1.ᠠᠰᠠᠭᠤᠯᠲᠠ ᠄ ᠪᠢᠳᠡ ᠡᠳᠦᠷᠵᠢᠨ ᠡᠮᠴᠢᠯᠡᠭᠡᠨ᠎ᠦ ᠳᠠᠭᠠᠳᠬᠠᠯ ᠭᠡᠳ ᠪᠠᠢᠳᠠᠭ ᠂ ᠡᠮᠴᠢᠯᠡᠭᠡᠨ᠎ᠦ ᠳᠠᠭᠠᠳᠬᠠᠯ ᠭᠡᠳᠡᠭ ᠨᠢ ᠴᠤᠬᠤᠮ ᠶᠠᠭᠤ ᠪᠣᠢ ?
ᠬᠠᠷᠢᠭᠤᠯᠲᠠ ᠄ ᠡᠮᠴᠢᠯᠡᠭᠡᠨ᠎ᠦ ᠳᠠᠭᠠᠳᠬᠠᠯ᠎ᠤᠨ ᠪᠦᠲᠦᠨ ᠨᠡᠷᠡᠶ᠋ᠢᠳᠦᠯ᠎ᠢ ᠦᠨᠳᠦᠰᠦᠨ ᠡᠮᠴᠢᠯᠡᠭᠡᠨ᠎ᠦ ᠳᠠᠭᠠᠳᠬᠠᠯ ᠭᠡᠳᠡᠭ ᠃ ᠳᠦᠭᠦᠮ᠎ᠢᠶᠡᠷ ᠬᠡᠯᠡᠪᠡᠯ ᠂ ᠡᠮᠴᠢᠯᠡᠭᠡᠨ᠎ᠦ ᠳᠠᠭᠠᠳᠬᠠᠯ ᠪᠣᠯ ᠤᠯᠤᠰ᠎ᠠᠴᠠ ᠪᠢᠳᠡᠨ᠎ᠳᠤ ᠭᠦᠢᠴᠡᠳᠬᠡᠵᠦ ᠥᠭᠭᠦᠭᠰᠡᠨ 《ᠡᠪᠡᠳᠴᠢᠨ ᠦᠵᠡᠭᠦᠯᠬᠦ ᠪᠠᠲᠤᠯᠠᠭ᠎ᠠ》 ᠪᠣᠯᠤᠨ᠎ᠠ ᠂ ᠣᠯᠠᠨ᠎ᠤ ᠲᠤᠰᠢᠶᠠᠭᠰᠠᠨ ᠡᠮᠴᠢᠯᠡᠭᠡᠨ᠎ᠦ ᠳᠠᠭᠠᠳᠬᠠᠯ᠎ᠤᠨ ᠵᠠᠷᠤᠳᠠᠯ᠎ᠢᠶᠠᠷ 《ᠡᠮᠴᠢᠯᠡᠭᠡᠨ᠎ᠦ ᠳᠠᠭᠠᠳᠬᠠᠯ᠎ᠤᠨ ᠰᠠᠭᠤᠷᠢ ᠮᠥᠩᠭᠦ᠎ᠶᠢᠨ ᠴᠥᠭᠦᠷᠥᠮ》᠎ᠢ ᠪᠠᠢᠭᠤᠯᠵᠤ ᠂ ᠡᠪᠡᠳᠴᠢᠯᠡᠵᠦ ᠡᠮᠨᠡᠯᠭᠡ᠎ᠳᠤ ᠰᠠᠭᠤᠬᠤ ᠂ ᠡᠭᠦᠳᠡᠨ ᠡᠮᠨᠡᠯᠭᠡ᠎ᠠᠴᠠ ᠡᠮ ᠠᠪᠬᠤ ᠦᠶ᠎ᠡ᠎ᠳᠤ ᠂ ᠨᠥᠬᠦᠴᠡᠯ᠎ᠳᠤ ᠨᠡᠶ᠋ᠢᠴᠡᠬᠦ ᠵᠠᠷᠤᠳᠠᠯ᠎ᠢ ᠴᠥᠭᠦᠷᠥᠮ᠎ᠠᠴᠠ ᠨᠢᠭᠡ ᠪᠦᠯᠦᠭ᠎ᠢ ᠨᠢ ᠲᠠᠩᠰᠠ ᠳᠡᠶ᠋ᠢᠯᠵᠦ ᠂ ᠪᠢᠳᠡᠨ᠎ᠢ ᠬᠠᠪᠰᠤᠷᠤᠨ ᠵᠣᠭᠤᠰ ᠴᠥᠬᠡᠨ ᠵᠠᠷᠤᠴᠠᠭᠤᠯᠵᠤ ᠂ ᠳᠠᠷᠤᠭᠠᠰᠤ᠎ᠶᠢ ᠬᠥᠩᠭᠡᠷᠡᠭᠦᠯᠦᠨ᠎ᠡ ᠂ ᠡᠭᠦᠨ᠎ᠦ ᠲᠦᠰᠢᠭᠯᠡᠵᠦ ᠪᠠᠶ᠋ᠢᠭ᠎ᠠ᠎ᠨᠢ ᠳᠠᠷᠤᠶ 《ᠬᠦᠮᠦᠨ ᠣᠯᠠᠨ ᠪᠣᠯ ᠬᠦᠴᠦᠨ ᠶᠡᠬᠡ》 ᠭᠡᠬᠦ ᠤᠬᠠᠭᠳᠠᠬᠤᠨ ᠪᠣᠯᠣᠨ᠎ᠠ ᠂ ᠦᠨᠡᠨ᠎ᠳᠦ᠎ᠪᠡᠨ 《ᠬᠥᠮᠦᠨ ᠪᠦᠬᠦᠨ ᠮᠢᠨᠦ ᠲᠦᠯᠦᠭᠡ ᠂ ᠪᠢ ᠬᠥᠮᠦᠨ ᠪᠦᠬᠦᠨ᠎ᠤ ᠲᠦᠯᠦᠭᠡ》 ᠶᠤᠮ ᠃
2. ᠠᠰᠠᠭᠤᠯᠲᠠ ᠄ ᠡᠮᠴᠢᠯᠡᠭᠡᠨ᠎ᠦ ᠲᠠᠭᠠᠳᠬᠠᠯ᠎ᠨᠢ 《ᠭᠤᠤᠯᠴᠢ》 ᠪᠠᠶ᠋ᠢᠬᠤ ᠵᠠᠷᠴᠢᠮ᠎ᠢ ᠪᠠᠷᠢᠮᠲᠠᠯᠠᠳᠠᠭ ᠪᠢᠰᠢ ᠤᠤ ? ᠲᠡᠭᠡᠪᠡᠯ ᠪᠢ ᠬᠡᠲᠦᠨ ᠵᠢᠯ ᠡᠪᠡᠳᠴᠢᠨ ᠦᠵᠡᠭᠦᠯᠭᠦ ᠦᠭᠡᠢ ᠡᠮᠴᠢᠯᠡᠭᠡᠨ᠎ᠦ ᠲᠠᠭᠠᠳᠬᠠᠯ᠎ᠤᠨ ᠲᠠᠩᠰᠠ ᠲᠠᠶ᠋ᠢᠯᠬᠤ ᠶᠠᠪᠤᠳᠠᠯ ᠦᠭᠡᠢ ᠪᠠᠢᠪᠠᠯ ᠭᠤᠤᠯᠴᠢ ᠪᠤᠰᠤ ᠪᠣᠯᠴᠢᠬᠠᠨ᠎ᠠ ᠪᠢᠰᠢ ᠦᠦ ?
