ᠪᠠᠷᠢᠯᠭ᠎ᠠ ᠶᠢᠨ ᠠᠵᠢᠯ ᠤᠨ ᠣᠨᠴᠠ ᠲᠥᠷᠥᠯ ᠤᠨ ᠠᠵᠢᠯ ᠬᠢᠭᠰᠡᠳ ᠤᠨ ᠰᠦᠯᠵᠢᠶᠡᠨ ᠳᠡᠭᠡᠷᠡᠬᠢ ᠦᠷᠭᠦᠯᠵᠢᠯᠡᠭᠰᠡᠨ ᠰᠤᠷᠭᠠᠨ ᠬᠥᠮᠦᠵᠢᠯ ᠤᠨ ᠠᠵᠢᠯ ᠢ ᠥᠷᠨᠢᠭᠦᠯᠬᠦ ᠲᠤᠬᠠᠶ ᠮᠡᠳᠡᠭᠳᠡᠯ
ᠨᠡᠶᠢᠲᠡᠯᠡᠭᠰᠡᠨ ᠴᠠᠭ᠄
2023/1/9
    ᠡᠯ᠎ᠡ ᠬᠠᠮᠢᠶ᠎ᠠ ᠪᠦᠬᠦᠢ ᠠᠵᠤ ᠠᠬᠤᠶᠢᠯᠠᠯ ᠵᠢᠴᠢ ᠠᠵᠢᠯᠲᠠᠨ᠄    ᠠᠵᠢᠯ ᠤᠨ ᠬᠡᠷᠡᠭᠴᠡᠭᠡ ᠪᠠᠨ ᠦᠨᠳᠦᠰᠦᠯᠡᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠦᠲᠦᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠶᠠᠰᠤ ᠴᠢᠨᠠᠷ ᠢ ᠪᠠᠶᠢᠴᠠᠭᠠᠨ ᠬᠡᠮᠵᠢᠵᠦ ᠬᠢᠨᠠᠨ ᠲᠣᠭᠲᠠᠭᠠᠬᠤ ᠪᠠ ᠡᠨᠧᠷᠭᠢ ᠶᠢᠨ ᠦᠷ᠎ᠡ ᠠᠰᠢᠭ ᠢ ᠬᠡᠮᠵᠢᠨ ᠲᠣᠭᠲᠠᠭᠠᠬᠤ ᠲᠥᠪ ᠲᠤᠰ ᠮᠡᠳᠡᠭᠳᠡᠯ ᠢ ᠪᠠᠭᠤᠯᠭᠠᠭᠰᠠᠨ ᠡᠳᠦᠷ ᠠᠴᠠ ᠡᠬᠢᠯᠡᠨ᠂ ᠪᠠᠷᠢᠯᠭ᠎ᠠ ᠪᠠᠷᠢᠬᠤ ᠣᠨᠴᠠ ᠲᠥᠷᠥᠯ ᠤᠨ ᠠᠵᠢᠯ ᠬᠢᠭᠰᠡᠳ ᠤᠨ ᠦᠷᠭᠦᠯᠵᠢᠯᠡᠭᠰᠡᠨ ᠰᠤᠷᠭᠠᠨ ᠬᠥᠮᠦᠵᠢᠯ ᠤᠨ ᠠᠵᠢᠯ ᠢ ᠥᠷᠨᠢᠭᠦᠯᠦᠨ᠎ᠡ᠂ ᠡᠳᠦᠭᠡ ᠬᠤᠯᠪᠣᠭᠳᠠᠯ ᠪᠦᠬᠦᠢ ᠤᠴᠢᠷ ᠢ ᠳᠣᠣᠷᠠᠬᠢ ᠮᠡᠲᠦ ᠮᠡᠳᠡᠭᠳᠡᠶ᠎ᠡ᠄    ᠨᠢᠭᠡ᠂ ᠪᠣᠯᠪᠠᠰᠤᠷᠠᠭᠤᠯᠬᠤ ᠡᠲᠡᠭᠡᠳ    ᠦᠨᠡᠮᠯᠡᠯ ᠤᠨ ᠬᠦᠴᠦᠨ ᠲᠠᠢ ᠬᠤᠭᠤᠴᠠᠭᠠᠨ ᠳᠤ ᠬᠤᠶᠢᠰᠢᠯᠠᠭᠤᠯᠤᠨ ᠳᠠᠬᠢᠨ ᠬᠢᠨᠠᠬᠤ ᠴᠢᠬᠤᠯᠠᠲᠠᠶ ᠪᠠᠷᠢᠯᠭ᠎ᠠ ᠪᠠᠷᠢᠬᠤ ᠣᠨᠴᠠ ᠲᠥᠷᠥᠯ ᠤᠨ ᠠᠵᠢᠯ ᠬᠢᠭᠰᠡᠳ᠂ ᠴᠠᠬᠢᠯᠭᠠᠨ ᠭᠠᠩᠨᠠᠭᠤᠷᠴᠢᠨ᠂ ᠪᠠᠷᠢᠯᠭ᠎ᠠ ᠶᠢᠨ ᠲᠡᠭᠦᠵᠢ ᠶᠢᠨ ᠳᠣᠬᠢᠶᠠᠨ ᠤ ᠠᠵᠢᠯᠴᠢᠨ᠂ ᠰᠤᠪᠤᠷᠭᠠᠯᠢᠭ ᠡᠷᠭᠦᠭᠦᠷ ᠮᠠᠰᠢᠨ ᠢ ᠤᠭᠰᠠᠷᠠᠵᠤ ᠪᠠᠭᠤᠯᠭᠠᠬᠤ ᠠᠵᠢᠯᠴᠢᠨ᠂ ᠰᠢᠷᠣᠶ ᠲᠦᠯᠬᠢᠬᠦ᠂ ᠬᠤᠰᠤᠨ ᠵᠥᠭᠡᠭᠡᠪᠦᠷᠢᠯᠡᠬᠦ ᠮᠠᠰᠢᠨ ᠤ ᠵᠢᠯᠣᠭᠤᠴᠢ ︵ᠣᠨᠴᠠ ᠲᠥᠷᠥᠯ ᠤᠨ︶᠂ ᠪᠠᠷᠢᠯᠭ᠎ᠠ ᠶᠢᠨ ᠴᠠᠬᠢᠯᠭᠠᠨ ᠤ ᠠᠵᠢᠯᠴᠢᠨ᠂ ᠰᠤᠪᠤᠷᠭᠠᠯᠢᠭ ᠡᠷᠭᠦᠭᠦᠷ ᠮᠠᠰᠢᠨ ᠤ ᠵᠢᠯᠣᠭᠤᠴᠢ᠂ ᠪᠠᠷᠢᠯᠭ᠎ᠠ ᠶᠢᠨ ᠴᠠᠬᠤᠯᠠᠭᠤᠷᠴᠢᠨ ︵ᠡᠩ ᠤᠨ ᠴᠠᠬᠤᠯᠠᠭᠤᠷ︶᠂ ᠠᠴᠢᠶᠠᠯᠠᠬᠤ ᠮᠠᠰᠢᠨ ᠤ ᠵᠢᠯᠣᠭᠤᠴᠢ᠂ ᠤᠬᠤᠭᠤᠷ ᠮᠠᠰᠢᠨ ᠤ ᠵᠢᠯᠣᠭᠤᠴᠢ᠂ ᠡᠳ᠋ ᠮᠠᠲ᠋ᠧᠷᠢᠶᠠᠯ ᠳᠡᠭᠡᠭᠰᠢᠯᠡᠭᠦᠯᠬᠦ ᠮᠠᠰᠢᠨ ᠤ ᠵᠢᠯᠣᠭᠤᠴᠢ᠂ ᠪᠠᠷᠢᠯᠭ᠎ᠠ ᠶᠢᠨ ᠡᠷᠭᠦᠭᠦᠷ ᠮᠠᠰᠢᠨ ᠤ ᠵᠢᠯᠣᠭᠤᠴᠢ᠂ ᠡᠳ᠋ ᠮᠠᠲ᠋ᠧᠷᠢᠶᠠᠯ ᠡᠷᠭᠦᠬᠦ ᠮᠠᠰᠢᠨ ᠤᠭᠰᠠᠷᠠᠵᠤ ᠪᠠᠭᠤᠯᠭᠠᠬᠤ ᠠᠵᠢᠯᠴᠢᠨ᠂ ᠪᠠᠷᠢᠯᠭ᠎ᠠ ᠶᠢᠨ ᠡᠷᠭᠦᠭᠦᠷ ᠮᠠᠰᠢᠨ ᠤᠭᠰᠠᠷᠠᠵᠤ ᠪᠠᠭᠤᠯᠭᠠᠬᠤ ᠠᠵᠢᠯᠴᠢᠨ᠂ ᠪᠠᠷᠢᠯᠭ᠎ᠠ ᠶᠢᠨ ᠵᠢᠶᠠᠰᠠ ᠶᠢᠨ ᠠᠵᠢᠯᠴᠢᠨ ︵ᠳᠠᠭᠠᠯᠲᠠ ᠡᠷᠭᠦᠭᠦᠷ ᠴᠠᠬᠤᠯᠠᠭᠤᠷ︶᠂ ᠥᠨᠳᠥᠷ ᠭᠠᠵᠠᠷ ᠲᠤ ᠠᠵᠢᠯᠯᠠᠬᠤ ᠳᠡᠭᠦᠵᠢᠯᠡᠭᠦᠷ ᠤᠭᠰᠠᠷᠠᠵᠤ ᠪᠠᠭᠤᠯᠭᠠᠬᠤ ᠠᠵᠢᠯᠴᠢᠨ᠂ ᠭᠠᠳᠠᠷ ᠬᠡᠷᠡᠮ ᠤᠨ ᠳᠤᠯᠠᠭᠠᠨ ᠬᠠᠮᠠᠭᠠᠯᠠᠭᠴᠢ ᠲᠠᠭᠠᠷᠠᠭᠤᠯᠬᠤ ᠠᠵᠢᠯᠴᠢᠨ᠃    ᠬᠤᠶᠠᠷ᠂ ᠨᠡᠷ᠎ᠡ ᠮᠡᠳᠡᠭᠦᠯᠬᠦ ᠠᠷᠭ᠎ᠠ ᠮᠠᠶ᠋ᠢᠭ    ᠨᠡᠷ᠎ᠡ ᠮᠡᠳᠡᠭᠦᠯᠬᠦ ᠠᠷᠭ᠎ᠠ ᠮᠠᠶ᠋ᠢᠭ ᠨᠢᠭᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ ᠤᠨ ᠠᠯᠪᠠᠨ ᠰᠦᠯᠵᠢᠶ᠎ᠡ ᠳᠤ ᠭᠠᠷᠴᠤ᠂ ᠵᠡᠭᠦᠨ ᠳᠣᠤᠷ᠎ᠠ ᠥᠨᠴᠥᠭ ᠲᠤ ᠬᠦᠷᠲᠡᠯ᠎ᠡ ᠳᠣᠷᠣᠭᠰᠢᠯᠠᠭᠤᠯᠤᠨ᠂ ︽ᠠᠵᠢᠯ ᠶᠠᠪᠤᠳᠠᠯ ᠭᠦᠢᠴᠡᠳᠭᠡᠬᠦ ᠦᠢᠯᠡᠴᠢᠯᠡᠭᠡ︾ ᠶᠢ ᠡᠷᠢᠵᠦ ᠣᠯᠤᠭᠠᠳ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠠᠵᠢᠯ ᠲᠥᠷᠥᠯ ᠤᠨ ᠠᠵᠢᠯᠯᠠᠭᠰᠠᠳ ᠤᠨ ᠪᠣᠯᠪᠠᠰᠤᠷᠠᠭᠤᠯᠤᠯ ᠪᠠ ᠰᠢᠯᠭᠠᠨ ᠬᠢᠨᠠᠬᠤ ᠮᠡᠳᠡᠭᠡ ᠵᠠᠩᠭᠢ ᠶᠢᠨ ᠬᠠᠮᠢᠶᠠᠷᠤᠯᠲᠠ ᠶᠢᠨ ᠰᠢᠰᠲ᠋ᠧᠮ︾ ᠢ ᠲᠣᠪᠴᠢᠳᠠᠨ ᠳᠠᠩᠰᠠᠯᠠᠭᠤᠯᠵᠤ ᠨᠡᠷ᠎ᠡ ᠮᠡᠳᠡᠭᠦᠯᠦᠨ᠎ᠡ᠃    ᠨᠡᠷ᠎ᠡ ᠮᠡᠳᠡᠭᠦᠯᠬᠦ ᠠᠷᠭ᠎ᠠ ᠬᠡᠯᠪᠡᠷᠢ ᠬᠤᠶᠠᠷ᠄ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠠᠵᠢᠯ ᠲᠥᠷᠥᠯ ᠤᠨ ᠠᠵᠢᠯᠯᠠᠭᠰᠠᠳ ᠤᠨ ᠪᠣᠯᠪᠠᠰᠤᠷᠠᠭᠤᠯᠤᠯ ᠤᠨ ᠰᠢᠯᠭᠠᠨ ᠬᠢᠨᠠᠬᠤ ᠮᠡᠳᠡᠭᠡ ᠵᠠᠩᠭᠢ ᠶᠢᠨ ᠬᠠᠮᠢᠶᠠᠷᠤᠯᠲᠠ ᠶᠢᠨ ᠰᠢᠰᠲ᠋ᠧᠮ︾ ︵https᠄ //ksxt.lwglfw.cn᠄ 200/︶ ᠳᠤ ᠭᠠᠷᠴᠤ ᠳᠠᠩᠰᠠᠯᠠᠭᠤᠯᠤᠨ ᠨᠡᠷ᠎ᠡ ᠮᠡᠳᠡᠭᠦᠯᠦᠨ᠎ᠡ᠃    ᠭᠤᠷᠪᠠ᠂ ᠪᠣᠯᠪᠠᠰᠤᠷᠠᠭᠤᠯᠤᠯ ᠤᠨ ᠰᠤᠷᠤᠯᠴᠠᠬᠤ ᠴᠠᠭ ᠵᠢᠴᠢ ᠵᠠᠷᠤᠳᠠᠯ    ᠠᠵᠢᠯ ᠲᠥᠷᠥᠯ ᠪᠦᠷᠢ ᠨᠢ ᠵᠢᠯ ᠪᠦᠷᠢ 24 ᠬᠢᠴᠢᠶᠡᠯ ᠤᠨ ᠴᠠᠭ᠂ ᠵᠠᠷᠤᠳᠠᠯ 144 ᠲᠥᠭᠦᠷᠢᠭ᠃ ᠰᠣᠷᠣᠯᠴᠠᠬᠤ ᠴᠠᠭ ᠢ ᠭᠦᠢᠴᠡᠳᠬᠡᠭᠰᠡᠨ ᠤ ᠳᠠᠷᠠᠭ᠎ᠠ ᠰᠢᠯᠭᠠᠯᠲᠠ ᠬᠢᠵᠦ᠂ ᠬᠢᠷᠢ ᠲᠡᠩᠴᠡᠭᠰᠡᠨ ᠳᠤ ᠨᠢ ᠰᠣᠷᠣᠯᠴᠠᠬᠤ ᠴᠠᠭ ᠤᠨ ᠭᠡᠷᠡᠴᠢ ᠣᠯᠭᠤᠵᠤ᠂ ᠳᠠᠬᠢᠨ ᠬᠢᠨᠠᠬᠤ ᠶᠢ ᠬᠤᠶᠢᠰᠢᠯᠠᠭᠤᠯᠬᠤ ᠶᠢᠨ ᠵᠠᠪᠠᠯ ᠪᠦᠷᠢᠯᠳᠦᠭᠦᠯᠬᠦ ᠨᠥᠬᠦᠴᠡᠯ ᠪᠣᠯᠭᠠᠨ᠎ᠠ᠃    ᠲᠦᠷᠪᠡ᠂ ᠬᠠᠷᠢᠯᠴᠠᠬᠤ ᠬᠡᠯᠪᠡᠷᠢ    ᠬᠡᠷᠪᠡ ᠰᠢᠰᠲ᠋ᠧᠮ ᠢ ᠠᠵᠢᠯᠯᠠᠭᠤᠯᠬᠤ ᠠᠰᠠᠭᠤᠳᠠᠯ ᠲᠤᠯᠭᠠᠷᠠᠪᠠᠯ 4000471859 ᠳᠤ ᠤᠲᠠᠰᠤᠳᠠᠭᠠᠷᠠᠶ︔    ᠬᠡᠷᠪᠡ ᠲᠥᠷᠥ ᠶᠢᠨ ᠪᠣᠳᠣᠯᠭ᠎ᠠ ᠶᠢᠨ ᠲᠤᠬᠠᠶᠢᠯᠠᠭᠰᠠᠨ ᠠᠵᠢᠯ ᠤᠨ ᠠᠰᠠᠭᠤᠳᠠᠯ ᠪᠠᠶᠢᠪᠠᠯ᠂ 0471 - 3240927᠂ 3240924 ᠳᠤ ᠤᠲᠠᠰᠤᠳᠠᠭᠠᠷᠠᠶ᠃    ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠦᠲᠦᠭᠡᠨ ᠪᠠᠶᠢᠭᠤᠯᠤᠯᠲᠠ ᠶᠢᠨ ᠪᠠᠷᠢᠯᠭ᠎ᠠ ᠶᠢᠨ ᠶᠠᠰᠤ ᠴᠢᠨᠠᠷ ᠢ ᠰᠢᠯᠭᠠᠨ ᠪᠠᠶᠢᠴᠠᠭᠠᠵᠤ ᠬᠢᠨᠠᠨ ᠲᠣᠭᠲᠠᠭᠠᠬᠤ ᠪᠠ ᠡᠨᠧᠷᠭᠢ ᠶᠢᠨ ᠦᠷ᠎ᠡ ᠠᠰᠢᠭ ᠢ ᠰᠢᠯᠭᠠᠨ ᠲᠣᠭᠲᠠᠭᠠᠬᠤ ᠲᠥᠪ                                   2023 ᠣᠨ ᠤ 1 ᠳ᠋ᠦ᠋ᠭᠡᠷ ᠰᠠᠷ᠎ᠠ ᠶᠢᠨ 9 ᠤ ᠡᠳᠦᠷ 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠢᠩᠬᠢᠮ