ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠦᠨᠦᠳᠣᠷ᠎ᠤᠨ ᠰᠣᠨᠢᠨ ᠮᠡᠳᠡᠭᠡ
ᠲᠡᠮᠦᠷ᠎ᠢ ᠠᠳᠭᠤᠪᠠᠯ ᠣᠷᠣᠮ᠎ᠲᠠᠢ᠂ ᠴᠢᠯᠠᠭᠤᠨ ᠳᠡᠭᠡᠷ᠎ᠡ ᠭᠢᠰᠭᠢᠪᠡᠯ ᠮᠥᠷ᠎ᠲᠠᠢ  ᠳᠤᠮᠳᠠᠳᠤ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶᠢᠨ ᠠᠷᠠᠳ᠎ᠲᠤ ᠠᠱᠢᠭ ᠬᠦᠷᠲᠡᠭᠡᠵᠦ ᠬᠠᠭᠠᠰ ᠠᠯᠬᠤᠮ᠎ᠢ ᠬᠤᠷᠠᠮᠳᠤᠭᠤᠯᠵᠤ᠂ ᠠᠯᠤᠰ ᠢᠷᠡᠭᠡᠳᠦᠢ᠎ᠳᠤ ᠬᠦᠷᠬᠦ ( ᠬᠣᠶᠠᠷ )᠄ ᠡᠮᠴᠢᠯᠡᠭᠡᠨ᠎ᠦ ᠪᠠᠲᠤᠯᠠᠭ᠎ᠠ᠎ᠶᠢᠨ ᠡᠮ᠎ᠦᠨ ᠵᠦᠢ᠍ᠯ᠎ᠦᠨ ᠭᠠᠷᠴᠠᠭ᠎ᠢ ᠥᠷᠭᠡᠳᠬᠡᠪᠡ
ᠨᠡᠶ᠋ᠢᠲᠡᠯᠡᠭᠰᠡᠨ ᠴᠠᠭ᠄ 2025-12-26

  ᠶᠠᠮᠠᠷ ᠡᠮ᠎ᠢ᠋ ᠳᠠᠩᠰᠠᠨ᠎ᠠ᠋ᠴᠠ ᠲᠠᠢ᠌ᠯᠵᠤ ᠪᠣᠯᠬᠤ᠂ ᠠᠷᠠᠳ ᠣᠯᠠᠨ᠎ᠤ᠋ ᠲᠥᠷᠥᠭ᠌ᠳᠡᠯ ᠬᠠᠮᠤᠭ᠎ᠤ᠋ᠨ ᠰᠢᠭᠣᠳ ᠪᠠᠢ᠌ᠬᠤ ᠪᠤᠢ᠃ 2643᠂ 2800᠂ 2860᠂ 2967᠂ 3088᠂ 3159᠂ 3253 ᠪᠣᠯ ᠡᠮᠴᠢᠯᠡᠭᠡᠨ᠎ᠦ ᠪᠠᠲᠤᠯᠠᠭ᠎ᠠ᠎ᠶ᠋ᠢᠨ᠎ᠤᠨ ᠡᠮ᠎ᠤᠨ ᠵᠦᠢᠯ᠎ᠤᠨ ᠭᠠᠷᠴᠠᠭ᠎ᠤᠨ ᠲᠥᠷᠥᠯ ᠵᠦᠢᠯ᠎ᠤᠨ ᠲᠤᠭ᠎ᠠ ᠬᠡᠮᠵᠢᠶ᠎ᠡ᠎ᠶ᠋ᠢᠨ ᠬᠤᠪᠢᠷᠠᠯᠲᠠ ᠪᠣᠯᠣᠨ᠎ᠠ᠂ ᠡᠨᠡ ᠬᠡᠯᠬᠢᠶᠡᠰᠦ ᠲᠣᠭ᠋ᠠᠨ᠎ᠤ ᠠᠷᠤ᠎ᠳᠤ ᠪᠣᠯ ᠠᠷᠠᠳ ᠲᠦᠮᠡᠨ᠎ᠤ ᠰᠠᠢᠨ ᠰᠠᠢᠬᠠᠨ ᠠᠮᠢᠳᠤᠷᠠᠯ᠎ᠤᠨ ᠬᠦᠰᠡᠯ ᠡᠷᠡᠮᠡᠯᠵᠡᠯ᠎ᠢ ᠬᠠᠩᠭᠠᠬᠤ ᠰᠠᠨᠠᠭ᠋ᠠᠴᠢᠯᠠᠭ᠋ᠠᠲᠤ ᠬᠠᠷᠢᠭᠤᠴᠠᠯᠭ᠎ᠠ ᠮᠥᠨ᠂ ᠡᠮ ᠡᠮᠨᠡᠯᠭᠡ᠎ᠶ᠋ᠢᠨ ᠱᠢᠨ᠎ᠡ᠎ᠶ᠋ᠢ ᠡᠭᠦᠳᠦᠭ᠌ᠰᠡᠨ ᠦᠷ᠎ᠡ ᠪᠦᠲᠦᠭᠡᠯ᠎ᠢ ᠨᠠᠢᠳᠠᠪᠤᠷᠢᠵᠢᠭᠤᠯᠤᠨ ᠠᠷᠠᠳ᠎ᠲᠤ ᠠᠱᠢᠭ ᠬᠦᠷᠲᠡᠭᠡᠬᠦ᠌ ᠰᠠᠨᠠᠭ᠋ᠠᠴᠢᠯᠠᠭ᠋ᠠᠲᠤ ᠦᠢ᠍ᠯᠡ ᠠᠵᠢᠯᠯᠠᠭ᠎ᠠ ᠮᠥᠨ᠂ ᠡᠮᠴᠢᠯᠡᠭᠡᠨ᠎ᠦ ᠪᠠᠲᠤᠯᠠᠭ᠎ᠠ᠎ᠶ᠋ᠢᠨ ᠲᠦᠷᠢᠮ᠎ᠤᠨ ᠲᠣᠭᠲᠠᠯᠴᠠᠭ᠎ᠠ᠎ᠶᠢᠨ ᠨᠠᠩ ᠪᠠᠲᠤ ᠪᠠᠬᠢ ᠠᠮᠢᠳᠤᠯᠢᠭ ᠦᠢᠯᠡᠳᠦᠯᠭᠡ ᠮᠥᠨ᠃

  ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ᠎ᠤᠨ ᠲᠣᠪᠴᠢᠶ᠎ᠠ ᠪᠠᠢᠭᠤᠯᠤᠭ᠍ᠳᠠᠭ᠍ᠰᠠᠨ᠎ᠠᠴᠠ ᠨᠠᠭ᠋ᠠᠰᠢ᠂ 《 ᠦᠨᠳᠦᠰᠦᠨ ᠵᠦᠢᠯ᠎ᠢ ᠪᠠᠲᠤᠯᠠᠬᠤ 》᠎ᠶᠢ ᠪᠠᠷᠢᠮᠲᠠᠯᠠᠬᠤ ᠰᠠᠭᠤᠷᠢᠨ ᠳᠡᠭᠡᠷ᠎ᠡ᠂ ᠥᠷᠭᠡᠨ ᠣᠯᠠᠨ ᠳᠠᠭᠠᠳᠭᠠᠯ᠎ᠳᠤ ᠣᠷᠣᠯᠴᠠᠭ᠍ᠰᠠᠳ᠎ᠤᠨ ᠡᠮ ᠬᠡᠷᠡᠭ᠌ᠯᠡᠬᠦ᠌ ᠦᠨᠳᠦᠰᠦᠨ ᠬᠡᠷᠡᠭ᠌ᠴᠡᠭᠡ᠎ᠶ᠋ᠢ ᠨᠠᠩ ᠰᠠᠢᠲᠤᠷ ᠬᠠᠩᠭᠠᠵᠤ᠂ 《 ᠳᠤᠲᠠᠭᠤᠳᠠᠯ᠎ᠢᠶᠠᠨ ᠨᠥᠬᠦᠪᠥᠷᠢᠯᠡᠬᠦ᠂ ᠱᠢᠨ᠎ᠡ᠎ᠶ᠋ᠢ ᠡᠭᠦᠳᠬᠦ᠌᠎ᠶ᠋ᠢ ᠵᠣᠷᠢᠭ᠍ᠵᠢᠭᠤᠯᠬᠤ᠂ ᠪᠦᠲᠦᠴᠡ᠎ᠪᠠᠨ ᠱᠢᠯᠢᠳᠡᠭ᠌ᠵᠢᠭᠦᠯᠬᠦ᠌ 》 ᠰᠡᠳᠭᠢᠮᠵᠢ᠎ᠶ᠋ᠢ ᠨᠠᠩ ᠰᠠᠢᠲᠤᠷ ᠪᠠᠷᠢᠮᠲᠠᠯᠠᠵᠤ᠂ ᠪᠠᠢ᠌ᠭᠤᠯᠤᠯ᠎ᠤᠨ ᠳᠠᠪᠠᠭᠤᠯᠢᠭ᠂ ᠲᠥᠷᠥ᠎ᠶᠢᠨ ᠪᠣᠳᠣᠯᠭ᠎ᠠ᠎ᠶᠢᠨ ᠳᠠᠪᠠᠭᠤᠯᠢᠭ᠂ ᠵᠠᠬ᠎ᠠ ᠳᠡᠯᠭᠡᠬᠦᠷ᠎ᠦᠨ ᠳᠠᠪᠠᠭᠤᠯᠢᠭ᠎ᠢ ᠪᠠᠳᠠᠷᠠᠭᠤᠯᠵᠤ᠂ 《 ᠪᠠᠢᠯᠳᠤᠬᠤ ᠪᠣᠳᠣᠯᠭ᠎ᠠ ᠲᠠᠢ ᠎ᠪᠠᠷ ᠬᠤᠳᠠᠯᠳᠤᠨ ᠠᠪᠬᠤ 》᠂ 《 ᠦᠨ᠎ᠡ ᠥᠷᠲᠡᠭ ᠲᠠᠢ᠎ᠪᠠᠷ ᠬᠤᠳᠠᠯᠳᠤᠨ ᠠᠪᠬᠤ 》᠎ᠶ᠋ᠢ ᠯᠠᠪᠳᠠᠭᠤᠨ ᠪᠠᠲᠤᠲᠠᠶ ᠠᠬᠢᠭᠤᠯᠵᠤ᠂ 8 ᠵᠢᠯ ᠳᠠᠷᠠᠭᠠᠯᠠᠨ ᠡᠮᠴᠢᠯᠡᠭᠡᠨ᠎ᠦ ᠪᠠᠲᠤᠯᠠᠭ᠎ᠠ᠎ᠶ᠋ᠢᠨ ᠡᠮ᠎ᠤᠨ ᠵᠦᠢᠯ᠎ᠤᠨ ᠭᠠᠷᠴᠠᠭ᠎ᠲᠤ ᠲᠣᠬᠢᠷᠠᠭᠤᠯᠤᠯᠲᠠ ᠬᠢᠵᠦ᠍᠂ ᠱᠢᠨ᠎ᠡ᠎ᠶ᠋ᠢ ᠡᠭᠦᠳᠬᠦ᠌᠎ᠶ᠋ᠢ ᠵᠣᠷᠢᠭ᠍ᠵᠢᠭᠤᠯᠬᠤ ᠢᠯᠡ ᠲᠣᠳᠣ ᠤᠳᠤᠷᠢᠳᠤᠮᠵᠢ᠎ᠶ᠋ᠢ ᠪᠣᠶ ᠪᠣᠯᠭᠠᠵᠤ᠂ ᠥᠭᠡᠷᠡᠴᠢᠯᠡᠯᠲᠡ᠎ᠶ᠋ᠢᠨ ᠠᠱᠢᠭ ᠲᠤᠰᠠ᠎ᠶ᠋ᠢ ᠦᠷᠭᠦᠯᠵᠢᠯᠡᠨ ᠪᠠᠳᠠᠷᠠᠭᠤᠯᠵᠤ᠂ ᠪᠠᠲᠤᠯᠠᠭ᠎ᠠ᠎ᠶ᠋ᠢᠨ ᠴᠢᠳᠠᠪᠤᠷᠢ ᠪᠠ ᠡᠮᠴᠢᠯᠡᠭᠡᠨ᠎ᠳᠤ ᠬᠡᠷᠡᠭ᠌ᠯᠡᠬᠦ᠌ ᠡᠮ᠎ᠤᠨ ᠬᠢᠷᠢ ᠲᠦᠪᠱᠢᠨ᠎ᠢ ᠲᠣᠭ᠍ᠲᠠᠭᠤᠨ᠎ᠢᠶᠠᠷ ᠳᠡᠭᠡᠭ᠌ᠰᠢᠯᠡᠭᠦᠯᠬᠦ᠂ ᠳᠠᠭᠠᠳᠭᠠᠯ᠎ᠳᠤ ᠣᠷᠣᠯᠴᠠᠭ᠍ᠰᠠᠨ ᠡᠪᠡᠳᠴᠢᠲᠡᠨ᠎ᠤ ᠱᠢᠨ᠎ᠡ ᠡᠮ᠎ᠤᠨ ᠬᠡᠷᠡᠭ᠌ᠯᠡᠯᠲᠡ᠎ᠶ᠋ᠢ ᠨᠠᠩ ᠪᠦᠲᠦᠮᠵᠢᠲᠡᠢ ᠪᠥᠭᠡᠳ ᠳᠠᠷᠤᠭ᠋ᠠᠰᠤ᠎ᠶᠢ ᠶᠡᠬᠡ᠎ᠪᠡᠷ ᠬᠥᠩᠭᠡᠷᠡᠭᠦᠯᠵᠦ᠂ ᠡᠮ ᠡᠮᠨᠡᠯᠭᠡ᠎ᠶ᠋ᠢᠨ ᠠᠵᠤ ᠦᠢᠯᠡᠰ᠎ᠤᠨ ᠱᠢᠨ᠎ᠡ᠎ᠶ᠋ᠢ ᠡᠭᠦᠳᠬᠦ᠌᠎ᠪᠠᠷ ᠬᠥᠳᠡᠯᠭᠡᠭᠦᠷ ᠪᠣᠯᠭᠠᠵᠤ ᠴᠢᠨᠠᠷ ᠰᠠᠢᠲᠠᠶ ᠬᠥᠭ᠌ᠵᠢᠭᠦᠯᠬᠦ᠌ ᠬᠠᠷᠠᠯᠲᠠ᠎ᠶ᠋ᠢ ᠴᠢᠷᠮᠠᠢᠨ ᠪᠡᠶᠡᠯᠡᠭᠦᠯᠬᠦ᠎ᠶᠢ ᠨᠡᠩ ᠴᠢᠬᠤᠯᠠᠴᠢᠯᠠᠵᠤ᠂ ᠠᠷᠠᠳ ᠣᠯᠠᠨ᠎ᠤ ᠡᠪᠡᠳᠴᠢᠨ ᠡᠮᠭᠡᠭ᠎ᠤᠨ ᠡᠮᠴᠢᠯᠡᠭᠡᠨ᠎ᠤ ᠬᠤᠢᠱᠢᠳᠠ᠎ᠶ᠋ᠢᠨ ᠵᠣᠪᠠᠨᠢᠯ᠎ᠢ ᠰᠢᠢ᠍ᠳᠪᠦᠷᠢᠯᠡᠬᠦ᠎ᠳᠤ ᠬᠦᠴᠦᠨ ᠨᠡᠮᠡᠷᠢᠯᠡᠵᠦ᠍᠂ ᠥᠷᠭᠡᠨ ᠣᠯᠠᠨ ᠳᠠᠭᠠᠳᠭᠠᠯ᠎ᠳᠤ ᠣᠷᠣᠯᠴᠠᠭ᠍ᠰᠠᠨ ᠣᠯᠠᠨ ᠲᠦᠮᠡᠨ᠎ᠤ ᠬᠦᠷᠲᠡᠮᠵᠢ᠎ᠶ᠋ᠢᠨ ᠲᠥᠷᠥᠭ᠌ᠳᠡᠯ᠂ ᠵᠣᠯ ᠵᠢᠷᠭᠠᠯᠲᠤ ᠲᠥᠷᠥᠭ᠌ᠳᠡᠯ᠂ ᠠᠮᠤᠷ ᠲᠦᠪᠱᠢᠨ᠎ᠤ ᠲᠥᠷᠥᠭ᠌ᠳᠡᠯ᠎ᠢ ᠨᠡᠮᠡᠭ᠌ᠳᠡᠭᠦᠯᠪᠡ᠃

