ᠯᠢ ᠺᠧ ᠴᠢᠶᠠᠩ᠄ ᠡᠷᠲᠡᠨ ᠤ ᠰᠢᠯᠦᠭ ᠲᠤ ︽ᠭᠡᠷ ᠤᠨ ᠵᠠᠬᠢᠲᠠᠯ ᠲᠦᠮᠡᠨ ᠯᠠᠩ︾ ᠭᠡᠳᠡᠭ ᠢᠶᠠᠷ ︽ᠪᠣᠣᠬᠢᠶᠠᠯᠲᠠ ᠬᠦᠷᠭᠡᠯᠲᠡ ᠬᠦᠮᠦᠰ ᠤᠨ ᠰᠡᠳᠭᠢᠯ ᠢ ᠳᠤᠯᠠᠭᠠᠴᠠᠭᠤᠯᠵᠤ ᠪᠠᠶᠢᠨ᠎ᠠ︾
ᠨᠡᠶᠢᠲᠡᠯᠡᠭᠰᠡᠨ ᠴᠠᠭ᠄
2021/2/18
      ᠯᠢ ᠺᠧ ᠴᠢᠶᠠᠩ 2 ᠰᠠᠷ᠎ᠠ ᠶᠢᠨ 7 ᠤ ᠡᠳᠦᠷ ᠱᠠᠨ ᠰᠢ ᠶᠢᠨ ᠶᠦᠨ ᠴᠧᠩ ᠬᠤᠲᠠ ᠶᠢᠨ ᠵᠦᠩ ᠲᠤᠩ ᠪᠣᠣᠬᠢᠶᠠᠯᠲᠠ ᠬᠦᠷᠭᠡᠯᠲᠡ ᠶᠢᠨ ᠲᠠᠷᠬᠠᠭᠠᠯᠲᠠ ᠶᠢᠨ ᠲᠥᠪ ᠢ ᠲᠣᠭᠤᠷᠢᠨ ᠦᠵᠡᠪᠡ᠃ ᠠᠵᠤ ᠠᠬᠤᠢ ᠶᠢᠨ ᠬᠠᠷᠢᠭᠤᠴᠠᠯᠭᠠᠲᠠᠨ ᠠᠴᠠ ᠶᠡᠷᠣᠩᠬᠡᠢ ᠰᠠᠶᠢᠳ ᠳᠤ ᠡᠨᠡ ᠵᠢᠯ ᠤᠨ ᠴᠠᠭᠠᠨ ᠰᠠᠷ᠎ᠠ ᠶᠢᠨ ᠪᠣᠣᠬᠢᠶᠠᠯᠲᠠ ᠬᠦᠷᠭᠡᠯᠲᠡ ᠶᠢᠨ ᠬᠡᠷᠡᠭᠴᠡᠭᠡ ᠡᠩ ᠤᠨ ᠬᠢ ᠠᠴᠠ ᠵᠠᠭᠤᠨ ᠤ ᠭᠤᠴᠢ ᠪᠠᠷ ᠨᠡᠮᠡᠭᠳᠡᠵᠦ᠂ ᠲᠡᠳᠡ ᠤᠯᠤᠰ ᠤᠨ ᠤᠷᠢᠶᠠᠯᠠᠭ᠎ᠠ ᠶᠢ ᠳᠠᠭᠠᠵᠤ᠂ ᠡᠭᠦᠳᠡ ᠪᠠᠨ ᠬᠠᠭᠠᠬᠤ ᠦᠭᠡᠢ᠂ ᠰᠦᠯᠵᠢᠶ᠎ᠡ ᠠᠮᠠᠷᠠᠬᠤ ᠦᠭᠡᠢ᠂ ᠬᠦᠷᠦᠩᠭᠡ ᠮᠦᠩᠭᠦ ᠳᠠᠷᠤᠬᠤ ᠦᠭᠡᠢ ᠪᠠᠷ ᠣᠯᠠᠨ ᠲᠦᠮᠡᠨ ᠤ ᠠᠮᠢᠳᠤᠷᠠᠯ ᠤᠨ ᠴᠢᠬᠤᠯᠠ ᠬᠡᠷᠡᠭᠯᠡᠭᠡᠨ ᠤ ᠵᠦᠢᠯ ᠢ ᠴᠠᠭ ᠲᠣᠬᠠᠢ ᠳᠤ ᠨᠢ ᠬᠡᠷᠡᠭᠯᠡᠭᠴᠢᠳ ᠲᠤ ᠬᠦᠷᠭᠡᠬᠦ ᠬᠡᠷᠡᠭᠲᠡᠢ᠃     ᠪᠣᠣᠬᠢᠶᠠᠯᠲᠠ ᠬᠦᠷᠭᠡᠯᠲᠡ ᠶᠢᠨ ᠦᠢᠯᠡᠰ ᠨᠢ ᠠᠵᠤ ᠠᠬᠤᠢ ᠶᠢᠨ ᠠᠵᠢᠯᠯᠠᠭᠠᠨ ᠤ ᠴᠢᠬᠤᠯᠠ ᠰᠤᠳᠠᠰᠤ ᠪᠣᠯᠵᠤ ᠪᠠᠶᠢᠨ᠎ᠠ ᠭᠡᠵᠦ ᠯᠢ ᠺᠧ ᠴᠢᠶᠠᠩ ᠬᠡᠯᠡᠪᠡ᠃ ᠡᠷᠲᠡᠨ ᠤ ᠰᠢᠯᠦᠭ ᠲᠤ ︽ᠭᠡᠷ ᠤᠨ ᠵᠠᠬᠢᠲᠠᠯ ᠲᠦᠮᠡᠨ ᠯᠠᠩ︾ ᠭᠡᠳᠡᠭ ᠢᠶᠠᠷ ︽ᠪᠣᠣᠬᠢᠶᠠᠯᠲᠠ ᠬᠦᠷᠭᠡᠯᠲᠡ ᠬᠦᠮᠦᠰ ᠤᠨ ᠰᠡᠳᠭᠢᠯ ᠢ ᠳᠤᠯᠠᠭᠠᠴᠠᠭᠤᠯᠵᠤ ᠪᠠᠶᠢᠨ᠎ᠠ︾ ᠭᠡᠵᠡᠢ᠃ ᠶᠦᠨ ᠴᠧᠩ ᠬᠤᠲᠠ ᠪᠣᠯ ᠠᠵᠤ ᠵᠠᠪᠰᠢᠶᠠᠨ ᠰᠠᠶᠢᠨ ᠬᠤᠲᠠ᠂ ᠭᠡᠪᠡᠴᠤ ᠠᠵᠤ ᠵᠠᠪᠰᠢᠶᠠᠨ ᠨᠢ ᠲᠡᠭᠷᠢ ᠳᠡᠭᠡᠷ᠎ᠡ ᠠᠴᠠ ᠣᠨᠠᠵᠤ ᠢᠷᠡᠭᠰᠡᠨ ᠪᠢᠰᠢ᠂ ᠬᠠᠷᠢᠨ ᠲᠡᠳᠡᠨᠤᠰ ᠤᠨ ᠠᠮᠢ ᠲᠡᠮᠡᠴᠡᠨ ᠰᠢᠷᠭᠠᠭᠤ ᠬᠠᠲᠠᠭᠤᠵᠢᠯᠲᠠᠢ ᠲᠡᠮᠡᠴᠡᠬᠦ ᠳᠤ ᠲᠦᠰᠢᠭᠯᠡᠨ᠎ᠡ᠃ ᠲᠠ ᠨᠠᠷ ᠲᠤ ᠠᠵᠤ ᠵᠠᠪᠰᠢᠶᠠᠨ ᠬᠦᠰᠡᠬᠦ ᠶᠢᠨ ᠬᠠᠮᠲᠤ ᠠᠯᠢᠪᠠ ᠪᠦᠬᠦᠨ ᠰᠠᠶᠢᠨ ᠰᠠᠶᠢᠬᠠᠨ ᠪᠠᠶᠢᠬᠤ ᠶᠢ ᠬᠦᠰᠡᠨ ᠵᠦᠩᠨᠡᠶ᠎ᠡ᠃
ᠢᠷᠡᠯᠲᠡ᠄ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠣᠯᠲᠠ ᠶᠢᠨ ᠲᠢᠩᠬᠢᠮ