[2020] ᠣᠨ᠎ᠤ 141 ᠳ᠋ᠦ᠍ᠭᠡᠷ
《ᠵᠠᠰᠠᠭ᠎ᠢ ᠴᠣᠮᠬᠠᠳᠬᠠᠵᠤ ᠡᠷᠬᠡ ᠵᠢ ᠳᠣᠷᠣᠭᠰᠢ ᠪᠠᠭᠤᠯᠭ᠋ᠠᠬᠤ᠂ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠦᠢ᠍ᠯᠡᠴᠢᠯᠡᠭᠡ ᠵᠢ ᠰᠢᠯᠢᠳᠡᠭᠵᠢᠭᠦᠯᠬᠦ》 ᠥᠭᠡᠷᠡᠴᠢᠯᠡᠯᠲᠡ ᠵᠢ ᠭᠦᠨᠵᠡᠭᠡᠢ ᠲᠦᠯᠬᠢᠨ ᠠᠬᠢᠭᠤᠯᠤᠨ᠂ ᠬᠤᠳᠠᠯᠳᠤᠭ᠎ᠠ ᠡᠵᠡᠩᠨᠡᠬᠦ ᠣᠷᠴᠢᠨ ᠲᠣᠭᠣᠷᠢᠨ᠎ᠢ ᠰᠢᠯᠢᠳᠡᠭᠵᠢᠭᠦᠯᠦᠨ᠂ ᠬᠢᠨᠠᠨ ᠵᠥᠪᠰᠢᠶᠡᠷᠡᠬᠦ ᠦᠢ᠍ᠯᠡᠴᠢᠯᠡᠭᠡᠨ᠎ᠢ ᠰᠢᠯᠢᠳᠡᠭᠵᠢᠭᠦᠯᠦᠨ ᠠᠷᠠᠳ᠎ᠲᠤ ᠳᠥᠭᠥᠮ ᠦᠵᠡᠭᠦᠯᠦᠨ᠂ 《ᠠᠭᠤᠯᠵᠠᠬᠤ ᠦᠭᠡᠢ ᠬᠢᠨᠠᠨ ᠵᠥᠪᠰᠢᠶᠡᠷᠡᠬᠦ ᠥᠭᠡᠷᠡᠴᠢᠯᠡᠯᠲᠡ》 ᠵᠢ ᠲᠡᠭᠦᠯᠳᠡᠷᠵᠢᠭᠦᠯᠬᠦ ᠵᠢᠨ ᠲᠤᠰᠠᠳᠠ᠂ 《ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠶᠠᠮᠤᠨ᠎ᠤ ᠠᠯᠪᠠᠨ ᠲᠢᠩᠬᠢᠮ᠎ᠠᠴᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠡᠰᠡᠭ ᠦᠨᠡᠮᠯᠡᠯ᠎ᠳᠤ ᠡᠯᠧᠺᠲᠷᠣᠨᠵᠢᠯᠲᠠ ᠵᠢ ᠬᠡᠷᠡᠭᠵᠢᠭᠦᠯᠬᠦ ᠵᠢ ᠵᠥᠪᠰᠢᠶᠡᠷᠡᠬᠦ ᠲᠣᠬᠠᠢ ᠵᠠᠬᠢᠳᠠᠯ》 (ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠶᠠᠮᠤᠨ᠎ᠤ ᠠᠯᠪᠠᠨ ᠲᠢᠩᠬᠢᠮ᠎ᠤᠨ ᠵᠠᠬᠢᠳᠠᠯ [2020] 409 ᠲᠣᠭ᠋ᠠᠲᠤ) ᠵᠣᠷᠢᠭ ᠰᠠᠨᠠᠭ᠋ᠠᠨ᠎ᠤ ᠶᠣᠰᠣᠭ᠋ᠠᠷ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠡᠳᠦᠭᠡ ᠬᠣᠯᠪᠣᠭᠳᠠᠯ ᠪᠦᠬᠦᠢ ᠤᠴᠢᠷ᠎ᠢ ᠳᠣᠣᠷᠠᠬᠢ ᠮᠡᠲᠦ ᠵᠠᠷᠯᠠᠶ᠎ᠠ ᠄
ᠨᠢᠭᠡ᠂ ᠡᠯᠧᠺᠲᠷᠣᠨ ᠦᠨᠡᠮᠯᠡᠯ᠎ᠤᠨ ᠡᠬᠢᠯᠡᠨ ᠬᠡᠷᠡᠭᠯᠡᠬᠦ ᠴᠠᠭ ᠬᠤᠭᠤᠴᠠᠭ᠎ᠠ᠂ ᠲᠥᠷᠥᠯ ᠵᠦᠢ᠍ᠯ ᠪᠠ ᠶᠠᠩᠵᠤ ᠮᠠᠶᠢᠭ
2020 ᠣᠨ᠎ᠤ 8 ᠰᠠᠷ᠎ᠠ ᠵᠢᠨ 26᠎ᠤ ᠡᠳᠦᠷ᠎ᠠᠴᠠ ᠡᠬᠢᠯᠡᠨ ᠥᠪᠡᠷᠲᠡᠭᠡᠨ ᠵᠠᠰᠠᠬᠤ ᠣᠷᠣᠨ᠎ᠤ ᠡᠯ᠎ᠡ ᠱᠠᠲᠤᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠠᠴᠠ ᠬᠢᠨᠠᠨ ᠣᠯᠭᠣᠭᠰᠠᠨ ᠪᠠᠷᠢᠯᠭ᠎ᠠ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ᠂ ᠭᠡᠷ ᠪᠠᠢ᠌ᠰᠢᠩ ᠭᠠᠵᠠᠷ ᠬᠥᠷᠥᠩᠭᠡ ᠵᠢᠨ ᠨᠡᠭᠡᠭᠡᠯᠲᠡ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ᠂ ᠭᠡᠷ ᠪᠠᠢ᠌ᠰᠢᠩ ᠭᠠᠵᠠᠷ ᠬᠥᠷᠥᠩᠭᠡ ᠵᠢᠨ ᠨᠡᠭᠡᠭᠡᠯᠲᠡ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ (ᠲᠦᠷ ᠳᠣᠭᠳᠠᠭᠰᠠᠨ)᠂ ᠠᠶᠤᠯ ᠦᠭᠡᠢ ᠦᠢ᠍ᠯᠡᠳᠪᠦᠷᠢᠯᠡᠯ᠎ᠤᠨ ᠵᠥᠪᠰᠢᠶᠡᠷᠡᠬᠦ ᠭᠡᠷᠡᠴᠢ᠂ ᠬᠣᠶᠠᠳᠤᠭ᠋ᠠᠷ ᠳᠡᠰ᠎ᠤᠨ ᠳᠠᠩᠰᠠᠯᠠᠭᠤᠯᠤᠭᠰᠠᠨ ᠪᠠᠷᠢᠯᠭ᠎ᠠ ᠴᠣᠭᠴᠠᠯᠠᠭᠴᠢ ᠂ ᠠᠵᠤ ᠠᠬᠤᠢ᠌ᠯᠠᠯ᠎ᠤᠨ ᠭᠣᠣᠯ ᠬᠠᠷᠢᠭᠤᠴᠠᠯᠭ᠋ᠠᠲᠠᠨ᠂ ᠲᠥᠷᠥᠯ ᠵᠦᠢ᠍ᠯ᠎ᠤᠨ ᠬᠠᠷᠢᠭᠤᠴᠠᠯᠭ᠋ᠠᠲᠠᠨ ᠪᠠ ᠲᠤᠰᠬᠠᠢ ᠲᠤᠰᠢᠶᠠᠯᠲᠤ ᠠᠶᠤᠯ ᠦᠭᠡᠢ ᠦᠢ᠍ᠯᠡᠳᠪᠦᠷᠢᠯᠡᠯ᠎ᠤᠨ ᠬᠠᠮᠢᠶᠠᠷᠤᠯᠲᠠ ᠵᠢᠨ ᠠᠵᠢᠯᠲᠠᠨ (ᠳᠣᠣᠷ᠎ᠠ 《ᠭᠤᠷᠪᠠᠨ ᠲᠥᠷᠥᠯ᠎ᠤᠨ ᠬᠥᠮᠦᠰ》 ᠭᠡᠵᠦ ᠲᠣᠪᠴᠢᠯᠠᠨ᠎ᠠ)᠎ᠤ ᠦᠨᠡᠮᠯᠡᠯ᠎ᠢ᠎ᠨᠢ ᠠᠩᠬᠠᠳᠠᠭᠴᠢ ᠪᠦᠯᠦᠭ᠎ᠤᠨ ᠨᠢᠭᠡᠳᠦᠯᠲᠡᠢ ᠬᠡᠷᠡᠭᠯᠡᠭᠰᠡᠨ ᠡᠯᠧᠺᠲᠷᠣᠨ ᠦᠨᠡᠮᠯᠡᠯ ᠪᠣᠯᠤᠭᠰᠠᠨ᠎ᠤ ᠬᠤᠪᠢ᠎ᠳᠤ ᠴᠠᠭ᠋ᠠᠰᠤᠨ ᠦᠨᠡᠮᠯᠡᠯ᠎ᠢ ᠳᠠᠬᠢᠵᠤ ᠬᠠᠷᠭᠤᠭᠤᠯᠤᠨ ᠣᠯᠭᠣᠬᠤ ᠦᠭᠡᠢ᠃ ᠠᠵᠤ ᠠᠬᠤᠢ᠌ᠯᠠᠯ ᠪᠣᠯᠤᠨ ᠬᠤᠪᠢ ᠬᠥᠮᠦᠨ 《ᠥᠪᠥᠷ ᠮᠣᠩᠭᠣᠯ᠎ᠤᠨ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠰᠦᠯᠵᠢᠶ᠎ᠡ》᠎ᠳᠤ ᠭᠠᠷᠴᠤ ᠥᠪᠡᠰᠦᠪᠡᠨ ᠪᠠᠢ᠌ᠴᠠᠭ᠋ᠠᠨ ᠦᠵᠡᠬᠦ ᠪᠤᠶᠤ ᠳᠠᠷᠤᠮᠠᠯᠵᠤ ᠪᠣᠯᠤᠨ᠎ᠠ᠃ ᠴᠠᠭ᠋ᠠᠰᠤᠨ ᠦᠨᠡᠮᠯᠡᠯ ᠪᠣᠯᠤᠨ ᠡᠯᠧᠺᠲᠷᠣᠨ ᠦᠨᠡᠮᠯᠡᠯ ᠠᠳᠠᠯᠢᠬᠠᠨ ᠬᠠᠤᠯᠢ ᠵᠢᠨ ᠬᠦᠴᠦᠨ᠎ᠲᠡᠢ᠃
ᠨᠢᠭᠡᠨᠲᠡ ᠬᠢᠨᠠᠨ ᠣᠯᠭᠣᠭᠰᠠᠨ ᠴᠠᠭ᠋ᠠᠰᠤᠨ ᠦᠨᠡᠮᠯᠡᠯ᠎ᠤᠨ ᠮᠡᠳᠡᠭᠡ ᠵᠠᠩᠭᠢ᠎ᠨᠢ ᠤᠯᠤᠰ ᠪᠠ ᠥᠪᠡᠷᠲᠡᠭᠡᠨ ᠵᠠᠰᠠᠬᠤ ᠣᠷᠣᠨ᠎ᠤ ᠤᠭ᠎ᠤᠨ ᠰᠢᠰᠲ᠋ᠧᠮ᠎ᠠᠴᠠ ᠰᠢᠨ᠎ᠡ ᠬᠢᠨᠠᠨ ᠵᠥᠪᠰᠢᠶᠡᠷᠡᠬᠦ ᠰᠢᠰᠲ᠋ᠧᠮ᠎ᠳᠤ ᠰᠢᠭᠤᠳ ᠣᠷᠣᠭᠤᠯᠵᠤ᠂ ᠦᠨᠡᠮᠯᠡᠯ᠎ᠤᠨ ᠮᠡᠳᠡᠭᠡ ᠵᠠᠩᠭᠢ ᠵᠢᠨ ᠪᠦᠷᠢᠨ ᠪᠣᠰᠦ᠂ ᠬᠡᠪ᠎ᠤᠨ ᠶᠣᠰᠣᠭ᠋ᠠᠷ ᠢᠯᠭ᠋ᠠᠨ ᠲᠠᠨᠢᠵᠤ ᠦᠯᠦ ᠴᠢᠳᠠᠬᠤ ᠬᠢᠷᠢ ᠭᠡᠮ ᠪᠠ ᠬᠢᠷᠢ ᠭᠡᠮ᠎ᠤᠨ ᠲᠣᠭ᠎ᠠ ᠪᠠᠷᠢᠮᠲᠠ ᠵᠢ ᠡᠯ᠎ᠡ ᠱᠠᠲᠤᠨ᠎ᠤ ᠬᠢᠨᠠᠨ ᠵᠥᠪᠰᠢᠶᠡᠷᠡᠬᠦ ᠡᠷᠬᠡ ᠮᠠᠲᠠᠯ᠎ᠤᠨ ᠬᠡᠪᠴᠢᠶ᠎ᠡ ᠶᠣᠰᠣᠭ᠋ᠠᠷ᠂ ᠬᠢᠨᠠᠨ ᠵᠥᠪᠰᠢᠶᠡᠷᠡᠭᠦᠯᠵᠦ ᠰᠢᠨ᠎ᠡ ᠰᠢᠰᠲ᠋ᠧᠮ᠎ᠳᠤ ᠮᠡᠳᠡᠭᠡ ᠵᠠᠩᠭᠢ ᠵᠢ ᠨᠥᠬᠥᠵᠦ ᠲᠡᠮᠳᠡᠭᠯᠡᠬᠦ ᠵᠢᠨ ᠬᠠᠮᠲᠤ ᠡᠯᠧᠺᠲᠷᠣᠨ ᠦᠨᠡᠮᠯᠡᠯ ᠪᠣᠯᠭ᠋ᠠᠨ᠎ᠠ᠃ ᠠᠵᠢᠯ᠎ᠤᠨ ᠠᠬᠢᠴᠠ ᠵᠢ ᠦᠨᠳᠦᠰᠦᠯᠡᠨ᠂ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠨᠢ ᠴᠠᠭ᠋ᠠᠰᠤᠨ ᠦᠨᠡᠮᠯᠡᠯ ᠰᠣᠯᠢᠵᠤ ᠡᠯᠧᠺᠲᠷᠣᠨ ᠦᠨᠡᠮᠯᠡᠯ ᠣᠯᠭᠣᠬᠤ ᠠᠵᠢᠯ᠎ᠢ ᠥᠷᠨᠢᠭᠦᠯᠵᠦ᠂ ᠠᠵᠢᠯ ᠳᠠᠭᠤᠰᠤᠭᠰᠠᠨ᠎ᠤ ᠳᠠᠷᠠᠭ᠎ᠠ ᠨᠢᠭᠡᠨᠲᠡ ᠬᠢᠨᠠᠨ ᠣᠯᠭᠣᠭᠰᠠᠨ ᠤᠤᠯ᠎ᠤᠨ ᠴᠠᠭ᠋ᠠᠰᠤᠨ ᠦᠨᠡᠮᠯᠡᠯ᠎ᠨᠢ ᠠᠶᠠᠨᠳᠠᠭ᠋ᠠᠨ ᠬᠦᠴᠦᠨ ᠥᠬᠡᠢ ᠪᠣᠯᠵᠤ ᠪᠣᠳᠠᠲᠠᠢ ᠴᠠᠭ ᠬᠤᠭᠤᠴᠠᠭ᠎ᠠ ᠵᠢ ᠠᠰᠲᠤᠨᠢ ᠮᠡᠳᠡᠭᠳᠡᠨ᠎ᠡ᠃
ᠡᠯᠧᠺᠲᠷᠣᠨ ᠦᠨᠡᠮᠯᠡᠯ᠎ᠨᠢ PDF ᠬᠡᠯᠪᠡᠷᠢ ᠵᠢᠨ ᠪᠢᠴᠢᠭ ᠮᠠᠲ᠋ᠧᠷᠢᠶᠠᠯ ᠵᠶ᠋ᠠᠷ ᠠᠴᠢᠶᠠᠯᠠᠪᠤᠷᠢ ᠪᠣᠯᠭ᠋ᠠᠨ᠂ ᠳᠡᠭᠡᠷ᠎ᠡ᠎ᠨᠢ ᠦᠨᠡᠮᠯᠡᠯ ᠣᠯᠭᠣᠬᠤ ᠰᠠᠯᠠᠭ᠎ᠠ ᠮᠥᠴᠢᠷ᠎ᠤᠨ ᠲᠣᠭ᠋ᠠᠴᠢᠯᠠᠭᠰᠠᠨ ᠦᠨᠡᠮᠯᠡᠯ (CA) ᠭᠡᠷᠡᠴᠢᠯᠡᠭᠰᠡᠨ ᠡᠯᠧᠺᠲᠷᠣᠨ ᠭᠠᠷᠤᠨ ᠦᠰᠦᠭ ᠲᠠᠮᠠᠭ᠎ᠠ ᠳᠠᠷᠤᠵᠤ᠂ ᠵᠡᠷᠭᠡ᠎ᠪᠡᠷ ᠢᠵᠢ ᠪᠦᠷᠢᠯᠳᠦᠭᠦᠯᠦᠭᠰᠡᠨ ᠦᠨᠡᠮᠯᠡᠯ᠎ᠤᠨ ᠬᠣᠶᠠᠷ ᠬᠡᠮᠵᠢᠯ ᠺᠣᠳ᠋᠎ᠢ ᠡᠭᠦᠰᠬᠡᠵᠦ᠂ ᠦᠨᠡᠮᠯᠡᠯ᠎ᠤᠨ ᠬ᠋ᠡᠮᠵᠢᠶᠡᠨᠢ A4 (ᠡᠭᠴᠡ ᠬᠡᠪᠯᠡᠯ) ᠂ ᠡᠯᠧᠺᠲᠷᠣᠨ ᠦᠨᠡᠮᠯᠡᠯ᠎ᠨᠢ ᠵᠢᠩᠬᠢᠨᠢ ᠪᠠ ᠬᠠᠭᠤᠯᠪᠤᠷᠢ ᠳᠡᠪᠲᠡᠷ ᠬᠤᠪᠢᠶᠠᠬᠤ ᠦᠭᠡᠢ᠃
ᠡᠯᠧᠺᠲᠷᠣᠨ ᠦᠨᠡᠮᠯᠡᠯ᠎ᠤᠨ ᠨᠢᠭᠤᠷ ᠲᠠᠯ᠎ᠠ ᠵᠢᠨ ᠮᠡᠳᠡᠭᠡ ᠵᠠᠩᠭᠢ᠎ᠳᠤ ᠠᠵᠤ ᠠᠬᠤᠢ᠌ᠯᠠᠯ᠂ ᠠᠵᠢᠯᠲᠠᠨ᠎ᠤ ᠦᠨᠳᠦᠰᠦᠨ ᠮᠡᠳᠡᠭᠡ ᠵᠠᠩᠭᠢ᠂ ᠬᠢᠷᠢ ᠭᠡᠮ᠂ ᠬᠢᠷᠢ ᠭᠡᠮ᠎ᠤᠨ ᠮᠡᠳᠡᠭᠡ ᠵᠠᠩᠭᠢ᠂ ᠰᠢᠯᠭ᠋ᠠᠨ ᠭᠡᠷᠡᠴᠢᠯᠡᠬᠦ ᠬᠣᠶᠠᠷ ᠬᠡᠮᠵᠢᠯ ᠺᠣᠳ᠋᠂ ᠦᠨᠡᠮᠯᠡᠯ ᠣᠯᠭᠣᠭᠰᠠᠨ ᠪᠠᠢ᠌ᠭᠤᠯᠤᠮᠵᠢ᠂ ᠡᠯᠧᠺᠲᠷᠣᠨ ᠲᠠᠮᠠᠭ᠎ᠠ ᠵᠡᠷᠭᠡ ᠮᠡᠳᠡᠭᠡ ᠵᠠᠩᠭᠢ ᠵᠢ ᠪᠠᠭᠲᠠᠭ᠋ᠠᠨ᠎ᠠ᠃ ᠪᠣᠳᠠᠲᠠᠢ ᠮᠡᠳᠡᠭᠡ ᠵᠠᠩᠭᠢ ᠵᠢ ᠳᠠᠭ᠋ᠠᠯᠳᠤᠭᠤᠯᠤᠯ᠎ᠳᠤ ᠨᠠᠷᠢᠨ ᠦᠵᠡ᠃
ᠬᠣᠶᠠᠷ᠂ ᠡᠯᠧᠺᠲᠷᠣᠨ ᠦᠨᠡᠮᠯᠡᠯ᠎ᠢ ᠬᠢᠨᠠᠨ ᠣᠯᠭᠣᠬᠤ ᠪᠠ ᠬᠡᠷᠡᠭᠯᠡᠬᠦ ᠱᠠᠭ᠋ᠠᠷᠳᠠᠯᠭ᠎ᠠ
(ᠨᠢᠭᠡ) ᠦᠨᠡᠮᠯᠡᠯ᠎ᠢ ᠬᠢᠨᠠᠨ ᠣᠯᠭᠣᠬᠤ
ᠠᠵᠤ ᠠᠬᠤᠢ᠌ᠯᠠᠯ᠎ᠠᠴᠠ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠲᠣᠪᠴᠢᠶᠠᠨ᠎ᠤ ᠮᠡᠳᠡᠭᠡ ᠵᠠᠩᠭᠢ ᠵᠢᠨ ᠬᠠᠮᠢᠶᠠᠷᠤᠯᠲᠠ ᠵᠢᠨ ᠰᠢᠰᠲ᠋ᠧᠮ᠎ᠳᠤ ᠣᠷᠣᠵᠤ ᠬᠠᠮᠢᠶ᠎ᠠ ᠪᠦᠬᠦᠢ ᠬᠢᠷᠢ ᠭᠡᠮ᠎ᠤᠨ ᠭᠤᠶᠤᠴᠢᠯᠠᠯ ᠵᠶ᠋ᠠᠨ ᠲᠤᠰᠢᠶᠠᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠱᠠᠲᠤᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠭᠣᠣᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠠᠴᠠ ᠡᠷᠬᠡ ᠮᠠᠲᠠᠯ᠎ᠤᠨ ᠬᠡᠪᠴᠢᠶ᠎ᠡ ᠶᠣᠰᠣᠭ᠋ᠠᠷ ᠬᠦᠯᠢᠶᠡᠨ ᠠᠪᠴᠤ ᠰᠢᠢ᠍ᠳᠪᠦᠷᠢᠯᠡᠵᠦ᠂ ᠬᠢᠨᠠᠨ ᠬᠠᠷᠭᠤᠭᠤᠯᠵᠤ᠂ ᠭᠦᠢ᠍ᠴᠡᠳᠬᠡᠵᠦ ᠳᠠᠭᠤᠰᠤᠭᠰᠠᠨ᠎ᠤ ᠳᠠᠷᠠᠭ᠎ᠠ ᠡᠯᠧᠺᠲᠷᠣᠨ ᠦᠨᠡᠮᠯᠡᠯ ᠬᠠᠷᠭᠤᠭᠤᠯᠤᠨ ᠣᠯᠭᠣᠬᠤ ᠵᠢᠨ ᠬᠠᠮᠲᠤ ᠬᠥᠮᠥᠷᠭᠡ᠎ᠳᠤ ᠣᠷᠣᠭᠤᠯᠤᠨ᠂ ᠡᠯᠧᠺᠲᠷᠣᠨ ᠦᠨᠡᠮᠯᠡᠯ᠎ᠤᠨ ᠮᠡᠳᠡᠭᠡ ᠵᠠᠩᠭᠢ ᠵᠢ ᠵᠡᠷᠭᠡ᠎ᠪᠡᠷ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠶᠠᠮᠤᠨ᠎ᠤ ᠪᠦᠬᠦ ᠤᠯᠤᠰ᠎ᠤᠨ ᠪᠠᠷᠢᠯᠭ᠎ᠠ ᠵᠢᠨ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠣᠯᠠᠨ ᠨᠡᠢ᠍ᠲᠡ ᠵᠢᠨ ᠦᠢ᠍ᠯᠡᠴᠢᠯᠡᠭᠡ᠎ᠳᠤ ᠤᠯᠠᠮᠵᠢᠯᠠᠨ ᠳᠠᠮᠵᠢᠭᠤᠯᠤᠨ᠎ᠠ᠃
(ᠬᠣᠶᠠᠷ) ᠬᠡᠷᠡᠭᠯᠡᠬᠦ ᠱᠠᠭ᠋ᠠᠷᠳᠠᠯᠭ᠎ᠠ
2020 ᠣᠨ᠎ᠤ 8 ᠰᠠᠷ᠎ᠠ ᠵᠢᠨ 26᠎ᠤ ᠡᠳᠦᠷ᠎ᠠᠴᠠ ᠡᠬᠢᠯᠡᠨ᠂ ᠬᠢᠨᠠᠨ ᠣᠯᠭᠣᠭᠰᠠᠨ ᠡᠯᠧᠺᠲᠷᠣᠨ ᠦᠨᠡᠮᠯᠡᠯ᠎ᠤᠨ ᠮᠡᠳᠡᠭᠡ ᠵᠠᠩᠭᠢ ᠵᠢ 《ᠥᠪᠥᠷ ᠮᠣᠩᠭᠣᠯ᠎ᠤᠨ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠰᠦᠯᠵᠢᠶ᠎ᠡ》᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ》᠂ 《ᠮᠥᠩᠬᠡ ᠰᠤᠪᠣᠭ》 ᠳᠡᠭᠡᠷ᠎ᠡ ᠪᠠᠢ᠌ᠴᠠᠭ᠋ᠠᠨ ᠯᠠᠪᠯᠠᠵᠤ ᠰᠢᠯᠭ᠋ᠠᠨ ᠪᠠᠲᠤᠯᠠᠬᠤ ᠪᠤᠶᠤ ᠡᠯᠧᠺᠲᠷᠣᠨ ᠦᠨᠡᠮᠯᠡᠯ ᠳᠡᠭᠡᠷᠡᠬᠢ ᠬᠣᠶᠠᠷ ᠬᠡᠮᠵᠢᠯ ᠺᠣᠳ᠋ ᠵᠶ᠋ᠠᠷ ᠳᠠᠮᠵᠢᠭᠤᠯᠤᠨ ᠪᠠᠢ᠌ᠴᠠᠭ᠋ᠠᠨ ᠰᠢᠯᠭ᠋ᠠᠵᠤ ᠪᠣᠯᠤᠨ᠎ᠠ᠃ ᠡᠯ᠎ᠡ ᠬᠣᠯᠪᠣᠭᠳᠠᠯ ᠪᠦᠬᠦᠢ ᠰᠠᠯᠠᠭ᠎ᠠ ᠮᠥᠴᠢᠷ ᠪᠣᠯᠤᠨ ᠨᠢᠭᠡᠴᠡ᠎ᠠᠴᠠ ᠠᠵᠤ ᠠᠬᠤᠢ᠌ᠯᠠᠯ ᠪᠣᠯᠤᠨ ᠬᠤᠪᠢ ᠬᠥᠮᠦᠨ᠎ᠤ ᠬᠠᠩᠭ᠋ᠠᠭᠰᠠᠨ ᠡᠯᠧᠺᠲᠷᠣᠨ ᠦᠨᠡᠮᠯᠡᠯ᠎ᠢ ᠰᠢᠯᠭ᠋ᠠᠨ ᠨᠤᠲᠠᠯᠠᠭᠰᠠᠨ᠎ᠤ ᠳᠠᠷᠠᠭ᠎ᠠ ᠴᠠᠭ᠋ᠠᠰᠤᠨ ᠦᠨᠡᠮᠯᠡᠯ ᠬᠠᠩᠭ᠋ᠠᠯᠭ᠋ᠠᠬᠤ᠎ᠪᠠᠷ ᠱᠠᠭ᠋ᠠᠷᠳᠠᠬᠤ ᠦᠭᠡᠢ᠃
ᠳᠠᠭ᠋ᠠᠯᠳᠤᠭᠤᠯᠤᠯ᠄ ᠠᠶᠤᠯ ᠦᠭᠡᠢ ᠦᠢ᠍ᠯᠡᠳᠪᠦᠷᠢᠯᠡᠯ᠎ᠤᠨ ᠵᠥᠪᠰᠢᠶᠡᠷᠡᠬᠦ ᠭᠡᠷᠡᠴᠢ᠂ ᠪᠠᠷᠢᠯᠭ᠎ᠠ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ᠂ ᠭᠡᠷ ᠪᠠᠢ᠌ᠰᠢᠩ ᠭᠠᠵᠠᠷ ᠬᠥᠷᠥᠩᠭᠡ ᠵᠢᠨ ᠨᠡᠭᠡᠭᠡᠯᠲᠡ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ᠂ ᠭᠡᠷ ᠪᠠᠢ᠌ᠰᠢᠩ ᠭᠠᠵᠠᠷ ᠬᠥᠷᠥᠩᠭᠡ ᠵᠢᠨ ᠨᠡᠭᠡᠭᠡᠯᠲᠡ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ (ᠲᠦᠷ ᠳᠣᠭᠳᠠᠭᠰᠠᠨ)᠂ ᠬᠣᠶᠠᠳᠤᠭ᠋ᠠᠷ ᠳᠡᠰ᠎ᠤᠨ ᠳᠠᠩᠰᠠᠯᠠᠭᠤᠯᠤᠭᠰᠠᠨ ᠪᠠᠷᠢᠯᠭ᠎ᠠ ᠴᠣᠭᠴᠠᠯᠠᠭᠴᠢ ᠂ 《ᠭᠤᠷᠪᠠᠨ ᠲᠥᠷᠥᠯ᠎ᠤᠨ ᠬᠥᠮᠦᠰ》᠎ᠤᠨ ᠡᠯᠧᠺᠲᠷᠣᠨ ᠦᠨᠡᠮᠯᠡᠯ᠎ᠤᠨ ᠶᠠᠩᠵᠤ ᠬᠡᠯᠪᠡᠷᠢ
2020 ᠣᠨ᠎ᠤ 8 ᠰᠠᠷ᠎ᠠ ᠵᠢᠨ 19᠎ᠤ ᠡᠳᠦᠷ
ᠳᠠᠭ᠋ᠠᠯᠳᠤᠭᠤᠯᠤᠯ ᠮᠠᠲ᠋ᠧᠷᠢᠶᠠᠯ