 

 

  2024 ᠣᠨ᠎ᠤ 11 ᠳ᠋ᠤᠭᠡᠷ ᠰᠠᠷ᠎ᠠ᠎ᠶ᠋ᠢᠨ 28 ᠎ᠤ ᠡᠳᠦᠷ᠎ᠤᠨ ᠮᠡᠳᠡᠭᠡᠯᠡᠯ᠄ 2024 ᠣᠨ᠎ᠤ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ᠎ᠤᠨ ᠡᠮ᠎ᠤᠨ ᠵᠦᠢᠯ᠎ᠤᠨ ᠭᠠᠷᠴᠠᠭ᠎ᠲᠤ ᠲᠣᠬᠢᠷᠠᠭᠤᠯᠤᠯᠲᠠ ᠬᠢᠭ᠌ᠰᠡᠨ ᠦᠷ᠎ᠡ ᠳ᠋ᠦᠩ᠎ᠢ ᠨᠡᠢᠲᠡᠯᠡᠪᠡ

  ᠱᠢᠨ᠎ᠡ᠎ᠪᠡᠷ ᠨᠡᠮᠡᠭ᠌ᠳᠡᠭ᠌ᠰᠡᠨ 91 ᠲᠥᠷᠥᠯ᠎ᠦ᠋ᠨ ᠡᠮ᠎ᠦ᠋ᠨ ᠵᠦᠢᠯ᠎ᠦ᠋ᠨ ᠭᠠᠷᠴᠠᠭ᠎ᠤ᠋ᠨ ᠳᠣᠲᠣᠷᠠᠬᠢ ᠡᠮ᠎ᠦ᠋ᠨ ᠵᠦᠢᠯ᠎ᠦ᠋ᠨ ᠪᠦᠬᠦ᠌ ᠲᠣᠭ᠎ᠠ 3159 ᠲᠥᠷᠥᠯ ᠪᠣᠯᠪᠠ

  ᠭᠠᠷᠴᠠᠭ᠎ᠤ᠋ᠨ ᠬᠡᠪᠴᠢᠶ᠎ᠡ᠎ᠶᠢ ᠥᠷᠭᠡᠳᠭᠡᠬᠦ᠌ ᠨᠢ ᠳᠥᠭᠥᠮᠬᠡᠨ ᠲᠣᠭ᠎ᠠ ᠬᠡᠮᠵᠢᠶᠠᠨ᠎ᠤ ᠨᠡᠮᠡᠭᠳᠡᠯ ᠪᠢᠰᠢ᠂ ᠬᠠᠷᠢᠨ ᠡᠮᠴᠢᠯᠡᠭᠡᠨ᠎ᠦ᠌ ᠲᠤᠯᠭᠠᠮ᠎ᠠ ᠱᠠᠭᠠᠷᠳᠠᠭ᠍ᠳᠠᠵᠤ ᠪᠠᠢᠭ᠎ᠠ᠂ ᠡᠪᠡᠳᠴᠢᠲᠡᠨ᠎ᠦ᠌ ᠪᠠᠴᠢᠮ ᠬᠦᠰᠡᠵᠦ᠍ ᠪᠠᠢᠭ᠎ᠠ ᠱᠢᠨ᠎ᠡ᠎ᠶᠢ ᠡᠭᠦᠳᠬᠦ᠌ ᠡᠮ᠎ᠢ᠋ ᠣᠨᠣᠪᠴᠢᠲᠠᠢ ᠣᠨᠢᠯᠠᠵᠤ᠂ ᠡᠮᠴᠢᠯᠡᠭᠡᠨ᠎ᠤ ᠪᠠᠲᠤᠯᠠᠭ᠎ᠠ᠎ᠶ᠋ᠢᠨ ᠭᠠᠷᠴᠠᠭ᠎ᠢ᠋ ᠠᠰᠢᠭᠯᠠᠨ᠂ ᠥᠩᠭᠡᠷᠡᠭᠡᠭ᠌ᠰᠡᠨ᠎ᠦ᠌ ᠴᠢᠩᠳᠠ ᠪᠢᠲᠡᠭᠦᠮᠵᠢᠯᠡᠭᠳᠡᠵᠦ ᠪᠠᠢ᠌ᠭᠰᠠᠨ ᠠᠮᠢ ᠨᠠᠰᠤ ᠡᠷᠡᠭᠦᠯ ᠮᠡᠨᠳᠦ᠍᠎ᠶᠢᠨ ᠬᠠᠮᠠᠭ᠋ᠠᠯᠠᠬᠤ ᠡᠭᠦᠳᠡ᠎ᠶᠢ ᠨᠡᠭᠡᠭᠡᠨ᠎ᠡ᠃

