠤ ᠦᠭᠡᠢ 》᠃
ᠱᠠᠩᠬᠠᠶ ᠬᠤᠲᠠ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠶ᠋ᠢᠨ ᠬᠤᠩ ᠺᠸᠤ᠎ᠶ᠋ᠢᠨ ᠬᠤᠪᠢᠶᠠᠷᠢ ᠲᠣᠪᠴᠢᠶ᠎ᠠ᠎ᠶ᠋ᠢᠨ ᠡᠷᠡᠭᠦᠦ᠍᠎ᠶ᠋ᠢᠨ ᠬᠡᠷᠡᠭ᠎ᠢ ᠲᠤᠷᠱᠢᠨ ᠪᠠᠢᠴᠠᠭᠠᠬᠤ ᠰᠠᠯᠪᠤᠷᠢ ᠠᠩᠭᠢ᠎ᠶ᠋ᠢᠨ ᠵᠢᠷᠭᠤᠳᠤᠭᠠᠷ ᠠᠩᠭᠢ᠎ᠶ᠋ᠢᠨ ᠠᠷᠠᠳ᠎ᠤᠨ ᠴᠠᠭ᠍ᠳᠠᠭ᠎ᠠ ᠶᠧ ᠶᠢᠨ ᠶᠣᠣ᠄ 《 ᠨᠡᠭᠡᠭᠡᠭ᠌ᠰᠡᠨ ᠡᠮᠴᠢᠯᠡᠭᠡᠨ᠎ᠦ ᠳᠠᠭᠠᠳᠭᠠᠯ᠎ᠤᠨ ᠳ᠋ᠠᠢ᠌ᠲ᠋ᠠ᠎ᠨᠢ ᠠᠳᠠᠯᠢᠬᠠᠨ᠂ ᠡᠮ ᠤᠨ ᠮᠡᠳᠡᠭᠡ ᠵᠠᠩᠭᠢ᠎ᠨᠢ ᠬᠦᠷᠲᠡᠯ᠎ᠡ ᠠᠳᠠᠯᠢᠬᠠᠨ 》᠃
ᠪᠠᠢᠴᠠᠭᠠᠯᠲᠠ᠎ᠶ᠋ᠢᠨ ᠵᠢᠷᠤᠭᠲᠤ ᠢᠯᠡᠷᠡᠭᠦᠯᠦᠭ᠌ᠰᠡᠨ᠎ᠢᠶᠠᠷ᠂ ᠪᠤᠰᠤᠳ ᠬᠦᠮᠦᠨ ᠭᠤᠷᠪᠠᠨ ᠨᠠᠰᠤᠲᠠᠨ᠎ᠢ ᠲᠤᠰ ᠬᠢᠲᠠᠳ ᠡᠮᠨᠡᠯᠭᠡ᠎ᠶ᠋ᠢᠨ ᠬᠤᠷᠢᠶᠠᠨ᠎ᠳᠤ ᠣᠷᠤᠭᠤᠯᠵᠤ᠂ ᠳ᠋ᠤᠭᠠᠷᠯᠠᠭ᠍ᠰᠠᠨᠤ ᠳᠠᠷᠠᠭ᠎ᠠ᠂ ᠱᠢᠭᠤᠳ ᠨᠢᠭᠡ ᠲᠠᠰᠤᠯᠭ᠎ᠠ 《 ᠬᠢᠲᠠᠳ ᠡᠮᠨᠡᠯᠭᠡ᠎ᠶ᠋ᠢᠨ ᠤᠷᠢᠳᠴᠢᠯᠠᠨ ᠰᠡᠷᠭᠡᠢᠯᠡᠬᠦ᠌ ᠡᠷᠡᠭᠦᠯᠵᠢᠯ᠎ᠤᠨ ᠰᠠᠯᠠᠭ᠎ᠠ 》 ᠭᠡᠬᠦ᠌ ᠡᠮᠴᠢᠯᠡᠭᠡᠨ᠎ᠤ ᠲᠠᠰᠤᠭ᠎ᠲᠤ ᠣᠷᠤᠭᠤᠯᠤᠭᠰᠠᠨ ᠪᠠᠢᠨ᠎ᠠ᠃
ᠸᠠᠩ ᠵᠧᠨ᠄ 《 ᠡᠮᠴᠢ ᠶᠠᠮᠠᠷᠪᠠ ᠡᠮᠴᠢᠯᠡᠭᠡᠨ᠎ᠦ ᠠᠰᠠᠭᠤᠨ ᠯᠠᠪᠯᠠᠯᠲᠠ ᠬᠢᠭᠰᠡᠨ ᠦᠭᠡᠢ᠂ ᠡᠳᠡᠭᠡᠷ ᠳᠠᠭᠠᠳᠭᠠᠯ᠎ᠳᠤ ᠣᠷᠣᠯᠴᠠᠭ᠍ᠰᠠᠳ᠎ᠢᠶᠡᠷ ᠱᠢᠭᠤᠳ ᠭᠠᠷᠤᠨ ᠦᠰᠦᠭ ᠵᠢᠷᠤᠭᠤᠯᠵᠤ᠂ ᠭᠠᠷᠤᠨ ᠦᠰᠦᠭ ᠵᠢᠷᠤᠭ᠍ᠰᠠᠨᠤ ᠳᠠᠷᠠᠭ᠎ᠠ᠂ ᠡᠮᠴᠢ ᠰᠦᠢ᠍ᠳᠬᠡᠯ ᠲᠤᠰᠢᠶᠠᠬᠤ᠎ᠪᠠᠷ ᠣᠴᠢᠵᠤ ᠪᠣᠯᠣᠨ᠎ᠠ》᠃

ᠠᠩᠬᠠᠷᠤᠭᠤᠱᠢᠲᠠᠶ᠎ᠨᠢ ᠭᠡᠪᠡᠯ᠂ ᠡᠳᠡᠭᠡᠷ ᠬᠥᠮᠥᠰ᠎ᠤᠨ ᠰᠦᠢᠳᠭᠡᠯ ᠬᠤᠷᠢᠶᠠᠬᠤ ᠪᠠᠷᠢᠮᠲᠠ᠎ᠶ᠋ᠢᠨ ᠳᠡᠭᠡᠷ᠎ᠡ᠂ ᠡᠮᠴᠢ᠎ᠶ᠋ᠢᠨ ᠪᠢᠴᠢᠭ᠌ᠰᠡᠨ ᠪᠣᠯ ᠴᠥᠮ ᠢᠯᠢᠵᠦ᠍ ᠨᠤᠬᠤᠯᠠᠬᠤ᠂ ᠰᠣᠷᠤᠭᠤᠯ ᠲᠠᠯᠪᠢᠬᠤ ᠵᠡᠷᠭᠡ ᠬᠢᠲᠠᠳ ᠡᠮᠨᠡᠯᠭᠡ᠎ᠶ᠋ᠢᠨ ᠹᠢᠽᠢᠺ ᠵᠠᠰᠠᠯ᠎ᠤᠨ ᠲᠥᠷᠥᠯ ᠵᠦᠢᠯ ᠪᠣᠯᠣᠨ᠎ᠠ᠃ ᠳᠠᠷᠠᠭ᠎ᠠ᠎ᠨᠢ᠂ ᠰᠦᠢᠳᠭᠡᠯ ᠬᠤᠷᠢᠶᠠᠬᠤ ᠭᠠᠵᠠᠷ᠎ᠲᠤ᠌᠂ ᠭᠤᠷᠪᠠᠨ ᠬᠥᠮᠦᠨ ᠴᠥᠮ ᠥᠪᠡᠷ᠎ᠤᠨ ᠡᠮᠴᠢᠯᠡᠭᠡᠨ᠎ᠦ ᠳᠠᠭᠠᠳᠭᠠᠯ᠎ᠤᠨ ᠺᠠᠷᠲ᠎ᠢᠶᠠᠨ ᠭᠠᠷᠭᠠᠨ ᠠᠪᠴᠤ᠌ ᠳ᠋ᠦᠩᠨᠡᠨ ᠪᠣᠳᠣᠵᠠᠶ᠃ ᠭᠤᠷᠪᠠᠨ ᠬᠥᠮᠥᠨ ᠰᠦᠢᠳᠭᠡᠯ ᠲᠤᠱᠢᠶᠠᠭ᠍ᠰᠠᠨ᠎ᠤ ᠳᠠᠷᠠᠭ᠎ᠠ᠂ ᠡᠮᠨᠡᠨ ᠵᠠᠰᠠᠬᠤ ᠲᠠᠰᠤᠭ᠎ᠲᠦ ᠪᠤᠴᠠᠭᠰᠠᠨ ᠦᠭᠡᠢ ᠂ ᠬᠠᠷᠢᠨ ᠱᠢᠭᠤᠳ ᠡᠮᠨᠡᠯᠭᠡ᠎ᠡᠴᠡ ᠰᠠᠯᠤᠭ᠍ᠰᠠᠨ ᠪᠠᠢᠨ᠎ᠠ᠃
ᠸᠠᠩ ᠵᠧᠨ ᠄ 《 ᠮᠠᠨ᠎ᠤ ᠣᠯᠵᠤ ᠦᠵᠡᠭ᠌ᠰᠡᠨ ᠭᠤᠷᠪᠠᠨ ᠳᠠᠭᠠᠳᠭᠠᠯ᠎ᠳᠤ ᠣᠷᠣᠯᠴᠠᠭ᠍ᠴᠢ᠎ᠠᠴᠠ ᠭᠠᠳᠠᠨ᠎ᠠ᠂ ᠪᠠᠰᠠ ᠠᠷᠪᠠᠨ ᠬᠡᠳᠦᠨ ᠨᠡᠷᠡᠰ ( ᠬᠥᠮᠥᠨ )᠂ ᠠᠳᠠᠯᠢ ᠨᠢᠭᠡᠨ ᠬᠤᠭᠤᠴᠠᠭᠠᠨ᠎ᠳᠤ᠂ ᠪᠠᠰᠠ ᠡᠨᠡ ᠲᠡᠮᠳᠡᠭ᠌ᠯᠡᠯ᠎ᠳᠦ ᠢᠯᠡᠷᠡᠭ᠌ᠰᠡᠨ ᠪᠣᠯᠪᠠᠴᠤ᠌᠂ ᠬᠥᠮᠥᠨ ᠪᠦᠷ ᠣᠴᠢᠭ᠍ᠰᠠᠨ ᠦᠭᠡᠢ 》 ᠃
ᠰᠣᠷᠪᠤᠯᠵᠢᠯᠠᠬ᠍ᠴᠢ᠎ᠶ᠋ᠢᠨ ᠣᠢ᠌ᠯᠠᠭᠠᠬ᠍ᠰᠠᠨ ᠵᠢᠠᠷ᠂ ᠡᠲᠠᠭᠡᠷ ᠡᠪᠡᠳᠴᠢᠨ ᠦᠵᠡᠭᠦᠯᠦᠭᠰᠡᠨ ᠨᠠᠰᠣᠲᠠᠨᠤ ᠣᠯᠠᠩᠭᠢ ᠨᠢ ᠱᠠᠩᠬᠠᠢ ᠬᠣᠲᠠ᠎ᠶ᠋ᠢᠨ ᠵᠢᠶᠠ ᠳᠢᠩ ᠳᠣᠭᠣᠷᠢᠭ᠎ᠤᠨ ᠡᠷᠣᠭᠡ ᠠᠮᠠ ᠲᠠᠢ ᠰᠠᠭᠣᠭᠠᠯᠢ ᠠᠷᠠᠣᠠ ᠪᠣᠯᠣᠨ᠎ᠠ᠂ ᠡᠨᠠ ᠭᠦ᠌ ᠬᠢᠳᠡᠳ ᠡᠮᠨᠠᠯᠭᠡ᠎ᠶ᠋ᠢᠨ ᠬᠣᠷᠢᠶ᠎ᠠ ᠡᠴᠠ 30 ᠭᠠᠷᠣᠢ ᠺᠢᠯᠣᠮᠧᠲ᠋ᠷ ᠵᠠᠢ ᠲᠠᠢ ᠪᠠᠢ᠌ᠭ᠎ᠠ ᠶᠣᠮ᠃ ᠭᠡᠪᠡᠴᠦ᠍ ᠲᠡᠳᠡ ᠲᠡᠷᠭᠡᠨ᠎ᠳᠦ ᠰᠠᠭᠤᠬᠤ᠎ᠠᠴᠠ ᠡᠮᠦᠨ᠎ᠡ᠂ ᠤᠷᠢᠳ᠎ᠢᠶᠠᠷ ᠵᠢᠶᠠ ᠳ᠋ᠢᠩ ᠳᠣᠭᠣᠷᠢᠭ᠎ᠤᠨ ᠱᠠᠩᠬᠠᠢ᠎ᠶ᠋ᠢᠨ ᠢ ᠶᠠᠩ ᠬᠢᠲᠠᠳ ᠡᠮᠨᠡᠯᠭᠡ᠎ᠶ᠋ᠢᠨ ᠡᠭᠦᠳᠡᠨ ᠡᠮᠨᠡᠯᠭᠡ᠎ᠶ᠋ᠢᠨ ᠭᠠᠵᠠᠷ᠎ᠲᠦ ᠬᠦᠷᠴᠦ᠍ ᠴᠤᠭᠯᠠᠷᠠᠨ᠎ᠠ᠃ ᠡᠭᠦᠨ᠎ᠦ ᠠᠷᠤ᠎ᠳᠤ ᠶᠠᠮᠠᠷ ᠨᠢᠭᠡᠨ ᠬᠠᠴᠢᠨ ᠵᠦᠢ᠍ᠯ ᠪᠠᠢ᠌ᠬᠤ ᠪᠣᠯ ?
ᠸᠠᠩ ᠵᠧᠨ᠄ 《 ᠬᠣᠶᠠᠷ ᠡᠮᠨᠡᠯᠭᠡ᠎ᠶᠢᠨ ᠬᠣᠷᠢᠶ᠎ᠠ ᠨᠢᠭᠡ ᠯᠡ ᠳᠡᠭᠡᠷ᠎ᠡ ᠲᠡᠮᠳᠡᠭ᠌ᠯᠡᠵᠦ᠍᠂ ᠵᠣᠩᠬᠢᠯᠠᠬᠤ ᠨᠢ 2024 ᠣᠨ᠎ᠠ᠋ᠴᠠ ᠡᠮᠦᠨ᠎ᠡ ᠱᠠᠩᠬᠠᠢ᠎ᠶᠢᠨ ᠢ ᠶᠠᠩ ᠬᠢᠲᠠᠳ ᠡᠮᠨᠡᠯᠭᠡ᠎ᠶᠢᠨ ᠡᠭᠦᠳᠡᠨ ᠡᠮᠨᠡᠯᠭᠡ᠎ᠶᠢᠨ ᠭᠠᠵᠠᠷ᠎ᠲᠦ ᠡᠮᠨᠡᠭᠦᠯᠦᠭ᠌ᠰᠡᠨᠢ᠋ ᠣᠯᠵᠤ ᠮᠡᠳᠡᠪᠡ᠂ ᠳᠠᠷᠠᠭ᠎ᠠ ᠨᠢ ᠠᠭᠠᠵᠢᠮ᠎ᠢᠶᠠᠷ ᠡᠳᠡᠭᠡᠷ ᠬᠥᠮᠦᠰ᠎ᠢ᠋ ᠰᠠᠨ ᠵᠧᠨ ᠳᠠᠩ ᠬᠢᠲᠠᠳ ᠡᠮᠨᠡᠯᠭᠡ᠎ᠶᠢᠨ ᠡᠭᠦᠳᠡᠨ ᠡᠮᠨᠡᠯᠭᠡ᠎ᠶᠢᠨ ᠭᠠᠵᠠᠷ᠎ᠲᠤ᠌ ᠰᠢᠯᠵᠢᠭᠦᠯᠵᠡᠢ》᠃

ᠤᠤᠯ᠎ᠨᠢ᠂ ᠰᠠᠨ ᠵᠧᠨ ᠲᠠᠩ ᠬᠢᠲᠠᠳ ᠡᠮᠨᠡᠯᠭᠡ᠎ᠶ᠋ᠢᠨ ᠡᠭᠦᠳᠡᠨ ᠡᠮᠨᠡᠯᠭᠡ᠎ᠶ᠋ᠢᠨ ᠭᠠᠵᠠᠷ ᠪᠣᠯᠤᠨ ᠢ ᠶᠠᠩ ᠬᠢᠲᠠᠳ ᠡᠮᠨᠡᠯᠭᠡ᠎ᠶ᠋ᠢᠨ ᠡᠭᠦᠳᠡᠨ ᠡᠮᠨᠡᠯᠭᠡ᠎ᠶ᠋ᠢᠨ ᠭᠠᠵᠠᠷ᠎ᠤᠨ ᠪᠣᠳᠠᠲᠠᠢ ᠡᠵᠡᠮᠳᠡᠭ᠌ᠴᠢ ᠨᠢ ᠪᠦᠷ ᠶᠠᠨ ᠣᠪᠣᠭ᠍ᠲᠤ ᠪᠣᠯᠣᠨ᠎ᠠ᠃ ᠶᠠᠨ ᠣᠪᠣᠭ᠍ᠲᠤ ᠵᠡᠷᠭᠡ ᠡᠮᠨᠡᠯᠭᠡ᠎ᠶ᠋ᠢᠨ ᠬᠤᠷᠢᠶᠠᠨ᠎ᠤ ᠬᠠᠮᠢᠶᠠᠷᠤᠯᠲᠠ᠎ᠶ᠋ᠢᠨ ᠳᠠᠪᠬᠤᠷᠭ᠎ᠠ 《 ᠪᠢᠯᠸᠲ ᠰᠠᠷᠢᠭ᠋ᠠᠯᠠᠭᠴᠢ 》᠂ ᠡᠮᠴᠢ᠂ ᠳᠠᠭᠠᠳᠭᠠᠯ᠎ᠳᠤ ᠣᠷᠣᠯᠴᠠᠭ᠍ᠴᠢ ᠵᠡᠷᠭᠡ ᠳᠣᠲᠣᠭᠠᠳᠤ ᠭᠠᠳᠠᠭᠠᠳᠤ ᠯᠤᠭ᠎ᠠ ᠰᠦᠯᠪᠡᠭᠡᠯᠡᠵᠦ᠍᠂ 《 ᠪᠢᠯᠸᠲ ᠰᠠᠷᠢᠭ᠋ᠠᠯᠠᠭᠴᠢ 》᠎ᠪᠠᠷ ᠳᠠᠮᠵᠢᠨ ᠣᠨᠣᠱᠢᠯᠠᠬᠤ᠂ ᠬᠤᠳᠠᠯ ᠬᠠᠭᠤᠷᠮᠠᠭ᠎ᠢᠶᠠᠷ ᠣᠨᠣᠱᠢᠯᠠᠨ ᠡᠮᠨᠡᠬᠦ᠌ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ᠂ ᠬᠠᠮᠲᠤ᠎ᠪᠠᠷ ᠤᠯᠤᠰ᠎ᠤᠨ ᠡᠮᠴᠢᠯᠡᠭᠡᠨ᠎ᠦ ᠳᠠᠭᠠᠳᠭᠠᠯ᠎ᠤᠨ ᠰᠠᠭᠤᠷᠢ ᠮᠥᠩᠭᠦ᠎ᠶ᠋ᠢ ᠮᠡᠬᠡᠯᠡᠨ ᠠᠪᠴᠠᠢ᠃
ᠬᠥᠮᠦᠰ᠎ᠤᠨ ᠨᠢᠳᠦ᠍᠎ᠶ᠋ᠢ ᠬᠠᠯᠬᠠᠯᠠᠬᠤ᠎ᠶ᠋ᠢᠨ ᠲᠥᠯᠥᠭᠡ᠂ ᠲᠡᠳᠡ ᠬᠡᠰᠡᠭ ᠳᠠᠭᠠᠳᠭᠠᠯ᠎ᠳᠤ ᠣᠷᠣᠯᠴᠠᠭ᠍ᠰᠠᠳ᠎ᠢ ᠡᠮᠨᠡᠯᠭᠡ᠎ᠶ᠋ᠢᠨ ᠬᠤᠷᠢᠶᠠᠨ᠎ᠳᠤ ᠳᠠᠭᠠᠭᠤᠯᠤᠨ ᠣᠷᠣᠭᠤᠯᠵᠤ᠂ ᠣᠯᠠᠨ ᠨᠡᠢᠲᠡ᠎ᠶ᠋ᠢᠨ ᠣᠷᠣᠨ ᠪᠦᠰᠡ᠎ᠶ᠋ᠢᠨ ᠳᠦᠷᠰᠦ ᠱᠢᠩᠭᠡᠭᠡᠯᠲᠡ᠎ᠪᠠᠷ ᠳᠠᠮᠵᠢᠭᠤᠯᠤᠨ ᠲᠡᠳᠡᠨ᠎ᠤ ᠳ᠋ᠤᠭᠠᠷᠯᠠᠬᠤ᠂ ᠡᠮᠴᠢᠯᠡᠭᠡᠨ᠎ᠤ ᠲᠠᠰᠤᠭ᠎ᠲᠤ ᠣᠷᠣᠬᠤ᠂ ᠭᠠᠷᠤᠨ ᠦᠰᠦᠭ ᠵᠢᠷᠤᠬᠤ᠂ ᠰᠦᠢᠳᠭᠡᠯ ᠲᠤᠱᠢᠶᠠᠬᠤ ᠵᠡᠷᠭᠡ ᠵᠠᠩᠭᠢᠯᠠᠭ᠎ᠠ᠎ᠶ᠋ᠢᠨ ᠳᠦᠷᠢ᠎ᠶ᠋ᠢ ᠲᠡᠮᠳᠡᠭ᠌ᠯᠡᠵᠦ᠍᠂ ᠳᠠᠭᠠᠳᠭᠠᠯ᠎ᠳᠤ ᠣᠷᠣᠯᠴᠠᠭ᠍ᠰᠠᠳ ᠡᠮᠨᠡᠯᠭᠡ᠎ᠶ᠋ᠢᠨ ᠬᠤᠷᠢᠶᠠᠨ᠎ᠳᠤ ᠦᠨᠡᠨ ᠪᠣᠳᠠᠲᠠᠶ᠎ᠪᠠᠷ ᠡᠮᠨᠡᠭᠦᠯᠬᠦ᠌ ᠬᠠᠭᠤᠷᠮᠠᠭ ᠦᠵᠡᠭ᠌ᠳᠡᠯ᠎ᠢ ᠪᠣᠶ ᠪᠣᠯᠭᠠᠪᠠ᠃
ᠰᠠᠨᠠᠭ᠋ᠠᠨ᠎ᠠᠴᠠ ᠭᠠᠳᠠᠭᠤᠷ ᠵᠦᠢ᠍ᠯ ᠭᠡᠪᠡᠯ᠂ ᠶᠠᠨ ᠣᠪᠣᠭ᠍ᠲᠤ ᠪᠠᠰᠠ ᠡᠮᠴᠢᠯᠡᠭᠡᠨ᠎ᠤ ᠪᠠᠢᠭᠤᠯᠤᠮᠵᠢ᠎ᠶ᠋ᠢᠨ ᠳᠣᠲᠣᠭᠠᠳᠤ᠎ᠶ᠋ᠢᠨ ᠬᠥᠮᠦᠰ᠎ᠢ ᠵᠢᠭᠠᠨ ᠳᠣᠬᠢᠵᠤ᠂ ᠥᠪᠡᠷ᠎ᠤᠨ ᠪᠠ ᠬᠡᠷ᠎ᠤᠨ ᠬᠥᠮᠦᠨ᠎ᠤ ᠡᠮᠴᠢᠯᠡᠭᠡᠨ᠎ᠤ ᠳᠠᠭᠠᠳᠭᠠᠯ᠎ᠤᠨ ᠺᠠᠷᠲ᠎ᠢᠶᠠᠨ ᠠᠱᠢᠭ᠍ᠯᠠᠨ ᠤᠯᠤᠰ᠎ᠤᠨ ᠡᠮᠴᠢᠯᠡᠭᠡᠨ᠎ᠤ ᠪᠠᠲᠤᠯᠠᠭ᠎ᠠ᠎ᠶᠢᠨ ᠰᠠᠭᠤᠷᠢ ᠮᠥᠩᠭᠦ᠎ᠶ᠋ᠢ ᠶᠡᠭᠡ᠎ᠪᠠᠷ ᠮᠡᠬᠡᠯᠡᠨ ᠠᠪᠴᠠᠶ᠃ ᠪᠠᠢᠴᠠᠭᠠᠯᠲᠠ᠎ᠶ᠋ᠢᠨ ᠳ᠋ᠠᠢ᠌ᠲ᠋ᠠ᠎ᠠᠴᠠ ᠦᠵᠡᠪᠡᠯ᠂ ᠡᠮᠨᠡᠯᠭᠡ᠎ᠶ᠋ᠢᠨ ᠬᠣᠷᠢᠶᠠᠨ᠎ᠤ ᠬᠠᠸ᠋ᠯᠢ᠎ᠶ᠋ᠢᠨ ᠲᠥᠯᠥᠭᠡᠯᠡᠭ᠌ᠴᠢ ᠪᠣᠯᠤᠨ ᠣᠯᠠᠨ ᠳᠡᠭᠡᠳᠦ ᠬᠠᠮᠢᠶᠠᠷᠤᠭ᠍ᠴᠢ ᠶᠡᠬᠡ ᠬᠡᠮᠵᠢᠶᠡᠨ᠎ᠦ ᠬᠡᠪ᠎ᠦᠨ ᠪᠤᠰᠤ ᠡᠮᠴᠢᠯᠡᠭᠡᠨ᠎ᠦ ᠳᠠᠭᠠᠳᠭᠠᠯ᠎ᠤᠨ ᠡᠮ ᠬᠤᠳᠠᠯᠳᠤᠭᠰᠠᠨ ᠲᠡᠮᠳᠡᠭ᠌ᠯᠡᠯ᠎ᠲᠡᠶ᠃

ᠰᠤᠷᠪᠤᠯᠵᠢᠯᠠᠭ᠍ᠴᠢ ᠨᠢᠭᠡ ᠬᠡᠰᠡᠭ ᠡᠮᠨᠡᠯᠭᠡ᠎ᠶ᠋ᠢᠨ ᠬᠣᠷᠢᠶᠠᠨ᠎ᠤ ᠳᠣᠲᠣᠭᠠᠳᠤ᠎ᠶ᠋ᠢᠨ ᠬᠢᠨᠠᠨ ᠡᠵᠡᠮᠳᠡᠬᠦ᠌ ᠸᠢᠳᠢᠣ᠋᠎ᠶ᠋ᠢ ᠣᠯᠵᠤ᠂ ᠲᠤᠰ ᠬᠡᠰᠡᠭ᠎ᠦᠨ ᠸᠢᠳᠢᠤ᠋᠎ᠳᠤ ᠰᠠᠨ ᠵᠧᠨ ᠲᠠᠩ ᠬᠢᠲᠠᠳ ᠡᠮᠨᠡᠯᠭᠡ᠎ᠶ᠋ᠢᠨ ᠬᠣᠷᠢᠶᠠᠨ᠎ᠤ ᠳ᠋ᠤᠭᠠᠷᠯᠠᠵᠤ ᠰᠦᠢᠳᠭᠡᠯ ᠬᠤᠷᠢᠶᠠᠬᠤ ᠭᠠᠵᠠᠷ᠎ᠤᠨ ᠪᠠᠢᠳᠠᠯ᠎ᠢ ᠲᠡᠮᠳᠡᠭ᠌ᠯᠡᠵᠡᠶ᠃ ᠸᠢᠳᠢᠤ᠋᠎ᠪᠠᠷ ᠢᠯᠡᠷᠡᠭᠦᠯᠦᠭ᠌ᠰᠡᠨ᠎ᠢᠶᠠᠷ᠂ ᠠᠷᠪᠠᠨ ᠮᠢᠨᠦ᠋ᠲ᠎ᠤᠨ ᠬᠤᠭᠤᠴᠠᠭᠠᠨ᠎ᠳᠤ᠂ ᠴᠣᠩᠬᠣᠪᠴᠢ᠎ᠳᠤ ᠬᠥᠮᠦᠨ ᠢᠷᠡᠵᠦ᠍ ᠳ᠋ᠤᠭᠠᠷᠯᠠᠵᠤ᠂ ᠰᠦᠢᠳᠭᠡᠯ ᠲᠤᠱᠢᠶᠠᠭ᠍ᠰᠠᠨ ᠥᠬᠡᠶ᠃ ᠭᠡᠪᠡᠴᠦ᠍᠂ ᠠᠷᠤ ᠲᠠᠯ᠎ᠠ᠎ᠶ᠋ᠢᠨ ᠡᠮᠴᠢᠯᠡᠭᠡᠨ᠎ᠦ ᠳᠠᠭᠠᠳᠭᠠᠯ᠎ᠤᠨ ᠳ᠋ᠠᠢ᠌ᠲ᠋ᠠ᠎ᠶ᠋ᠢ ᠭᠠᠷᠭᠠᠨ ᠠᠪᠴᠤ ᠦᠵᠡᠬᠦ᠎ᠳᠦ᠂ ᠲᠤᠰ ᠴᠠᠭ᠎ᠤᠨ ᠳᠣᠲᠣᠷ᠎ᠠ ᠲᠤᠰ ᠬᠢᠲᠠᠳ ᠡᠮᠨᠡᠯᠭᠡ᠎ᠶ᠋ᠢᠨ ᠬᠣᠷᠢᠶ᠎ᠠ 101 ᠵᠤᠷᠪᠤᠰ ᠡᠮ ᠨᠠᠢᠷᠠᠭ᠍ᠰᠠᠨ ᠲᠡᠮᠳᠡᠭ᠌ᠯᠡᠯ᠎ᠢ ᠣᠯᠵᠤ ᠬᠠᠷᠠᠨ᠎ᠠ᠃ ᠡᠨᠡ ᠦᠶᠡᠳᠦ᠍᠂ ᠬᠣᠶᠠᠷ ᠠᠵᠢᠯᠲᠠᠨ ᠠᠳᠠᠯᠢ ᠪᠤᠰᠤ ᠬᠥᠮᠦᠰ᠎ᠦᠨ ᠡᠮᠴᠢᠯᠡᠭᠡᠨ᠎ᠦ ᠳᠠᠭᠠᠳᠭᠠᠯ᠎ᠤᠨ ᠺᠠᠷᠲ ᠠᠪᠴᠤ᠌ ᠣᠯᠠᠨ ᠤᠳᠠᠭ᠎ᠠ ᠠᠵᠢᠯᠯᠠᠵᠤ ᠪᠠᠢᠯ᠎ᠠ᠃
ᠱᠠᠩᠬᠠᠶ ᠬᠤᠲᠠ᠎ᠶ᠋ᠢᠨ ᠵᠢᠶᠠ ᠳ᠋ᠢᠩ ᠲᠣᠭᠤᠷᠢᠭ᠎ᠤᠨ ᠡᠮᠴᠢᠯᠡᠭᠡᠨ᠎ᠤ ᠪᠠᠲᠤᠯᠠᠭ᠎ᠠ᠎ᠶ᠋ᠢᠨ ᠲᠣᠪᠴᠢᠶ᠎ᠠ᠎ᠶ᠋ᠢᠨ ᠰᠠᠭᠤᠷᠢ ᠮᠥᠩᠭᠦ᠎ᠶ᠋ᠢᠨ ᠬᠢᠨᠠᠯᠲᠠ ᠬᠠᠮᠢᠶᠠᠷᠤᠯᠲᠠ᠎ᠶ᠋ᠢᠨ ᠰᠠᠯᠠᠭᠠᠨ᠎ᠤ ᠬᠠᠷᠢᠭᠤᠴᠠᠯᠭᠠᠲᠠᠨ ᠵᠠᠩ ᠺᠠᠶ ᠶᠦᠨ᠄ 《 ᠡᠮᠴᠢ ᠪᠠ ᠡᠪᠡᠳᠴᠢᠲᠡᠨ ᠬᠠᠮᠲᠤ ᠰᠥᠯᠪᠡᠭᠡᠯᠡᠵᠦ᠂ ᠴᠡᠭ ᠲᠣᠭᠲᠠᠭ᠋ᠠᠭᠰᠠᠨ ᠡᠮᠴᠢᠯᠡᠭᠡᠨ᠎ᠤ ᠪᠠᠢᠭᠤᠯᠤᠮᠵᠢ ᠪᠠ ᠳᠠᠭᠠᠳᠭᠠᠯ᠎ᠳᠤ ᠣᠷᠣᠯᠴᠠᠭ᠍ᠴᠢ᠂ ᠠᠵᠢᠯ ᠮᠡᠷᠭᠡᠵᠢᠯ᠎ᠤᠨ ᠳᠠᠭᠠᠳᠭᠠᠯ᠎ᠳᠤ ᠣᠷᠣᠯᠴᠠᠭ᠍ᠴᠢ᠎ᠶ᠋ᠢ ᠪᠠᠭ᠍ᠲᠠᠭᠠᠭ᠍ᠰᠠᠨ ᠠᠰᠢᠭ᠎ᠤᠨ ᠬᠣᠯᠪᠣᠭ᠎ᠠ ᠬᠢᠵᠦ᠂ ᠵᠠᠷᠢᠮ ᠳᠠᠭ᠋ᠠᠳᠬᠠᠯ᠎ᠢ ᠮᠡᠬᠡᠯᠡᠬᠦ ᠦᠢ᠍ᠯᠡ ᠠᠵᠢᠯᠯᠠᠭ᠎ᠠ᠂ ᠬᠠᠤᠯᠢ ᠲᠣᠭ᠍ᠲᠠᠭᠠᠯ᠎ᠠᠴᠠ ᠵᠥᠷᠢᠴᠡᠭ᠌ᠰᠡᠨ ᠵᠠᠷᠢᠮ ᠦᠢᠯᠡ ᠠᠵᠢᠯᠯᠠᠭ᠎ᠠ ᠬᠡᠪ᠎ᠤᠨ ᠣᠨᠣᠱᠢᠯᠠᠨ ᠡᠮᠨᠡᠬᠦ᠌ ᠬᠡᠷᠡᠭ᠌ᠴᠡᠭᠡ ᠱᠠᠭᠠᠷᠳᠠᠯᠭ᠎ᠠ ᠳᠣᠤᠷ᠎ᠠ ᠨᠢᠭᠤᠭᠳᠠᠵᠤ ᠪᠠᠢ᠌ᠨ᠎ᠠ 》᠃
ᠬᠢᠲᠠᠳ ᠡᠮᠨᠡᠯᠭᠡ᠎ᠶᠢᠨ ᠣᠨᠣᠰᠢᠯᠠᠨ ᠡᠮᠴᠢᠯᠡᠬᠦ᠌ ᠨᠢ 《 ᠢᠯᠭᠠᠨ ᠲᠣᠳᠣᠯᠠᠵᠤ ᠡᠮᠨᠡᠨ ᠵᠠᠰᠠᠬᠤ᠂ ᠨᠢᠭᠡ ᠬᠥᠮᠦᠨ ᠨᠢᠭᠡ ᠵᠣᠷ᠂ ᠨᠢᠭᠡ ᠬᠥᠮᠦᠨ ᠨᠢᠭᠡ ᠬᠡᠮᠵᠢᠶ᠎ᠡ 》᠎ᠶᠢᠨ ᠵᠠᠷᠴᠢᠮᠢ᠋ ᠴᠢᠬᠤᠯᠠᠴᠢᠯᠠᠵᠤ᠂ ᠬᠠᠮᠤᠭ ᠰᠠᠢᠨ ᠡᠮᠴᠢᠯᠡᠭᠡᠨ᠎ᠦ᠌ ᠦᠷ᠎ᠡ ᠳ᠋ᠦᠩᠳ᠋ᠦ᠍ ᠬᠦᠷᠬᠦ᠌ ᠪᠣᠯᠤᠨ᠎ᠠ᠂ ᠡᠨᠡ ᠪᠣᠯ ᠤᠯᠠᠮᠵᠢᠯᠠᠯᠲᠤ ᠠᠨᠠᠭᠠᠬᠤ ᠤᠬᠠᠭᠠᠨ᠎ᠤ᠋ ᠣᠨᠴᠠᠯᠢᠭ ᠪᠣᠯᠤᠨ᠎ᠠ᠃ ᠬᠢᠲᠠᠳ ᠡᠮᠨᠡᠯᠭᠡ᠎ᠶ᠋ᠢᠨ ᠳᠠᠭᠠᠳᠭᠠᠯ᠎ᠤᠨ ᠲᠠᠩᠰᠠ ᠲᠠᠢᠯᠬᠤ ᠲᠥᠷᠥᠯ ᠵᠦᠶ᠋ᠯ ᠣᠯᠠᠨ᠂ ᠬᠡᠯᠬᠢᠶ᠎ᠡ ᠣᠷᠳᠣ ᠪᠣᠯᠬᠤᠷ ᠪᠠᠷᠢᠮᠵᠢᠶᠠᠵᠢᠭᠤᠯᠬᠤ᠎ᠳᠤ ᠬᠦᠴᠢᠷᠲᠡᠶ ᠪᠠᠢᠵᠤ᠂ ᠪᠥᠬᠦ᠌ ᠶᠠᠪᠤᠴᠠ᠎ᠶ᠋ᠢᠨ ᠬᠢᠨᠠᠯᠲᠠ ᠬᠠᠮᠢᠶᠠᠷᠤᠯᠲᠠ᠎ᠶ᠋ᠢᠨ ᠬᠦᠴᠢᠷᠳᠡᠯ ᠮᠠᠰᠢ ᠶᠡᠭᠡ᠃ ᠳᠠᠭᠠᠳᠭᠠᠯ᠎ᠢ ᠮᠡᠬᠡᠯᠡᠨ ᠠᠪᠤᠭ᠍ᠰᠠᠨ ᠬᠥᠮᠦᠰ ᠶᠠᠭ ᠡᠨᠡ ᠬᠦ᠌ ᠣᠨᠴᠠᠯᠢᠭ᠎ᠢ ᠣᠨᠣᠪᠴᠢᠲᠠᠶ ᠣᠢᠯᠠᠭᠠᠵᠤ᠂ ᠶᠡᠭᠡ ᠬᠡᠮᠵᠢᠶᠡᠨ᠎ᠤ ᠬᠤᠳᠠᠯ ᠬᠠᠭᠤᠷᠮᠠᠭ ᠵᠣᠷ ᠵᠣᠬᠢᠶᠠᠵᠤ᠂ ᠡᠯ᠎ᠡ ᠲᠥᠷᠥᠯ᠎ᠤᠨ ᠹᠢᠽᠢᠺ ᠵᠠᠰᠠᠯ᠎ᠤᠨ ᠦᠢᠯᠡᠴᠢᠯᠡᠭᠡ᠎ᠶ᠋ᠢ ᠢᠯᠡᠭᠦᠬᠡᠨ ᠨᠡᠭᠡᠭᠡᠵᠦ᠍ ᠬᠠᠭᠤᠷᠮᠠᠭ᠍ᠯᠠᠨ ᠵᠣᠬᠢᠶᠠᠵᠤ᠂ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠦ᠎ᠶ᠋ᠢ ᠳᠤᠷ᠎ᠠ᠎ᠪᠠᠷ᠎ᠢᠶᠠᠨ ᠮᠡᠬᠡᠯᠡᠨ ᠠᠪᠤᠭ᠍ᠰᠠᠨ ᠪᠠᠢᠨ᠎ᠠ᠃
ᠳᠤᠮᠳᠠᠳᠤ ᠤᠯᠤᠰ᠎ᠤᠨ ᠤᠯᠤᠰ ᠲᠥᠷᠥ᠍ ᠬᠠᠤᠯᠢ ᠴᠠᠭᠠᠵᠠ᠎ᠶ᠋ᠢᠨ ᠶᠡᠭᠡ ᠰᠤᠷᠭᠠᠭᠤᠯᠢ᠎ᠶ᠋ᠢᠨ ᠬᠢᠨᠠᠨ ᠬᠠᠮᠢᠶᠠᠷᠬᠤ ᠬᠠᠤᠯᠢ ᠳᠦᠷᠢᠮ᠎ᠤᠨ ᠰᠤᠳᠤᠯᠭᠠᠨ᠎ᠤ ᠲᠥᠪ᠎ᠤᠨ ᠡᠷᠬᠢᠯᠡᠭ᠌ᠴᠢ᠂ ᠫᠷᠤᠹᠧᠰᠰᠤᠷ ᠵᠠᠩ ᠴᠢᠩ᠄ 《 ᠬᠢᠲᠠᠳ ᠡᠮ ᠡᠮᠨᠡᠯᠭᠡ ᠨᠢ ᠠᠮᠠᠷᠬᠠᠨ ᠰᠦᠯᠵᠢᠯᠳᠦᠵᠦ᠍᠂ ᠦᠨᠡᠨ᠎ᠢ ᠬᠢᠮᠳᠠ ᠡᠮ᠎ᠤᠨ ᠵᠦᠢᠯ᠎ᠢ ᠥᠨᠳᠥᠷ ᠦᠨ᠎ᠡ᠎ᠲᠠᠢ ᠡᠮ᠎ᠤᠨ ᠵᠦᠢᠯ᠎ᠢᠶᠠᠷ ᠰᠣᠯᠢᠵᠤ᠂ ᠬᠡᠷᠪᠡ ᠡᠪᠡᠳᠴᠢᠲᠡᠨ ᠣᠷᠳᠣ ᠬᠤᠭᠤᠴᠠᠭ᠎ᠠ᠎ᠪᠠᠷ ᠡᠮ ᠬᠡᠷᠡᠭ᠌ᠯᠡᠪᠡᠯ᠂ ᠲᠡᠳᠡᠭᠡᠷ ᠳᠠᠭᠠᠳᠭᠠᠯ᠎ᠢ ᠮᠡᠬᠡᠯᠡᠭ᠌ᠰᠡᠨ ᠬᠠᠤᠯᠢ ᠪᠤᠰᠤ ᠡᠲᠡᠭᠡᠳ ᠠᠮᠠᠷᠬᠠᠨ ᠬᠡᠮᠵᠢᠶ᠎ᠡ᠎ᠶ᠋ᠢ ᠨᠡᠮᠡᠭ᠌ᠳᠡᠭᠦᠯᠦᠨ᠎ᠡ; ᠬᠤᠶᠠᠳᠤᠭᠠᠷ ᠣᠨᠴᠠᠯᠢᠭ ᠪᠣᠯ ᠲᠡᠭᠦᠨ᠎ᠳᠤ ᠹᠢᠽᠢᠺ ᠵᠠᠰᠠᠯ᠂ ᠢᠯᠢᠵᠦ᠍ ᠨᠤᠬᠤᠯᠠᠬᠤ᠂ ᠵᠡᠭᠦᠦ ᠲᠥᠭᠡᠨᠡᠯᠭᠡ᠎ᠶ᠋ᠢᠨ ᠬᠥᠳᠡᠯᠮᠦᠷᠢ ᠦᠢᠯᠡᠴᠢᠯᠡᠭᠡᠨ᠎ᠤ ᠲᠥᠷᠥᠯ᠎ᠤᠨ ᠦᠢᠯᠡᠴᠢᠯᠡᠭᠡ ᠲᠠᠢ ᠠᠳᠠᠯᠢᠪᠲᠤᠷ ᠪᠣᠯᠣᠨ᠎ᠠ᠂ ᠡᠢᠮᠦᠷᠬᠦ᠌ ᠦᠢᠯᠡᠴᠢᠯᠡᠭᠡᠨᠢ ᠪᠠᠷᠢᠮᠵᠢᠶᠠᠲᠤ ᠪᠤᠰᠤ᠂ ᠬᠡᠯᠬᠢᠶ᠎ᠡ ᠨᠢ ᠨᠡᠯᠢᠶᠡᠳ ᠤᠷᠲᠤ᠌᠂ ᠠᠮᠠᠷᠬᠠᠨ ᠬᠤᠳᠠᠯ ᠬᠠᠭᠤᠷᠮᠠᠭ ᠬᠢᠨ᠎ᠡ 》 ᠬᠡᠯᠡᠪᠡ᠃

ᠰᠤᠷᠪᠤᠯᠵᠢᠯᠠᠭ᠍ᠴᠢ᠎ᠶᠢᠨ ᠣᠢᠯᠠᠭᠠᠭ᠍ᠰᠠᠨ᠎ᠢᠶᠡᠷ᠂ ᠬᠣᠶᠠᠷ ᠬᠢᠲᠠᠳ ᠡᠮᠨᠡᠯᠭᠡ᠎ᠶᠢᠨ ᠭᠠᠵᠠᠷ᠎ᠤ᠋ᠨ ᠪᠣᠳᠠᠲᠠᠢ ᠡᠵᠡᠮᠰᠢᠭᠴᠢ ᠬᠥᠮᠦᠨ ᠶᠠᠨ ᠣᠪᠣᠭ᠍ᠲᠤ᠂ ᠨᠡᠷ᠎ᠡ ᠳᠣᠣᠷ᠎ᠠ ᠪᠠᠰᠠ ᠬᠢᠲᠠᠳ ᠡᠮ᠎ᠦ᠋ᠨ ᠴᠢᠨᠠᠬᠤ ᠡᠮ᠎ᠦ᠋ᠨ ᠦᠢᠯᠡᠳᠪᠦᠷᠢ ᠪᠠᠢᠭᠤᠯᠵᠤ ᠪᠠᠢᠨ᠎ᠠ᠃ ᠡᠮᠴᠢ ᠡᠴᠡ ᠳᠠᠭᠠᠳᠭᠠᠯ᠎ᠳᠤ ᠣᠷᠣᠯᠴᠠᠭ᠍ᠰᠠᠳ᠎ᠲᠤ ᠥᠨᠳᠥᠷ ᠦᠨᠡᠲᠡᠶ ᠬᠢᠲᠠᠳ ᠡᠮ᠎ᠤᠨ ᠵᠣᠷ᠎ᠢ ᠪᠢᠴᠢᠵᠦ᠂ ᠴᠢᠨᠠᠬᠤ ᠡᠮ᠎ᠤᠨ ᠦᠢᠯᠡᠳᠪᠦᠷᠢ᠎ᠨᠢ ᠡᠮ᠎ᠤᠨ ᠵᠣᠷ᠎ᠢ ᠣᠯᠣᠭ᠍ᠰᠠᠨᠤ ᠳᠠᠷᠠᠭ᠎ᠠ᠂ ᠬᠢᠮᠳᠠᠬᠠᠨ ᠬᠢᠲᠠᠳ ᠡᠮ᠎ᠤᠨ ᠡᠮ᠎ᠢᠶᠠᠷ ᠬᠤᠪᠣᠷ ᠨᠠᠨᠳᠢᠨ ᠬᠢᠲᠠᠳ ᠡᠮ᠎ᠤᠨ ᠮᠠᠲ᠋ᠧᠷᠢᠶᠠᠯ᠎ᠢ ᠣᠷᠣᠯᠠᠭᠤᠯᠵᠤ᠂ ᠦᠨ᠎ᠡ᠎ᠶ᠋ᠢᠨ ᠵᠥᠷᠢᠶ᠎ᠡ᠎ᠶ᠋ᠢ ᠮᠡᠬᠡᠯᠡᠵᠦ᠍ ᠠᠪᠳᠠᠭ ᠪᠠᠢᠵᠠᠢ᠃
ᠸᠠᠩ ᠵᠧᠨ᠄ 《 ᠲᠤᠬᠠᠢᠯᠠᠪᠠᠯ ᠰᠦᠨ ᠤᠷᠬᠤᠳᠠᠢ᠂ ᠴᠢᠰᠤᠨ ᠡᠪᠡᠷ ᠵᠡᠷᠭᠡ ᠨᠡᠯᠢᠶᠡᠳ ᠦᠨᠡᠲᠡᠢ ᠬᠢᠲᠠᠳ ᠡᠮ᠎ᠦᠨ ᠮᠠᠲ᠋ᠧᠷᠢᠶᠠᠯ᠎ᠢ ᠦᠨᠳᠦᠰᠦᠨ᠎ᠳᠦ᠎ᠪᠠᠨ ᠮᠢᠩᠭ᠎ᠠ ᠭᠠᠷᠤᠢ ᠲᠥᠭᠥᠷᠢᠭ ᠵᠠᠷᠤᠴᠠᠭᠤᠯᠳᠠᠭ 》᠃
ᠡᠨᠡ ᠬᠦ᠌ ᠡᠮᠴᠢᠯᠡᠭᠡᠨ᠎ᠦ ᠳᠠᠭᠠᠳᠭᠠᠯ᠎ᠤᠨ ᠮᠡᠬᠡᠯᠡᠯ᠎ᠤᠨ 《 ᠴᠤᠪᠤᠷᠠᠯ ᠱᠤᠭᠤᠮ 》᠎ᠢ ᠬᠤᠶᠠᠷ ᠵᠢᠯ᠎ᠤᠨ ᠳᠣᠲᠣᠷ᠎ᠠ ᠳᠠᠭ᠋ᠠᠳᠬᠠᠯ ᠮᠡᠬᠡᠯᠡᠭᠰᠡᠨ ᠲᠡᠮᠳᠡᠭᠯᠡᠯ 5 ᠲᠦᠮᠡ ᠭᠠᠷᠤᠶ ᠵᠤᠷᠪᠤᠰ᠎ᠲᠤ ᠬᠦᠷᠴᠦ᠂ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠦ᠎ᠶ᠋ᠢ 1200 ᠲᠦᠮᠡᠨ ᠲᠥᠭᠦᠷᠢᠭ ᠮᠡᠬᠡᠯᠡᠵᠡᠢ᠃ ᠡᠭᠦᠨ᠎ᠳᠤ ᠨᠢᠭᠡ ᠳᠠᠭᠠᠳᠭᠠᠯ᠎ᠳᠤ ᠣᠷᠣᠯᠴᠠᠭᠴᠢ᠎ᠶᠢᠨ ᠳᠠᠭᠠᠳᠭᠠᠯ᠎ᠢ ᠮᠡᠬᠡᠯᠡᠨ ᠠᠪᠤᠭ᠍ᠰᠠᠨ ᠵᠣᠭᠤᠰ᠎ᠤᠨ ᠲᠤᠭ᠎ᠠ᠎ᠨᠢ 12 ᠲᠦᠮᠡ ᠭᠠᠷᠤᠶ ᠲᠥᠭᠦᠷᠢᠭ᠎ᠲᠤ ᠬᠦᠷᠴᠡᠶ᠃ ᠣᠳᠣᠬᠠᠨ᠎ᠳᠤ᠂ 120 ᠭᠠᠷᠤᠶ ᠶᠠᠯ᠎ᠠ ᠬᠢᠭ᠌ᠰᠡᠨ ᠰᠡᠵᠢᠭ᠌ᠳᠡᠨ᠎ᠢ ᠡᠷᠡᠭᠦᠦ᠍᠎ᠶ᠋ᠢᠨ ᠬᠡᠷᠡᠭ᠎ᠤᠨ ᠠᠯᠪᠠᠳᠠᠯᠭ᠎ᠠ᠎ᠶ᠋ᠢᠨ ᠠᠷᠭ᠎ᠠ ᠬᠡᠮᠵᠢᠶ᠎ᠡ ᠠᠪᠴᠠᠶ᠃
ᠵᠠᠩ ᠴᠢᠩ᠄ 《 ᠣᠢᠷ᠎ᠠ᠎ᠶ᠋ᠢᠨ ᠬᠡᠳᠦᠨ ᠵᠢᠯ᠎ᠳᠤ ᠳᠠᠭᠠᠳᠭᠠᠯ᠎ᠢ ᠮᠡᠬᠡᠯᠡᠭ᠌ᠰᠡᠨ ᠬᠡᠷᠡᠭ᠎ᠲᠤ᠌᠂ ᠨᠢᠭᠡᠳᠦᠭᠡᠷ᠎ᠨᠢ ᠬᠠᠤᠯᠢ᠎ᠠᠴᠠ ᠵᠥᠷᠢᠴᠡᠭ᠌ᠰᠡᠨ ᠦᠢᠯᠡ ᠠᠵᠢᠯᠯᠠᠭ᠎ᠠ᠎ᠨᠢ ᠨᠠᠩ ᠨᠢᠭᠤᠬ᠍ᠳᠠᠮᠠᠭ᠂ ᠣᠯᠵᠣ ᠮᠡᠳᠡᠬᠦ᠎ᠳᠦ ᠬᠢᠯᠪᠠᠷ ᠪᠤᠰᠤ ᠴᠢᠭ᠌ᠯᠡᠯ᠎ᠢᠶᠠᠷ ᠬᠥᠭ᠌ᠵᠢᠪᠡ; ᠬᠤᠶᠠᠳᠤᠭᠠᠷ ᠣᠨᠴᠠᠯᠢᠭ᠎ᠨᠢ ᠪᠦᠯᠬᠦᠮᠳᠡᠬᠦ᠌ ᠴᠢᠭ᠌ᠯᠡᠯ᠎ᠢᠶᠠᠷ ᠬᠥᠭ᠌ᠵᠢᠵᠦ᠍᠂ ᠪᠥᠬᠦ᠌ ᠬᠡᠯᠬᠢᠶᠡᠵᠢᠭ᠌ᠰᠡᠨ ᠬᠡᠷᠡᠭ ᠪᠠᠢᠵᠤ᠂ ᠬᠡᠪᠴᠢᠶ᠎ᠡ᠎ᠨᠢ ᠨᠡᠯᠢᠶᠡᠳ ᠶᠡᠭᠡ;ᠭᠤᠷᠪᠠᠳᠤᠭᠠᠷ ᠲᠠᠯ᠎ᠠ᠎ᠨᠢ ᠣᠳᠣᠬᠠᠨ᠎ᠳᠤ ᠨᠡᠯᠢᠶᠡᠳ ᠠᠮᠠᠷᠬᠠᠨ ᠣᠮᠲᠣᠭᠠᠢᠯᠠᠭ᠍ᠳᠠᠨᠠ᠂ ᠵᠢᠱ᠌ᠢᠶᠡᠯᠡᠪᠡᠯ ᠵᠢᠵᠢᠭ ᠡᠮᠴᠢᠯᠡᠭᠡᠨ᠎ᠤ ᠭᠠᠵᠠᠷ᠂ ᠵᠢᠵᠢᠭ ᠡᠮ᠎ᠤᠨ ᠳᠡᠯᠭᠡᠭᠦᠷ ᠤᠨ ᠵᠣᠭᠤᠰ᠎ᠤᠨ ᠲᠤᠭ᠎ᠠ᠎ᠨᠢ ᠮᠠᠰᠢ ᠪᠠᠭ᠎ᠠ᠂ ᠭᠡᠪᠡᠴᠦ᠍ ᠬᠡᠷᠡᠭ ᠪᠠᠢᠨ ᠳᠠᠬᠢᠨ ᠡᠭᠦᠰᠴᠦ᠍᠂ ᠪᠦᠬᠦᠯᠢ ᠴᠣᠭ᠍ᠴᠠ᠎ᠪᠠᠷ᠎ᠢᠶᠠᠨ ᠦᠨᠡᠨ᠎ᠳᠦ᠎ᠪᠡᠨ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠦ᠎ᠳᠤ ᠨᠡᠯᠢᠶᠡᠳ ᠶᠡᠭᠡ ᠬᠤᠬᠢᠷᠠᠯ ᠤᠴᠠᠷᠠᠭᠤᠯᠤᠨ᠎ᠠ 》᠃
ᠰᠤᠷᠪᠤᠯᠵᠢᠯᠠᠭ᠍ᠴᠢ ᠡᠮᠬᠢᠯᠡᠬᠦ᠎ᠪᠡᠷ ᠳᠠᠮᠵᠢᠨ᠂ ᠡᠮᠴᠢᠯᠡᠭᠡᠨ᠎ᠤ ᠪᠠᠲᠤᠯᠠᠭ᠎ᠠ᠎ᠶ᠋ᠢᠨ ᠰᠠᠯᠠᠭ᠎ᠠ ᠮᠥᠴᠢᠷ᠂ ᠳᠣᠲᠣᠭᠠᠳᠤ᠎ᠶ᠋ᠢ ᠬᠠᠮᠠᠭᠠᠯᠠᠬᠤ ᠪᠠᠢᠭᠤᠯᠭ᠎ᠠ᠂ ᠪᠠᠢᠴᠠᠭᠠᠬᠤ ᠪᠠᠢᠭᠤᠯᠭ᠎ᠠ᠂ ᠠᠷᠠᠳ᠎ᠤᠨ ᠱᠢᠭᠦᠬᠦ᠌ ᠬᠤᠷᠢᠶ᠎ᠠ ᠵᠡᠷᠭᠡ ᠨᠡᠢᠲᠡᠯᠡᠭ᠌ᠰᠡᠨ ᠨᠡᠢᠲᠡᠯᠢᠭ ᠬᠡᠷᠡᠭ᠎ᠤᠨ ᠵᠢᠱ᠌ᠢᠶ᠎ᠠ᠎ᠳᠤ᠂ ᠵᠠᠷᠢᠮ ᠨᠡᠢᠭᠡᠮ ᠲᠣᠭᠤᠷᠢᠭ᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ ᠵᠡᠷᠭᠡ ᠦᠨᠳᠦᠰᠦᠨ ᠱᠠᠲᠤᠨ᠎ᠤ ᠡᠮᠴᠢᠯᠡᠭᠡᠨ᠎ᠤ ᠪᠠᠢᠭᠤᠯᠤᠮᠵᠢ ᠴᠤ᠌ ᠳᠠᠭᠠᠳᠭᠠᠯ᠎ᠢ ᠮᠡᠬᠡᠯᠡᠨ ᠠᠪᠬᠤ ᠪᠣᠳᠣᠩᠭᠣᠢ ᠣᠷᠣᠨ ᠪᠦᠰᠡ ᠪᠣᠯᠵᠣ᠂ ᠣᠷᠣᠱᠢᠵᠤ ᠪᠠᠢᠭ᠎ᠠ ᠠᠰᠠᠭᠤᠳᠠᠯ᠎ᠢ᠎ᠨᠢ ᠪᠠᠰᠤᠵᠤ ᠪᠣᠯᠬᠤ ᠥᠬᠡᠶ᠃

ᠰᠤᠷᠪᠤᠯᠵᠢᠯᠠᠭ᠍ᠴᠢ ᠤᠯᠤᠰ᠎ᠤ᠋ᠨ ᠡᠮᠴᠢᠯᠡᠭᠡᠨ᠎ᠦ ᠪᠠᠲᠤᠯᠠᠭ᠎ᠠ ᠲᠣᠪᠴᠢᠶ᠎ᠠ᠎ᠶᠢ ᠳᠠᠭᠠᠵᠤ ᠲᠤᠰᠭᠠᠢ ᠲᠥᠷᠥᠯ᠎ᠦ᠋ᠨ ᠨᠢᠰᠦᠯᠲᠡ᠎ᠶᠢᠨ ᠪᠠᠢᠴᠠᠭᠠᠯᠲᠠ ᠳᠤᠮᠳᠠ ᠨᠢᠭᠡ ᠨᠡᠢᠲᠡᠯᠢᠭ ᠬᠡᠷᠡᠭ᠎ᠦ᠋ᠨ ᠵᠢᠱ᠌ᠢᠶ᠎ᠡ᠎ᠶᠢ ᠣᠯᠵᠤ ᠮᠡᠳᠡᠵᠡᠢ᠄ ᠥᠪᠥᠷ ᠮᠣᠩᠭᠣᠯ᠎ᠤ᠋ᠨ ᠬᠥᠯᠥᠨ ᠪᠤᠢᠷ᠎ᠤ᠋ᠨ ᠨᠢᠭᠡᠨ ᠡᠷᠡᠭᠦᠯ ᠬᠠᠮᠠᠭᠠᠯᠠᠯ᠎ᠤ᠋ᠨ ᠦᠢᠯᠡᠴᠢᠯᠡᠭᠡᠨ᠎ᠦ᠌ ᠥᠷᠲᠡᠭᠡ᠂ ᠥᠩᠭᠡᠨ ᠲᠠᠯ᠎ᠠ᠎ᠠ᠋ᠴᠠ ᠨᠢ ᠦᠵᠡᠪᠡᠯ᠂ ᠡᠨᠡ ᠦᠢᠯᠡᠴᠢᠯᠡᠭᠡᠨ᠎ᠦ᠌ ᠥᠷᠲᠡᠭᠡᠨ᠎ᠦ᠌ ᠡᠮ ᠠᠪᠬᠤ ᠣᠷᠣᠨ ᠪᠦᠰᠡ ᠨᠢ ᠮᠠᠰᠢ ᠬᠡᠪ᠎ᠦ᠋ᠨ ᠪᠠᠢᠳᠠᠯ᠎ᠢᠶᠡᠷ ᠪᠠᠢᠵᠤ᠂ ᠳᠣᠲᠣᠷ᠎ᠠ ᠨᠢ ᠣᠷᠣᠵᠣ ᠦᠵᠡᠪᠡᠯ᠂ ᠡᠮ᠎ᠦ᠋ᠨ ᠳᠡᠯᠭᠡᠭᠦᠷ᠎ᠦ᠋ᠨ ᠪᠠᠷᠠᠭᠠᠨ᠎ᠤ᠋ ᠲᠠᠯᠪᠢᠭᠤᠷ ᠨᠢ ᠨᠢᠭᠡᠨ ᠳᠠᠯᠳᠠ ᠲᠠᠰᠤᠭ ᠲᠠᠢ᠂ ᠬᠥᠳᠡᠯᠵᠦ ᠪᠣᠯᠤᠨ᠎ᠠ᠃ ᠳᠠᠯᠳᠠ ᠲᠠᠰᠤᠭ᠎ᠢ ᠱᠢᠯᠵᠢᠭᠦᠯᠦᠭ᠌ᠰᠡᠨᠦ ᠳᠠᠷᠠᠭ᠎ᠠ᠂ ᠳᠣᠲᠣᠷ᠎ᠠ ᠨᠢ ᠥᠭᠡᠷ᠎ᠡ ᠨᠢᠭᠡᠨ ᠦᠵᠡᠮᠵᠢ ᠪᠤᠢ᠂ ᠬᠡᠷᠡᠮ ᠳᠦᠭᠦᠷᠡᠩ ᠪᠠᠷᠠᠭᠠᠨ᠎ᠤ ᠲᠠᠯᠪᠢᠭᠤᠷ ᠳᠡᠭᠡᠷ᠎ᠡ ᠪᠦᠷ ᠡᠮ᠎ᠤᠨ ᠵᠦᠢ᠍ᠯ᠂ ᠳᠠᠯᠳᠠ ᠲᠠᠰᠤᠭᠲᠡᠬᠢ ᠡᠮ᠎ᠦᠨ ᠵᠦᠢᠯ᠎ᠢ ᠪᠠᠢᠴᠠᠭᠠᠭ᠍ᠰᠠᠨ᠎ᠤ ᠳᠠᠷᠠᠭ᠎ᠠ᠂ ᠪᠦᠷ ᠢᠷᠡᠯᠲᠡ᠎ᠨᠢ ᠲᠣᠳᠣᠷᠬᠠᠢ ᠦᠭᠡᠢ ᠡᠮ᠎ᠤᠨ ᠵᠦᠢ᠍ᠯ ᠪᠣᠯᠣᠨ᠎ᠠ᠃