ᠬᠠᠷᠢᠭᠤᠯᠲᠠ ᠄ ᠡᠮᠴᠢᠯᠡᠭᠡᠨ᠎ᠦ ᠳᠠᠭᠠᠳᠬᠠᠯ᠎ᠤᠨ ᠡᠷᠬᠡ ᠲᠡᠭᠰᠢ ᠭᠡᠳᠡᠭ ᠪᠣᠯ ᠡᠷᠬᠡ ᠲᠡᠭᠰᠢ᠎ᠪᠠᠷ ᠡᠮᠴᠢᠯᠡᠭᠡᠨ᠎ᠦ ᠳᠠᠭᠠᠳᠬᠠᠯ᠎ᠤᠨ ᠵᠠᠷᠤᠳᠠᠯ᠎ᠢ ᠲᠤᠰᠢᠶᠠᠭᠰᠠᠨ᠎ᠤ ᠳᠠᠷᠠᠭ᠎ᠠ ᠂ ᠡᠪᠡᠳᠴᠢᠨ ᠦᠵᠡᠭᠦᠯᠵᠦ ᠡᠮ ᠬᠤᠳᠠᠯᠳᠤᠨ ᠠᠪᠬᠤ᠎ᠳᠤ ᠡᠷᠬᠡ ᠲᠡᠭᠰᠢ ᠡᠮᠴᠢᠯᠡᠭᠡᠨ᠎ᠦ ᠳᠠᠭᠠᠳᠬᠠᠯ᠎ᠤᠨ ᠬᠠᠷᠠᠭᠠᠯᠵᠠᠯ᠎ᠤᠨ ᠪᠠᠲᠤᠯᠠᠭ᠎ᠠ ᠬᠦᠷᠲᠡᠬᠦ᠎ᠶᠢ ᠵᠢᠭᠠᠵᠤ ᠪᠣᠢ ᠃ ᠶᠠᠭᠤᠨ᠎ᠤ ᠡᠮᠦᠨ᠎ᠡ ᠂ ᠳᠠᠭᠠᠳᠬᠠᠯ᠎ᠳᠤ ᠣᠷᠣᠬᠣ᠌᠎ᠳᠤ ᠡᠷᠬᠡ ᠲᠡᠭᠰᠢ ᠂ ᠶᠠᠮᠠᠷᠪᠠ ᠠᠷᠠᠳ ᠢᠷᠭᠡᠳ ᠡᠮᠴᠢᠯᠡᠭᠡᠨ᠎ᠦ ᠳᠠᠭᠠᠳᠬᠠᠯ᠎ᠳᠤ ᠣᠷᠣᠯᠴᠠᠬᠤ ᠡᠷᠬᠡ᠎ᠲᠠᠢ ᠪᠠᠢᠵᠤ ᠂ ᠡᠮᠴᠢᠯᠡᠭᠡᠨ᠎ᠦ ᠳᠠᠭᠠᠳᠬᠠᠯ᠎ᠤᠨ ᠰᠦᠢᠳᠬᠡᠯ ᠲᠤᠰᠢᠶᠠᠬᠤ ᠬᠠᠷᠢᠴᠠᠯ᠎ᠨᠢ ᠠᠳᠠᠯᠢᠬᠠᠨ ᠪᠠᠢᠳᠠᠭ ᠃ ᠳᠠᠷᠠᠭᠠᠯᠠᠪᠠᠯ ᠲᠠᠩᠰᠠ ᠲᠠᠶ᠋ᠢᠯᠬᠤ᠎ᠨᠢ ᠭᠤᠤᠯᠴᠢ ᠪᠠᠢᠵᠤ ᠂ ᠳᠠᠷᠤᠶ ᠡᠪᠡᠳᠴᠢᠯᠡᠭᠰᠡᠨ᠎ᠤ ᠳᠠᠷᠠᠭ᠎ᠠ ᠳᠠᠭᠠᠳᠬᠠᠯ᠎ᠳᠤ ᠣᠷᠣᠯᠴᠠᠭᠰᠠᠳ ᠨᠢᠭᠡᠪᠦᠷᠢ ᠴᠥᠮ ᠲᠠᠩᠰᠠ ᠳᠡᠶ᠋ᠢᠯᠬᠦ᠎ᠪᠠᠷ ᠭᠤᠶᠤᠴᠢᠯᠠᠵᠤ ᠪᠣᠯᠤᠨ᠎ᠠ ᠂ ᠲᠠᠩᠰᠠ ᠲᠠᠶ᠋ᠢᠯᠬᠤ ᠭᠠᠷᠴᠠᠭ ᠂ ᠪᠠᠷᠢᠮᠵᠢᠶ᠎ᠠ ᠨᠢᠭᠡᠳᠦᠯᠲᠡᠶ ᠪᠠᠢᠳᠠᠭ ᠃
3. ᠠᠰᠠᠭᠤᠯᠲᠠ ᠄ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠥᠯᠥᠪᠯᠡᠬᠦ ᠭᠡᠳᠡᠭ ᠨᠢ ᠶᠠᠭᠤ ᠪᠤᠢ ?
