ᠡᠮ ᠡᠮᠨᠡᠯᠬᠡ ᠶᠢᠨ ᠮᠡᠳᠡᠯᠬᠡ ︵2︶
ᠨᠡᠶᠢᠲᠡᠯᠡᠭᠰᠡᠨ ᠴᠠᠭ᠄
2021/7/11
      ᠲᠤᠮᠳᠡ ᠦᠳᠡᠯᠦᠬᠡ ᠨᠠᠰᠤᠨ ᠤ ᠬᠦᠮᠦᠨ ᠬᠤᠳᠤᠭᠠᠳᠤ ᠭᠡᠳᠡᠰᠦᠨ ᠤ ᠲᠦᠷᠭᠡᠨ ᠴᠢᠨᠡᠷᠳᠡᠢ ᠦᠷᠪᠢᠰᠦᠯ ᠳᠤ ᠨᠡᠷᠪᠡᠭᠳᠡᠪᠡᠯ ᠶᠠᠭᠠᠬᠢᠬᠤ ᠪᠤᠢ︖      ᠬᠤᠳᠤᠭᠠᠳᠤ ᠬᠡᠳᠡᠰᠦᠨ ᠤ ᠲᠦᠷᠭᠡᠨ ᠴᠢᠨᠡᠷᠳᠡᠢ ᠦᠷᠪᠢᠰᠦᠯ ᠪᠤᠯ ᠬᠤᠳᠤᠭᠠᠳᠤ ᠬᠡᠳᠡᠰᠦᠨ ᠤ ᠰᠠᠯᠢᠰᠤᠳᠤ ᠪᠦᠷᠬᠦᠪᠴᠢ ᠶᠢᠨ ᠲᠦᠷᠭᠡᠨ ᠴᠢᠨᠡᠷᠳᠡᠢ ᠦᠷᠪᠢᠰᠦᠯ ᠪᠤᠯᠤᠨ᠎ᠠ᠂ ᠡᠮᠴᠢᠯᠡᠬᠡᠨ ᠲᠡᠭᠡᠷᠡᠬᠢ ᠭᠤᠤᠯ ᠰᠢᠨᠵᠢ ᠢᠯᠡᠷᠡᠯ ᠨᠢ ᠲᠤᠷ᠎ᠠ ᠪᠤᠯᠬᠢᠬᠤ᠂ ᠪᠦᠬᠡᠯᠵᠢᠬᠦ᠂ ᠲᠤᠲᠤᠷ ᠡᠪᠡᠳᠬᠦ᠂ ᠭᠡᠳᠡᠰᠦ ᠰᠠᠭᠤᠯᠭᠠᠬᠤ᠂ ᠬᠠᠯᠠᠭᠤᠷᠠᠬᠤ ᠵᠡᠷᠭᠡ ᠪᠠᠶᠢᠳᠠᠭ᠂ ᠬᠦᠨᠳᠤ ᠨᠤᠴᠢᠳᠠᠢ ᠨᠢ ᠰᠤᠳᠠᠯ ᠤᠨ ᠯᠤᠭᠰᠢᠯᠳᠠ ᠲᠦᠷᠭᠡᠰᠬᠦ᠂ ᠠᠷᠭ᠎ᠠ ᠠᠭᠠᠰᠢ ᠠᠯᠳᠠᠷᠠᠬᠤ᠂ ᠨᠢᠳᠦ ᠰᠠᠭᠤᠬᠤ᠂ ᠠᠷᠠᠰᠤᠨ ᠤ ᠬᠠᠷᠢᠮᠬᠠᠢ ᠴᠢᠨᠡᠷ ᠮᠠᠭᠤᠳᠠᠬᠤ ᠵᠡᠷᠭᠡ ᠤᠰᠤ ᠠᠯᠳᠠᠭᠳᠠᠭᠰᠠᠨ ᠤ ᠰᠢᠨᠵᠢ ᠢᠯᠡᠷᠡᠬᠦ ᠪᠠ ᠰᠢᠤᠺ ᠡᠭᠦᠰᠳᠡᠭ᠃ ᠲᠤᠰ ᠡᠪᠡᠳᠴᠢᠨ ᠵᠤᠨ ᠨᠠᠮᠤᠷ ᠤᠨ ᠤᠯᠠᠷᠢᠯ ᠳᠤ ᠤᠯᠠᠨ ᠲᠤᠬᠢᠶᠠᠯᠳᠤᠨ᠎ᠠ᠂ ᠭᠤᠤᠯᠳᠠᠭᠤ ᠡᠪ ᠦᠭᠡᠢ ᠶᠠᠭᠤᠮ᠎ᠠ ᠢᠳᠡᠭᠰᠡᠨ ᠪᠤᠶᠤ ᠬᠡᠳᠦᠷᠳᠡᠯ᠎ᠡ ᠢᠳᠡᠵᠦ ᠤᠤᠭᠤᠭᠰᠠᠨ ᠲᠠᠢ ᠬᠤᠯᠪᠤᠭᠳᠠᠯ ᠲᠠᠢ︔ ᠡᠰᠡᠭᠦᠯ᠎ᠠ ᠬᠦᠢᠳᠡᠨ ᠨᠦᠢᠳᠡᠨ ᠪᠤᠶᠤ ᠢᠯᠵᠡᠷᠡᠵᠦ ᠡᠪᠳᠡᠷᠡᠭᠰᠡᠨ ᠢᠳᠡᠭᠡᠨ᠂ ᠪᠤᠵᠠᠷ ᠪᠤᠬᠢᠷ ᠢᠳᠡᠭᠡᠨ ᠢᠳᠡᠭᠰᠡᠨ ᠲᠠᠢ ᠬᠤᠯᠪᠤᠭᠳᠠᠯ ᠲᠠᠢ᠃ ᠲᠤᠰ ᠡᠪᠡᠳᠴᠢᠨ ᠤ ᠡᠭᠦᠰᠬᠦ ᠨᠢ ᠲᠦᠷᠭᠡᠨ᠂ ᠡᠪ ᠦᠭᠡᠢ ᠢᠳᠡᠭᠡᠨ ᠢᠳᠡᠭᠰᠡᠨ ᠤ ᠲᠠᠷᠠᠭᠠᠬᠢ 24 ᠴᠠᠭ ᠤᠨ ᠲᠤᠲᠤᠷ᠎ᠠ ᠡᠪᠡᠳᠴᠢᠨ ᠡᠭᠦᠰᠳᠡᠭ᠃ ᠬᠤᠳᠤᠭᠠᠳᠤᠨ ᠤ ᠲᠦᠷᠭᠡᠨ ᠴᠢᠨᠡᠷᠳᠡᠢ ᠦᠷᠪᠢᠰᠦᠯ᠂ ᠬᠡᠳᠡᠰᠤᠨ ᠤ ᠲᠦᠷᠭᠡᠨ ᠴᠢᠨᠡᠷᠳᠡᠢ ᠦᠷᠪᠢᠰᠦᠯ᠂ ᠬᠤᠳᠤᠭᠠᠳᠤ ᠬᠡᠳᠡᠰᠦᠨ ᠤ ᠲᠦᠷᠭᠡᠨ ᠴᠢᠨᠡᠷᠳᠡᠢ ᠦᠷᠪᠢᠰᠦᠯ ᠭᠡᠵᠤ ᠭᠤᠷᠪᠠᠨ ᠭᠡᠯᠪᠡᠷᠢ ᠳᠤ ᠬᠤᠪᠢᠶᠠᠳᠠᠭ᠃      ᠡᠨᠡ ᠡᠪᠡᠳᠴᠢᠨ ᠪᠤᠯ ᠮᠠᠰᠢ ᠤᠯᠠᠨ ᠲᠤᠬᠢᠶᠠᠯᠳᠤᠬᠤ ᠡᠪᠡᠳᠴᠢᠨ ᠪᠤᠯᠤᠨ᠎ᠠ᠂ ᠭᠤᠤᠯ ᠤᠨᠴᠠᠯᠢᠭ ᠨᠢ᠄ ᠡᠪ ᠦᠭᠡᠢ ᠢᠳᠡᠭᠡᠨ ᠢᠳᠡᠭᠰᠡᠨ ᠲᠡᠦᠬᠡ ᠲᠠᠢ᠂ ᠡᠪᠡᠳᠴᠢᠨ ᠡᠭᠦᠰᠬᠦ ᠨᠢ ᠲᠦᠷᠭᠡᠨ᠂ ᠡᠳᠡᠭᠡᠷᠡᠬᠦ ᠨᠢ ᠪᠠᠰᠠ ᠲᠦᠷᠭᠡᠨ ᠪᠠᠶᠢᠳᠠᠭ᠃      ᠲᠤᠮᠳᠡ ᠦᠳᠡᠯᠦᠬᠡ ᠨᠠᠰᠤᠨ ᠤ ᠬᠦᠮᠦᠨ ᠬᠤᠳᠤᠭᠠᠳᠤ ᠬᠡᠳᠡᠰᠦᠨ ᠤ ᠲᠦᠷᠭᠡᠨ ᠴᠢᠨᠡᠷᠳᠡᠢ ᠦᠷᠪᠢᠰᠦᠯ ᠳᠤ ᠨᠡᠷᠪᠡᠭᠳᠡᠬᠦ ᠠᠴᠠ ᠰᠡᠷᠭᠡᠶᠢᠯᠡᠬᠦ ᠠᠷᠭ᠎ᠠ᠄ ︵1︶ ᠢᠳᠡᠭᠡᠨ ᠤᠮᠳᠠᠭᠠᠨ ᠤ ᠡᠷᠡᠭᠦᠯ ᠬᠠᠮᠠᠭᠠᠯᠠᠯ ᠪᠤᠯᠤᠨ ᠬᠤᠪᠢ ᠬᠦᠮᠦᠨ ᠤ ᠡᠷᠡᠭᠦᠯ ᠬᠠᠮᠠᠭᠠᠯᠠᠯ ᠢ ᠰᠠᠶᠢᠳᠤᠷ ᠠᠩᠬᠠᠷᠤᠨ᠎ᠠ᠂ ᠬᠤᠭᠤᠯᠠᠨ ᠤ ᠡᠮᠦᠨ᠎ᠠ ᠪᠤᠯᠤᠨ ᠪᠡᠶ᠎ᠡ ᠵᠠᠰᠠᠭᠰᠠᠨ ᠤ ᠲᠠᠷᠠᠭ᠎ᠠ ᠭᠠᠷ ᠢᠶᠠᠨ ᠤᠬᠢᠶᠠᠬᠤ ᠵᠠᠩᠰᠢᠯ ᠲᠠᠢ ᠪᠠᠶᠢᠬᠤ ᠬᠡᠷᠡᠭᠳᠡᠢ᠂ ᠬᠦᠢᠳᠡᠨ ᠤᠰᠤ ᠤᠤᠭᠤᠬᠤ ᠦᠭᠡᠢ᠂ ᠡᠪᠳᠡᠷᠡᠵᠦ ᠢᠯᠵᠠᠷᠠᠭᠰᠠᠨ ᠢᠳᠡᠭᠡᠨ ᠢ ᠢᠳᠡᠬᠦ ᠦᠭᠡᠢ᠂ ᠬᠤᠨᠤᠵᠦ ᠦᠨᠵᠢᠭᠰᠡᠨ ᠢᠳᠡᠭᠡᠨ ᠪᠤᠶᠤ ᠬᠤᠳᠠᠯᠳᠤᠨ ᠠᠪᠴᠢᠷᠠᠭᠰᠠᠨ ᠪᠠᠯᠠᠨ ᠢᠳᠡᠭᠡᠨ ᠢ ᠪᠤᠴᠠᠯᠭᠠᠭᠰᠠᠨ ᠤ ᠲᠠᠷᠠᠭ᠎ᠠ ᠢᠳᠡᠪᠡᠯ ᠰᠠᠶᠢᠨ᠃ ︵2︶ ᠬᠡᠷ ᠤᠨ ᠲᠤᠲᠤᠨ᠎ᠠ ᠭᠠᠳᠠᠨᠠᠬᠢ ᠤᠷᠴᠢᠨ ᠢᠶᠠᠨ ᠰᠠᠶᠢᠳᠤᠷ ᠴᠡᠪᠡᠷᠯᠡᠵᠦ᠂ ᠢᠯᠠᠭ᠎ᠠ ᠪᠠᠳᠠᠭᠠᠨ᠎ᠠ᠂ ᠵᠤᠤᠮ᠎ᠠ ᠬᠤᠷᠤᠬᠠᠢ ᠵᠡᠷᠭᠡ ᠶᠢ ᠤᠰᠠᠳᠬᠠᠬᠤ ᠬᠡᠷᠡᠭᠳᠡᠢ᠃      ᠬᠡᠷᠪᠡ ᠲᠤᠰ ᠡᠪᠡᠳᠴᠢᠨ ᠳᠤ ᠨᠡᠷᠪᠡᠭᠳᠡᠪᠡᠯ᠄ ︵1︶ ᠲᠤᠰ ᠡᠪᠡᠳᠴᠢᠨ ᠳᠤ ᠨᠡᠷᠪᠡᠭᠳᠡᠭᠰᠡᠨ ᠬᠦᠮᠦᠨ ᠰᠠᠶᠢᠳᠤᠷ ᠬᠡᠪᠳᠡᠵᠦ ᠠᠮᠠᠷᠠᠬᠤ ᠬᠡᠷᠡᠭᠳᠡᠢ᠃ ︵2︶ ᠬᠤᠤᠷᠳᠠᠭᠳᠠᠭᠰᠠᠨ ᠢᠯᠡᠷᠡᠯ ᠭᠠᠷᠤᠭᠰᠠᠨ ᠪᠤᠯ ᠡᠮᠴᠢ ᠳᠤ ᠦᠵᠡᠬᠦᠯᠵᠦ ᠰᠢᠨᠵᠢ ᠢᠯᠡᠷᠡᠯ ᠳᠤᠨᠢ ᠵᠤᠬᠢᠴᠠᠭᠤᠯᠤᠨ ᠡᠮ ᠬᠡᠷᠡᠭᠯᠡᠬᠦ ᠬᠡᠷᠡᠭᠳᠡᠢ᠃ ︵3︶ ᠪᠦᠬᠡᠯᠵᠢᠬᠦ ᠰᠠᠭᠤᠯᠭᠠᠬᠤ ᠰᠢᠨᠵᠢ ᠢᠯᠡᠷᠡᠯ ᠨᠢ ᠮᠡᠳᠡᠭᠳᠡᠭᠦ᠋ᠢᠴᠡ ᠪᠤᠯ ᠤᠰᠤ ᠠᠯᠳᠠᠬᠤ ᠪᠠᠶᠢᠳᠠᠯ ᠭᠠᠷᠳᠠᠭ᠂ ᠡᠨᠡ ᠦᠶ᠎ᠡ ᠳᠤ ᠰᠢᠩᠭᠡᠨ ᠪᠡᠶᠡᠳᠤ ᠨᠦᠬᠦᠪᠦᠷᠢᠯᠡᠬᠦ ᠬᠡᠷᠡᠭᠳᠡᠢ᠂ ᠰᠢᠩᠭᠡᠨ ᠪᠤᠳᠠᠭ᠎ᠠ᠂ ᠰᠦᠮᠦᠰᠦ᠂ ᠵᠢᠮᠢᠰ ᠤᠨ ᠰᠢᠬᠦᠰᠦ᠂ ᠵᠢᠭᠠᠬᠠᠨ ᠲᠠᠪᠤᠰᠤ ᠲᠠᠢ ᠪᠤᠴᠠᠯᠤᠭᠰᠠᠨ ᠤᠰᠤ ᠵᠡᠷᠭᠡ ᠶᠢ ᠤᠤᠭᠤᠬᠤ ᠬᠡᠷᠡᠭᠳᠡᠢ᠃ ︵4︶ ᠬᠡᠳᠡᠰᠦ ᠲᠦᠬᠦᠷᠬᠦ ᠵᠡᠷᠭᠡ ᠢᠯᠡᠷᠡᠯ ᠭᠠᠷᠴᠦ ᠪᠠᠶᠢᠪᠠᠯ᠂ ᠦᠨᠢᠶᠠᠨ ᠰᠦ᠂ ᠰᠢᠬᠢᠷ ᠵᠡᠷᠭᠡ ᠶᠢ ᠢᠳᠡᠵᠦ ᠤᠤᠭᠤᠵᠦ ᠪᠤᠯᠬᠤ ᠦᠭᠡᠢ᠂ ᠦᠬᠡᠬᠦ ᠦᠨᠳᠦᠷ ᠢᠳᠡᠭᠡᠨ᠂ ᠲᠤᠰᠤᠨ ᠳᠤ ᠪᠤᠴᠠᠯᠭᠠᠭᠰᠠᠨ ᠢᠳᠡᠭᠡᠨ ᠢ ᠢᠳᠡᠬᠦ ᠦᠭᠡᠢ ᠪᠤᠯ ᠰᠠᠶᠢᠨ᠂ ᠰᠢᠷᠭᠡᠭᠯᠢᠭ ᠡᠯᠪᠡᠭ ᠬᠦᠬᠡ ᠨᠤᠭᠤᠭ᠎ᠠ᠂ ᠵᠢᠮᠢᠰ᠂ ᠰᠡᠳᠡᠯᠳᠡ ᠲᠠᠢ ᠢᠳᠡᠭᠡᠨ ᠵᠡᠷᠭᠡ ᠶᠢ ᠢᠳᠡᠵᠦ ᠪᠤᠯᠬᠤ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号