ᠪᠤᠭᠤᠲᠤ ᠬᠤᠲᠠ ᠵᠢᠨ ᠰᠡᠯᠪᠢᠨ ᠵᠠᠰᠠᠬᠤ ᠪᠠᠯᠠ ᠮᠥᠩᠭᠦ ᠵᠢᠨ ᠬᠠᠮᠢᠶᠠᠷᠤᠯᠲᠠ ᠵᠢᠨ ᠠᠵᠢᠯ᠎ᠨᠢ 《ᠦᠯᠦ ᠴᠭ᠋ᠠᠰᠣᠵᠢᠯᠲᠠ》 ᠠᠷᠠᠳ᠎ᠲᠤ ᠲᠥᠬᠦᠮ ᠦᠵᠡᠭᠦᠯᠬᠦ ᠦᠢ᠍ᠯᠡᠴᠢᠯᠡᠭᠡᠨ᠎ᠤ ᠰᠢᠨ᠎ᠡ ᠵᠠᠭᠪᠤᠷ᠎ᠢ ᠪᠡᠶᠡᠯᠡᠭᠦᠯᠪᠡ
2025-05-15

     ᠪᠤᠭᠤᠲᠤ ᠬᠤᠲᠠ ᠵᠢᠨ ᠠᠳᠠᠯ ᠠᠬᠤᠶ ᠵᠢᠨ ᠦᠢ᠍ᠯᠡᠴᠢᠯᠡᠭᠡᠨ᠎ᠤ ᠵᠢᠯᠣᠭᠤᠳᠬᠤ ᠲᠥᠪ ᠰᠡᠯᠪᠢᠨ ᠵᠠᠰᠠᠬᠤ ᠪᠠᠯᠠ ᠮᠥᠩᠭᠦ ᠵᠢ ᠡᠯᠸᠺᠲᠷᠣᠨ  ᠫᠢᠶᠣᠣ ᠪᠠᠷᠢᠮᠲᠠ  ᠲᠣᠰᠢᠶᠠᠨ ᠬᠠᠳᠠᠭ᠋ᠠᠯᠠᠬᠤ  ᠰᠢᠰᠲ᠋ᠧᠮ᠎ᠢ ᠡᠬᠢᠯᠡᠨ ᠬᠡᠷᠡᠭᠯᠡᠵᠦ 《  ᠦᠯᠦ  ᠴᠠᠭ᠋ᠠᠰᠣᠵᠢᠯᠲᠠ 》 ᠠᠷᠠᠳ᠎ᠲᠤ ᠲᠥᠬᠦᠮ ᠦᠵᠡᠭᠦᠯᠬᠦ ᠦᠢ᠍ᠯᠡᠴᠢᠯᠡᠭᠡᠨ᠎ᠤ ᠰᠢᠨ᠎ᠡ ᠵᠠᠭᠪᠤᠷ᠎ᠢ ᠪᠡᠶᠡᠯᠡᠭᠦᠯᠪᠡ