ᠬᠠᠷᠢᠭᠤᠯᠲᠠ ᠄ ᠲᠥᠬᠦᠮ᠎ᠢᠶᠠᠷ ᠬᠡᠯᠡᠪᠡᠯ ᠂ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠥᠯᠥᠪᠯᠡᠬᠦ ᠭᠡᠳᠡᠭ ᠨᠢ ᠡᠮᠴᠢᠯᠡᠭᠡᠨ᠎ᠦ ᠳᠠᠭᠠᠳᠬᠠᠯ᠎ᠤᠨ ᠲᠠᠩᠰᠠ ᠲᠠᠶ᠋ᠢᠯᠬᠤ ᠨᠢᠭᠡ ᠵᠦᠢᠯ᠎ᠦᠨ ᠠᠷᠭ᠎ᠠ ᠬᠡᠯᠪᠡᠷᠢ ᠮᠥᠨ ᠂ ᠣᠭ ᠰᠠᠨᠠᠭ᠎ᠠ᠎ᠨᠢ ᠳᠠᠭᠠᠳᠬᠠᠯ᠎ᠳᠤ ᠣᠷᠣᠯᠴᠠᠭᠰᠠᠨ ᠣᠯᠠᠨ ᠲᠦᠮᠡᠨ᠎ᠤ ᠬᠥᠩᠭᠡᠨ ᠡᠪᠡᠳᠴᠢᠨ᠎ᠢ ᠡᠭᠦᠳᠡᠨ ᠡᠮᠨᠡᠯᠭᠡ᠎ᠳᠤ ᠡᠮᠨᠡᠭᠦᠯᠵᠦ ᠲᠠᠩᠰᠠ ᠲᠠᠢᠯᠤᠭᠤᠯᠵᠤ ᠂ ᠡᠭᠦᠳᠡᠨ ᠡᠮᠨᠡᠯᠭᠡ᠎ᠶᠢᠨ ᠵᠠᠷᠤᠳᠠᠯ᠎ᠤᠨ ᠳᠠᠷᠤᠭᠠᠰᠤ᠎ᠶᠢ ᠬᠥᠩᠭᠡᠷᠡᠭᠦᠯᠬᠦ ᠶᠠᠪᠤᠳᠠᠯ ᠪᠣᠯᠤᠨ᠎ᠠ ᠃ ᠡᠭᠦᠨ᠎ᠠᠴᠠ ᠡᠮᠦᠨ᠎ᠡ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠥᠯᠥᠪᠯᠡᠨ ᠬᠡᠷᠡᠭᠯᠡᠬᠦ ᠬᠡᠪᠴᠢᠶ᠎ᠡ᠎ᠶᠢ ᠡᠮ᠎ᠤᠨ ᠳᠡᠯᠭᠡᠭᠦᠷ᠎ᠲᠤ ᠬᠦᠷᠲᠡᠯ᠎ᠡ ᠥᠷᠭᠡᠳᠬᠡᠵᠦ ᠂ ᠣᠯᠠᠨ ᠲᠦᠮᠡᠨ᠎ᠤ ᠣᠶ᠋ᠢᠷ᠎ᠠ ᠬᠠᠪᠢ᠎ᠳᠤ᠎ᠪᠠᠨ ᠡᠮ ᠬᠤᠳᠠᠯᠳᠤᠨ ᠠᠪᠴᠤ ᠲᠠᠩᠰᠠ ᠲᠠᠶ᠋ᠢᠯᠬᠤ᠎ᠳᠤ ᠳᠦᠭᠦᠮ ᠪᠣᠯᠭᠠᠬᠤ᠎ᠶᠢᠨ ᠲᠦᠯᠦᠭᠡ ᠪᠣᠯᠣᠨ᠎ᠠ ᠃
4. ᠠᠰᠠᠭᠤᠯᠲᠠ ᠄ ᠡᠭᠦᠲᠠᠨ ᠡᠮᠨᠡᠯᠭᠡ᠎ᠶᠢᠨ ᠨᠢᠭᠡᠲᠦᠯᠲᠡᠢ ᠲᠦᠯᠦᠪᠯᠡᠬᠦ ᠪᠠ ᠡᠮᠴᠢᠯᠡᠭᠡᠨ᠎ᠦ ᠲᠠᠭᠠᠣᠠᠬᠠᠯ᠎ᠤᠨ ᠬᠣᠪᠢ ᠬᠦᠮᠣᠠ᠎ᠤ ᠲᠠᠩᠰᠠᠨ ᠡᠷᠣᠭᠡ᠎ᠨᠢ ᠶᠠᠮᠠᠷ ᠠᠲᠠᠯᠢ ᠣᠢ᠍ᠭᠡᠢ ᠵᠦᠢᠯ ᠪᠠᠢᠬᠤ ᠪᠤᠢ ?
ᠬᠠᠷᠢᠭᠤᠯᠲᠠ ᠄ ᠬᠤᠪᠢ ᠬᠥᠮᠥᠨ᠎ᠤ ᠲᠠᠩᠰᠠᠨ ᠡᠷᠦᠬᠡ ᠪᠣᠯ ᠠᠵᠢᠯᠲᠠᠨ ᠠᠵᠢᠯᠴᠢᠨ᠎ᠤ ᠥᠪᠡᠷ᠎ᠢᠶᠠᠨ ᠲᠤᠰᠢᠶᠠᠭᠰᠠᠨ ᠵᠣᠭᠤᠰ ᠪᠠᠶ᠋ᠢᠵᠤ ᠂ ᠡᠪᠡᠳᠴᠢᠨ ᠦᠵᠡᠭᠦᠯᠵᠦ ᠡᠮ ᠬᠤᠳᠠᠯᠳᠤᠨ ᠠᠪᠬᠤ 《ᠲᠤᠰᠬᠠᠢ ᠵᠦᠢᠯ᠎ᠤᠨ ᠪᠡᠯᠡ ᠮᠥᠩᠭᠦ》᠎ᠲᠠᠢ ᠠᠳᠠᠯᠢ ᠪᠠᠢᠳᠠᠭ ᠂ ᠡᠮ᠎ᠤᠨ ᠳᠡᠯᠭᠡᠭᠦᠷ᠎ᠠᠴᠠ ᠡᠮ ᠬᠤᠳᠠᠯᠳᠤᠨ ᠠᠪᠬᠤ ᠂ ᠡᠮᠨᠡᠯᠭᠡ᠎ᠶᠢᠨ ᠬᠤᠷᠢᠶᠠᠨ᠎ᠳᠤ ᠡᠮᠴᠢᠯᠡᠭᠦᠯᠵᠦ ᠥᠪᠡᠷ᠎ᠢᠶᠠᠨ ᠰᠦᠢᠳᠬᠡᠯ᠎ᠢᠶᠠᠨ ᠲᠤᠰᠢᠶᠠᠵᠤ ᠂ ᠦᠯᠡᠳᠡᠪᠦᠷᠢ ᠲᠤᠭ᠎ᠠ᠎ᠶᠢ ᠬᠤᠷᠠᠮᠳᠤᠭᠤᠯᠵᠤ ᠪᠣᠯᠣᠨ᠎ᠠ ᠂ ᠡᠨᠡ ᠨᠢ ᠤᠷᠳᠤ ᠬᠤᠭᠤᠴᠠᠭ᠎ᠠ᠎ᠪᠠᠷ ᠬᠦᠴᠦᠨ᠎ᠲᠠᠢ ᠪᠠᠢᠳᠠᠭ ; ᠡᠭᠦᠳᠡᠨ ᠡᠮᠨᠡᠯᠭᠡ᠎ᠶᠢᠨ ᠨᠢᠭᠡᠳᠦᠯᠲᠡᠢ ᠲᠥᠯᠥᠪᠯᠡᠬᠦ ᠨᠢ ᠨᠢᠭᠡᠴᠢ᠎ᠡᠴᠡ ᠡᠮᠴᠢᠯᠡᠭᠡᠨ᠎ᠤ ᠳᠠᠭᠠᠳᠬᠠᠯ᠎ᠤᠨ ᠬᠡᠰᠡᠭ ᠵᠠᠷᠤᠳᠠᠯ᠎ᠢ ᠲᠤᠰᠢᠶᠠᠵᠤ ᠂ ᠳᠠᠭᠠᠳᠬᠠᠯ᠎ᠳᠤ ᠣᠷᠣᠯᠴᠠᠭᠰᠠᠨ ᠠᠵᠢᠯᠲᠠᠨ ᠠᠵᠢᠯᠴᠢᠨ᠎ᠤ ᠬᠠᠮᠲᠤ᠎ᠪᠠᠷ ᠡᠳ᠋ᠯᠡᠬᠦ 《ᠡᠭᠦᠳᠡᠨ ᠡᠮᠨᠡᠯᠭᠡ᠎ᠶᠢᠨ ᠡᠪᠡᠳᠴᠢᠨ ᠦᠵᠡᠭᠦᠯᠬᠦ ᠰᠠᠭᠤᠷᠢ ᠮᠥᠩᠭᠦ》᠎ᠶᠢ ᠪᠦᠷᠢᠯᠳᠦᠭᠦᠯᠵᠦ ᠂ ᠠᠵᠢᠯᠴᠢᠨ ᠠᠵᠢᠯᠲᠠᠨ᠎ᠤ ᠳᠠᠩᠰᠠ ᠲᠠᠶ᠋ᠢᠯᠬᠤ ᠡᠭᠦᠳᠡᠨ ᠡᠮᠨᠡᠯᠭᠡ᠎ᠶᠢᠨ ᠵᠠᠷᠤᠳᠠᠯ᠎ᠳᠤ ᠬᠡᠷᠡᠭᠯᠡᠨ᠎ᠡ ᠂ ᠬᠠᠷᠠᠭᠠᠯᠵᠠᠯ᠎ᠤᠨ ᠲᠥᠪ ᠭᠤᠣᠯᠴᠢ ᠪᠠ ᠰᠠᠭᠤᠷᠢ ᠮᠥᠩᠭᠦ᠎ᠶᠢᠨ ᠦᠷᠭᠦᠯᠵᠢᠯᠡᠬᠦ᠎ᠶᠢ ᠪᠠᠲᠤᠯᠠᠬᠤ᠎ᠶᠢᠨ ᠲᠥᠯᠥᠭᠡ ᠂ ᠵᠢᠯ ᠪᠦᠷᠢ ᠬᠠᠮᠤᠭ᠎ᠤᠨ ᠥᠨᠳᠥᠷ ᠥᠭᠬᠦ ᠬᠢᠵᠠᠭᠠᠷ ᠲᠤᠭ᠎ᠠ᠎ᠶᠢ ᠲᠣᠬᠢᠷᠠᠭᠤᠯᠬᠤ ᠪᠣᠯᠣᠨ᠎ᠠ ᠃
5. ᠠᠰᠠᠭᠤᠯᠲᠠ ᠄ ᠵᠢᠵᠢᠭᠯᠡᠨ ᠬᠤᠳᠠᠯᠳᠤᠬᠤ ᠡᠮ᠎ᠤᠨ ᠳᠡᠯᠭᠡᠭᠦᠷ ᠨᠢ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠦᠯᠦᠪᠯᠡᠬᠦ᠎ᠶᠢ ᠬᠡᠷᠡᠭᠯᠡᠵᠦ ᠳᠡᠶ᠋ᠢᠯᠬᠦ ᠥᠬᠡᠶ᠎ᠨᠢ ᠬᠤᠪᠢ ᠬᠥᠮᠦᠨ᠎ᠤ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠥᠯᠥᠪᠯᠡᠬᠦ ᠬᠠᠷᠠᠭᠠᠯᠵᠠᠯ ᠦᠭᠡᠢ ᠪᠣᠯᠤᠭᠰᠠᠨ᠎ᠢ ᠬᠠᠷᠠᠭᠤᠯᠵᠤ ᠪᠠᠶ᠋ᠢᠨ᠎ᠠ ᠦᠦ ?
ᠬᠠᠷᠢᠭᠤᠯᠲᠠ ᠄ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠥᠯᠥᠪᠯᠡᠬᠦ ᠬᠠᠷᠠᠭᠠᠯᠵᠠᠯ᠎ᠢ ᠬᠦᠴᠦᠨ ᠥᠬᠡᠶ ᠪᠣᠯᠭᠠᠭᠰᠠᠨ ᠪᠢᠰᠢ ᠂ ᠵᠢᠯ ᠪᠦᠷᠢ᠎ᠶᠢᠨ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠥᠯᠥᠪᠯᠡᠬᠦ ᠲᠤᠭ᠎ᠠ ᠬᠡᠮᠵᠢᠶ᠎ᠡ ᠮᠥᠨ ᠬᠦ᠌ ᠣᠷᠣᠰᠢᠵᠤ ᠂ ᠨᠥᠬᠦᠴᠡᠯ᠎ᠳᠤ ᠨᠡᠶ᠋ᠢᠴᠡᠬᠦ ᠡᠮᠴᠢᠯᠡᠭᠡᠨ᠎ᠦ ᠳᠠᠭᠠᠳᠬᠠᠯ᠎ᠤᠨ ᠲᠣᠭᠲᠠᠭᠰᠠᠨ ᠴᠡᠭ᠎ᠤᠨ ᠪᠠᠶ᠋ᠢᠭᠤᠯᠤᠮᠵᠢ ᠨᠢ ᠴᠥᠮ ᠬᠡᠷᠡᠭᠯᠡᠵᠦ ᠪᠣᠯᠤᠨ᠎ᠠ ᠃
6. ᠠᠰᠠᠭᠤᠯᠲᠠ ᠄ ᠲᠡᠭᠡᠪᠡᠯ ᠡᠭᠦᠳᠡᠨ ᠡᠮᠨᠡᠯᠭᠡ᠎ᠶᠢᠨ ᠤᠳᠠᠭᠠᠨ ᠴᠢᠨᠠᠷᠲᠠᠢ ᠣᠨᠴᠠᠭᠠᠢ ᠡᠪᠡᠳᠴᠢᠨ ᠂ ᠡᠭᠦᠳᠡᠨ ᠡᠮᠨᠡᠯᠭᠡ᠎ᠶᠢᠨ ᠣᠨᠴᠠ ᠬᠡᠷᠡᠭᠯᠡᠭᠡᠨ᠎ᠦ ᠡᠮ᠎ᠢ ᠡᠪᠡᠳᠴᠢᠲᠡᠨ ᠪᠠᠰᠠ ᠲᠣᠭᠲᠠᠭᠰᠠᠨ ᠴᠡᠭ᠎ᠤᠨ ᠵᠢᠵᠢᠭᠯᠡᠨ ᠬᠤᠳᠠᠯᠳᠤᠬᠤ ᠡᠮ᠎ᠤᠨ ᠳᠡᠯᠭᠡᠭᠦᠷ᠎ᠲᠤ ᠣᠴᠢᠵᠤ ᠬᠤᠳᠠᠯᠳᠤᠨ ᠠᠪᠴᠤ ᠪᠣᠯᠤᠨ᠎ᠠ ᠦᠦ ?