  ᠨᠠᠮ᠎ᠤᠨ ᠲᠥᠪ ᠬᠣᠷᠢᠶ᠎ᠠ᠂ ᠲᠥᠷᠥ᠎ᠶ᠋ᠢᠨ ᠶᠠᠪᠤᠳᠠᠯ᠎ᠤᠨ ᠬᠣᠷᠢᠶ᠎ᠠ ᠣᠯᠠᠨ ᠲᠦᠮᠡᠨ᠎ᠦ ᠬᠦᠨᠳᠦ ᠶᠡᠬᠡ ᠡᠪᠡᠳᠴᠢᠨ ᠡᠮᠭᠡᠭ᠎ᠦᠨ ᠡᠮ ᠬᠡᠷᠡᠭ᠌ᠯᠡᠬᠦ᠌ ᠪᠠᠲᠤᠯᠠᠭ᠎ᠠ᠎ᠶ᠋ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ ᠪᠤᠢ᠃ 2018 ᠣᠨ᠎ᠤ᠋ 《 ᠪᠢ ᠡᠮ᠎ᠦ᠋ᠨ ᠰᠠᠬᠢᠭᠤᠯᠰᠤᠨ ᠪᠢᠰᠢ 》 ᠭᠡᠬᠦ᠌ ᠺᠢᠨᠣ᠋᠎ᠶᠢᠨ ᠨᠡᠪᠲᠡᠷᠡᠭᠦᠯᠦᠭᠳᠡᠭᠰᠡᠨ ᠨᠢ ᠨᠡᠢᠭᠡᠮ᠎ᠦ᠋ᠨ ᠬᠦᠴᠦᠲᠡᠢ ᠲᠤᠰᠬᠠᠯ᠎ᠢ᠋ ᠭᠠᠷᠭ᠋ᠠᠪᠠ᠃ ᠣᠯᠠᠨ ᠲᠦᠮᠡᠨ᠎ᠦ᠌ ᠥᠮᠡᠨ᠎ᠢ ᠡᠰᠡᠷᠭᠦᠴᠡᠬᠦ᠌ ᠡᠮ ᠬᠡᠷᠡᠭᠯᠡᠵᠦ ᠳᠡᠢ᠌ᠯᠬᠦ᠂ ᠬᠡᠷᠡᠭᠯᠡᠵᠦ ᠪᠣᠯᠬᠤ ᠡᠨᠡ ᠬᠦ᠌ ᠠᠷᠠᠳ᠎ᠤ᠋ᠨ ᠠᠮᠢᠳᠤᠷᠠᠯ᠎ᠤ᠋ᠨ ᠠᠰᠠᠭᠤᠳᠠᠯ᠎ᠢ᠋ ᠰᠢᠢ᠍ᠳᠪᠦᠷᠢᠯᠡᠬᠦ᠎ᠳ᠋ᠦ᠍ ᠰᠠᠭᠤᠷᠢᠯᠠᠨ᠂ ᠤᠯᠤᠰ᠎ᠤ᠋ᠨ ᠡᠮᠴᠢᠯᠡᠭᠡᠨ᠎ᠤ ᠪᠠᠲᠤᠯᠠᠭ᠎ᠠ᠎ᠶ᠋ᠢᠨ ᠲᠣᠪᠴᠢᠶ᠎ᠠ ᠨᠠᠮ᠎ᠤ᠋ᠨ ᠲᠥᠪ ᠬᠣᠷᠢᠶᠠᠨ᠎ᠤ᠋ ᠰᠢᠢ᠍ᠳᠪᠦᠷᠢᠲᠦ ᠪᠣᠳᠣᠯᠭ᠎ᠠ᠎ᠶᠢᠨ ᠪᠠᠢᠷᠢᠯᠠᠭᠤᠯᠤᠯᠲᠠ᠎ᠶᠢ ᠡᠷᠡᠰ ᠲᠤᠭᠤᠰᠢᠯᠠᠭᠤᠯᠵᠤ᠂ ᠪᠠᠢᠭᠤᠯᠤᠭ᠍ᠳᠠᠭ᠍ᠰᠠᠨ ᠡᠬᠢᠨ᠎ᠦ᠌ ᠦᠶ᠎ᠡ᠎ᠳ᠋ᠦ᠍ ᠥᠮᠡᠨ᠎ᠢ᠋ ᠡᠰᠡᠷᠭᠦᠴᠡᠬᠦ᠌ ᠡᠮ᠎ᠦ᠋ᠨ ᠲᠤᠰᠭᠠᠢ ᠬᠡᠯᠡᠯᠴᠡᠭᠡᠷ᠎ᠢ᠋ ᠵᠣᠬᠢᠶᠠᠨ ᠪᠠᠢᠭᠤᠯᠤᠨ ᠥᠷᠨᠢᠭᠦᠯᠵᠦ᠍᠂ 17 ᠵᠦᠢᠯ᠎ᠦ᠋ᠨ ᠥᠮᠡᠨ᠎ᠢ ᠡᠰᠡᠷᠭᠦᠴᠡᠬᠦ᠌ ᠡᠮ᠎ᠢ᠋ ᠦᠨᠳᠦᠰᠦᠨ ᠡᠮᠴᠢᠯᠡᠭᠡᠨ᠎ᠤ ᠪᠠᠲᠤᠯᠠᠭ᠎ᠠ᠎ᠳ᠋ᠤ ᠣᠷᠣᠭᠤᠯᠵᠤ᠂ ᠠᠭᠤᠰᠭᠢᠨ ᠥᠮᠡᠨ᠂ ᠬᠤᠰᠭᠢᠨᠠᠭ᠎ᠤᠨ ᠥᠮᠡᠨ ᠵᠡᠷᠭᠡ ᠬᠣᠣᠷᠲᠤ ᠬᠠᠪᠤᠳᠠᠷ᠎ᠤ᠋ᠨ ᠡᠪᠡᠳᠴᠢᠲᠡᠨ᠎ᠳ᠋ᠦ᠍ ᠠᠰᠢᠭ ᠬᠦᠷᠲᠡᠭᠡᠪᠡ᠃ 8 ᠵᠢᠯ ᠳᠠᠷᠠᠭᠠᠯᠠᠨ ᠲᠣᠬᠢᠷᠠᠭᠤᠯᠤᠯᠲᠠ ᠬᠢᠵᠦ᠂ ᠵᠠᠭᠤ ᠭᠠᠷᠤᠢ ᠵᠦᠢᠯ᠎ᠦ᠋ᠨ ᠬᠣᠣᠷᠲᠤ ᠬᠠᠪᠤᠳᠠᠷ᠎ᠢ᠋ ᠡᠮᠴᠢᠯᠡᠭᠡᠨ᠎ᠤ ᠪᠠᠲᠤᠯᠠᠭ᠎ᠠ᠎ᠳ᠋ᠤ ᠣᠷᠣᠭᠤᠯᠵᠤ᠂ ᠠᠭᠤᠰᠭᠢᠨ ᠥᠮᠡᠨ᠂ ᠬᠥᠬᠥᠨ ᠪᠤᠯᠴᠢᠷᠬᠠᠢ᠎ᠶᠢᠨ ᠥᠮᠡᠨ᠂ ᠬᠣᠳᠣᠭᠣᠳᠣᠨ᠎ᠤ᠋ ᠥᠮᠡᠨ᠂ ᠬᠤᠰᠭᠢᠨᠠᠭ᠎ᠤᠨ ᠥᠮᠡᠨ᠂ ᠯᠢᠮᠹᠠ᠎ᠶᠢᠨ ᠬᠠᠪᠤᠳᠠᠷ ᠵᠡᠷᠭᠡ ᠦᠷᠭᠦᠯᠵᠢ ᠲᠣᠬᠢᠶᠠᠯᠳᠤᠳᠠᠭ ᠥᠮᠡᠨ᠎ᠦ᠌ ᠲᠥᠷᠥᠯ ᠵᠦᠢᠯ ᠪᠠᠢᠬᠤ ᠪᠥᠭᠡᠳ ᠪᠠᠰᠠ ᠬᠠᠷ᠎ᠠ ᠥᠩᠭᠡᠰᠦ ᠬᠠᠪᠤᠳᠠᠷ ᠵᠡᠷᠭᠡ ᠬᠣᠪᠣᠷ ᠲᠣᠬᠢᠶᠠᠯᠳᠤᠬᠤ ᠬᠠᠪᠤᠳᠠᠷ ᠪᠤᠢ᠃ ᠡᠮ᠎ᠤᠨ ᠵᠦᠢ᠍ᠯ᠎ᠤᠨ ᠲᠦᠷᠦᠯ ᠬᠡᠯᠪᠡᠷᠢ᠎ᠳᠤ ᠰᠠᠭᠤᠷᠢ ᠬᠢᠮᠢ᠎ᠶ᠋ᠢᠨ ᠵᠠᠰᠠᠯᠲᠠ᠎ᠶᠢᠨ ᠡᠮ᠂ ᠵᠢᠵᠢᠭ ᠮᠤᠯᠧᠺᠦ᠋ᠯ᠎ᠤᠨ ᠬᠠᠨᠳᠤᠯᠭᠠᠲᠤ ᠡᠮ᠎ᠠᠴᠠ PD ( L) - 1᠂ ADC᠂ ᠬᠤᠶᠠᠷ᠎ᠢ ᠡᠰᠡᠷᠭᠦᠴᠡᠬᠦ᠌ ᠵᠡᠷᠭᠡ ᠠᠮᠢᠳᠤ ᠪᠤᠳᠠᠰ᠎ᠤᠨ ᠡᠮ᠎ᠢ ᠪᠦᠷᠢᠨ ᠬᠠᠮᠤᠷᠬᠤ᠎ᠶᠢ ᠪᠡᠶᠡᠯᠡᠭᠦᠯᠪᠡ᠃ ᠠᠷᠠᠳ ᠣᠯᠠᠨ 《 ᠦᠮᠡᠨ᠎ᠢ ᠳᠤᠷᠠᠳᠪᠠᠯ ᠠᠶᠤᠬᠤ 》᠂ 《 ᠡᠮ᠎ᠢ ᠬᠦᠰᠡᠨ ᠰᠡᠭᠦᠷᠡᠰᠦ ᠠᠯᠳᠠᠬᠤ 》 ᠦᠭᠡᠢ ᠪᠣᠯᠭ᠋ᠠᠵᠤ᠂ ᠬᠡᠷᠡᠭ᠌ᠯᠡᠵᠦ᠍ ᠪᠣᠯᠬᠤ ᠡᠮ ᠲᠠᠢ᠂ ᠰᠣᠩᠭᠤᠵᠤ ᠪᠣᠯᠬᠤ ᠡᠮ ᠲᠠᠢ᠂ ᠵᠠᠷᠤᠳᠠᠯ᠎ᠢ ᠡᠭᠦᠷᠭᠡᠯᠡᠵᠦ᠍ ᠴᠢᠳᠠᠬᠤ ᠪᠣᠯᠭ᠋ᠠᠪᠠ᠃

