ᠵᠠᠬᠢᠳᠠᠯ ᠰᠣᠷᠪᠣᠯᠵᠢᠯᠠᠭᠴᠢ ᠶᠢᠨ ᠨᠡᠷ᠎ᠡ᠄ ᠸᠠᠩ ᠣᠪᠣᠭᠲᠤ | ᠵᠠᠬᠢᠳᠠᠯ ᠢᠷᠡᠭᠦᠯᠣᠭ᠍ᠰᠡᠨ ᠴᠠᠭ᠄ 2025-03-11 | ᠵᠠᠬᠢᠳᠠᠯ ᠤᠨ ᠭᠤᠣᠯ ᠰᠡᠳᠦᠪ᠄ ᠠᠵᠢᠯᠲᠠᠨ ᠤ ᠳᠠᠩᠰᠠᠯᠠᠭᠤᠯᠤᠭᠰᠠᠨ ᠦᠨᠡᠮᠯᠡᠯ | ᠵᠠᠬᠢᠳᠠᠯ ᠤᠨ ᠠᠭᠤᠯᠭ᠎ᠠ᠄ ᠶᠠᠮᠠᠷ ᠶᠠᠮᠠᠷ ᠠᠵᠢᠯᠲᠠᠨ ᠤ ᠳᠠᠩᠰᠠᠯᠠᠭᠤᠯᠤᠭᠰᠠᠨ ᠦᠨᠡᠮᠯᠡᠯ ᠨᠢ ᠲᠣᠰ ᠤᠳᠠᠭᠠᠨ ᠤ | ᠦᠨᠡᠮᠯᠡᠯ ᠤᠨ ᠡᠯᠧᠺᠲᠷᠣᠨᠴᠢᠯᠠᠭᠰᠠᠨ ᠠᠵᠢᠯ ᠳᠤ ᠬᠤᠯᠪᠣᠭᠳᠠᠬᠤ ᠪᠣᠶ︖ | ᠬᠠᠷᠢᠭᠤᠯᠣᠭᠰᠠᠨ ᠴᠠᠭ᠄ 2025 —03 —11 | ᠬᠠᠷᠢᠭᠤ ᠶᠢᠨ ᠠᠭᠤᠯᠭ᠎ᠠ᠄ ᠬᠦᠨᠳᠦᠲᠦ ᠰᠦᠯᠵᠢᠶᠡᠨ ᠠᠨᠳᠠ ᠨᠠᠶᠢᠵᠠ ᠲᠠ ᠰᠠᠶᠢᠨ ᠤᠤ᠂ ᠲᠠᠨ ᠤ ᠬᠠᠷᠢᠯᠴᠠᠨ | ᠰᠣᠯᠢᠯᠴᠠᠬᠤ ᠪᠤᠯᠤᠩ ᠳᠤ ᠲᠤᠰᠬᠠᠭᠰᠠᠨ ᠠᠰᠠᠭᠤᠳᠠᠯ ᠢ ᠨᠢᠭᠡᠨᠲᠡ ᠣᠯᠵᠤ ᠮᠡᠳᠡᠭᠡᠳ᠂ ᠣᠲᠣ ᠳᠣᠣᠷᠠᠬᠢ ᠮᠡᠲᠦ ᠬᠠᠷᠢᠭᠤᠯᠲᠠ | ᠦᠭᠪᠡ ᠄ ︽ᠰᠠᠭᠤᠭ᠎ᠠ**** ᠶᠠᠮᠤᠨ ᠤ ᠠᠯᠪᠠᠨ ᠲᠢᠩᠬᠢᠮ ᠤᠨ ᠳᠠᠩᠰᠠᠯᠠᠭᠤᠯᠤᠭᠰᠠᠨ ᠬᠢᠨᠠᠨ ᠬᠠᠮᠢᠶᠠᠷᠬᠤ ᠢᠨᠵᠧᠨᠧᠷ ᠵᠡᠷᠭᠡ | ᠲᠤᠰᠬᠠᠶ ᠮᠡᠷᠭᠡᠵᠢᠯ ᠤᠨ ᠠᠵᠢᠯᠲᠠᠨ ᠤ ᠡᠯᠧᠺᠲᠷᠣᠨ ᠳᠠᠩᠰᠠᠯᠠᠭᠤᠯᠤᠭᠰᠠᠨ ᠦᠨᠡᠮᠯᠡᠯ ᠢ ᠡᠬᠢᠯᠡᠨ ᠬᠡᠷᠡᠭᠯᠡᠬᠦ ᠲᠤᠬᠠᠶ ᠮᠡᠳᠡᠭᠳᠡᠯ︾ | ︵ᠪᠠᠶᠢᠭᠤᠯᠤᠯᠲᠠ ᠠᠯᠪᠠᠨ ᠲᠢᠩᠬᠢᠮ ᠵᠠᠬᠢᠳᠠᠯ ﹇2025 ﹈ 13 ᠳ᠋ᠤᠭᠠᠷ ᠲᠣᠭᠠᠲᠤ︶ ᠤᠨ ᠪᠢᠴᠢᠭ ᠮᠠᠲ᠋ᠧᠷᠢᠶᠠᠯ ᠤᠨ | ᠱᠠᠭᠠᠷᠳᠠᠯᠭ᠎ᠠ ᠶᠢ ᠦᠨᠳᠦᠰᠦᠯᠡᠨ᠂ 2025 ᠣᠨ ᠤ 1 ᠳ᠋ᠦ᠋ᠭᠡᠷ ᠰᠠᠷ᠎ᠠ ᠶᠢᠨ 20 ᠤ ᠡᠳᠦᠷ ᠠᠴᠠ ᠡᠬᠢᠯᠡᠨ᠂ | ᠳᠠᠩᠰᠠᠯᠠᠭᠤᠯᠣᠭᠰᠠᠨ ᠬᠢᠨᠠᠨ ᠬᠠᠮᠢᠶᠠᠷᠬᠤ ᠢᠨᠵᠧᠨᠧᠷ᠂ ᠳᠠᠩᠰᠠᠯᠠᠭᠤᠯᠣᠭᠰᠠᠨ ᠨᠢᠭᠡᠳᠦᠭᠡᠷ ᠳᠡᠰ ᠪᠦᠲᠦᠴᠡ ᠶᠢᠨ ᠢᠨᠵᠧᠨᠧᠷ᠂ | ᠳᠠᠩᠰᠠᠯᠠᠭᠤᠯᠣᠭᠰᠠᠨ ᠴᠠᠬᠢᠯᠭᠠᠨ ᠤ ᠢᠨᠵᠧᠨᠧᠷ ︵ᠴᠠᠬᠢᠯᠭᠠᠨ ᠬᠦᠷᠭᠡᠬᠦ ᠳᠠᠮᠵᠢᠭᠤᠯᠬᠤ ᠬᠤᠪᠢᠷᠠᠭᠤᠯᠬᠤ᠂ ᠴᠠᠬᠢᠯᠭᠠᠨ | ᠬᠠᠩᠭᠠᠵᠦ ᠲᠦᠭᠡᠭᠡᠬᠦ︶᠂ ᠳᠠᠩᠰᠠᠯᠠᠭᠤᠯᠣᠭᠰᠠᠨ ᠨᠡᠶᠢᠲᠡ ᠶᠢᠨ ᠬᠡᠷᠡᠭᠯᠡᠭᠡᠨ ᠤ ᠲᠥᠬᠦᠭᠡᠷᠦᠮᠵᠢ ᠶᠢᠨ ᠢᠨᠵᠧᠨᠧᠷ ︵ | ᠳᠤᠯᠠᠭᠠᠯᠠᠭ᠎ᠠ ᠶᠢᠨ ᠠᠭᠠᠷ ᠲᠣᠬᠢᠷᠠᠭᠤᠯᠤᠭᠴᠢ᠂ ᠤᠰᠤ ᠬᠠᠩᠭᠠᠬᠤ ᠤᠰᠤ ᠵᠠᠯᠠᠬᠤ᠂ ᠬᠥᠳᠡᠯᠭᠡᠬᠦ ᠬᠦᠴᠦᠨ︶᠂ | ᠳᠠᠩᠰᠠᠯᠠᠭᠤᠯᠣᠭᠰᠠᠨ ᠬᠢᠮᠢ ᠶᠢᠨ ᠠᠵᠤ ᠦᠢᠯᠡᠳᠪᠦᠷᠢ ᠶᠢᠨ ᠢᠨᠵᠧᠨᠧᠷ᠂ ᠳᠠᠩᠰᠠᠯᠠᠭᠤᠯᠣᠭᠰᠠᠨ ᠰᠢᠷᠣᠶ ᠮᠣᠳᠣ ᠶᠢᠨ | ᠢᠨᠵᠧᠨᠧᠷ ︵ᠴᠢᠯᠠᠭᠤᠯᠢᠭ ᠰᠢᠷᠣᠶ︶ ᠵᠢᠴᠢ ᠳᠠᠩᠰᠠᠯᠠᠭᠤᠯᠣᠭᠰᠠᠨ ᠨᠢᠭᠡᠳᠦᠭᠡᠷ ᠳᠡᠰ ᠤᠨ ᠦᠨ᠎ᠡ ᠶᠢᠨ ᠢᠨᠵᠧᠨᠧᠷ ︵ᠰᠢᠷᠣᠶ | ᠮᠣᠳᠣᠨ ᠤ ᠪᠠᠷᠢᠯᠭ᠎ᠠ ᠶᠢᠨ ᠢᠨᠵᠧᠨᠧᠷᠢᠩ᠂ ᠤᠭᠰᠠᠷᠠᠬᠤ ᠢᠨᠵᠧᠨᠧᠷᠢᠩ︶ ᠵᠡᠷᠭᠡ ᠲᠤᠰᠬᠠᠶ ᠮᠡᠷᠭᠡᠵᠢᠯ ᠤᠨ ᠠᠵᠢᠯᠲᠠᠨ | ᠡᠯᠧᠺᠲᠷᠣᠨ ᠳᠠᠩᠰᠠᠯᠠᠭᠤᠯᠤᠭᠰᠠᠨ ᠦᠨᠡᠮᠯᠡᠯ ᠢ ᠳᠠᠬᠢᠵᠤ ᠡᠬᠢᠯᠡᠨ ᠬᠡᠷᠡᠭᠯᠡᠵᠦ᠂ ᠳᠠᠬᠢᠵᠤ ᠴᠠᠭᠠᠰᠤᠨ ᠳᠠᠩᠰᠠᠯᠠᠭᠤᠯᠣᠭᠰᠠᠨ | ᠦᠨᠡᠮᠯᠡᠯ ᠣᠯᠭᠤᠬᠤ ᠥᠬᠡᠶ᠃ ᠣᠳᠣᠬᠠᠨ ᠳᠤ᠂ ᠬᠦᠴᠦᠨ ᠲᠠᠢ ᠬᠤᠭᠤᠴᠠᠭᠠᠨ ᠳᠠᠬᠢ ᠴᠠᠭᠠᠰᠤᠨ ᠦᠨᠡᠮᠯᠡᠯ ᠮᠥᠨ ᠬᠦ | ᠬᠦᠴᠦᠨ ᠲᠠᠢ ᠪᠠᠶᠢᠵᠤ᠂ ᠬᠤᠯᠪᠣᠭᠳᠠᠯ ᠪᠦᠬᠦᠢ ᠠᠵᠤ ᠠᠬᠤᠶᠢᠯᠠᠯ ᠵᠢᠴᠢ ᠳᠠᠩᠰᠠᠯᠠᠭᠤᠯᠤᠭᠴᠢ ᠨᠢ ᠪᠣᠳᠠᠲᠤ ᠪᠠᠶᠢᠳᠠᠯ ᠢᠶᠠᠨ | ᠦᠨᠳᠦᠰᠦᠯᠡᠨ ᠡᠯᠧᠺᠲᠷᠣᠨ ᠳᠠᠩᠰᠠᠯᠠᠭᠤᠯᠣᠭᠰᠠᠨ ᠦᠨᠡᠮᠯᠡᠯ ᠢᠶᠠᠨ ᠴᠠᠭ ᠲᠤᠬᠠᠶ ᠳᠤᠨᠢ ᠰᠣᠯᠢᠵᠤ ᠪᠣᠯᠤᠨ᠎ᠠ᠃ ᠮᠠᠨ ᠤ | ᠲᠢᠩᠬᠢᠮ ᠦᠢᠯᠡᠴᠢᠯᠡᠭᠡᠨ ᠤ ᠶᠠᠰᠤ ᠴᠢᠨᠠᠷ ᠢ ᠦᠷᠭᠦᠯᠵᠢᠯᠡᠨ ᠰᠠᠶᠢᠵᠢᠷᠠᠭᠤᠯᠵᠤ᠂ ᠲᠠᠨ ᠤ ᠬᠠᠷᠢᠯᠴᠠᠨ ᠰᠣᠯᠢᠯᠴᠠᠭ᠎ᠠ ᠬᠢᠬᠦ | ᠪᠤᠯᠤᠩ ᠢ ᠠᠩᠬᠠᠷᠴᠤ ᠳᠡᠮᠵᠢᠭᠰᠡᠨ ᠳᠤ ᠲᠠᠯᠠᠷᠬᠠᠵᠤ ᠪᠠᠶᠢᠨ᠎ᠠ᠃ | | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ | ᠪᠠᠶᠢᠭᠤᠯᠤᠯᠲᠠ ᠶᠢᠨ ᠲᠢᠩᠬᠢᠮ ᠤᠨ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠯ ᠤᠨ ᠭᠠᠵᠠᠷ | 2025 ᠣᠨ ᠤ 3 ᠳ᠋ᠤᠭᠠᠷ ᠰᠠᠷ᠎ᠠ ᠶᠢᠨ 11 ᠡᠳᠦᠷ | |