ᠬᠠᠷᠢᠭᠤᠯᠲᠠ ᠄ ᠪᠣᠯᠣᠨ᠎ᠠ ᠂ A ᠲᠠᠰ᠎ᠤᠨ (ᠬᠤᠤᠰ ᠨᠡᠪᠲᠡᠷᠡᠬᠦ ᠵᠠᠮ) ᠡᠮᠴᠢᠯᠡᠭᠡᠨ᠎ᠤ ᠳᠠᠭᠠᠳᠬᠠᠯ᠎ᠤᠨ ᠲᠣᠭᠲᠠᠭᠰᠠᠨ ᠴᠡᠭ᠎ᠤᠨ ᠵᠢᠵᠢᠭᠯᠡᠨ ᠬᠤᠳᠠᠯᠳᠤᠬᠤ ᠡᠮ᠎ᠤᠨ ᠳᠡᠯᠭᠡᠭᠦᠷ᠎ᠲᠤ ᠣᠴᠢᠵᠤ ᠪᠣᠯᠤᠨ᠎ᠠ ᠃ ᠡᠭᠦᠳᠡᠨ ᠡᠮᠨᠡᠯᠭᠡ᠎ᠶᠢᠨ ᠤᠳᠠᠭᠠᠨ ᠴᠢᠨᠠᠷᠲᠠᠶ ᠣᠨᠴᠠᠭᠠᠢ ᠡᠪᠡᠳᠴᠢᠨ ᠂ ᠡᠭᠦᠳᠡᠨ ᠡᠮᠨᠡᠯᠭᠡ᠎ᠶᠢᠨ ᠣᠨᠴᠠᠭᠠᠢ ᠡᠮ ᠬᠡᠷᠡᠭᠯᠡᠵᠦ ᠪᠠᠶ᠋ᠢᠭ᠎ᠠ ᠡᠪᠡᠳᠴᠢᠲᠡᠨ᠎ᠤ ᠬᠡᠷᠡᠭᠴᠡᠭᠡ ᠱᠠᠭᠠᠷᠳᠠᠯᠭ᠎ᠠ᠎ᠶᠢ ᠪᠠᠲᠤᠯᠠᠬᠤ᠎ᠶᠢᠨ ᠲᠤᠰᠠᠳᠠ ᠂ A ᠲᠡᠰ᠎ᠤᠨ ᠲᠣᠭᠲᠠᠭᠰᠠᠨ ᠴᠡᠭ᠎ᠦᠨ ᠵᠢᠵᠢᠭᠯᠡᠨ ᠬᠤᠳᠠᠯᠳᠤᠬᠤ ᠡᠮ᠎ᠤᠨ ᠳᠡᠯᠭᠡᠭᠦᠷ᠎ᠲᠤ ᠂ ᠤᠤᠯ᠎ᠤᠨ ᠬᠤᠤᠰ ᠨᠡᠪᠲᠡᠷᠡᠬᠦ ᠵᠠᠮ ᠂ ᠲᠤᠬᠠᠶ᠋ᠢᠯᠠᠪᠠᠯ ᠡᠭᠦᠳᠡᠨ ᠡᠮᠨᠡᠯᠭᠡ᠎ᠶᠢᠨ ᠤᠳᠠᠭᠠᠨ ᠴᠢᠨᠠᠷᠲᠠᠶ ᠣᠨᠴᠠᠭᠠᠢ ᠡᠪᠡᠳᠴᠢᠨ ᠪᠠ ᠡᠭᠦᠳᠡᠨ ᠡᠮᠨᠡᠯᠭᠡ᠎ᠶᠢᠨ ᠣᠨᠴᠠ ᠬᠡᠷᠡᠭᠯᠡᠭᠡᠨ᠎ᠦ ᠡᠮ᠎ᠤᠨ ᠡᠮᠴᠢᠯᠡᠭᠡᠨ᠎ᠦ ᠳᠠᠭᠠᠳᠬᠠᠯ᠎ᠤᠨ ᠲᠣᠭᠲᠠᠭᠰᠠᠨ ᠴᠡᠭ᠎ᠦᠨ ᠴᠢᠳᠠᠮᠵᠢ᠎ᠶᠢᠨ ᠣᠯᠠᠩᠬᠢ ᠲᠤᠭ᠎ᠠ᠎ᠶᠢ ᠮᠥᠨ ᠬᠦ᠌ ᠦᠯᠡᠳᠡᠭᠡᠨ᠎ᠡ ᠂ ᠵᠢᠱ᠌ᠢᠶᠡᠯᠡᠪᠡᠯ ᠬᠥᠬᠡᠬᠤᠲᠠ ᠣᠷᠣᠨ᠎ᠳᠠᠬᠢ A ᠳᠡᠰ (ᠬᠤᠤᠰ ᠨᠡᠪᠲᠡᠷᠡᠬᠦ ᠵᠠᠮ)᠎ᠤᠨ ᠡᠮᠴᠢᠯᠡᠭᠡᠨ᠎ᠤ ᠳᠠᠭᠠᠳᠬᠠᠯ᠎ᠤᠨ ᠲᠣᠭᠲᠠᠭᠰᠠᠨ ᠴᠡᠭ᠎ᠦᠨ ᠵᠢᠵᠢᠭᠯᠡᠨ ᠬᠤᠳᠠᠯᠳᠤᠬᠤ ᠡᠮ᠎ᠤᠨ ᠳᠡᠯᠭᠡᠭᠦᠷ᠎ᠨᠢ ᠡᠮᠴᠢᠯᠡᠭᠡᠨ᠎ᠤ ᠳᠠᠭᠠᠳᠬᠠᠯ᠎ᠤᠨ ᠬᠤᠪᠢ ᠬᠥᠮᠦᠨ᠎ᠤ ᠲᠠᠩᠰᠠᠨ ᠡᠷᠦᠬᠡ᠎ᠪᠠᠷ ᠡᠮ ᠬᠤᠳᠠᠯᠳᠤᠨ ᠠᠪᠴᠤ ᠪᠣᠯᠬᠤ ᠮᠥᠷᠲᠡᠭᠡᠨ ᠪᠠᠰᠠ ᠡᠭᠦᠳᠡᠨ ᠡᠮᠨᠡᠯᠭᠡ᠎ᠶᠢᠨ ᠤᠳᠠᠭᠠᠨ ᠴᠢᠨᠠᠷᠲᠠᠶ ᠣᠨᠴᠠᠭᠠᠢ ᠡᠪᠡᠳᠴᠢᠨ ᠪᠠ ᠡᠭᠦᠳᠡᠨ ᠡᠮᠨᠡᠯᠭᠡ᠎ᠶᠢᠨ ᠣᠨᠴᠠ ᠬᠡᠷᠡᠭᠯᠡᠭᠡᠨ᠎ᠦ ᠡᠮ᠎ᠤᠨ ᠨᠢᠭᠡᠳᠦᠯᠲᠡᠶ ᠲᠥᠯᠥᠪᠯᠡᠬᠦ ᠰᠠᠭᠤᠷᠢ ᠮᠥᠩᠭᠦ᠎ᠶᠢᠨ ᠲᠠᠩᠰᠠ ᠲᠠᠶ᠋ᠢᠯᠬᠤ ᠬᠠᠷᠠᠭᠠᠯᠵᠠᠯ᠎ᠢ ᠬᠦᠷᠲᠡᠵᠦ ᠪᠣᠯᠤᠨ᠎ᠠ ᠃
7. ᠠᠰᠠᠭᠤᠯᠲᠠ ᠄ ᠬᠠᠮᠢᠭ᠎ᠠ᠎ᠠᠴᠠ ᠡᠮ ᠬᠤᠳᠠᠯᠳᠤᠨ ᠠᠪᠤᠪᠠᠯ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠦᠯᠦᠪᠯᠡᠬᠦ᠎ᠶᠢ ᠬᠡᠷᠡᠭᠯᠡᠵᠦ ᠪᠣᠯᠬᠤ ᠪᠣᠶ ?