ᠠᠶᠤᠯ ᠦᠭᠡᠢ ᠦᠢ᠍ᠯᠡᠳᠪᠦᠷᠢᠯᠡᠯ᠎ᠤᠨ ᠵᠥᠪᠰᠢᠶᠡᠷᠡᠬᠦ ᠭᠡᠷᠡᠴᠢ ᠵᠢᠨ ᠦᠨᠡᠮᠯᠡᠯ᠎ᠤᠨ ᠡᠯᠧᠺᠲᠷᠣᠨ ᠦᠨᠡᠮᠯᠡᠯ᠎ᠤᠨ ᠶᠠᠩᠵᠤ ᠬᠡᠯᠪᠡᠷᠢ
ᠪᠠᠷᠢᠯᠭ᠎ᠠ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ᠎ᠤᠨ ᠡᠯᠧᠺᠲᠷᠣᠨ ᠦᠨᠡᠮᠯᠡᠯ᠎ᠤᠨ ᠶᠠᠩᠵᠤ ᠬᠡᠯᠪᠡᠷᠢ
ᠭᠡᠷ ᠪᠠᠢ᠌ᠰᠢᠩ ᠭᠠᠵᠠᠷ ᠬᠥᠷᠥᠩᠭᠡ ᠵᠢᠨ ᠨᠡᠭᠡᠭᠡᠯᠲᠡ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ᠎ᠤᠨ ᠡᠯᠧᠺᠲᠷᠣᠨ ᠦᠨᠡᠮᠯᠡᠯ᠎ᠤᠨ ᠶᠠᠩᠵᠤ ᠬᠡᠯᠪᠡᠷᠢ
ᠭᠡᠷ ᠪᠠᠢ᠌ᠰᠢᠩ ᠭᠠᠵᠠᠷ ᠬᠥᠷᠥᠩᠭᠡ ᠵᠢᠨ ᠨᠡᠭᠡᠭᠡᠯᠲᠡ ᠵᠢᠨ ᠠᠵᠤ ᠠᠬᠤᠢ᠌ᠯᠠᠯ᠎ᠤᠨ ᠬᠢᠷᠢ ᠭᠡᠮ᠎ᠤᠨ ᠦᠨᠡᠮᠯᠡᠯ (ᠲᠦᠷ ᠳᠣᠭᠳᠠᠭᠰᠠᠨ) ᠤᠨ ᠡᠯᠧᠺᠲᠷᠣᠨ ᠦᠨᠡᠮᠯᠡᠯ᠎ᠤᠨ ᠶᠠᠩᠵᠤ ᠬᠡᠯᠪᠡᠷᠢ
ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠬᠣᠶᠠᠳᠤᠭ᠋ᠠᠷ ᠳᠡᠰ᠎ᠤᠨ ᠪᠠᠷᠢᠯᠭ᠎ᠠ ᠴᠣᠭᠴᠠᠯᠠᠭᠴᠢ ᠵᠢ ᠳᠠᠩᠰᠠᠯᠠᠬᠤ ᠦᠨᠡᠮᠯᠡᠯ᠎ᠤᠨ ᠡᠯᠧᠺᠲᠷᠣᠨ᠎ᠤ ᠦᠨᠡᠮᠯᠡᠯ᠎ᠤᠨ ᠶᠠᠩᠵᠤ ᠬᠡᠯᠪᠡᠷᠢ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠣᠨ ᠰᠠᠭᠤᠴᠠ ᠪᠠ ᠬᠣᠲᠠ ᠬᠥᠳᠡᠭᠡ ᠵᠢᠨ ᠪᠦᠲᠦᠭᠡᠨ ᠪᠠᠢ᠌ᠭᠤᠯᠤᠯᠲᠠ ᠵᠢᠨ ᠲᠢᠩᠬᠢᠮ᠎ᠤᠨ ᠠᠶᠤᠯ ᠦᠭᠡᠢ ᠦᠢ᠍ᠯᠡᠳᠪᠦᠷᠢᠯᠡᠯ᠎ᠤᠨ ᠬᠢᠨᠠᠨ ᠰᠢᠯᠭ᠋ᠠᠯᠲᠠ᠎ᠳᠤ ᠬᠢᠷᠢ ᠲᠡᠩᠴᠡᠭᠰᠡᠨ ᠦᠨᠡᠮᠯᠡᠯ᠎ᠤᠨ ᠡᠯᠧᠺᠲᠷᠣᠨ ᠦᠨᠡᠮᠯᠡᠯ᠎ᠤᠨ ᠶᠠᠩᠵᠤ ᠬᠡᠯᠪᠡᠷᠢ