     ᠦᠢ᠍ᠯᠡᠴᠢᠯᠡᠭᠡᠨ᠎ᠤ ᠶᠠᠰᠤ ᠴᠢᠨᠠᠷ᠎ᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠠᠵᠢᠯ ᠶᠠᠪᠤᠳᠠᠯ ᠭᠦᠢ᠍ᠴᠡᠳᠭᠡᠬᠦ ᠴᠤᠪᠤᠷᠠᠯ᠎ᠢ ᠰᠢᠯᠢᠳᠡᠭᠵᠢᠭᠦᠯᠬᠦ ᠵᠢᠨ ᠲᠥᠯᠥᠭᠡ᠂ 2025 ᠣᠨ᠎ᠤ 4  ᠳ᠋ᠦ᠍ᠭᠡᠷ  ᠰᠠᠷ᠎ᠠ ᠵᠢᠨ 1᠎ᠤ ᠡᠳᠦᠷ᠎ᠠᠴᠠ ᠡᠬᠢᠯᠡᠨ᠂ ᠪᠤᠭᠤᠲᠤ ᠬᠤᠲᠠ ᠵᠢᠨ ᠠᠳᠠᠯ ᠠᠬᠤᠶ ᠵᠢᠨ ᠦᠢ᠍ᠯᠡᠴᠢᠯᠡᠭᠡᠨ᠎ᠤ ᠵᠢᠯᠣᠭᠤᠳᠬᠤ ᠲᠥᠪ ᠰᠡᠯᠪᠢᠨ ᠵᠠᠰᠠᠬᠤ ᠪᠠᠯᠠ ᠮᠥᠩᠭᠦ ᠵᠢ ᠲᠣᠰᠢᠶᠠᠨ ᠬᠠᠳᠠᠭ᠋ᠠᠯᠠᠬᠤ ᠡᠯᠸᠺᠲᠷᠣᠨ  ᠫᠢᠶᠣᠣ ᠪᠠᠷᠢᠮᠲᠠ ᠵᠢᠨ  ᠰᠢᠰᠲ᠋ᠧᠮ᠎ᠢ ᠵᠢᠩᠬᠢᠨᠢ᠎ᠪᠠᠷ ᠡᠬᠢᠯᠡᠨ ᠬᠡᠷᠡᠭᠯᠡᠵᠦ᠂ ᠬᠥᠨᠳᠡᠯᠡᠨ ᠲᠣᠭᠤᠷᠢᠭ᠂ ᠴᠢᠩᠱ᠌ᠠᠨ ᠲᠣᠭᠤᠷᠢᠭ᠂ ᠳ᠋ᠦᠩ ᠾᠧ ᠲᠣᠭᠤᠷᠢᠭ᠂ ᠵᠢᠦᠶᠤᠸᠠᠨ ᠲᠣᠭᠤᠷᠢᠭ᠂ ᠬᠤᠪᠣᠷ ᠰᠢᠷᠣᠶ ᠵᠢᠨ ᠳᠡᠭᠡᠳᠦ ᠰᠢᠨ᠎ᠡ ᠮᠡᠷᠭᠡᠵᠢᠯ᠎ᠤᠨ ᠲᠣᠭᠤᠷᠢᠭ᠎ᠤᠨ ᠬᠡᠪᠴᠢᠶᠡᠨ᠎ᠳᠤ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠵᠢ ᠲᠤᠰᠬᠠᠶ᠋ᠢᠯᠠᠨ ᠰᠡᠯᠪᠢᠨ ᠵᠠᠰᠠᠬᠤ ᠪᠠᠯᠠ ᠮᠥᠩᠭᠦ ᠵᠢᠨ ᠫᠢᠶᠣᠣ ᠪᠠᠷᠢᠮᠲᠠ》 (ᠡᠯᠸᠺᠲᠷᠣᠨ) ᠵᠢ ᠵᠡᠷᠭᠡ᠎ᠪᠠᠷ  ᠰᠦᠯᠵᠢᠶᠡᠨ᠎ᠳᠤ  ᠣᠷᠣᠭᠣᠯᠵᠦ ᠠᠵᠢᠯᠯᠠᠭᠣᠯᠪᠠ ᠂  ᠡᠨᠡ᠎ᠨᠢ  ᠪᠤᠭᠤᠲᠤ ᠬᠤᠲᠠ ᠵᠢᠨ ᠰᠡᠯᠪᠢᠨ ᠵᠠᠰᠠᠬᠤ ᠪᠠᠯᠠ ᠮᠥᠩᠭᠦ ᠵᠢᠨ ᠬᠠᠮᠢᠶᠠᠷᠤᠯᠲᠠ ᠵᠢᠨ ᠠᠵᠢᠯ 《  ᠦᠯᠦ ᠴᠠᠭ᠋ᠠᠰᠣᠵᠢᠯᠲᠠ 》 ᠰᠢᠨ᠎ᠡ ᠴᠠᠭ ᠦᠶ᠎ᠡ᠎ᠳᠤ ᠣᠷᠣᠭᠰᠠᠨ᠎ᠢ ᠬᠠᠷᠠᠭᠤᠯᠵᠤ᠂ ᠬᠤᠲᠠ ᠵᠢᠨ ᠠᠷᠠᠳ ᠡᠭᠦᠨ᠎ᠠᠴᠠ ᠡᠬᠢᠯᠡᠨ ᠠᠮᠤᠷ ᠲᠦᠪᠰᠢᠨ᠂ ᠣᠷᠴᠢᠨ ᠠᠬᠤᠶ ᠵᠢᠨ ᠬᠠᠮᠠᠭ᠋ᠠᠯᠠᠯᠲᠠ᠂ ᠳᠥᠭᠦᠮ ᠳᠥᠲᠡ ᠰᠦᠯᠵᠢᠶᠡᠨ ᠳᠡᠭᠡᠷᠡᠬᠢ ᠦᠢ᠍ᠯᠡᠴᠢᠯᠡᠭᠡ ᠵᠢ  ᠬᠦᠷᠲᠡᠪᠡ ᠃

     ᠲᠣᠰ ᠤᠳᠠᠭ᠋ᠠᠨ᠎ᠤ ᠰᠦᠯᠵᠢᠶᠡᠨ  ᠳᠡᠭᠡᠷᠡᠬᠢ  ᠰᠡᠯᠪᠢᠨ ᠵᠠᠰᠠᠬᠤ ᠪᠠᠯᠠ ᠮᠥᠩᠭᠦ ᠵᠢᠨ ᠡᠯᠸᠺᠲᠷᠣᠨ ᠫᠢᠶᠤᠥ  ᠪᠠᠷᠢᠮᠲᠠ ᠵᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ᠎ᠠᠴᠠ ᠬᠢᠨᠠᠨ  ᠦᠢ᠍ᠯᠡᠳᠴᠦ ᠂ ᠴᠠᠭ᠋ᠠᠰᠤᠨ ᠫᠢᠶᠣᠣ ᠪᠠᠷᠢᠮᠲᠠ᠎ᠲᠠᠢ ᠠᠳᠠᠯᠢᠬᠠᠨ ᠬᠠᠤᠯᠢ ᠴᠠᠭ᠋ᠠᠵᠠ ᠵᠢᠨ ᠬᠦᠴᠦᠨ᠎ᠲᠠᠢ  ᠶᠤᠮ ᠃ ᠲᠣᠰ ᠫᠢᠶᠣᠣ ᠪᠠᠷᠢᠮᠲᠠ᠎ᠨᠢ ᠰᠦᠯᠵᠢᠶᠡᠨ ᠳᠡᠭᠡᠷᠡᠬᠢ ᠲᠠᠪᠴᠠᠩ᠎ᠳᠤ ᠲᠦᠰᠢᠭᠯᠡᠨ ᠪᠥᠬᠦ ᠶᠠᠪᠤᠴᠠ ᠵᠢᠨ ᠲᠣᠭ᠋ᠠᠴᠢᠯᠠᠭᠰᠠᠨ ᠬᠠᠮᠢᠶᠠᠷᠤᠯᠲᠠ ᠵᠢ ᠪᠡᠶᠡᠯᠡᠭᠦᠯᠵᠦ᠂ ᠪᠣᠶ ᠪᠣᠯᠬᠤ᠂ ᠬᠠᠳᠠᠭ᠋ᠠᠯᠠᠬᠤ᠎ᠠᠴᠠ ᠪᠠᠶ᠋ᠢᠴᠠᠭ᠋ᠠᠨ ᠰᠢᠯᠭ᠋ᠠᠬᠤ ᠬᠦᠷᠲᠡᠯᠡᠬᠢ  ᠴᠦᠮ  ᠰᠦᠯᠵᠢᠶᠡᠨ ᠳᠡᠭᠡᠷ᠎ᠡ ᠪᠡᠶᠡᠯᠡᠭᠦᠯᠵᠦ᠂ ᠰᠡᠯᠪᠢᠨ ᠵᠠᠰᠠᠬᠤ ᠪᠠᠯᠠ ᠮᠥᠩᠭᠦ ᠵᠢᠨ ᠬᠠᠮᠢᠶᠠᠷᠤᠯᠲᠠ ᠵᠢᠨ ᠠᠵᠢᠯ᠎ᠳᠤ ᠰᠢᠨ᠎ᠡ ᠬᠥᠳᠡᠯᠭᠡᠬᠦ ᠬᠦᠴᠦᠨ ᠨᠡᠮᠡᠷᠢᠯᠡᠪᠡ᠃

     ᠤᠯᠠᠮᠵᠢᠯᠠᠯᠲᠤ ᠴᠠᠭ᠋ᠠᠰᠤᠨ ᠫᠢᠶᠣᠣ ᠪᠠᠷᠢᠮᠲᠠ᠎ᠲᠠᠢ ᠬᠠᠷᠢᠴᠠᠭᠤᠯᠪᠠᠯ᠂ ᠡᠯᠧᠺᠲᠷᠣᠨ ᠫᠢᠶᠣᠣ ᠪᠠᠷᠢᠮᠲᠠ ᠵᠢᠨ ᠳᠠᠪᠠᠭᠤᠯᠢᠭ᠎ᠨᠢ  ᠢᠯᠡᠷᠬᠡᠢ ᠪᠠᠢ᠌ᠳᠠᠭ ᠃

     ᠨᠢᠭᠡ᠎ᠳᠤ ᠲᠤᠭ᠎ᠠ ᠪᠠᠷᠢᠮᠲᠠ ᠵᠢ ᠨᠠᠷᠢᠯᠢᠭ  ᠣᠨᠣᠪᠴᠢᠲᠠᠢ  ᠥᠨᠳᠥᠷ ᠪᠦᠲᠦᠮᠵᠢᠲᠡᠶ ᠪᠠᠶ᠋ᠢᠯᠭ᠋ᠠᠵᠤ᠂ ᠲᠤᠰᠢᠶᠠᠨ ᠬᠠᠳᠠᠭ᠋ᠠᠯᠠᠭᠤᠯᠤᠭᠰᠠᠨ ᠮᠡᠳᠡᠭᠡ ᠵᠠᠩᠭᠢ ᠵᠢ ᠴᠠᠭ ᠲᠤᠬᠠᠶ᠎ᠳᠤ᠎ᠨᠢ  ᠲᠡᠮᠳᠡᠭᠯᠡᠵᠦ᠂ ᠬᠥᠮᠦᠨ᠎ᠤ ᠬᠦᠴᠦ᠎ᠪᠠᠷ ᠠᠵᠢᠯᠯᠠᠭᠤᠯᠤᠭᠰᠠᠨ᠎ᠠᠴᠠ ᠪᠣᠯᠤᠭᠰᠠᠨ ᠠᠯᠳᠠᠭ᠎ᠠ ᠬᠢᠭᠡᠳ ᠰᠠᠭ᠋ᠠᠲᠠᠯ  ᠭᠠᠷᠬᠤ᠎ᠠᠴᠠ ᠵᠠᠶ᠋ᠢᠯᠠᠰᠬᠢᠪᠠ ᠂

     ᠬᠤᠶᠠᠷ᠎ᠲᠤ ᠥᠪᠡᠷ᠎ᠤᠨ ᠦᠷᠳᠡᠭ᠎ᠢ ᠪᠠᠭᠤᠷᠠᠭᠤᠯᠤᠨ ᠦᠷ᠎ᠡ ᠠᠰᠢᠭ᠎ᠢ ᠨᠡᠮᠡᠭᠳᠡᠭᠦᠯᠵᠦ᠂ ᠴᠠᠭ᠋ᠠᠰᠤᠨ ᠬᠡᠪᠯᠡᠯ᠎ᠤᠨ ᠥᠪᠡᠷ᠎ᠤᠨ ᠦᠷᠳᠡᠭ᠎ᠢ ᠠᠷᠪᠢᠯᠠᠵᠤ᠂ ᠪᠣᠬᠢᠷᠲᠤᠯ ᠦᠭᠡᠢ ᠬᠥᠭᠵᠢᠯᠲᠡ ᠵᠢᠨ ᠣᠶ᠋ᠢᠯᠠᠭ᠋ᠠᠭᠳᠠᠬᠤᠨ᠎ᠲᠠᠢ  ᠨᠡᠢ᠌ᠴᠡᠵᠠᠢ᠂

