— ᠲᠡᠷᠢᠭᠦᠯᠡᠭᠴᠢ ᠰᠢ ᠶᠢᠨ ᠫᠢᠩ ᠣᠷᠣᠰ ᠲᠤ ᠲᠥᠷᠥ ᠶᠢᠨ ᠶᠠᠪᠤᠳᠠᠯ ᠤᠨ ᠠᠶᠢᠯᠴᠢᠯᠠᠯᠲᠠ ᠬᠢᠬᠦ ᠶᠢᠨ ᠬᠠᠮᠲᠤ | ᠵᠥᠪᠯᠡᠯᠲᠦ ᠶᠢᠨ ᠠᠭᠤᠤ ᠶᠡᠭᠡ ᠤᠯᠤᠰ ᠢᠶᠠᠨ ᠬᠠᠮᠠᠭᠠᠯᠠᠬᠤ ᠲᠡᠶᠢᠨ ᠢᠯᠠᠯᠲᠠ ᠣᠯᠣᠭᠰᠠᠨ 80 ᠵᠢᠯ ᠤᠨ ᠣᠶ ᠶᠢ | ᠳᠤᠷᠠᠰᠬᠠᠬᠤ ᠪᠠᠶᠠᠷ ᠤᠨ ᠶᠣᠰᠣᠯᠠᠯ ᠳᠤ ᠣᠷᠣᠯᠴᠠᠬᠰᠠᠨ ᠲᠤᠬᠠᠢ ᠪᠣᠳᠠᠲᠤ ᠲᠡᠮᠳᠡᠭᠯᠡᠯ | | ᠰᠢᠨᠬᠤᠸᠠ ᠬᠤᠷᠢᠶ᠎ᠠ ᠶᠢᠨ ᠪᠡᠭᠡᠵᠢᠩ ᠤᠨ 5 ᠰᠠᠷ᠎ᠠ ᠶᠢᠨ 11 ᠤ ᠴᠠᠭᠢᠯᠭᠠᠨ ᠮᠡᠳᠡᠭᠡ ︽ ᠳᠡᠯᠡᠬᠡᠢ ᠶᠢᠷᠲᠢᠨᠴᠦ ᠶᠠᠭ | ᠰᠠᠶᠢᠬᠠᠨ ᠵᠠᠭᠤᠨ ᠵᠢᠯ ᠳᠤ ᠲᠣᠬᠢᠶᠠᠯᠳᠤᠭ᠎ᠠ ᠦᠭᠡᠢ ᠶᠡᠭᠡ ᠬᠤᠪᠢᠰᠤᠯᠲᠠ ᠳᠤ ᠲᠤᠯᠭᠠᠷᠠᠵᠤ ᠪᠠᠶᠢᠨ᠎ᠠ ︾ ᠃ | ᠡᠨᠡ ᠪᠣᠯ ᠲᠡᠷᠢᠭᠦᠯᠡᠭᠴᠢ ᠰᠢ ᠶᠢᠨ ᠫᠢᠩ ᠤᠨ ᠠᠯᠢ ᠡᠷᠲᠡ ᠠᠷᠪᠠ ᠭᠠᠷᠤᠢ ᠵᠢᠯ ᠤᠨ ᠡᠮᠦᠨ᠎ᠡ ᠲᠥᠰᠥᠭᠡᠯᠡᠭᠰᠡᠨ | ᠭᠦᠨᠵᠡᠭᠡᠢ ᠮᠠᠭᠠᠳᠯᠠᠯᠲᠠ ᠪᠣᠯᠣᠨ᠎ᠠ ᠃ ᠨᠠᠷᠠᠠ ᠮᠠᠨᠳᠤᠵᠤ ᠰᠠᠷᠨᠨ ᠰᠢᠩᠭᠡᠵᠦ ᠂ ᠬᠠᠪᠤᠷ ᠨᠠᠮᠤᠷ ᠡᠭᠡᠯᠵᠢᠯᠡᠭᠰᠡᠭᠡᠷ ᠃ ᠡᠨᠡ ᠦᠭᠡ | ᠨᠢ ᠠᠯᠢ ᠤᠯᠠᠨ ᠲᠣᠮᠣ ᠤᠴᠢᠷ ᠶᠠᠪᠤᠳᠠᠯ ᠤᠳ ᠢᠶᠠᠷ ᠣᠯᠠᠨᠲᠠ ᠭᠡᠷᠡᠴᠢᠯᠡᠭᠳᠡᠭᠰᠡᠭᠡᠷ ᠃ | ᠬᠥᠮᠥᠨ ᠲᠥᠷᠥᠯᠬᠢᠲᠡᠨ ᠲᠡᠦᠬᠡ ᠶᠢᠨ ᠲᠣᠨᠣᠯᠵᠢᠨ ᠵᠠᠮ ᠳᠤ ᠵᠣᠭᠰᠣᠪᠠ ᠃ ᠪᠦᠯᠬᠦᠮᠳᠡᠬᠦ ᠦᠦ ᠡᠰᠡᠬᠦᠯ᠎ᠡ ᠬᠠᠭᠠᠴᠠᠬᠤ | ᠦᠦ ᠂ ᠶᠠᠷᠢᠯᠴᠠᠭ᠎ᠠ ᠬᠢᠬᠦ ᠦᠦ ᠡᠰᠡᠬᠦᠯ᠎ᠡ ᠡᠰᠡᠷᠭᠦᠴᠡᠯᠳᠦᠬᠦ ᠦᠦ ᠂ ᠬᠠᠮᠲᠤ ᠪᠠᠷ ᠠᠰᠢᠭ ᠭᠦᠷᠳᠡᠭᠦ ᠦᠦ ᠡᠰᠡᠬᠦᠯ᠎ᠡ ᠦᠯᠦ ᠡᠪᠰᠡᠨ | ᠬᠠᠷᠢᠯᠴᠠᠨ ᠦᠵᠡᠯᠴᠡᠬᠦ ᠦᠦ ᠂ ᠵᠠᠭᠤᠨ ᠵᠢᠯ ᠳᠤ ᠲᠣᠬᠢᠶᠠᠯᠳᠤᠭ᠎ᠠ ᠦᠭᠡᠢ ᠬᠤᠪᠢᠰᠤᠯᠲᠠ ᠶᠠᠭ ᠲᠦᠷᠭᠡᠰᠦᠨ ᠤᠯᠠᠷᠢᠵᠤ ᠂ | ᠬᠥᠮᠥᠨ ᠲᠥᠷᠥᠯᠬᠢᠲᠡᠨ ᠤ ᠬᠤᠪᠢ ᠵᠠᠶᠠᠭ᠎ᠠ ᠳᠤ ᠬᠤᠯᠪᠣᠭᠳᠠᠬᠤ ︽ᠴᠠᠭ ᠦᠶ᠎ᠡ ᠶᠢᠨ ᠠᠰᠠᠭᠤᠯᠲᠠ︾ ᠶᠢᠨ ᠬᠠᠷᠢᠭᠤᠯᠲᠠ ᠶᠢ | ᠡᠨᠡ ᠤᠳᠠᠭ᠎ᠠ ᠶᠢᠨ ᠤᠷᠤᠰ ᠲᠠᠬᠢ ᠠᠶᠢᠯᠴᠢᠯᠠᠯᠲᠠ ᠠᠴᠠ ᠣᠯᠵᠤ ᠬᠠᠷᠠᠵᠤ ᠪᠣᠯᠣᠨ᠎ᠠ ᠃ | 5 ᠰᠠᠷ᠎ᠠ ᠶᠢᠨ 7 ᠠᠴᠠ 10 ᠤ ᠡᠳᠦᠷ ᠪᠤᠯᠲᠠᠯ᠎ᠠ ᠂ ᠲᠡᠷᠢᠭᠦᠯᠡᠭᠴᠢ ᠰᠢ ᠶᠢᠨ ᠫᠢᠩ ᠤᠷᠤᠰ ᠲᠤ ᠲᠦᠷᠦ ᠶᠢᠨ | ᠶᠠᠪᠤᠳᠠᠯ ᠤᠨ ᠠᠶᠢᠯᠴᠢᠯᠠᠯᠲᠠ ᠬᠢᠬᠦ ᠶᠢᠨ ᠬᠠᠮᠲᠤ ᠵᠥᠪᠯᠡᠯᠲᠦ ᠶᠢᠨ ᠠᠭᠤᠤ ᠶᠡᠭᠡ ᠤᠯᠤᠰ ᠢᠶᠠᠨ ᠬᠠᠮᠠᠭᠠᠯᠠᠬᠤ ᠲᠠᠶᠢᠨ ᠢᠯᠠᠯᠲᠠ | ᠣᠯᠣᠭᠰᠠᠨ 80 ᠵᠢᠯ ᠤᠨ ᠤᠢ ᠶᠢ ᠳᠤᠷᠠᠰᠬᠠᠬᠤ ᠪᠠᠶᠠᠷ ᠤᠨ ᠶᠣᠰᠣᠯᠠᠯ ᠳᠤ ᠣᠷᠣᠯᠴᠠᠪᠠ ᠃ | ᠴᠠᠭ ᠤᠨ ᠵᠡᠭᠦᠦ ᠠᠷᠪᠠᠨ ᠵᠢᠯ ᠤᠨ ᠡᠮᠦᠨᠡᠬᠢ 70 ᠵᠢᠯ ᠤᠨ ᠣᠶ ᠶᠢᠨ ᠪᠠᠶᠠᠷ ᠤᠨ ᠶᠣᠰᠣᠯᠠᠯ ᠳᠤ ᠣᠷᠤᠯᠴᠠᠬᠤ | ᠦᠶ᠎ᠡ ᠳᠤ ᠪᠤᠴᠠᠵᠤ ᠢᠷᠡᠭᠰᠡᠨ ᠰᠢᠭ ᠪᠣᠯᠪᠠ ᠃ ᠤᠷᠳᠤ ᠤᠳᠠᠭᠠᠨ ᠴᠠᠭ ᠮᠥᠴᠡ ᠶᠢ ᠡᠯᠡᠭᠡᠭᠰᠡᠨ ᠪᠥᠭᠡᠳ ᠢᠷᠠᠭᠤ ᠠᠯᠳᠠᠷ | ᠪᠢᠯᠬᠠᠭᠰᠠᠨ ᠮᠣᠰᠺᠸᠠ ᠶᠢᠨ ᠤᠯᠠᠭᠠᠨ ᠲᠠᠯᠠᠪᠠᠶ ᠳᠤ 10 ᠵᠢᠯ ᠤᠨ ᠡᠮᠦᠨᠡᠬᠢ ᠲᠠᠢ ᠠᠳᠠᠯᠢᠬᠠᠨ ᠬᠠᠩᠭᠢᠨᠠᠭᠰᠠᠨ ᠲᠠᠭᠤᠨ | ᠣᠭᠲᠠᠷᠭᠤᠢ ᠶᠢ ᠳᠣᠩᠰᠣᠯᠭᠠᠵᠤ ᠂ ᠢᠳᠡᠷᠡᠭᠦᠨ ᠠᠯᠬᠤᠭ᠎ᠠ ᠮᠥᠨ ᠬᠦ ᠠᠳᠠᠯᠢᠬᠠᠨ ᠢᠳᠡ ᠬᠦᠴᠦᠲᠡᠢ ᠪᠠᠶᠢᠯ᠎ᠠ ᠃ | ᠴᠠᠭ ᠤᠨ ᠬᠦᠷᠳᠦ ᠡᠷᠭᠢᠯᠳᠦᠭᠰᠡᠭᠡᠷ ᠃ ᠡᠳᠦᠷ ᠪᠦᠷᠢ ᠲᠦᠮᠡᠨ ᠪᠣᠳᠠᠰ ᠬᠤᠪᠢᠷᠠᠵᠤ ᠪᠠᠶᠢᠪᠠᠴᠤ ᠂ ᠨᠢᠭᠡᠨ ᠬᠦᠴᠦᠨ | ᠬᠠᠳᠠ ᠴᠢᠯᠠᠭᠤ ᠮᠡᠲᠦ ᠪᠠᠲᠤ ᠴᠢᠩᠭ᠎ᠠ ᠪᠠᠶᠢᠵᠤ ᠂ ᠨᠢᠭᠡᠨ ᠵᠣᠷᠢᠭ ᠰᠠᠨᠠᠭ᠎ᠠ ᠴᠠᠭ ᠦᠶ᠎ᠡ ᠶᠢ ᠬᠥᠲᠥᠯᠥᠨ ᠳᠠᠭᠠᠭᠤᠯᠵᠤ ᠰᠦᠷ | ᠳᠠᠯᠠᠶᠢᠴᠠᠲᠠᠢ ᠤᠷᠤᠭᠰᠢᠯᠠᠨ᠎ᠠ ᠃ | ᠲᠡᠷᠡ ᠪᠣᠯ ︽ ᠬᠠᠲᠠᠭᠤ ᠪᠡᠷᠬᠡᠰᠢᠶᠡᠯ ᠢ ᠬᠠᠮᠲᠤ ᠪᠠᠷ ᠲᠤᠭᠤᠯᠬᠤ ︾ ᠠᠮᠠᠯᠠᠯᠲᠠ ᠂ ︽ ᠵᠣᠷᠢᠭᠲᠠᠢ ᠪᠠᠷ ᠬᠠᠷᠢᠭᠤᠴᠠᠯᠭ᠎ᠠ | ᠡᠭᠦᠷᠭᠡᠯᠡᠬᠦ ︾ ᠬᠠᠳᠠᠨ ᠵᠣᠷᠢᠭ ᠮᠥᠨ ᠃ ᠤᠷᠪᠠᠭᠠᠨ ᠬᠥᠷᠪᠡᠭᠡᠨ ᠲᠠᠢ ᠪᠠᠶᠢᠭᠰᠠᠨ ᠴᠤ ᠡᠩᠬᠡ ᠲᠠᠶᠢᠪᠤᠩ ᠢ ᠬᠠᠮᠠᠭᠠᠯᠠᠬᠤ | ᠵᠣᠷᠢᠭ ᠦᠯᠦ ᠰᠤᠯᠠᠷᠠᠨ᠎ᠠ ︔ ᠲᠤᠬᠰᠢᠨ ᠳᠠᠪᠠᠯᠭᠠᠨ ᠳᠠᠪᠠᠯᠭᠠᠯᠠᠵᠤ ᠪᠠᠶᠢᠭᠰᠠᠨ ᠴᠤ ᠬᠠᠮᠲᠤᠷᠠᠯᠴᠠᠬᠤ ᠳᠠᠷᠪᠠᠭᠤᠯ | ᠥᠨᠳᠥᠷ ᠲᠤ ᠮᠠᠨᠳᠤᠭᠰᠠᠭᠠᠷ ᠃ | ᠲᠤᠬᠠᠢ ᠶᠢᠨ ᠭᠠᠵᠠᠷ ᠤᠨ ᠴᠠᠭ ᠢᠶᠠᠷ 7 ᠤ ᠣᠷᠣᠢ ᠂ ᠲᠡᠷᠢᠭᠦᠯᠡᠭᠴᠢ ᠰᠢ ᠶᠢᠨ ᠫᠢᠩ ᠲᠤᠰᠬᠠᠢ ᠨᠢᠰᠬᠡᠯ ᠢᠶᠠᠷ ᠬᠦᠷᠴᠦ | ᠣᠴᠢᠪᠠ ᠃ ᠨᠢᠰᠬᠡᠯ ᠤᠨ ᠪᠠᠭᠤᠳᠠᠯ ᠳᠤ ᠤᠭᠲᠤᠬᠤ ᠪᠠᠷ ᠢᠷᠡᠭᠰᠡᠨ ᠤᠷᠤᠰ ᠤᠨ ᠳᠡᠳ᠋ ᠶᠡᠷᠦᠩᠬᠡᠢ ᠰᠠᠶᠢᠳ ᠭᠧᠯᠢᠺᠸᠧᠨ᠄ ︽ | ᠪᠢᠳᠡ ᠴᠥᠮ ᠮᠠᠰᠢ ᠶᠡᠭᠡ ᠰᠣᠨᠢᠷᠬᠠᠯ ᠲᠠᠢ ᠪᠠᠷ ᠲᠠᠨ ᠤ ︿ ᠤᠷᠤᠰ ᠤᠨ ᠰᠣᠨᠢᠨ ﹀ ᠳᠡᠭᠡᠷ᠎ᠡ ᠨᠡᠶᠢᠲᠡᠯᠡᠭᠰᠡᠨ ᠨᠡᠷ᠎ᠡ ᠬᠠᠲᠠᠭᠰᠠᠨ | ᠵᠣᠬᠢᠶᠠᠯ ᠢ ᠨᠠᠷᠢᠨ ᠬᠢᠨᠠᠮᠠᠭᠠᠢ ᠤᠩᠰᠢᠵᠤ ᠂ ᠮᠠᠰᠢ ᠶᠡᠭᠡ ᠤᠷᠮᠠᠰᠢᠨ ᠵᠣᠷᠢᠭᠵᠢᠵᠤ ᠂ ᠮᠠᠰᠢ ᠶᠡᠭᠡ ᠰᠡᠳᠬᠢᠯ ᠳᠣᠭᠳᠣᠯᠪᠠ ︾ | ᠭᠡᠵᠦ ᠬᠡᠯᠡᠪᠡ ᠃ | ᠲᠡᠷᠢᠭᠦᠯᠡᠭᠴᠢ ᠰᠢ ᠶᠢᠨ ᠫᠢᠩ ᠵᠣᠬᠢᠶᠠᠯ ᠳᠠᠭᠠᠨ᠄ ︽ᠨᠢᠭᠡᠨ ᠴᠠᠭ ᠤᠨ ᠤᠴᠢᠷ ᠶᠠᠪᠤᠳᠠᠯ ᠳᠤ ᠲᠥᠭᠡᠷᠢᠭᠳᠡᠬᠦ ᠦᠭᠡᠢ ᠂ | ᠰᠢᠷᠦᠭᠦᠨ ᠰᠠᠯᠬᠢ ᠳᠤᠬᠰᠢᠨ ᠳᠠᠪᠠᠯᠭᠠᠨ ᠳᠤ ᠨᠥᠯᠥᠭᠡᠯᠡᠭᠳᠡᠬᠦ ᠦᠭᠡᠢ ᠪᠠᠶᠢᠵᠤ ᠂ ᠳᠤᠮᠳᠠᠳᠤ ᠤᠷᠤᠰ ᠤᠨ ᠪᠠᠶᠢᠯᠳᠤᠬᠤ | ᠪᠣᠳᠣᠯᠭ᠎ᠠ ᠶᠢᠨ ᠬᠠᠮᠵᠢᠯᠴᠠᠭᠠᠨ ᠤ ᠲᠣᠬᠲᠠᠭᠠᠯᠲᠤ ᠴᠢᠨᠠᠷ ᠪᠣᠯᠣᠨ ᠤᠶᠠᠨ ᠬᠠᠳᠠᠨ ᠴᠢᠨᠠᠷ ᠢᠶᠠᠷ ᠳᠡᠯᠡᠬᠡᠢ ᠶᠢᠨ ᠤᠯᠠᠨ | ᠲᠤᠶᠢᠯᠵᠢᠯᠳᠠ ᠶᠢᠨ ᠠᠬᠢᠴᠠ ᠶᠢ ᠬᠠᠮᠲᠤ ᠪᠠᠷ ᠠᠬᠢᠭᠤᠯᠵᠤ ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ | ᠴᠣᠭᠴᠠ ᠶᠢ ᠪᠠᠶᠢᠭᠤᠯᠬᠤ ᠶᠢ ᠬᠠᠮᠲᠤ ᠪᠠᠷ ᠠᠬᠢᠭᠤᠯᠤᠶ᠎ᠠ ︾ ᠭᠡᠵᠦ ᠪᠢᠴᠢᠪᠡ ᠃ | ︵ ᠨᠢᠭᠡ ︶ ᠠᠶᠢᠯᠴᠢᠯᠠᠬᠰᠠᠨ ᠴᠠᠭ ᠄ | ︽ ᠰᠢᠨ᠎ᠡ ᠴᠠᠭ ᠦᠶ᠎ᠡ ᠶᠢᠨ ᠳᠤᠮᠳᠠᠳᠤ ᠤᠷᠤᠰ ᠤᠨ ᠬᠠᠷᠢᠯᠴᠠᠭ᠎ᠠ ᠨᠡᠩ ᠢᠲᠡᠭᠡᠯ ᠲᠠᠢ ᠂ ᠲᠣᠭᠲᠠᠭᠤᠨ ᠪᠠᠲᠤ ᠪᠠᠬᠢ | ᠪᠣᠯᠪᠠ︾ | ᠲᠦᠷᠦᠭᠦᠬᠡᠨ ᠤᠯᠠᠨ ᠤᠯᠤᠰ ᠤᠨ ᠶᠠᠷᠢᠶ᠎ᠠ ᠬᠡᠯᠡᠯᠴᠡᠭᠡᠨ ᠳᠤ ᠄ ᠲᠣᠮᠣ ᠤᠯᠤᠰ ᠤᠨ ᠬᠠᠷᠢᠯᠴᠠᠭ᠎ᠠ ᠡᠭᠡᠳᠡᠷᠡᠭᠡᠨ | ᠪᠤᠳᠤᠯᠢᠶᠠᠨᠲᠠᠢ ᠪᠣᠯᠤᠭᠰᠠᠨ ᠪᠠᠶᠢᠳᠠᠯ ᠳᠣᠣᠷ᠎ᠠ ᠪᠡᠭᠡᠵᠢᠩ — ᠮᠣᠰᠺᠸᠠ ᠬᠠᠮᠢᠭᠠᠰᠢ ᠪᠤᠯᠬᠤ ᠪᠣᠯ ᠭᠡᠵᠦ ᠲᠠᠭᠠᠮᠠᠭᠯᠠᠵᠤ | ᠪᠠᠶᠢᠪᠠ ᠃ | ᠦᠨᠡᠨ ᠳᠡᠭᠡᠨ ᠲᠡᠷᠢᠭᠦᠯᠡᠭᠴᠢ ᠰᠢ ᠶᠢᠨ ᠫᠢᠩ ᠤᠨ ᠲᠤᠰᠬᠠᠢ ᠨᠢᠰᠬᠡᠯ ᠤᠷᠤᠰ ᠤᠨ ᠨᠤᠲᠤᠭ ᠲᠤ ᠪᠠᠭᠤᠭᠰᠠᠨ | ᠦᠶ᠎ᠡ ᠳᠤ ᠨᠢᠭᠡᠨᠲᠡ ᠲᠣᠳᠣᠷᠬᠠᠢ ᠬᠠᠷᠢᠭᠤᠯᠲᠠ ᠶᠢ ᠥᠭᠭᠦᠭᠰᠡᠨ ᠪᠠᠶᠢᠨ᠎ᠠ ᠃ ᠨᠡᠷ᠎ᠡ ᠬᠠᠲᠠᠭᠰᠠᠨ ᠵᠣᠬᠢᠶᠠᠯ ᠳᠠᠬᠢ ︽ ᠰᠢᠷᠦᠭᠦᠨ | ᠰᠠᠯᠬᠢ ᠳᠤᠬᠰᠢᠨ ᠳᠠᠪᠠᠯᠭᠠᠨ ᠳᠤ ᠨᠥᠯᠥᠭᠡᠯᠡᠭᠳᠡᠬᠦ ᠦᠭᠡᠢ ︾ ᠭᠡᠰᠡᠨ ᠴᠦ ᠲᠡᠷᠡ ᠂ ᠺᠷᠧᠮᠯᠢ ᠣᠷᠳᠣᠨ ᠳᠤ | ᠰᠤᠷᠪᠤᠯᠵᠢᠯᠠᠬᠴᠢᠳ ᠲᠠᠢ ᠠᠭᠤᠯᠵᠠᠬᠤ ᠳᠠᠭᠠᠨ ᠴᠢᠬᠤᠯᠠᠴᠢᠯᠠᠭᠰᠠᠨ ︽ ᠰᠠᠯᠬᠢ ᠪᠣᠷᠣᠭᠠᠨ ᠢ ᠬᠠᠮᠲᠤ ᠪᠠᠷ ᠥᠩᠭᠡᠷᠡᠭᠦᠯᠵᠦ ᠂ | ᠬᠦᠴᠢᠷ ᠪᠡᠷᠬᠡᠰᠢᠶᠡᠯ ᠢ ᠬᠠᠮᠲᠤ ᠪᠠᠷ ᠲᠤᠭᠤᠯᠤᠨ᠎ᠠ ︾ ᠭᠡᠵᠦ ᠬᠡᠯᠡᠭᠰᠡᠨ ᠴᠦ ᠲᠡᠷᠡ ᠂ ᠳᠤᠮᠳᠠᠳᠤ ᠤᠯᠤᠰ ᠴᠢᠭᠯᠡᠯ ᠢᠶᠠᠨ ᠲᠠᠭᠢᠨ | ᠳᠠᠪᠲᠠᠨ ᠲᠣᠳᠣᠷᠬᠠᠶᠢᠯᠠᠭᠰᠠᠭᠠᠷ ᠪᠠᠶᠢᠨ᠎ᠠ ᠃ | ᠶᠡᠷᠦᠩᠬᠡᠶᠢᠯᠡᠭᠴᠢ ᠫᠦᠲ᠋ᠢᠨ ᠴᠤ ᠠᠳᠠᠯᠢᠬᠠᠨ ᠣᠪᠣᠷ ᠢᠶᠠᠷ᠄ ︽ᠬᠤᠶᠠᠷ ᠤᠯᠤᠰ ᠤᠨ ᠨᠥᠬᠦᠷᠯᠡᠯ ᠡᠪᠳᠡᠷᠡᠰᠢ ᠦᠭᠡᠢ | ᠪᠠᠲᠤ ᠪᠠᠬᠢ ᠶᠤᠮ︾ ᠂ ︽ᠣᠷᠣᠰ ᠳᠤᠮᠳᠠᠳᠤ ᠶᠢᠨ ᠬᠠᠷᠢᠯᠴᠠᠭ᠎ᠠ ᠨᠢᠭᠡᠨ ᠴᠠᠭ ᠤᠨ ᠤᠴᠢᠷ ᠶᠠᠪᠤᠳᠠᠯ ᠳᠤ ᠲᠥᠭᠡᠷᠢᠭᠳᠡᠬᠦ | ᠦᠭᠡᠢ ᠂ ᠶᠠᠮᠠᠷᠪᠠ ᠭᠠᠳᠠᠭᠠᠳᠤ ᠣᠷᠴᠢᠨ ᠤ ᠬᠠᠷᠰᠢᠯᠠᠯ ᠳᠤ ᠴᠤ ᠨᠥᠯᠥᠭᠡᠯᠡᠭᠳᠡᠬᠦ ᠦᠭᠡᠢ ᠶᠤᠮ︾ ᠭᠡᠪᠡ ᠃ | ᠤᠯᠤᠰ ᠤᠨ ᠲᠡᠷᠢᠭᠦᠨ ᠤ ᠪᠠᠶᠢᠯᠳᠤᠬᠤ ᠪᠣᠳᠣᠯᠭ᠎ᠠ ᠶᠢᠨ ᠵᠢᠯᠣᠭᠤᠳᠤᠯᠭ᠎ᠠ ᠨᠢ ᠭᠦᠨ ᠵᠤᠵᠠᠭᠠᠨ ᠭᠠᠳᠠᠭᠠᠳᠤ | ᠬᠠᠷᠢᠯᠴᠠᠭᠠᠨ ᠤ ᠲᠡᠦᠬᠡᠨ ᠬᠠᠭᠤᠳᠠᠰᠤᠨ ᠳᠤ ᠪᠠᠶᠢᠵᠤ ᠂ ᠬᠠᠮᠤᠭ ᠤᠨ ᠰᠦᠷ ᠬᠦᠴᠦᠨ ᠲᠠᠢ ᠬᠠᠭᠤᠳᠠᠰᠤ ᠪᠣᠯᠣᠨ᠎ᠠ ᠃ | 8 ᠤ ᠥᠷᠯᠥᠭᠡ ᠂ ᠲᠡᠷᠢᠭᠦᠯᠡᠭᠴᠢ ᠰᠢ ᠶᠢᠨ ᠫᠢᠩ ᠤᠨ ᠲᠡᠷᠭᠡᠨ ᠠᠩᠭᠢ ᠥᠷᠯᠥᠭᠡ ᠶᠢᠨ ᠤᠷᠢᠬᠠᠨ ᠰᠠᠯᠬᠢ ᠶᠢ | ᠤᠭᠲᠤᠨ ᠺᠷᠧᠮᠯᠢ ᠣᠷᠳᠣᠨ ᠳᠤ ᠬᠦᠷᠴᠦ ᠂ ᠥᠩᠭᠡ ᠦᠵᠡᠮᠵᠢ ᠲᠡᠷᠡ ᠬᠡᠪ ᠢᠶᠠᠷ ᠢᠶᠠᠨ ᠪᠠᠶᠢᠯ᠎ᠠ ᠃ ᠵᠣᠷᠵ ᠶᠡᠭᠡ | ᠲᠢᠩᠬᠢᠮ ᠳᠤ ᠬᠤᠶᠠᠷ ᠤᠯᠤᠰ ᠤᠨ ᠲᠡᠷᠢᠭᠦᠨ ᠥᠭᠡᠳᠡ ᠥᠭᠡᠳᠡ ᠠᠴᠠ ᠪᠠᠨ ᠠᠯᠬᠤᠯᠠᠵᠤ ᠂ ᠭᠠᠷ ᠠᠳᠬᠤᠯᠴᠠᠪᠠ ᠃ | ᠲᠡᠦᠬᠡ ᠪᠣᠯᠣᠨ ᠪᠣᠳᠠᠲᠤ ᠠᠬᠤᠢ ᠂ ᠤᠯᠤᠰ ᠪᠣᠯᠣᠨ ᠳᠡᠯᠡᠬᠡᠢ ᠶᠢᠷᠲᠢᠨᠴᠦ ᠂ ᠣᠳᠣᠬᠠᠨ ᠤ ᠪᠠ ᠠᠯᠤᠰ ᠭᠡᠳᠦ ᠶᠢᠨ | ᠲᠤᠬᠠᠢ ᠵᠦᠢᠯ ᠵᠦᠢᠯ ᠤᠨ ᠵᠠᠳᠠᠯᠤᠯᠲᠠ ᠨᠢ ᠨᠢᠭᠡᠨ ᠬᠠᠮᠲᠤ ᠶᠢᠨ ᠳ᠋ᠦᠩᠨᠡᠯᠲᠡ ᠶᠢ ᠵᠢᠭᠠᠪᠠ ᠄ ᠲᠣᠬᠲᠠᠭᠠᠯᠲᠤ ᠪᠤᠰᠤ | ᠴᠢᠨᠠᠷ ᠢᠶᠠᠷ ᠳᠦᠭᠦᠷᠦᠭᠰᠡᠨ ᠳᠡᠯᠡᠬᠡᠢ ᠶᠢᠷᠲᠢᠨᠴᠦ ᠳᠤ ᠲᠤᠰ ᠤᠳᠠᠭᠠᠨ ᠤ ᠠᠶᠢᠯᠴᠢᠯᠠᠯᠲᠠ ᠨᠢ ︽ ᠲᠣᠮᠣ ᠤᠯᠤᠰ ᠤᠨ | ᠬᠠᠷᠢᠯᠴᠠᠭᠠᠨ ᠤ ᠲᠣᠭᠲᠠᠪᠤᠷᠢᠲᠤ ᠴᠢᠨᠠᠷ ᠪᠠ ᠲᠣᠬᠲᠠᠭᠠᠯᠲᠤ ᠴᠢᠨᠠᠷ ︾ ᠢ ᠢᠯᠡᠷᠡᠭᠦᠯᠵᠡᠢ ᠃ | ᠳᠤᠮᠳᠠᠳᠤ ᠤᠷᠤᠰ ᠬᠤᠶᠠᠷ ᠤᠯᠤᠰ ᠴᠠᠭ ᠬᠤᠭᠤᠴᠠᠭ᠎ᠠ ᠪᠠᠷ ᠨᠥᠬᠦᠷᠯᠡᠯ ᠢᠶᠠᠨ ᠵᠤᠵᠠᠭᠠᠳᠬᠠᠵᠤ ᠂ ᠢᠲᠡᠭᠡᠯᠴᠡᠭᠡ ᠪᠠᠨ | ᠬᠤᠷᠠᠮᠳᠤᠭᠤᠯᠪᠠ ᠃ ᠰᠢᠨ᠎ᠡ ᠴᠠᠭ ᠦᠶ᠎ᠡ ᠳᠤ ᠣᠷᠣᠭᠰᠠᠨ ᠠᠴᠠ ᠨᠠᠭᠠᠰᠢ ᠬᠤᠶᠠᠷ ᠤᠯᠤᠰ ᠤᠨ ᠲᠡᠷᠢᠭᠦᠨ 40 ᠭᠠᠷᠤᠢ | ᠤᠳᠠᠭ᠎ᠠ ᠠᠭᠤᠯᠵᠠᠵᠤ ᠂ ᠲᠡᠷᠢᠭᠦᠯᠡᠭᠴᠢ ᠰᠢ ᠶᠢᠨ ᠫᠢᠩ ᠤᠷᠤᠰ ᠲᠤ 11 ᠤᠳᠠᠭ᠎ᠠ ᠠᠶᠢᠯᠴᠢᠯᠠᠪᠠ ᠃ ᠲᠡᠷᠡ ᠡᠨᠡ ᠤᠳᠠᠭ᠎ᠠ | ᠤᠷᠤᠰ ᠲᠤ ᠢᠷᠠᠵᠤ ᠶᠡᠷᠦᠩᠬᠡᠶᠢᠯᠡᠭᠴᠢ ᠫᠦᠲ᠋ᠢᠨ ᠳᠤ ︽ ᠤᠷᠤᠰ ᠪᠣᠯ ᠪᠢ ᠪᠦᠭᠦᠳᠠ ᠨᠠᠶᠢᠷᠠᠮᠳᠠᠬᠤ ᠳᠤᠮᠳᠠᠳᠤ ᠠᠷᠠᠳ | ᠤᠯᠤᠰ ᠤᠨ ᠲᠡᠷᠢᠭᠦᠯᠡᠭᠴᠢ ᠶᠢᠨ ᠬᠤᠪᠢ ᠪᠠᠷ ᠬᠠᠮᠤᠭ ᠤᠨ ᠤᠯᠠᠨ ᠠᠶᠢᠯᠴᠢᠯᠠᠬᠰᠠᠨ ᠤᠯᠤᠰ ᠪᠣᠯᠣᠨ᠎ᠠ ︾ ᠭᠡᠵᠦ ᠬᠡᠯᠡᠪᠡ ᠃ | 8 ᠤ ᠡᠳᠦᠷ ᠂ ᠶᠡᠷᠦᠩᠬᠡᠶᠢᠯᠡᠭᠴᠢ ᠫᠦᠲ᠋ᠢᠨ ᠠᠵᠢᠯᠯᠠᠭ᠎ᠠ ᠶᠢ ᠡᠷᠭᠢᠯᠡᠭᠰᠡᠨ ᠤᠯᠤᠰ ᠪᠣᠯᠤᠭᠰᠠᠨ ᠤ ᠬᠤᠪᠢ ᠪᠠᠷ | ᠵᠣᠴᠢᠳ ᠢᠶᠠᠨ ᠤᠭᠲᠤᠵᠤ ᠶᠠᠭᠠᠷᠠᠭᠰᠠᠨ ᠨᠢᠭᠡ ᠡᠳᠦᠷ ᠪᠠᠶᠢᠵᠤ ᠲᠠᠭᠠᠷᠠᠨ᠎ᠠ ᠂ ᠭᠡᠪᠡᠴᠦ ᠲᠡᠷᠡ ᠶᠡᠬᠡᠩᠬᠢ ᠴᠠᠭ ᠢᠶᠠᠨ ᠳᠤᠮᠳᠠᠳᠤ | ᠤᠯᠤᠰ ᠠᠴᠠ ᠢᠷᠡᠭᠰᠡᠨ ᠰᠠᠶᠢᠨ ᠨᠠᠶᠢᠵᠠ ᠳᠠᠭᠠᠨ ᠵᠣᠷᠢᠭᠤᠯᠤᠭᠰᠠᠨ ᠪᠠᠶᠢᠨ᠎ᠠ ᠃ ᠤᠭᠲᠤᠬᠤ ᠶᠣᠰᠣᠯᠠᠯ ᠂ ᠬᠡᠯᠡᠯᠴᠡᠭᠡ ᠬᠢᠬᠦ ᠂ | ᠭᠠᠷ ᠤᠨ ᠦᠰᠦᠭ ᠵᠢᠷᠤᠬᠤ ᠪᠠ ᠬᠠᠮᠲᠤᠷᠠᠯᠴᠠᠭᠠᠨ ᠤ ᠪᠢᠴᠢᠭ ᠰᠣᠯᠢᠯᠴᠠᠬᠤ ᠶᠣᠰᠣᠯᠠᠯ ᠂ ᠬᠠᠮᠲᠤ ᠪᠠᠷ | ᠰᠤᠷᠪᠤᠯᠵᠢᠯᠠᠬᠴᠢᠳ ᠲᠠᠢ ᠠᠭᠤᠯᠵᠠᠬᠤ ᠂ ᠤᠭᠲᠤᠬᠤ ᠳᠠᠶᠢᠯᠠᠯᠭ᠎ᠠ ᠂ ᠵᠤᠷᠰᠢᠯ ᠶᠣᠰᠣᠭᠠᠷ ᠲᠥᠷᠥ ᠶᠢᠨ ᠶᠠᠪᠤᠳᠠᠯ ᠤᠨ | ᠠᠶᠢᠯᠴᠢᠯᠠᠯᠲᠠ ᠬᠢᠬᠦ ᠠᠴᠠ ᠭᠠᠳᠠᠨ᠎ᠠ ᠣᠷᠣᠰ ᠤᠨ ᠬᠢᠨ ᠪᠠᠰᠠ ᠣᠨᠴᠠᠭᠠᠶ ᠲᠣᠬᠢᠷᠠᠭᠤᠯᠤᠯᠲᠠ ᠬᠢᠪᠡ ᠄ ᠶᠡᠷᠦᠩᠬᠡᠶᠢᠯᠡᠭᠴᠢ ᠶᠢᠨ | ᠠᠯᠪᠠᠨ ᠭᠡᠷ ᠲᠤ ᠴᠠᠢ ᠶᠢᠨ ᠵᠣᠭᠤᠭ ᠳᠡᠯᠭᠡᠵᠡᠢ ᠃ | ᠶᠠᠭ ᠲᠡᠷᠢᠭᠦᠯᠡᠭᠴᠢ ᠰᠢ ᠶᠢᠨ ᠫᠢᠩ ᠤᠨ ᠳᠤᠮᠳᠠᠳᠤ ᠤᠷᠤᠰ ᠤᠨ ᠬᠠᠷᠢᠯᠴᠠᠭ᠎ᠠ ᠶᠢᠨ ᠲᠤᠬᠠᠢ ᠦᠨᠡᠯᠡᠭᠰᠡᠨ ᠰᠢᠭ ᠢᠶᠠᠷ | ︽ ᠳᠤᠮᠳᠠᠳᠤ ᠤᠯᠤᠰ ᠪᠣᠯᠣᠨ ᠤᠷᠤᠰ ᠪᠣᠯ ᠴᠥᠮ ᠴᠢᠬᠤᠯᠠ ᠨᠥᠯᠥᠭᠡᠯᠡᠬᠦ ᠬᠦᠴᠦᠨ ᠲᠠᠢ ᠲᠣᠮᠣ ᠤᠯᠤᠰ ᠮᠥᠨ ᠂ ᠪᠦᠭᠦ | ᠪᠥᠮᠪᠥᠷᠴᠡᠭ ᠤᠨ ᠪᠠᠶᠢᠯᠳᠤᠬᠤ ᠪᠣᠳᠣᠯᠭ᠎ᠠ ᠶᠢᠨ ᠲᠣᠭᠲᠠᠭᠤᠨ ᠢ ᠬᠠᠮᠠᠭᠠᠯᠠᠬᠤ ᠂ ᠪᠦᠭᠦ ᠪᠥᠮᠪᠥᠷᠴᠡᠭ ᠤᠨ ᠵᠠᠰᠠᠯᠲᠠ ᠶᠢ | ᠲᠡᠭᠦᠯᠳᠡᠷᠵᠢᠭᠦᠯᠬᠦ ᠪᠦᠲᠦᠭᠡᠯᠴᠢ ᠴᠢᠨᠠᠷᠲᠠᠢ ᠬᠦᠴᠦᠨ ᠮᠥᠨ ᠂ ᠢᠯᠡ ᠲᠣᠳᠣ ᠲᠡᠦᠬᠡ ᠶᠢᠨ ᠯᠣᠭᠢᠭ ᠲᠠᠢ ᠂ ᠬᠦᠴᠦᠷᠬᠡᠭ ᠶᠡᠭᠡ | ᠳᠣᠲᠣᠭᠠᠳᠤ ᠬᠥᠳᠡᠯᠭᠡᠬᠦ ᠬᠦᠴᠦᠨ ᠲᠠᠢ ᠂ ᠭᠦᠨ ᠵᠤᠵᠠᠭᠠᠨ ᠪᠣᠯᠪᠠᠰᠤᠨ ᠤ ᠣᠣᠷ ᠲᠤᠨᠳᠠᠰᠤ ᠲᠠᠢ ᠂ ᠭᠤᠷᠪᠠᠳᠤᠭᠠᠷ | ᠡᠲᠡᠭᠡᠳ ᠲᠤ ᠴᠢᠭᠯᠡᠭᠦᠯᠬᠦ ᠦᠭᠡᠢ ᠪᠥᠭᠡᠳ ᠶᠠᠮᠠᠷᠪᠠ ᠭᠤᠷᠪᠠᠳᠤᠭᠠᠷ ᠡᠲᠡᠭᠡᠳ ᠲᠤ ᠬᠢᠵᠠᠭᠠᠷᠯᠠᠭᠳᠠᠬᠤ ᠦᠭᠡᠢ ᠃ ︾ | ᠲᠡᠦᠬᠡ ᠶᠢᠨ ᠯᠣᠭᠢᠭ ᠭᠡᠵᠦ ᠶᠠᠭᠤ ᠪᠤᠢ ︖ | ᠥᠩᠭᠡᠷᠡᠭᠰᠡᠨ ᠢ ᠡᠷᠭᠢᠴᠡᠭᠦᠯᠬᠦᠶ᠎ᠡ ᠳᠤᠮᠳᠠᠳᠤ ᠤᠷᠤᠰ ᠤᠨ ᠬᠠᠷᠢᠯᠴᠠᠭ᠎ᠠ ᠲᠤᠭ᠎ᠠ ᠲᠣᠮᠰᠢ ᠦᠭᠡᠢ ᠲᠡᠦᠬᠡ ᠶᠢᠨ ᠨᠠᠷᠢᠨ | ᠵᠦᠢᠯᠡᠰ ᠤᠨ ᠲᠤᠯᠭᠠᠭᠤᠷᠢᠯᠠᠯ ᠲᠠᠢ ᠶᠤᠮ ᠃ ᠭᠠᠶᠢᠬᠠᠮᠰᠢᠭᠲᠤ ᠴᠠᠭ ᠦᠶ᠎ᠡ ᠠᠴᠠ ᠡᠬᠢᠯᠡᠵᠦ ᠂ ᠬᠦᠴᠢᠷ ᠪᠡᠷᠬᠡᠰᠢᠶᠡᠯ ᠲᠠᠢ ᠭᠡᠷᠡᠯ | ᠰᠠᠴᠤᠷᠠᠩᠭᠤᠢ ᠣᠨ ᠰᠠᠷ᠎ᠠ ᠶᠢ ᠥᠩᠭᠡᠷᠡᠭᠦᠯᠪᠡ ᠃ ᠬᠤᠶᠠᠷ ᠤᠯᠤᠰ ᠤᠨ ᠬᠠᠷᠢᠯᠴᠠᠭ᠎ᠠ ︽ ᠬᠠᠷᠢᠯᠴᠠᠨ ᠨᠥᠭᠦᠷᠰᠡᠭ ᠤᠯᠤᠰ ︾ | ᠠᠴᠠ ᠪᠦᠲᠦᠭᠡᠯᠴᠢ ᠴᠢᠨᠠᠷᠲᠠᠢ ᠬᠠᠨᠢᠲᠠᠨ ᠪᠣᠯᠵᠤ ᠂ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ ᠬᠠᠨᠢᠲᠠᠨ ᠠᠴᠠ ᠪᠦᠭᠦ | ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ ᠬᠠᠨᠢᠲᠠᠨ ᠪᠣᠯᠵᠤ ᠂ ᠲᠠᠭᠢᠭᠠᠳ ᠰᠢᠨ᠎ᠡ ᠴᠠᠭ ᠦᠶ᠎ᠡ ᠶᠢᠨ ᠪᠦᠭᠦ | ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ ᠬᠠᠨᠢᠲᠠᠨ ᠪᠣᠯᠵᠤ ᠂ ᠲᠡᠦᠬᠡ ᠶᠢᠨ ᠬᠠᠮᠤᠭ ᠤᠨ ᠰᠠᠶᠢᠨ ᠴᠠᠭ | ᠦᠶ᠎ᠡ ᠶᠢ ᠤᠭᠲᠤᠨ ᠠᠪᠴᠢᠷᠠᠪᠠ ᠃ ︽ ᠬᠥᠷᠰᠢ ᠵᠡᠷᠭᠡᠯᠡᠳᠡᠭᠡ ᠲᠣᠮᠣ ᠤᠯᠤᠰ ᠤᠨ ᠵᠥᠪ ᠢᠶᠠᠷ ᠬᠠᠷᠢᠯᠴᠠᠬᠤ ᠵᠠᠮ ᠢ | ᠠᠮᠵᠢᠯᠲᠠᠲᠠᠢ ᠪᠠᠷ ᠰᠦᠪᠡᠭᠴᠢᠯᠡᠵᠦ ᠣᠯᠪᠠ ︾ ᠂ ᠡᠨᠡ ᠨᠢ ᠮᠥᠨ ᠴᠦ ᠲᠣᠮᠣ ᠤᠯᠤᠰ ᠤᠨ ᠬᠠᠷᠢᠯᠴᠠᠭᠠᠨ ᠳᠤ ᠳᠠᠪᠠᠯᠭᠠᠨ ᠢ | ᠵᠦᠰᠦᠨ ᠤᠷᠤᠭᠰᠢᠯᠠᠬᠤ ᠥᠷᠭᠡᠨ ᠠᠭᠤᠳᠠᠮ ᠠᠶᠠᠯᠠᠯ ᠤᠨ ᠵᠠᠮ ᠢ ᠨᠡᠭᠡᠭᠡᠵᠦ ᠥᠭᠭᠦᠭᠰᠡᠨ ᠪᠠᠶᠢᠨ᠎ᠠ ᠃ | ᠳᠣᠲᠣᠭᠠᠳᠤ ᠬᠥᠳᠡᠯᠭᠡᠬᠦ ᠬᠦᠴᠦᠨ ᠭᠡᠵᠦ ᠶᠠᠭᠤ ᠪᠤᠢ ︖ | ᠳᠡᠯᠡᠬᠡᠶᠢᠵᠢᠯᠲᠡ ᠪᠣᠯᠣᠨ ᠰᠥᠷᠭᠡᠦ ᠳᠡᠯᠡᠬᠡᠶᠢᠵᠢᠯᠲᠡ ᠶᠢᠨ ᠦᠵᠡᠯᠴᠡᠭᠡᠨ ᠤ ᠪᠠᠶᠢᠳᠠᠯ ᠳᠣᠣᠷ᠎ᠠ ᠂ ᠨᠢᠳᠤᠨᠤᠨ ᠬᠤᠶᠠᠷ | ᠲᠠᠯ᠎ᠠ ᠶᠢᠨ ᠠᠷᠠᠯᠵᠢᠶᠠᠨ ᠤ ᠬᠡᠮᠵᠢᠶ᠎ᠡ ᠰᠠᠯᠬᠢ ᠶᠢ ᠰᠥᠷᠦᠨ ᠰᠢᠨ᠎ᠡ ᠲᠡᠮᠳᠡᠭᠯᠡᠯ ᠢ ᠡᠭᠦᠳᠪᠡ ᠃ ᠬᠤᠶᠠᠷ ᠲᠠᠯ᠎ᠠ ᠶᠢᠨ | ᠬᠠᠮᠲᠤᠷᠠᠯᠴᠠᠭᠠᠨ ᠤ ᠬᠦᠴᠦᠷᠬᠡᠭ ᠶᠡᠭᠡ ᠤᠶᠠᠨ ᠬᠠᠳᠠᠨ ᠴᠢᠨᠠᠷ ᠨᠢ ᠵᠠᠩᠭᠢᠯᠠᠭ᠎ᠠ ᠪᠣᠯᠵᠤ ᠂ ᠲᠡᠷᠢᠭᠦᠯᠡᠭᠴᠢ ᠰᠢ ᠶᠢᠨ ᠫᠢᠩ | ᠡᠭᠦᠨ ᠢ ︽ ᠡᠳᠦᠷ ᠠᠴᠠ ᠡᠳᠦᠷ ᠥᠭᠡᠳᠡᠯᠡᠨ ᠳᠡᠭᠵᠢᠷᠡᠵᠦ ︾ ᠪᠠᠶᠢᠨ᠎ᠠ ᠭᠡᠵᠦ ᠳᠦᠷᠰᠦᠯᠡᠪᠡ ᠃ ᠨᠥᠭᠡᠴᠡ ᠂ ᠨᠡᠮᠡᠭᠳᠡᠯ ᠂ | ᠬᠤᠪᠢᠰᠤᠯᠲᠠ ᠂ ᠲᠡᠷᠡ ᠬᠠᠮᠲᠤᠷᠠᠯᠴᠠᠭᠠᠨ ᠤ ᠴᠢᠭᠯᠡᠯ ᠠᠷᠭ᠎ᠠ ᠵᠠᠮ ᠢ ᠪᠦᠭᠦ ᠲᠠᠯ᠎ᠠ ᠪᠠᠷ ᠲᠣᠳᠣᠷᠬᠠᠶᠢᠯᠠᠨ ᠥᠭᠦᠯᠡᠵᠦ ᠂ ︽ | ᠲᠣᠭᠲᠠᠭᠤᠨ ︾ ᠤ ᠰᠠᠭᠤᠷᠢ ᠶᠢ ᠨᠡᠩ ᠪᠠᠲᠤ ᠪᠠᠬᠢ ᠪᠤᠯᠭᠠᠬᠤ ᠂ ︽ᠤᠷᠤᠭᠰᠢᠯᠠᠬᠤ ︾ ᠬᠥᠳᠡᠯᠭᠡᠬᠦ ᠡᠨᠧᠷᠭᠢ ᠶᠢ ᠨᠡᠩ | ᠭᠦᠢᠴᠡᠳ ᠪᠤᠯᠭᠠᠬᠤ ᠶᠢ ᠪᠣᠳᠣᠯᠬᠢᠯᠠᠵᠤ ᠪᠠᠶᠢᠨ᠎ᠠ ᠃ ᠶᠡᠷᠦᠩᠬᠡᠶᠢᠯᠡᠭᠴᠢ ᠫᠦᠲ᠋ᠢᠨ᠄ ︽ ᠤᠷᠤᠰ ᠳᠤᠮᠳᠠᠳᠤ ᠶᠢᠨ | ᠬᠠᠷᠢᠯᠴᠠᠭ᠎ᠠ ᠶᠢᠨ ᠬᠥᠭᠵᠢᠯᠲᠡ ᠶᠢ ᠡᠷᠡᠰ ᠭᠤᠶᠢᠪᠢᠰᠢ ᠦᠭᠡᠢ ᠠᠬᠢᠭᠤᠯᠵᠤ ᠂ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠶᠢ | ᠥᠷᠭᠡᠳᠬᠡᠬᠦ ᠪᠣᠯ ᠤᠷᠤᠰ ᠤᠨ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠰᠣᠩᠭᠤᠯᠲᠠ ᠪᠣᠯᠣᠨ᠎ᠠ ︾ ᠭᠡᠵᠦ ᠢᠳᠡᠪᠬᠢᠲᠡᠢ | ᠬᠠᠷᠢᠭᠤ ᠥᠭᠴᠡᠢ ᠃ | ᠬᠠᠮᠲᠤᠷᠠᠯᠴᠠᠬᠤ ᠨᠢ ᠠᠷᠠᠳ ᠲᠦᠮᠡᠨ ᠤ ᠠᠵᠠ ᠵᠢᠷᠭᠠᠯ ᠂ ᠪᠦᠭᠦ ᠪᠥᠮᠪᠥᠷᠴᠡᠭ ᠤᠨ ᠬᠥᠭᠵᠢᠯᠲᠡ ᠶᠢᠨ ᠲᠥᠯᠥᠭᠡ ᠶᠤᠮ ᠃ | ᠠᠶᠢᠯᠴᠢᠯᠠᠯᠲᠠ ᠶᠢᠨ ᠬᠤᠭᠤᠴᠠᠭᠠᠨ ᠳᠤ ᠂ ᠬᠤᠶᠠᠷ ᠲᠠᠯ᠎ᠠ ᠪᠠᠷ ᠢᠶᠠᠨ 20 ᠭᠠᠷᠤᠢ ᠵᠦᠢᠯ ᠤᠨ ᠬᠠᠮᠲᠤᠷᠠᠯᠴᠠᠭᠠᠨ ᠤ ᠪᠢᠴᠢᠭ | ᠮᠠᠲ᠋ᠧᠷᠢᠶᠠᠯ ᠲᠣᠬᠢᠷᠠᠯᠴᠠᠪᠠ ᠃ ᠡᠭᠦᠨ ᠳᠤ ᠂ ᠠᠵᠤ ᠠᠬᠤᠢ ᠶᠢᠨ ᠬᠦᠷᠢᠶᠡᠨ ᠳᠠᠬᠢ ᠰᠢᠨᠡᠴᠢᠯᠡᠯᠲᠡ ᠂ ᠰᠢᠨ᠎ᠡ ᠬᠡᠪᠯᠡᠯ ᠤᠨ ᠪᠡᠯᠡ | ᠣᠷᠣᠭᠤᠯᠤᠯᠲᠠ ᠶᠢ ᠬᠠᠮᠠᠭᠠᠯᠠᠬᠤ ᠬᠡᠯᠡᠯᠴᠡᠭᠡᠷ ᠲᠤ ᠭᠠᠷ ᠤᠨ ᠦᠰᠦᠭ ᠵᠢᠷᠤᠵᠤ ᠂ ᠬᠠᠮᠠᠭᠠᠯᠠᠬᠤ ᠦᠵᠡᠯ ᠤᠨ ᠰᠥᠷᠭᠡᠦ | ᠤᠷᠤᠰᠬᠠᠯ ᠢ ᠬᠦᠴᠦᠲᠡᠢ ᠠᠷᠭᠠᠴᠠᠭᠠᠪᠠ ︔ ᠪᠦᠭᠦ ᠪᠥᠮᠪᠥᠷᠴᠡᠭ ᠤᠨ ᠵᠠᠰᠠᠯᠲᠠ ᠲᠠᠢ ᠳᠠᠬᠢᠨᠲᠠ ᠬᠠᠷᠭᠤᠭᠤᠯᠵᠤ ᠂ ᠬᠤᠶᠠᠷ | ᠲᠠᠯ᠎ᠠ ᠪᠠᠷ ᠢᠶᠠᠨ ᠪᠦᠭᠦ ᠪᠥᠮᠪᠥᠷᠴᠡᠭ ᠤᠨ ᠪᠠᠶᠢᠯᠳᠤᠬᠤ ᠪᠣᠳᠣᠯᠭ᠎ᠠ ᠶᠢᠨ ᠲᠣᠭᠲᠠᠭᠤᠨ ᠤ ᠲᠤᠬᠠᠢ ᠬᠠᠮᠲᠤᠷᠠᠭᠰᠠᠨ | ᠢᠯᠡᠷᠬᠡᠶᠢᠯᠡᠯᠲᠡ ᠂ ᠤᠯᠠᠨ ᠤᠯᠤᠰ ᠤᠨ ᠬᠠᠤᠯᠢ ᠶᠢᠨ ᠡᠷᠬᠡ ᠰᠦᠷ ᠢ ᠬᠠᠮᠠᠭᠠᠯᠠᠬᠤ ᠲᠤᠬᠠᠢ ᠬᠠᠮᠲᠤᠷᠠᠯᠴᠠᠭ᠎ᠠ ᠪᠠᠨ ᠤᠯᠠᠮ | ᠨᠢᠭᠡ ᠠᠯᠬᠤᠮ ᠴᠢᠩᠭᠠᠳᠬᠠᠬᠤ ᠲᠤᠬᠠᠢ ᠬᠠᠮᠲᠤᠷᠠᠭᠰᠠᠨ ᠢᠯᠡᠷᠬᠡᠶᠢᠯᠡᠯᠲᠡ ᠨᠡᠶᠢᠲᠡᠯᠡᠵᠦ ᠂ ᠳᠡᠯᠡᠬᠡᠢ ᠨᠡᠶᠢᠭᠡᠮ ᠳᠤ | ᠦᠷᠭᠦᠯᠵᠢᠯᠡᠨ ᠬᠠᠩᠭᠢᠨᠠᠨ ᠴᠤᠤᠷᠢᠶᠠᠲᠤᠪᠠ ᠃ | ᠪᠣᠯᠪᠠᠰᠤᠨ ᠤ ᠣᠣᠷ ᠲᠤᠨᠳᠠᠰᠤ ᠭᠡᠵᠦ ᠶᠠᠭᠤ ᠪᠤᠢ ︖ | ᠬᠤᠶᠠᠷ ᠤᠯᠤᠰ ᠤᠨ ᠪᠣᠯᠪᠠᠰᠤᠨ ᠤ ᠰᠣᠯᠢᠯᠴᠠᠭ᠎ᠠ ᠲᠣᠯᠢᠳᠠᠯ ᠨᠢ ᠲᠤᠰ ᠤᠳᠠᠭ᠎ᠠ ᠭᠠᠷ ᠤᠨ ᠦᠰᠦᠭ ᠵᠢᠷᠤᠭᠰᠠᠨ | ᠰᠤᠷᠭᠠᠨ ᠬᠥᠮᠦᠵᠢᠯ ᠂ ᠺᠢᠨᠣ᠋ ᠂ ᠵᠠᠭᠤᠴᠢᠯᠠᠭᠤᠷ ᠵᠡᠷᠭᠡ ᠬᠠᠮᠲᠤᠷᠠᠯᠴᠠᠭᠠᠨ ᠤ ᠪᠢᠴᠢᠭ ᠮᠠᠲ᠋ᠧᠷᠢᠶᠠᠯ ᠯᠠ ᠲᠡᠳᠦᠢ ᠪᠢᠰᠢ ᠃ | ᠪᠠᠭᠲᠠᠭᠠᠮᠵᠢ ᠶᠢᠨ ᠶᠡᠭᠡ ᠂ ᠬᠥᠮᠥᠨ ᠠᠮᠠ ᠶᠢᠨ ᠤᠯᠠᠨ ᠂ ᠲᠡᠦᠬᠡ ᠶᠢᠨ ᠤᠷᠳᠤ ᠤᠳᠠᠭᠠᠨ ᠂ ᠪᠣᠯᠪᠠᠰᠤᠨ ᠤ ᠭᠦᠨ ᠵᠤᠵᠠᠭᠠᠨ ᠨᠢ | ᠥᠩᠭᠡᠷᠡᠭᠰᠡᠨ ᠤ ᠮᠥᠷᠥ ᠵᠡᠷᠭᠡᠴᠡᠨ ᠪᠠᠶᠢᠯᠳᠤᠵᠤ ᠪᠠᠶᠢᠭᠰᠠᠨ ᠠᠴᠠ ᠪᠠᠨ ᠥᠨᠥᠳᠥᠷ ᠭᠠᠷ ᠬᠤᠯᠪᠣᠨ ᠬᠠᠮᠲᠤ ᠪᠠᠷ | ᠤᠷᠤᠭᠰᠢᠯᠠᠵᠤ ᠂ ᠢᠵᠢᠯ ᠴᠢᠭᠯᠡᠯ ᠢᠶᠠᠷ ᠤᠷᠤᠭᠰᠢᠯᠠᠬᠤ ᠭᠦᠨ ᠳᠠᠪᠬᠤᠷᠭ᠎ᠠ ᠶᠢᠨ ᠯᠣᠭᠢᠭ ᠪᠣᠯ ᠬᠤᠶᠠᠷ ᠶᠡᠭᠡ ᠪᠣᠯᠪᠠᠰᠤᠨ ᠤ | ᠲᠡᠦᠬᠡ ᠶᠢᠨ ᠦᠵᠡᠯᠲᠡ ᠂ ᠡᠩᠬᠡ ᠲᠠᠶᠢᠪᠤᠩ ᠤᠨ ᠦᠵᠡᠯᠲᠡ ᠂ ᠡᠮᠬᠢ ᠳᠢᠭᠯᠢᠮ ᠤᠨ ᠦᠵᠡᠯᠲᠡ ᠂ ᠬᠥᠭᠵᠢᠯᠲᠡ ᠶᠢᠨ | ᠦᠵᠡᠯᠲᠡ ᠶᠢᠨ ᠭᠡᠷᠡᠯ ᠭᠢᠯᠪᠠᠭ᠎ᠠ ᠪᠣᠯᠣᠨ᠎ᠠ ᠃ ᠪᠣᠯᠪᠠᠰᠤᠨ ᠤ ᠬᠠᠷᠠᠭᠠᠰᠤ ᠶᠢᠨ ᠨᠡᠪᠲᠡᠷᠡᠯᠴᠡᠯ ᠨᠢ ᠤᠯᠤᠰ ᠲᠥᠷᠥ ᠶᠢᠨ | ᠢᠲᠡᠭᠡᠯᠴᠡᠭᠡ ᠂ ᠪᠣᠳᠠᠲᠠᠢ ᠶᠢ ᠡᠷᠬᠢᠮᠯᠡᠭᠰᠡᠨ ᠬᠠᠮᠲᠤᠷᠠᠯᠴᠠᠭᠠᠨ ᠤ ᠬᠠᠮᠤᠭ ᠤᠨ ᠪᠠᠲᠤ ᠪᠠᠬᠢ ᠰᠠᠭᠤᠷᠢ ᠪᠣᠯᠪᠠ ᠃ | ︽ ᠰᠢᠷᠣᠢ ᠬᠤᠷᠠᠮᠳᠤᠵᠤ ᠠᠭᠤᠯᠠ ᠪᠣᠯᠵᠤ ᠂ ᠤᠰᠤ ᠬᠤᠷᠠᠮᠳᠤᠵᠤ ᠲᠠᠯᠠᠢ ᠪᠣᠯᠣᠨ᠎ᠠ ︾ ᠃ ᠲᠡᠦᠬᠡ ᠭᠡᠵᠦ ᠨᠢᠭᠡᠯᠡ | ᠳᠣᠣᠷ᠎ᠠ ᠪᠦᠲᠦᠳᠡᠭ ᠪᠢᠰᠢ ᠂ ᠬᠠᠷᠢᠨ ᠨᠢᠭᠡ ᠲᠣᠭᠤᠰᠭ᠋᠎ᠠ ᠨᠢᠭᠡ ᠸᠠᠭᠠᠷ ᠢᠶᠠᠷ ᠵᠡᠷᠭᠡᠯᠡᠨ ᠦᠷᠦᠵᠤ ᠪᠠᠶᠢᠭᠠᠳ ᠰᠠᠶ᠋ᠢ | ᠥᠨᠥᠳᠥᠷ ᠤᠨ ᠪᠠᠶᠢᠳᠠᠯ ᠪᠣᠯᠵᠤ ᠪᠦᠷᠢᠯᠳᠦᠪᠡ ᠃ | ᠲᠤᠰ ᠤᠳᠠᠭ᠎ᠠ ᠶᠢᠨ ᠠᠶᠢᠯᠴᠢᠯᠠᠯᠲᠠ ᠶᠢᠨ ᠬᠠᠮᠤᠭ ᠤᠨ ᠴᠢᠬᠤᠯᠠ ᠤᠯᠤᠰ ᠲᠦᠷᠦ ᠶᠢᠨ ᠦᠷ᠎ᠡ ᠪᠦᠲᠦᠭᠡᠯ ᠨᠢ ᠺᠷᠧᠮᠯᠢ | ᠣᠷᠳᠣᠨ ᠤ ᠲᠣᠭᠤᠰ ᠴᠢᠯᠠᠭᠤᠨ ᠲᠢᠩᠬᠢᠮ ᠳᠤ ᠮᠡᠨᠳᠦᠯᠡᠵᠡᠢ ᠃ ᠬᠤᠶᠠᠷ ᠤᠯᠤᠰ ᠤᠨ ᠲᠡᠷᠢᠭᠦᠨ ᠬᠠᠮᠲᠤ ᠪᠠᠷ ᠳᠤᠮᠳᠠᠳᠤ | ᠤᠷᠤᠰ ᠤᠨ ᠰᠢᠨ᠎ᠡ ᠴᠠᠭ ᠦᠶ᠎ᠡ ᠶᠢᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭᠠᠨ ᠤ ᠬᠠᠨᠢᠲᠠᠨ ᠤ | ᠬᠠᠷᠢᠯᠴᠠᠭ᠎ᠠ ᠶᠢ ᠤᠯᠠᠮ ᠴᠢᠨᠠᠭᠰᠢᠳᠠ ᠭᠦᠨᠵᠡᠭᠡᠶᠢᠷᠡᠭᠦᠯᠬᠦ ᠲᠤᠬᠠᠢ ᠬᠠᠮᠲᠤᠷᠠᠭᠰᠠᠨ ᠢᠯᠡᠷᠬᠡᠶᠢᠯᠡᠯᠲᠡ ᠳᠤ ᠭᠠᠷ ᠤᠨ ᠦᠰᠦᠭ | ᠵᠢᠷᠤᠪᠠ ᠃ | ᠵᠤᠵᠠᠭᠠᠨ ᠴᠠᠭᠠᠰᠤ ᠤᠷᠳᠤ ᠬᠠᠭᠤᠳᠠᠰᠤᠲᠤ ᠬᠦᠨᠳᠦᠴᠡ ᠲᠠᠢ ᠭᠡᠭᠴᠢ ᠡᠨᠡ ᠪᠢᠴᠢᠭ ᠨᠢ ᠳᠤᠮᠳᠠᠳᠤ ᠤᠷᠤᠰ ᠤᠨ | ᠬᠠᠷᠢᠯᠴᠠᠭ᠎ᠠ ᠶᠢᠨ ᠢᠯᠡ ᠲᠣᠳᠣ ᠲᠡᠮᠳᠡᠭ ᠢᠯᠡᠳᠬᠡᠮᠵᠢ ᠶᠢ ᠬᠠᠷᠠᠭᠤᠯᠵᠤ ᠪᠤᠢ ᠄ ᠪᠦᠭᠦ ᠲᠠᠯ᠎ᠠ ᠶᠢᠨ ᠪᠠᠶᠢᠯᠳᠤᠬᠤ | ᠪᠣᠳᠣᠯᠭ᠎ᠠ ᠶᠢᠨ ᠬᠠᠮᠵᠢᠯᠴᠠᠭ᠎ᠠ ᠃ | ︽ ᠵᠦᠪᠭᠡᠨ ᠳᠤᠮᠳᠠᠳᠤ ᠤᠷᠤᠰ ᠪᠠᠶᠢᠯᠳᠤᠬᠤ ᠪᠣᠳᠣᠯᠭ᠎ᠠ ᠶᠢᠨ ᠲᠣᠭᠲᠠᠯ ᠬᠦᠴᠦᠨ ᠢᠶᠠᠨ ᠪᠠᠲᠤᠯᠠᠵᠤ ᠂ ᠪᠠᠶᠢᠯᠳᠤᠬᠤ | ᠪᠣᠳᠣᠯᠭ᠎ᠠ ᠶᠢᠨ ᠬᠠᠮᠵᠢᠯᠴᠠᠭ᠎ᠠ ᠪᠠᠨ ᠪᠠᠷᠢᠮᠲᠠᠯᠠᠪᠠᠯ ᠂ ᠶᠠᠮᠠᠷᠪᠠ ᠬᠦᠴᠦᠨ ᠴᠦ ᠭᠡᠳ ᠬᠤᠶᠠᠷ ᠤᠯᠤᠰ ᠤᠨ ᠲᠤᠰ ᠲᠤᠰ ᠤᠨ | ᠬᠥᠭᠵᠢᠯ ᠮᠠᠨᠳᠤᠯ ᠢᠶᠠᠨ ᠪᠡᠶᠡᠯᠡᠭᠦᠯᠬᠦ ᠶᠢ ᠬᠤᠷᠢᠭᠯᠠᠵᠤ ᠳᠡᠶᠢᠯᠭᠦ ᠦᠭᠡᠢ ᠂ ᠳᠤᠮᠳᠠᠳᠤ ᠤᠷᠤᠰ ᠤᠨ ᠦᠶ᠎ᠡ ᠶᠢᠨ ᠦᠶ᠎ᠡ ᠳᠡᠭᠡᠨ | ᠨᠥᠭᠦᠷᠰᠡᠭ ᠪᠠᠶᠢᠬᠤ ᠠᠷᠠᠳ ᠤᠨ ᠰᠡᠳᠬᠢᠯ ᠤᠨ ᠬᠠᠨᠳᠤᠰᠢ ᠶᠢ ᠬᠤᠷᠢᠭᠯᠠᠵᠤ ᠳᠡᠶᠢᠯᠭᠦ ᠦᠭᠡᠢ ᠂ ᠳᠡᠯᠡᠬᠡᠢ ᠶᠢᠨ ᠤᠯᠠᠨ | ᠲᠤᠶᠢᠯᠵᠢᠯᠳᠠ ᠪᠠ ᠠᠵᠤ ᠠᠬᠤᠢ ᠶᠢᠨ ᠳᠡᠯᠡᠬᠡᠶᠢᠵᠢᠯᠲᠡ ᠶᠢᠨ ᠴᠠᠭ ᠦᠶ᠎ᠡ ᠶᠢᠨ ᠤᠷᠤᠰᠬᠠᠯ ᠢ ᠬᠤᠷᠢᠭᠯᠠᠵᠤ ᠳᠡᠶᠢᠯᠭᠦ ᠦᠭᠡᠢ | ᠶᠤᠮ ︾ ᠭᠡᠵᠦ ᠬᠡᠯᠡᠬᠦ ᠦᠶ᠎ᠡ ᠳᠤ ᠲᠡᠷᠢᠭᠦᠯᠡᠭᠴᠢ ᠰᠢ ᠶᠢᠨ ᠫᠢᠩ ᠤᠨ ᠲᠠᠭᠤᠨ ᠡᠷᠡᠰ ᠪᠠᠲᠤ ᠢᠳᠡ ᠬᠦᠴᠦᠲᠡᠢ ᠪᠠᠶᠢᠯ᠎ᠠ ᠃ | ︵ ᠬᠤᠶᠠᠷ ︶ ᠪᠠᠶᠠᠷ ᠤᠨ ᠶᠣᠰᠣᠯᠠᠯ ᠤᠨ ᠴᠠᠭ ᠮᠥᠴᠡ᠄ | ︽ ᠲᠡᠦᠬᠡ ᠶᠢᠨ ᠬᠠᠮᠤᠭ ᠤᠨ ᠰᠠᠶᠢᠨ ᠵᠠᠯᠭᠠᠮᠵᠢᠯᠠᠯ ᠪᠣᠯ ᠰᠢᠨ᠎ᠡ ᠲᠡᠦᠬᠡ ᠶᠢ ᠡᠭᠦᠳᠦᠨ ᠪᠦᠲᠦᠭᠡᠬᠦ ᠶᠠᠪᠤᠳᠠᠯ ᠮᠥᠨ︾ | ᠵᠥᠪᠯᠡᠯᠲᠦ ᠶᠢᠨ ᠠᠭᠤᠤ ᠶᠡᠭᠡ ᠤᠯᠤᠰ ᠢᠶᠠᠨ ᠬᠠᠮᠠᠭᠠᠯᠠᠬᠤ ᠲᠠᠶᠢᠨ ᠤ ᠢᠯᠠᠯᠲᠠ ᠣᠯᠣᠭᠰᠠᠨ 80 ᠵᠢᠯ ᠤᠨ ᠤᠢ ᠶᠢ | ᠳᠤᠷᠠᠰᠬᠠᠬᠤ ᠪᠠᠶᠠᠷ ᠤᠨ ᠶᠣᠰᠣᠯᠠᠯ ᠢ ᠶᠠᠪᠤᠭᠳᠠᠭᠤᠯᠬᠤ ᠮᠡᠳᠡᠭᠡ ᠶᠢ ᠨᠡᠶᠢᠲᠡᠯᠡᠭᠰᠡᠨ ᠤ ᠲᠠᠷᠠᠭ᠎ᠠ ᠂ ᠶᠡᠷᠦᠩᠬᠡᠶᠢᠯᠡᠭᠴᠢ ᠫᠦᠲ᠋ᠢᠨ | ᠠᠯᠢ ᠡᠷᠲᠡ ᠠᠴᠠ ᠭᠠᠳᠠᠭᠠᠳᠤ ᠳᠤ ᠂ ᠲᠡᠷᠢᠭᠦᠯᠡᠭᠴᠢ ᠰᠢ ᠶᠢᠨ ᠫᠢᠩ ︽ ᠬᠠᠮᠤᠭ ᠤᠨ ᠴᠢᠬᠤᠯᠠ ᠵᠣᠴᠢᠨ ︾ ᠪᠤᠯᠬᠤ ᠪᠣᠯᠣᠨ᠎ᠠ | ᠭᠡᠬᠦ ᠲᠠᠭᠤᠨ ᠢ ᠳᠠᠮᠵᠢᠭᠤᠯᠵᠤ ᠪᠢᠯᠡ ᠃ | 9 ᠤ ᠥᠷᠯᠥᠭᠡ ᠂ ᠦᠷ ᠤᠨ ᠲᠤᠶᠠᠭ᠎ᠠ ᠠᠷᠠᠢ ᠮᠠᠨᠳᠤᠬᠤ ᠠᠴᠠ ᠡᠮᠦᠨ᠎ᠡ ᠂ ᠮᠣᠰᠺᠸᠠ ᠶᠢᠨ ᠤᠯᠠᠭᠠᠨ ᠲᠠᠯᠠᠪᠠᠢ ᠳᠡᠭᠡᠷ᠎ᠡ | ᠨᠢᠭᠡᠨᠲᠡ ᠬᠥᠮᠥᠨ ᠤ ᠲᠠᠯᠠᠢ ᠪᠣᠯᠪᠠ ᠃ ᠪᠤᠭᠤᠷᠤᠯ ᠨᠠᠰᠤᠲᠠᠨ ᠂ ᠨᠢᠯᠬ᠎ᠠ ᠬᠡᠦᠬᠡᠳ ᠂ ᠢᠳᠡᠷ ᠵᠠᠯᠠᠭᠤᠴᠤᠳ ᠪᠦᠭᠦᠨ ᠢᠶᠠᠷ ᠢᠶᠠᠨ | ᠢᠷᠡᠵᠡᠭᠡᠯ᠎ᠡ ᠂ ᠲᠡᠶᠢᠮᠦ ᠂ ᠢᠯᠠᠯᠲᠠ ᠶᠢᠨ ᠡᠳᠦᠷ ᠮᠥᠨ ᠴᠤ ᠠᠷᠠᠳ ᠲᠦᠮᠡᠨ ᠤ ᠪᠠᠶᠠᠷ ᠤᠨ ᠡᠳᠦᠷ ᠃ | ᠲᠡᠷᠢᠭᠦᠯᠡᠭᠴᠢ ᠰᠢ ᠶᠢᠨ ᠫᠢᠩ ᠤᠨ ᠮᠠᠰᠢᠨ ᠲᠡᠷᠭᠡᠨ ᠤ ᠠᠩᠭᠢ ᠰᠠᠯᠬᠢᠨ ᠤ ᠠᠶ᠎ᠠ ᠪᠠᠷ ᠨᠠᠮᠢᠷᠠᠭ᠎ᠠ ᠢᠯᠠᠯᠲᠠ ᠶᠢᠨ | ᠲᠤᠭ ᠤᠨ ᠬᠠᠵᠠᠭᠤ ᠪᠠᠷ ᠥᠩᠭᠡᠷᠡᠵᠦ ᠂ ᠭᠠᠷ ᠲᠠᠭᠠᠨ ᠰᠣᠷᠭᠤᠭ ᠴᠡᠴᠡᠭ ᠡᠷᠭᠦᠭᠰᠡᠨ ᠬᠥᠮᠥᠰ ᠤᠨ ᠬᠠᠵᠠᠭᠤ ᠪᠠᠷ | ᠥᠩᠭᠡᠷᠡᠪᠡ ᠃ ᠵᠡᠭᠡᠯᠢ ᠳᠡᠭᠡᠷ᠎ᠡ ᠂ ᠬᠥᠮᠥᠰ ᠬᠤᠩ ᠴᠢ ᠲᠡᠷᠭᠡ ᠪᠣᠯᠣᠨ ᠲᠠᠪᠤᠨ ᠣᠳᠣᠲᠤ ᠤᠯᠠᠭᠠᠨ ᠲᠤᠭ ᠢ ᠣᠯᠵᠤ | ᠦᠵᠡᠭᠡᠳ ᠭᠠᠷ ᠳᠠᠯᠠᠯᠤᠨ ᠮᠡᠨᠳᠦᠴᠢᠯᠡᠨ᠎ᠡ ᠃ | ᠨᠡᠷᠡᠨ ᠤ ᠭᠡᠷᠡᠯ ᠤᠯᠠᠭᠠᠨ ᠲᠠᠯᠠᠪᠠᠢ ᠶᠢ ᠥᠪᠴᠢ ᠭᠡᠶᠢᠭᠦᠯᠦᠯ᠎ᠡ ᠃ ᠲᠡᠷᠢᠭᠦᠯᠡᠭᠴᠢ ᠰᠢ ᠶᠢᠨ ᠫᠢᠩ ᠺᠷᠧᠮᠯᠢ | ᠣᠷᠳᠣᠨ ᠳᠤ ᠬᠦᠷᠬᠦ ᠦᠶ᠎ᠡ ᠳᠤ ᠂ ᠶᠡᠷᠦᠩᠬᠡᠶᠢᠯᠡᠭᠴᠢ ᠫᠦᠲ᠋ᠢᠨ ᠬᠠᠯᠠᠭᠤᠨ ᠢᠶᠠᠷ ᠤᠭᠲᠤᠨ ᠠᠪᠤᠪᠠ ᠃ | ᠪᠠᠶᠠᠷ ᠤᠨ ᠶᠣᠰᠣᠯᠠᠯ ᠳᠤ ᠣᠷᠤᠯᠴᠠᠬᠤ ᠪᠠᠷ ᠳᠠᠬᠢᠨᠲᠠ ᠢᠷᠡᠬᠦ ᠳᠤ ᠂ ᠠᠷᠪᠠᠨ ᠵᠢᠯ ᠤᠷᠤᠰᠤᠨ ᠣᠲᠣᠭᠰᠠᠨ ᠪᠤᠯᠪᠠᠴᠤ | ᠤᠷᠢᠳᠤ ᠶᠢᠨ ᠶᠠᠪᠤᠳᠠᠯ ᠤᠳ ᠲᠣᠪ ᠲᠣᠳᠣᠷᠬᠠᠢ ᠴᠡᠭᠡᠵᠢᠯᠡᠭᠳᠡᠭᠰᠡᠭᠡᠷ ᠃ | ᠬᠡᠳᠦᠢ ᠥᠨᠢ ᠤᠳᠠᠭᠠᠨ ᠪᠣᠯᠤᠭᠰᠠᠨ ᠴᠤ ᠂ ᠲᠡᠦᠬᠡ ᠶᠢᠨ ᠳᠤᠷᠠᠰᠤᠮᠵᠢ ᠪᠣᠯᠣᠨ ᠦᠨᠡᠨ ᠪᠠᠶᠢᠳᠠᠯ ᠨᠢ ᠥᠩᠭᠡ | ᠬᠤᠪᠢᠷᠠᠰᠢ ᠦᠭᠡᠢ ᠶᠤᠮ ᠂ ︽ ᠪᠢᠳᠡᠨ ᠳᠤ ᠥᠭᠭᠦᠭᠰᠡᠨ ᠰᠡᠩᠬᠡᠷᠡᠭᠦᠯᠦᠯ ᠨᠢ ᠥᠨᠢ ᠡᠭᠦᠷᠢᠳᠡ ᠪᠣᠳᠠᠲᠤ ᠠᠬᠤᠢ ᠶᠢ | ᠲᠤᠰᠬᠠᠵᠤ ᠂ ᠢᠷᠡᠭᠡᠳᠦᠢ ᠶᠢ ᠬᠠᠷᠠᠭᠤᠯᠤᠨ᠎ᠠ︾ ᠃ | ᠬᠡᠳᠦᠢ ᠥᠨᠢ ᠤᠳᠠᠭᠠᠨ ᠪᠣᠯᠤᠭᠰᠠᠨ ᠴᠤ ᠂ ᠳᠡᠯᠡᠬᠡᠢ ᠶᠢᠨ ᠪᠠᠶᠢᠳᠠᠯ ᠤᠨ ᠶᠡᠭᠡ ᠣᠷᠤᠭ᠎ᠠ ᠪᠤᠰᠬᠠᠭ᠎ᠠ ᠶᠡᠭᠡ | ᠬᠤᠪᠢᠰᠤᠯᠲᠠ ᠳᠤᠮᠳᠠ ᠤᠷᠤᠰᠬᠠᠯ ᠤᠨ ᠡᠮᠦᠨ᠎ᠡ ᠵᠣᠭᠰᠣᠵᠤ ᠰᠦᠨᠳᠡᠷᠯᠡᠬᠦ ᠪᠠᠷ᠎ᠠ ᠢᠯᠡᠷᠡᠬᠦ ᠦᠭᠡᠢ ᠪᠠᠶᠢᠵᠤ ᠪᠣᠯᠣᠰᠢ ᠦᠭᠡᠢ | ᠶᠤᠮ ᠃ ᠬᠡᠳᠦᠶᠢᠪᠡᠷ ᠭᠠᠭᠴᠠ ᠲᠠᠯᠠᠲᠤ ᠦᠵᠡᠯ ᠂ ᠡᠵᠡᠷᠬᠡᠬᠦ ᠦᠵᠡᠯ ᠬᠠᠷᠭᠢᠰ ᠬᠡᠷᠴᠡᠭᠡᠢ ᠠᠵᠢᠯᠯᠠᠭ᠎ᠠ ᠶᠢᠨ ᠬᠤᠣᠷ ᠬᠥᠨᠥᠭᠡᠯ | ᠨᠢ ᠬᠦᠨᠳᠦ ᠨᠣᠴᠢᠲᠠᠢ ᠪᠠᠶᠢᠭᠰᠠᠨ ᠴᠤ ᠡᠩᠬᠡ ᠲᠠᠶᠢᠪᠤᠩ ᠪᠠ ᠰᠢᠳᠤᠷᠭᠤ ᠶᠣᠰᠣ ᠶᠢ ᠬᠠᠮᠠᠭᠠᠯᠠᠬᠤ ᠬᠦᠴᠦᠨ ᠡᠭᠦᠷᠢᠳᠡ | ᠪᠠᠶᠢᠭᠰᠠᠭᠠᠷ ᠪᠤᠢ ᠃ ᠳᠤᠮᠳᠠᠳᠤ ᠤᠯᠤᠰ ᠪᠣᠯᠣᠨ ᠤᠷᠤᠰ ᠲᠡᠦᠬᠡ ᠠᠴᠠ ᠨᠡᠩ ᠤᠯᠠᠨ ᠤᠶᠤᠨ ᠤᠬᠠᠭᠠᠨ ᠢ ᠰᠢᠩᠭᠡᠬᠡᠨ | ᠠᠪᠴᠤ ᠂ ᠨᠡᠩ ᠶᠡᠭᠡ ᠬᠠᠷᠢᠭᠤᠴᠠᠯᠭ᠎ᠠ ᠶᠢ ᠡᠭᠦᠷᠭᠡᠯᠡᠨ᠎ᠡ ᠃ | ᠲᠡᠷᠢᠭᠦᠯᠡᠭᠴᠢ ᠰᠢ ᠶᠢᠨ ᠫᠢᠩ ᠶᠡᠷᠦᠩᠬᠡᠶᠢᠯᠡᠭᠴᠢ ᠫᠦᠲ᠋ᠢᠨ ᠲᠠᠢ ᠬᠠᠮᠲᠤ ᠭᠤᠣᠯ ᠶᠣᠰᠣᠯᠠᠯ ᠤᠨ ᠲᠠᠶᠢᠰᠠᠨ ᠳᠤ ᠠᠯᠬᠤᠨ | ᠭᠦᠷᠪᠡ ᠃ ᠬᠠᠮᠲᠤ ᠰᠠᠭᠤᠯᠴᠠᠭᠰᠠᠨ ᠬᠤᠶᠠᠷ ᠤᠯᠤᠰ ᠤᠨ ᠲᠡᠷᠢᠭᠦᠨ ᠳᠣᠲᠣᠨᠣ ᠪᠠᠷ ᠶᠠᠷᠢᠯᠴᠠᠪᠠ ᠃ ᠠᠭᠤᠯᠠ ᠤᠰᠤ | ᠲᠠᠯᠬᠢᠭᠳᠠᠭᠰᠠᠨ ᠦᠶ᠎ᠡ ᠳᠤ ᠂ ᠡᠰᠡᠷᠭᠦᠴᠡᠨ ᠲᠡᠮᠡᠴᠡᠵᠦ ᠬᠦᠴᠢᠷ ᠪᠡᠷᠬᠡ ᠶᠢ ᠬᠠᠮᠲᠤ ᠪᠠᠷ ᠲᠤᠭᠤᠯᠪᠠ ᠂ ᠲᠡᠦᠬᠡ ᠶᠢ | ᠡᠷᠭᠢᠴᠡᠭᠦᠯᠬᠦᠶ᠎ᠡ ᠂ ᠥᠨᠥᠳᠥᠷ ᠬᠡᠴᠢᠨᠡᠭᠡᠨ ᠭᠢᠯᠪᠠᠷ ᠪᠤᠰᠤ ᠪᠠᠷ ᠢᠷᠡᠭᠰᠡᠨ ᠭᠡᠳᠡᠭ ᠢ ᠨᠡᠩ ᠴᠤ ᠰᠡᠳᠬᠢᠯ ᠳᠣᠭᠳᠣᠯᠤᠨ | ᠣᠶᠢᠯᠠᠭᠠᠨ᠎ᠠ ᠃ | ᠶᠡᠷᠦᠩᠬᠡᠶᠢᠯᠡᠭᠴᠢ ᠫᠦᠲ᠋ᠢᠨ ᠤ ᠪᠠᠶᠠᠷ ᠤᠨ ᠦᠭᠡ ᠬᠡᠯᠡᠬᠦ ᠦᠶ᠎ᠡ ᠶᠢᠨ ᠬᠠᠩᠭᠢᠨᠠᠮ᠎ᠠ ᠲᠠᠭᠤ ᠣᠭᠲᠠᠷᠭᠤᠢ ᠳᠤ | ᠴᠤᠤᠷᠢᠶᠠᠲᠤᠨ᠎ᠠ ᠄ ︽ ᠢᠯᠠᠯᠲᠠ ᠪᠣᠯ ᠠᠷᠢᠭᠤᠨ ᠲᠠᠷᠬᠠᠨ ᠶᠤᠮ ᠂ ᠲᠡᠦᠬᠡ ᠶᠢ ᠥᠭᠡᠷᠡᠲᠦᠭᠦᠯᠵᠦ ᠪᠤᠯᠬᠤ ᠦᠭᠡᠢ ᠂ | ᠢᠯᠠᠭᠴᠢ ᠶᠢ ᠭᠤᠲᠤᠭᠠᠵᠤ ᠪᠤᠯᠬᠤ ᠦᠭᠡᠢ ︾ ᠂ ︽ᠳᠤᠮᠳᠠᠳᠤ ᠤᠯᠤᠰ ᠤᠨ ᠠᠷᠠᠳ ᠲᠦᠮᠡᠨ ᠡᠷᠡᠯᠬᠡᠭ ᠪᠠᠭᠠᠲᠤᠷᠯᠢᠭ ᠢᠶᠠᠷ | ᠪᠠᠶᠢᠯᠳᠤᠪᠠ ᠂ ᠪᠢᠳᠡ ᠳᠤᠮᠳᠠᠳᠤ ᠤᠯᠤᠰ ᠤᠨ ᠠᠷᠠᠳ ᠲᠦᠮᠡᠨ ᠤ ᠬᠥᠮᠥᠨ ᠲᠥᠷᠥᠯᠬᠢᠲᠡᠨ ᠤ ᠬᠠᠮᠲᠤ ᠶᠢᠨ ᠢᠷᠡᠭᠡᠳᠦᠢ ᠶᠢ | ᠨᠡᠭᠡᠭᠡᠬᠦ ᠳᠤ ᠦᠵᠡᠭᠦᠯᠦᠭᠰᠡᠨ ᠬᠤᠪᠢ ᠨᠡᠮᠡᠷᠢ ᠶᠢ ᠳᠡᠭᠡᠳᠦ ᠬᠡᠮᠵᠢᠶ᠎ᠡ ᠪᠠᠷ ᠮᠠᠭᠲᠠᠨ ᠰᠠᠶᠢᠰᠢᠶᠠᠵᠤ ᠪᠠᠶᠢᠨ᠎ᠠ ︾ ᠃ | ᠴᠡᠷᠢᠭ ᠤᠨ ᠵᠢᠭᠰᠠᠭᠠᠯ ᠢ ᠰᠢᠯᠭᠠᠨ ᠦᠵᠡᠬᠦ ᠶᠣᠰᠣᠯᠠᠯ ᠨᠢ ᠴᠠᠭ ᠬᠤᠭᠤᠴᠠᠭ᠎ᠠ ᠪᠠᠷ ᠲᠡᠩᠭᠡᠯᠢᠭ ᠪᠣᠯᠭᠠᠪᠠ ᠃ | ᠶᠡᠷᠦᠩᠬᠡᠶᠢᠯᠡᠭᠴᠢ ᠫᠦᠲ᠋ᠢᠨ ᠪᠠᠶᠢᠨ ᠪᠠᠶᠢᠨ ᠪᠡᠶ᠎ᠡ ᠡᠷᠭᠢᠵᠦ ᠂ ᠲᠡᠷᠢᠭᠦᠯᠡᠭᠴᠢ ᠰᠢ ᠶᠢᠨ ᠫᠢᠩ ᠳᠤ ᠲᠤᠭ ᠳᠠᠯᠪᠠᠭ᠎ᠠ ᠂ ᠵᠢᠭᠰᠠᠭᠠᠯ ᠂ | ᠵᠡᠪᠰᠡᠭ ᠲᠣᠨᠣᠭᠯᠠᠯ ᠤᠨ ᠲᠤᠬᠠᠢ ᠲᠠᠨᠢᠯᠴᠠᠭᠤᠯᠤᠨ᠎ᠠ ᠃ ᠵᠠᠯᠠᠭᠤ ᠪᠠᠶᠢᠯᠳᠤᠭᠴᠢᠳ ᠴᠡᠭᠡᠵᠢ ᠲᠡᠨᠢᠢᠨ ︽ ᠦᠷ᠎ᠠ ︾ ᠭᠡᠵᠦ | ᠬᠠᠰᠬᠢᠷᠬᠤ ᠳᠠᠭᠤᠨ ᠨᠢ ᠡᠭᠦᠯᠡ ᠶᠢ ᠨᠡᠪᠲᠡᠯᠦᠨ ᠥᠨᠳᠥᠷ ᠣᠭᠲᠠᠷᠭᠤᠢ ᠳᠤ ᠴᠤᠤᠷᠢᠶᠠᠲᠤᠨ᠎ᠠ ᠃ | ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠭᠤᠷᠪᠠᠨ ᠵᠠᠮ ᠤᠨ ᠴᠡᠷᠢᠭ ᠤᠨ ᠶᠣᠰᠣᠯᠠᠯ ᠤᠨ | ᠵᠢᠭᠰᠠᠭᠠᠯ ᠤᠨ ᠠᠩᠭᠢ ᠬᠦᠷᠴᠦ ᠢᠷᠡᠪᠡ ︕ | ᠠᠯᠬᠤᠭ᠎ᠠ ᠢᠳᠡᠷᠡᠭᠦᠨ ᠂ ᠴᠤᠭ ᠵᠢᠪᠬᠤᠭ᠎ᠠ ᠪᠠᠳᠠᠷᠠᠩᠭᠤᠢ ᠃ ᠲᠡᠷᠢᠭᠦᠯᠡᠭᠴᠢ ᠰᠢ ᠶᠢᠨ ᠫᠢᠩ ᠪᠣᠰᠴᠤ ᠵᠣᠭᠰᠣᠨ | ᠮᠡᠨᠳᠦᠴᠢᠯᠡᠯ ᠬᠦᠷᠭᠡᠵᠦ ᠂ ᠲᠡᠭᠦᠨ ᠤ ᠬᠠᠷᠠᠴᠠ ᠤᠷᠤᠭᠰᠢᠯᠠᠯᠲᠠ ᠶᠢᠨ ᠡᠩᠨᠡᠭᠡ ᠶᠢ ᠳᠠᠭᠠᠵᠤ ᠂ ᠲᠡᠷᠲᠡᠭᠡ ᠲᠡᠦᠬᠡ ᠶᠢᠨ | ᠥᠩᠭᠡᠷᠡᠭᠰᠡᠨ ᠢ ᠡᠷᠭᠢᠴᠡᠭᠦᠯᠦᠨ ᠬᠠᠷᠠᠬᠤ ᠭᠡᠮᠡᠷ ᠃ | ᠠᠽᠢᠶ᠎ᠠ ᠲᠢᠪ ᠤᠨ ᠭᠤᠣᠯ ᠳᠠᠶᠢᠨ ᠤ ᠲᠠᠯᠠᠪᠤᠷ ᠤᠨ ᠬᠦᠨᠳᠦ ᠴᠢᠬᠤᠯᠠ ᠶᠢ ᠬᠠᠷᠠᠬᠤᠢ ᠃ ᠢᠮᠠᠬᠤ ᠪᠦᠷᠢ ᠠᠭᠤᠯᠠ | ᠤᠰᠤᠨ ᠳᠤ ᠬᠠᠯᠠᠭᠤᠨ ᠴᠢᠰᠤ ᠰᠢᠩᠭᠡᠵᠦ ᠂ ᠤᠳᠠᠭ᠎ᠠ ᠪᠦᠷᠢ ᠶᠢᠨ ᠪᠠᠶᠢᠯᠳᠤᠭᠠᠨ ᠳᠤ ᠨᠢᠷᠤᠭᠤ ᠭᠡᠳᠡᠶᠢᠨ ᠪᠠᠶᠢᠯᠳᠤᠨ᠎ᠠ ᠃ | ᠲᠠᠪᠤᠨ ᠮᠢᠩᠭᠠᠨ ᠵᠢᠯ ᠤᠨ ᠪᠣᠯᠪᠠᠰᠤᠨ ᠨᠢ ᠲᠦᠨᠡᠷ ᠬᠠᠷᠠᠩᠭᠤᠢ ᠴᠠᠭ ᠦᠶ᠎ᠡ ᠳᠤ ᠬᠦᠴᠦᠷᠬᠡᠭ ᠶᠡᠭᠡ ᠬᠦᠴᠦᠨ ᠴᠢᠳᠠᠯ ᠢ | ᠪᠠᠳᠠᠷᠠᠭᠤᠯᠵᠤ ᠂ ᠪᠦᠭᠦ ᠳᠤᠮᠳᠠᠳᠤ ᠶᠢᠨ ᠬᠥᠪᠡᠭᠦᠳ ᠥᠬᠢᠳ ᠲᠡᠭᠷᠢ ᠭᠠᠵᠠᠷ ᠢ ᠳᠣᠩᠰᠣᠯᠭᠠᠭᠰᠠᠨ ᠂ ᠴᠢᠳᠬᠦᠷ | ᠰᠠᠬᠢᠭᠤᠯᠰᠤᠨ ᠢ ᠤᠶᠠᠷᠠᠭᠤᠯᠤᠭᠰᠠᠨ ᠰᠦᠷ ᠵᠢᠪᠬᠤᠯᠠᠩᠲᠤ ᠲᠤᠤᠯᠢᠰ ᠢ ᠬᠠᠮᠲᠤ ᠪᠠᠷ ᠪᠢᠴᠢᠭᠯᠡᠭᠰᠡᠨ ᠶᠤᠮ ᠃ | ᠳᠠᠶᠢᠨ ᠤ ᠭᠠᠯ ᠳᠤᠮᠳᠠ ᠭᠠᠷ ᠬᠤᠯᠪᠣᠨ ᠮᠥᠷᠥ ᠵᠡᠷᠭᠡᠴᠡᠨ ᠪᠠᠶᠢᠯᠳᠤᠭᠰᠠᠨ ᠴᠠᠭ ᠮᠥᠴᠡ ᠶᠢ ᠬᠠᠷᠠᠬᠤᠢ ᠃ ᠲᠦᠨᠡᠷ | ᠬᠠᠷᠠᠩᠭᠤᠢ ᠳᠡᠯᠡᠬᠡᠢ ᠶᠢᠷᠲᠢᠨᠴᠦ ᠶᠢ ᠪᠦᠷᠬᠦᠵᠦ ᠂ ᠳᠤᠮᠳᠠᠳᠤ ᠤᠯᠤᠰ ᠤᠨ ᠠᠷᠠᠳ ᠲᠦᠮᠡᠨ ᠡᠩᠬᠡ ᠲᠠᠶᠢᠪᠤᠩ ᠢ ᠡᠷᠭᠢᠮᠯᠡᠳᠡᠭ | ᠳᠡᠯᠡᠬᠡᠢ ᠶᠢᠨ ᠠᠷᠠᠳ ᠲᠦᠮᠡᠨ ᠲᠠᠢ ᠬᠠᠮᠲᠤ ᠪᠠᠷ ᠠᠮᠢ ᠨᠠᠰᠤ ᠪᠠᠷ ᠢᠶᠠᠨ ᠠᠮᠢ ᠨᠠᠰᠤ ᠶᠢ ᠬᠠᠮᠠᠭᠠᠯᠠᠵᠤ ᠂ ᠢᠲᠡᠭᠡᠯ ᠵᠣᠷᠢᠭ ᠢᠶᠠᠷ | ᠢᠲᠡᠭᠡᠯ ᠵᠣᠷᠢᠭ ᠢ ᠬᠥᠪᠴᠢᠯᠡᠪᠡ ᠃ ᠭᠠᠰᠠᠯᠠᠩ ᠵᠣᠪᠠᠯᠠᠩ ᠪᠠ ᠦᠷᠡᠭᠳᠡᠯ ᠤᠨ ᠳᠠᠪᠲᠠᠯᠲᠠ ᠨᠢ ᠢᠯᠠᠯᠲᠠ ᠪᠤᠯᠬᠤ ᠪᠠᠷ ᠪᠠᠷᠠᠬᠤ | ᠦᠭᠡᠢ ᠂ ᠪᠠᠰᠠ ᠴᠤ ᠴᠠᠭ ᠤᠨ ᠪᠡᠷᠬᠡ ᠶᠢ ᠬᠠᠮᠲᠤ ᠪᠠᠷ ᠲᠤᠭᠤᠯᠬᠤ ᠭᠦᠨ ᠵᠤᠵᠠᠭᠠᠨ ᠨᠥᠬᠦᠷᠯᠡᠯ ᠮᠥᠨ ᠃ | ᠲᠡᠷᠢᠭᠦᠯᠡᠭᠴᠢ ᠰᠢ ᠶᠢᠨ ᠫᠢᠩ ᠤᠨ ᠨᠦᠭᠦᠭᠡ ᠲᠠᠯ᠎ᠠ ᠳᠤ ᠰᠠᠭᠤᠭᠰᠠᠨ ᠨᠢ ᠡᠩᠭᠡᠷ ᠳᠦᠭᠦᠷᠡᠩ ᠭᠠᠪᠢᠶᠠᠨ ᠲᠡᠮᠳᠡᠭ | ᠵᠡᠭᠦᠭᠰᠡᠨ ᠵᠠᠭᠤᠨ ᠨᠠᠰᠤᠲᠠᠢ ᠠᠬᠠᠮᠠᠳ ᠪᠠᠶᠢᠯᠳᠤᠭᠴᠢ ᠢᠸᠦᠭᠧᠨᠢ • ᠽᠧᠨᠡᠮᠢᠨᠰᠺᠢ ᠪᠣᠯᠣᠨ᠎ᠠ ᠃ | ᠨᠠᠰᠤ ᠠᠬᠠᠰᠢᠷᠠᠵᠤ ᠦᠰᠦ ᠨᠢ ᠪᠤᠭᠤᠷᠤᠯᠲᠤᠭᠰᠠᠨ ᠴᠤ ᠴᠡᠷᠢᠭ ᠬᠥᠮᠥᠨ ᠤ ᠴᠤᠭ ᠰᠦᠯᠳᠡ ᠨᠢ ᠬᠠᠷᠢᠨ ᠲᠡᠷᠡ | ᠬᠡᠪ ᠢᠶᠠᠷ ᠢᠶᠠᠨ ᠃ ᠲᠡᠷᠡ ᠰᠡᠳᠬᠢᠯ ᠬᠥᠳᠡᠯᠦᠨ ᠲᠡᠷᠢᠭᠦᠯᠡᠭᠴᠢ ᠰᠢ ᠶᠢᠨ ᠫᠢᠩ ᠤᠨ ᠭᠠᠷ ᠢ ᠠᠳᠬᠤᠵᠤ᠄ ︽ᠳᠡᠯᠡᠬᠡᠢ ᠳᠡᠭᠡᠷ᠎ᠡ | ᠶᠠᠮᠠᠷ ᠴᠤ ᠬᠦᠴᠦᠨ ᠭᠡᠳ ᠪᠢᠳᠡᠨ ᠢ ᠳᠠᠷᠤᠵᠤ ᠳᠡᠶᠢᠯᠭᠦ ᠦᠭᠡᠢ ᠶᠤᠮ ︾ ᠭᠡᠪᠡ ᠃ ᠡᠨᠡ ᠪᠣᠯ ᠠᠷᠢᠭᠤᠨ ᠴᠢᠰᠤ ᠪᠠ ᠠᠮᠢ | ᠨᠠᠰᠤ ᠪᠠᠷ ᠪᠠᠷᠢᠯᠳᠤᠭᠰᠠᠨ ᠰᠡᠩᠬᠡᠷᠡᠭᠦᠯᠦᠯ ᠪᠣᠯᠣᠨ᠎ᠠ ᠃ | ᠡᠨᠡ ᠵᠢᠯ ᠪᠣᠯ ᠳᠡᠯᠡᠬᠡᠢ ᠶᠢᠨ ᠹᠠᠱᠢᠰ ᠢ ᠡᠰᠡᠷᠭᠦᠴᠡᠬᠦ ᠲᠠᠶᠢᠨ ᠢᠯᠠᠯᠲᠠ ᠣᠯᠣᠭᠰᠠᠨ 80 ᠵᠢᠯ ᠤᠨ ᠤᠢ ᠪᠠ ᠤᠯᠠᠨ | ᠤᠯᠤᠰ ᠤᠨ ᠬᠤᠯᠪᠣᠭᠠᠲᠤ ᠪᠠᠶᠢᠭᠤᠯᠭ᠎ᠠ ᠪᠠᠶᠢᠭᠤᠯᠤᠭᠳᠠᠭᠰᠠᠨ 80 ᠵᠢᠯ ᠤᠨ ᠤᠢ ᠪᠣᠯᠣᠨ᠎ᠠ ᠃ ᠲᠡᠷᠢᠭᠦᠯᠡᠭᠴᠢ ᠰᠢ ᠶᠢᠨ | ᠫᠢᠩ ᠂ ︽ᠲᠡᠦᠬᠡ ᠶᠢᠨ ᠬᠠᠮᠤᠭ ᠤᠨ ᠰᠠᠶᠢᠨ ᠵᠠᠯᠭᠠᠮᠵᠢᠯᠠᠯ ᠪᠣᠯ ᠳᠠᠷᠤᠢ ᠰᠢᠨ᠎ᠡ ᠲᠡᠦᠬᠡ ᠶᠢ ᠡᠭᠦᠳᠦᠨ ᠪᠦᠲᠦᠭᠡᠬᠦ ᠶᠠᠪᠤᠳᠠᠯ | ᠪᠣᠯᠣᠨ᠎ᠠ︾ ᠭᠡᠵᠦ ᠬᠡᠯᠡᠵᠦ ᠥᠩᠭᠡᠷᠡᠪᠡ ᠃ ᠲᠡᠷᠡ ᠶᠡᠷᠦᠩᠬᠡᠶᠢᠯᠡᠭᠴᠢ ᠫᠦᠲ᠋ᠢᠨ ᠲᠠᠢ ᠬᠠᠮᠲᠤ ᠪᠠᠷ ᠭᠠᠷ ᠤᠨ ᠦᠰᠦᠭ | ᠵᠢᠷᠤᠭᠰᠠᠨ ᠲᠡᠷᠡ ᠬᠦ ᠬᠠᠮᠲᠤᠷᠠᠭᠰᠠᠨ ᠢᠯᠡᠷᠬᠡᠶᠢᠯᠡᠯᠲᠡ ᠳᠤ ᠂ ᠲᠡᠦᠬᠡ ᠶᠢᠨ ᠤᠯᠠᠷᠢᠯ ᠬᠤᠪᠢᠰᠤᠯ ᠢ ᠥᠭᠦᠯᠡᠵᠦ | ᠢᠷᠡᠭᠡᠳᠦᠢ ᠶᠢᠨ ᠲᠤᠬᠠᠢ ᠢᠲᠡᠭᠡᠯ ᠪᠠᠲᠤ ᠢᠩᠭᠢᠵᠦ ᠪᠢᠴᠢᠭᠯᠡᠪᠡ ᠄ | ︽ᠳᠡᠯᠡᠬᠡᠢ ᠶᠢᠨ ᠬᠤᠶᠠᠳᠤᠭᠠᠷ ᠲᠠᠶᠢᠨ ᠤ ᠲᠡᠦᠬᠡ ᠶᠢ ᠥᠭᠡᠷᠡᠲᠦᠭᠦᠯᠬᠦ ᠂ ᠳᠤᠮᠳᠠᠳᠤ ᠤᠷᠤᠰ ᠤᠨ ᠳᠡᠯᠡᠬᠡᠢ ᠶᠢᠨ | ᠬᠤᠶᠠᠳᠤᠭᠠᠷ ᠲᠠᠶᠢᠨ ᠤ ᠲᠡᠦᠬᠡᠨ ᠭᠠᠪᠢᠶ᠎ᠠ ᠵᠢᠳᠬᠦᠯ ᠢ ᠮᠠᠭᠤᠰᠢᠶᠠᠬᠤ ᠪᠠ ᠪᠠᠯᠠᠯᠬᠤ ᠂ ᠴᠢᠯᠦᠭᠡᠯᠡᠭᠴᠢ ᠶᠢᠨ ᠳᠦᠷᠢ ᠲᠥᠷᠬᠦ ᠶᠢ | ᠭᠤᠲᠤᠭᠠᠬᠤ ᠶᠠᠮᠠᠷᠪᠠ ᠠᠵᠢᠯᠯᠠᠭ᠎ᠠ ᠶᠢ ᠡᠷᠡᠰ ᠪᠤᠳᠠ ᠨᠢᠷᠭᠡᠨ᠎ᠡ︾ ︔ | ︽ ᠬᠥᠮᠥᠨ ᠲᠥᠷᠥᠯᠬᠢᠲᠡᠨ ᠳᠡᠯᠡᠬᠡᠢ ᠶᠢᠨ ᠬᠤᠶᠠᠳᠤᠭᠠᠷ ᠲᠠᠶᠢᠨ ᠤ ᠭᠤᠨᠢᠭᠲᠤ ᠵᠦᠴᠦᠭᠡ ᠵᠢᠴᠢ ᠲᠡᠭᠦᠨ ᠤ ᠰᠢᠯᠲᠠᠭᠠᠨ | ᠪᠠ ᠰᠤᠷᠭᠠᠮᠵᠢ ᠶᠢ ᠡᠭᠦᠷᠢᠳᠡ ᠴᠡᠭᠡᠵᠢᠯᠡᠵᠦ ᠂ ᠡᠶᠢᠮᠦᠷᠬᠦᠦ ᠭᠤᠨᠢᠭᠲᠤ ᠵᠦᠴᠦᠭᠡ ᠶᠢᠨ ᠳᠠᠭᠢᠨ ᠡᠭᠦᠰᠬᠦ ᠶᠢ ᠴᠢᠷᠮᠠᠶᠢᠨ | ᠬᠤᠷᠢᠭᠯᠠᠬᠤ ᠬᠡᠷᠡᠭᠲᠡᠢ︾ ︔ | ᠁ | ᠤᠷᠢᠳᠤᠬᠢ ᠶᠢ ᠵᠠᠯᠭᠠᠮᠵᠢᠯᠠᠨ ᠬᠤᠶᠢᠰᠢᠬᠢ ᠶᠢ ᠰᠡᠩᠬᠡᠷᠡᠭᠦᠯᠬᠦ ᠴᠢᠬᠤᠯᠠ ᠣᠨ ᠵᠢᠯ ᠂ ᠰᠠᠯᠬᠢ ᠳᠡᠭᠳᠡᠨ ᠡᠭᠦᠯᠡ | ᠬᠤᠶᠢᠯᠠᠷᠠᠭᠰᠠᠨ ᠣᠷᠤᠭ᠎ᠠ ᠪᠤᠰᠬᠠᠭ᠎ᠠ ᠳᠡᠯᠡᠬᠡᠢ ᠶᠢᠨ ᠪᠠᠶᠢᠳᠠᠯ ᠤᠨ ᠡᠮᠦᠨ᠎ᠡ ᠂ ᠳᠤᠮᠳᠠᠳᠤ ᠤᠷᠤᠰ ᠬᠤᠶᠠᠷ ᠤᠯᠤᠰ ᠨᠢᠭᠲᠠᠷᠠᠨ | ᠪᠦᠯᠬᠦᠮᠳᠡᠵᠦ ᠂ ︽ ᠳᠡᠯᠡᠬᠡᠢ ᠶᠢᠨ ᠬᠤᠶᠠᠳᠤᠭᠠᠷ ᠲᠠᠶᠢᠨ ᠤ ᠢᠯᠠᠯᠲᠠ ᠶᠢᠨ ᠦᠷ᠎ᠡ ᠪᠦᠲᠦᠭᠡᠯ ᠢ ᠭᠠᠷ ᠬᠤᠯᠪᠣᠨ ᠬᠠᠮᠠᠭᠠᠯᠠᠵᠤ ᠂ | ᠡᠵᠡᠷᠬᠡᠬᠦ ᠦᠵᠡᠯ ᠪᠣᠯᠣᠨ ᠬᠦᠴᠦᠷᠬᠡᠭᠯᠡᠯ ᠤᠨ ᠤᠯᠤᠰ ᠲᠦᠷᠦ ᠶᠢ ᠡᠷᠡᠰ ᠡᠰᠡᠷᠭᠦᠴᠡᠵᠦ ᠂ ᠵᠢᠩᠬᠢᠨᠢ ᠤᠯᠠᠨ ᠲᠠᠯᠠᠲᠤ | ᠦᠵᠡᠯ ᠢ ᠦᠢᠯᠡᠳᠦᠯᠭᠡᠵᠢᠭᠦᠯᠵᠦ ᠂ ᠨᠡᠩ ᠲᠥᠪ ᠭᠤᠣᠯᠴᠢ ᠵᠦᠢ ᠵᠣᠬᠢᠰᠲᠠᠢ ᠪᠦᠭᠦ ᠪᠥᠮᠪᠥᠷᠴᠡᠭ ᠤᠨ ᠵᠠᠰᠠᠯᠲᠠ ᠶᠢᠨ | ᠰᠢᠰᠲ᠋ᠧᠮ ᠢ ᠪᠠᠶᠢᠭᠤᠯᠬᠤ ᠶᠢ ᠠᠬᠢᠭᠤᠯᠤᠨ᠎ᠠ ︾ ᠃ | ᠴᠡᠷᠢᠭ ᠤᠨ ᠵᠢᠭᠰᠠᠭᠠᠯ ᠢ ᠰᠢᠯᠭᠠᠨ ᠦᠵᠡᠬᠦ ᠶᠣᠰᠣᠯᠠᠯ ᠲᠡᠭᠦᠰᠬᠦ ᠳᠤ ᠂ ᠲᠡᠷᠢᠭᠦᠯᠡᠭᠴᠢ ᠰᠢ ᠶᠢᠨ ᠫᠢᠩ ᠪᠠᠶᠠᠷ ᠤᠨ | ᠶᠣᠰᠣᠯᠠᠯ ᠳᠤ ᠣᠷᠣᠯᠴᠠᠬᠰᠠᠨ ᠪᠤᠰᠤᠳ ᠤᠳᠤᠷᠢᠳᠬᠤ ᠬᠥᠮᠥᠰ ᠲᠠᠢ ᠬᠠᠮᠲᠤ ᠪᠠᠷ ᠤᠯᠠᠭᠠᠨ ᠲᠠᠯᠠᠪᠠᠢ ᠠᠴᠠ ᠠᠯᠸᠺᠰᠠᠨᠳ᠋ᠷ | ᠴᠡᠴᠡᠷᠯᠢᠭ ᠲᠤ ᠠᠯᠬᠤᠨ ᠭᠦᠷᠪᠡ ᠃ ᠨᠡᠷ᠎ᠡ ᠦᠭᠡᠢ ᠦᠷᠡᠭᠳᠡᠭᠰᠡᠨ ᠪᠠᠭᠠᠲᠤᠷᠴᠤᠳ ᠤᠨ ᠪᠤᠩᠬᠤᠨ ᠤ ᠡᠮᠦᠨ᠎ᠡ ᠂ ᠲᠡᠳᠡ ᠲᠥᠪ | ᠵᠣᠭᠰᠣᠨ ᠨᠠᠮᠠᠨᠴᠢᠯᠠᠪᠠ ᠃ | ᠨᠢᠭᠡ ᠭᠠᠩ ᠲᠤᠭᠤᠯᠭ᠎ᠠ ᠂ ᠨᠢᠭᠡ ᠤᠯᠠᠭᠠᠨ ᠲᠤᠭ ᠂ ᠨᠢᠭᠡ ᠪᠠᠭᠴᠠ ᠤᠨᠲᠠᠷᠠᠰᠢ ᠦᠭᠡᠢ ᠭᠠᠯ ᠃ | 9 ᠤ ᠦᠳᠡ ᠳᠤ ᠂ ᠲᠡᠷᠢᠭᠦᠯᠡᠭᠴᠢ ᠰᠢ ᠶᠢᠨ ᠫᠢᠩ ᠵᠥᠪᠯᠡᠯᠲᠦ ᠶᠢᠨ ᠠᠭᠤᠤ ᠶᠡᠭᠡ ᠤᠯᠤᠰ ᠢᠶᠠᠨ ᠬᠠᠮᠠᠭᠠᠯᠠᠬᠤ | ᠲᠠᠶᠢᠨ ᠤ ᠢᠯᠠᠯᠲᠠ ᠣᠯᠣᠭᠰᠠᠨ 80 ᠵᠢᠯ ᠤᠨ ᠤᠢ ᠶᠢ ᠪᠡᠯᠭᠡᠯᠡᠬᠦ ᠳᠠᠶᠢᠯᠠᠯᠭ᠎ᠠ ᠳᠤ ᠣᠷᠣᠯᠴᠠᠪᠠ ᠃ | ︽ᠢᠯᠠᠯᠲᠠ ᠶᠢᠨ ᠡᠳᠦᠷ︾ ᠂ ︽ ᠪᠠᠶᠢᠯᠳᠤᠭᠴᠢ ᠶᠢᠨ ᠳᠠᠭᠤᠤ ︾ ᠂ ︽ ᠡᠬᠡ ᠤᠯᠤᠰ ᠬᠠᠮᠢᠭ᠎ᠠ ᠠᠴᠠ ᠡᠬᠢᠯᠡᠭᠰᠡᠨ ᠪᠤᠢ ︾ | ᠁ ᠵᠢᠷᠤᠭ ᠳᠦᠷᠰᠦ ᠰᠢᠩᠭᠡᠭᠡᠯᠲᠡ ᠨᠢ ᠬᠥᠭᠵᠢᠮ ᠠᠶᠠᠰ ᠢ ᠳᠠᠭᠠᠯᠳᠤᠨ ᠰᠣᠯᠢᠭᠳᠠᠵᠤ ᠂ ᠳᠠᠶᠢᠨ ᠤ ᠤᠨᠢᠶᠠᠷ | ᠤᠳᠤᠭ᠎ᠠ ᠂ ᠡᠩᠬᠡ ᠲᠠᠶᠢᠪᠤᠩ ᠤᠨ ᠨᠡᠷᠡᠨ ᠤ ᠭᠡᠷᠡᠯ ᠨᠠᠭᠠᠰᠢᠯᠠᠨ ᠬᠠᠷᠠᠭᠳᠠᠨ᠎ᠠ ᠃ ᠬᠥᠮᠥᠰ ᠲᠡᠭᠦᠨ ᠤ ᠳᠣᠲᠣᠷ᠎ᠠ | ᠰᠣᠭᠲᠣᠭᠤᠷᠠᠵᠤ ᠂ ᠤᠬᠠᠵᠤ ᠂ ᠪᠣᠳᠣᠯᠬᠢᠯᠠᠵᠤ ᠰᠡᠳᠬᠢᠨ᠎ᠡ ᠃ | ᠡᠶᠢᠮᠦ ᠨᠢᠭᠡᠨ ᠨᠠᠷᠢᠨ ᠵᠦᠢᠯᠡᠰ ᠪᠤᠢ ᠃ ᠳᠠᠶᠢᠯᠠᠯᠭ᠎ᠠ ᠳᠠᠭᠤᠰᠤᠭᠰᠠᠨ ᠤ ᠳᠠᠷᠠᠭ᠎ᠠ ᠂ ᠲᠡᠷᠢᠭᠦᠯᠡᠭᠴᠢ ᠰᠢ ᠶᠢᠨ ᠫᠢᠩ | ᠤᠳᠠᠯ ᠦᠭᠡᠢ ᠰᠠᠭᠤᠳᠠᠯ ᠠᠴᠠ ᠪᠠᠨ ᠰᠠᠯᠬᠤ ᠭᠡᠵᠦ ᠪᠠᠶᠢᠭᠰᠠᠨ ᠦᠶ᠎ᠡ ᠳᠤ ᠂ ︽ᠡᠪ ᠬᠠᠮᠲᠤ ᠨᠠᠮ ᠪᠠᠶᠢᠬᠤ ᠦᠭᠡᠢ ᠪᠣᠯ | ᠰᠢᠨ᠎ᠡ ᠳᠤᠮᠳᠠᠳᠤ ᠤᠯᠤᠰ ᠪᠠᠶᠢᠵᠤ ᠴᠢᠳᠠᠬᠤ ᠦᠭᠡᠢ ︾ ᠭᠡᠬᠦ ᠳᠠᠭᠤᠤ ᠬᠠᠩᠭᠢᠨᠠᠪᠠ ᠃ ᠡᠨᠡ ᠪᠣᠯ ᠬᠥᠭᠵᠢᠮ ᠤᠨ ᠠᠩᠭᠢ | ᠲᠤᠰᠬᠠᠶᠢᠯᠠᠨ ᠳᠤᠮᠳᠠᠳᠤ ᠤᠯᠤᠰ ᠤᠨ ᠬᠦᠨᠳᠦᠲᠦ ᠵᠣᠴᠢᠨ ᠳᠤ ᠬᠥᠭᠵᠢᠮᠳᠡᠨ ᠡᠷᠭᠦᠭᠰᠡᠨ ᠪᠢᠯᠡ ᠃ | ᠲᠡᠷᠢᠭᠦᠯᠡᠭᠴᠢ ᠰᠢ ᠶᠢᠨ ᠫᠢᠩ ᠤᠷᠤᠭᠰᠢ ᠠᠯᠬᠤᠵᠤ ᠣᠴᠢᠨ ᠂ ᠭᠠᠷ ᠠᠳᠬᠤᠵᠤ ᠂ ᠬᠠᠮᠲᠤ ᠶᠢᠨ ᠰᠡᠭᠦᠳᠡᠷ | ᠲᠠᠲᠠᠭᠤᠯᠪᠠ ᠃ ᠬᠠᠮᠲᠤ ᠶᠢᠨ ᠭᠠᠰᠠᠯᠠᠩ ᠵᠣᠪᠠᠯᠠᠩᠲᠤ ᠲᠡᠦᠬᠡ ᠂ ᠡᠰᠡᠷᠭᠦᠴᠡᠨ ᠲᠡᠮᠡᠴᠡᠭᠰᠡᠨ ᠲᠡᠦᠬᠡ ᠶᠢ ᠥᠩᠭᠡᠷᠡᠭᠦᠯᠪᠡ ᠂ | ᠪᠡᠭᠡᠵᠢᠩ — ᠮᠣᠰᠺᠸᠠ ᠶᠢᠨ ᠰᠡᠳᠬᠢᠯ ᠤᠨ ᠵᠠᠢ ᠡᠶᠢᠮᠦ ᠣᠶᠢᠷᠠᠬᠠᠨ ᠠᠵᠢ ︕ | 1945 ᠣᠨ ᠤ 9 ᠰᠠᠷ᠎ᠠ ᠶᠢᠨ 3 ᠤ ᠡᠳᠦᠷ ᠂ 1945 ᠣᠨ ᠤ 5 ᠰᠠᠷ᠎ᠠ ᠶᠢᠨ 9 ᠤ ᠡᠳᠦᠷ ᠂ ᠲᠡᠦᠬᠡᠨ ᠳᠤ | ᠲᠡᠮᠳᠡᠭᠯᠡᠭᠳᠡᠭᠰᠡᠨ ᠂ ᠬᠥᠮᠥᠰ ᠤᠨ ᠰᠡᠳᠬᠢᠯ ᠢ ᠳᠣᠬᠳᠣᠯᠤᠭᠤᠯᠤᠬᠰᠠᠨ ᠡᠨᠡ ᠬᠤᠶᠠᠷ ᠴᠠᠭ ᠬᠤᠭᠤᠴᠠᠭ᠎ᠠ ᠂ ᠳᠤᠮᠳᠠᠳᠤ | ᠤᠯᠤᠰ ᠂ ᠵᠥᠪᠯᠡᠯᠲᠦ ᠂ ᠦᠬᠦᠯ ᠤᠨ ᠳᠠᠪᠠᠭ᠎ᠠ ᠶᠢ ᠲᠤᠭᠤᠯᠵᠤ ᠂ ᠨᠤᠭᠤᠷᠠᠯ ᠪᠦᠳᠦᠷᠢᠯ ᠤᠨ ᠳᠤᠮᠳᠠ ᠡᠷᠡᠯᠬᠡᠭ | ᠪᠠᠭᠠᠲᠤᠷᠯᠢᠭ ᠢᠶᠠᠷ ᠲᠡᠮᠡᠴᠡᠵᠦ ᠂ ᠢᠯᠠᠯᠲᠠ ᠶᠢᠨ ᠪᠦᠷᠢᠶ᠎ᠡ ᠶᠢᠨ ᠲᠠᠭᠤᠨ ᠤᠳᠠᠲᠠᠯ᠎ᠠ ᠴᠤᠤᠷᠢᠶᠠᠲᠤᠨ᠎ᠠ ᠃ 3500 ᠭᠠᠷᠤᠢ | ᠲᠦᠮᠡ ᠂ 2700 ᠭᠠᠷᠤᠢ ᠲᠦᠮᠡ ᠂ ᠬᠡᠪᠴᠢᠶ᠎ᠡ ᠪᠠᠷ ᠮᠤᠨᠳᠠᠭ ᠶᠡᠭᠡ ᠂ ᠵᠢᠷᠦᠬᠡ ᠰᠢᠮᠰᠢᠷᠡᠭᠦᠯᠦᠮ᠎ᠡ ᠡᠨᠡ ᠬᠤᠶᠠᠷ ᠲᠤᠭ᠎ᠠ ᠨᠢ | ᠳᠡᠯᠡᠬᠡᠢ ᠶᠢᠨ ᠬᠤᠶᠠᠳᠤᠭᠠᠷ ᠲᠡᠶᠢᠨ ᠤ ᠳᠤᠮᠳᠠᠳᠤ ᠤᠯᠤᠰ ᠪᠣᠯᠣᠨ ᠵᠥᠪᠯᠡᠯᠲᠦ ᠶᠢᠨ ᠠᠽᠢᠶ᠎ᠠ ᠲᠢᠪ ᠪᠣᠯᠣᠨ ᠡᠸᠦ᠋ᠷᠦᠫᠡ | ᠲᠢᠪ ᠤᠨ ᠭᠤᠣᠯ ᠲᠡᠶᠢᠨ ᠤ ᠲᠠᠯᠠᠪᠤᠷ ᠲᠠᠬᠢ ᠦᠬᠦᠵᠦ ᠰᠢᠷᠬᠠᠲᠤᠭᠰᠠᠨ ᠬᠥᠮᠥᠨ ᠤ ᠲᠤᠭ᠎ᠠ ᠪᠣᠯᠣᠨ᠎ᠠ ᠃ | ᠳᠤᠷᠠᠰᠬᠠᠵᠤ ᠪᠠᠶᠢᠭ᠎ᠠ ᠶᠢᠨ ᠤᠴᠢᠷ ᠭᠡᠪᠡᠯ ᠬᠤᠶᠠᠷ ᠪᠠᠭᠠᠲᠤᠷᠯᠢᠭ ᠤᠯᠤᠰ ᠂ ᠪᠠᠭᠠᠲᠤᠷᠴᠤᠳ ᠤᠨ ᠵᠣᠷᠢᠭ ᠰᠠᠨᠠᠭ᠎ᠠ ᠪᠠᠷ | ᠦᠨᠳᠦᠰᠦᠲᠡᠨ ᠤ ᠠᠮᠢᠨ ᠰᠤᠳᠠᠰᠤ ᠪᠠᠨ ᠴᠣᠬᠴᠠᠯᠠᠨ᠎ᠠ ︔ ᠤᠴᠢᠷ ᠨᠢ ᠡᠩᠬᠡ ᠲᠠᠶᠢᠪᠤᠩ ᠪᠠ ᠰᠢᠳᠤᠷᠭᠤ ᠶᠣᠰᠣ ᠭᠢᠯᠪᠠᠷ | ᠪᠤᠰᠤ ᠪᠠᠷ ᠢᠷᠡᠭᠰᠡᠨ ᠶᠤᠮ ᠂ ᠭᠠᠷ ᠬᠤᠯᠪᠣᠨ ᠬᠠᠮᠠᠭᠠᠯᠠᠬᠤ ᠬᠡᠷᠡᠭᠲᠡᠢ ᠃ | ︽ ᠲᠡᠦᠬᠡ ᠪᠠᠨ ᠪᠠᠲᠤ ᠴᠡᠭᠡᠵᠢᠯᠡᠬᠦ ᠨᠢ ᠥᠰᠢᠶ᠎ᠡ ᠬᠤᠷᠣᠰᠤᠯ ᠢᠶᠠᠨ ᠦᠷᠭᠦᠯᠵᠢᠯᠡᠭᠦᠯᠬᠦ ᠶᠢᠨ ᠲᠥᠯᠥᠭᠡ ᠪᠢᠰᠢ ᠂ ᠬᠠᠷᠢᠨ | ᠢᠷᠡᠭᠡᠳᠦᠢ ᠶᠢ ᠨᠡᠩ ᠰᠠᠶᠢᠲᠤᠷ ᠨᠡᠭᠡᠭᠡᠬᠦ ᠶᠢᠨ ᠲᠥᠯᠥᠭᠡ ᠶᠤᠮ ︾ ᠲᠡᠷᠢᠭᠦᠯᠡᠭᠴᠢ ᠰᠢ ᠶᠢᠨ ᠫᠢᠩ ᠲᠡᠦᠬᠡ ᠶᠢᠨ | ᠵᠣᠭᠰᠣᠴᠠ ᠠᠴᠠ ᠢᠷᠡᠭᠡᠳᠦᠢ ᠶᠢ ᠪᠠᠷᠠᠯᠠᠨ᠎ᠠ ᠃ | ᠬᠤᠶᠠᠷ ᠤᠯᠤᠰ ᠤᠨ ᠲᠡᠷᠢᠭᠦᠨ ᠡᠨᠡ ᠵᠢᠯ ᠤᠨ ᠨᠠᠮᠤᠷ ᠲᠠᠭᠢᠨ ᠪᠣᠯᠵᠣᠪᠠ ᠃ ᠲᠡᠷᠡ ᠬᠦ ᠠᠭᠤᠤ ᠶᠡᠭᠡ ᠲᠡᠦᠬᠡ ᠶᠢᠨ | ᠡᠷᠭᠢᠯᠲᠡ ᠶᠢᠨ ᠴᠡᠭ ᠤᠨ ᠳᠤᠷᠠᠰᠬᠠᠯ ᠤᠨ ᠡᠳᠦᠷ ᠂ ᠳᠤᠮᠳᠠᠳᠤ ᠤᠯᠤᠰ ᠳᠤᠮᠳᠠᠳᠤ ᠤᠯᠤᠰ ᠤᠨ ᠠᠷᠠᠳ ᠲᠦᠮᠡᠨ ᠤ ᠶᠠᠫᠤᠨ ᠢ | ᠡᠰᠡᠷᠭᠦᠴᠡᠬᠦ ᠳᠠᠶᠢᠨ ᠤ ᠢᠯᠠᠯᠲᠠ ᠣᠯᠣᠭᠰᠠᠨ 80 ᠵᠢᠯ ᠤᠨ ᠤᠢ ᠶᠢ ᠦᠪᠡᠳᠡᠭᠰᠢ ᠶᠡᠭᠡ ᠪᠠᠷ ᠳᠤᠷᠠᠰᠬᠠᠬᠤ ᠪᠣᠯᠣᠨ᠎ᠠ ᠃ | ︵ ᠭᠤᠷᠪᠠ ︶ ᠭᠠᠷ ᠠᠳᠬᠤᠯᠴᠠᠭᠰᠠᠨ ᠴᠠᠭ ᠮᠥᠴᠡ | ︽ ᠬᠠᠮᠤᠭ ᠤᠨ ᠬᠦᠴᠦᠷᠬᠡᠭ ᠬᠦᠴᠦᠨ ᠪᠣᠯ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠬᠤ ᠶᠠᠪᠤᠳᠠᠯ ᠪᠣᠯᠣᠨ᠎ᠠ ᠂ | ᠬᠠᠮᠤᠭ ᠤᠨ ᠪᠦᠲᠦᠮᠵᠢᠲᠡᠢ ᠠᠷᠭ᠎ᠠ ᠪᠣᠯ ᠦᠨᠡᠨ ᠰᠡᠳᠬᠢᠯ ᠠᠴᠠ ᠪᠠᠨ ᠳᠡᠮᠵᠢᠯᠴᠡᠨ ᠲᠤᠰᠠᠯᠠᠯᠴᠠᠬᠤ ᠶᠠᠪᠤᠳᠠᠯ ᠪᠣᠯᠣᠨ᠎ᠠ︾ | ᠪᠠᠶᠠᠷ ᠤᠨ ᠶᠣᠰᠣᠯᠠᠯ ᠳᠤ ᠣᠷᠤᠯᠴᠠᠬᠤ ᠶᠢᠨ ᠵᠠᠪᠰᠠᠷ ᠢᠶᠠᠷ ᠂ ᠭᠠᠳᠠᠭᠠᠳᠤ ᠶᠢᠨ ᠤᠯᠤᠰ ᠲᠦᠷᠦ ᠶᠢᠨ ᠴᠢᠬᠤᠯᠠ ᠬᠥᠮᠥᠰ | ᠬᠤᠶᠢᠨ᠎ᠠ ᠬᠤᠶᠢᠨ᠎ᠠ ᠠᠴᠠ ᠪᠠᠨ ᠬᠦᠷᠦᠯᠴᠡᠨ ᠢᠷᠡᠵᠦ ᠂ ᠲᠡᠷᠢᠭᠦᠯᠡᠭᠴᠢ ᠰᠢ ᠶᠢᠨ ᠫᠢᠩ ᠲᠠᠢ ᠭᠠᠷ ᠠᠳᠬᠤᠨ ᠮᠡᠨᠳᠦᠴᠢᠯᠡᠪᠡ ᠃ | ᠣᠯᠠᠩᠬᠢ ᠨᠢ ᠬᠠᠭᠤᠴᠢᠨ ᠨᠠᠶᠢᠵᠠ ᠂ ᠵᠠᠷᠢᠮ ᠨᠢ ᠡᠮᠦᠨᠡᠬᠡᠨ ᠰᠠᠶ᠋ᠢ ᠠᠭᠤᠯᠵᠠᠵᠤ ᠥᠩᠭᠡᠷᠡᠭᠰᠡᠨ ᠂ ᠵᠠᠷᠢᠮ ᠨᠢ ᠤᠳᠠᠯ ᠦᠭᠡᠢ | ᠪᠠᠰᠠ ᠠᠭᠤᠯᠵᠠᠬᠤ ᠪᠣᠯᠣᠨ᠎ᠠ ᠃ | ᠪᠠᠶᠠᠷ ᠤᠨ ᠶᠣᠰᠣᠯᠠᠯ ᠲᠡᠭᠦᠰᠦᠭᠰᠡᠨ ᠲᠡᠷᠡ ᠦᠳᠡ ᠶᠢᠨ ᠬᠤᠶᠢᠨ᠎ᠠ ᠠᠴᠠ ᠡᠬᠢᠯᠡᠨ ᠂ ᠰᠧᠷᠪᠢᠶ᠎ᠠ ᠂ ᠪᠢᠷᠮᠠ ᠂ ᠺᠦᠪᠡ ᠂ | ᠸᠧᠨᠧᠽᠦ᠋ᠧᠯᠠ ᠂ ᠰᠯᠦᠸᠠᠺᠢᠶᠠ ᠶᠢᠨ ᠤᠳᠤᠷᠢᠳᠬᠤ ᠬᠥᠮᠥᠨ ᠤᠷᠢᠳ ᠬᠤᠵᠢᠳ ᠲᠡᠷᠢᠭᠦᠯᠡᠭᠴᠢ ᠰᠢ ᠶᠢᠨ ᠫᠢᠩ ᠤᠨ | ᠪᠠᠭᠤᠭᠰᠠᠨ ᠵᠣᠴᠢᠳ ᠤᠨ ᠪᠠᠭᠤᠳᠠᠯ ᠳᠤ ᠬᠦᠷᠴᠦ ᠢᠷᠡᠨ ᠠᠭᠤᠯᠵᠠᠪᠠ ᠃ | ᠤᠯᠤᠰ ᠤᠨ ᠲᠤᠭ ᠡᠮᠬᠢ ᠵᠢᠷᠤᠮ ᠲᠠᠢ ᠰᠣᠯᠢᠭᠳᠠᠵᠤ ᠂ ᠠᠭᠤᠯᠵᠠᠯᠲᠠ ᠶᠢᠨ ᠲᠢᠩᠬᠢᠮ ᠤᠨ ᠡᠭᠦᠳᠡ ᠨᠡᠭᠡᠭᠡᠭᠳᠡᠨ | ᠬᠠᠭᠠᠭᠳᠠᠨ᠎ᠠ ᠃ ᠮᠣᠰᠺᠸᠠ ᠳᠠᠬᠢ ᠭᠠᠷ ᠠᠳᠬᠤᠯᠴᠠᠭᠰᠠᠨ ᠴᠠᠭ ᠮᠥᠴᠡ ᠳᠤ ᠂ ᠰᠢᠯᠵᠢᠰᠢ ᠦᠭᠡᠢ ᠬᠥᠷᠰᠢ ᠵᠡᠷᠭᠡᠯᠡᠳᠡᠭᠡ | ᠤᠯᠤᠰ ᠪᠠᠶᠢᠬᠤ ᠪᠥᠭᠡᠳ ᠪᠠᠰᠠ ︽ ᠲᠡᠭᠷᠢ ᠶᠢᠨ ᠬᠢᠵᠠᠭᠠᠷ ᠲᠤ ᠪᠠᠶᠢᠭᠰᠠᠨ ᠴᠦ ᠬᠥᠷᠰᠢ ᠵᠡᠷᠭᠡᠯᠡᠳᠡᠭᠡ ᠤᠯᠤᠰ ᠮᠡᠲᠦ ︾ | ᠠᠯᠤᠰ ᠬᠤᠯᠠ ᠶᠢᠨ ᠤᠯᠤᠰ ᠴᠤ ᠪᠤᠢ ᠃ | ᠬᠤᠶᠠᠷ ᠲᠠᠯ᠎ᠠ ᠶᠢᠨ ᠬᠠᠷᠢᠯᠴᠠᠭᠠᠨ ᠤ ᠠᠯᠬᠤᠮ ᠪᠦᠷᠢ ᠶᠢᠨ ᠰᠣᠩᠭᠤᠯᠲᠠ ᠨᠢ ᠴᠥᠮ ᠰᠦᠷ ᠳᠠᠯᠠᠶᠢᠴᠠᠲᠠᠢ ᠴᠠᠭ | ᠦᠶ᠎ᠡ ᠶᠢᠨ ᠶᠡᠭᠡ ᠤᠷᠤᠰᠬᠠᠯ ᠳᠤᠮᠳᠠ ᠂ ᠳᠡᠯᠡᠬᠡᠢ ᠶᠢᠨ ᠪᠠᠶᠢᠷᠢᠰᠢᠯ ᠤᠨ ᠶᠡᠭᠡ ᠪᠣᠷᠣ ᠲᠥᠯᠥᠪ ᠤᠨ ᠳᠣᠣᠷ᠎ᠠ ᠶᠠᠪᠤᠭᠳᠠᠵᠤ | ᠪᠠᠶᠢᠨ᠎ᠠ ᠃ ᠬᠥᠮᠥᠰ ᠤᠨ ᠡᠮᠦᠨ᠎ᠡ ᠲᠠᠯᠪᠢᠭᠳᠠᠵᠤ ᠪᠠᠶᠢᠭ᠎ᠠ ᠨᠢ ᠵᠠᠪᠠᠯ ᠬᠠᠷᠢᠭᠤᠯᠬᠤ ᠬᠤᠶᠠᠷ ᠰᠡᠳᠦᠪ ᠪᠣᠯᠣᠨ᠎ᠠ ᠃ | ᠨᠢᠭᠡ ᠰᠡᠳᠦᠪ ᠄ ᠭᠠᠯᠵᠠᠭᠤᠷᠠᠭᠰᠠᠨ ᠮᠡᠲᠦ ᠬᠠᠮᠠᠭᠠᠯᠠᠬᠤ ᠦᠵᠡᠯ ᠤᠨ ᠡᠮᠦᠨ᠎ᠡ ᠂ ᠠᠵᠤ ᠠᠬᠤᠢ ᠶᠢᠨ | ᠳᠡᠯᠡᠬᠡᠶᠢᠵᠢᠯᠲᠡ ᠶᠢ ᠦᠷᠭᠦᠯᠵᠢᠯᠡᠨ ᠰᠣᠩᠭᠤᠬᠤ ᠶᠢ ᠪᠠᠷᠢᠮᠲᠠᠯᠠᠬᠤ ᠦᠦ ︖ | ᠡᠨᠡ ᠪᠣᠯ ᠠᠭᠤᠯᠵᠠᠯᠲᠠ ᠶᠢᠨ ᠳᠤᠮᠳᠠ ᠲᠣᠭᠤᠷᠢᠵᠤ ᠭᠠᠷᠴᠤ ᠴᠢᠳᠠᠬᠤ ᠦᠭᠡᠢ ᠶᠠᠷᠢᠶᠠᠨ ᠤ ᠰᠡᠳᠦᠪ ᠮᠥᠨ ᠂ | ᠡᠭᠦᠨ ᠳᠤ ᠴᠥᠭᠡᠨ ᠪᠤᠰᠤ ᠤᠯᠤᠰ ᠲᠦᠷᠦ ᠶᠢᠨ ᠴᠢᠬᠤᠯᠠ ᠬᠥᠮᠥᠰ ᠥᠪᠡᠷ ᠤᠨ ᠦᠵᠡᠯᠲᠡ ᠪᠠᠨ ᠳᠡᠯᠭᠡᠪᠡ ᠃ ᠨᠢᠭᠡ | ᠡᠳᠦᠷ ᠤᠨ ᠡᠮᠦᠨ᠎ᠡ ᠂ ᠶᠡᠷᠦᠩᠬᠡᠶᠢᠯᠡᠭᠴᠢ ᠫᠦᠲ᠋ᠢᠨ ᠄ ︽ ᠥᠨᠳᠥᠷ ᠪᠣᠭᠤᠮᠲᠠ ᠶᠢᠨ ᠭᠠᠶᠢᠯᠢ ᠨᠡᠮᠡᠵᠦ ᠲᠠᠲᠠᠪᠤᠷᠢᠯᠠᠬᠤ ᠨᠢ | ᠬᠡᠪ ᠤᠨ ᠶᠣᠰᠣ ᠠᠴᠠ ᠵᠥᠷᠢᠴᠡᠬᠦ ᠪᠥᠭᠡᠳ ᠬᠠᠤᠯᠢ ᠳᠤ ᠨᠡᠶᠢᠴᠡᠬᠦ ᠦᠭᠡᠢ ᠂ ᠵᠥᠪᠭᠡᠨ ᠥᠪᠡᠷ ᠢ ᠪᠠᠨ ᠵᠠᠯᠭᠢᠬᠤ ᠶᠠᠪᠤᠳᠠᠯ | ᠪᠣᠯᠣᠨ᠎ᠠ ︾ ᠭᠡᠵᠦ ᠰᠢᠭᠤᠳ ᠬᠡᠯᠡᠪᠡ ᠃ | ᠳᠤᠮᠳᠠᠳᠤ ᠤᠯᠤᠰ ᠪᠣᠯᠣᠨ ᠡᠸᠦ᠋ᠷᠦᠫᠡ ᠲᠢᠪ ᠂ ᠪᠦᠭᠦ ᠪᠥᠮᠪᠥᠷᠴᠡᠭ ᠤᠨ ᠴᠢᠯᠦᠭᠡᠲᠦ ᠠᠷᠠᠯᠵᠢᠶᠠᠨ ᠤ ᠪᠠᠶᠢᠭᠤᠯᠤᠮᠵᠢ | ᠪᠣᠯᠣᠨ ᠤᠯᠠᠨ ᠤᠯᠤᠰ ᠤᠨ ᠠᠵᠤ ᠠᠬᠤᠢ ᠠᠷᠠᠯᠵᠢᠶᠠᠨ ᠤ ᠡᠮᠬᠢ ᠳᠢᠭᠯᠢᠮ ᠢ ᠬᠠᠮᠠᠭᠠᠯᠠᠬᠤ ᠬᠦᠨᠳᠦ ᠡᠭᠦᠷᠭᠡ ᠶᠢ ᠡᠭᠦᠷᠭᠡᠯᠡᠵᠦ | ᠪᠠᠶᠢᠨ᠎ᠠ ᠃ ᠰᠯᠤᠸᠠᠺᠢᠶᠠ ᠶᠢᠨ ᠶᠡᠷᠦᠩᠬᠡᠢ ᠰᠠᠶᠢᠳ ᠹᠸᠶᠢᠽᠦ᠋ᠸᠧ ᠂ ︽ ᠳᠤᠷᠠᠲᠠᠶ᠎ᠠ ᠳᠤᠮᠳᠠᠳᠤ ᠤᠯᠤᠰ ᠲᠠᠢ ᠬᠠᠮᠲᠤ ᠪᠠᠷ | ᠤᠯᠠᠨ ᠲᠠᠯᠠᠲᠤ ᠦᠵᠡᠯ ᠢ ᠪᠠᠷᠢᠮᠲᠠᠯᠠᠵᠤ ᠂ ᠴᠢᠯᠦᠭᠡᠲᠦ ᠠᠷᠠᠯᠵᠢᠶᠠᠨ ᠤ ᠳᠦᠷᠢᠮ ᠢ ᠬᠠᠮᠠᠭᠠᠯᠠᠵᠤ ᠂ ᠳᠡᠯᠡᠬᠡᠢ ᠶᠢᠨ ᠠᠵᠤ | ᠦᠢᠯᠡᠰ ᠤᠨ ᠬᠡᠯᠬᠢᠶ᠎ᠡ ᠬᠠᠩᠭᠠᠯᠭ᠎ᠠ ᠶᠢᠨ ᠬᠡᠯᠬᠢᠶ᠎ᠡ ᠶᠢᠨ ᠲᠣᠭᠲᠠᠭᠤᠨ ᠢ ᠬᠠᠮᠠᠭᠠᠯᠠᠨ᠎ᠠ ︾ ᠭᠡᠵᠦ ᠡᠷᠡᠰ ᠴᠢᠩᠭ᠎ᠠ ᠢᠯᠡᠳᠬᠡᠪᠡ ᠃ | ᠰᠧᠷᠪᠢᠶ᠎ᠠ ᠶᠢᠨ ᠶᠡᠷᠦᠩᠬᠡᠶᠢᠯᠡᠭᠴᠢ ᠥᠴᠢᠴᠢ ᠮᠣᠰᠺᠸᠠ ᠳᠤ ᠬᠦᠷᠴᠦ ᠂ ᠲᠡᠷᠢᠭᠦᠯᠡᠭᠴᠢ ᠰᠢ ᠶᠢᠨ ᠫᠢᠩ ᠲᠠᠢ ᠳᠠᠬᠢᠨᠲᠠ | ᠠᠭᠤᠯᠵᠠᠭᠰᠠᠨ ᠪᠥᠭᠡᠳ ︽ ᠰᠧᠷᠪᠢᠶ᠎ᠠ ᠶᠢᠨ ᠬᠢᠨ ᠳᠤᠷᠠᠲᠠᠶ᠎ᠠ ᠳᠤᠮᠳᠠᠳᠤ ᠶᠢᠨ ᠲᠠᠯ᠎ᠠ ᠲᠠᠢ ᠪᠦᠯᠬᠦᠮᠳᠡᠵᠦ ᠪᠠᠶᠢᠭᠠᠳ ᠭᠠᠭᠴᠠ | ᠲᠠᠯᠠᠲᠤ ᠦᠵᠡᠯ ᠂ ᠬᠠᠮᠠᠭᠠᠯᠠᠬᠤ ᠦᠵᠡᠯ ᠤᠨ ᠠᠪᠴᠢᠷᠠᠭᠰᠠᠨ ᠥᠷᠢᠰᠦᠯᠳᠦᠭᠡᠨ ᠢ ᠠᠷᠭᠠᠴᠠᠭᠠᠨ᠎ᠠ ︾ ᠭᠡᠵᠦ ᠳᠠᠬᠢᠨᠲᠠ | ᠴᠢᠬᠤᠯᠠᠴᠢᠯᠠᠪᠠ ᠃ | ︽ ᠬᠦᠴᠢᠷ ᠪᠡᠷᠬᠡᠰᠢᠶᠡᠯ ᠢ ᠲᠤᠭᠤᠯᠤᠨ ᠭᠡᠭᠡᠨ ᠰᠠᠷᠠᠭᠤᠯ ᠲᠡᠶᠢᠰᠢ ᠤᠷᠤᠭᠰᠢᠯᠠᠬᠤ ᠶᠢᠨ ᠬᠠᠮᠤᠭ ᠤᠨ ᠬᠦᠴᠦᠷᠬᠡᠭ | ᠬᠦᠴᠦᠨ ᠪᠣᠯ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠬᠤ ᠶᠠᠪᠤᠳᠠᠯ ᠪᠣᠯᠣᠨ᠎ᠠ ᠂ ᠬᠠᠮᠤᠭ ᠤᠨ ᠪᠦᠲᠦᠮᠵᠢᠲᠡᠢ ᠠᠷᠭ᠎ᠠ | ᠪᠣᠯ ᠦᠨᠡᠨ ᠰᠡᠳᠬᠢᠯ ᠠᠴᠠ ᠪᠠᠨ ᠳᠡᠮᠵᠢᠯᠴᠡᠨ ᠲᠤᠰᠠᠯᠠᠯᠴᠠᠬᠤ ᠶᠠᠪᠤᠳᠠᠯ ᠪᠣᠯᠣᠨ᠎ᠠ ︾ ᠭᠡᠵᠦ ᠲᠡᠷᠢᠭᠦᠯᠡᠭᠴᠢ ᠰᠢ ᠶᠢᠨ ᠫᠢᠩ | ᠬᠡᠯᠡᠪᠡ ᠃ | ᠲᠡᠦᠬᠡ ᠶᠢ ᠡᠷᠡᠯᠬᠡᠭ ᠵᠣᠷᠢᠬᠲᠠᠳ ᠡᠭᠦᠳᠦᠨ ᠪᠦᠲᠦᠭᠡᠭᠰᠡᠨ ᠶᠤᠮ ᠃ ᠳᠤᠮᠳᠠᠳᠤ ᠤᠯᠤᠰ ᠤᠨ ᠢᠮᠠᠭᠲᠠ | ᠪᠠᠷᠢᠮᠲᠠᠯᠠᠭᠰᠠᠭᠠᠷ ᠢᠷᠡᠭᠰᠡᠨ ︽ ᠨᠡᠭᠡᠭᠡᠯᠲᠡ ᠬᠢᠵᠦ ᠬᠠᠮᠲᠤᠷᠠᠯᠴᠠᠬᠤ ᠂ ᠬᠠᠷᠢᠯᠴᠠᠨ ᠠᠰᠢᠭᠲᠠᠢ ᠬᠠᠮᠲᠤ ᠪᠠᠷ ᠠᠰᠢᠭ ᠭᠦᠷᠲᠡᠭᠦ ︾ | ᠵᠣᠭᠰᠣᠯᠲᠠ ᠨᠢ ᠲᠡᠦᠬᠡ ᠶᠢᠨ ᠵᠠᠩᠭᠢᠯᠠᠭ᠎ᠠ ᠶᠢᠨ ᠦᠶ᠎ᠡ ᠳᠤ ᠮᠠᠰᠢ ᠬᠤᠪᠣᠷ ᠨᠠᠨᠳᠢᠨ ᠵᠦᠢᠯ ᠶᠤᠮ ᠃ ᠲᠡᠷᠢᠭᠦᠯᠡᠭᠴᠢ ᠰᠢ ᠶᠢᠨ | ᠫᠢᠩ ᠂ ᠳᠤᠮᠳᠠᠳᠤ ᠤᠯᠤᠰ ᠳᠤᠷᠠᠲᠠᠶ᠎ᠠ ᠳᠡᠯᠡᠬᠡᠢ ᠶᠢᠨ ᠡᠯ᠎ᠡ ᠤᠯᠤᠰ ᠲᠠᠢ ᠬᠠᠮᠲᠤ ᠪᠠᠷ ︽ ᠠᠵᠤ ᠠᠬᠤᠢ ᠶᠢᠨ | ᠳᠡᠯᠡᠬᠡᠶᠢᠵᠢᠯᠲᠡ ᠶᠢᠨ ᠦᠷ᠎ᠡ ᠪᠦᠲᠦᠭᠡᠯ ᠢ ᠬᠠᠮᠠᠭᠠᠯᠠᠨ᠎ᠠ ︾ ᠭᠡᠵᠦ ᠲᠣᠳᠣᠷᠬᠠᠢ ᠢᠯᠡᠳᠬᠡᠪᠡ ᠃ | ᠠᠭᠤᠯᠵᠠᠯᠲᠠ ᠬᠢᠬᠦ ᠦᠶᠡᠰ ᠂ ᠭᠠᠳᠠᠭᠠᠳᠤ ᠶᠢᠨ ᠤᠯᠤᠰ ᠲᠦᠷᠦ ᠶᠢᠨ ᠴᠢᠬᠤᠯᠠ ᠬᠥᠮᠥᠰ ︽ ᠨᠢᠭᠡ ᠪᠦᠰᠡ ᠨᠢᠭᠡ ᠵᠠᠮ ︾ | ᠂ ᠭᠤᠷᠪᠠᠨ ᠶᠡᠭᠡ ᠪᠦᠭᠦ ᠪᠥᠮᠪᠥᠷᠴᠡᠭ ᠤᠨ ᠰᠠᠨᠠᠭᠠᠴᠢᠯᠠᠭ᠎ᠠ ᠂ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠵᠡᠷᠭᠡ | ᠤᠬᠠᠭᠳᠠᠬᠤᠨ ᠢ ᠶᠠᠷᠢᠪᠠ ᠃ ᠠᠷᠠᠯᠵᠢᠶᠠᠨ ᠤ ᠪᠠᠬᠢᠯᠡᠯᠲᠡ ᠳᠤ ᠥᠨᠥᠴᠢᠨ ᠠᠷᠠᠯ ᠪᠠᠶᠢᠭᠤᠯᠬᠤ ᠂ ᠮᠡᠷᠭᠡᠵᠢᠯ ᠤᠨ | ᠡᠵᠡᠷᠬᠡᠭᠯᠡᠯ ᠢᠶᠠᠷ ᠥᠨᠳᠥᠷ ᠬᠡᠷᠡᠮ ᠪᠣᠰᠬᠠᠵᠤ ᠪᠠᠶᠢᠭ᠎ᠠ ᠤᠳᠤ ᠦᠶ᠎ᠡ ᠳᠤ ᠂ ᠳᠤᠮᠳᠠᠳᠤ ᠤᠯᠤᠰ ᠤᠨ ᠠᠵᠠ ᠲᠣᠭᠢᠶᠠᠯ ᠂ | ᠳᠤᠮᠳᠠᠳᠤ ᠤᠯᠤᠰ ᠤᠨ ᠬᠠᠷᠢᠭᠤᠴᠠᠯᠭ᠎ᠠ ᠂ ᠠᠰᠢᠭ ᠬᠦᠷᠲᠡᠭᠡᠯ ᠨᠢ ᠵᠥᠪᠭᠡᠨ ᠬᠤᠶᠠᠷ ᠲᠠᠯ᠎ᠠ ᠶᠢᠨ ᠬᠢ ᠪᠢᠰᠢ ᠂ ᠪᠠᠰᠠ | ᠲᠦᠭᠡᠮᠡᠯ ᠬᠠᠷᠠᠭᠠᠯᠵᠠᠯᠲᠤ ᠪᠠᠭᠲᠠᠭᠠᠮᠵᠢᠲᠠᠢ ᠠᠵᠤ ᠠᠬᠤᠢ ᠶᠢᠨ ᠳᠡᠯᠡᠬᠡᠶᠢᠵᠢᠯᠲᠡ ᠳᠤ ᠰᠢᠨ᠎ᠡ ᠬᠥᠳᠡᠯᠭᠡᠬᠦ ᠡᠨᠧᠷᠭᠢ | ᠨᠡᠮᠡᠷᠢᠯᠡᠵᠦ ᠂ ᠳᠡᠯᠡᠬᠡᠢ ᠶᠢᠨ ᠠᠵᠤ ᠠᠬᠤᠢ ᠶᠢᠨ ᠰᠥᠷᠭᠡᠦ ᠤᠷᠤᠰᠬᠠᠯ ᠠᠴᠠ ᠭᠠᠷᠬᠤ ᠶᠢ ᠬᠦᠴᠦᠯᠡᠨ ᠠᠬᠢᠭᠤᠯᠵᠤ ᠪᠠᠶᠢᠨ᠎ᠠ ᠃ | ᠨᠥᠭᠦᠭᠡ ᠨᠢᠭᠡ ᠰᠡᠳᠦᠪ ᠄ ᠲᠠᠰᠤᠷᠠᠯᠲᠠ ᠦᠭᠡᠢ ᠲᠣᠯᠣᠭᠠᠢ ᠥᠨᠳᠡᠶᠢᠵᠦ ᠪᠠᠶᠢᠭ᠎ᠠ ᠬᠦᠴᠦᠷᠬᠡᠭᠯᠡᠯ ᠤᠨ ᠤᠯᠤᠰ | ᠲᠥᠷᠥ ᠶᠢᠨ ᠡᠮᠦᠨ᠎ᠡ ᠂ ᠳᠡᠯᠡᠬᠡᠢ ᠶᠢᠨ ᠬᠤᠶᠠᠳᠤᠭᠠᠷ ᠳᠠᠶᠢᠨ ᠤ ᠳᠠᠷᠠᠭᠠᠬᠢ ᠣᠯᠠᠨ ᠤᠯᠤᠰ ᠤᠨ ᠡᠮᠬᠢ ᠳᠢᠭᠯᠢᠮ ᠳᠤ ᠬᠡᠷᠬᠢᠨ | ᠵᠥᠪ ᠬᠠᠨᠳᠤᠬᠤ ᠪᠤᠶ ︖ | ᠥᠨᠥᠳᠥᠷ ᠤᠨ ᠳᠡᠯᠡᠬᠡᠢ ᠶᠢᠷᠲᠢᠨᠴᠦ ᠶᠢᠨ ᠬᠠᠮᠤᠭ ᠤᠨ ᠦᠨᠳᠦᠰᠦᠨ ᠥᠷᠢᠰᠦᠯᠳᠦᠭᠡᠨ ᠪᠣᠯ ᠡᠮᠬᠢ ᠳᠢᠭᠯᠢᠮ ᠤᠨ | ᠥᠷᠢᠰᠦᠯᠳᠦᠭᠡᠨ ᠪᠣᠯᠣᠨ᠎ᠠ ᠃ ᠳᠡᠯᠡᠬᠡᠢ ᠶᠢᠨ ᠬᠤᠶᠠᠳᠤᠭᠠᠷ ᠶᠡᠭᠡ ᠳᠠᠶᠢᠨ ᠤ ᠢᠯᠠᠯᠲᠠ ᠶᠢᠨ ᠦᠷ᠎ᠡ ᠪᠦᠲᠦᠭᠡᠯ ᠤᠨ | ᠲᠥᠪᠯᠡᠷᠡᠩᠭᠦᠢ ᠢᠯᠡᠷᠡᠯ ᠪᠣᠯᠤᠭᠰᠠᠨ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠪᠠᠷ ᠭᠤᠣᠯ ᠪᠤᠯᠭᠠᠬᠰᠠᠨ ᠣᠯᠠᠨ | ᠤᠯᠤᠰ ᠤᠨ ᠰᠢᠰᠲ᠋ᠧᠮ ᠤᠷᠢᠳ ᠡᠮᠦᠨ᠎ᠡ ᠪᠠᠶᠢᠭ᠎ᠠ ᠦᠭᠡᠢ ᠳᠠᠭᠠᠷᠢᠯᠲᠠ ᠳᠤ ᠤᠴᠠᠷᠠᠪᠠ ᠃ | ᠠᠶᠢᠯᠴᠢᠯᠠᠯᠲᠠ ᠬᠢᠬᠦ ᠲᠠᠰᠢᠷᠠᠮ ᠢᠶᠠᠷ ᠂ ᠲᠡᠷᠢᠭᠦᠯᠡᠭᠴᠢ ᠰᠢ ᠶᠢᠨ ᠫᠢᠩ ᠄ ︽ ᠳᠡᠯᠡᠬᠡᠢ ᠶᠢᠨ ᠪᠠᠶᠢᠳᠠᠯ ᠬᠡᠳᠦᠢ | ᠡᠭᠡᠳᠡᠷᠡᠭᠡᠨ ᠪᠤᠳᠤᠯᠢᠶᠠᠨᠲᠠᠢ ᠪᠤᠯᠬᠤ ᠲᠤᠳᠤᠮ ᠂ ᠪᠢᠳᠡ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠡᠷᠬᠡ ᠰᠦᠷ ᠢ | ᠲᠡᠳᠦᠢ ᠪᠠᠷᠢᠮᠲᠠᠯᠠᠨ ᠬᠠᠮᠠᠭᠠᠯᠠᠬᠤ ᠬᠡᠷᠡᠭᠲᠡᠢ ︾ ᠭᠡᠵᠦ ᠭᠦᠨᠵᠡᠭᠡᠢ ᠵᠢᠭᠠᠵᠤ ᠭᠠᠷᠭᠠᠪᠠ ᠃ | ᠳᠡᠯᠡᠬᠡᠢ ᠶᠢᠷᠲᠢᠨᠴᠦ ᠲᠥᠪ ᠭᠤᠣᠯᠴᠢ ᠪᠠᠶᠢᠬᠤ ᠬᠡᠷᠡᠭᠲᠡᠢ ᠂ ᠬᠠᠷᠭᠢᠰ ᠬᠡᠷᠴᠡᠭᠡᠢ ᠪᠠᠶᠢᠵᠤ ᠪᠤᠯᠬᠤ ᠦᠭᠡᠢ ᠂ ᠲᠡᠦᠬᠡ ︽ | ᠬᠦᠴᠦᠷᠬᠡᠭᠯᠡᠯ ᠪᠣᠯ ᠨᠡᠶᠢᠲᠡ ᠶᠢᠨ ᠶᠣᠰᠣ ︾ ᠭᠡᠬᠦ ᠪᠠᠯᠠᠷ ᠬᠠᠷᠠᠩᠭᠤᠢ ᠴᠠᠭ ᠦᠶ᠎ᠡ ᠳᠤ ᠪᠤᠴᠠᠵᠤ ᠪᠤᠯᠬᠤ ᠦᠭᠡᠢ ᠃ | ᠬᠠᠮᠲᠤ ᠶᠢᠨ ᠬᠦᠰᠡᠯ ᠱᠠᠭᠠᠷᠳᠠᠯᠭ᠎ᠠ ᠪᠣᠯ ᠪᠠᠰᠠ ᠴᠤ ᠬᠥᠭᠵᠢᠯᠲᠡ ᠶᠢᠨ ᠶᠡᠭᠡ ᠬᠠᠨᠳᠤᠰᠢ ᠶᠢ ᠳᠠᠭᠠᠬᠰᠠᠨ ᠶᠡᠭᠡ ᠶᠣᠰᠣ ᠮᠥᠨ ᠃ | | ᠲᠡᠦᠬᠡ ᠠᠴᠠ ᠣᠶᠤᠨ ᠤᠬᠠᠭᠠᠨ ᠭᠦᠷᠳᠡᠨ᠎ᠡ ᠃ ᠪᠢᠷᠮᠠ ᠶᠢᠨ ᠤᠳᠤᠷᠢᠳᠬᠤ ᠬᠥᠮᠥᠨ ᠮᠢᠨ ᠠᠩ ᠯᠠᠢ ᠲᠠᠢ | ᠠᠭᠤᠯᠵᠠᠬᠤ ᠳᠠᠭᠠᠨ ᠂ ᠲᠡᠷᠢᠭᠦᠯᠡᠭᠴᠢ ᠰᠢ ᠶᠢᠨ ᠫᠢᠩ ᠨᠠᠶᠢᠷᠠᠮᠳᠠᠯ ᠢᠶᠠᠷ ᠵᠡᠷᠭᠡᠴᠡᠨ ᠣᠷᠣᠰᠢᠬᠤ ᠲᠠᠪᠤᠨ ᠵᠠᠷᠴᠢᠮ ᠪᠣᠯᠣᠨ | ᠪᠠᠨᠳᠦ᠋ᠩ ᠤᠨ ᠵᠣᠷᠢᠭ ᠰᠠᠨᠠᠭᠠᠨ ᠤ ᠴᠠᠭ ᠦᠶ᠎ᠡ ᠶᠢᠨ ᠦᠨ᠎ᠡ ᠦᠷᠳᠡᠭ ᠢ ᠴᠢᠬᠤᠯᠠᠴᠢᠯᠠᠵᠤ ᠂ ᠬᠤᠶᠠᠷ ᠲᠠᠯ᠎ᠠ ᠪᠠᠷ ᠢᠶᠠᠨ | ᠬᠥᠭᠵᠢᠵᠦ ᠪᠠᠶᠢᠭ᠎ᠠ ᠤᠯᠤᠰ ᠤᠳ ᠤᠨ ᠵᠦᠢ ᠶᠣᠰᠣᠨ ᠤ ᠡᠷᠬᠡ ᠠᠰᠢᠭ ᠢ ᠬᠠᠮᠲᠤ ᠪᠠᠷ ᠬᠠᠮᠠᠭᠠᠯᠠᠬᠤ ᠶᠢ ᠰᠠᠨᠠᠭᠠᠴᠢᠯᠠᠪᠠ ᠃ | ᠪᠣᠳᠠᠲᠤ ᠠᠬᠤᠢ ᠶᠢᠨ ᠳᠤᠮᠳᠠ ᠰᠥᠰᠥ ᠵᠣᠷᠢᠭ ᠢᠶᠠᠨ ᠳᠠᠪᠲᠠᠨ ᠪᠣᠯᠪᠠᠰᠤᠷᠠᠭᠤᠯᠤᠨ᠎ᠠ ᠃ ᠯᠠᠲ᠋ᠢᠨ ᠠᠮᠧᠷᠢᠺᠠ ᠪᠠ | ᠺᠠᠷᠢᠪᠧ ᠶᠢᠨ ᠤᠯᠤᠰ ᠤᠳ ᠣᠶᠢᠷ᠎ᠠ ᠶᠢᠨ ᠵᠢᠯ ᠤᠳ ᠲᠤ ᠭᠠᠭᠴᠠ ᠲᠠᠯ᠎ᠠ ᠶᠢᠨ ᠵᠠᠯᠬᠠᠭᠠᠯ ᠂ ᠡᠵᠡᠷᠬᠡᠬᠦ ᠡᠷᠬᠡ ᠶᠢᠨ ᠳᠠᠷᠤᠯᠠᠯ | ᠳᠣᠷᠣᠮᠵᠢᠯᠠᠯ ᠢ ᠬᠠᠰᠢᠷᠠᠲᠠᠯ᠎ᠠ ᠠᠮᠰᠠᠵᠠᠢ ᠃ ᠺᠦᠪᠡ ᠶᠢᠨ ᠤᠯᠤᠰ ᠤᠨ ᠲᠡᠷᠢᠭᠦᠯᠡᠭᠴᠢ ᠳ᠋ᠢᠶᠠᠰ - ᠺᠠᠨ᠋ᠸᠶᠢᠷ ᠂ | ᠸᠧᠨᠧᠽᠦ᠋ᠧᠯᠠ ᠶᠢᠨ ᠶᠡᠷᠦᠩᠬᠡᠶᠢᠯᠡᠭᠴᠢ ᠮᠠᠳᠦ᠋ᠯᠦ᠋ᠸᠧ ᠲᠠᠢ ᠲᠤᠰ ᠲᠤᠰ ᠠᠭᠤᠯᠵᠠᠬᠤ ᠳᠠᠭᠠᠨ ᠂ ᠲᠡᠷᠢᠭᠦᠯᠡᠭᠴᠢ ᠰᠢ ᠶᠢᠨ ᠫᠢᠩ | ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠪᠣᠯ ᠴᠥᠮ ᠡᠷᠬᠡ ᠮᠡᠳᠡᠯ ᠲᠠᠢ ᠲᠤᠰᠠᠭᠠᠷ ᠲᠣᠭᠲᠠᠨᠢᠭᠰᠠᠨ ᠤᠯᠤᠰ | ᠮᠥᠨ ᠂ ᠠᠯᠢ ᠨᠢᠭᠡᠨ ᠤᠯᠤᠰ ᠲᠤ ᠬᠠᠷᠢᠶᠠᠯᠠᠭᠳᠠᠬᠤ ᠦᠭᠡᠢ ᠃ ᠲᠡᠷᠡ ᠳᠤᠮᠳᠠᠳᠤ ᠶᠢᠨ ᠲᠠᠯ᠎ᠠ ᠶᠢᠨ ᠬᠢᠨ ᠺᠦᠪᠡ ᠂ | ᠸᠧᠨᠧᠽᠦ᠋ᠧᠯᠠ ᠶᠢᠨ ᠤᠯᠤᠰ ᠤᠨ ᠡᠷᠬᠡ ᠮᠡᠳᠡᠯ ᠪᠣᠯᠣᠨ ᠦᠨᠳᠦᠰᠦᠲᠡᠨ ᠤ ᠨᠡᠷ᠎ᠡ ᠬᠦᠨᠳᠦ ᠪᠠᠨ ᠬᠠᠮᠠᠭᠠᠯᠠᠬᠤ ᠶᠢ ᠡᠷᠡᠰ | ᠳᠡᠮᠵᠢᠵᠦ ᠂ ᠬᠤᠶᠠᠷ ᠤᠯᠤᠰ ᠤᠨ ᠠᠷᠠᠳ ᠲᠦᠮᠡᠨ ᠤ ᠭᠠᠳᠠᠭᠠᠳᠤ ᠶᠢᠨ ᠭᠠᠷ ᠳᠦᠷᠦᠯᠲᠡ ᠶᠢ ᠡᠰᠡᠷᠭᠦᠴᠡᠬᠦ ᠶᠢ ᠡᠷᠡᠰ | ᠳᠡᠮᠵᠢᠨ᠎ᠠ ᠭᠡᠵᠦ ᠳᠠᠪᠲᠠᠨ ᠢᠯᠡᠷᠬᠡᠶᠢᠯᠡᠪᠡ ᠃ | ᠲᠠᠶᠢᠸᠠᠨ ᠬᠤᠭᠤᠯᠠᠢ ᠶᠢᠨ ᠬᠤᠶᠠᠷ ᠭᠦᠪᠡᠭᠡ ᠤᠳᠤᠮ ᠤᠯᠠᠮᠵᠢᠯᠠᠯ ᠢ ᠲᠠᠰᠤᠯᠵᠤ ᠳᠡᠶᠢᠯᠭᠦ ᠦᠭᠡᠢ ᠃ ᠲᠠᠶᠢᠸᠠᠨ | ᠳᠤᠮᠳᠠᠳᠤ ᠤᠯᠤᠰ ᠲᠤ ᠪᠤᠴᠠᠵᠤ ᠢᠷᠡᠭᠰᠡᠨ ᠶᠠᠪᠤᠳᠠᠯ ᠪᠣᠯ ᠳᠡᠯᠡᠬᠡᠢ ᠶᠢᠨ ᠬᠤᠶᠠᠳᠤᠭᠠᠷ ᠲᠠᠶᠢᠨ ᠤ ᠢᠯᠠᠯᠲᠠ ᠶᠢᠨ ᠦᠷ᠎ᠡ | ᠪᠦᠲᠦᠭᠡᠯ ᠪᠠ ᠲᠠᠶᠢᠨ ᠤ ᠳᠠᠷᠠᠭᠠᠬᠢ ᠤᠯᠠᠨ ᠤᠯᠤᠰ ᠤᠨ ᠡᠮᠬᠢ ᠳᠢᠭᠯᠢᠮ ᠤᠨ ᠴᠢᠬᠤᠯᠠ ᠪᠦᠷᠢᠯᠳᠦᠭᠦᠨ ᠬᠡᠰᠡᠭ ᠮᠥᠨ ᠂ | ᠲᠡᠦᠬᠡ ᠶᠢᠨ ᠠᠯᠢ ᠡᠷᠲᠡ ᠲᠣᠳᠣᠷᠬᠠᠢ ᠪᠢᠴᠢᠭᠳᠡᠭᠰᠡᠨ ᠠᠭᠤᠯᠠ ᠤᠰᠤᠨ ᠤ ᠬᠠᠷᠢᠶᠠᠯᠠᠯ ᠮᠥᠨ ᠃ ᠨᠢᠭᠡ ᠯᠡ ᠳᠤᠮᠳᠠᠳᠤ | ᠤᠯᠤᠰ ᠪᠠᠶᠢᠬᠤ ᠵᠠᠷᠴᠢᠮ ᠢ ᠪᠠᠷᠢᠮᠲᠠᠯᠠᠬᠤ ᠪᠣᠯ ᠤᠯᠠᠨ ᠤᠯᠤᠰ ᠤᠨ ᠡᠮᠬᠢ ᠳᠢᠭᠯᠢᠮ ᠢ ᠬᠠᠮᠠᠭᠠᠯᠠᠬᠤ ᠶᠢᠨ ᠪᠠᠶᠢᠪᠠᠰᠤ ᠵᠣᠬᠢᠬᠤ | ᠠᠭᠤᠯᠭ᠎ᠠ ᠮᠥᠨ ᠃ ᠲᠡᠷᠢᠭᠦᠯᠡᠭᠴᠢ ᠰᠢ ᠶᠢᠨ ᠫᠢᠩ ᠤᠨ ᠴᠢᠬᠤᠯᠠ ᠥᠭᠦᠯᠡᠯᠲᠡ ᠶᠢᠨ ᠦᠭᠡ ᠬᠡᠯᠡᠯᠭᠡ ᠢᠳᠡ ᠬᠦᠴᠦᠨ ᠲᠠᠢ ᠄ | ︽ ᠲᠠᠶᠢᠸᠠᠨ ᠠᠷᠠᠯ ᠤᠨ ᠳᠣᠲᠣᠭᠠᠳᠤ ᠪᠠᠶᠢᠳᠠᠯ ᠳᠤ ᠶᠠᠮᠠᠷ ᠬᠤᠪᠢᠷᠠᠯᠲᠠ ᠭᠠᠷᠤᠭᠰᠠᠨ ᠴᠤ ᠂ ᠭᠠᠳᠠᠭᠠᠳᠤ ᠶᠢᠨ ᠬᠦᠴᠦᠨ | ᠶᠠᠭᠠᠬᠢᠵᠤ ᠲᠦᠢᠪᠡᠭᠡᠭᠰᠡᠨ ᠴᠦ ᠂ ᠳᠤᠮᠳᠠᠳᠤ ᠤᠯᠤᠰ ᠡᠴᠦᠰ ᠲᠡᠭᠡᠨ ᠨᠢᠭᠡᠳᠬᠦ ᠪᠥᠭᠡᠳ ᠯᠠᠪᠲᠠᠢ ᠨᠢᠭᠡᠳᠬᠦ ᠲᠡᠦᠬᠡ ᠶᠢᠨ | ᠶᠡᠭᠡ ᠬᠠᠨᠳᠤᠰᠢ ᠬᠤᠷᠢᠭᠯᠠᠭᠳᠠᠰᠢ ᠦᠭᠡᠢ ᠶᠤᠮ ︾ ᠃ | ᠰᠢᠳᠤᠷᠭᠤ ᠶᠣᠰᠣᠨ ᠳᠠᠪᠠᠯᠭᠠᠨ ᠲᠦᠯᠬᠢᠯᠡᠬᠦ ᠮᠡᠲᠦ ᠬᠦᠴᠦᠲᠡᠢ ᠃ ︽ ᠨᠢᠭᠡ ᠯᠡ ᠳᠤᠮᠳᠠᠳᠤ ᠤᠯᠤᠰ ᠪᠠᠶᠢᠬᠤ | ᠵᠠᠷᠴᠢᠮ ᠢ ᠡᠷᠡᠰ ᠬᠡᠷᠡᠭᠵᠢᠭᠦᠯᠵᠦ ᠂ ᠲᠠᠶᠢᠸᠠᠨ ᠤ ᠠᠰᠠᠭᠤᠳᠠᠯ ᠳᠡᠭᠡᠷ᠎ᠡ ᠢᠮᠠᠭᠲᠠ ᠳᠤᠮᠳᠠᠳᠤ ᠶᠢᠨ ᠲᠠᠯ᠎ᠠ ᠶᠢᠨ ᠵᠣᠭᠰᠣᠯᠲᠠ ᠶᠢ | ᠳᠡᠮᠵᠢᠨ᠎ᠡ ︾ ᠂ ︽ ᠲᠠᠶᠢᠸᠠᠨ ᠪᠣᠯ ᠳᠤᠮᠳᠠᠳᠤ ᠤᠯᠤᠰ ᠤᠨ ᠨᠤᠲᠤᠭ ᠳᠡᠪᠢᠰᠬᠡᠷ ᠤᠨ ᠰᠠᠯᠵᠤ ᠪᠣᠯᠣᠰᠢ ᠦᠭᠡᠢ ᠨᠢᠭᠡ ᠬᠡᠰᠡᠭ | ᠮᠥᠨ ︾ ᠁ ᠡᠯ᠎ᠡ ᠲᠠᠯ᠎ᠠ ᠶᠢᠨ ᠬᠢᠨ ᠮᠣᠰᠺᠸᠠ ᠳᠤ ᠢᠮᠠᠭᠲᠠ ᠶᠢᠨ ᠵᠣᠭᠰᠣᠯᠲᠠ ᠪᠠᠨ ᠳᠠᠬᠢᠨᠲᠠ ᠢᠯᠡᠷᠬᠡᠶᠢᠯᠡᠪᠡ ᠃ ᠡᠨᠡ | ᠪᠣᠯ ᠲᠥᠪ ᠭᠤᠣᠯᠴᠢ ᠰᠢᠳᠤᠷᠭᠤ ᠶᠣᠰᠣᠨ ᠤ ᠡᠷᠡᠰ ᠪᠠᠲᠤ ᠬᠠᠮᠠᠭᠠᠯᠠᠯᠲᠠ ᠮᠥᠨ ᠃ | ᠡᠩᠬᠡ ᠲᠠᠶᠢᠪᠤᠩ ᠤᠨ ᠤᠯᠠᠭᠠᠨ ᠲᠤᠭ᠎ᠠ ᠂ ᠬᠥᠭᠵᠢᠯᠲᠡ ᠶᠢᠨ ᠤᠯᠠᠭᠠᠨ ᠲᠤᠭ᠎ᠠ ᠂ ᠠᠮᠤᠷ ᠲᠦᠪᠰᠢᠨ ᠤ ᠤᠯᠠᠭᠠᠨ | ᠲᠤᠭ᠎ᠠ ᠂ ᠵᠠᠰᠠᠯᠲᠠ ᠶᠢᠨ ᠤᠯᠠᠭᠠᠨ ᠲᠤᠭ᠎ᠠ ᠂ ᠲᠡᠦᠬᠡ ᠶᠢᠨ ᠦᠯᠡᠳᠡᠭᠳᠡᠯ ᠠᠰᠠᠭᠤᠳᠠᠯ ᠢ ᠰᠢᠢᠳᠪᠦᠷᠢᠯᠡᠵᠦ ᠠᠮᠵᠢᠭ᠎ᠠ ᠦᠭᠡᠢ | ᠪᠠᠶᠢᠬᠤ ᠳᠤ ᠰᠢᠨ᠎ᠡ ᠠᠰᠠᠭᠤᠳᠠᠯ ᠢᠯᠡᠷᠡᠵᠦ ᠪᠠᠶᠢᠬᠤ ᠶᠢᠷᠲᠢᠨᠴᠦ ᠳᠤ ᠂ ᠭᠠᠯ ᠢ ᠳᠦᠷᠡᠯᠵᠡᠭᠦᠯᠬᠦ ᠶᠤᠮ ᠦᠦ ᠡᠰᠡᠬᠦᠯ᠎ᠡ | ᠡᠪᠰᠡᠬᠦ ᠶᠢ ᠢᠳᠬᠠᠬᠤ ᠶᠤᠮ ᠦᠦ᠂ ᠠᠶᠤᠯᠭᠠᠨ ᠰᠦᠷᠳᠡᠭᠦᠯᠬᠦ ᠶᠤᠮ ᠦᠦ ᠡᠰᠡᠬᠦᠯ᠎ᠡ ᠡᠰᠡᠷᠭᠦᠴᠡᠯᠳᠦᠯ ᠢ ᠲᠠᠶᠠᠭᠳᠠᠬᠤ ᠶᠤᠮ ᠦᠦ ︖ | ᠳᠤᠮᠳᠠᠳᠤ ᠤᠯᠤᠰ ᠭᠤᠣᠯᠴᠢ ᠦᠭᠡ ᠬᠡᠯᠡᠵᠦ ᠂ ᠭᠤᠣᠯᠴᠢ ᠶᠠᠪᠤᠳᠠᠯ ᠬᠢᠵᠦ ᠂ ᠯᠠᠪᠳᠠᠭᠤᠨ ᠢᠶᠠᠷ ᠤᠷᠤᠭᠰᠢᠯᠠᠵᠤ ᠂ ᠲᠥᠪ | ᠭᠤᠣᠯᠴᠢ ᠪᠠᠷ ᠬᠠᠨᠳᠤᠵᠤ ᠪᠤᠢ ᠃ | ᠦᠺᠷᠠᠶᠢᠨ ᠤ ᠬᠢᠮᠤᠷᠠᠯ ᠦᠷᠭᠦᠯᠵᠢᠯᠡᠵᠦ ᠳᠡᠯᠡᠬᠡᠢ ᠳ᠋ᠠᠬᠢᠨ ᠢ ᠰᠠᠨᠠᠭᠠᠰᠢᠷᠠᠭᠤᠯᠵᠤ ᠪᠠᠶᠢᠨ᠎ᠠ ᠃ ᠡᠩᠬᠡ ᠲᠠᠶᠢᠪᠤᠩ ᠳᠤ | ᠠᠰᠢᠭᠲᠠᠢ ᠴᠢᠷᠮᠠᠶᠢᠯᠭ᠎ᠠ ᠪᠦᠭᠦᠨ ᠢ ᠳᠤᠮᠳᠠᠳᠤ ᠤᠯᠤᠰ ᠴᠥᠮ ᠪᠠᠶᠠᠷᠯᠠᠨ ᠤᠭᠲᠤᠵᠤ ᠪᠠᠶᠢᠨ᠎ᠠ ᠃ ︽ ᠳᠤᠮᠳᠠᠳᠤ ᠤᠯᠤᠰ | ᠬᠠᠮᠲᠤ ᠶᠢᠨ ᠂ ᠶᠡᠷᠦᠩᠬᠡᠶᠢᠯᠡᠭᠰᠡᠨ ᠂ ᠬᠠᠮᠲᠤᠷᠠᠯᠴᠠᠭᠰᠠᠨ ᠂ ᠦᠷᠭᠦᠯᠵᠢᠯᠡᠬᠦ ᠪᠦᠭᠦ ᠪᠥᠮᠪᠥᠷᠴᠡᠭ ᠤᠨ ᠠᠮᠤᠷ ᠲᠦᠪᠰᠢᠨ ᠤ | ᠦᠵᠡᠯᠲᠡ ᠶᠢ ᠰᠠᠨᠠᠭᠠᠴᠢᠯᠠᠵᠤ ᠂ ᠡᠯ᠎ᠡ ᠤᠯᠤᠰ ᠤᠨ ᠵᠦᠢ ᠵᠣᠬᠢᠰᠲᠠᠢ ᠠᠮᠤᠷ ᠲᠦᠪᠰᠢᠨ ᠢ ᠠᠩᠬᠠᠷᠤᠨ ᠬᠠᠯᠠᠮᠵᠢᠯᠠᠬᠤ ᠶᠢ | ᠴᠢᠬᠤᠯᠠᠴᠢᠯᠠᠵᠤ ᠂ ᠬᠢᠮᠤᠷᠠᠯ ᠡᠭᠦᠰᠬᠦ ᠦᠨᠳᠦᠰᠦ ᠰᠤᠷᠪᠤᠯᠵᠢ ᠶᠢ ᠠᠷᠢᠯᠭᠠᠬᠤ ᠬᠡᠷᠡᠭᠲᠡᠢ ᠭᠡᠵᠦ ᠦᠵᠡᠵᠦ ᠪᠠᠶᠢᠨ᠎ᠠ ︾ ᠃ | ᠲᠡᠷᠢᠭᠦᠯᠡᠭᠴᠢ ᠰᠢ ᠶᠢᠨ ᠫᠢᠩ ᠠᠰᠠᠭᠤᠳᠠᠯ ᠤᠨ ᠦᠨᠳᠦᠰᠦ ᠰᠤᠷᠪᠤᠯᠵᠢ ᠪᠠ ᠮᠥᠨ ᠴᠢᠨᠠᠷ ᠢ ᠠᠩᠬᠠᠷᠴᠤ ᠪᠠᠶᠢᠭ᠎ᠠ ᠶᠤᠮ ᠃ | ᠳᠤᠮᠳᠠᠳᠤ ᠶᠢᠨ ᠲᠠᠯ᠎ᠠ ᠶᠢᠨ ᠪᠤᠰᠤᠳᠴᠢ ᠲᠥᠪ ᠭᠤᠣᠯᠴᠢ ᠵᠣᠭᠰᠣᠯᠲᠠ ᠶᠢ ᠶᠡᠷᠦᠩᠬᠡᠶᠢᠯᠡᠭᠴᠢ ᠫᠦᠲ᠋ᠢᠨ ᠳᠡᠭᠡᠳᠦ | ᠬᠡᠮᠵᠢᠶ᠎ᠡ ᠪᠠᠷ ᠮᠠᠭᠲᠠᠨ ᠰᠠᠶᠢᠰᠢᠶᠠᠵᠤ ᠂ ᠶᠠᠮᠠᠷᠴᠤ ᠤᠷᠢᠲᠠᠯ ᠦᠭᠡᠢ ᠪᠠᠷ ᠨᠠᠶᠢᠷᠠᠮᠳᠠᠯ ᠤᠨ ᠬᠡᠯᠡᠯᠴᠡᠭᠡ ᠶᠢ ᠡᠬᠢᠯᠡᠭᠦᠯᠬᠦ ᠳᠤᠷᠠᠲᠠᠢ ᠂ | ᠲᠥᠪ ᠭᠤᠣᠯᠴᠢ ᠂ ᠥᠨᠢ ᠤᠳᠠᠭᠠᠨ ᠤ ᠨᠠᠶᠢᠷᠠᠮᠳᠠᠯ ᠤᠨ ᠬᠡᠯᠡᠯᠴᠡᠭᠡᠷ ᠲᠣᠬᠢᠷᠠᠯᠴᠠᠬᠤ ᠶᠢ ᠬᠦᠰᠡᠵᠦ ᠪᠠᠶᠢᠨ᠎ᠠ ᠭᠡᠵᠦ | ᠢᠯᠡᠳᠬᠡᠪᠡ ᠃ | ᠤᠷᠪᠠᠭᠠᠨ ᠬᠥᠷᠪᠡᠭᠡᠨ ᠲᠠᠢ ᠪᠠᠶᠢᠳᠠᠯ ᠤᠨ ᠳᠤᠮᠳᠠ ᠶᠣᠰᠣ ᠵᠢᠷᠤᠮ ᠢ ᠡᠷᠬᠢᠮᠯᠡᠵᠦ ᠂ ᠵᠣᠷᠢᠭᠲᠠᠢ ᠪᠠᠷ ᠬᠠᠷᠢᠭᠤᠴᠠᠯᠭ᠎ᠠ | ᠡᠭᠦᠷᠭᠡᠯᠡᠪᠡᠯ ᠳᠡᠮᠵᠢᠯᠭᠡ ᠂ ᠢᠲᠡᠭᠡᠯ ᠢ ᠣᠯᠳᠠᠭ ᠂ ︽ ᠶᠣᠰᠣ ᠶᠢ ᠣᠯᠣᠭᠰᠠᠳ ᠲᠤ ᠲᠤᠰᠠᠯᠠᠮᠵᠢ ᠦᠯᠡᠮᠵᠢ ᠂ ᠶᠣᠰᠣ ᠶᠢ | ᠠᠯᠳᠠᠭᠰᠠᠳ ᠲᠤ ᠲᠤᠰᠠᠯᠠᠮᠵᠢ ᠮᠡᠬᠦᠰ︾ ᠃ ︽ ᠳᠡᠯᠡᠬᠡᠢ ᠶᠢᠨ ᠡᠯ᠎ᠡ ᠤᠯᠤᠰ ᠤᠨ ᠠᠷᠠᠳ ᠲᠦᠮᠡᠨ ᠪᠦᠷ ᠲᠡᠦᠬᠡ ᠶᠢᠨ ᠵᠥᠪ | ᠲᠠᠯ᠎ᠠ ᠳᠤ ᠵᠣᠭᠰᠣᠵᠤ ᠂ ᠲᠥᠪ ᠭᠤᠣᠯᠴᠢ ᠰᠢᠳᠤᠷᠭᠤ ᠶᠣᠰᠣᠨ ᠤ ᠲᠠᠯ᠎ᠠ ᠳᠤ ᠵᠣᠭᠰᠣᠨ᠎ᠠ ᠭᠡᠳᠡᠭ ᠢ ᠪᠢᠳᠡ ᠪᠠᠲᠤ ᠢᠲᠡᠭᠡᠵᠦ | ᠪᠠᠶᠢᠨ᠎ᠠ ︾ ᠃ | ︵ ᠳᠥᠷᠪᠡ ︶ ᠲᠡᠷᠢᠭᠦᠯᠡᠭᠴᠢ ᠰᠢ ᠶᠢᠨ ᠫᠢᠩ ᠤᠨ ᠮᠣᠰᠺᠸᠠ ᠳᠠᠬᠢ ᠴᠠᠭ ᠄ | ︽ ᠲᠣᠮᠣ ᠤᠯᠤᠰ ᠨᠢ ᠲᠣᠮᠣ ᠤᠯᠤᠰ ᠤᠨ ᠳᠦᠷᠢ ᠲᠠᠢ ᠪᠠᠶᠢᠵᠤ ᠂ ᠨᠡᠩ ᠤᠯᠠᠨ ᠬᠠᠷᠢᠭᠤᠴᠠᠯᠭ᠎ᠠ ᠡᠭᠦᠷᠭᠡᠯᠡᠯ ᠢ | ᠢᠯᠡᠷᠡᠭᠦᠯᠬᠦ ᠬᠡᠷᠡᠭᠲᠡᠢ ︾ | ᠪᠠᠰᠠ ᠨᠢᠭᠡᠨ ᠵᠢᠯ ᠤᠨ ᠴᠠᠭᠠᠨ ᠬᠤᠰᠤ ᠨᠣᠭᠤᠭᠠᠷᠠᠵᠤ ᠂ ᠭᠤᠣᠯᠲᠤ ᠪᠣᠷᠣ ᠳᠡᠯᠭᠡᠷᠡᠵᠦ ᠂ ︽ ᠠᠯᠢᠮ᠎ᠠ ᠶᠢᠨ ᠴᠡᠴᠡᠭ | ᠭᠠᠵᠠᠷ ᠰᠠᠢ ᠦᠭᠡᠢ ᠳᠡᠯᠭᠡᠷᠡᠭᠰᠡᠨ ᠪᠠᠶᠢᠨ᠎ᠠ ︾ ᠃ | ᠤᠷᠤᠰ ᠲᠠᠬᠢ ᠠᠶᠠᠯᠠᠯ ᠤᠨ ᠬᠤᠶᠠᠷ ᠶᠠᠪᠤᠳᠠᠯ ᠨᠢ ᠳᠡᠯᠡᠬᠡᠢ ᠳ᠋ᠠᠬᠢᠨ ᠳᠤ ᠭᠦᠨ ᠰᠠᠭᠤᠭᠳᠠᠯ ᠦᠯᠡᠳᠡᠭᠡᠵᠡᠢ ᠄ | ᠨᠢᠭᠡ ᠨᠢ ᠲᠡᠷᠢᠭᠦᠯᠡᠭᠴᠢ ᠰᠢ ᠶᠢᠨ ᠫᠢᠩ ᠪᠣᠯᠣᠨ ᠶᠡᠷᠦᠩᠬᠡᠶᠢᠯᠡᠭᠴᠢ ᠫᠦᠲ᠋ᠢᠨ 10 ᠴᠠᠭ ᠰᠢᠬᠠᠮ ᠰᠣᠯᠢᠯᠴᠠᠭ᠎ᠠ | ᠬᠢᠭᠰᠡᠨ ᠶᠠᠪᠤᠳᠠᠯ ᠪᠣᠯᠣᠨ᠎ᠠ ᠃ | ᠨᠦᠭᠦᠭᠡ ᠨᠢ ᠲᠡᠷᠢᠭᠦᠯᠡᠭᠴᠢ ᠰᠢ ᠶᠢᠨ ᠫᠢᠩ ᠮᠣᠰᠺᠸᠠ ᠳᠤ 3 ᠰᠥᠨᠢ ᠰᠠᠭᠠᠲᠠᠭᠰᠠᠨ ᠶᠠᠪᠤᠳᠠᠯ ᠪᠣᠯᠣᠨ᠎ᠠ ᠃ | ᠣᠷᠴᠢᠮ ᠤᠨ ᠵᠢᠯ ᠤᠨ ᠳᠤᠮᠳᠠᠳᠤ ᠤᠯᠤᠰ ᠤᠨ ᠭᠠᠳᠠᠭᠠᠳᠤ ᠬᠠᠷᠢᠯᠴᠠᠭ᠎ᠠ ᠳᠤ ᠠᠷᠪᠢᠨ ᠬᠠᠷᠠᠭᠳᠠᠬᠤ ᠦᠭᠡᠢ ᠃ | ᠡᠨᠡ ᠬᠤᠶᠠᠷ ᠶᠠᠪᠤᠳᠠᠯ ᠨᠢ ᠶᠠᠭᠤ ᠶᠢ ᠬᠠᠷᠠᠭᠤᠯᠵᠤ ᠪᠠᠶᠢᠬᠤ ᠪᠤᠢ ︖ | ᠭᠠᠭᠴᠠ ᠲᠠᠯ᠎ᠠ ᠶᠢᠨ ᠪᠠ ᠤᠯᠠᠨ ᠲᠠᠯ᠎ᠠ ᠶᠢᠨ ᠬᠤᠷᠴᠠ ᠰᠢᠷᠦᠭᠦᠨ ᠦᠵᠡᠯᠴᠡᠭᠡᠨ ᠂ ᠡᠵᠡᠷᠬᠡᠬᠦ ᠦᠵᠡᠯ ᠢ ᠬᠠᠮᠠᠭᠠᠯᠠᠬᠤ | ᠪᠠ ᠡᠵᠡᠷᠬᠡᠬᠦ ᠦᠵᠡᠯ ᠢ ᠡᠰᠡᠷᠭᠦᠴᠡᠬᠦ ᠭᠦᠨᠵᠡᠭᠡᠢ ᠦᠵᠡᠯᠴᠡᠭᠡᠨ ᠪᠦᠬᠦᠢ ᠤᠯᠠᠨ ᠤᠯᠤᠰ ᠤᠨ ᠪᠠᠶᠢᠳᠠᠯ ᠠᠴᠠ ᠠᠪᠴᠤ | ᠦᠵᠡᠪᠡᠯ ᠂ ᠳᠤᠮᠳᠠᠳᠤ ᠤᠷᠤᠰ ᠤᠨ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭ᠎ᠠ ᠶᠢᠨ ᠪᠦᠭᠦ | ᠪᠥᠮᠪᠥᠷᠴᠡᠭ ᠤᠨ ᠠᠴᠢ ᠬᠤᠯᠪᠣᠭᠳᠠᠯ ᠂ ᠲᠡᠦᠬᠡᠲᠦ ᠠᠴᠢ ᠬᠤᠯᠪᠣᠭᠳᠠᠯ ᠲᠣᠳᠣᠷᠠᠵᠤ ᠪᠠᠶᠢᠨ᠎ᠠ ᠃ | ᠳᠡᠯᠡᠬᠡᠢ ᠶᠢᠨ ᠤᠯᠠᠨ ᠲᠤᠶᠢᠯᠰᠢᠷᠠᠯᠲᠠ ᠂ ᠠᠵᠤ ᠠᠬᠤᠢ ᠶᠢᠨ ᠳᠡᠯᠡᠬᠡᠶᠢᠵᠢᠯᠲᠡ ᠂ ᠤᠯᠠᠨ ᠤᠯᠤᠰ ᠤᠨ ᠬᠠᠷᠢᠯᠴᠠᠭᠠᠨ ᠤ | ᠠᠷᠠᠳᠴᠢᠯᠠᠯᠲᠠ ᠶᠢ ᠠᠬᠢᠭᠤᠯᠬᠤ ᠶᠢ ᠰᠠᠨᠠᠯ ᠨᠢᠭᠡᠲᠡᠢ ᠵᠥᠪᠰᠢᠶᠡᠷᠡᠪᠡ ︔ | ᠤᠯᠠᠨ ᠲᠠᠯᠠᠲᠤ ᠪᠣᠷᠣ ᠲᠥᠯᠥᠪ ᠤᠨ ᠳᠣᠲᠣᠷᠠᠬᠢ ᠵᠣᠬᠢᠴᠠᠭᠤᠯᠭ᠎ᠠ ᠬᠠᠮᠵᠢᠯᠴᠠᠭ᠎ᠠ ᠪᠠᠨ ᠴᠢᠩᠭᠠᠳᠬᠠᠵᠤ ᠂ ᠬᠥᠭᠵᠢᠵᠦ | ᠪᠠᠶᠢᠭ᠎ᠠ ᠤᠯᠤᠰ ᠤᠳ ᠤᠨ ᠪᠦᠭᠦ ᠪᠥᠮᠪᠥᠷᠴᠡᠭ ᠤᠨ ᠵᠠᠰᠠᠯᠲᠠ ᠶᠢᠨ ᠰᠢᠰᠲ᠋ᠧᠮ ᠳᠠᠬᠢ ᠦᠭᠡ ᠬᠡᠯᠡᠬᠦ ᠡᠷᠬᠡ ᠶᠢ | ᠳᠡᠭᠡᠭᠰᠢᠯᠡᠭᠦᠯᠭᠦ ᠪᠠᠷ ᠰᠠᠨᠠᠯ ᠨᠢᠭᠡᠲᠡᠢ ᠵᠥᠪᠰᠢᠶᠡᠷᠡᠪᠡ ︔ | ᠡᠯ᠎ᠡ ᠲᠥᠷᠥᠯ ᠤᠨ ᠬᠠᠯᠠᠮᠰᠢᠯ ᠠᠰᠠᠭᠤᠳᠠᠯ ᠢ ᠤᠯᠤᠰ ᠲᠥᠷᠥ ᠪᠠᠷ ᠰᠢᠢᠳᠪᠦᠷᠢᠯᠡᠬᠦ ᠶᠢ ᠠᠬᠢᠭᠤᠯᠬᠤ ᠶᠢ ᠰᠠᠨᠠᠯ | ᠨᠢᠭᠡᠲᠡᠢ ᠵᠥᠪᠰᠢᠶᠡᠷᠡᠪᠡ ︔ | ᠁ | ᠳᠤᠮᠳᠠᠳᠤ ᠤᠷᠤᠰ ᠬᠤᠶᠠᠷ ᠤᠯᠤᠰ ᠤᠨ ᠥᠷᠭᠡᠨ ᠳᠡᠯᠭᠡᠷ ᠬᠠᠮᠲᠤ ᠶᠢᠨ ᠲᠠᠨᠢᠯᠲᠠ ᠪᠣᠯ ᠣᠷᠤᠭ᠎ᠠ ᠪᠤᠰᠬᠠᠭ᠎ᠠ ᠪᠠᠶᠢᠳᠠᠯ | ᠳᠣᠣᠷᠠᠬᠢ ᠪᠠᠶᠢᠯᠳᠤᠬᠤ ᠪᠣᠳᠣᠯᠭ᠎ᠠ ᠶᠢᠨ ᠪᠠᠷᠢᠮᠵᠢᠶ᠎ᠠ ᠮᠥᠨ ᠂ ᠨᠡᠩ ᠴᠤ ᠬᠤᠶᠠᠷ ᠲᠣᠮᠣ ᠤᠯᠤᠰ ᠤᠨ ᠳᠡᠯᠡᠬᠡᠢ ᠳ᠋ᠠᠬᠢᠨ ᠳᠠᠬᠢ | ︽ ᠣᠨᠴᠠᠭᠠᠢ ᠬᠠᠷᠢᠭᠤᠴᠠᠯᠭ᠎ᠠ ︾ ᠂ ︽ ᠣᠮᠤᠭ ᠲᠡᠭᠦᠯᠳᠡᠷ ᠡᠭᠦᠷᠭᠡᠯᠡᠯ ︾ ᠮᠥᠨ ᠃ | ︽ ᠲᠣᠮᠣ ᠤᠯᠤᠰ ᠨᠢ ᠲᠣᠮᠣ ᠤᠯᠤᠰ ᠤᠨ ᠳᠦᠷᠢ ᠲᠠᠢ ᠪᠠᠶᠢᠵᠤ ᠂ ᠨᠡᠩ ᠤᠯᠠᠨ ᠬᠠᠷᠢᠭᠤᠴᠠᠯᠭ᠎ᠠ ᠡᠭᠦᠷᠭᠡᠯᠡᠯ ᠢ | ᠢᠯᠡᠷᠡᠭᠦᠯᠬᠦ ᠬᠡᠷᠡᠭᠲᠡᠢ ︾ ᠃ ᠲᠡᠷᠢᠭᠦᠯᠡᠭᠴᠢ ᠰᠢ ᠶᠢᠨ ᠫᠢᠩ ᠤᠨ ᠮᠣᠰᠺᠸᠠ ᠳᠠᠬᠢ ᠴᠠᠭ ᠲᠤ ᠂ ᠳᠤᠮᠳᠠᠳᠤ ᠤᠯᠤᠰ ᠤᠨ ᠲᠣᠮᠣ | ᠤᠯᠤᠰ ᠤᠨ ᠳᠦᠷᠢ ᠪᠣᠯ ᠨᠢᠭᠡᠨ ᠭᠤᠣᠯ ᠱᠤᠭᠤᠮ ᠪᠣᠯᠣᠨ᠎ᠠ ᠃ | ᠥᠷᠭᠡᠨ ᠠᠭᠤᠳᠠᠮ ᠳᠤᠮᠳᠠᠳᠤ ᠶᠢᠨ ᠲᠡᠦᠬᠡ ᠶᠠᠭᠠᠬᠢᠭᠰᠠᠨ ᠥᠨᠢ ᠤᠳᠠᠭᠠᠨ ᠪᠤᠢ ᠂ ᠪᠣᠯᠪᠠᠰᠤᠨ ᠨᠢ ᠶᠠᠭᠠᠬᠢᠭᠰᠠᠨ | ᠥᠷᠭᠡᠨ ᠳᠡᠯᠭᠡᠷ ᠭᠦᠨ ᠭᠦᠨᠵᠡᠭᠡᠢ ᠪᠢᠯᠡ ᠃ ᠲᠡᠦᠬᠡ ᠶᠢᠨ ᠮᠤᠷᠤᠢ ᠰᠠᠷᠤᠢ ᠬᠥᠭᠵᠢᠯᠲᠡ ᠶᠢᠨ ᠳᠤᠮᠳᠠ ᠂ ᠪᠠᠰᠠ | ᠦᠨᠳᠦᠰᠦᠲᠡᠨ ᠤ ᠭᠤᠲᠤᠮᠰᠢᠭ ᠂ ᠠᠷᠠᠳ ᠲᠦᠮᠡᠨ ᠤ ᠭᠠᠰᠠᠯᠠᠩ ᠵᠣᠪᠠᠯᠠᠩ ᠂ ᠪᠣᠯᠪᠠᠰᠤᠨ ᠤ ᠲᠣᠭᠤᠰᠣᠨ ᠳᠤ ᠳᠠᠷᠤᠭᠳᠠᠭᠰᠠᠨ | ᠪᠤᠳᠤᠩᠭᠤᠢ ᠴᠠᠭ ᠮᠥᠴᠡ ᠪᠠᠶᠢᠭᠰᠠᠨ ᠶᠤᠮ ᠃ ᠭᠡᠲᠡᠯ᠎ᠡ ᠵᠠᠭᠤᠨ ᠵᠢᠯ ᠥᠩᠭᠡᠷᠡᠵᠦ ᠤᠯᠠᠷᠢᠨ ᠬᠤᠪᠢᠰᠪᠠ ᠃ ᠬᠥᠮᠥᠨ | ᠲᠥᠷᠥᠯᠬᠢᠲᠡᠨ ᠤ ᠲᠠᠪᠰᠢᠯᠳᠠ ᠶᠢᠨ ᠲᠥᠯᠥᠭᠡ ᠂ ᠳᠡᠯᠡᠬᠡᠢ ᠳ᠋ᠠᠬᠢᠨ ᠤ ᠡᠪ ᠨᠢᠭᠡᠳᠦᠯ ᠤᠨ ᠲᠥᠯᠥᠭᠡ ᠲᠡᠮᠡᠴᠡᠬᠦ ᠨᠢ ᠡᠨᠡ ᠬᠦ | ᠠᠭᠤᠤ ᠶᠡᠭᠡ ᠤᠯᠤᠰ ᠤᠨ ᠰᠢᠨ᠎ᠡ ᠴᠠᠭ ᠦᠶ᠎ᠡ ᠶᠢᠨ ᠬᠢᠴᠢᠶᠡᠩᠭᠦᠶᠢᠯᠡᠨ ᠰᠠᠬᠢᠬᠤ ᠵᠣᠷᠢᠯᠲᠠ ᠂ ᠪᠠᠲᠤᠲᠠᠢ ᠠᠵᠢᠯᠯᠠᠭ᠎ᠠ | ᠪᠣᠯᠤᠭᠰᠠᠨ ᠪᠠᠶᠢᠨ᠎ᠠ ᠃ | 5 ᠰᠠᠷ᠎ᠠ ᠶᠢᠨ 9 ᠤ ᠡᠳᠦᠷ ᠠᠴᠠ 9 ᠰᠠᠷ᠎ᠠ ᠶᠢᠨ 3 ᠤ ᠡᠳᠦᠷ ᠢ ᠪᠠᠷᠠᠯᠠᠪᠠᠯ ᠂ ᠲᠡᠷᠡ ᠡᠳᠦᠷ᠂ ᠨᠢᠭᠡᠨ ᠡᠷᠲᠡᠨ ᠤ | ᠦᠨᠳᠦᠰᠦᠲᠡᠨ ᠤ ᠭᠠᠰᠠᠯᠠᠩ ᠵᠣᠪᠠᠯᠠᠩ ᠪᠣᠯᠣᠨ ᠭᠡᠷᠡᠯ ᠰᠠᠴᠤᠷᠠᠩᠭᠤᠢ ᠠᠮᠵᠢᠯᠲᠠ ᠶᠢ ᠠᠭᠰᠢᠭᠠᠵᠤ ᠂ ︽ ᠳᠤᠮᠳᠠᠳᠤ | ᠤᠯᠤᠰ ᠤᠨ ᠠᠷᠠᠳ ᠲᠦᠮᠡᠨ ᠤ ᠶᠠᠫᠤᠨ ᠢ ᠡᠰᠡᠷᠭᠦᠴᠡᠭᠰᠡᠨ ᠳᠠᠶᠢᠨ ᠤ ᠠᠭᠤᠤ ᠶᠡᠭᠡ ᠢᠯᠠᠯᠲᠠ ᠨᠢ ᠳᠤᠮᠳᠠᠳᠤ ᠤᠯᠤᠰ ᠤᠨ | ᠳᠡᠯᠡᠬᠡᠢ ᠳᠡᠭᠡᠷᠡᠬᠢ ᠲᠣᠮᠣ ᠤᠯᠤᠰ ᠤᠨ ᠪᠠᠶᠢᠷᠢ ᠰᠠᠭᠤᠷᠢ ᠶᠢ ᠳᠠᠭᠢᠨ ᠰᠢᠨ᠎ᠡ ᠪᠠᠷ ᠲᠣᠭᠲᠠᠭᠠᠭᠰᠠᠨ ᠪᠠᠶᠢᠨ᠎ᠠ ︾ ᠃ | 80 ᠵᠢᠯ ᠤᠨ ᠡᠮᠦᠨ᠎ᠡ ᠂ ᠲᠡᠦᠬᠡ ᠶᠢᠨ ᠰᠢᠨ᠎ᠡ ᠬᠠᠭᠤᠳᠠᠰᠤ ᠶᠢ ᠰᠡᠬᠦᠪᠡ ᠃ ᠶᠡᠭᠡ ᠤᠯᠤᠰ ᠤᠨ ᠳᠠᠭᠢᠨ ᠡᠰᠡᠨᠢᠯ ᠳᠤ | ᠡᠬᠢᠯᠡᠩᠭᠦᠲᠡ ᠪᠠᠨ ᠡᠩᠬᠡ ᠲᠠᠶᠢᠪᠤᠩ ᠪᠠ ᠰᠢᠳᠤᠷᠭᠤ ᠶᠣᠰᠣ ᠶᠢ ᠰᠡᠶᠢᠯᠪᠡ ᠃ ᠲᠤᠬᠠᠢ ᠶᠢᠨ ᠵᠢᠯ ᠳᠤ ᠡᠩ ᠲᠡᠷᠢᠭᠦᠨ ᠳᠤ ︽ | ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠦᠨᠳᠦᠰᠦᠨ ᠳᠦᠷᠢᠮ ︾ ᠳᠡᠭᠡᠷ᠎ᠡ ᠭᠠᠷ ᠤᠨ ᠦᠰᠦᠭ ᠵᠢᠷᠤᠭᠰᠠᠨ ᠠᠴᠠ | ᠰᠢᠨ᠎ᠡ ᠴᠠᠭ ᠦᠶ᠎ᠡ ᠳᠤ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠭᠦᠷᠲᠡᠯ᠎ᠡ ᠂ | ᠡᠨᠡ ᠬᠦ ᠶᠡᠭᠡ ᠠᠯᠬᠤᠮ ᠢᠶᠠᠷ ᠡᠷᠡᠮᠡᠬᠡᠶᠢᠯᠡᠨ ᠤᠷᠤᠭᠰᠢᠯᠠᠵᠤ ᠪᠠᠶᠢᠭ᠎ᠠ ᠲᠣᠮᠣ ᠤᠯᠤᠰ ᠢᠮᠠᠭᠲᠠ ᠬᠡᠬᠦᠳᠡᠭ ᠴᠡᠭᠡᠵᠢᠨ ᠳᠡᠭᠡᠨ | ᠳᠡᠯᠡᠬᠡᠢ ᠳ᠋ᠠᠬᠢᠨ ᠢ ᠪᠠᠭᠲᠠᠭᠠᠵᠤ ᠂ ᠠᠷᠠᠳ ᠲᠦᠮᠡᠨ ᠤ ᠲᠥᠯᠥᠭᠡ ᠬᠤᠪᠢ ᠨᠡᠮᠡᠷᠢ ᠦᠵᠡᠭᠦᠯᠪᠡ ᠃ | ᠡᠷᠲᠡᠨ ᠤ ᠬᠢ ᠶᠢ ᠲᠣᠯᠢᠯᠠᠵᠤ ᠡᠳᠦᠭᠡ ᠶᠢ ᠮᠡᠳᠡᠨ᠎ᠠ ᠃ ᠲᠣᠮᠣ ᠤᠯᠤᠰ ᠤᠨ ᠳᠦᠷᠢ ᠨᠢ ᠨᠢᠭᠡᠨ ᠴᠠᠭ ᠤᠨ ᠤᠴᠢᠷ | ᠶᠠᠪᠤᠳᠠᠯ ᠢᠶᠠᠷ ᠲᠣᠭᠲᠠᠭᠠᠭᠳᠠᠳᠠᠭ ᠪᠢᠰᠢ ᠂ ᠬᠠᠷᠢᠨ ᠤᠳᠠᠭ᠎ᠠ ᠪᠦᠷᠢ ᠶᠢᠨ ᠰᠣᠩᠭᠤᠯᠲᠠ ᠪᠣᠯᠣᠨ ᠠᠵᠢᠯᠯᠠᠭ᠎ᠠ ᠶᠢᠨ ᠳᠤᠮᠳᠠ | ᠲᠣᠳᠣᠷᠬᠠᠶᠢᠯᠠᠭᠳᠠᠳᠠᠭ ᠃ ᠲᠣᠮᠣ ᠤᠯᠤᠰ ᠤᠨ ᠪᠠᠶᠢᠷᠢ ᠰᠠᠭᠤᠷᠢ ᠨᠢ ᠳᠠᠩ ᠭᠠᠭᠴᠠ ᠪᠣᠳᠠᠲᠤ ᠬᠦᠴᠦᠨ ᠤ ᠬᠠᠷᠢᠴᠠᠯ ᠳᠤ | ᠲᠣᠮᠢᠶᠠᠯᠠᠭᠳᠠᠬᠤ ᠪᠢᠰᠢ ᠂ ᠬᠠᠷᠢᠨ ᠡᠴᠦᠰ ᠰᠡᠭᠦᠯ ᠳᠡᠭᠡᠨ ᠳᠡᠯᠡᠬᠡᠢ ᠨᠡᠶᠢᠲᠡ ᠶᠢᠨ ᠬᠥᠮᠥᠰ ᠤᠨ ᠰᠡᠳᠬᠢᠯ ᠤᠨ | ᠬᠠᠨᠳᠤᠰᠢ ᠠᠴᠠ ᠲᠣᠭᠲᠠᠭᠠᠭᠳᠠᠬᠤ ᠶᠤᠮ ᠃ | ᠬᠠᠨᠠᠭᠠᠷ ᠲᠠᠯᠠᠢ ᠬᠠᠯᠭᠢᠯᠠᠨ ᠴᠠᠯᠭᠢᠯᠠᠵᠤ ᠪᠠᠭᠠᠲᠤᠷ ᠤᠨ ᠣᠣᠷ ᠴᠢᠨᠠᠷ ᠢ ᠨᠡᠩ ᠢᠯᠡᠷᠡᠭᠦᠯᠦᠨ᠎ᠡ ᠃ ᠲᠡᠦᠬᠡ ᠶᠢᠨ | ᠬᠥᠭᠵᠢᠯᠲᠡ ᠶᠢᠨ ᠵᠠᠩᠭᠢᠯᠠᠭ᠎ᠠ ᠶᠢᠨ ᠦᠶ᠎ᠡ ᠳᠤ ᠂ ᠨᠡᠩ ᠤᠯᠠᠨ ᠤᠯᠤᠰ ᠳᠤᠮᠳᠠᠳᠤ ᠤᠯᠤᠰ ᠢ ᠬᠠᠷᠠᠬᠤ ᠪᠣᠯᠣᠨ᠎ᠠ ᠃ ᠶᠠᠭ | ᠰᠧᠷᠪᠢᠶ᠎ᠠ ᠶᠢᠨ ᠶᠡᠷᠦᠩᠬᠡᠶᠢᠯᠡᠭᠴᠢ ᠥᠴᠢᠴᠢ ᠶᠢᠨ ᠬᠡᠯᠡᠭᠰᠡᠨᠴᠢᠯᠡᠨ ᠄ ︽ ᠳᠤᠮᠳᠠᠳᠤ ᠶᠢᠨ ᠲᠠᠯ᠎ᠠ ᠶᠢᠨ ᠣᠶᠢᠯᠠᠭᠠᠭᠳᠠᠬᠤᠨ ᠪᠠ | ᠠᠵᠢᠯᠯᠠᠭ᠎ᠠ ᠨᠢ ᠳᠡᠯᠡᠬᠡᠢ ᠨᠡᠶᠢᠭᠡᠮ ᠤᠨ ᠬᠠᠮᠲᠤ ᠶᠢᠨ ᠠᠰᠢᠭ ᠲᠤᠰᠠ ᠪᠠᠨ ᠬᠠᠮᠠᠭᠠᠯᠠᠬᠤ ᠰᠥᠰᠥ ᠵᠣᠷᠢᠭ ᠪᠠ ᠢᠲᠡᠭᠡᠯ ᠢ | ᠨᠡᠮᠡᠭᠳᠡᠭᠦᠯᠪᠡ ︾ ᠃ | ︽ ᠳᠤᠮᠳᠠᠳᠤ ᠤᠯᠤᠰ ᠲᠤ ᠂ ᠢᠷᠡᠭᠡᠳᠦᠢ ᠪᠠ ᠢᠲᠡᠭᠡᠯ ᠵᠣᠷᠢᠭ ᠢ ᠣᠯᠵᠤ ᠬᠠᠷᠠᠪᠠ ︾ ᠪᠣᠯ ᠳᠡᠯᠡᠬᠡᠢ ᠨᠡᠶᠢᠲᠡ ᠶᠢᠨ | ᠥᠷᠭᠡᠨ ᠳᠡᠯᠭᠡᠷ ᠬᠠᠮᠲᠤ ᠶᠢᠨ ᠲᠠᠨᠢᠯᠲᠠ ᠪᠣᠯᠣᠨ᠎ᠠ ᠂ ᠥᠨᠥᠳᠥᠷ ᠤᠨ ᠳᠤᠮᠳᠠᠳᠤ ᠤᠯᠤᠰ ᠤᠨ ᠳᠡᠯᠡᠬᠡᠢ ᠶᠢᠨ ᠰᠠᠭᠤᠭᠳᠠᠯ ᠢ | ᠪᠣᠯ ᠯᠠᠪᠳᠠᠭᠤᠨ ᠪᠠᠲᠤᠲᠠᠢ ᠲᠡᠮᠡᠴᠡᠯ ᠢᠶᠠᠷ ᠣᠯᠣᠭᠰᠠᠨ ᠶᠤᠮ ᠃ | ᠢᠲᠡᠭᠡᠯ ᠪᠣᠯ ᠳᠤᠮᠳᠠᠳᠤ ᠤᠯᠤᠰ ᠤᠨ ᠬᠥᠭᠵᠢᠯᠲᠡ ᠶᠢᠨ ᠬᠦᠴᠦᠨ ᠠᠴᠠ ᠢᠷᠡᠯᠲᠡ ᠲᠠᠢ ᠶᠤᠮ ᠃ | ᠠᠶᠢᠯᠴᠢᠯᠠᠯᠲᠠ ᠬᠢᠬᠦ ᠠᠴᠠ ᠡᠮᠦᠨᠡᠬᠡᠨ ᠂ ᠤᠷᠤᠰ ᠤᠨ ᠵᠠᠭᠤᠴᠢᠯᠠᠭᠤᠷ ᠤᠨ ᠬᠢᠨ ᠨᠢᠭᠡᠨ ᠪᠠᠷᠢᠮᠲᠠᠲᠤ ᠹᠢᠯᠢᠮ ᠢ | ᠨᠠᠪᠲᠠᠷᠡᠭᠦᠯᠵᠦ ᠂ ᠶᠡᠷᠦᠩᠬᠡᠶᠢᠯᠡᠭᠴᠢ ᠫᠦᠲ᠋ᠢᠨ ᠰᠣᠷᠪᠤᠯᠵᠢᠯᠠᠭ᠎ᠠ ᠬᠦᠯᠢᠶᠡᠬᠦ ᠳᠡᠭᠡᠨ ᠄ 25 ᠵᠢᠯ ᠤᠨ ᠡᠮᠦᠨ᠎ᠡ ᠂ ᠲᠡᠷᠡ ᠳᠠᠷᠤᠢ | ᠳᠡᠯᠡᠬᠡᠢ ᠶᠢᠨ ᠠᠵᠤ ᠠᠬᠤᠢ ᠶᠢᠨ ᠬᠥᠭᠵᠢᠯᠲᠡ ᠶᠢᠨ ᠭᠤᠣᠯᠳᠠᠯᠭ᠎ᠠ ᠶᠠᠭ ᠠᠽᠢᠶ᠎ᠠ ᠲᠢᠪ ᠨᠣᠮᠣᠬᠠᠨ ᠲᠠᠯᠠᠢ ᠶᠢᠨ ᠣᠷᠣᠨ | ᠲᠡᠶᠢᠰᠢ ᠰᠢᠯᠵᠢᠵᠦ ᠪᠠᠶᠢᠬᠤ ᠶᠢ ᠠᠩᠬᠠᠷᠴᠤ ᠤᠯᠪᠠ ︔ᠤᠷᠤᠰ ᠳᠤᠮᠳᠠᠳᠤ ᠤᠯᠤᠰ ᠯᠤᠭ᠎ᠠ ᠶᠢᠨ ᠬᠠᠷᠢᠯᠴᠠᠭ᠎ᠠ ᠪᠠᠨ | ᠢᠳᠡᠪᠬᠢᠲᠡᠢ ᠬᠥᠭᠵᠢᠭᠦᠯᠵᠦ ᠂ ᠳᠡᠯᠡᠬᠡᠢ ᠶᠢᠨ ᠲᠣᠭᠲᠠᠭᠤᠨ ᠳᠤ ᠪᠠᠲᠤ ᠪᠠᠬᠢ ᠰᠠᠭᠤᠷᠢ ᠲᠠᠯᠪᠢᠵᠤ ᠥᠭᠪᠡ ᠭᠡᠵᠦ ᠬᠡᠯᠡᠪᠡ ᠃ | ᠵᠢᠩᠬᠢᠨᠢ ᠲᠡᠦᠬᠡ ᠶᠢᠨ ᠤᠬᠠᠮᠰᠠᠷ ᠂ ᠲᠡᠦᠬᠡ ᠶᠢᠨ ᠰᠠᠨᠠᠭᠠᠴᠢᠯᠠᠭᠠᠲᠤ ᠴᠢᠨᠠᠷ ᠨᠢ ᠲᠦᠷ ᠴᠠᠭ ᠤᠨ ᠲᠦᠯᠬᠢᠭᠡᠨ ᠤ | ᠴᠢᠭᠯᠡᠯ ᠢ ᠤᠷᠢᠳᠴᠢᠯᠠᠨ ᠮᠠᠭᠠᠳᠯᠠᠬᠤ ᠳᠤ ᠪᠠᠶᠢᠬᠤ ᠪᠠᠷ ᠪᠠᠷᠠᠬᠤ ᠦᠭᠡᠢ ᠨᠡᠩ ᠴᠤ ᠲᠡᠦᠬᠡ ᠶᠢᠨ ᠶᠡᠭᠡ ᠬᠠᠨᠳᠤᠰᠢ ᠶᠢ | ᠰᠠᠨᠠᠭᠠᠴᠢᠯᠠᠭ᠎ᠠ ᠠᠴᠠ ᠪᠠᠨ ᠲᠠᠭᠠᠵᠤ ᠂ ᠲᠡᠦᠬᠡ ᠶᠢᠨ ᠠᠵᠠ ᠲᠣᠭᠢᠶᠠᠯ ᠢ ᠠᠮᠵᠢᠵᠤ ᠂ ᠲᠡᠦᠬᠡ ᠶᠢᠨ ᠬᠥᠭᠵᠢᠯᠲᠡ ᠶᠢ | ᠬᠥᠲᠥᠯᠥᠨ ᠳᠠᠭᠠᠭᠤᠯᠬᠤ ᠳᠤ ᠪᠠᠶᠢᠨ᠎ᠠ ᠃ ᠠᠶᠢᠯᠴᠢᠯᠠᠯᠲᠠ ᠳᠤᠮᠳᠠ ᠂ ᠲᠡᠷᠢᠭᠦᠯᠡᠭᠴᠢ ᠰᠢ ᠶᠢᠨ ᠫᠢᠩ ᠦᠭᠡ ᠦᠨᠡᠨᠴᠢ | ᠰᠡᠳᠬᠢᠯᠭᠡ ᠭᠦᠨ ᠢᠶᠠᠷ ᠄ ︽ ᠪᠢᠳᠡ ᠡᠯ᠎ᠡ ᠵᠦᠢᠯ ᠤᠨ ᠠᠶᠤᠯ ᠲᠦᠭᠰᠢᠭᠦᠷᠢ ᠥᠷᠢᠰᠦᠯᠳᠦᠭᠡᠨ ᠢ ᠢᠯᠠᠨ ᠳᠠᠪᠠᠭ᠋ᠤ ᠢᠲᠡᠭᠡᠯ | ᠵᠣᠷᠢᠭ ᠲᠠᠢ ᠶᠤᠮ ᠃ ᠭᠠᠳᠠᠭᠠᠳᠤ ᠣᠷᠴᠢᠨ ᠨᠥᠬᠦᠴᠡᠯ ᠶᠠᠭᠠᠬᠢᠵᠤ ᠬᠤᠪᠢᠷᠠᠭᠰᠠᠨ ᠴᠤ ᠂ ᠳᠤᠮᠳᠠᠳᠤ ᠤᠯᠤᠰ ᠴᠥᠮ | ᠥᠪᠡᠷ ᠤᠨ ᠶᠠᠪᠤᠳᠠᠯ ᠢᠶᠠᠨ ᠡᠷᠡᠰ ᠪᠠᠲᠤ ᠰᠠᠶᠢᠲᠤᠷ ᠬᠢᠨ᠎ᠡ ︾ ᠭᠡᠵᠦ ᠬᠡᠯᠡᠪᠡ ᠃ | ︽ ᠥᠪᠡᠷ ᠤᠨ ᠶᠠᠪᠤᠳᠠᠯ ᠢᠶᠠᠨ ᠡᠷᠡᠰ ᠪᠠᠲᠤ ᠰᠠᠶᠢᠲᠤᠷ ᠬᠢᠬᠦ ᠬᠡᠷᠡᠭᠲᠡᠢ ︾ ᠂ ᠡᠨᠡ ᠪᠣᠯ ᠥᠨᠥᠳᠥᠷ ᠤᠨ ᠪᠢᠳᠡᠨ ᠤ | ᠠᠯᠢᠪᠠ ᠬᠦᠴᠢᠷ ᠪᠡᠷᠬᠡᠰᠢᠶᠡᠯ ᠬᠠᠷᠰᠢ ᠰᠠᠭᠠᠳ ᠢ ᠠᠷᠭᠠᠴᠠᠭᠠᠬᠤ ᠢᠲᠡᠭᠡᠯ ᠵᠣᠷᠢᠭ ᠮᠥᠨ ᠂ ᠪᠢᠳᠡᠨ ᠤ ᠳᠡᠯᠡᠬᠡᠢ ᠨᠡᠶᠢᠭᠡᠮ ᠢ | ᠬᠥᠲᠥᠯᠥᠨ ᠳᠠᠭᠠᠭᠤᠯᠵᠤ ᠬᠠᠲᠠᠭᠤ ᠪᠡᠷᠬᠡᠰᠢᠶᠡᠯ ᠢ ᠬᠠᠮᠲᠤ ᠪᠠᠷ ᠲᠤᠭᠤᠯᠵᠤ ᠂ ᠪᠣᠭᠤᠮᠲᠠ ᠶᠢ ᠬᠠᠮᠲᠤ ᠪᠠᠷ ᠲᠤᠭᠤᠯᠬᠤ | ᠢᠲᠡᠭᠡᠯ ᠵᠣᠷᠢᠭ ᠤᠨ ᠡᠬᠢ ᠰᠤᠷᠪᠤᠯᠵᠢ ᠮᠥᠨ ᠃ | ᠠᠶᠢᠯᠴᠢᠯᠠᠯᠲᠠ ᠬᠢᠬᠦ ᠠᠴᠠ ᠡᠮᠦᠨᠡᠬᠡᠨ ᠂ ᠤᠯᠠᠨ ᠤᠯᠤᠰ ᠤᠨ ᠵᠠᠭᠤᠴᠢᠯᠠᠭᠤᠷ ᠤᠨ ᠬᠢᠨ ᠳᠤᠮᠳᠠᠳᠤ ᠤᠯᠤᠰ ᠤᠨ | ᠲᠤᠬᠠᠢ ᠬᠤᠶᠠᠷ ᠳᠠᠪᠬᠤᠷ ᠠᠵᠢᠭᠯᠠᠯᠲᠠ ᠶᠢ ᠬᠠᠮᠲᠤ ᠲᠠᠯᠪᠢᠵᠤ ᠦᠵᠡᠪᠡᠯ ᠳᠤᠮᠳᠠᠳᠤ ᠤᠯᠤᠰ ᠪᠣᠯᠣᠨ ᠳᠡᠯᠡᠬᠡᠢ ᠶᠢᠨ | ᠬᠠᠷᠢᠯᠴᠠᠭᠠᠨ ᠤ ᠲᠡᠦᠬᠡᠨ ᠬᠤᠪᠢᠷᠠᠯᠲᠠ ᠶᠢ ᠨᠡᠩ ᠲᠣᠳᠣᠷᠬᠠᠢ ᠣᠶᠢᠯᠠᠭᠠᠵᠤ ᠪᠣᠯᠣᠨ᠎ᠠ ᠃ | ᠨᠢᠭᠡᠳᠦᠭᠡᠷ ᠳᠠᠪᠬᠤᠷ ᠠᠵᠢᠭᠯᠠᠯᠲᠠ ᠳᠤ ᠳᠤᠮᠳᠠᠳᠤ ᠤᠯᠤᠰ ᠤᠨ ᠬᠥᠭᠵᠢᠯᠲᠡ ᠳᠤ ᠠᠩᠬᠠᠷᠤᠯ ᠢᠶᠠᠨ ᠲᠥᠪᠯᠡᠷᠡᠭᠦᠯᠵᠦ ᠂ | ᠳ᠋ᠦᠩᠨᠡᠯᠲᠡ ᠨᠢ ᠪᠣᠯ ︽ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠥᠭᠵᠢᠯᠲᠡ ᠤᠳᠠᠭᠠᠨ | ᠪᠠᠶᠢᠬᠤ ︾ ᠴᠠᠭ ᠦᠶ᠎ᠡ ᠨᠢᠭᠡᠨᠲᠡ ᠥᠩᠭᠡᠷᠡᠵᠦ ᠂ ᠴᠢᠨᠠᠷ ᠰᠠᠶᠢᠲᠠᠢ ᠬᠥᠭᠵᠢᠯᠲᠡ ᠪᠦᠬᠦᠢ ᠳᠤᠮᠳᠠᠳᠤ ᠤᠯᠤᠰ ᠡᠳᠦᠷ ᠢᠷᠡᠬᠦᠶ᠎ᠡ | ︽ ᠬᠥᠲᠥᠯᠥᠨ ᠳᠠᠭᠠᠭᠤᠯᠬᠤ ᠬᠦᠴᠦᠨ ︾ ᠪᠣᠯᠪᠠ ᠃ | ᠨᠦᠭᠦᠭᠡ ᠨᠢᠭᠡ ᠳᠠᠪᠬᠤᠷ ᠠᠵᠢᠭᠯᠠᠯᠲᠠ ᠳᠤ ᠳᠤᠮᠳᠠᠳᠤ ᠤᠯᠤᠰ ᠤᠨ ᠤᠯᠠᠨ ᠤᠯᠤᠰ ᠲᠠᠬᠢ ᠨᠥᠯᠥᠭᠡᠯᠡᠯ ᠳᠤ | ᠠᠩᠬᠠᠷᠤᠯ ᠢᠶᠠᠨ ᠲᠥᠪᠯᠡᠷᠡᠭᠦᠯᠵᠦ ᠂ ᠳ᠋ᠦᠩᠨᠡᠯᠲᠡ ᠨᠢ ᠪᠣᠯ ᠣᠳᠣᠬᠠᠨ ᠤ ᠳᠤᠮᠳᠠᠳᠤ ᠤᠯᠤᠰ ᠤᠨ ᠳᠡᠯᠡᠬᠡᠢ ᠳ᠋ᠠᠬᠢᠨ ᠳᠤ | ᠠᠪᠴᠢᠷᠠᠭᠰᠠᠨ ᠬᠤᠪᠢᠷᠠᠯᠲᠠ ᠨᠢ ᠵᠥᠪᠭᠡᠨ ︽ ᠬᠡᠷᠡᠭ ᠶᠠᠪᠤᠳᠠᠯ ᠤᠨ ᠲᠡᠦᠬᠡ ︾ ᠲᠡᠳᠦᠢ ᠪᠢᠰᠢ ᠂ ᠪᠠᠰᠠ ᠨᠡᠩ ᠭᠦᠨᠵᠡᠭᠡᠢ | ᠬᠤᠪᠢᠰᠤᠯᠲᠠ ᠶᠢᠨ ᠪᠡᠯᠭᠡ ᠲᠡᠮᠳᠡᠭ ᠪᠣᠯᠣᠨ᠎ᠠ ᠃ | ᠢᠲᠡᠭᠡᠯ ᠂ ᠳᠤᠮᠳᠠᠳᠤ ᠤᠯᠤᠰ ᠤᠨ ᠬᠠᠮᠲᠤᠷᠠᠯᠴᠠᠭᠠᠨ ᠤ ᠬᠦᠴᠦᠨ ᠠᠴᠠ ᠢᠷᠡᠯᠲᠡ ᠲᠠᠢ ᠶᠤᠮ ᠃ | 2013 ᠣᠨ ᠳᠤ ᠂ ᠤᠯᠤᠰ ᠤᠨ ᠲᠡᠷᠢᠭᠦᠯᠡᠭᠴᠢ ᠶᠢᠨ ᠲᠤᠰᠢᠶᠠᠯ ᠢ ᠡᠭᠦᠷᠭᠡᠯᠡᠭᠰᠡᠨ ᠤ ᠳᠠᠷᠠᠭᠠᠬᠢ ᠠᠩᠬᠠᠳᠠᠭᠴᠢ | ᠠᠶᠢᠯᠴᠢᠯᠠᠯᠲᠠ ᠳᠤ ᠂ ᠲᠡᠷᠢᠭᠦᠯᠡᠭᠴᠢ ᠰᠢ ᠶᠢᠨ ᠫᠢᠩ ᠤᠷᠤᠰ ᠲᠤ ᠢᠷᠡᠪᠡ ᠃ ︽ ᠪᠡᠶ᠎ᠡ ᠮᠠᠬᠠᠪᠤᠳ ᠨᠢ ᠨᠢᠭᠡᠨᠲᠡ 21 ᠳ᠋ᠦ᠋ᠭᠡᠷ | ᠵᠠᠭᠤᠨ ᠳᠤ ᠣᠷᠣᠭᠰᠠᠨ ᠪᠠᠶᠢᠬᠤ ᠳᠤ ᠲᠠᠷᠢᠬᠢ ᠲᠣᠯᠣᠭᠠᠢ ᠨᠢ ᠪᠠᠰᠠ ᠥᠩᠭᠡᠷᠡᠭᠰᠡᠨ ᠳᠡᠭᠡᠨ ᠵᠣᠭᠰᠣᠩᠭᠢᠷᠠᠵᠤ ᠪᠤᠯᠬᠤ ᠦᠭᠡᠢ ︾ | ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠣᠶᠢᠯᠠᠭᠠᠭᠳᠠᠬᠤᠨ ᠠᠶᠠᠨᠳᠠᠭᠠᠨ | ᠪᠤᠢ ᠪᠣᠯᠪᠠ ᠃ | ᠴᠠᠭ ᠬᠤᠭᠤᠴᠠᠭᠠᠨ ᠤ ᠦᠷᠭᠦᠯᠵᠢᠯᠡᠬᠦ ᠶᠢ ᠳᠠᠭᠠᠯᠳᠤᠨ ᠂ ᠡᠨᠡ ᠬᠦ ᠣᠶᠢᠯᠠᠭᠠᠭᠳᠠᠬᠤᠨ ᠢ ᠦᠢᠯᠡᠳᠦᠯᠭᠡᠵᠢᠭᠦᠯᠬᠦ | ᠬᠠᠮᠲᠤᠷᠠᠯᠴᠠᠭᠠᠨ ᠤ ᠪᠣᠷᠣ ᠲᠥᠯᠥᠪ ᠡᠳᠦᠷ ᠢᠷᠡᠬᠦᠶ᠎ᠡ ᠲᠡᠭᠦᠯᠳᠡᠷᠵᠢᠪᠡ ᠃ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ | ᠬᠠᠮᠲᠤ ᠶᠢᠨ ᠴᠣᠭᠴᠠ ᠶᠢ ᠪᠠᠶᠢᠭᠤᠯᠬᠤ ᠣᠶᠢᠯᠠᠭᠠᠭᠳᠠᠬᠤᠨ ᠢ ᠴᠤ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ | ᠰᠢᠢᠳᠪᠦᠷᠢ ᠳᠤ ᠪᠢᠴᠢᠵᠦ ᠣᠷᠣᠭᠤᠯᠤᠨ ᠂ ᠰᠠᠶᠢᠨ ᠰᠠᠶᠢᠬᠠᠨ ᠳᠡᠯᠡᠬᠡᠢ ᠶᠢᠷᠲᠢᠨᠴᠦ ᠶᠢ ᠪᠠᠶᠢᠭᠤᠯᠬᠤ ᠳᠤ ᠨᠡᠩ ᠤᠯᠠᠨ | ᠬᠠᠮᠲᠤ ᠶᠢᠨ ᠲᠠᠨᠢᠯᠲᠠ ᠪᠠ ᠬᠦᠴᠦᠨ ᠴᠢᠳᠠᠯ ᠢ ᠨᠢᠭᠲᠠᠷᠠᠭᠤᠯᠪᠠ ᠃ | ᠥᠨᠥᠳᠥᠷ ᠂ ᠳᠠᠬᠢᠨᠲᠠ ᠮᠣᠰᠺᠸᠠ ᠳᠤ ᠬᠦᠷᠬᠦ ᠳᠤ ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ | ᠴᠣᠭᠴᠠ ᠶᠢᠨ ᠦᠵᠡᠯ ᠰᠠᠨᠠᠭᠠᠨ ᠤ ᠭᠡᠷᠡᠯ ᠭᠢᠯᠪᠠᠭ᠎ᠠ ᠂ ᠳᠡᠯᠡᠬᠡᠢ ᠳ᠋ᠠᠬᠢᠨ ᠳᠠᠬᠢ ᠤᠷᠢᠶᠠᠯᠠᠬᠤ ᠬᠦᠴᠦᠨ ᠨᠥᠯᠥᠭᠡᠯᠡᠬᠦ ᠬᠦᠴᠦᠨ | ᠨᠢ ᠨᠢᠭᠡᠨᠲᠡ ᠬᠥᠮᠥᠰ ᠢ ᠭᠠᠶᠢᠬᠠᠰᠢ ᠠᠯᠳᠠᠭᠤᠯᠪᠠ ᠃ 2021 ᠣᠨ ᠤ ᠨᠠᠮᠤᠷ ᠂ 2022 ᠣᠨ ᠤ ᠬᠠᠪᠤᠷ ᠂ 2023 | ᠣᠨ ᠤ ᠬᠠᠪᠤᠷ ᠂ ᠲᠡᠷᠢᠭᠦᠯᠡᠭᠴᠢ ᠰᠢ ᠶᠢᠨ ᠫᠢᠩ ᠤᠷᠢᠳ ᠬᠤᠵᠢᠳ ᠭᠤᠷᠪᠠᠨ ᠶᠡᠭᠡ ᠪᠦᠭᠦ ᠪᠥᠮᠪᠥᠷᠴᠡᠭ ᠤᠨ | ᠰᠠᠨᠠᠭᠠᠴᠢᠯᠠᠭ᠎ᠠ ᠶᠢ ᠳᠤᠷᠠᠳᠴᠠᠢ ᠄ ᠪᠦᠭᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ ᠂ ᠪᠦᠭᠦ ᠪᠥᠮᠪᠥᠷᠴᠡᠭ ᠤᠨ | ᠠᠮᠤᠷ ᠲᠦᠪᠰᠢᠨ ᠤ ᠰᠠᠨᠠᠭᠠᠴᠢᠯᠠᠭ᠎ᠠ ᠂ ᠪᠦᠭᠦ ᠪᠥᠮᠪᠥᠷᠴᠡᠭ ᠤᠨ ᠪᠣᠯᠪᠠᠰᠤᠨ ᠤ ᠰᠠᠨᠠᠭᠠᠴᠢᠯᠠᠭ᠎ᠠ ᠨᠢ ᠬᠥᠮᠥᠨ ᠲᠥᠷᠥᠯᠬᠢᠲᠡᠨ ᠤ | ᠬᠤᠪᠢ ᠵᠠᠶᠠᠭᠠᠨ ᠤ ᠬᠠᠮᠲᠤ ᠶᠢᠨ ᠴᠣᠭᠴᠠ ᠶᠢᠨ ᠣᠶᠢᠯᠠᠭᠠᠭᠳᠠᠬᠤᠨ ᠢ ᠤᠯᠠᠮ ᠨᠢᠭᠡ ᠠᠯᠬᠤᠮ ᠪᠠᠶᠠᠯᠢᠭᠵᠢᠭᠤᠯᠤᠨ | ᠥᠷᠭᠡᠳᠬᠡᠭᠰᠡᠨ ᠪᠥᠭᠡᠳ ᠬᠥᠮᠥᠨ ᠲᠥᠷᠥᠯᠬᠢᠲᠡᠨ ᠤ ᠪᠣᠯᠪᠠᠰᠤᠨ ᠤ ᠠᠶᠠᠨ ᠵᠠᠮ ᠢ ᠭᠡᠷᠡᠯᠲᠦᠭᠦᠯᠦᠭᠰᠡᠨ ᠪᠠᠶᠢᠨ᠎ᠠ ᠃ | ︽ ︿ ᠪᠦᠭᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ ᠶᠢᠨ ᠨᠠᠶᠢᠵᠠ ᠶᠢᠨ ᠳᠤᠭᠤᠶᠢᠯᠠᠩ ﹀ ᠤᠨ ᠠᠵᠢᠯ ᠳᠤ | ᠦᠷᠭᠦᠯᠵᠢᠯᠡᠨ ᠣᠷᠣᠯᠴᠠᠨ᠎ᠠ ︾ ᠂ ︽ᠬᠤᠶᠠᠷ ᠲᠠᠯ᠎ᠠ ᠪᠠᠷ ᠢᠶᠠᠨ ᠪᠦᠭᠦ ᠪᠥᠮᠪᠥᠷᠴᠡᠭ ᠤᠨ ᠠᠮᠤᠷ ᠲᠦᠪᠰᠢᠨ ᠤ | ᠰᠠᠨᠠᠭᠠᠴᠢᠯᠠᠭ᠎ᠠ ᠶᠢᠨ ᠲᠤᠬᠠᠢ ᠬᠠᠮᠲᠤᠷᠠᠯᠴᠠᠭ᠎ᠠ ᠥᠷᠨᠢᠭᠦᠯᠦᠨ᠎ᠡ ︾ ᠂ ︽ ᠤᠷᠤᠰ ᠤᠨ ᠬᠢᠨ ᠪᠦᠭᠦ ᠪᠥᠮᠪᠥᠷᠴᠡᠭ ᠤᠨ | ᠪᠣᠯᠪᠠᠰᠤᠨ ᠤ ᠰᠠᠨᠠᠭᠠᠴᠢᠯᠠᠭ᠎ᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ ᠪᠠᠶᠢᠨ᠎ᠠ ︾ ᠁ ᠳᠤᠮᠳᠠᠳᠤ ᠤᠯᠤᠰ ᠣᠷᠤᠭ᠎ᠠ | ᠪᠤᠰᠬᠠᠭ᠎ᠠ ᠴᠠᠭ ᠦᠶ᠎ᠡ ᠳᠤ ᠡᠷᠡᠰ ᠭᠤᠶᠢᠪᠢᠰᠢ ᠦᠭᠡᠢ ᠪᠠᠷ ︽ ᠲᠡᠦᠬᠡ ᠶᠢᠨ ᠵᠥᠪ ᠲᠠᠯ᠎ᠠ ᠳᠤ ᠵᠣᠭᠰᠣᠨ᠎ᠠ ︾ ᠃ | ᠮᠣᠰᠺᠸᠠ ᠳᠤ ᠬᠦᠷᠬᠦ ᠠᠴᠠ ᠡᠮᠦᠨᠡᠬᠡᠨ ᠂ ᠲᠡᠷᠢᠭᠦᠯᠡᠭᠴᠢ ᠰᠢ ᠶᠢᠨ ᠫᠢᠩ ᠡᠸᠦ᠋ᠷᠦᠫᠡ ᠲᠢᠪ ᠤᠨ ᠤᠳᠤᠷᠢᠳᠬᠤ | ᠬᠥᠮᠥᠰ ᠲᠠᠢ ᠬᠠᠷᠢᠯᠴᠠᠨ ᠪᠠᠶᠠᠷ ᠤᠨ ᠴᠠᠭᠢᠯᠭᠠᠨ ᠴᠢᠮᠡᠭᠡ ᠶᠠᠪᠤᠭᠤᠯᠵᠤ ᠂ ᠳᠤᠮᠳᠠᠳᠤ ᠡᠸᠦ᠋ᠷᠦᠫᠡ ᠶᠢᠨ ᠬᠠᠷᠢᠯᠴᠠᠭ᠎ᠠ | ᠪᠠᠶᠢᠭᠤᠯᠤᠭᠰᠠᠨ 50 ᠵᠢᠯ ᠤᠨ ᠤᠢ ᠶᠢ ᠪᠡᠯᠭᠡᠯᠡᠵᠦ ᠂ ᠴᠠᠭ ᠦᠶ᠎ᠡ ᠶᠢᠨ ᠥᠷᠢᠰᠦᠯᠳᠦᠭᠡᠨ ᠢ ᠬᠠᠮᠲᠤᠷᠠᠯᠴᠠᠨ | ᠠᠷᠭᠠᠴᠠᠭᠠᠬᠤ ᠪᠠᠷ ᠬᠤᠶᠠᠷ ᠲᠠᠯ᠎ᠠ ᠶᠢᠨ ᠲᠣᠳᠣᠷᠬᠠᠢ ᠬᠠᠮᠲᠤ ᠶᠢᠨ ᠲᠠᠨᠢᠯᠲᠠ ᠲᠠᠢ ᠪᠤᠯᠪᠠ ︔ | ᠲᠡᠭᠦᠨ ᠠᠴᠠ ᠡᠮᠦᠨᠡᠬᠡᠨ ᠂ ᠵᠡᠭᠦᠨ ᠡᠮᠦᠨᠡᠲᠦ ᠠᠽᠢᠶ᠎ᠠ ᠳᠠᠬᠢ ᠠᠶᠠᠯᠠᠯ ᠨᠢ ᠡᠷᠭᠢᠨ ᠲᠣᠭᠤᠷᠢᠨ ᠤ ᠬᠤᠪᠢ ᠵᠠᠶᠠᠭᠠᠨ ᠤ | ᠬᠠᠮᠲᠤ ᠶᠢᠨ ᠴᠣᠭᠴᠠ ᠶᠢ ᠪᠠᠶᠢᠭᠤᠯᠬᠤ ᠯᠠᠪᠳᠠᠭᠤᠨ ᠪᠠᠲᠤᠲᠠᠢ ᠨᠢᠭᠡ ᠠᠯᠬᠤᠮ ᠢ ᠠᠯᠬᠤᠪᠠ ︔ | ᠳᠠᠷᠠᠭᠠᠴᠢ ᠶᠢᠨ ᠴᠠᠭ ᠢ ᠪᠠᠷᠠᠯᠠᠬᠤᠶ᠎ᠠ ᠂ ᠲᠡᠷᠢᠭᠦᠯᠡᠭᠴᠢ ᠰᠢ ᠶᠢᠨ ᠫᠢᠩ ᠳᠤᠮᠳᠠᠳᠤ ᠤᠯᠤᠰ — ᠯᠠᠲ᠋ᠢᠨ ᠠᠮᠧᠷᠢᠺᠠ | ᠪᠠ ᠺᠠᠷᠢᠪᠧ ᠶᠢᠨ ᠤᠯᠤᠰ ᠤᠳ ᠤᠨ ᠬᠠᠮᠲᠤ ᠶᠢᠨ ᠴᠣᠭᠴᠠ ᠶᠢᠨ ᠶᠠᠷᠢᠶᠠᠨ ᠤ ᠲᠠᠪᠴᠠᠩ ᠤᠨ ᠳᠥᠷᠪᠡᠳᠦᠭᠡᠷ ᠬᠤᠭᠤᠴᠠᠭᠠᠨ ᠤ | ᠰᠠᠶᠢᠳ ᠤᠨ ᠳᠡᠰ ᠤᠨ ᠬᠤᠷᠠᠯ ᠤᠨ ᠡᠭᠢᠯᠡᠯᠲᠡ ᠶᠢᠨ ᠶᠣᠰᠣᠯᠠᠯ ᠳᠤ ᠣᠷᠤᠯᠴᠠᠬᠤ ᠪᠥᠭᠡᠳ ᠴᠢᠬᠤᠯᠠ ᠶᠠᠷᠢᠶ᠎ᠠ ᠲᠠᠯᠪᠢᠬᠤ | ᠴᠢᠮᠡᠭᠡ ᠤᠯᠤᠰ ᠤᠨ ᠳᠣᠲᠣᠭᠠᠳᠤ ᠭᠠᠳᠠᠭᠠᠳᠤ ᠳᠤ ᠤᠯᠠᠮᠵᠢᠯᠠᠭᠳᠠᠪᠠ ᠃ | ᠴᠠᠭ ᠦᠶ᠎ᠡ ᠶᠢᠨ ᠰᠠᠯᠬᠢᠨ ᠳᠠᠪᠠᠯᠭᠠᠨ ᠳᠣᠯᠭᠢᠶᠠᠯᠠᠨ ᠳᠠᠪᠠᠯᠭᠠᠯᠠᠬᠤᠶᠠ ᠂ ᠢᠮᠠᠭᠲᠠ ᠲᠥᠪ ᠭᠤᠣᠯᠴᠢ ᠶᠢ ᠡᠷᠢᠯᠬᠢᠯᠡᠵᠦ ᠂ | ᠬᠠᠮᠲᠤᠷᠠᠯᠴᠠᠭ᠎ᠠ ᠬᠢᠬᠦ ᠶᠢ ᠡᠷᠬᠢᠮᠯᠡᠵᠦ ᠂ ᠬᠠᠮᠲᠤ ᠪᠠᠷ ᠠᠰᠢᠭ ᠭᠦᠷᠳᠡᠭᠦ ᠪᠠᠷ ᠴᠢᠷᠮᠠᠶᠢᠵᠤ ᠪᠠᠶᠢᠭ᠎ᠠ ᠳᠤᠮᠳᠠᠳᠤ ᠤᠯᠤᠰ ᠤᠨ | ᠨᠠᠶᠢᠵᠠ ᠨᠥᠬᠦᠳ ᠳᠠᠶᠠᠩ ᠳᠡᠯᠡᠬᠡᠢ ᠳᠤ ᠲᠦᠭᠡᠵᠦ ᠪᠠᠶᠢᠨ᠎ᠠ ᠃ | ︽ ᠬᠠᠷᠢᠴᠠᠯᠠᠰᠢ ᠦᠭᠡᠢ ᠲᠡᠭᠰᠢ ᠵᠠᠮ ᠭᠡᠵᠦ ᠪᠠᠶᠢᠳᠠᠭ ᠦᠭᠡᠢ ᠂ ᠪᠤᠴᠠᠰᠢ ᠦᠭᠡᠢ ᠶᠠᠪᠤᠳᠠᠯ ᠭᠡᠵᠦ ᠪᠠᠶᠢᠳᠠᠭ ᠦᠭᠡᠢ ︾ ᠃ | ᠲᠡᠦᠬᠡ ᠶᠡᠷᠦᠨᠢ ᠨᠤᠭᠤᠷᠠᠯ ᠪᠦᠳᠦᠷᠢᠯ ᠤᠨ ᠳᠤᠮᠳᠠ ᠬᠥᠭᠵᠢᠨ ᠤᠷᠤᠭᠰᠢᠯᠠᠳᠠᠭ ᠶᠤᠮ ᠃ ᠬᠦᠴᠢᠷ ᠪᠡᠷᠬᠡᠰᠢᠶᠡᠯ ᠪᠠ | ᠳᠠᠪᠲᠠᠯᠲᠠ ᠶᠢᠨ ᠳᠤᠮᠳᠠ ᠡᠷᠡᠰ ᠭᠤᠶᠢᠪᠢᠰᠢ ᠦᠭᠡᠢ ᠯᠠᠪᠳᠠᠭᠤᠨ ᠲᠣᠭᠲᠠᠭᠤᠨ ᠢᠶᠠᠷ ᠠᠯᠤᠰ ᠢ ᠵᠣᠷᠢᠨ ᠤᠷᠤᠭᠰᠢᠯᠠᠨ᠎ᠠ ᠃ | ᠶᠡᠭᠡ ᠬᠠᠨᠳᠤᠰᠢ ᠶᠢ ᠲᠥᠯᠥᠪᠵᠢᠭᠦᠯᠬᠦ ᠂ ᠶᠡᠭᠡ ᠵᠢᠷᠤᠮ ᠢ ᠡᠭᠦᠷᠭᠡᠯᠡᠬᠦ ᠂ ᠶᠡᠭᠡ ᠵᠠᠮ ᠢᠶᠠᠷ ᠵᠠᠮᠨᠠᠬᠤ ᠬᠠᠷᠢᠭᠤᠴᠠᠯᠭ᠎ᠠ ᠲᠠᠢ ᠶᠡᠭᠡ | ᠤᠯᠤᠰ ᠤᠨ ᠢᠷᠡᠭᠡᠳᠦᠢ ᠯᠠᠪ ᠬᠢᠵᠠᠭᠠᠯᠠᠰᠢ ᠦᠭᠡᠢ ᠰᠦᠷᠯᠢᠭ ᠰᠠᠶᠢᠬᠠᠨ ᠶᠤᠮ ᠃ | |