ᠬᠢᠨᠠᠯᠲᠠ ᠬᠠᠮᠢᠶᠠᠷᠤᠯᠲᠠᠠ᠋ᠴᠠ ᠵᠠᠢᠯᠠᠬᠤ᠎ᠶᠢᠨ ᠲᠥᠯᠥᠭᠡ᠂ ᠡᠨᠡ ᠬᠦ᠌ ᠡᠷᠡᠭᠦᠯ ᠬᠠᠮᠠᠭᠠᠯᠠᠯ᠎ᠤ᠋ᠨ ᠦᠢᠯᠡᠴᠢᠯᠡᠭᠡᠨ᠎ᠦ᠌ ᠥᠷᠲᠡᠭᠡ ᠨᠢ ᠴᠢᠨᠠᠭᠰᠢᠯᠠᠨ ᠳᠠᠯᠳᠠ ᠲᠠᠰᠤᠭ᠂ ᠳᠠᠯᠳᠠ ᠥᠷᠥᠭᠡ ᠵᠡᠷᠭᠡ ᠠᠷᠭ᠎ᠠ ᠮᠠᠶᠢᠭ᠎ᠢᠶᠠᠷ ᠶᠡᠬᠡ ᠬᠡᠮᠵᠢᠶᠡᠨ᠎ᠦ᠌ ᠢᠷᠡᠯᠲᠡ ᠨᠢ ᠲᠣᠳᠣᠷᠬᠠᠢ ᠦᠭᠡᠢ ᠡᠮ᠎ᠦ᠋ᠨ ᠵᠦᠢᠯ᠂ ᠬᠣᠷᠣᠭ᠍ᠳᠠᠯ ᠮᠠᠲᠸᠷᠢᠶᠠᠯ᠎ᠢ᠋ ᠬᠠᠳᠠᠭᠠᠯᠠᠵᠤ᠂ ᠬᠠᠤᠯᠢ ᠪᠤᠰᠤ᠎ᠪᠠᠷ ᠠᠰᠢᠭ ᠣᠯᠬᠤ ᠵᠣᠷᠢᠯᠭᠠᠳ᠋ᠤ ᠬᠦᠷᠬᠦ᠌ ᠪᠣᠯᠤᠨ᠎ᠠ᠃

ᠡᠨᠡ ᠬᠦ᠌ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ᠎ᠶ᠋ᠢᠨ ᠡᠮ ᠨᠠᠢᠷᠠᠭᠤᠯᠬᠤ ᠲᠠᠰᠤᠭ᠎ᠲᠤ᠌᠂ ᠬᠡᠷᠡᠮ᠎ᠤᠨ ᠡᠮᠦᠨ᠎ᠡ ᠲᠠᠯ᠎ᠠ᠎ᠶ᠋ᠢᠨ ᠬᠤᠷᠭᠤ ᠮᠠᠰᠢ ᠬᠡᠪ᠎ᠤᠨ ᠪᠠᠢᠳᠠᠯ᠎ᠲᠠᠢ᠂ ᠬᠡᠷᠡᠮ᠎ᠨᠢ ᠪᠠᠰᠠ ᠮᠠᠰᠢ ᠬᠡᠪ᠎ᠤᠨ ᠪᠠᠢᠳᠠᠯ᠎ᠲᠠᠢ᠂ ᠭᠡᠪᠡᠴᠦ᠍ ᠬᠣᠷᠭᠣ᠎ᠶᠢ ᠨᠡᠭᠦᠯᠭᠡᠭ᠌ᠰᠡᠨ᠎ᠤ ᠳᠠᠷᠠᠭ᠎ᠠ ᠨᠢᠭᠡ ᠬᠠᠯᠬᠠᠪᠴᠢ ᠬᠠᠪᠲᠠᠰᠤ ᠪᠠᠢᠨ᠎ᠠ᠂ ᠠᠷᠤ᠎ᠳᠤ ᠨᠢ ᠪᠠᠰᠠ ᠨᠢᠭᠡ ᠡᠭᠦᠳᠡ᠎ᠲᠠᠢ᠂ ᠳᠣᠲᠣᠷ᠎ᠠ᠎ᠨᠢ ᠡᠨᠡ ᠬᠦ᠌ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ᠎ᠶ᠋ᠢᠨ ᠨᠢᠭᠡ ᠨᠢᠭᠤᠴᠠ ᠭᠡᠷ ᠪᠠᠢᠬᠤ᠎ᠶ᠋ᠢ ᠣᠯᠵᠤ ᠮᠡᠳᠡᠪᠡ᠃ ᠳᠣᠲᠣᠭ᠍ᠰᠢ ᠣᠷᠣᠬᠤ᠎ᠳᠤ᠂ ᠵᠠᠷᠢᠮ ᠡᠮ᠎ᠤᠨ ᠵᠦᠢᠯ ᠪᠠ ᠬᠤᠷᠣᠭ᠍ᠳᠠᠯ ᠮᠠᠲ᠋ᠧᠷᠢᠶᠠᠯ᠎ᠢ ᠣᠯᠵᠤ ᠬᠠᠷᠠᠵᠤ ᠪᠣᠯᠤᠨ᠎ᠠ᠂ ᠡᠳᠡᠭᠡᠷ ᠡᠮ᠎ᠤᠨ ᠵᠦᠢᠯ ᠪᠠ ᠬᠤᠷᠣᠭ᠍ᠳᠠᠯ ᠮᠠᠲ᠋ᠧᠷᠢᠶᠠᠯ᠎ᠨᠢ ᠴᠥᠮ ᠢᠷᠡᠯᠲᠡ᠎ᠨᠢ ᠲᠣᠳᠣᠷᠬᠠᠶ ᠥᠬᠡᠶ ᠡᠮ᠎ᠤᠨ ᠵᠦᠢᠯ ᠪᠠ ᠬᠤᠷᠣᠭ᠍ᠳᠠᠯ ᠮᠠᠲ᠋ᠧᠷᠢᠶᠠᠯ᠎ᠳᠤ ᠬᠠᠷᠢᠶᠠᠯᠠᠭ᠍ᠳᠠᠨ᠎ᠠ᠃
ᠰᠤᠷᠪᠤᠯᠵᠢᠯᠠᠭ᠍ᠴᠢ᠎ᠶ᠋ᠢᠨ ᠣᠢᠯᠠᠭᠠᠭ᠍ᠰᠠᠨ᠎ᠢᠶᠠᠷ᠂ ᠥᠪᠥᠷ ᠮᠣᠩᠭᠤᠯ᠎ᠤᠨ ᠬᠥᠯᠥᠨ ᠪᠤᠢᠷ᠎ᠤᠨ ᠪᠸᠢ ᠭᠦᠸ ᠰᠣᠩᠭᠤᠳᠠᠭ ᠨᠡᠢᠭᠡᠮ ᠲᠣᠭᠤᠷᠢᠭ᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ᠎ᠨᠢ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠦ᠎ᠶ᠋ᠢ ᠮᠡᠬᠡᠯᠡᠨ ᠠᠪᠬᠤ᠂ ᠣᠨᠣᠱᠢᠯᠠᠨ ᠡᠮᠨᠡᠬᠦ᠌ ᠲᠥᠷᠥᠯ ᠵᠦᠢᠯ᠎ᠢ ᠰᠣᠯᠢᠬᠤ᠂ ᠡᠮ᠎ᠤᠨ ᠵᠦᠢᠯ᠎ᠢ ᠰᠣᠯᠢᠬᠤ᠂ ᠳᠠᠭᠠᠳᠭᠠᠯ᠎ᠳᠤ ᠣᠷᠣᠯᠴᠠᠭ᠍ᠰᠠᠳ᠎ᠤᠨ ᠡᠮᠴᠢᠯᠡᠭᠡᠨ᠎ᠦ ᠳᠠᠭᠠᠳᠭᠠᠯ᠎ᠤᠨ ᠺᠠᠷᠲ᠎ᠢ ᠦᠯᠡᠳᠡᠭᠡᠨ ᠬᠠᠳᠠᠭᠠᠯᠠᠬᠤ᠂ ᠪᠣᠷᠣᠯᠠᠭᠤᠯᠭ᠎ᠠ᠎ᠶ᠋ᠢᠨ ᠢᠷᠡᠯᠲᠡ᠎ᠨᠢ ᠲᠣᠳᠣᠷᠬᠠᠶ ᠥᠬᠡᠶ ᠡᠮ᠎ᠤᠨ ᠵᠦᠢᠯ᠂ ᠬᠢᠷᠢ ᠬᠡᠮ ᠥᠬᠡᠶ᠎ᠪᠠᠷ ᠪᠠᠢᠴᠠᠭᠠᠨ ᠱᠢᠯᠭᠠᠬᠤ ᠵᠡᠷᠭᠡ ᠦᠶ᠋ᠯᠡ ᠠᠵᠢᠯᠯᠠᠭ᠎ᠠ ᠣᠷᠣᠱᠢᠵᠤ ᠪᠠᠢᠨ᠎ᠠ᠃

ᠡᠨᠡ ᠬᠦ᠌ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠦ ᠥᠷᠲᠡᠭᠡ᠎ᠶ᠋ᠢᠨ ᠥᠭᠡᠷ᠎ᠡ ᠨᠢᠭᠡᠨ ᠥᠷᠥᠭᠡᠨ᠎ᠳᠦ ᠪᠠᠰᠠ ᠨᠡᠩ ᠶᠡᠬᠡ ᠨᠢᠭᠤᠴᠠ ᠨᠢᠭᠤᠭ᠍ᠳᠠᠵᠤ ᠪᠤᠢ᠃ ᠬᠣᠭᠣᠰᠣᠨ ᠡᠮᠴᠢᠯᠡᠭᠡᠨ᠎ᠦ ᠳᠠᠭᠠᠳᠭᠠᠯ᠎ᠤᠨ ᠺᠠᠷᠲ᠂ ᠳᠠᠭᠠᠳᠭᠠᠯ᠎ᠢ ᠲᠤᠬᠤᠵᠤ ᠠᠪᠬᠤ ᠪᠠ ᠳᠠᠭᠠᠳᠭᠠᠯ᠎ᠢ ᠮᠡᠬᠡᠯᠡᠨ ᠠᠪᠬᠤ ᠬᠥᠮᠦᠰ ᠵᠣᠭᠤᠰ᠎ᠤᠨ ᠲᠤᠭ᠎ᠠ᠎ᠪᠠᠨ ᠭᠠᠷᠭᠠᠵᠤ ᠠᠪᠤᠭ᠍ᠰᠠᠨ᠎ᠤ ᠳᠠᠷᠠᠭ᠎ᠠ᠂ ᠡᠨᠡ ᠬᠦ᠌ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ᠎ᠠᠴᠠ ᠠᠮᠤ ᠪᠤᠳᠠᠭ᠎ᠠ ᠲᠣᠰᠣ᠂ ᠡᠳᠦᠷ ᠲᠤᠲᠤᠮ᠎ᠤᠨ ᠬᠡᠷᠡᠭ᠌ᠯᠡᠭᠡᠨ᠎ᠤ ᠪᠦᠷᠢᠨ ᠪᠠᠷᠠᠭ᠎ᠠ ᠵᠡᠷᠭᠡ ᠡᠳ᠋ ᠪᠣᠳᠠᠰ᠎ᠢ ᠰᠣᠯᠢᠵᠤ ᠬᠤᠳᠠᠯᠳᠤᠨ ᠠᠪᠴᠤ᠌᠂ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠥᠷᠲᠡᠭᠡ᠎ᠨᠢ ᠪᠠᠰᠠ ᠬᠤᠶᠠᠳᠠᠬᠢ ᠤᠳᠠᠭ᠎ᠠ ᠠᠱᠢᠭ ᠣᠯᠵᠠᠪᠤᠷᠢ ᠣᠯᠬᠤ᠎ᠶᠢ ᠪᠡᠶᠡᠯᠡᠭᠦᠯᠵᠡᠢ᠃