     ᠭᠤᠷᠪᠠ᠎ᠳᠤ ᠠᠮᠤᠷ ᠲᠦᠪᠰᠢᠨ ᠵᠶ᠋ᠠᠷ ᠬᠠᠭᠤᠷᠮᠠᠭ᠎ᠢ ᠰᠡᠷᠭᠡᠶ᠋ᠢᠯᠡᠬᠦ ᠴᠢᠳᠠᠪᠬᠢ ᠵᠢ ᠲᠡᠰ ᠳᠡᠪᠰᠢᠭᠦᠯᠵᠦ᠂ ᠫᠢᠶᠣᠣ ᠪᠠᠷᠢᠮᠲᠠ ᠵᠢᠨ  ᠬᠠᠭᠣᠷᠮᠠᠭᠯᠠᠬᠤ  ᠪᠠ ᠮᠡᠬᠡᠯᠡᠬᠦ ᠲᠦᠭᠰᠢᠭᠦᠷᠢ ᠵᠢ ᠪᠦᠲᠦᠮᠵᠢᠲᠡᠢ  ᠰᠡᠷᠬᠡᠢ᠌ᠯᠡᠪᠡ᠂

     ᠳᠥᠷᠪᠡ᠎ᠳᠤ ᠣᠷᠳᠣ ᠬᠤᠭᠤᠴᠠᠭ᠎ᠠ᠎ᠪᠠᠷ ᠬᠠᠳᠠᠭ᠋ᠠᠯᠠᠬᠤ᠎ᠳᠤ ᠲᠥᠬᠦᠮ  ᠪᠠᠢ᠌ᠵᠦ ᠂ ᠬᠡᠷᠡᠭᠯᠡᠭᠴᠢᠳ  ᠬᠡᠵᠢᠶ᠎ᠡ ᠴᠤ᠌ ᠭᠡᠰᠡᠨ  ᠰᠦᠯᠵᠢᠶᠡᠨ ᠳᠡᠭᠡᠷᠡᠬᠢ ᠲᠠᠪᠴᠠᠩ ᠵᠶ᠋ᠠᠷ ᠳᠡᠮᠵᠢᠨ ᠫᠢᠶᠣᠣ ᠪᠠᠷᠢᠮᠲᠠ ᠵᠢ ᠪᠠᠶ᠋ᠢᠴᠠᠭ᠋ᠠᠨ ᠯᠠᠪᠯᠠᠵᠤ᠂ ᠪᠠᠭᠤᠯᠭ᠋ᠠᠨ ᠠᠪᠴᠤ ᠪᠣᠯᠤᠨ᠎ᠠ᠃

 