  ᠤᠷᠲᠤ ᠬᠤᠭᠤᠴᠠᠭ᠎ᠠ᠎ᠪᠠᠷ ᠡᠮ ᠤᠤᠭᠤᠬᠤ ᠴᠢᠬᠤᠯᠠ᠎ᠲᠠᠢ ᠤᠳᠠᠭ᠋ᠠᠨ ᠴᠢᠨᠠᠷᠲᠠᠢ ᠡᠪᠡᠳᠴᠢᠨ ᠨᠢ ᠣᠯᠠᠨ ᠲᠦᠮᠡᠨ᠎ᠳᠦ ᠠᠪᠴᠤ᠌ ᠬᠡᠯᠡᠪᠡᠯ ᠪᠠᠰᠠ ᠪᠠᠭ᠎ᠠ ᠪᠤᠰᠤ ᠵᠠᠷᠤᠳᠠᠯ ᠪᠣᠯᠤᠨ᠎ᠠ᠃ ᠡᠪᠡᠳᠴᠢᠲᠡᠨ ᠨᠡᠯᠢᠶᠡᠳ ᠣᠯᠠᠨ ᠪᠠᠢᠬᠤ ᠤᠳᠠᠭᠠᠨ ᠴᠢᠨᠠᠷᠲᠠᠶ ᠡᠪᠡᠳᠴᠢᠨ᠎ᠤ ᠬᠦᠷᠢᠶ᠎ᠡ ᠴᠠᠷᠠᠭ᠎ᠠ᠎ᠳᠤ ᠪᠠᠰᠠ ᠶᠡᠭᠡ ᠬᠡᠮᠵᠢᠶᠡᠨ᠎ᠤ ᠱᠢᠨ᠎ᠡ ᠦᠢᠯᠡᠳᠦᠯ ᠦᠵᠡᠭᠦᠯᠬᠦ᠌ ᠲᠣᠭ᠍ᠲᠠᠴᠠ ᠲᠠᠢ ᠡᠮ ᠪᠠᠢᠵᠤ᠂ ᠳᠠᠭᠠᠬᠤ ᠴᠢᠨᠠᠷᠲᠠᠶ ᠡᠮ᠎ᠢ ᠵᠠᠯᠭᠠᠭ᠎ᠠ᠎ᠪᠠᠷ ᠣᠷᠣᠭᠤᠯᠵᠤ᠂ ᠡᠮ ᠬᠡᠷᠡᠭ᠌ᠯᠡᠬᠦ᠌ ᠬᠢᠷᠢ ᠲᠦᠪᠱᠢᠨ ᠶᠡᠭᠡ᠎ᠪᠠᠷ ᠳᠡᠭᠡᠭᠰᠢᠯᠡᠭᠦᠯᠪᠡ᠃ ᠡᠪᠡᠳᠴᠢᠯᠡᠭ᠌ᠰᠡᠨ ᠬᠥᠮᠦᠨ᠎ᠤ ᠲᠤᠭ᠎ᠠ᠎ᠪᠠᠷ ᠬᠠᠮᠤᠭ᠎ᠤᠨ ᠣᠯᠠᠨ ᠱᠢᠬᠢᠷ ᠱᠢᠵᠢᠩ ᠡᠪᠡᠳᠴᠢᠨ᠎ᠢᠶᠠᠷ ᠵᠢᠱ᠌ᠢᠶᠡᠯᠡᠪᠡᠯ᠂ ᠨᠦᠢᠷ᠎ᠤᠨ ᠠᠷᠠᠯ᠎ᠤᠨ ᠡᠳ᠋᠎ᠦᠨ ᠡᠳᠦᠷ᠎ᠦᠨ ᠨᠠᠢᠷᠠᠯᠭ᠎ᠠ᠂ ᠭᠠᠷᠠᠭ᠎ᠤᠨ ᠨᠠᠢᠷᠠᠯᠭ᠎ᠠ᠎ᠶ᠋ᠢ ᠰᠣᠩᠭᠤᠵᠤ ᠪᠣᠯᠤᠨ᠎ᠠ᠂ ᠱᠢᠨ᠎ᠡ ᠮᠠᠶᠢᠭ᠎ᠤᠨ SGLT - 2᠂ GLP ᠲᠥᠷᠥᠯ᠎ᠤᠨ ᠡᠮ᠎ᠢ ᠨᠢᠭᠡᠨᠲᠡ ᠭᠠᠷᠴᠠᠭ᠎ᠤᠨ ᠬᠡᠪᠴᠢᠶᠡᠨ᠎ᠳᠤ ᠣᠷᠣᠭᠤᠯᠵᠤ᠂ ᠮᠠᠨ᠎ᠤ ᠤᠯᠤᠰ᠎ᠤᠨ ᠱᠢᠬᠢᠷ ᠱᠢᠵᠢᠩ ᠡᠪᠡᠳᠴᠢᠲᠡᠨ᠎ᠤ ᠡᠮ ᠬᠡᠷᠡᠭ᠌ᠯᠡᠬᠦ᠌ ᠬᠢᠷᠢ ᠬᠡᠮᠵᠢᠶ᠎ᠡ᠎ᠶᠢ ᠣᠯᠠᠨ ᠤᠯᠤᠰ᠎ᠯᠤᠭ᠎ᠠ ᠵᠣᠯᠭ᠋ᠠᠭᠤᠯᠪᠠ᠃

  ᠡᠮᠴᠢᠯᠡᠭᠡᠨ᠎ᠦ ᠪᠠᠲᠤᠯᠠᠭ᠎ᠠ᠎ᠶ᠋ᠢᠨ ᠡᠮ᠎ᠤᠨ ᠵᠦᠢᠯ᠎ᠤᠨ ᠭᠠᠷᠴᠠᠭ᠎ᠲᠤ ᠲᠣᠬᠢᠷᠠᠭᠤᠯᠤᠯᠲᠠ ᠬᠢᠬᠦ᠌᠎ᠳᠤ ᠢᠮᠠᠭ᠍ᠲᠠ ᠠᠷᠠᠳ ᠲᠦᠮᠡᠨ᠎ᠢ ᠳᠡᠭᠡᠳᠦᠯᠡᠬᠦ᠂ ᠠᠮᠢ ᠨᠠᠰᠤ᠎ᠶ᠋ᠢ ᠳᠡᠭᠡᠳᠦᠯᠡᠬᠦ᠌᠎ᠶ᠋ᠢ ᠪᠠᠷᠢᠮᠲᠠᠯᠠᠵᠤ᠂ 《 ᠦᠨᠳᠦᠰᠦᠨ ᠵᠦᠢᠯ᠎ᠢ ᠪᠠᠲᠤᠯᠠᠬᠤ 》 ᠰᠠᠭᠤᠷᠢᠨ ᠳᠡᠭᠡᠷ᠎ᠡ᠂ ᠴᠢᠳᠠᠯ᠎ᠤᠨ ᠬᠢᠷᠢ᠎ᠪᠠᠷ᠎ᠢᠶᠠᠨ ᠴᠢᠷᠮᠠᠢᠵᠤ᠂ ᠴᠢᠳᠠᠯ᠎ᠤᠨ ᠬᠢᠷᠢ᠎ᠪᠠᠷ᠎ᠢᠶᠠᠨ ᠬᠢᠵᠦ᠍᠂ ᠡᠮᠴᠢᠯᠡᠭᠡᠨ᠎ᠦ ᠪᠠᠲᠤᠯᠠᠭ᠎ᠠ᠎ᠶ᠋ᠢᠨ ᠬᠡᠯᠡᠯᠴᠡᠭᠡᠷ᠎ᠢᠶᠠᠷ ᠳᠠᠮᠵᠢᠭᠤᠯᠤᠨ ᠵᠥᠪᠱᠢᠶᠡᠷᠡᠨ ᠣᠷᠤᠭᠤᠯᠵᠤ᠂ ᠮᠠᠰᠢ ᠣᠯᠠᠨ ᠡᠮᠴᠢᠯᠡᠭᠡᠨ᠎ᠤ ᠥᠷᠲᠡᠭ᠎ᠢᠶᠠᠷ ᠶᠡᠭᠡ ᠬᠤᠪᠣᠷ ᠲᠣᠬᠢᠶᠠᠯᠳᠤᠬᠤ ᠡᠪᠡᠳᠴᠢᠨ᠎ᠳᠤ ᠬᠡᠷᠡᠭ᠌ᠯᠡᠬᠦ᠌ ᠡᠮ᠎ᠢ ᠲᠣᠬᠢᠷᠠᠮᠵᠢᠲᠠᠶ ᠦᠨ᠎ᠡ᠎ᠪᠠᠷ ᠡᠮᠴᠢᠯᠡᠭᠡᠨ᠎ᠦ ᠪᠠᠲᠤᠯᠠᠭ᠎ᠠ᠎ᠳᠤ ᠣᠷᠣᠭᠤᠯᠪᠠ᠃ 2021 ᠣᠨ᠎ᠳᠤ᠂ ᠬᠤᠪᠣᠷ ᠲᠣᠬᠢᠶᠠᠯᠳᠤᠬᠤ ᠡᠪᠡᠳᠴᠢᠨ᠎ᠤ ᠨᠤᠭᠤᠰᠤᠨ᠎ᠤ ᠴᠢᠨᠠᠷᠲᠠᠶ ᠪᠤᠯᠴᠢᠩ ᠠᠪᠴᠢᠬᠤ ( SMA)᠎ᠶᠢᠨ ᠨᠦᠸᠧ ᠰᠢ ᠨᠠ ᠱᠸᠩ ᠨᠠᠲᠷᠢ᠎ᠶ᠋ᠢᠨ ᠲᠠᠷᠢᠯᠭ᠎ᠠ᠎ᠶ᠋ᠢᠨ ᠱᠢᠩᠭᠡᠨ᠎ᠢ ᠥᠪᠡᠰᠦᠪᠡᠨ 70 ᠲᠦᠮᠡᠨ ᠲᠥᠭᠦᠷᠢᠭ ᠨᠢᠭᠡ ᠵᠡᠭᠦᠦ ᠲᠠᠷᠢᠵᠤ ᠪᠠᠢᠭ᠍ᠰᠠᠨ᠎ᠠᠴᠠ ᠡᠮᠴᠢᠯᠡᠭᠡᠨ᠎ᠤ ᠳᠠᠭᠠᠳᠭᠠᠯ᠎ᠤᠨ ᠲᠠᠩᠰᠠ ᠲᠠᠢᠯᠬᠤ ᠪᠣᠯᠲᠠᠯ᠎ᠠ ᠡᠪᠡᠳᠴᠢᠲᠡᠨ ᠵᠥᠪᠬᠡᠨ 1 ᠲᠦᠮᠡ ᠭᠠᠷᠤᠶ ᠲᠥᠭᠦᠷᠢᠭ ᠥᠪᠡᠷ᠎ᠢᠶᠠᠨ ᠥᠭᠬᠦ ᠴᠢᠬᠤᠯᠠᠲᠠᠶ ᠪᠣᠯᠵᠠᠶ᠃ ᠡᠮᠴᠢᠯᠡᠭᠡᠨ᠎ᠦ ᠪᠠᠲᠤᠯᠠᠭ᠎ᠠ᠎ᠶ᠋ᠢᠨ ᠭᠠᠷᠴᠠᠭ᠎ᠲᠤ ᠨᠢᠭᠡᠨᠲᠡ 100 ᠭᠠᠷᠤᠶ ᠵᠦᠢᠯ᠎ᠤᠨ ᠬᠤᠪᠣᠷ ᠲᠣᠬᠢᠶᠠᠯᠳᠤᠬᠤ ᠡᠪᠡᠳᠴᠢᠨ᠎ᠤ ᠡᠮ ᠬᠡᠷᠡᠭ᠌ᠯᠡᠵᠦ᠍᠂ ᠬᠤᠪᠣᠷ ᠲᠣᠬᠢᠶᠠᠯᠳᠤᠬᠤ ᠡᠪᠡᠳᠴᠢᠨ᠎ᠤ ᠲᠥᠷᠥᠯ᠎ᠢ 50 ᠭᠠᠷᠤᠶ ᠬᠠᠮᠤᠷᠴᠤ᠌᠂ ᠲᠤᠭ᠎ᠠ ᠲᠣᠮᠰᠢ ᠦᠭᠡᠢ ᠡᠪᠡᠳᠴᠢᠲᠡᠨ ᠵᠢᠴᠢ ᠲᠡᠭᠦᠨ᠎ᠤ ᠭᠡᠷ ᠪᠦᠯᠢ᠎ᠳᠤ ᠲᠥᠷᠥᠭᠦᠯᠬᠦ᠌ ᠬᠦᠰᠡᠯ ᠡᠷᠡᠮᠡᠯᠵᠡᠯ᠎ᠢ ᠠᠪᠴᠢᠷᠠᠪᠠ ᠁

