ᠨᠠᠷᠠᠰᠢᠬᠤ ᠠᠴᠠ ᠰᠡᠷᠭᠡᠶᠢᠯᠡ︕ ᠠᠭᠠᠬᠢᠮ᠎ᠠ ᠬᠠᠯᠠᠭᠤᠨ ᠡᠬᠢᠯᠡᠯ᠎ᠡ
ᠨᠡᠶᠢᠲᠡᠯᠡᠭᠰᠡᠨ ᠴᠠᠭ᠄
2021/7/3
      6 ᠳ᠋ᠤᠭᠠᠷ  ᠰᠠᠷ᠎ᠠ ᠶᠢᠨ 9 ᠤ ᠡᠳᠦᠷ᠂ ᠦᠪᠦᠷ ᠮᠤᠩᠭᠤᠯ ᠤᠨ ᠤᠯᠠᠨ ᠭᠠᠵᠠᠷ ᠲᠤ ᠪᠤᠷᠤᠭᠠᠨ ᠤᠷᠤᠵᠦ᠂ ᠡᠭᠦᠨ ᠳᠤ  ᠬᠦᠯᠦᠨ  ᠪᠣᠶᠢᠷ   ᠲᠤ ᠶᠡᠭᠡ ᠪᠤᠷᠤᠭᠠᠨ ᠤᠷᠤᠭᠰᠠᠨ ᠪᠠᠶᠢᠨ᠎ᠠ᠃                              10 ᠤ ᠡᠳᠦᠷ ᠠᠴᠠ ᠡᠬᠢᠯᠡᠨ᠂ ᠪᠤᠷᠤᠭᠠᠨ ᠠᠭᠠᠵᠢᠮ ᠢᠶᠠᠷ ᠲᠠᠲᠠᠷᠠᠵᠤ᠂ ᠶᠡᠬᠡᠩᠬᠢ ᠭᠠᠵᠠᠷ ᠤᠷᠤᠨ ᠤ ᠲᠤᠯᠠᠭᠠᠨ   ᠤ ᠬᠡᠮᠵᠢᠶ᠎ᠡ ᠠᠭᠠᠵᠢᠮ ᠢᠶᠠᠷ ᠳᠡᠭᠡᠭᠰᠢᠯᠡᠨ᠂ ᠪᠠᠶᠠᠨᠨᠠᠭᠤᠷ᠂ ᠦᠬᠠᠢ᠂ ᠡᠷᠢᠶᠡᠨ ᠬᠤᠳᠠ ᠶᠢᠨ ᠲᠤᠯᠠᠭᠠᠨ ᠤ ᠬᠡᠮᠵᠢᠶ᠎ᠡ 30 ᠭᠷᠠᠳᠦ᠋ᠰ ᠢ ᠲᠠᠪᠠᠵᠦ᠂ ᠠᠯᠠᠱᠠ ᠶᠢᠨ ᠬᠡᠰᠡᠭ ᠭᠠᠵᠠᠷ ᠲᠤ 34 ᠭᠷᠠᠳᠦ᠋ᠰ ᠲᠤ ᠬᠦᠷᠬᠦ ᠪᠤᠯᠤᠨ᠎ᠠ᠃ ᠠᠯᠠᠱᠠ   ᠶᠢᠨ  ᠵᠡᠬᠦᠨ  ᠡᠮᠦᠨ᠎ᠡ  ᠪᠡᠶ᠎ᠡ᠂ ᠤᠷᠳᠣᠰ ᠤᠨ ᠡᠮᠦᠨ᠎ᠡ ᠪᠡᠶ᠎ᠡ᠂ ᠲᠦᠩᠯᠢᠶᠤᠤ ᠶᠢᠨ ᠵᠡᠬᠦᠨ ᠪᠡᠶ᠎ᠡ᠂ ᠬᠦᠯᠦᠨ ᠪᠤᠶᠢᠷ ᠤᠨ ᠬᠤᠶᠢᠳᠣ  ᠪᠡᠶ᠎ᠡ   ᠶᠢᠨ  ᠬᠡᠰᠡᠭ  ᠭᠠᠵᠠᠷ ᠤᠷᠤᠨ ᠳᠤ ᠪᠠᠭ᠎ᠠ ᠪᠤᠷᠤᠭᠠᠨ ᠪᠤᠶᠤ ᠵᠦᠷᠪᠤᠰᠬᠢᠨ ᠪᠤᠷᠤᠭᠠᠨ ᠤᠷᠤᠵᠦ᠂ ᠬᠠᠶᠠ ᠳᠠᠭᠠᠨ ᠰᠠᠯᠬᠢᠯᠠᠵᠤ᠂ ᠮᠦᠨᠳᠦᠷ ᠤᠷᠤᠬᠤ ᠪᠤᠯᠤᠮᠵᠢ ᠲᠠᠢ᠃                              