ᠰᠢᠨᠬᠤᠸᠠ ᠬᠤᠷᠢᠶ᠎ᠠ ᠶᠢᠨ ᠮᠣᠰᠺᠸᠠ ᠶᠢᠨ 5 ᠰᠠᠷ᠎ᠠ ᠶᠢᠨ 7 ᠤ ᠴᠠᠭᠢᠯᠭᠠᠨ ᠮᠡᠳᠡᠭᠡ ᠲᠤᠬᠠᠢ ᠶᠢᠨ ᠭᠠᠵᠠᠷ ᠤᠨ | ᠴᠠᠭ ᠢᠶᠠᠷ 5 ᠰᠠᠷ᠎ᠠ ᠶᠢᠨ 7 ᠤ ᠡᠳᠦᠷ ᠂ ᠳᠤᠮᠳᠠᠳᠤ ᠤᠯᠤᠰ ᠤᠨ ᠲᠥᠪ ᠤᠨ ᠷᠠᠳᠢᠣ᠋ ᠲᠧᠯᠸᠢᠰ ᠤᠨ ᠶᠡᠷᠦᠩᠬᠡᠢ | ᠬᠤᠷᠢᠶ᠎ᠠ ᠠᠴᠠ ᠦᠢᠯᠡᠳᠦᠭᠰᠡᠨ ︽ ᠡᠭᠡᠯ ᠪᠣᠷᠣᠭᠵᠢᠭᠤᠨ ᠦᠭᠡ — ᠰᠢ ᠶᠢᠨ ᠫᠢᠩ ᠤᠨ ᠪᠠᠭ᠋ᠠᠷᠬᠠᠳᠠᠭ ᠡᠷᠲᠡᠨ ᠤ | ᠰᠣᠩᠭᠤᠳᠠᠭ ᠬᠡᠯᠡᠯᠭᠡ ︾ ︵ ᠣᠯᠠᠨ ᠤᠯᠤᠰ ᠤᠨ ᠬᠡᠪᠯᠡᠯ ︶ ᠶᠢ ᠡᠬᠢᠯᠡᠨ ᠨᠡᠪᠲᠡᠷᠡᠭᠦᠯᠬᠦ ᠶᠣᠰᠣᠯᠠᠯ ᠮᠣᠰᠺᠸᠠ ᠳᠤ ᠶᠠᠪᠤᠭᠳᠠᠪᠠ ᠃ | ᠤᠷᠤᠰ ᠳᠤᠮᠳᠠᠳᠤ ᠬᠤᠶᠠᠷ ᠤᠯᠤᠰ ᠤᠨ ᠤᠯᠤᠰ ᠲᠦᠷᠦ ᠂ ᠠᠵᠤ ᠠᠬᠤᠢ ᠂ ᠰᠣᠶᠣᠯ ᠂ ᠵᠠᠭᠤᠴᠢᠯᠠᠭᠤᠷ ᠂ ᠰᠤᠷᠭᠠᠨ | ᠬᠥᠮᠦᠵᠢᠯ ᠵᠡᠷᠭᠡ ᠡᠯ᠎ᠡ ᠡᠲᠡᠭᠡᠳ ᠤᠨ ᠨᠡᠷᠡᠳᠤ ᠬᠥᠮᠥᠰ ᠢ ᠪᠠᠭᠲᠠᠭᠠᠭᠰᠠᠨ 200 ᠭᠠᠷᠤᠢ ᠬᠦᠨᠳᠦᠲᠦ ᠵᠣᠴᠢᠨ | ᠠᠵᠢᠯᠯᠠᠭ᠎ᠠ ᠳᠤ ᠣᠷᠣᠯᠴᠠᠪᠠ ᠃ ᠲᠣᠰ ᠫᠷᠣᠭ᠍ᠷᠠᠮ ᠢ ᠲᠣᠰ ᠡᠳᠦᠷ ᠠᠴᠠ ᠡᠬᠢᠯᠡᠨ ᠣᠷᠣᠰ ᠤᠨ ᠪᠦᠭᠦ ᠣᠷᠣᠰ ᠤᠯᠤᠰ ᠤᠨ | ᠲᠧᠯᠸᠢᠰ ᠷᠠᠳᠢᠣ᠋ ᠨᠡᠪᠲᠡᠷᠡᠭᠦᠯᠭᠡ ᠶᠢᠨ ᠺᠤᠮᠫᠠᠨᠢ ᠂ ᠣᠷᠣᠰ ᠤᠨ ᠵᠠᠰᠠᠭ ᠤᠨ ᠣᠷᠳᠣᠨ ᠤ ᠪᠠᠶᠢᠭᠤᠯᠭ᠎ᠠ ᠶᠢᠨ ᠰᠣᠨᠢᠨ ︽ ᠣᠷᠣᠰ | ᠰᠣᠨᠢᠨ ︾ ᠤ ᠠᠯᠪᠠᠨ ᠰᠦᠯᠵᠢᠶ᠎ᠡ ᠂ ᠣᠷᠣᠰ ᠤᠨ ᠪᠠᠶᠢᠭᠠᠯᠢ ᠶᠢᠨ ᠰᠢᠲᠠᠮᠠᠬᠠᠢ ᠬᠡᠢ ᠶᠢᠨ ᠵᠠᠭᠤᠴᠢᠯᠠᠭᠤᠷ ᠤᠨ ᠬᠤᠪᠢ | ᠡᠵᠡᠮᠳᠡᠭᠰᠡᠨ ᠬᠤᠪᠢᠴᠠᠭᠠᠳᠤ ᠺᠤᠮᠫᠠᠨᠢ ᠂ ᠣᠷᠣᠰ ᠤᠨ ᠶᠡᠭᠡ ᠠᠽᠢᠶ᠎ᠠ ᠲᠧᠯᠸᠢᠰ ᠬᠤᠷᠢᠶ᠎ᠠ ᠵᠡᠷᠭᠡ ᠣᠯᠠᠨ ᠲᠠᠪᠴᠠᠩ ᠳᠤ | ᠨᠡᠪᠲᠡᠷᠡᠭᠦᠯᠬᠦ ᠪᠣᠯᠣᠨ᠎ᠠ ᠃ | ︽ ᠡᠭᠡᠯ ᠪᠣᠷᠣᠭᠵᠢᠭᠤᠨ ᠦᠭᠡ — ᠰᠢ ᠶᠢᠨ ᠫᠢᠩ ᠤᠨ ᠪᠠᠭ᠋ᠠᠷᠬᠠᠳᠠᠭ ᠡᠷᠲᠡᠨ ᠤ ᠰᠣᠩᠭᠤᠳᠠᠭ ᠬᠡᠯᠡᠯᠭᠡ ︾ ︵ ᠤᠯᠠᠨ | ᠤᠯᠤᠰ ᠤᠨ ᠬᠡᠪᠯᠡᠯ ︶ ᠨᠢ ᠲᠡᠷᠢᠭᠦᠯᠡᠭᠴᠢ ᠰᠢ ᠶᠢᠨ ᠫᠢᠩ ᠤᠨ ᠴᠢᠬᠤᠯᠠ ᠶᠠᠷᠢᠶ᠎ᠠ ᠂ ᠵᠣᠬᠢᠶᠠᠯ ᠪᠣᠯᠣᠨ ᠶᠠᠷᠢᠯᠴᠠᠭ᠎ᠠ ᠳᠤ | ᠡᠰᠢᠯᠡᠨ ᠬᠡᠷᠡᠭᠯᠡᠭᠰᠡᠨ ᠳᠤᠮᠳᠠᠳᠤ ᠤᠯᠤᠰ ᠤᠨ ᠡᠷᠲᠡᠨ ᠤ ᠨᠣᠮ ᠪᠢᠴᠢᠭ ᠪᠣᠯᠣᠨ ᠰᠣᠩᠭᠤᠳᠠᠭ ᠨᠡᠷᠡᠲᠦ ᠥᠭᠦᠯᠡᠪᠦᠷᠢ ᠠᠴᠠ | ᠨᠠᠷᠢᠨ ᠨᠢᠮᠪᠠᠢ ᠰᠣᠩᠭᠤᠵᠤ ᠂ ᠰᠢᠨ᠎ᠡ ᠶᠢ ᠡᠭᠦᠳᠦᠨ ᠬᠥᠭᠵᠢᠬᠦ ᠂ ᠰᠣᠶᠣᠯ ᠤᠨ ᠴᠡᠴᠡᠭᠯᠡᠯ ᠂ ᠪᠣᠯᠪᠠᠰᠤᠨ ᠤ ᠤᠯᠠᠨ ᠶᠠᠩᠵᠤᠲᠤ | ᠴᠢᠨᠠᠷ ᠪᠣᠯᠣᠨ ᠰᠣᠯᠢᠯᠴᠠᠭ᠎ᠠ ᠲᠣᠯᠢᠳᠠᠯ ᠂ ᠭᠡᠷ ᠪᠦᠯᠢ ᠶᠢᠨ ᠬᠥᠮᠦᠵᠢᠯ ᠵᠡᠷᠭᠡ ᠭᠤᠣᠯ ᠰᠡᠳᠦᠪ ᠲᠤ ᠠᠩᠬᠠᠷᠤᠯ ᠢᠶᠠᠨ | ᠲᠥᠪᠯᠡᠷᠡᠭᠦᠯᠵᠦ ᠂ ᠲᠡᠷᠢᠭᠦᠯᠡᠭᠴᠢ ᠰᠢ ᠶᠢᠨ ᠫᠢᠩ ᠤᠨ ᠭᠠᠷᠮᠠᠭᠠᠢ ᠤᠯᠤᠰ ᠲᠦᠷᠦ ᠶᠢᠨ ᠤᠶᠤᠨ ᠤᠬᠠᠭᠠᠨ ᠂ ᠭᠦᠨ | ᠤᠬᠠᠭᠠᠨ ᠤ ᠲᠤᠬᠠᠢ ᠭᠦᠨᠵᠡᠭᠡᠢ ᠪᠣᠯᠪᠠᠰᠤᠷᠠᠯ ᠪᠣᠯᠣᠨ ᠡᠷᠬᠢᠮ ᠳᠡᠭᠡᠳᠦ ᠰᠣᠶᠣᠯ ᠢᠷᠭᠡᠨᠰᠢᠯ ᠤᠨ ᠬᠠᠶᠢᠷ᠎ᠠ ᠰᠡᠳᠬᠢᠯᠭᠡ ᠶᠢ | ᠭᠤᠶᠢᠳᠠ ᠰᠠᠶᠢᠬᠠᠨ ᠢᠯᠡᠷᠡᠭᠦᠯᠪᠡ ᠃ | |