    《ᠮᠡᠳᠡᠭᠡ ᠵᠠᠩᠭᠢ ᠵᠢ ᠢᠯᠡᠭᠦᠬᠡᠨ ᠭᠦᠶᠦᠯᠭᠡᠵᠦ᠂ ᠣᠯᠠᠨ ᠲᠦᠮᠡᠨ᠎ᠢ ᠳᠤᠲᠠᠭᠤ ᠬᠦᠶᠦᠯᠭᠡᠬᠦ 》᠂ ᠰᠡᠯᠪᠢᠨ ᠵᠠᠰᠠᠬᠤ ᠪᠠᠯᠠ ᠮᠥᠩᠭᠦ ᠵᠢᠨ ᠫᠢᠶᠣᠣ ᠪᠠᠷᠢᠮᠲᠠ ᠵᠢ ᠡᠯᠸᠺᠲᠷᠣᠨᠴᠢᠯᠠᠭᠰᠠᠨ  ᠬᠠᠮᠢᠶᠠᠷᠤᠯᠲᠠ ᠵᠢ  ᠬᠡᠷᠡᠭᠵᠢᠭᠦᠯᠦᠭᠰᠡᠨ᠎ᠨᠢ  ᠠᠵᠢᠯ ᠶᠠᠪᠤᠳᠠᠯ ᠭᠦᠢ᠍ᠴᠡᠳᠭᠡᠬᠦ ᠶᠠᠪᠤᠴᠠ ᠵᠢ ᠰᠢᠯᠢᠳᠡᠭᠵᠢᠭᠦᠯᠦᠭᠰᠡᠨ ᠵᠶ᠋ᠠᠷ ᠪᠠᠷᠠᠬᠤ ᠥᠬᠡᠶ ᠪᠠᠰᠠ ᠦᠢ᠍ᠯᠡᠴᠢᠯᠡᠭᠡᠨ᠎ᠤ ᠶᠠᠰᠤ ᠴᠢᠨᠠᠷ᠎ᠢ ᠤᠯᠠᠮ ᠨᠢᠭᠡ ᠠᠯᠬᠤᠮ ᠳᠡᠭᠡᠭᠰᠢᠯᠡᠭᠦᠯᠪᠡ᠃ ᠢᠷᠡᠭᠡᠳᠦᠢ᠎ᠳᠤ᠂ ᠪᠤᠭᠤᠲᠤ ᠬᠤᠲᠠ ᠵᠢᠨ ᠠᠳᠠᠯ ᠠᠬᠤᠶ ᠵᠢᠨ ᠦᠢ᠍ᠯᠡᠴᠢᠯᠡᠭᠡᠨ᠎ᠤ ᠵᠢᠯᠣᠭᠤᠳᠬᠤ ᠲᠥᠪ ᠎ᠨᠢ  ᠰᠢᠰᠲ᠋ᠧᠮ᠎ᠤᠨ ᠴᠢᠳᠠᠮᠵᠢ᠎ᠪᠠᠨ  ᠦᠷᠭᠦᠯᠵᠢᠯᠡᠨ ᠲᠡᠭᠦᠯᠳᠡᠷᠵᠢᠭᠦᠯᠵᠦ᠂ ᠥᠷᠭᠡᠨ ᠣᠯᠠᠨ ᠥᠮᠴᠢᠲᠡᠨ᠎ᠳᠤ ᠨᠠᠩ ᠲᠥᠬᠦᠮ ᠦᠵᠡᠭᠦᠯᠬᠦ᠂  ᠵᠢᠷᠤᠮᠵᠢᠯ᠎ᠲᠠᠢ ᠂ ᠥᠨᠳᠥᠷ ᠪᠦᠲᠦᠮᠵᠢᠲᠡᠶ ᠦᠢ᠍ᠯᠡᠴᠢᠯᠡᠭᠡ ᠬᠠᠩᠭ᠋ᠠᠵᠤ᠂ ᠠᠳᠠᠯ ᠠᠬᠤᠶ ᠵᠢᠨ ᠦᠢ᠍ᠯᠡᠴᠢᠯᠡᠭᠡᠨ᠎ᠤ  ᠤᠶᠤᠨᠴᠢᠯᠠᠭᠰᠠᠨ ᠰᠢᠰᠲ᠋ᠧᠮ᠎ᠢ ᠪᠠᠶ᠋ᠢᠭᠤᠯᠬᠤ᠎ᠳᠤ ᠬᠦᠴᠦᠨ ᠨᠡᠮᠡᠷᠢᠯᠡᠨ᠎ᠡ᠃

 

ᠢᠷᠡᠯᠲᠡ᠄ ᠪᠤᠭᠤᠲᠤ ᠵᠢᠨ ᠣᠷᠣᠨ ᠰᠠᠭᠤᠴᠠ ᠪᠠ ᠬᠤᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠵᠢᠨ ᠨᠡᠶ᠋ᠢᠲᠡ ᠵᠢᠨ ᠳ᠋ᠤᠭ᠋ᠠᠷ