11 ᠤ ᠡᠳᠦᠷ᠂ ᠤᠷᠳᠣᠰ ᠤᠨ ᠡᠮᠦᠨ᠎ᠡ ᠪᠡᠶ᠎ᠡ ᠳᠤ ᠪᠠᠭ᠎ᠠ  ᠪᠤᠷᠤᠭᠠᠨ  ᠪᠤᠶᠤ  ᠵᠦᠷᠪᠤᠰᠬᠢᠨ  ᠪᠤᠷᠤᠭᠠᠨ  ᠤᠷᠤᠵᠦ᠂ ᠤᠷᠳᠣᠰ ᠤᠨ ᠵᠡᠬᠦᠨ ᠡᠮᠦᠨ᠎ᠡ ᠪᠡᠶ᠎ᠡ ᠶᠢᠨ ᠬᠡᠰᠡᠭ ᠭᠠᠵᠠᠷ ᠲᠤ ᠲᠤᠮᠳᠠ ᠵᠡᠷᠭᠡ ᠶᠢᠨ ᠪᠤᠷᠤᠭᠠᠨ ᠤᠷᠤᠵᠦ᠂ ᠰᠠᠯᠬᠢᠯᠠᠬᠤ᠂ ᠮᠦᠨᠳᠦᠷ ᠪᠠᠭᠤᠬᠤ ᠵᠡᠷᠭᠡ ᠰᠣᠯᠢᠭ ᠤᠷᠤᠰᠬᠠᠯᠳᠣ ᠠᠭᠤᠷ ᠠᠮᠢᠰᠬᠤᠯ ᠢᠯᠡᠷᠡᠵᠦ ᠮᠡᠳᠡᠨ᠎ᠡ᠃                              12 ᠤ ᠡᠳᠦᠷ᠂ ᠠᠯᠠᠱᠠ ᠶᠢᠨ ᠵᠡᠬᠦᠨ ᠪᠡᠶ᠎ᠡ᠂ ᠦᠬᠠᠢ᠂ ᠪᠠᠶᠠᠨᠨᠠᠭᠤᠷ ᠤᠨ ᠡᠮᠦᠨ᠎ᠡ ᠪᠡᠶ᠎ᠡ᠂ ᠤᠷᠳᠣᠰ   ᠤᠨ  ᠶᠡᠬᠡᠩᠬᠢ ᠭᠠᠵᠠᠷ ᠤᠷᠤᠨ ᠳᠤ ᠪᠠᠭ᠎ᠠ ᠪᠤᠷᠤᠭᠠᠨ ᠪᠤᠶᠤ ᠵᠦᠷᠪᠤᠰᠬᠢᠨ ᠪᠤᠷᠤᠭᠠᠨ ᠣᠷᠣᠵᠤ᠂  ᠠᠯᠠᠱᠠ   ᠶᠢᠨ  ᠪᠠᠷᠠᠭᠤᠨ ᠬᠤᠶᠢᠳᠣ ᠪᠡᠶ᠎ᠡ᠂ ᠤᠯᠠᠭᠠᠨᠬᠠᠳᠠ ᠶᠢᠨ ᠵᠡᠬᠦᠨ ᠪᠡᠶ᠎ᠡ᠂ ᠲᠦᠩᠯᠢᠶᠤᠤ ᠶᠢᠨ ᠲᠤᠮᠳᠠ ᠪᠡᠶ᠎ᠡ ᠶᠢᠨ ᠭᠠᠵᠠᠷ ᠣᠷᠣᠨ ᠤ  ᠳᠤᠯᠠᠭᠠᠨ   ᠤ  ᠬᠡᠮᠵᠢᠶ᠎ᠡ  35 ᠭᠷᠠᠳᠦ᠋ᠰ ᠠᠴᠠ ᠳᠡᠭᠡᠭᠰᠢ ᠳᠤ ᠬᠦᠷᠬᠦ  ᠪᠤᠯᠬᠤᠷ᠂  ᠨᠠᠷᠠᠰᠢᠬᠤ   ᠠᠴᠠ  ᠰᠡᠷᠬᠡᠶᠢᠯᠡᠨ᠂  ᠢᠳᠡᠭᠡᠨ  ᠤᠮᠳᠠᠭᠠᠨ   ᠢᠶᠠᠨ  ᠰᠠᠶᠢᠳᠣᠷ ᠵᠤᠬᠢᠴᠠᠭᠤᠯᠬᠤ ᠬᠡᠷᠡᠭᠳᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号