ᠬᠡᠦᠬᠡᠳ ᠤᠨ ᠤᠭᠤᠷᠠᠭ ᠰᠢᠳᠦ ᠬᠤᠷᠣᠬᠠᠶᠢᠲᠤᠬᠤ ᠡᠪᠡᠳᠴᠢᠨ ᠢ ᠤᠮᠳᠤᠭᠠᠶᠢᠯᠠᠵᠤ ᠪᠣᠯᠬᠤ ᠦᠭᠡᠢ
ᠨᠡᠶᠢᠲᠡᠯᠡᠭᠰᠡᠨ ᠴᠠᠭ᠄
2021/8/21
      ᠤᠭᠤᠷᠠᠭ ᠰᠢᠳᠦ ᠶᠢᠨ ᠡᠷᠡᠭᠦᠯ ᠮᠡᠨᠳᠦ ᠨᠢ ᠪᠠᠶᠢᠡᠭᠭᠤ ᠶᠢᠨ ᠰᠢᠳᠦ᠂ ᠠᠮᠠᠨ ᠬᠥᠨᠳᠡᠶ᠂ ᠡᠷᠡᠦ ᠲᠦᠭᠦᠰᠢ ᠶᠢᠨ ᠬᠡᠰᠡᠭ ᠴᠢᠨᠠᠭᠰᠢᠯᠠᠪᠠᠯ ᠪᠦᠬᠦ ᠪᠡᠶ᠎ᠡ ᠶᠢᠨ ᠬᠡᠪ ᠤᠨ ᠪᠤᠶᠢᠵᠢᠯᠲᠠ᠂ ᠠᠪᠢᠶᠠᠯᠠᠬᠤ ᠡᠷᠭᠡᠳᠡᠨ ᠵᠡᠷᠭᠡ ᠳᠤ ᠪᠦᠷ ᠮᠠᠰᠢ ᠴᠢᠬᠤᠯᠠ  ᠨᠦᠯᠦᠭᠡ ᠲᠠᠢ ᠪᠠᠶᠢᠳᠠᠭ᠃ ᠬᠥᠬᠡᠬᠤᠲᠠ ᠶᠢᠨ ᠠᠮᠠᠨ ᠬᠥᠨᠳᠡᠶ ᠶᠢᠨ ᠡᠮᠨᠡᠯᠭᠡ ᠶᠢᠨ ᠬᠤᠷᠢᠶᠠᠨ ᠤ ᠬᠡᠦᠬᠡᠳ ᠤᠨ ᠰᠢᠳᠦᠨ ᠤ ᠡᠪᠡᠳᠴᠢᠨ ᠤ ᠰᠠᠯᠠᠭ᠎ᠠ ᠶᠢᠨ ᠡᠷᠬᠢᠯᠡᠭᠴᠢ ᠯᠢᠦ ᠵᠢᠩ ᠫᠢᠩ ᠲᠠᠨᠢᠯᠴᠠᠭᠤᠯᠬᠤ ᠳᠠᠭᠠᠨ᠂ ᠰᠢᠳᠦ ᠬᠤᠷᠣᠬᠠᠶᠢᠲᠤᠬᠤ ᠶᠢ ᠰᠡᠷᠭᠡᠶᠢᠯᠡᠬᠦ ᠳᠤ ᠡᠩ ᠲᠡᠷᠢᠭᠦᠨ ᠳᠤ ᠨᠢᠯᠬ᠎ᠠ ᠬᠡᠦᠬᠡᠳ ᠤᠨ ᠠᠮᠠᠨ ᠬᠥᠨᠳᠡᠶ ᠶᠢᠨ ᠠᠷᠢᠭᠤᠨ ᠴᠡᠪᠡᠷ ᠤᠨ ᠳᠠᠳᠬᠠᠯ ᠠᠴᠠ ᠭᠠᠷᠳᠠᠬᠤ ᠬᠡᠷᠡᠭᠲᠡᠶ᠃  ᠨᠢᠯᠬ᠎ᠠ ᠬᠡᠦᠬᠡᠳ ᠤᠨ ᠤᠭᠤᠷᠠᠭ ᠰᠢᠳᠦ ᠭᠠᠷᠬᠤ ᠠᠴᠠ ᠡᠮᠦᠨ᠎ᠡ᠂ ᠭᠡᠷ ᠤᠨ ᠠᠬᠠᠮᠠᠳ ᠨᠢ ᠡᠳᠦᠷ ᠪᠦᠷᠢ ᠬᠡᠦᠬᠡᠳ ᠤᠨ ᠢᠶᠠᠨ ᠠᠮᠠᠨ ᠬᠥᠨᠳᠡᠢ ᠶᠢ ᠴᠡᠪᠡᠷᠯᠡᠵᠦ ᠥᠭᠬᠦ ᠬᠡᠷᠡᠭᠲᠡᠢ᠃ ᠠᠩᠬᠠᠨ ᠤ ᠤᠭᠤᠷᠠᠭ ᠰᠢᠳᠦ ᠨᠢ ᠴᠤᠬᠤᠶᠢᠵᠤ ᠭᠠᠷᠤᠭᠰᠠᠨ ᠤ ᠳᠠᠷᠠᠭ᠎ᠠ᠂ ᠬᠡᠷ ᠤᠨ ᠠᠬᠠᠮᠠᠳ ᠨᠢ ᠪᠠᠺᠲ᠋ᠧᠷᠢ ᠥᠬᠡᠶ ᠱᠠ ᠪᠥᠰ ᠢ ᠹᠢᠽᠢᠣᠯᠣᠭᠢ ᠶᠢᠨ ᠳᠠᠪᠤᠰᠤ ᠲᠠᠢ ᠤᠰᠤ ᠪᠤᠶᠤ ᠪᠤᠴᠠᠯᠤᠭᠰᠠᠨ  ᠤᠰᠤᠨ ᠳ᠋ᠤ᠋‌‍ᠲ᠋ᠦ᠋ᠷᠦᠵᠦ ᠰᠢᠳᠦ ᠶᠢ ᠵᠦᠯᠬᠦᠵᠦ ᠦᠭᠭᠦ᠂  ᠡᠰᠡᠬᠦᠯ᠎ᠡ ᠬᠤᠷᠤᠭᠤᠨ ᠳᠤ ᠤᠬᠯᠠᠬᠰᠠᠨ ᠲᠤᠰᠬᠠᠶ ᠰᠢᠳᠦᠨ ᠱᠦ᠋ᠧᠠᠰᠠ ᠪᠠᠷ ︽ᠲᠤᠭᠤᠷᠢᠭᠤᠯᠤᠨ ᠱᠦ᠋ᠧᠠᠰᠠᠳᠠᠬᠤ︾ ᠠᠷᠭ᠎ᠠ ᠪᠠᠷ ᠨᠢᠯᠬ᠎ᠠ ᠬᠡᠦᠬᠡᠳ ᠤᠨ ᠢᠶᠠᠨ ᠰᠢᠳᠦ ᠶᠢ ᠱᠦ᠋ᠧᠠᠰᠠᠳᠠᠵᠤ ᠦᠭᠭᠦ ᠶᠢᠨ ᠬᠠᠮᠳᠤ ᠪᠤᠶᠢᠯᠠ ᠶᠢ ᠨᠢ ᠨᠤᠬᠤᠯᠠᠵᠤ ᠥᠭᠴᠦ ᠪᠤᠯᠤᠨ᠎ᠠ᠃ ᠣᠯᠠᠨ ᠤᠭᠤᠷᠠᠭ ᠰᠢᠳᠦ ᠭᠠᠷᠤᠭᠰᠠᠨ ᠤ ᠳᠠᠷᠠᠭ᠎ᠠ᠂  ᠬᠡᠦᠬᠡᠳ ᠤᠨ ᠰᠢᠳᠦᠨ‌‍ᠱᠦᠧᠠᠰᠠ ᠶᠢ ᠰᠣᠯᠢᠵᠤ ᠠᠳᠠᠯᠢᠬᠠᠨ ᠠᠷᠭ᠎ᠠ ᠪᠠᠷ ᠬᠡᠦᠬᠡᠳ ᠤᠨ ᠢᠶᠠᠨ ᠠᠮᠠᠨ ᠬᠥᠨᠳᠡᠶ ᠶᠢ ᠴᠡᠪᠡᠷᠯᠡᠵᠦ ᠦᠭᠭᠦ ᠬᠡᠷᠡᠭᠲᠡᠶ ᠬᠡᠪᠡ᠃              ︽ᠬᠡᠦᠬᠡᠳ ᠤᠨ ᠠᠷᠠᠭ᠎ᠠ ᠰᠢᠳᠦ  ᠰᠣᠶᠣᠭᠠᠯᠠᠨ  ᠭᠠᠷᠬᠤ  ᠦᠶ᠎ᠡ ᠳᠤ᠂  ᠠᠷᠠᠭ᠎ᠠ  ᠰᠢᠳᠦ ᠨᠤᠭᠤᠳ ᠨᠢ  ᠬᠤᠲᠣᠭᠤᠷ ᠭᠦᠳᠦᠭᠦᠷ ᠵᠠᠶ ᠵᠠᠪᠰᠠᠷ ᠲᠠᠢ ᠮᠦᠷᠳᠡᠭᠡᠨ ᠲᠡᠭᠰᠢ ᠦᠭᠡᠢ ᠪᠠᠶᠢᠳᠠᠭ᠂ ᠡᠲᠡᠭᠡᠷ ᠬᠤᠲᠣᠭᠤᠷ ᠭᠦᠳᠦᠭᠦᠷ ᠵᠠᠶ ᠵᠠᠪᠰᠠᠷ ᠤᠨ  ᠬᠢᠨᠢ‌ᠬᠤᠭᠤᠷᠤᠨᠳᠤ ᠪᠠᠺᠲ᠋ᠧᠷᠢ ᠮᠠᠰᠢ ᠠᠮᠠᠷᠬᠠᠨ ᠬᠤᠷᠠᠮᠳᠤᠨ ᠴᠤᠬᠯᠠᠷᠠᠵᠤ ᠪᠠᠶᠢᠳᠠᠭ︾ ᠬᠡᠵᠦ ᠯᠢᠦ ᠵᠢᠩ ᠫᠢᠩ  ᠬᠡᠯᠡᠭᠰᠡᠨ ᠢᠶᠠᠨ ᠵᠠᠯᠭᠠᠭᠠᠳ᠂ ᠰᠢᠳᠦᠨ ᠵᠠᠶ ᠵᠠᠪᠰᠠᠷ ᠢ ᠨᠢ ᠪᠦᠭᠯᠡᠪᠡᠯ ᠭᠡᠦᠭᠡᠳ ᠤᠨ ᠰᠢᠳᠤ ᠬᠤᠷᠣᠬᠠᠶᠢᠲᠤᠬᠤ ᠶᠢ ᠪᠦᠲᠦᠮᠵᠢᠲᠡᠶ ᠰᠡᠷᠭᠡᠶᠢᠯᠡᠵᠦ ᠴᠢᠳᠠᠨ᠎ᠠ᠃ 3 - 5 ᠨᠠᠰᠤᠨ ᠤ ᠦᠶ᠎ᠡ ᠪᠣᠯ ᠬᠡᠦᠬᠡᠳ ᠤᠨ ᠡᠯ᠎ᠡ ᠵᠦᠢᠯ ᠤᠨ ᠰᠢᠳᠦ ᠬᠤᠷᠣᠬᠠᠶᠢᠲᠤᠬᠤ ᠡᠪᠡᠳᠴᠢᠨ  ᠣᠯᠠᠨ‌ᠡᠭᠦᠰᠬᠦ  ᠬᠤᠭᠤᠴᠠᠭ᠎ᠠ ᠪᠣᠯᠤᠨ᠎ᠠ᠂  ᠬᠡᠦᠬᠡᠳ ᠤᠨ ᠰᠢᠳᠤᠨ ᠤ ᠵᠠᠢ ᠵᠠᠪᠰᠠᠷ ᠬᠤᠷᠣᠬᠠᠶᠢᠲᠤᠬᠤ ᠠᠴᠠ ᠭᠠᠳᠠᠨ᠎ᠠ᠂ ᠡᠨᠡᠬᠦ ᠬᠤᠭᠤᠴᠠᠭᠠᠨ ᠳᠤ ᠬᠡᠦᠬᠡᠳ ᠤᠨ ᠰᠢᠳᠦ ᠨᠤᠭᠤᠳ ᠲᠤ ᠬᠤᠪᠢᠷᠠᠯᠳᠠ ᠭᠠᠷᠴᠤ᠂ ᠰᠢᠳᠦ ᠳᠤᠨᠢ ᠵᠠᠪᠰᠠᠷ  ᠭᠠᠷᠳᠠᠭ᠂ ᠡᠶᠢᠮᠦ ᠡᠴᠠ‌ᠢᠳᠡᠭᠡᠨ ᠬᠡᠦᠬᠡᠳ ᠤᠨ ᠰᠢᠳᠦᠨ ᠤ ᠵᠠᠪᠰᠠᠷ ᠳᠤᠨᠢ ᠠᠮᠠᠷᠬᠠᠨ ᠤᠷᠤᠵᠤ᠂ ᠰᠢᠳᠦ ᠶᠢ ᠨᠢ ᠬᠤᠷᠣᠬᠠᠶᠢᠲᠤᠭᠤᠯᠳᠠᠭ ᠬᠡᠵᠦ ᠬᠡᠯᠡᠪᠡ᠃ ᠯᠢᠦ ᠵᠢᠩ ᠫᠢᠩ ᠬᠡᠷ ᠤᠨ ᠠᠬᠠᠮᠠᠳ ᠲᠤ᠄ ᠰᠢᠳᠦ ᠬᠤᠷᠣᠬᠠᠶᠢᠲᠤᠬᠤ ᠡᠪᠡᠳᠴᠢᠨ ᠢ ᠡᠷᠳᠡᠭᠡᠨ ᠡᠮᠨᠡᠨ  ᠵᠠᠰᠠᠭᠤᠯᠪᠠᠯ  ᠴᠠᠭ ᠨᠢ ᠣᠬᠤᠷ᠂ ᠡᠪᠡᠷᠰᠢᠶᠡᠯ ᠨᠢ ᠪᠠᠭ᠎ᠠ᠂ ᠵᠠᠰᠠᠯᠳᠠ ᠠᠪᠬᠤ ᠪᠠᠷ ᠰᠠᠶᠢᠨ ᠪᠠᠶᠢᠳᠠᠭ᠃ ᠬᠡᠷᠪᠡ ᠴᠠᠭ  ᠲᠤᠬᠠᠶ ᠳᠤᠨᠢ  ᠡᠮᠨᠡᠨ  ᠵᠠᠰᠠᠭᠤᠯᠬᠤ ᠦᠭᠡᠢ ᠶᠤᠮ ᠥᠬᠡᠶ  ᠪᠣᠯ  ᠪᠠᠶᠢᠡᠭᠭᠤ ᠶᠢᠨ ᠰᠢᠳᠦᠨ ᠤ ᠪᠤᠶᠢᠵᠢᠯᠲᠠ ᠶᠢ ᠨᠥᠯᠥᠭᠡᠯᠡᠵᠦ᠂ ᠡᠷᠡᠦ ᠶᠠᠰᠤ ᠪᠠ ᠰᠢᠳᠦᠨ ‍ᠤ‌ᠵᠢᠭᠰᠠᠭᠠᠯᠳᠠ ᠶᠢ ᠨᠦᠯᠦᠭᠡᠯᠡᠬᠦ ᠠᠰᠠᠭᠤᠳᠠᠯ ᠭᠠᠷᠬᠤ ᠶᠢᠨ ᠤᠯᠠᠮ ᠢᠶᠠᠷ ᠬᠡᠦᠬᠡᠳ ᠤᠨ  ᠪᠡᠶ᠎ᠡ  ᠰᠡᠳᠬᠢᠯ ᠤᠨ  ᠡᠷᠡᠭᠦᠯ  ᠮᠡᠨᠳᠦ ᠶᠢ ᠨᠦᠯᠦᠭᠡᠯᠡᠬᠦ ᠪᠤᠯᠤᠨ᠎ᠠ ᠬᠡᠵᠦ ᠰᠠᠨᠠᠭᠤᠯᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号