ᠡᠮ ᠡᠮᠨᠡᠯᠬᠡ ᠶᠢᠨ ᠮᠡᠳᠡᠯᠬᠡ ︵1︶
ᠨᠡᠶᠢᠲᠡᠯᠡᠭᠰᠡᠨ ᠴᠠᠭ᠄
2021/7/10
      ᠲᠤᠮᠳᠡ ᠦᠳᠡᠯᠦᠬᠡ ᠨᠠᠰᠤᠨ ᠤ ᠬᠦᠮᠦᠨ ᠠᠮᠢᠰᠬᠤᠯ ᠤᠨ ᠵᠠᠮ ᠤᠨ ᠲᠦᠷᠭᠡᠨ ᠴᠢᠨᠡᠷᠳᠡᠢ ᠦᠷᠪᠢᠰᠦᠯ ᠳᠤ ᠨᠡᠷᠪᠡᠭᠳᠡᠪᠡᠯ ᠶᠠᠭᠠᠬᠢᠬᠤ ᠪᠤᠢ︖      ᠠᠮᠢᠰᠬᠤᠯ ᠤᠨ ᠵᠠᠮ ᠤᠨ ᠲᠦᠷᠭᠡᠨ ᠴᠢᠨᠡᠷᠳᠡᠢ ᠦᠷᠪᠢᠰᠦᠯ ᠪᠤᠯ ᠲᠠᠷᠤᠢ ᠬᠢᠮᠤᠷᠠᠭ᠎ᠠ ᠲᠠᠭᠰᠢᠭᠤᠷ ᠪᠤᠯᠤᠨ᠎ᠠ᠂ ᠡᠭᠦᠨ ᠳᠤ ᠡᠩ ᠤᠨ ᠬᠢᠮᠤᠷᠠᠭ᠎ᠠ᠂ ᠸᠧᠢᠷᠦ᠋ᠰ ᠤᠨ ᠴᠢᠨᠡᠷᠳᠡᠢ ᠬᠤᠭᠤᠯᠠᠢ ᠶᠢᠨ ᠦᠷᠪᠢᠰᠦᠯ᠂ ᠵᠠᠯᠬᠢᠭᠤᠷ ᠤᠨ ᠦᠷᠪᠢᠰᠦᠯ᠂ ᠴᠦᠪᠦᠷᠢᠬᠦᠳᠤ ᠴᠢᠨᠡᠷᠳᠡᠢ ᠵᠠᠯᠬᠢᠭᠤᠷ ᠤᠨ ᠦᠷᠪᠢᠰᠦᠯ᠂ ᠪᠠᠺᠲ᠋ᠧᠷᠢ ᠶᠢᠨ ᠴᠢᠨᠡᠷᠳᠡᠢ ᠵᠠᠯᠬᠢᠭᠤᠷ᠂ ᠬᠦᠢᠯᠡᠰᠦᠨ ᠪᠤᠯᠴᠢᠷᠬᠠᠢ ᠶᠢᠨ ᠦᠷᠪᠢᠰᠦᠯ ᠪᠠᠭᠳᠠᠨ᠎ᠠ᠃ ᠤᠯᠠᠩᠬᠢ ᠨᠢ ᠠᠶᠠᠨᠳᠠᠭᠠᠨ ᠡᠳᠡᠭᠡᠷᠡᠳᠡᠭ᠂ ᠭᠡᠪᠡᠴᠦ ᠡᠪᠡᠳᠴᠢᠨ ᠡᠭᠦᠰᠬᠦ ᠨᠤᠷᠮ᠎ᠠ ᠨᠢ ᠨᠡᠯᠢᠶᠠᠳ ᠦᠨᠳᠦᠷ ᠪᠠᠶᠢᠳᠠᠭ᠃ ᠲᠤᠮᠳᠡ ᠦᠳᠡᠯᠦᠬᠡ ᠨᠠᠰᠤᠨ ᠤ ᠬᠦᠮᠦᠨ ᠤ ᠡᠪᠡᠳᠴᠢᠨ ᠢ ᠡᠰᠡᠷᠭᠦᠴᠡᠬᠦ ᠬᠦᠴᠦ ᠨᠢ ᠡᠳᠦᠷ ᠢᠷᠡᠬᠦᠶ᠎ᠡ ᠪᠠᠭᠤᠷᠠᠵᠦ ᠪᠠᠶᠢᠭ᠎ᠠ ᠪᠤᠯᠬᠤᠷ᠂ ᠭᠠᠳᠠᠨᠠᠬᠢ ᠤᠷᠴᠢᠨ ᠲᠠᠢ ᠵᠤᠬᠢᠴᠠᠯᠳᠤᠬᠤ ᠴᠢᠳᠠᠪᠤᠷᠢ ᠪᠠᠷ ᠪᠠᠷᠤᠭᠳᠠᠢ᠂ ᠡᠶᠢᠮᠦ ᠠᠴᠠ ᠬᠢᠮᠤᠷᠠᠭ᠎ᠠ ᠲᠠᠭᠰᠢᠭᠤᠷ ᠲᠤ ᠠᠮᠠᠷᠬᠠᠨ ᠨᠡᠷᠪᠡᠭᠳᠡᠳᠡᠭ᠃ ᠭᠤᠤᠯ ᠢᠯᠡᠷᠡᠯ ᠨᠢ ᠨᠠᠶᠢᠳᠠᠭᠠᠬᠤ᠂ ᠬᠠᠮᠠᠷ ᠪᠦᠭᠯᠡᠷᠡᠬᠦ᠂ ᠰᠢᠩᠭᠡᠨ ᠨᠢᠰᠤ ᠭᠤᠤᠭᠤᠵᠢᠬᠤ᠂ ᠲᠤᠯᠤᠭᠠᠢ ᠡᠪᠡᠳᠬᠦ᠂ ᠬᠤᠭᠤᠯᠠᠢ ᠡᠪᠡᠳᠬᠦ᠂ ᠬᠠᠨᠢᠶᠠᠬᠤ᠂ ᠬᠠᠯᠠᠭᠤᠷᠠᠬᠤ᠂ ᠢᠳᠡᠭᠡᠨ ᠤ ᠲᠤᠷᠠᠰᠢᠯ ᠮᠠᠭᠤᠳᠠᠬᠤ᠂ ᠪᠦᠬᠦ ᠪᠡᠶ᠎ᠡ ᠶᠢᠨ ᠦᠶ᠎ᠡ ᠬᠡᠰᠢᠬᠦᠦ ᠡᠪᠡᠳᠬᠦ ᠵᠡᠷᠭᠡ ᠪᠠᠶᠢᠬᠤ ᠠᠴᠠ ᠭᠠᠳᠠᠨ᠎ᠠ ᠵᠠᠷᠢᠮ ᠨᠢ ᠭᠡᠷᠡᠯ ᠠᠴᠠ ᠠᠶᠤᠬᠤ᠂ ᠨᠢᠯᠪᠤᠰᠤ ᠭᠤᠭᠤᠵᠢᠬᠤ ᠵᠡᠷᠭᠡ ᠢᠯᠡᠷᠡᠯ ᠭᠠᠷᠳᠠᠭ᠃      ᠰᠡᠷᠭᠡᠶᠢᠯᠡᠬᠦ ᠠᠷᠭ᠎ᠠ᠄ ︵1︶ ᠡᠭᠦᠰᠭᠡᠬᠦ ᠰᠢᠯᠳᠠᠭᠠᠨ ᠠᠴᠠ ᠵᠠᠶᠢᠯᠠᠰᠬᠢᠬᠤ᠃ ᠵᠢᠩᠬᠢᠨᠠᠵᠦ ᠲᠠᠭᠠᠷᠠᠬᠤ᠂ ᠪᠤᠷᠤᠭᠠᠨ ᠳᠤ ᠨᠤᠷᠤᠭᠳᠠᠬᠤ᠂ ᠬᠡᠳᠦᠷᠭᠡᠢ ᠶᠡᠳᠡᠷᠡᠵᠦ ᠵᠦᠳᠡᠷᠡᠬᠦ ᠠᠴᠠ ᠵᠠᠶᠢᠯᠠᠰᠬᠢᠨ᠎ᠠ︔ ᠬᠢᠮᠤᠷᠠᠭ᠎ᠠ ᠲᠠᠭᠰᠢᠭᠤᠷ ᠲᠠᠢ ᠡᠪᠡᠳᠴᠢᠳᠡᠨ ᠲᠠᠢ ᠤᠶᠢᠷᠠᠳᠤᠬᠤ ᠠᠴᠠ ᠵᠠᠶᠢᠯᠠᠰᠬᠢᠵᠦ᠂ ᠴᠢᠬᠤᠯᠠᠳᠠᠢ ᠦᠶ᠎ᠡ ᠳᠤ ᠠᠮᠠᠪᠴᠢ ᠵᠡᠬᠦᠬᠦ ᠪᠤᠶᠤ ᠤᠯᠠᠨ ᠬᠦᠮᠦᠨ ᠴᠤᠭᠯᠠᠷᠠᠭᠰᠠᠨ ᠲᠠᠯᠠᠪᠤᠷ ᠲᠤ ᠤᠴᠢᠬᠤ ᠶᠢ ᠴᠦᠬᠡᠴᠢᠯᠡᠪᠡᠯ ᠰᠠᠶᠢᠨ᠃ ︵2︶ ᠪᠠᠶ᠎ᠠ ᠮᠠᠬᠠᠪᠤᠳ ᠢᠶᠠᠨ ᠴᠢᠬᠢᠷᠠᠭᠵᠢᠭᠤᠯᠬᠤ᠃ ᠪᠡᠶ᠎ᠡ ᠳᠡᠭᠡᠨ ᠲᠤᠬᠢᠷᠠᠭᠰᠠᠨ ᠵᠤᠬᠢᠰᠳᠠᠢ ᠬᠡᠷ ᠤᠨ ᠭᠠᠳᠠᠨᠠᠬᠢ ᠬᠦᠳᠡᠯᠬᠡᠬᠡᠨ ᠢ ᠦᠷᠬᠦᠯᠵᠢ ᠬᠢᠵᠦ ᠂ ᠡᠬᠡᠯᠢᠯᠭᠡ ᠶᠢᠨ ᠴᠢᠳᠡᠪᠬᠢ ᠪᠠᠨ ᠲᠡᠭᠡᠭᠰᠢᠯᠡᠬᠦᠯᠬᠦ ᠪᠤᠶᠤ ᠬᠦᠢᠳᠡᠨ ᠳᠤ ᠲᠠᠭᠠᠭᠠᠴᠢᠳᠠᠢ ᠪᠤᠯᠬᠤ ᠠᠷᠭ᠎ᠠ ᠠᠪᠤᠨ᠎ᠠ᠃ ︵3︶ ᠡᠬᠡᠯᠢᠯᠬᠡ ᠶᠢ ᠵᠤᠬᠢᠴᠠᠭᠤᠯᠬᠤ ᠡᠮ ᠪᠤᠯᠤᠨ ᠲᠡᠷᠢᠯᠭ᠎ᠠ᠃ ᠦᠷᠬᠦᠯᠵᠢ ᠪᠠᠶᠢᠨ ᠲᠡᠬᠢᠨ ᠲᠠᠭᠰᠢᠭᠤᠷ ᠬᠦᠷᠬᠦ ᠪᠤᠶᠤ ᠡᠪᠡᠳᠴᠢᠨ ᠢ ᠡᠰᠡᠷᠭᠦᠴᠡᠬᠦ ᠬᠦᠴᠦ ᠨᠢ ᠠᠨᠠᠢ ᠬᠦᠮᠦᠰ᠂ ᠪᠠᠶᠢᠳᠠᠯ ᠢᠶᠠᠨ ᠦᠵᠡᠵᠦ ᠪᠠᠶᠢᠭᠠᠳ ᠡᠮ ᠬᠡᠷᠡᠭᠯᠡᠵᠦ ᠪᠤᠯᠤᠨ᠎ᠠ᠂ ᠤᠳᠤᠬᠠᠨ ᠳᠤ ᠬᠠᠯᠳᠠᠪᠤᠷᠢᠳᠤ ᠬᠢᠮᠤᠷᠠᠭ᠎ᠠ ᠶᠢᠨ ᠸᠧᠢᠷᠦ᠋ᠰ ᠤᠨ ᠲᠠᠷᠢᠯᠭ᠎ᠠ ᠪᠠᠶᠢᠬᠤ ᠠᠴᠠ ᠭᠠᠳᠠᠨ᠎ᠠ᠂ ᠪᠤᠰᠤᠳ ᠸᠧᠢᠷᠦ᠋ᠰ ᠤᠨ ᠲᠠᠷᠢᠯᠭ᠎ᠠ ᠴᠦ ᠪᠠᠶᠢᠳᠠᠭ᠃ ︵4︶ ᠪᠠᠶᠢᠳᠠᠯ ᠳᠠᠭᠠᠨ ᠵᠤᠬᠢᠴᠠᠭᠤᠯᠤᠨ ᠬᠢᠳᠡᠳ ᠡᠮ ᠪᠤᠶᠤ ᠮᠤᠩᠭᠤᠯ ᠡᠮ ᠤᠤᠭᠤᠵᠦ ᠪᠤᠯᠤᠨ᠎ᠠ᠃      ᠬᠢᠮᠤᠷᠠᠭ᠎ᠠ ᠲᠠᠭᠰᠢᠭᠤᠷ ᠲᠤ ᠨᠡᠷᠪᠡᠭᠳᠡᠭᠰᠡᠨ ᠪᠤᠯ᠄ ︵1︶ ᠰᠢᠨᠵᠢ ᠢᠯᠡᠷᠡᠯ ᠳᠤ ᠨᠢ ᠬᠠᠨᠳᠤᠭᠤᠯᠤᠨ ᠵᠠᠰᠠᠬᠤ᠄ ᠪᠠᠶᠢᠳᠠᠯ ᠨᠢ ᠨᠡᠯᠢᠶᠡᠳ ᠬᠦᠨᠳᠤ ᠪᠤᠶᠤ ᠨᠡᠰᠦ ᠠᠬᠢᠭᠰᠠᠳ ᠪᠤᠯ ᠬᠡᠪᠳᠡᠵᠦ ᠠᠮᠠᠷᠠᠬᠤ ᠬᠡᠷᠡᠭᠳᠡᠢ᠃ ᠲᠡᠮᠡᠬᠢᠨ ᠤᠳᠤᠭ᠎ᠠ ᠠᠴᠠ ᠵᠠᠶᠢᠯᠠᠰᠬᠢᠵᠦ᠂ ᠭᠡᠷ ᠤᠨ ᠠᠭᠤᠷ ᠠᠮᠢᠰᠬᠤᠯ ᠢᠶᠠᠨ ᠰᠢᠨ᠎ᠠ ᠰᠤᠷᠭᠤᠭ ᠴᠡᠪᠡᠷ ᠪᠠᠶᠢᠯᠭᠠᠬᠤ ᠶᠢ ᠪᠠᠳᠤᠯᠠᠬᠤ ᠬᠡᠷᠡᠭᠳᠡᠢ᠃ ᠡᠨᠧᠷᠬᠢ ᠦᠨᠳᠦᠷ᠂ ᠦᠬᠡᠬᠦ ᠲᠤᠤᠷ᠎ᠠ᠂ ᠸᠧᠢᠳ᠋ᠮᠢᠨ ᠡᠯᠪᠡᠭ ᠢᠳᠡᠭᠡᠨ ᠢ ᠢᠳᠡᠵᠦ᠂ ᠬᠠᠯᠠᠭᠤᠨ ᠤᠰᠤ ᠰᠠᠶᠢᠳᠤᠷ ᠤᠤᠭᠤᠬᠤ ᠬᠡᠷᠡᠭᠳᠡᠢ᠃ ᠬᠠᠯᠠᠭᠤᠨ ᠠᠭᠤᠷ ᠤᠨ ᠤᠬᠢᠶᠠᠯᠭ᠎ᠠ ᠬᠢᠬᠦ ᠪᠤᠶᠤ ᠬᠠᠯᠠᠭᠤᠨ ᠤᠰᠤᠨ ᠳᠤ ᠬᠦᠯ ᠢᠶᠠᠨ ᠲᠡᠪᠳᠦᠭᠡᠬᠦ ᠭᠡᠷᠡᠭᠳᠡᠢ᠃ ᠡᠩ ᠤᠨ ᠬᠢᠮᠤᠷᠠᠭ᠎ᠠ ᠳᠤ ᠨᠡᠷᠪᠡᠭᠳᠡᠵᠦ ᠲᠡᠳᠦᠢ ᠬᠦᠨᠳᠤ ᠪᠢᠰᠢ ᠪᠤᠯ ᠪᠠᠺᠲ᠋ᠧᠷᠢ ᠲᠠᠷᠤᠬᠤ ᠡᠮ ᠤᠤᠭᠤᠬᠤ ᠴᠢᠬᠤᠯᠠ ᠦᠭᠡᠢ᠃ ᠭᠡᠷᠪᠡ ᠬᠠᠯᠠᠭᠤᠷᠠᠵᠦ ᠲᠤᠯᠤᠭᠠᠢ ᠡᠪᠡᠳᠴᠦ ᠪᠠᠶᠢᠪᠠᠯ ᠬᠠᠯᠠᠭᠤᠨ ᠢ ᠪᠠᠭᠤᠷᠠᠭᠤᠯᠬᠤ ᠡᠪᠡᠳᠬᠦ ᠶᠢ ᠵᠤᠭᠰᠤᠭᠠᠬᠤ ᠡᠮ ᠢ ᠵᠤᠬᠢᠰᠳᠠᠢ ᠬᠡᠷᠡᠭᠯᠡᠵᠦ ᠪᠤᠯᠤᠨ᠎ᠠ᠃ ︵2︶  ᠪᠠᠺᠲ᠋ᠧᠷᠢ ᠲᠡᠷᠤᠬᠤ ᠡᠮ᠄ ᠬᠡᠷᠪᠡ ᠪᠠᠺᠲ᠋ᠧᠷᠢ ᠳᠤ ᠬᠠᠯᠳᠠᠪᠤᠷᠢᠯᠠᠭᠳᠠᠭᠰᠠᠨ ᠪᠤᠯ ᠡᠮᠴᠢ ᠶᠢᠨ ᠵᠢᠯᠤᠭᠤᠳᠤᠯᠭ᠎ᠠ ᠲᠤᠤᠷ᠎ᠠ ᠪᠠᠺᠲ᠋ᠧᠷᠢ ᠲᠡᠷᠤᠬᠤ ᠡᠮ ᠢ ᠵᠤᠬᠢᠰᠳᠠᠢ ᠬᠡᠷᠡᠭᠯᠡᠵᠦ ᠪᠤᠯᠤᠨ᠎ᠠ᠃ ︵3︶ ᠬᠢᠳᠡᠳ ᠡᠮ᠂ ᠮᠤᠩᠭᠤᠯ ᠡᠮ᠄ ᠡᠮᠴᠢ  ᠶᠢᠨ ᠵᠢᠯᠤᠭᠤᠳᠤᠯᠭ᠎ᠠ ᠲᠤᠤᠷ᠎ᠠ ᠲᠤᠬᠢᠷᠠᠭᠰᠠᠨ ᠬᠢᠳᠡᠳ ᠡᠮ᠂ ᠮᠤᠩᠭᠤᠯ ᠡᠮ ᠢ ᠰᠤᠩᠭᠤᠨ ᠬᠡᠷᠡᠭᠯᠡᠵᠦ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号