  ᠡᠮᠴᠢᠯᠡᠭᠡᠨ᠎ᠦ ᠪᠠᠲᠤᠯᠠᠭ᠎ᠠ᠎ᠶ᠋ᠢᠨ ᠭᠠᠷᠴᠠᠭ ᠪᠣᠯ ᠨᠢᠭᠡ ᠬᠠᠭᠤᠳᠠᠰᠤ ᠤᠯᠠᠮ ᠨᠢᠭ᠍ᠲᠠ ᠰᠦᠯᠵᠢᠬᠦ᠎ᠳᠦ ᠤᠯᠠᠮ ᠪᠠᠲᠤ ᠪᠠᠬᠢ ᠪᠣᠯᠬᠤ ᠲᠤᠤᠷ ᠪᠠᠢ᠌ᠵᠤ᠂ ᠡᠨᠡ ᠬᠦ᠌ ᠲᠣᠤᠷ᠎ᠤᠨ ᠡᠪᠡᠳᠴᠢᠨ ᠡᠮᠭᠡᠭ᠎ᠤᠨ ᠬᠦᠨᠳᠦ ᠡᠭᠦᠷᠭᠡ᠎ᠶ᠋ᠢ ᠳᠠᠭᠠᠭᠠᠵᠤ ᠳᠡᠢᠯᠬᠦ᠌ ᠡᠰᠡᠬᠦ᠌᠎ᠶ᠋ᠢ ᠱᠢᠯᠭᠠᠨ ᠪᠠᠢᠴᠠᠭᠠᠵᠤ᠂ ᠬᠠᠮᠤᠭ᠎ᠤᠨ ᠡᠴᠦᠰ᠎ᠲᠦ᠎ᠪᠡᠨ 《 ᠡᠴᠦᠰ᠎ᠤᠨ ᠨᠢᠭᠡ ᠺᠢᠯᠣᠮᠧᠲᠷ 》᠎ᠢ ᠰᠠᠢᠲᠤᠷ ᠬᠢᠵᠦ ᠨᠠᠢ᠌ᠲᠠᠪᠤᠷᠢᠵᠢᠭᠤᠯᠬᠤ ᠶᠤᠮ᠃ ᠴᠡᠭ ᠲᠣᠭ᠍ᠲᠠᠭᠠᠭ᠍ᠰᠠᠨ 26 ᠲᠦᠮᠡᠨ ᠡᠮ ᠡᠮᠨᠡᠯᠭᠡ᠎ᠶ᠋ᠢᠨ ᠪᠠᠢᠭᠤᠯᠤᠮᠵᠢ᠎ᠳᠤ ᠤᠯᠤᠰ᠎ᠤᠨ ᠬᠡᠯᠡᠯᠴᠡᠭᠡᠷ᠎ᠦᠨ ᠡᠮ ᠲᠣᠬᠢᠷᠠᠭᠤᠯᠵᠤ᠂ ᠴᠡᠭ ᠲᠣᠭ᠍ᠲᠠᠭᠠᠭ᠍ᠰᠠᠨ ᠡᠮᠴᠢᠯᠡᠭᠡᠨ᠎ᠤ ᠪᠠᠢᠭᠤᠯᠤᠮᠵᠢ ᠪᠣᠯᠤᠨ ᠵᠢᠵᠢᠭ᠌ᠯᠡᠨ ᠬᠤᠳᠠᠯᠳᠤᠬᠤ ᠡᠮ᠎ᠤᠨ ᠳᠡᠯᠭᠡᠭᠦᠷ᠎ᠤᠨ 《 ᠬᠤᠤᠰ ᠨᠡᠪᠲᠡᠷᠡᠯ ᠵᠠᠮ 》᠎ᠤᠨ ᠬᠠᠩᠭᠠᠯᠭ᠎ᠠ᠎ᠶ᠋ᠢ ᠪᠠᠲᠤᠯᠠᠬᠤ ᠬᠡᠯᠡᠯᠴᠡᠭᠡᠷ᠎ᠤᠨ ᠡᠮ᠎ᠤᠨ ᠵᠦᠢᠯ ᠲᠣᠬᠢᠷᠠᠭᠤᠯᠬᠤ᠎ᠶ᠋ᠢᠨ ᠬᠠᠮᠲᠤ ᠠᠳᠠᠯᠢ ᠲᠠᠩᠰᠠ ᠲᠠᠢᠯᠬᠤ ᠲᠥᠷᠥ᠎ᠶ᠋ᠢᠨ ᠪᠣᠳᠣᠯᠭ᠎ᠠ᠎ᠶ᠋ᠢ ᠬᠦᠷᠲᠡᠵᠦ᠍᠂ 1 ᠳ᠋ᠦᠩᠱᠢᠭᠤᠷ ᠬᠥᠮᠦᠨ ᠤᠳᠠᠭ᠎ᠠ᠎ᠳᠤ ᠠᠱᠢᠭ ᠬᠦᠷᠲᠡᠭᠡᠪᠡ᠃ ᠰᠢᠨ᠎ᠡ ᠬᠡᠪᠯᠡᠯ᠎ᠦ᠋ᠨ ᠡᠮᠴᠢᠯᠡᠭᠡᠨ᠎ᠦ ᠪᠠᠲᠤᠯᠠᠭ᠎ᠠ᠎ᠶᠢᠨ ᠡᠮ᠎ᠦ᠋ᠨ ᠵᠦᠢᠯ᠎ᠦ᠋ᠨ ᠭᠠᠷᠴᠠᠭ᠎ᠲᠤ ᠰᠢᠨ᠎ᠡ᠎ᠪᠡᠷ 114 ᠲᠥᠷᠥᠯ᠎ᠦ᠋ᠨ ᠡᠮ᠎ᠦ᠋ᠨ ᠵᠦᠢᠯ᠎ᠢ᠋ ᠨᠡᠮᠡᠭ᠌ᠳᠡᠭᠦᠯᠵᠦ᠍᠂ 2026 ᠣᠨ᠎ᠤ᠋ 1 ᠳ᠋ᠤᠭᠡᠷ ᠰᠠᠷ᠎ᠠ᠎ᠶᠢᠨ 1 ᠎ᠦ᠌ ᠡᠳᠦᠷ᠎ᠡᠴᠡ ᠡᠬᠢᠯᠡᠨ ᠵᠢᠩᠬᠢᠨᠢ᠎ᠪᠡᠷ ᠬᠡᠷᠡᠭ᠌ᠵᠢᠭᠦᠯᠵᠦ᠍᠂ ᠭᠠᠷᠴᠠᠭ᠎ᠢ᠋ ᠨᠡᠢᠲᠡᠯᠡᠭ᠌ᠰᠡᠨ᠎ᠦ᠌ ᠳᠠᠷᠠᠭ᠎ᠠ᠂ ᠡᠯ᠎ᠡ ᠭᠠᠵᠠᠷ᠎ᠤ᠋ᠨ ᠬᠢᠨ ᠲᠦᠷᠭᠡᠨ᠎ᠢᠶᠠᠷ ᠴᠤᠤᠷᠢᠶᠠᠳᠤᠨ ᠳᠠᠭ᠋ᠠᠵᠤ᠂ ᠮᠡᠳᠡᠭᠡ ᠵᠠᠩᠭᠢ᠎ᠶᠢᠨ ᠰᠢᠰᠢᠲᠸᠮ᠎ᠢ ᠲᠦᠷᠭᠡᠨ ᠰᠢᠨᠡᠳᠬᠡᠬᠦ᠂ ᠡᠮ᠎ᠦ᠋ᠨ ᠵᠦᠢᠯ᠎ᠢ᠋ ᠰᠦᠯᠵᠢᠶᠡᠨ᠎ᠳ᠋ᠦ᠍ ᠣᠷᠤᠭᠤᠯᠬᠤ᠂ ᠡᠮᠨᠡᠯᠭᠡ᠎ᠳ᠋ᠦ᠍ ᠣᠷᠤᠭᠤᠯᠬᠤ᠂ 《 ᠬᠣᠣᠰ ᠨᠡᠪᠲᠡᠷᠡᠯ ᠵᠠᠮ 》᠎ᠤ᠋ᠨ ᠡᠮ᠎ᠦ᠋ᠨ ᠵᠦᠢᠯ᠎ᠢ᠋ ᠬᠡᠷᠡᠭ᠌ᠯᠡᠵᠦ᠍ ᠬᠠᠮᠢᠶᠠᠷᠬᠤ ᠵᠡᠷᠭᠡ ᠡᠯ᠎ᠡ ᠵᠦᠢᠯ᠎ᠦ᠋ᠨ ᠠᠵᠢᠯ᠎ᠢ᠋ ᠲᠦᠷᠭᠡᠨ ᠬᠢᠵᠦ ᠪᠠᠢ᠌ᠨ᠎ᠠ᠂ ᠡᠨᠡ ᠨᠢ ᠶᠠᠭ ᠲᠦᠭ ᠲᠦᠮᠡᠨ ᠡᠮᠴᠢᠯᠡᠭᠡᠨ᠎ᠦ ᠪᠠᠲᠤᠯᠠᠭ᠎ᠠ᠎ᠶᠢᠨ ᠬᠦᠮᠦᠰ᠎ᠦᠨ ᠠᠷᠠᠳ ᠲᠦᠮᠡᠨ᠎ᠢ᠋ ᠳᠡᠭᠡᠳᠦᠯᠡᠬᠦ᠌ ᠣᠢᠯᠠᠭᠠᠭ᠍ᠳᠠᠬᠤᠨ᠎ᠢ᠋ ᠦᠢᠯᠡᠳᠦᠯᠭᠡᠵᠢᠭᠦᠯᠵᠦ᠍ ᠪᠠᠢᠭ᠎ᠠ ᠠᠮᠢᠳᠤᠯᠢᠭ ᠢᠯᠡᠷᠡᠯ ᠪᠣᠯᠤᠨ᠎ᠠ᠃