ᠠᠬᠤᠢ ᠲᠠᠯᠠᠪᠠᠢ᠎ᠳᠤ ᠰᠤᠷᠪᠤᠯᠵᠢᠯᠠᠭ᠍ᠴᠢ᠎ᠶ᠋ᠢᠨ ᠣᠯᠵᠤ ᠦᠵᠡᠭ᠌ᠰᠡᠨ᠎ᠢᠶᠠᠷ᠂ ᠡᠨᠡ ᠬᠦ᠌ ᠴᠡᠭ ᠲᠣᠭᠲᠠᠭ᠋ᠠᠭᠰᠠᠨ ᠡᠮᠴᠢᠯᠡᠭᠡᠨ᠎ᠤ ᠪᠠᠢᠭᠤᠯᠤᠮᠵᠢ᠎ᠨᠢ ᠬᠤᠳᠠᠯ ᠬᠠᠭᠤᠷᠮᠠᠭ᠎ᠢᠶᠠᠷ ᠣᠨᠣᠱᠢᠯᠠᠨ ᠡᠮᠨᠡᠬᠦ᠂ ᠬᠤᠭᠤᠰᠣᠨ ᠡᠮᠴᠢᠯᠡᠭᠡᠨ᠎ᠦ ᠳᠠᠭᠠᠳᠭᠠᠯ᠎ᠤᠨ ᠺᠠᠷᠲ᠎ᠢᠶᠠᠷ ᠬᠥᠮᠦᠰ᠎ᠲᠤ 500 ᠭᠠᠷᠤᠶ ᠬᠤᠪᠢ ᠳ᠋ᠠᠢ᠌ᠲ᠋ᠠ᠎ᠶ᠋ᠢᠨ ᠲᠠᠩᠰᠠ ᠡᠪᠬᠡᠮᠡᠯ ᠪᠠ ᠬᠤᠪᠢ ᠬᠥᠮᠦᠨ᠎ᠤ ᠣᠷᠣᠯᠭ᠎ᠠ ᠵᠠᠷᠤᠯᠭ᠎ᠠ᠎ᠶ᠋ᠢᠨ ᠡᠬᠡ ᠲᠠᠩᠰᠠ ᠪᠠᠢᠭᠤᠯᠵᠤ᠂ ᠳᠤᠮᠳᠠ᠎ᠠᠴᠠ᠎ᠨᠢ ᠠᠱᠢᠭ ᠲᠤᠰᠠ᠎ᠶ᠋ᠢ ᠲᠠᠲᠠᠵᠤ ᠥᠭ᠌ᠭᠦᠭ᠌ᠰᠡᠨ ᠪᠥᠭᠡᠳ ᠪᠠᠰᠠ ᠡᠯᠧᠺᠲᠷᠣᠨᠴᠢᠯᠠᠭ᠍ᠰᠠᠨ᠂ ᠨᠠᠷᠢᠯᠢᠬ᠍ᠵᠢᠭᠤᠯᠤᠭ᠍ᠰᠠᠨ ᠬᠠᠮᠢᠶᠠᠷᠤᠯᠲᠠ᠎ᠶ᠋ᠢ ᠪᠡᠶᠡᠯᠡᠭᠦᠯᠦᠭ᠌ᠰᠡᠨ ᠪᠠᠢᠨ᠎ᠠ᠃
2025 ᠣᠨ᠎ᠤ 6 ᠳ᠋ᠤᠭ᠋ᠠᠷ ᠰᠠᠷ᠎ᠠ ᠪᠣᠯᠲᠠᠯ᠎ᠠ᠂ ᠪᠥᠬᠦ᠌ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠴᠡᠭ ᠲᠣᠭᠲᠠᠭ᠋ᠠᠭᠰᠠᠨ ᠡᠮᠴᠢᠯᠡᠭᠡᠨ᠎ᠦ ᠪᠠᠢᠭᠤᠯᠤᠮᠵᠢ 110 ᠲᠦᠮᠡ᠎ᠳᠤ ᠬᠥᠷᠪᠡ᠃ ᠡᠯ᠎ᠡ ᠭᠠᠵᠠᠷ᠎ᠤᠨ ᠴᠡᠭ ᠲᠣᠭᠲᠠᠭ᠋ᠠᠭᠰᠠᠨ ᠡᠮᠴᠢᠯᠡᠭᠡᠨ᠎ᠦ ᠪᠠᠢᠭᠤᠯᠤᠮᠵᠢ᠎ᠶ᠋ᠢ ᠨᠡᠢᠳᠡᠮ ᠳᠡᠯᠭᠡᠷᠡᠭᠦᠯᠵᠦ᠍ ᠣᠯᠠᠨ᠎ᠤ ᠡᠪᠡᠳᠴᠢᠨ ᠦᠵᠡᠭᠦᠯᠵᠦ᠍ ᠡᠮᠨᠡᠭᠦᠯᠬᠦ᠌᠎ᠳᠤ ᠳᠥᠭᠦᠮ ᠦᠵᠡᠭᠦᠯᠬᠦ᠌᠎ᠶ᠋ᠢᠨ ᠬᠠᠮᠲᠤ ᠪᠠᠰᠠ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠦ᠎ᠶ᠋ᠢᠨ ᠠᠮᠤᠷ ᠲᠦᠪᠱᠢᠨ᠎ᠤ ᠬᠢᠨᠠᠯᠲᠠ ᠬᠠᠮᠢᠶᠠᠷᠤᠯᠲᠠ᠎ᠳᠤ ᠱᠢᠨ᠎ᠡ ᠥᠷᠢᠰᠥᠯᠳᠦᠭᠡᠨ ᠳᠤᠷᠠᠳᠴᠠᠶ᠃ ᠰᠤᠷᠪᠤᠯᠵᠢᠯᠠᠭᠴᠢ ᠡᠮᠬᠢᠳᠬᠡᠭᠰᠡᠨ᠎ᠢᠶᠡᠷ᠂ 2024 ᠣᠨ᠎ᠳᠤ ᠪᠥᠬᠦ᠌ ᠤᠯᠤᠰ᠎ᠤᠨ ᠱᠢᠭᠦᠬᠦ᠌ ᠬᠤᠷᠢᠶ᠎ᠠ ᠡᠮᠴᠢᠯᠡᠭᠡᠨ᠎ᠤ ᠳᠠᠭᠠᠳᠭᠠᠯ᠎ᠤᠨ ᠶᠠᠯᠠᠲᠤ ᠬᠡᠷᠡᠭ᠎ᠢ 1156 ᠬᠤᠪᠢ ᠱᠢᠭᠦᠨ ᠳᠠᠭᠤᠰᠭᠠᠵᠤ᠂ 2299 ᠶᠠᠯᠠᠲᠠᠨ᠎ᠢ ᠰᠢᠢ᠍ᠳᠬᠡᠵᠦ᠂ ᠠᠳᠠᠯᠢ ᠬᠤᠭᠤᠴᠠᠭᠠᠨ᠎ᠤ᠎ᠬᠢ᠎ᠠᠴᠠ 1.3 ᠳᠠᠬᠢᠨ ᠨᠡᠮᠡᠭ᠌ᠳᠡᠵᠡᠶ᠃
ᠵᠠᠩ ᠴᠢᠩ᠄ 《 ᠨᠢᠭᠡ ᠲᠠᠯ᠎ᠠ᠎ᠪᠠᠷ᠂ ᠪᠢᠳᠡ ᠳᠦᠷᠢᠮ᠎ᠤᠨ ᠵᠢᠷᠤᠭ ᠲᠥᠯᠥᠪᠯᠡᠭᠡ᠎ᠪᠠᠷ ᠳᠠᠮᠵᠢᠭᠤᠯᠤᠨ ᠬᠠᠤᠯᠢ᠎ᠠᠴᠠ ᠵᠥᠷᠢᠴᠡᠭ᠌ᠰᠡᠨ ᠦᠢᠯᠡ ᠠᠵᠢᠯᠯᠠᠭ᠎ᠠ᠎ᠶ᠋ᠢ ᠣᠯᠵᠤ ᠮᠡᠳᠡᠭ᠌ᠰᠡᠨ ᠲᠣᠬᠢᠶᠠᠯᠳᠤᠮᠵᠢ ᠨᠣᠷᠮ᠎ᠠ᠎ᠶ᠋ᠢ ᠨᠡᠮᠡᠪᠡ᠂ ᠵᠢᠱ᠌ᠢᠶᠡᠯᠡᠪᠡᠯ ᠪᠠᠢᠴᠠᠭᠠᠯᠲᠠ᠎ᠶ᠋ᠢᠨ ᠵᠠᠩᠭᠢᠯᠠᠭ᠎ᠠ᠎ᠶ᠋ᠢᠨ ᠴᠡᠭ᠎ᠢ ᠨᠡᠮᠡᠭ᠌ᠳᠡᠭᠦᠯᠵᠦ᠍᠂ ᠬᠢᠲᠠᠳ ᠡᠮ ᠡᠮᠨᠡᠯᠭᠡ᠎ᠶ᠋ᠢᠨ ᠦᠢᠯᠡᠴᠢᠯᠡᠭᠡᠨ᠎ᠤ ᠳᠣᠲᠣᠷᠠᠬᠢ ᠵᠠᠷᠢᠮ ᠹᠢᠽᠢᠺ ᠵᠠᠰᠠᠯ᠎ᠤᠨ ᠲᠥᠷᠥᠯ ᠵᠦᠢᠯ ᠣᠷᠣ ᠮᠥᠷ ᠦᠯᠡᠳᠡᠭᠡᠵᠦ᠍᠂ ᠬᠠᠤᠯᠢ᠎ᠶ᠋ᠢ ᠵᠥᠷᠢᠴᠡᠭ᠌ᠰᠡᠨ ᠳᠠᠯᠳᠠ ᠦᠢᠯᠡ ᠠᠵᠢᠯᠯᠠᠭ᠎ᠠ᠎ᠶ᠋ᠢ ᠢᠯᠡᠷᠡᠭᠦᠯᠬᠦ᠌ ᠨᠣᠷᠮ᠎ᠠ᠎ᠶ᠋ᠢ ᠳᠡᠭᠡᠭ᠌ᠰᠢᠯᠡᠭᠦᠯᠪᠡ; ᠬᠤᠶᠠᠳᠤᠭᠠᠷ ᠲᠠᠯ᠎ᠠ᠎ᠪᠠᠷ᠂ ᠱᠢᠢᠳᠭᠡᠬᠦ᠌ ᠡᠷᠴᠢᠮ᠎ᠢᠶᠠᠨ ᠴᠢᠩᠭᠠᠷᠠᠭᠤᠯᠵᠤ᠂ ᠪᠣᠳᠠᠲᠠᠶ ᠡᠮ ᠬᠤᠳᠠᠯᠳᠤᠭᠰᠠᠨ ᠡᠮᠴᠢ᠎ᠪᠠᠷ ᠪᠠᠰᠠ ᠵᠣᠬᠢᠴᠠᠩᠭᠤᠶ ᠬᠠᠷᠢᠭᠤᠴᠠᠯᠭ᠎ᠠ ᠡᠭᠦᠷᠭᠡᠯᠡᠭᠦᠯᠦᠨ᠎ᠡ; ᠭᠤᠷᠪᠠᠳᠤᠭᠠᠷ ᠲᠠᠯ᠎ᠠ᠎ᠨᠢ ᠳᠠᠷᠤᠶ ( ᠡᠮᠴᠢᠯᠡᠭᠡᠨ᠎ᠤ ᠪᠠᠲᠤᠯᠠᠭ᠎ᠠ᠎ᠶᠢᠨ ᠴᠡᠭ ᠲᠣᠭᠲᠠᠭ᠋ᠠᠭᠰᠠᠨ ᠡᠮᠴᠢᠯᠡᠭᠡᠨ᠎ᠦ ᠪᠠᠢᠭᠤᠯᠤᠮᠵᠢ )᠎ᠠᠴᠠ ᠤᠬᠤᠷᠢᠨ ᠭᠠᠷᠬᠤ ᠲᠣᠭ᠍ᠲᠠᠴᠠ᠎ᠶ᠋ᠢ ᠪᠠᠢᠭᠤᠯᠤᠨ᠎ᠠ 》᠃