ᠬᠠᠷᠢᠭᠤᠯᠲᠠ ᠄ ᠬᠤᠶᠠᠳᠤᠭᠠᠷ ᠳᠡᠰ ᠵᠢᠴᠢ ᠲᠡᠭᠦᠨ᠎ᠠᠴᠠ ᠳᠡᠭᠡᠭᠰᠢᠬᠢ ᠡᠮᠴᠢᠯᠡᠭᠡᠨ᠎ᠤ ᠪᠠᠶ᠋ᠢᠭᠤᠯᠤᠮᠵᠢ (ᠵᠢᠱ᠌ᠢᠶᠡᠯᠡᠪᠡᠯ ᠄ ᠬᠤᠰᠢᠭᠤ ᠰᠢᠶᠠᠨ᠎ᠤ ᠱᠠᠲᠤ ᠂ ᠬᠤᠲᠠ᠎ᠶᠢᠨ ᠱᠠᠲᠤ ᠂ ᠥᠪᠡᠷᠲᠡᠭᠡᠨ ᠵᠠᠰᠠᠬᠤ ᠣᠷᠣᠨ᠎ᠤ ᠱᠠᠲᠤᠨ᠎ᠤ ᠡᠮᠨᠡᠯᠭᠡ᠎ᠶᠢᠨ ᠬᠤᠷᠢᠶ᠎ᠠ)᠎ᠳᠦ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠦᠯᠦᠪᠯᠡᠬᠦ᠎ᠶᠢ ᠴᠥᠮ ᠬᠡᠷᠡᠭᠯᠡᠵᠦ ᠪᠣᠯᠣᠨ᠎ᠠ ᠃
ᠦᠨᠳᠦᠰᠦᠨ ᠱᠠᠲᠤᠨ᠎ᠤ ᠨᠡᠶ᠋ᠢᠭᠡᠮ ᠲᠣᠭᠣᠷᠢᠭ᠋᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠪᠠᠶ᠋ᠢᠭᠤᠯᠤᠮᠵᠢ ᠂ ᠰᠢᠶᠠᠩ ᠪᠠᠯᠭᠠᠰᠤᠨ᠎ᠤ ᠡᠷᠡᠭᠦᠯ ᠬᠠᠮᠠᠭᠠᠯᠠᠯ᠎ᠤᠨ ᠬᠣᠷᠢᠶ᠎ᠠ᠎ᠳᠦ ᠡᠩ᠎ᠤᠨ ᠪᠠᠶ᠋ᠢᠳᠠᠯ᠎ᠳᠦ ᠪᠠᠰᠠ ᠡᠭᠦᠳᠡᠨ ᠡᠮᠨᠡᠯᠭᠡ᠎ᠶᠢᠨ ᠨᠢᠭᠡᠳᠦᠯᠲᠡᠶ ᠲᠥᠯᠥᠪᠯᠡᠬᠦ᠎ᠶᠢ ᠬᠡᠷᠡᠭᠯᠡᠵᠦ ᠪᠣᠯᠤᠨ᠎ᠠ ᠃
8. ᠠᠰᠠᠭᠤᠯᠲᠠ ᠄ ᠨᠡᠶ᠋ᠢᠭᠡᠮ ᠲᠣᠭᠤᠷᠢᠭ᠋᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠲᠥᠪ᠎ᠠᠴᠠ ᠡᠮ ᠬᠤᠳᠠᠯᠳᠤᠨ ᠠᠪᠬᠤ ᠨᠢ ᠶᠠᠮᠠᠷ ᠰᠠᠶ᠋ᠢᠨ ᠲᠠᠯ᠎ᠠ᠎ᠲᠠᠢ ᠪᠣᠢ ?
ᠬᠠᠷᠢᠭᠤᠯᠲᠠ ᠄ ᠭᠤᠷᠪᠠᠨ ᠲᠠᠯ᠎ᠠ᠎ᠶᠢᠨ ᠪᠣᠳᠠᠲᠤ ᠠᠰᠢᠭ᠋ ᠲᠤᠰᠠᠲᠠᠢ ᠂ ᠨᠢᠭᠡ᠎ᠳᠤ ᠂ ᠳᠠᠩᠰᠠ ᠲᠠᠶ᠋ᠢᠯᠬᠤ ᠬᠠᠷᠢᠴᠠᠯ ᠥᠨᠳᠥᠷ ᠂ ᠡᠮᠴᠢᠯᠡᠭᠡᠨ᠎ᠦ ᠪᠠᠲᠤᠯᠠᠭ᠎ᠠ᠎ᠶᠢᠨ ᠰᠠᠯᠠᠭ᠎ᠠ ᠮᠥᠴᠢᠷ᠎ᠠᠴᠠ ᠠᠳᠠᠯᠢ ᠪᠤᠰᠤ ᠡᠮᠴᠢᠯᠡᠭᠡᠨ᠎ᠤ ᠪᠠᠶ᠋ᠢᠭᠤᠯᠤᠮᠵᠢ᠎ᠳᠤ ᠴᠢᠭᠯᠡᠭᠦᠯᠦᠨ ᠠᠳᠠᠯᠢ ᠪᠤᠰᠤ ᠳᠠᠩᠰᠠ ᠲᠠᠶ᠋ᠢᠯᠬᠤ ᠬᠠᠷᠢᠴᠠᠯ᠎ᠢ ᠲᠣᠭᠲᠠᠭᠠᠵᠤ ᠂ ᠨᠢᠭᠡᠳᠦᠭᠡᠷ ᠳᠡᠰ ᠵᠢᠴᠢ ᠲᠡᠭᠦᠨ᠎ᠠᠴᠠ ᠳᠣᠷᠣᠭ᠍ᠰᠢᠬᠢ ᠦᠨᠳᠦᠰᠦᠨ ᠱᠠᠲᠤᠨ᠎ᠤ ᠡᠮᠴᠢᠯᠡᠭᠡᠨ᠎ᠤ ᠪᠠᠶ᠋ᠢᠭᠤᠯᠤᠮᠵᠢ᠎ᠳᠤ ᠳᠠᠩᠰᠠ ᠲᠠᠶ᠋ᠢᠯᠬᠤ᠎ᠨᠢ ᠬᠠᠮᠤᠭ᠎ᠤᠨ ᠥᠨᠳᠥᠷ ᠪᠠᠶ᠋ᠢᠵᠤ ᠂ ᠬᠠᠷᠠᠭᠠᠯᠵᠠᠭᠰᠠᠨ ᠡᠪᠡᠳᠴᠢᠲᠡᠨ᠎ᠤ ᠡᠪᠡᠳᠴᠢᠨ ᠦᠵᠡᠭᠦᠯᠵᠦ ᠡᠮ ᠬᠤᠳᠠᠯᠳᠤᠨ ᠠᠪᠬᠤ ᠳᠠᠷᠤᠭᠠᠰᠤ᠎ᠨᠢ ᠴᠦ᠍ ᠨᠡᠯᠢᠶᠡᠳ ᠳᠣᠣᠷ᠎ᠠ ᠪᠠᠢᠳᠠᠭ ᠃ ᠬᠤᠶᠠᠷ᠎ᠲᠤ ᠂ ᠦᠨᠳᠦᠰᠦᠨ ᠱᠠᠲᠤᠨ᠎ᠤ ᠡᠮᠴᠢᠯᠡᠭᠡᠨ᠎ᠤ ᠪᠠᠶ᠋ᠢᠭᠤᠯᠤᠮᠵᠢ᠎ᠳᠤ ᠡᠪᠡᠳᠴᠢᠨ ᠦᠵᠡᠭᠦᠯᠵᠦ ᠡᠮ ᠬᠤᠳᠠᠯᠳᠤᠨ ᠠᠪᠴᠤ ᠂ ᠡᠮ ᠬᠡᠷᠡᠭᠯᠡᠬᠦ᠎ᠶᠢᠨ ᠠᠮᠤᠷ ᠲᠦᠪᠰᠢᠨ ᠴᠢᠨᠠᠷ ᠨᠡᠩ ᠥᠨᠳᠥᠷ ᠪᠠᠶ᠋ᠢᠵᠤ ᠂ ᠡᠪᠡᠳᠴᠢᠲᠡᠨ ᠡᠮᠨᠡᠭᠦᠯᠦᠭᠰᠡᠨᠤ ᠳᠠᠷᠠᠭ᠎ᠠ ᠡᠮ ᠬᠡᠷᠡᠭᠯᠡᠬᠦ᠎ᠶᠢ ᠵᠢᠯᠣᠭᠤᠳᠴᠤ ᠂ ᠡᠮ ᠬᠡᠷᠡᠭᠯᠡᠬᠦ᠎ᠶᠢ ᠨᠡᠩ ᠠᠮᠤᠷ ᠲᠦᠪᠰᠢᠨ ᠪᠣᠯᠭᠠᠵᠤ ᠪᠣᠯᠤᠨ᠎ᠠ ᠃ ᠭᠤᠷᠪᠠ᠎ᠳᠤ ᠂ ᠡᠮ᠎ᠤᠨ ᠵᠦᠢᠯ᠎ᠢ ᠪᠦᠷᠢᠨ ᠭᠦᠢᠴᠡᠳ ᠲᠣᠬᠢᠷᠠᠭᠤᠯᠵᠤ ᠂ ᠦᠨᠳᠦᠰᠦᠨ ᠡᠮ ᠂ ᠪᠠᠶ᠋ᠢᠩᠭᠤ ᠪᠡᠯᠡᠳᠬᠡᠬᠦ ᠡᠮ᠎ᠢ ᠪᠦᠷᠢᠨ ᠭᠦᠢᠴᠡᠳ ᠲᠣᠬᠢᠷᠠᠭᠤᠯᠵᠤ ᠂ ᠭᠡᠷ᠎ᠤᠨ ᠡᠭᠦᠳᠡᠨ᠎ᠳᠤ᠎ᠪᠠᠨ ᠡᠪᠡᠳᠴᠢᠨ ᠦᠵᠡᠭᠦᠯᠵᠦ ᠂ ᠡᠮ ᠬᠤᠳᠠᠯᠳᠤᠨ ᠠᠪᠴᠤ ᠂ ᠭᠡᠷ᠎ᠤᠨ ᠡᠭᠦᠳᠡᠨ᠎ᠳᠤ᠎ᠪᠠᠨ ᠡᠮᠴᠢᠯᠡᠭᠡᠨ᠎ᠦ ᠳᠠᠭᠠᠳᠬᠠᠯ᠎ᠤᠨ ᠡᠯ᠎ᠡ ᠵᠦᠢᠯ᠎ᠤᠨ ᠬᠠᠷᠠᠭᠠᠯᠵᠠᠯ᠎ᠤᠨ ᠲᠥᠷᠥ᠎ᠶᠢᠨ ᠪᠣᠳᠣᠯᠭ᠎ᠠ᠎ᠶᠢ ᠬᠦᠷᠲᠡᠵᠦ ᠪᠣᠯᠤᠨ᠎ᠠ ᠃
9. ᠨᠡᠶ᠋ᠢᠭᠡᠮ ᠲᠣᠭᠤᠷᠢᠭ᠋᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠪᠠᠶ᠋ᠢᠭᠤᠯᠤᠮᠵᠢ᠎ᠶᠢᠨ ᠡᠮ᠎ᠤᠨ ᠵᠦᠢᠯ ᠪᠦᠷᠢᠨ ᠪᠠᠢᠨ᠎ᠠ ᠦᠦ ? ᠭᠠᠳᠠᠭᠠᠳᠤ᠎ᠠᠴᠠ ᠣᠷᠣᠭᠤᠯᠤᠭᠰᠠᠨ ᠡᠮ ᠂ ᠤᠤᠯ ᠨᠠᠢᠷᠠᠯᠭ᠎ᠠ᠎ᠲᠠᠢ ᠡᠮ ᠪᠠᠶ᠋ᠢᠨ᠎ᠠ ᠤᠤ ?
ᠬᠠᠷᠢᠭᠤᠯᠲᠠ ᠄ ᠡᠮᠴᠢᠯᠡᠭᠡᠨ᠎ᠤ ᠪᠠᠲᠤᠯᠠᠭ᠎ᠠ ᠂ ᠡᠷᠡᠭᠦᠯ ᠬᠠᠮᠠᠭᠠᠯᠠᠯ ᠡᠷᠡᠭᠦᠯ ᠮᠡᠨᠳᠦ᠎ᠶᠢᠨ ᠰᠠᠯᠠᠭ᠎ᠠ ᠮᠥᠴᠢᠷ᠎ᠤᠳ ᠣᠯᠠᠨ ᠠᠷᠭ᠎ᠠ ᠬᠡᠮᠵᠢᠶ᠎ᠡ ᠠᠪᠴᠤ ᠪᠠᠶ᠋ᠢᠭᠠᠳ ᠦᠨᠳᠦᠰᠦᠨ ᠱᠠᠲᠤᠨ᠎ᠤ ᠡᠮ᠎ᠤᠨ ᠵᠦᠢᠯ᠎ᠤᠨ ᠲᠣᠬᠢᠷᠠᠭᠤᠯᠤᠯᠲᠠ᠎ᠶᠢ ᠠᠬᠢᠭᠤᠯᠵᠤ ᠂ ᠣᠶ᠋ᠢᠷ᠎ᠠ᠎ᠶᠢᠨ ᠬᠤᠭᠤᠴᠠᠭᠠᠨ᠎ᠳᠤ ᠦᠨᠳᠦᠰᠦᠨ ᠱᠠᠲᠤᠨ᠎ᠤ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠪᠠᠶ᠋ᠢᠭᠤᠯᠤᠮᠵᠢ᠎ᠨᠢ ᠣᠯᠠᠨ ᠲᠦᠮᠡᠨ᠎ᠤ ᠬᠡᠷᠡᠭᠴᠡᠭᠡ ᠱᠠᠭᠠᠷᠳᠠᠯᠭ᠎ᠠ᠎ᠶᠢ ᠦᠨᠳᠦᠰᠦᠯᠡᠨ ᠂ ᠡᠮ᠎ᠤᠨ ᠲᠥᠷᠥᠯ ᠵᠦᠢᠯ ᠪᠠ ᠨᠥᠭᠡᠴᠡ᠎ᠶᠢ ᠨᠢᠭᠡᠨᠲᠡ ᠲᠦᠷᠭᠡᠨ᠎ᠢᠶᠠᠷ ᠨᠡᠮᠡᠭᠳᠡᠭᠦᠯᠵᠦ ᠂ ᠡᠭᠦᠨ᠎ᠳᠤ ᠭᠠᠳᠠᠭᠠᠳᠤ᠎ᠠᠴᠠ ᠣᠷᠣᠭᠤᠯᠤᠭᠰᠠᠨ ᠡᠮ ᠪᠠ ᠤᠤᠯ ᠨᠠᠶ᠋ᠢᠷᠠᠯᠭ᠎ᠠ᠎ᠲᠠᠢ ᠡᠮ᠎ᠢ ᠪᠠᠭᠲᠠᠭᠠᠵᠤ ᠂ ᠣᠯᠠᠨ ᠲᠦᠮᠡᠨ᠎ᠤ ᠬᠡᠷᠡᠭᠴᠡᠭᠡ ᠱᠠᠭᠠᠷᠳᠠᠯᠭ᠎ᠠ᠎ᠶᠢ ᠦᠨᠳᠦᠰᠦᠨ᠎ᠳᠤ᠎ᠪᠠᠨ ᠬᠠᠩᠭᠠᠵᠤ ᠳᠡᠢᠯᠦᠨ᠎ᠡ ᠃ ᠬᠡᠷᠪᠡ ᠣᠯᠠᠨ᠎ᠢᠶᠠᠷ᠎ᠢᠶᠠᠨ ᠡᠮ ᠳᠤᠲᠠᠭᠳᠠᠭᠰᠠᠨ ᠪᠠᠶ᠋ᠢᠳᠠᠯ ᠲᠣᠬᠢᠶᠠᠯᠳᠤᠪᠠᠯ ᠂ ᠨᠡᠶ᠋ᠢᠭᠡᠮ ᠲᠣᠭᠤᠷᠢᠭ᠋᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠪᠠᠶ᠋ᠢᠭᠤᠯᠤᠮᠵᠢ᠎ᠠᠴᠠ ᠲᠠᠨ᠎ᠢ ᠬᠠᠪᠰᠤᠷᠤᠨ ᠳᠠᠩᠰᠠᠯᠠᠭᠤᠯᠵᠤ ᠂ ᠴᠠᠭ ᠲᠤᠬᠠᠶ᠎ᠳᠦ ᠨᠢ ᠬᠠᠷᠢᠯᠴᠠᠵᠤ ᠲᠣᠬᠢᠷᠠᠭᠤᠯᠤᠨ ᠬᠦᠷᠭᠡᠬᠦ ᠪᠣᠯᠣᠨ᠎ᠠ ᠃
10. ᠠᠰᠠᠭᠤᠯᠲᠠ ᠄ ᠨᠡᠶ᠋ᠢᠭᠡᠮ ᠲᠣᠭᠤᠷᠢᠭ᠋᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠪᠠᠶ᠋ᠢᠭᠤᠯᠤᠮᠵᠢ᠎ᠶᠢᠨ ᠦᠨᠳᠦᠰᠦᠨ ᠡᠮ ᠂ ᠬᠢᠮᠳᠠ ᠡᠮ᠎ᠨᠢ ᠡᠪᠡᠳᠴᠢᠨ᠎ᠳᠦ ᠲᠤᠰᠠᠲᠠᠢ ᠦᠦ ?
ᠬᠠᠷᠢᠭᠤᠯᠲᠠ ᠄ ᠡᠮ᠎ᠤᠨ ᠦᠨᠡᠨ᠎ᠢ ᠡᠮ᠎ᠤᠨ ᠲᠤᠰᠠᠲᠠᠢ ᠲᠡᠩᠴᠡᠭᠦᠦ ᠪᠢᠰᠢ ᠂ ᠦᠨ᠎ᠡ ᠨᠢ ᠥᠨᠳᠥᠷ ᠪᠣᠯᠬᠤ ᠲᠤᠰᠤᠮ ᠲᠤᠰᠠ ᠨᠢ ᠶᠡᠬᠡ ᠶᠠᠪᠤᠳᠠᠯ ᠪᠢᠰᠢ ᠃ ᠨᠡᠶ᠋ᠢᠭᠡᠮ ᠲᠣᠭᠤᠷᠢᠭ᠋᠎ᠤᠨ ᠬᠢᠮᠳᠠ ᠡᠮ᠎ᠤᠨ ᠣᠯᠠᠩᠬᠢ᠎ᠨᠢ ᠤᠷᠲᠤ ᠬᠤᠭᠤᠴᠠᠭᠠᠨ᠎ᠤ ᠰᠢᠯᠭᠠᠨ ᠪᠠᠶ᠋ᠢᠴᠠᠭᠠᠯᠲᠠ᠎ᠶᠢ ᠥᠩᠭᠡᠷᠡᠭᠡᠭᠰᠡᠨ ᠦᠨᠳᠦᠰᠦᠨ ᠰᠠᠶ᠋ᠢᠨ ᠡᠮ ᠪᠣᠯᠤᠨ᠎ᠠ ᠂ ᠡᠮᠴᠢᠯᠡᠭᠡᠨ᠎ᠤ ᠲᠤᠰᠠ᠎ᠨᠢ ᠲᠣᠳᠣᠷᠬᠠᠶ ᠪᠠᠶ᠋ᠢᠵᠤ ᠂ ᠤᠯᠤᠰ᠎ᠠᠴᠠ ᠦᠢᠯᠡᠳᠪᠦᠷᠢᠯᠡᠭᠰᠡᠨ ᠳᠠᠭᠤᠷᠢᠶᠠᠮᠠᠯ ᠡᠮ ᠪᠣᠯᠤᠨ ᠭᠠᠳᠠᠭᠠᠳᠤ᠎ᠠᠴᠠ ᠣᠷᠣᠭᠤᠯᠤᠭᠰᠠᠨ ᠡᠮ᠎ᠨᠢ ᠪᠠᠰᠠ ᠨᠢᠭᠡᠳᠦᠯᠲᠦ ᠴᠢᠨᠠᠷᠲᠠᠢ ᠦᠨᠡᠯᠡᠯᠲᠡ ᠬᠢᠵᠦ ᠂ ᠤᠤᠯ ᠨᠠᠢᠷᠠᠯᠭ᠎ᠠ᠎ᠲᠠᠢ ᠡᠮ᠎ᠤᠨ ᠶᠠᠰᠤ ᠴᠢᠨᠠᠷ ᠪᠣᠯᠤᠨ ᠡᠮᠴᠢᠯᠡᠭᠡᠨ᠎ᠤ ᠲᠤᠰᠠ᠎ᠯᠤᠭ᠎ᠠ ᠨᠢᠭᠡᠳᠦᠯᠲᠡᠶ ᠪᠠᠶ᠋ᠢᠳᠠᠭ ᠃