 

 

  《 ᠲᠥᠪᠯᠡᠷᠡᠯ ᠴᠡᠭ᠎ᠤᠨ ᠰᠤᠷᠪᠤᠯᠵᠢᠯᠠᠭ᠎ᠠ ᠶᠠᠷᠢᠯᠴᠠᠭ᠎ᠠ 》 2025 ᠣᠨ᠎ᠤ 12 ᠳ᠋ᠤᠭᠠᠷ ᠰᠠᠷ᠎ᠠ᠎ᠶ᠋ᠢᠨ 8 ᠎ᠤ ᠡᠳᠦᠷ᠎ᠤᠨ ᠮᠡᠳᠡᠭᠡᠯᠡᠯ᠄ ᠡᠮᠴᠢᠯᠡᠭᠡᠨ᠎ᠦ ᠪᠠᠲᠤᠯᠠᠭ᠎ᠠ᠎ᠶ᠋ᠢᠨ ᠭᠠᠷᠴᠠᠭ ᠳᠠᠬᠢᠨ ᠰᠢᠨᠡᠳᠪᠡ  ᠱᠢᠨ᠎ᠡ᠎ᠶ᠋ᠢ ᠡᠭᠦᠳᠬᠦ᠌ ᠎ᠳᠤ ᠠᠩᠬᠠᠷᠤᠯ᠎ᠢᠶᠠᠨ ᠲᠥᠪᠯᠡᠷᠡᠭᠦᠯᠪᠡ

  ᠢᠷᠡᠭᠡᠳᠦᠢ᠎ᠳᠤ᠂ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ ᠲᠣᠪᠴᠢᠶ᠎ᠠ ᠠᠷᠠᠳ ᠲᠦᠮᠡᠨ᠎ᠢᠶᠠᠷ ᠭᠤᠣᠯ ᠪᠣᠯᠭᠠᠬᠤ᠎ᠶ᠋ᠢ ᠦᠷᠭᠦᠯᠵᠢᠯᠡᠨ ᠪᠠᠷᠢᠮᠲᠠᠯᠠᠵᠤ᠂ ᠡᠮᠴᠢᠯᠡᠭᠡᠨ᠎ᠦ ᠪᠠᠲᠤᠯᠠᠭ᠎ᠠ᠎ᠶ᠋ᠢᠨ ᠡᠮ᠎ᠤᠨ ᠵᠦᠢᠯ᠎ᠤᠨ ᠭᠠᠷᠴᠠᠭ᠎ᠲᠤ ᠪᠠᠢᠩᠭᠤ ᠲᠣᠬᠢᠷᠠᠭᠤᠯᠤᠯᠲᠠ ᠬᠢᠵᠦ᠍᠂ ᠨᠥᠬᠦᠴᠡᠯ᠎ᠳᠤ ᠨᠡᠢᠴᠡᠬᠦ᠌ ᠨᠡᠩ ᠤᠯᠠᠨ ᠱᠢᠨ᠎ᠡ ᠡᠮ ᠰᠠᠢᠨ ᠡᠮ ᠠᠮᠢ ᠠᠪᠤᠷᠠᠬᠤ ᠡᠮ᠎ᠢ ᠡᠮᠴᠢᠯᠡᠭᠡᠨ᠎ᠦ  ᠥᠭᠬᠦ ᠬᠡᠪᠴᠢᠶᠡᠨ᠎ᠳᠤ ᠣᠷᠣᠭᠤᠯᠬᠤ᠎ᠶ᠋ᠢ ᠳᠡᠮᠵᠢᠵᠦ᠍᠂ ᠠᠷᠠᠳ ᠲᠦᠮᠡᠨ᠎ᠤ ᠡᠮ ᠬᠡᠷᠡᠭ᠌ᠯᠡᠬᠦ᠌ ᠪᠠᠲᠤᠯᠠᠭ᠎ᠠ᠎ᠶ᠋ᠢᠨ ᠬᠢᠷᠢ ᠲᠦᠪᠱᠢᠨ᠎ᠢ ᠳᠡᠭᠡᠭ᠌ᠰᠢᠯᠡᠭᠦᠯᠵᠦ᠍᠂ ᠤᠯᠠᠨ ᠲᠦᠮᠡᠨ᠎ᠤ ᠡᠪᠡᠳᠴᠢᠨ ᠡᠮᠭᠡᠭ᠎ᠤᠨ ᠡᠮᠴᠢᠯᠡᠭᠡᠨ᠎ᠤ ᠳᠠᠷᠤᠭᠠᠰᠤ᠎ᠶ᠋ᠢ ᠬᠥᠩᠭᠡᠷᠡᠭᠦᠯᠦᠨ᠎ᠡ᠃

ᠢᠷᠡᠯᠲᠡ᠄ ᠤᠯᠤᠰ᠎ᠤᠨ ᠡᠮᠴᠢᠯᠡᠭᠡᠨ᠎ᠦ ᠪᠠᠲᠤᠯᠠᠭ᠎ᠠ᠎ᠶ᠋ᠢᠨ ᠲᠣᠪᠴᠢᠶ᠎ᠠ
          
ᠬᠠᠮᠢᠶ᠎ᠡ ᠪᠦᠬᠦᠢ ᠰᠣᠨᠢᠨ
 
            