ᠨᠡᠢᠰᠯᠡᠯ᠎ᠤᠨ ᠠᠨᠠᠭᠠᠬᠤ ᠤᠬᠠᠭᠠᠨ᠎ᠤ ᠶᠡᠭᠡ ᠰᠤᠷᠭᠠᠭᠤᠯᠢ᠎ᠶ᠋ᠢᠨ ᠤᠯᠤᠰ᠎ᠤᠨ ᠡᠮᠴᠢᠯᠡᠭᠡᠨ᠎ᠤ ᠪᠠᠲᠤᠯᠠᠭ᠎ᠠ᠎ᠶ᠋ᠢᠨ ᠰᠤᠳᠤᠯᠭᠠᠨ᠎ᠤ ᠬᠦᠷᠢᠶᠡᠯᠡᠩ᠎ᠤᠨ ᠬᠡᠷᠡᠭ᠌ᠵᠢᠭᠦᠯᠬᠦ᠌ ᠳᠠᠷᠤᠭ᠎ᠠ ᠶᠢᠩ ᠶᠠ ᠵᠸᠨ᠄ 《 ᠳᠣᠲᠣᠭᠠᠳᠤ᠎ᠶ᠋ᠢᠨ ᠣᠷᠴᠢᠯ᠎ᠢ ᠪᠦᠷᠢᠯᠳᠦᠭᠦᠯᠦᠭ᠌ᠰᠡᠨ ᠠᠱᠢᠭ ᠲᠤᠰᠠ᠎ᠶ᠋ᠢᠨ ᠬᠡᠯᠬᠢᠶᠡᠨ᠎ᠤ ᠲᠡᠳᠡᠭᠡᠷ ᠪᠠᠢᠭᠤᠯᠤᠮᠵᠢ᠎ᠶ᠋ᠢ ᠭᠤᠤᠯᠳᠠᠯᠭ᠎ᠠ᠎ᠲᠠᠢ ᠠᠵᠢᠭ᠍ᠯᠠᠵᠤ᠂ ᠬᠢᠨᠠᠨ ᠡᠵᠡᠮᠳᠡᠵᠦ᠍᠂ ᠬᠢᠨᠠᠨ ᠬᠠᠮᠢᠶᠠᠷᠬᠤ ᠬᠡᠷᠡᠭ᠌ᠲᠡᠶ᠂ ᠵᠢᠱ᠌ᠢᠶᠡᠯᠡᠪᠡᠯ ᠥᠪᠡᠷ᠎ᠤᠨ ᠬᠠᠩᠭᠠᠯᠭ᠎ᠠ᠎ᠶ᠋ᠢᠨ ᠬᠡᠯᠬᠢᠶ᠎ᠡ᠎ᠲᠠᠢ ᠮᠥᠷᠲᠡᠭᠡᠨ ᠦᠢᠯᠡᠴᠢᠯᠡᠭᠡᠨ᠎ᠤ ᠲᠣᠤᠷ ᠴᠡᠭ᠎ᠲᠠᠢ᠂ ᠪᠦᠬᠦ᠋ᠢᠯᠡ ᠠᠱᠢᠭ ᠲᠤᠰᠠ᠎ᠶ᠋ᠢᠨ ᠬᠡᠯᠬᠢᠶ᠎ᠡ᠎ᠨᠢ ᠬᠤᠯᠪᠣᠯᠳᠤᠵᠤ ᠪᠣᠯᠤᠨ᠎ᠠ᠂ ᠡᠢᠮᠦ᠍ ᠵᠦᠢᠯ᠎ᠢ ᠭᠤᠤᠯᠳᠠᠯᠭ᠎ᠠ᠎ᠲᠠᠢ ᠬᠢᠨᠠᠨ ᠬᠠᠮᠢᠶᠠᠷᠤᠨ᠎ᠠ; ᠬᠤᠶᠠᠳᠤᠭᠠᠷ᠎ᠨᠢ ᠬᠢᠨᠠᠨ ᠬᠠᠮᠢᠶᠠᠷᠬᠤ ᠪᠦᠲᠦᠴᠡ᠂ ᠢᠲᠡᠭᠡᠮᠵᠢ᠎ᠶ᠋ᠢᠨ ᠦᠨᠡᠯᠡᠯᠲᠡ ᠬᠢᠭ᠌ᠰᠡᠨ ᠦᠷ᠎ᠡ ᠳ᠋ᠦᠩ᠎ᠢᠶᠠᠷ ᠳᠠᠮᠵᠢᠭᠤᠯᠤᠨ ( ᠡᠮᠴᠢᠯᠡᠭᠡᠨ᠎ᠤ ᠪᠠᠲᠤᠯᠠᠭ᠎ᠠ᠎ᠶᠢᠨ ᠴᠡᠭ ᠲᠣᠭᠲᠠᠭ᠋ᠠᠭᠰᠠᠨ ᠡᠮᠴᠢᠯᠡᠭᠡᠨ᠎ᠦ ᠪᠠᠢᠭᠤᠯᠤᠮᠵᠢ ) ᠲᠡᠳᠡᠭᠡᠷ᠎ᠢ ᠲᠥᠷᠥᠯ ᠬᠤᠪᠢᠶᠠᠨ ᠱᠠᠲᠤ ᠬᠤᠪᠢᠶᠠᠨ ᠬᠠᠮᠢᠶᠠᠷᠴᠤ᠌᠂ ᠬᠢᠨᠠᠨ ᠬᠠᠮᠢᠶᠠᠷᠬᠤ ᠦᠷ᠎ᠡ ᠪᠦᠲᠦᠮᠵᠢ᠂ ᠬᠦᠴᠦᠨ ᠴᠢᠳᠠᠪᠤᠷᠢ᠎ᠶ᠋ᠢ ᠳᠡᠭᠡᠭ᠌ᠰᠢᠯᠡᠭᠦᠯᠦᠨ᠎ᠡ 》᠃
ᠤᠲᠤᠬᠠᠨ᠎ᠳᠤ᠂ ᠮᠡᠲᠡᠬᠡᠯᠡᠯ᠎ᠤᠨ ᠲᠤᠮᠲᠠᠭᠢ ᠬᠡᠷᠡᠭ᠎ᠲᠤ ᠬᠤᠯᠪᠤᠭ᠍ᠲᠠᠭ᠍ᠰᠠᠨ ᠴᠡᠭ ᠲᠣᠭᠲᠠᠭ᠋ᠠᠭᠰᠠᠨ ᠡᠮᠴᠢᠯᠡᠭᠡᠨ᠎ᠦ ᠪᠠᠢᠭᠤᠯᠤᠮᠵᠢ ᠨᠢ ᠨᠢᠬᠡᠨᠲᠡ ᠡᠮᠴᠢᠯᠡᠭᠡᠨ᠎ᠤ ᠲᠠᠭᠠᠳᠭᠠᠯ᠎ᠤᠨ ᠵᠦᠪᠯᠡᠯᠴᠡᠭᠡᠷ᠎ᠢ ᠬᠦᠴᠦᠨ ᠦᠭᠡᠢ ᠪᠤᠯᠭᠠᠵᠤ᠂ ᠴᠡᠭ ᠲᠣᠭᠲᠠᠭ᠋ᠠᠭᠰᠠᠨ ᠬᠢᠷᠢ ᠬᠡᠮ᠎ᠢ᠎ᠨᠢ ᠬᠦᠴᠦᠨ ᠦᠭᠡᠢ ᠪᠤᠯᠭᠠᠪᠠ ; ᠡᠭᠦᠨ᠎ᠤ ᠵᠡᠷᠬᠡ᠎ᠳᠤ᠂ ᠬᠡᠷᠡᠭ᠎ᠲᠤ ᠬᠤᠯᠪᠤᠭ᠍ᠲᠠᠭ᠍ᠰᠠᠨ ᠡᠮ ᠦᠢᠯᠡᠳᠬᠦ᠌ ᠺᠤᠮᠫᠠᠨᠢ᠎ᠶᠢ ᠪᠠᠰᠠ ᠠᠵᠢᠯ ᠵᠣᠭᠰᠣᠭ᠋ᠠᠨ ᠴᠡᠭ᠌ᠴᠡᠯᠡᠯᠲᠡ ᠬᠢᠯᠭᠡᠵᠦ᠂ ᠬᠤᠯᠪᠤᠭ᠍ᠲᠠᠯ ᠪᠦᠭᠦᠢ ᠬᠦᠮᠦᠰ᠎ᠲᠤ ᠬᠠᠤᠯᠢ ᠶᠤᠰᠤᠭᠠᠷ ᠡᠷᠡᠭᠦᠦ᠍᠎ᠶ᠋ᠢᠨ ᠬᠡᠷᠡᠭ᠎ᠤᠨ ᠠᠯᠪᠠᠲᠠᠯᠭ᠎ᠠ᠎ᠶ᠋ᠢᠨ ᠠᠷᠭ᠎ᠠ ᠬᠡᠮᠵᠢᠶ᠎ᠠ ᠠᠪᠤᠭ᠍ᠰᠠᠨ ᠪᠠᠢᠨ᠎ᠠ᠃ ᠡᠮᠴᠢᠯᠡᠭᠡᠨ᠎ᠦ ᠪᠠᠲᠤᠯᠠᠭ᠎ᠠ᠎ᠶᠢᠨ ᠰᠠᠭᠤᠷᠢ ᠮᠥᠩᠭᠥ᠌ ᠨᠢ ᠠᠷᠠᠳ᠎ᠤ᠋ᠨ ᠠᠮᠢᠳᠤᠷᠠᠯ᠎ᠤ᠋ᠨ ᠪᠤᠶᠠᠨ ᠵᠢᠷᠭᠠᠯ ᠪᠠ ᠡᠮᠴᠢᠯᠡᠭᠡᠨ᠎ᠦ ᠳᠠᠭᠠᠳᠭᠠᠯ᠎ᠤ᠋ᠨ ᠳᠦᠷᠢᠮ᠎ᠦ᠋ᠨ ᠦᠷᠭᠦᠯᠵᠢᠯᠡᠬᠦᠢ ᠬᠥᠭ᠌ᠵᠢᠯᠲᠡᠲᠡᠢ ᠬᠣᠯᠪᠣᠭ᠍ᠳᠠᠨ᠎ᠠ᠃ ᠵᠢᠵᠢᠭ ᠡᠮᠴᠢᠯᠡᠭᠡᠨ᠎ᠤ ᠭᠠᠵᠠᠷ᠎ᠤᠨ ᠲᠣᠮᠣ ᠵᠠᠯᠢ ᠮᠡᠬᠡ᠎ᠶᠢ ᠠᠷᠢᠯᠭᠠᠵᠤ᠂ ᠨᠠᠩ ᠴᠢᠩᠭ᠎ᠠ ᠡᠮᠴᠢᠯᠡᠭᠡᠨ᠎ᠤ ᠳᠠᠭᠠᠳᠭᠠᠯ᠎ᠤᠨ ᠳ᠋ᠦᠩᠨᠡᠨ ᠪᠤᠳᠤᠵᠤ ᠬᠢᠨᠠᠨ ᠬᠠᠷᠭᠤᠭᠤᠯᠬᠤ ᠲᠣᠭ᠍ᠲᠠᠴᠠ᠎ᠶ᠋ᠢ ᠪᠠᠢᠭᠤᠯᠵᠤ᠂ ᠣᠯᠠᠨ ᠰᠠᠯᠠᠭ᠎ᠠ ᠮᠥᠴᠢᠷ᠎ᠤᠨ ᠬᠠᠮᠵᠢᠯᠴᠠᠭ᠎ᠠ᠎ᠶ᠋ᠢ ᠭᠦᠨᠵᠡᠭᠡᠢᠷᠡᠭᠦᠯᠬᠦ᠌ ᠬᠡᠷᠡᠭ᠌ᠲᠡᠶ᠃ ᠡᠭᠦᠨ᠎ᠤ ᠬᠠᠮᠲᠤ᠌᠂ ᠣᠯᠠᠨ ᠲᠦᠮᠡᠨ ᠴᠤ᠌ ᠡᠮᠴᠢᠯᠡᠭᠡᠨ᠎ᠤ ᠪᠠᠲᠤᠯᠠᠭ᠎ᠠ᠎ᠶᠢᠨ ᠰᠠᠭᠤᠷᠢ ᠮᠥᠩᠭᠦ᠎ᠶ᠋ᠢᠨ ᠣᠯᠠᠨ ᠨᠡᠢᠲᠡ᠎ᠶ᠋ᠢᠨ ᠱᠢᠨᠵᠢ ᠴᠢᠨᠠᠷ᠎ᠤᠨ ᠲᠤᠬᠠᠶ ᠲᠠᠨᠢᠯᠲᠠ᠎ᠪᠠᠨ ᠳᠡᠭᠡᠭ᠌ᠰᠢᠯᠡᠭᠦᠯᠵᠦ᠍᠂ ᠢᠯᠡᠴᠢᠯᠡᠨ ᠮᠡᠳᠡᠭᠦᠯᠬᠦ᠌ ᠠᠷᠭ᠎ᠠ ᠵᠠᠮ᠎ᠢᠶᠠᠨ ᠰᠠᠭᠠᠳ ᠥᠬᠡᠶ ᠨᠡᠪᠲᠡᠷᠡᠭᠦᠯᠵᠦ᠍᠂ ᠬᠢᠨᠠᠯᠲᠠ ᠲᠠᠯᠪᠢᠬᠤ ᠨᠡᠢᠯᠡᠮᠡᠯ ᠬᠦᠴᠦᠨ᠎ᠢ ᠪᠦᠷᠢᠯᠳᠦᠭᠦᠯᠬᠦ᠌ ᠬᠡᠷᠡᠭ᠌ᠲᠡᠶ᠃